ᠮᠤᠩᠭᠤᠯ ︽ᠳ᠋ᠠᠨᠵᠤᠤᠷ ᠤᠨ ᠲᠤᠬᠠᠢ︾
ᠨᠡᠶᠢᠲᠡᠯᠡᠭᠰᠡᠨ ᠴᠠᠭ᠄
2024/3/13
      ᠮᠤᠩᠭᠤᠯ ︽ᠳ᠋ᠠᠨᠵᠤᠤᠷ ᠤᠨ ᠲᠤᠬᠠᠢ︾ ︽ᠳ᠋ᠠᠨᠵᠤᠤᠷ︾ ᠭᠡᠲᠡᠭ ᠨᠢ ︽ᠱᠠᠰᠳᠢᠷ ᠤᠨ ᠤᠷᠴᠢᠭᠤᠯᠭ᠎ᠠ︾ ᠭᠡᠰᠡᠨ ᠲᠦᠪᠡᠳ ᠦᠭᠡ ᠶᠤᠮ᠃      ᠡᠨᠡ ᠨᠢ ᠡᠷᠲᠡᠨ ᠤ ᠡᠨᠡᠳᠭᠡᠭ᠂ ᠲᠦᠪᠡᠳ ᠤᠨ ᠡᠷᠲᠡᠮᠲᠡᠨ ᠪᠠᠨᠳᠢᠳᠠ ᠨᠠᠷ ᠤᠨ ᠲᠠᠪᠤᠨ ᠤᠬᠠᠭᠠᠨ ᠤ           ︽ᠲᠤᠲᠤᠭᠠᠲᠤ ᠤᠬᠠᠭᠠᠨ︾᠂ ︽ᠤᠷᠠᠯᠠᠬᠤᠢ ᠤᠬᠠᠭᠠᠨ︾᠂ ︽ᠤᠴᠢᠷ ᠰᠢᠯᠲᠠᠭᠠᠨ ᠤ ᠤᠬᠠᠭᠠᠨ︾᠂        ︽ᠲᠡᠵᠢᠭᠡᠬᠦᠢ ᠤᠬᠠᠭᠠᠨ︾᠂ ︽ᠲᠠᠭᠤᠨ ᠤᠬᠠᠭᠠᠨ︾ ᠤ 3400 ᠭᠠᠷᠤᠢ ᠵᠤᠬᠢᠶᠠᠯ ᠢ ᠡᠮᠬᠢᠳᠭᠡᠭᠰᠡᠨ ᠲᠤᠮᠤ ᠴᠤᠮᠤᠷᠯᠢᠭ ᠪᠤᠯᠤᠨ᠎ᠠ᠃ ︽ᠳ᠋ᠠᠨᠵᠤᠤᠷ︾ ᠲᠤ ᠪᠠᠭᠲᠠᠬᠤ ᠶᠡᠭᠡ ᠪᠠᠭ᠎ᠠ ᠲᠠᠪᠤᠨ ᠤᠬᠠᠭᠠᠨ ᠤ ᠵᠤᠬᠢᠶᠠᠯ ᠠᠴᠠ ᠲᠦᠪᠡᠳ ᠬᠡᠯᠡᠨ ᠳᠤ ᠶᠢᠰᠦᠲᠦᠭᠡᠷ ᠵᠠᠭᠤᠨ ᠤ ᠦᠶᠡᠰ ᠤᠷᠴᠢᠭᠤᠯᠵᠤ ᠡᠬᠢᠯᠡᠭᠡᠳ ᠠᠷᠪᠠᠨ ᠲᠦᠷᠪᠡᠲᠦᠭᠡᠷ ᠵᠠᠭᠤᠨ ᠤ ᠦᠶ᠎ᠡ ᠳᠤ ᠲᠤᠰᠬᠠᠢ ᠴᠤᠮᠤᠷᠯᠢᠭ ᠪᠤᠯᠭᠠᠵᠠᠢ᠃      ︽ᠳ᠋ᠠᠨᠵᠤᠤᠷ︾ ᠤᠨ ᠲᠤᠲᠤᠷᠠᠬᠢ ᠨᠤᠮ ᠵᠤᠬᠢᠶᠠᠯ ᠠᠴᠠ ᠮᠤᠩᠭᠤᠯᠴᠤᠳ ᠪᠦᠷ ᠠᠷᠪᠠᠨ ᠲᠦᠷᠪᠡᠲᠦᠭᠡᠷ ᠵᠠᠭᠤᠨ ᠤ ᠡᠬᠢᠨ ᠦᠶᠡᠰ ᠤᠷᠴᠢᠭᠤᠯᠵᠤ᠂ ᠲᠠᠶᠢᠯᠪᠤᠷᠢ ᠰᠤᠲᠤᠯᠭ᠎ᠠ ᠬᠢᠵᠦ ᠪᠠᠶᠢᠯ᠎ᠠ᠃ ᠬᠠᠷᠢᠨ ︽ᠳ᠋ᠠᠨᠵᠤᠤᠷ︾ ᠨᠤᠮ ᠢ ᠪᠦᠬᠦᠯᠢ ᠳᠤ ᠨᠢ ᠤᠷᠴᠢᠭᠤᠯᠵᠤ ᠬᠡᠪᠯᠡᠭᠦᠯᠬᠦ ᠠᠵᠢᠯ ᠢ ᠠᠷᠪᠠᠨ ᠨᠠᠢᠮᠠᠲᠤᠭᠠᠷ ᠵᠠᠭᠤᠨ ᠤ ᠲᠡᠷᠢᠭᠦᠨ ᠬᠠᠭᠠᠰ ᠲᠤ ᠷᠤᠯᠪᠢᠲᠤᠷᠵᠢ ᠶᠢᠨ ᠤᠲᠤᠷᠢᠲᠤᠯᠭ᠎ᠠ ᠪᠠᠷ ᠮᠤᠩᠭᠤᠯ ᠤᠨ ᠤᠯᠠᠨ ᠨᠤᠲᠤᠭ ᠬᠤᠰᠢᠭᠤᠳ ᠠᠴᠠ ᠴᠤᠬᠯᠠᠷᠠᠬᠰᠠᠨ 200 ᠤᠷᠴᠢᠮ ᠤᠷᠴᠢᠭᠤᠯᠤᠬᠴᠢ ᠨᠠᠷ ᠪᠤᠭᠤᠨᠢ ᠬᠤᠭᠤᠴᠠᠭᠠᠨ ᠳᠤ ᠠᠮᠵᠢᠯᠲᠠ ᠲᠠᠢ ᠬᠢᠵᠦ ᠬᠦᠢᠴᠡᠳᠭᠡᠭᠰᠡᠨ ᠶᠤᠮ᠃ ᠮᠤᠩᠭᠤᠯ ︽ᠳ᠋ᠠᠨᠵᠤᠤᠷ︾ ᠲᠤ ᠠᠩᠬᠠᠨ ᠤ ᠲᠦᠯᠦᠪᠯᠡᠭᠡ ᠪᠠᠷ ᠢᠶᠠᠨ ᠡᠨᠡᠳᠭᠡᠭ ᠤᠨ ᠡᠷᠲᠡᠮᠲᠡᠨ᠂ ᠵᠤᠬᠢᠶᠠᠯᠴᠢᠳ ᠤᠨ ᠪᠦᠲᠦᠭᠡᠯ ᠠᠴᠠ ᠭᠠᠲᠠᠨ᠎ᠠ ᠲᠦᠪᠡᠳ ᠤᠨ ᠱᠠᠰᠢᠨ ᠤ ᠲᠤᠮᠤᠬᠠᠨ ᠵᠢᠳᠬᠦᠯᠲᠡᠨ ᠨᠠᠷ ᠤᠨ ᠵᠠᠷᠢᠮ ᠵᠤᠬᠢᠶᠠᠯ ᠠᠴᠠ ᠤᠷᠤᠭᠤᠯᠵᠤ 253 ᠪᠤᠲᠢ ᠪᠤᠶᠤ 3500 ᠭᠠᠷᠤᠢ ᠨᠤᠮ ᠱᠠᠰᠲᠢᠷ ᠪᠠᠭᠲᠠᠭᠠᠬᠤ ᠵᠤᠷᠢᠯᠭ᠎ᠠ ᠲᠠᠢ ᠪᠠᠶᠢᠵᠡᠢ᠃ ᠭᠡᠰᠡᠨ ᠴᠦ 1749 ᠤᠨ ᠤ ᠦᠶ᠎ᠡ ᠳᠤ ᠬᠡᠪᠯᠡᠭᠲᠡᠭᠰᠡᠨ ᠮᠤᠩᠭᠤᠯ ︽ᠳ᠋ᠠᠨᠵᠤᠤᠷ︾ ᠲᠤ 225 ᠪᠤᠲᠢ ᠪᠤᠶᠤ 3427 ᠨᠠᠷ᠎ᠡ ᠲᠦᠷᠥᠯ ᠤᠨ ᠵᠤᠬᠢᠶᠠᠯ ᠪᠠᠭᠲᠠᠭᠠᠬᠰᠠᠨ ᠪᠠᠶᠢᠨ᠎ᠠ᠃ ︽ᠳ᠋ᠠᠨᠵᠤᠤᠷ︾ ᠢ ᠴᠤᠬᠤᠮ ᠤᠷᠴᠢᠭᠤᠯᠵᠤ ᠬᠡᠪᠯᠡᠬᠦ ᠠᠵᠢᠯ 1742 — 1749 ᠤᠨ ᠤ ᠤᠷᠴᠢᠮ ᠬᠢᠭᠲᠡᠭᠰᠡᠨ ᠪᠤᠯᠪᠠᠴᠦ ᠲᠡᠭᠦᠨ ᠤ ᠪᠡᠯᠡᠳᠭᠡᠯ ᠨᠡᠯᠢᠶᠡᠳ ᠲᠦᠷᠦᠭᠦᠨ ᠡᠬᠢᠯᠡᠭᠰᠡᠨ ᠪᠢᠯᠡ᠃ 1724 ᠤᠨ ᠳᠤ ︽ᠳ᠋ᠠᠨᠵᠤᠤᠷ︾ ᠢ ᠤᠷᠴᠢᠭᠤᠯᠬᠤ᠂ ᠬᠠᠭᠠᠨ ᠤ ᠵᠠᠷᠯᠢᠭ ᠭᠠᠷᠤᠬᠰᠠᠨ ᠠᠴᠠ ᠮᠤᠩᠭᠤᠯ ᠤᠨ ᠤᠯᠠᠨ ᠬᠤᠰᠢᠭᠤ ᠨᠤᠲᠤᠭ ᠠᠴᠠ ᠤᠷᠴᠢᠭᠤᠯᠤᠬᠴᠢ᠂ ᠠᠷᠢᠭᠤᠳᠬᠠᠨ ᠰᠢᠭᠦᠭᠴᠢ᠂ ᠪᠡᠷᠴᠢᠨ ᠵᠡᠷᠭᠡ ᠬᠡᠪᠯᠡᠯ᠂ ᠤᠳᠬ᠎ᠠ ᠵᠤᠬᠢᠶᠠᠯ ᠤᠨ ᠮᠡᠷᠭᠡᠵᠢᠯ ᠤᠨ ᠬᠦᠮᠦᠰ ᠢ ᠵᠠᠷᠯᠠᠨ ᠴᠤᠬᠯᠠᠭᠤᠯᠤᠬᠰᠠᠨ ᠠᠵᠢ᠃      ᠮᠤᠩᠭᠤᠯ ︽ᠳ᠋ᠠᠨᠵᠤᠤᠷ︾ ᠲᠤ ᠤᠷᠤᠬᠰᠠᠨ ᠪᠦᠬᠦ ᠵᠤᠬᠢᠶᠠᠯ ᠨᠢ ᠵᠦᠪᠬᠡᠨ 1742 — 1749 ᠤᠨ ᠤ ᠬᠤᠭᠤᠷᠤᠨᠲᠤ ᠴᠤ᠋ ᠰᠢᠨ᠎ᠡ ᠪᠠᠷ ᠤᠷᠴᠢᠭᠤᠯᠤᠬᠲᠠᠬᠰᠠᠨ ᠪᠤᠰᠤ᠂ ᠬᠠᠭᠤᠴᠢᠨ ᠤᠷᠴᠢᠭᠤᠯᠭ᠎ᠠ ᠶᠢ ᠪᠠᠭ᠎ᠠ ᠰᠠᠭ᠎ᠠ ᠨᠠᠶᠢᠷᠠᠭᠤᠯᠤᠨ ᠵᠠᠰᠠᠭᠠᠳ ᠤᠷᠤᠭᠤᠯᠤᠬᠰᠠᠨ ᠨᠢ ᠴᠦᠭᠡᠨ ᠦᠭᠡᠢ ᠪᠤᠢ᠃ ᠡᠭᠦᠨ ᠤ ᠪᠠᠷᠢᠮᠲᠠ ᠶᠢ ᠮᠤᠩᠭᠤᠯ ︽ᠳ᠋ᠠᠨᠵᠤᠤᠷ︾ ᠤᠨ ᠵᠠᠷᠢᠮ ᠵᠤᠬᠢᠶᠠᠯ ᠤᠨ ᠲᠡᠭᠦᠰᠭᠡᠯ ᠤᠨ ᠦᠭᠡᠰ ᠬᠡᠷᠡᠴᠢᠯᠡᠵᠤ ᠪᠠᠶᠢᠨ᠎ᠠ᠃      ᠨᠤᠮ ᠵᠦᠢ ﹇ᠮᠤᠩᠭᠤᠯ﹈ ᠳ᠋᠊ ·᠂ ᠴᠡᠷᠢᠩᠰᠤᠳᠨᠠᠮ ᠵᠤᠬᠢᠶᠠᠪᠠ᠂ ᠮᠤᠩᠭᠤᠯ ︽ᠭᠠᠨᠵᠤᠤᠷ︾᠂ ︽ᠳ᠋ᠠᠨᠵᠤᠤᠷ︾ ᠤᠨ ᠲᠡᠭᠦᠰᠭᠡᠯ ᠤᠨ ᠰᠢᠯᠦᠭ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2019 ᠤᠨ ᠤ 10 ᠰᠠᠷ᠎ᠠ ᠠᠩᠬᠠᠲᠤᠭᠠᠷ ᠬᠡᠪ᠂ 87 — 88 .
 
ᠢᠷᠡᠯᠲᠡ᠄ ᠣᠷᠳᠤᠰ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号