ᠮᠣᠩᠭᠤᠯᠴᠤᠳ ᠤᠨ ᠬᠤᠯᠠ ᠣᠶᠢᠷ᠎ᠠ ᠶᠢ ᠬᠡᠮᠵᠢᠶᠡᠯᠡᠳᠡᠭ ᠶᠣᠰᠣ
ᠨᠡᠶᠢᠲᠡᠯᠡᠭᠰᠡᠨ ᠴᠠᠭ᠄
2024/3/13
      ᠮᠣᠩᠭᠤᠯᠴᠤᠳ ᠪᠠᠶ᠎ᠠ ᠶᠢᠨ ᠡᠷᠬᠡᠲᠡᠨ ᠢᠶᠠᠷ ᠤᠷᠳᠤ ᠶᠢᠨ ᠬᠡᠮᠵᠢᠶ᠎ᠡ ᠶᠢ ᠬᠡᠮᠵᠢᠵᠤ ᠦᠯᠤ ᠴᠢᠳᠠᠬᠤ ᠨᠠᠯᠢᠶᠠᠳ ᠬᠤᠯᠠ ᠵᠠᠢ ᠶᠢ ᠠᠮᠢᠳᠤᠷᠠᠯ ᠠᠬᠤᠢ ᠳᠤ ᠦᠷᠬᠦᠯᠵᠢ ᠲᠠᠭᠠᠷᠠᠯᠳᠤᠬᠤ ᠬᠠᠮᠤᠭ ᠤᠨ ᠦᠢᠯᠠᠭᠠᠮᠵᠢᠳᠠᠢ ᠵᠦᠢᠯ ᠢᠶᠠᠷ ᠵᠦᠢᠷᠯᠡᠨ ᠢᠯᠡᠳᠬᠡᠳᠡᠭ ᠪᠠᠶᠢᠨ᠎ᠠ᠃ ᠲᠤᠬᠠᠢ ᠶᠢᠨ ᠦᠶ᠎ᠠ ᠶᠢᠨ ᠨᠡᠭᠦᠳᠡᠯ ᠤᠨ ᠬᠡᠮᠵᠢᠶ᠎ᠠ ᠪᠠᠷ ︽ᠨᠡᠭᠦᠳᠡᠯ ᠤᠨ ᠭᠠᠵᠠᠷ︾ ᠬᠡᠬᠦ ᠪᠤᠶᠤ ᠡᠩ ᠤᠨ ᠨᠢᠳᠤ ᠪᠠᠷ ᠬᠠᠷᠠᠬᠳᠠᠬᠤ ᠶᠢᠨ ᠲᠠᠳᠤᠢ ᠵᠠᠢ ᠪᠠᠷ ᠵᠦᠢᠴᠢᠯᠠᠨ ︽ᠨᠢᠬᠡ ᠪᠠᠷ᠎ᠠ ᠶᠢᠨ ᠭᠠᠵᠠᠷ︾᠂ ︽ᠨᠢᠳᠤᠨ ᠪᠠᠷ᠎ᠡ ᠶᠢᠨ ᠭᠠᠵᠠᠷ︾ ᠬᠡᠬᠦ ᠮᠠᠳᠤ ᠪᠠᠷ ᠨᠠᠷᠠᠯᠠᠨ᠎ᠠ᠃ ᠨᠠᠩ ᠴᠢᠨᠠᠬᠰᠢᠯᠠᠨ ︽ᠬᠤᠨᠢᠨ ᠤ ᠪᠠᠯᠴᠢᠬᠡᠷ︾᠂   ︽ᠠᠳᠤᠭᠤᠨ ᠤ ᠪᠠᠯᠴᠢᠬᠡᠷ︾ ᠬᠡᠬᠦ ᠮᠠᠳᠤ ᠪᠠᠷ ᠵᠦᠢᠴᠢᠯᠠᠨ ᠬᠡᠯᠡᠳᠡᠭ ᠪᠢᠯᠡ᠃ ᠬᠤᠯᠠ ᠤᠢᠢᠷ᠎ᠡ ᠶᠢᠨ ᠬᠡᠮᠵᠢᠶ᠎ᠠ ᠨᠢ ᠤᠷᠳᠤ ᠶᠢᠨ ᠬᠡᠮᠵᠢᠶ᠎ᠡ ᠶᠢᠨ ᠨᠢᠬᠡ ᠵᠦᠢᠯ ᠮᠦᠨ᠃ ᠮᠤᠩᠭᠤᠯ ᠠᠷᠠᠳ ᠤᠨ ᠵᠠᠩ ᠵᠢᠷᠤᠮ ᠳᠤ ᠨᠤᠳᠤᠭ ᠤᠰᠤ᠂ ᠠᠶᠠᠨ ᠵᠠᠮ ᠤᠨ ᠤᠷᠳᠤ ᠶᠢ ᠬᠤᠯᠠ ᠤᠢᠢᠷ᠎ᠡ ᠬᠡᠵᠤ᠂ ᠡᠳ᠋ ᠪᠠᠷᠠᠭ᠎ᠠ᠂ ᠪᠠᠭᠠᠵᠢ ᠬᠡᠷᠡᠭᠰᠡᠯ ᠤᠨ ᠤᠷᠳᠤ ᠶᠢ ᠤᠷᠳᠤ ᠪᠤᠭᠤᠨᠢ ᠬᠡᠵᠤ ᠢᠯᠭᠠᠳᠠᠬ᠃ ᠲᠡᠭᠦᠨᠴᠢᠯᠡᠨ ᠡᠨᠡ ᠬᠤᠶᠠᠷ ᠵᠦᠢᠯ ᠳᠤ ᠬᠡᠷᠡᠭᠯᠡᠳᠡᠭ ᠬᠡᠮᠵᠢᠬᠦᠷ᠂ ᠬᠡᠮᠵᠢᠳᠡᠭ ᠠᠷᠭ᠎ᠠ ᠴᠤ ᠠᠳᠠᠯᠢ ᠪᠤᠰᠤ ᠪᠠᠶᠢᠳᠠᠭ᠃ ᠤᠷᠳᠤ ᠤᠬᠤᠷ ᠢ ᠭᠤᠤᠯᠳᠠᠭᠤ ᠪᠠᠶ᠎ᠠ ᠶᠢᠨ ᠡᠷᠬᠡᠳᠠᠨ ᠪᠤᠶᠤ ᠲᠤᠰᠬᠠᠢ ᠬᠡᠮᠵᠢᠬᠦᠷ ᠢᠶᠠᠷ ᠵᠢᠱᠢᠶᠠᠯᠠᠨ ᠬᠡᠮᠵᠢᠳᠡᠭ ᠪᠤᠯ ᠬᠤᠯᠠ ᠤᠢᠢᠷ᠎ᠡ ᠶᠢ ᠭᠤᠤᠯᠳᠠᠭᠤ ᠨᠢᠳᠤᠨ ᠤ ᠬᠠᠷᠠᠭᠠᠨ ᠤ ᠪᠠᠷᠢᠮᠵᠢᠶ᠎ᠠ᠂ ᠴᠠᠭ ᠬᠤᠭᠤᠴᠠᠭ᠎ᠠ ᠪᠠ ᠠᠶᠠᠨ ᠵᠢᠩ ᠤᠨ ᠶᠠᠪᠤᠳᠠᠯ ᠰᠠᠭᠤᠳᠠᠯ ᠤᠨ ᠪᠠᠷᠢᠮᠵᠢᠶ᠎ᠠ ᠵᠠᠷᠬᠡ ᠪᠠᠷ ᠵᠢᠱᠢᠶᠠᠯᠠᠨ ᠬᠡᠮᠵᠢᠳᠡᠭ᠃ ᠢᠩᠬᠢᠵᠤ ᠬᠡᠮᠵᠢᠬᠦ ᠳᠤ ᠭᠠᠵᠠᠷ ᠨᠢ ᠰᠠᠭᠤᠷᠢ ᠪᠠᠷᠢᠮᠵᠢᠶ᠎ᠠ ᠪᠤᠯᠵᠤ᠂ ᠲᠠᠬᠦᠨ ᠤ ᠳᠡᠭᠡᠷ᠎ᠡ ᠠᠳᠤᠭᠤ ᠮᠠᠯ ᠤᠨ ᠪᠠᠯᠴᠢᠬᠡᠷ᠂ ᠠᠶᠠᠨ ᠨᠠᠬᠦᠳᠠᠯ ᠤᠨ ᠵᠠᠢ᠂ ᠡᠳᠦᠷ ᠤᠨ ᠨᠠᠷᠠᠨ ᠤ ᠤᠷᠴᠢᠯ ᠢᠶᠠᠷ ᠵᠢᠱᠢᠶᠠᠯᠠᠨ ᠤᠯᠠᠨ ᠬᠡᠮᠵᠢᠬᠦᠷ ᠭᠠᠷᠭᠠᠳᠠᠭ᠃ ᠡᠳᠠᠬᠡᠷ ᠬᠡᠮᠵᠢᠬᠦ ᠨᠢ ᠮᠣᠩᠭᠤᠯ ᠤᠨ ᠤᠯᠠᠨ ᠨᠤᠳᠤᠭ᠂ ᠶᠠᠰᠤᠳᠠᠨ ᠤ ᠲᠤᠮᠳᠠ ᠲᠡᠳᠦᠢ ᠨᠢᠭᠡᠳᠦᠯᠲᠡᠢ ᠪᠢᠰᠢ᠂ ᠠᠵᠤ ᠠᠬᠤᠢ᠂ ᠤᠷᠴᠢᠨ ᠲᠤᠭᠤᠷᠢᠨ᠂ ᠴᠠᠭ ᠠᠭᠤᠷ᠂ ᠵᠠᠩ ᠠᠭᠠᠯᠢ ᠵᠠᠷᠬᠡ ᠵᠦᠷᠢᠶ᠎ᠠ ᠠᠴᠠ ᠪᠤᠯᠵᠤ ᠲᠠᠳᠠᠬᠡᠷ ᠤᠨ ᠤᠳᠬ᠎ᠠ ᠬᠡᠮᠵᠢᠶ᠎ᠠ ᠪᠦᠷ ᠠᠳᠠᠯᠢ ᠪᠤᠰᠤ ᠪᠠᠶᠢᠵᠤ᠂ ᠡᠯ᠎ᠠ ᠨᠤᠳᠤᠭ᠂ ᠶᠠᠰᠤᠳᠠᠨ ᠤ ᠬᠤᠭᠤᠷᠤᠠᠳᠤ ᠡᠳᠤᠢ ᠲᠠᠳᠤᠢ ᠵᠦᠷᠢᠶ᠎ᠠ ᠲᠠᠢ ᠪᠠᠶᠢᠳᠠᠭ᠃      ᠡᠬᠦᠳᠠᠨ ᠬᠤᠶᠢᠮᠤᠷ᠄ 30 — 50 ᠳ᠋ᠧᠼᠢᠮᠧᠲᠷ ᠪᠤᠶᠤ 3 — 5 ᠠᠯᠴᠠᠮ ᠵᠠᠢ ᠶᠢ ᠬᠡᠯᠡᠳᠡᠭ᠃ ᠮᠣᠩᠭᠤᠯ ᠭᠡᠷ ᠤᠨ ᠡᠭᠦᠳᠦᠨ ᠠᠴᠠ ᠡᠭᠴᠠ ᠡᠰᠠᠷᠬᠦ ᠬᠠᠨ᠎ᠠ ᠬᠦᠷᠬᠦ ︵ᠬᠤᠶᠢᠮᠤᠷ ᠬᠦᠷᠬᠦ︶ ᠵᠠᠢ᠃ ᠡᠬᠦᠳᠠᠨ ᠬᠤᠶᠢᠮᠤᠷ ᠨᠢ ᠬᠠᠨ᠎ᠠ ᠶᠢᠨ ᠲᠤᠭ᠎ᠠ ᠪᠠ ᠶᠡᠭᠡ ᠪᠠᠭ᠎ᠠ ᠠᠴᠠ ᠰᠢᠯᠳᠠᠭᠠᠯᠠᠵᠤ ᠠᠳᠠᠯᠢ ᠪᠤᠰᠤ ᠪᠠᠶᠢᠳᠠᠭ ᠪᠤᠯᠪᠠᠴᠤ ᠬᠡᠮᠵᠢᠬᠦᠷ ᠤᠨ ᠬᠤᠪᠢ ᠳᠤ ︽ᠡᠬᠦᠳᠠᠨ ᠬᠤᠶᠢᠮᠤᠷ︾ ᠬᠡᠭᠴᠢ ᠨᠢ ᠭᠤᠤᠯᠳᠠᠭᠤ ᠭᠠᠵᠠᠷ ᠤᠨ ᠭᠠᠳᠠᠷᠭᠤ ᠲᠠᠬᠡᠷᠠᠬᠢ ᠵᠠᠢ ᠶᠢ ᠬᠡᠮᠵᠢᠳᠡᠭ ᠬᠡᠮᠵᠢᠭᠦᠷ ᠪᠣᠯᠣᠨ᠎ᠠ᠃      ᠴᠤᠯᠪᠤᠭᠤᠷ ᠬᠦᠷᠦᠮ᠎ᠡ ᠵᠠᠢ᠄ ᠪᠠᠷᠤᠬ 25 ᠳ᠋ᠧᠼᠢᠮᠧᠲᠷ ᠪᠤᠶᠤ ᠠᠯᠳᠠ ᠬᠠᠭᠠᠰ ᠤᠨ ᠬᠢᠷᠢᠳᠠᠢ ᠵᠠᠢ ᠶᠢ    ᠬᠡᠯᠠᠨ᠎ᠠ᠃ ᠨᠤᠬᠳᠤ ᠶᠢᠨ ᠴᠤᠯᠪᠤᠭᠤᠷ ᠢ ᠰᠤᠩᠭᠠᠬᠰᠠᠨ ᠤ ᠬᠢᠷᠢ ᠵᠠᠢ᠃      ᠵᠠᠯᠠᠨ ᠤ ᠬᠢᠷᠢ᠄ 7 — 10  ᠮᠧᠲᠷ ᠪᠤᠶᠤ 2 — 3 ᠬᠤᠤᠰ ᠠᠯᠳᠠ ᠵᠠᠢ᠃ ᠤᠨᠤᠭ᠎ᠠ ᠮᠤᠷᠢ ᠤᠶᠠᠬᠤ᠂ ᠲᠤᠭᠤᠯ ᠪᠢᠷᠠᠭᠤ ᠲᠠᠳᠠᠬᠤ ᠳᠤ ᠬᠡᠷᠡᠭᠯᠡᠳᠡᠭ ᠵᠠᠯ᠎ᠠ ᠶᠢᠨ ᠲᠠᠬᠡᠰᠤᠨ ᠤ ᠬᠡᠮᠵᠢᠶ᠎ᠠ ᠪᠠᠷ ᠵᠢᠱᠢᠨ ᠬᠡᠮᠵᠢᠳᠡᠭ ᠤᠷᠳᠤ ᠶᠢᠨ ᠬᠡᠮᠵᠢᠶ᠎ᠠ᠃ ᠮᠤᠩᠭᠤᠯᠴᠤᠳ ᠦᠷᠬᠦᠯᠵᠢ ︽ᠵᠠᠯᠠᠨ ᠤ ᠬᠢᠷᠢ ᠬᠤᠯᠠ︾ ᠭᠡᠵᠦ ᠬᠡᠯᠡᠳᠡᠭ᠃      ᠪᠢᠯᠠᠭᠤ ᠰᠢᠳᠠᠮ ᠤᠨ ᠭᠠᠵᠠᠷ᠄ ᠪᠠᠷᠤᠬ 20  ᠮᠧᠲᠷ ᠲᠠᠢ ᠲᠠᠩᠴᠠᠬᠦᠤ ᠪᠤᠶᠤ 6 ᠬᠤᠣᠰ ᠠᠯᠳᠠ ᠣᠷᠴᠢᠮ ᠵᠠᠢ ᠶᠢ ᠵᠢᠭᠠᠳᠠᠬ᠃ ᠪᠠᠶ᠎ᠠ ᠠᠴᠠ ᠪᠢᠯᠠᠭᠤ ᠶᠢ ᠴᠤᠬᠢᠭᠠᠳ ᠲᠤᠰᠤᠬᠰᠠᠨ ᠵᠠᠢ᠃ ᠮᠤᠩᠭᠤᠯᠴᠤᠳ ᠠᠪᠠ ᠠᠶᠠᠨ ᠳᠤ ᠬᠡᠬᠡᠷ᠎ᠡ ᠬᠦᠳᠡᠭᠡ ᠶᠠᠪᠤᠬᠤ ᠳᠤ ᠪᠠᠨ ᠮᠠᠬᠢᠷ ᠦᠵᠤᠬᠦᠷ ᠲᠤ ᠪᠠᠨ ᠵᠠᠰ ᠭᠠᠤᠯᠢ ᠪᠠᠷ ᠴᠢᠳᠬᠤᠭᠰᠠᠨ ᠳᠡᠭᠦᠵᠢᠩ ᠲᠠᠢ ᠰᠢᠳᠠᠮ ᠪᠠᠷᠢᠵᠤ ᠶᠠᠪᠤᠳᠠᠭ᠂ ᠡᠭᠦᠨ ᠢ ᠪᠢᠯᠠᠭᠤ ᠭᠡᠨ᠎ᠡ᠃ ᠠᠩ ᠠᠷᠢᠶᠠᠳᠠᠨ ᠢ ᠴᠤᠬᠢᠬᠤ ᠳᠤ ᠬᠡᠷᠡᠭᠯᠡᠳᠡᠭ᠃      ᠠᠷᠭᠠᠮᠵᠢᠶ᠎ᠠ ᠶᠢᠨ ᠭᠠᠵᠠᠷ᠄ 50 — 100  ᠮᠧᠲᠷ ᠵᠠᠶᠢᠳᠠᠢ᠃ ᠬᠡᠷ ᠪᠠ ᠮᠠᠯ ᠠᠷᠭᠠᠮᠵᠢᠬᠰᠠᠨ ᠭᠠᠵᠠᠷ ᠤᠨ ᠬᠤᠭᠤᠷᠤᠠᠳᠤᠬᠢ ᠵᠠᠢ᠃ ᠮᠤᠩᠭᠤᠯᠴᠤᠳ ᠠᠳᠤᠭᠤ ᠮᠠᠯ ᠢ ᠠᠷᠭᠠᠮᠵᠢᠨ ᠠᠷᠠᠴᠢᠯᠠᠬᠤ ᠳᠤ ᠪᠠᠨ ᠶᠠᠷᠤ ᠳᠤ ᠪᠠᠨ ᠬᠡᠷ ᠪᠠᠭᠤᠴᠠ ᠠᠴᠠ ᠤᠢᠢᠷ᠎ᠡ᠂ ᠨᠢᠳᠤᠨ ᠬᠠᠷᠠᠭᠠᠨ ᠳᠤ ᠢᠯᠡ ᠭᠠᠵᠠᠷ ᠠᠷᠭᠠᠮᠵᠢᠳᠠᠭ᠃ ᠠᠷᠭᠠᠮᠵᠢᠶ᠎ᠠ ᠶᠢᠨ ᠭᠠᠵᠠᠷ ᠬᠡᠵᠤ ᠬᠤᠯᠠ ᠤᠢᠢᠷ᠎ᠡ ᠶᠢ ᠪᠠᠷᠤᠬᠴᠠᠭᠠᠯᠠᠬᠰᠠᠨ ᠬᠡᠮᠵᠢᠬᠦᠷ ᠪᠤᠯᠬᠤ ᠶᠢᠨ ᠬᠠᠮᠳᠤ ᠪᠠᠰᠠ ᠭᠠᠵᠠᠷ ᠤᠨ ᠵᠠᠢ ᠶᠢ ᠬᠤᠯᠠ ᠪᠢᠰᠢ᠂ ᠡᠨᠠᠬᠦᠬᠡᠨ ᠳᠤ ᠬᠡᠵᠤ ᠴᠢᠮᠠᠯᠠᠨ ᠪᠠᠰᠤᠬᠰᠠᠨ ᠤᠳᠬ᠎ᠠ ᠲᠠᠢ ᠪᠠᠶᠢᠳᠠᠭ᠃      ᠨᠤᠮᠤᠨ ᠤ ᠭᠠᠵᠠᠷ᠄ ᠪᠠᠷᠤᠬ 215  ᠮᠧᠲᠷ ᠲᠠᠢ ᠲᠠᠩᠴᠠᠬᠦᠤ ᠪᠤᠶᠤ 130 ᠠᠯᠳᠠ ᠤᠷᠴᠢᠮ᠃ ᠰᠤᠮᠤ ᠶᠢ ᠬᠠᠷᠪᠤᠭᠠᠳ ᠬᠦᠷᠬᠦ᠋ᠢᠴᠠ ᠵᠠᠢ᠃ ᠡᠨᠡ ᠨᠢ ᠨᠤᠮᠤ ᠰᠤᠮᠤᠨ ᠤ ᠪᠦᠳᠤᠴᠠ ᠡᠳ᠋ᠯᠠᠯ ᠪᠠ ᠬᠠᠷᠪᠤᠬᠤ ᠬᠦᠮᠤᠨ ᠤ ᠪᠢᠷ᠎ᠡ ᠴᠢᠳᠠᠯ ᠤᠨ ᠠᠳᠠᠯᠢ ᠪᠤᠰᠤ ᠳᠤ ᠬᠤᠯᠪᠤᠬᠳᠠᠬᠤ ᠠᠳᠠᠯᠢ ᠪᠤᠰᠤ ᠬᠡᠮᠵᠢᠶ᠎ᠠ ᠬᠡᠳᠡᠭ ᠪᠤᠯᠪᠠᠴᠤ ᠦᠠᠳᠤᠰᠤᠨ ᠳᠤ ᠪᠠᠨ ᠤᠢᠢᠷᠠᠯᠴᠠᠭ᠎ᠠ ᠪᠠᠶᠢᠳᠠᠭ᠃      ᠴᠢᠯᠠᠭᠤ ᠴᠣᠬᠢᠮ᠎ᠠ ᠭᠠᠵᠠᠷ᠄ ᠪᠠᠷᠤᠬ 30  ᠮᠧᠲᠷ ᠲᠠᠢ ᠲᠠᠩᠴᠠᠬᠦᠤ ᠪᠤᠶᠤ 9 ᠬᠤᠤᠰ ᠠᠯᠳᠠ ᠵᠠᠢ ᠶᠢ ᠵᠢᠭᠠᠳᠠᠭ᠃ ᠬᠦᠮᠤᠰ ᠴᠢᠯᠠᠭᠤ ᠰᠢᠳᠠᠬᠡᠳ ᠬᠦᠷᠬᠦ᠋ᠢᠴᠡ ᠵᠠᠢ᠃      ᠲᠠᠭᠤᠨ ᠤ ᠭᠠᠵᠠᠷ᠄ ᠪᠠᠷᠤᠬ 1  ᠺᠢᠯᠤᠮᠧᠲᠷ ᠤᠷᠴᠢᠮ ᠵᠠᠶᠢᠳᠠᠢ᠃ ᠲᠠᠷᠤᠢ ᠲᠠᠭᠤ ᠬᠦᠷᠬᠦ ᠭᠠᠵᠠᠷ ᠢ    ᠬᠡᠯᠡᠨ᠎ᠡ᠃ ᠬᠤᠶᠠᠷ ᠬᠦᠮᠤᠨ ᠲᠠᠭᠤ ᠲᠠᠭᠤ ᠪᠠᠨ ᠠᠪᠤᠯᠴᠠᠵᠤ ᠲᠠᠶᠢᠯᠬᠦ᠋ᠢᠴᠠ ᠵᠠᠢ᠃ ᠬᠡᠪᠠᠴᠤ ᠲᠠᠭᠤ ᠰᠤᠨᠤᠰᠳᠠᠬᠤ ᠭᠠᠵᠠᠷ ᠤᠨ ᠵᠠᠢ ᠶᠢ ᠲᠤᠬᠳᠠᠭᠠᠬᠤ ᠳᠤ ᠲᠠᠭᠤᠨ ᠤ ᠶᠡᠭᠡ ᠪᠠᠭ᠎ᠠ ᠲᠠᠢ ᠰᠢᠭᠤᠳ ᠬᠤᠯᠪᠤᠬᠳᠠᠬᠤ ᠤᠴᠢᠷ ᠠᠴᠠ ᠡᠨᠡ ᠬᠦ ᠬᠡᠮᠵᠢᠭᠳᠡᠯ ᠨᠢ ᠤᠨᠤᠪᠴᠢᠳᠤ ᠴᠢᠨᠠᠷ ᠢᠶᠠᠷ ᠪᠠᠭ᠎ᠠ ᠪᠠᠶᠢᠳᠠᠭ᠃      ᠨᠢᠳᠤᠨ ᠪᠠᠷ᠎ᠡ ᠶᠢᠨ ᠭᠠᠵᠠᠷ᠄ ᠪᠠᠷᠤᠬ 5  ᠺᠢᠯᠤᠮᠧᠲᠷ ᠤᠷᠴᠢᠮ᠃ ᠨᠢᠳᠤᠨ ᠬᠠᠷᠠᠭᠠᠨ ᠳᠤ ᠤᠷᠤᠵᠤ ᠪᠠᠶᠢᠭ᠎ᠠ ᠬᠠᠮᠤᠭ ᠤᠨ ᠬᠤᠯᠠ ᠵᠠᠢ᠃ ᠲᠠᠷᠤᠢ ᠬᠠᠷᠠᠭ᠎ᠠ ᠬᠦᠷᠬᠦ ᠭᠠᠵᠠᠷ ᠢ ᠬᠡᠯᠡᠨ᠎ᠡ᠃      ᠨᠢᠬᠡ ᠪᠠᠷ᠎ᠠ ᠶᠢᠨ ᠭᠠᠵᠠᠷ᠄ ᠨᠢᠳᠤᠨ ᠪᠠᠷ᠎ᠡ ᠶᠢᠨ ᠭᠠᠵᠠᠷ ᠲᠠᠢ ᠬᠡᠮᠵᠢᠶ᠎ᠡ ᠪᠠ ᠠᠭᠤᠯᠭ᠎ᠠ ᠨᠢ ᠠᠳᠠᠯᠢ᠃      ᠬᠠᠷᠠᠭᠠᠨ ᠤ ᠭᠠᠵᠠᠷ᠄ ᠨᠢᠳᠤᠨ ᠪᠠᠷ᠎ᠡ ᠶᠢᠨ ᠭᠠᠵᠠᠷ ᠲᠠᠢ ᠬᠡᠮᠵᠢᠶ᠎ᠡ ᠪᠠ ᠠᠭᠤᠯᠭ᠎ᠠ ᠨᠢ ᠠᠳᠠᠯᠢ᠃      ᠨᠢᠬᠡ ᠲᠠᠬᠡᠰᠤᠨ ᠤ ᠭᠠᠵᠠᠷ᠄ ᠪᠠᠷᠤᠬ 60  ᠮᠧᠲᠷ ᠵᠠᠢ ᠶᠢ ᠵᠢᠭᠠᠳᠠᠭ᠃ ᠭᠠᠵᠠᠷ ᠢ ᠲᠠᠬᠡᠰᠤᠯᠠᠵᠤ ᠬᠡᠮᠵᠢᠬᠦ ᠪᠤᠯᠤᠬᠰᠠᠨ ᠠᠴᠠ ᠬᠤᠶᠢᠰᠢ ᠭᠠᠷᠤᠬᠰᠠᠨ ᠬᠡᠮᠵᠢᠬᠦᠷ᠃ ᠳᠡᠭᠡᠷ᠎ᠡ ᠦᠶ᠎ᠡ ᠳᠤ ᠬᠤᠰᠢᠭᠤ᠂ ᠠᠶᠢᠮᠠᠬ᠂ ᠤᠯᠤᠰ ᠤᠨ ᠬᠢᠯᠢ ᠬᠢᠵᠠᠭᠠᠷ ᠢ ᠲᠠᠬᠡᠰᠤ ᠪᠠᠷ ᠬᠡᠮᠵᠢᠵᠤ ᠲᠤᠬᠳᠠᠭᠠᠳᠠᠭ ᠪᠠᠶᠢᠪᠠ᠃ ᠴᠢᠩ ᠤᠯᠤᠰ ᠤᠨ ᠦᠶ᠎ᠠ ᠳᠤ ᠭᠠᠵᠠᠷ ᠰᠢᠷᠤᠢ ᠲᠠᠬᠡᠰᠤᠯᠠᠨ ᠬᠤᠳᠠᠯᠳᠤᠬᠤ ᠶᠠᠪᠤᠳᠠᠯ ᠬᠦᠨᠳᠦ ᠨᠣᠴᠢᠲᠠᠢ ᠣᠷᠣᠰᠢᠵᠤ ᠪᠠᠶᠢᠵᠠᠢ᠃      ᠨᠢᠬᠡ ᠲᠠᠬᠡᠰᠤ᠄ 18 ᠬᠤᠤᠰ ᠠᠯᠳᠠ ᠶᠢ ᠨᠢᠬᠡ ᠲᠠᠬᠡᠰᠤ ᠪᠤᠯᠭᠠᠳᠠᠭ᠃ ᠲᠠᠷᠢᠶᠠᠯᠠᠩ ᠢ ᠲᠠᠬᠡᠰᠤᠯᠠᠨ ᠪᠤᠳᠤᠳᠠᠭ᠃      ᠰᠠᠭᠠᠬᠠᠯᠳᠠ ᠶᠢᠨ ᠭᠠᠵᠠᠷ᠄ ᠪᠠᠷᠤᠬ 2  ᠺᠢᠯᠤᠮᠧᠲᠷ ᠬᠢᠷᠢᠳᠠᠢ᠃ ᠨᠠᠬᠦᠳᠠᠯᠴᠢᠨ ᠮᠠᠯᠴᠢᠳ ᠠᠶᠢᠯ ᠬᠦᠷᠰᠢ ᠰᠠᠭᠤᠬᠤ ᠳᠤ ᠬᠠᠶᠠᠭ᠎ᠠ ᠲᠠᠷᠤᠵᠤ ᠰᠠᠭᠤᠬᠤ ᠨᠢ ᠴᠦᠬᠡᠨ᠂ ᠠᠶᠢᠯ ᠰᠠᠭᠠᠬᠠᠯᠳᠠ ᠬᠤᠭᠤᠷᠤᠠᠳᠤ ᠪᠠᠨ ᠵᠤᠬᠢᠬᠤ ᠵᠠᠶᠢᠳᠠᠢ ᠪᠠᠶᠢᠳᠠᠭ᠃ ᠬᠡᠪᠠᠴᠤ ᠦᠷᠬᠡᠨ ᠠᠭᠤᠳᠠᠮ ᠨᠤᠳᠤᠭ ᠪᠠᠯᠴᠢᠬᠡᠷ ᠲᠤ ᠠᠮᠢᠳᠤᠷᠠᠵᠤ ᠰᠤᠷᠤᠬᠰᠠᠨ ᠮᠤᠩᠭᠤᠯᠴᠤᠳ ᠲᠤ ᠰᠠᠭᠠᠬᠠᠯᠳᠠ ᠶᠢᠨ ᠭᠠᠵᠠᠷ ᠭᠡᠭᠴᠢ ᠣᠶᠢᠷ᠎ᠠ ᠵᠠᠭᠤᠷ᠎ᠠ ᠭᠡᠬᠦ ᠤᠳᠬ᠎ᠠ ᠲᠠᠢ ᠪᠠᠶᠢᠳᠠᠭ᠃      ᠤᠢᠢᠷ᠎ᠡ ᠰᠠᠭᠠᠬᠠᠯᠳᠠ᠄ 1 — 2  ᠺᠢᠯᠤᠮᠧᠲᠷ ᠬᠢᠷᠢᠳᠠᠢ᠃ ᠬᠠᠮᠤᠭ ᠤᠨ ᠣᠶᠢᠷ᠎ᠠ ᠵᠠᠶᠢᠲᠠᠢ ᠠᠶᠢᠯ ᠰᠠᠭᠠᠬᠠᠯᠳᠠ᠃      ᠬᠤᠯᠠ ᠰᠠᠭᠠᠬᠠᠯᠳᠠ᠄ 3 — 5  ᠺᠢᠯᠤᠮᠧᠲᠷ ᠬᠢᠷᠢᠳᠠᠢ᠃ ᠬᠠᠮᠤᠭ ᠤᠨ ᠬᠤᠯᠠ ᠵᠠᠶᠢᠲᠠᠢ ᠠᠶᠢᠯ ᠰᠠᠭᠠᠬᠠᠯᠳᠠ᠃      ᠬᠤᠷᠠᠭᠠᠨ ᠪᠠᠯᠴᠢᠬᠡᠷ᠄ ᠪᠠᠷᠤᠬ ᠬᠠᠭᠠᠰ  ᠺᠢᠯᠤᠮᠧᠲᠷ ᠬᠢᠷᠢᠳᠠᠢ ᠵᠠᠢ ᠶᠢ ᠬᠡᠯᠠᠨ᠎ᠠ᠃ ᠬᠡᠷ ᠠᠴᠠ ᠬᠠᠮᠤᠭ ᠤᠨ ᠤᠢᠢᠷᠠᠬᠠᠨ ᠮᠠᠯ ᠤᠨ ᠪᠠᠯᠴᠢᠬᠡᠷ᠃ ᠭᠤᠤᠯᠳᠠᠭᠤ ᠭᠡᠷ ᠠᠴᠠ ᠤᠢᠢᠷᠠᠬᠠᠨ ᠪᠤᠯᠬᠤ ᠶᠢ ᠵᠢᠭᠠᠨ᠎ᠠ᠃      ᠲᠤᠭᠤᠯ ᠤᠨ ᠪᠠᠯᠴᠢᠬᠡᠷ᠄ 1  ᠺᠢᠯᠤᠮᠧᠲᠷ ᠬᠢᠷᠢᠳᠠᠢ ᠭᠠᠵᠠᠷ ᠤᠨ ᠵᠠᠢ ᠶᠢ ᠵᠢᠭᠠᠳᠠᠭ᠃ ᠬᠤᠳᠠ ᠬᠡᠷ ᠤᠢᠢᠷᠠᠯᠴᠠᠭᠠᠬᠢ ᠵᠠᠢ᠃ ᠠᠷᠠᠳ ᠤᠨ ᠠᠮᠠᠨ ᠶᠠᠷᠢᠶᠠᠨ ᠳᠤ ︽ᠲᠤᠭᠤᠯ ᠤᠨ ᠪᠠᠯᠴᠢᠬᠡᠷ ᠠᠴᠠ ᠭᠠᠷᠤᠭᠠᠳᠤᠢ ᠬᠦᠮᠤᠨ︾ ᠬᠡᠵᠤ ᠬᠡᠯᠡᠳᠡᠭ᠃ ᠲᠠᠷ᠎ᠡ ᠨᠢ ᠬᠤᠯᠠ ᠶᠠᠪᠤᠵᠤ ᠶᠡᠭᠡ ᠶᠢ ᠦᠵᠠᠬᠡᠳᠤᠢ ᠬᠥᠮᠦᠨ ᠢ ᠪᠠᠰᠤᠮᠵᠢᠯᠠᠵᠤ ᠬᠡᠯᠡᠭᠰᠡᠨ ᠦᠬᠡ ᠪᠤᠯᠤᠨ᠎ᠠ᠃      ᠬᠤᠨᠢᠨ ᠤ ᠪᠠᠯᠴᠢᠬᠡᠷ᠄ ᠪᠠᠷᠤᠬ 2  ᠺᠢᠯᠤᠮᠧᠲᠷ ᠬᠢᠷᠢᠳᠠᠢ ᠵᠠᠢ ᠶᠢ ᠵᠢᠭᠠᠳᠠᠭ᠃ ᠠᠳᠤᠭᠤ ᠮᠠᠯ ᠢ ᠪᠠᠯᠴᠢᠬᠡᠷᠯᠠᠬᠦᠯᠬᠦ ᠳᠤ ᠬᠤᠯᠠ ᠣᠶᠢᠷ᠎ᠠ ᠶᠢᠨ ᠬᠡᠮᠵᠢᠶ᠎ᠡ ᠠᠳᠠᠯᠢ ᠪᠤᠰᠤ ᠪᠠᠶᠢᠳᠠᠭ᠃ ᠮᠤᠩᠭᠤᠯᠴᠤᠳ ᠶᠠᠷᠤ ᠠᠴᠠ ᠪᠤᠬ ᠮᠠᠯ ᠢ ᠤᠢᠢᠷ᠎ᠡ ᠵᠠᠭᠤᠷ᠎ᠡ ᠪᠠᠯᠴᠢᠬᠡᠷᠯᠠᠬᠦᠯᠵᠤ᠂ ᠪᠤᠳᠠ ᠮᠠᠯ ᠢ ᠬᠤᠳᠠ ᠠᠴᠠ ᠵᠠᠶᠢᠳᠠᠭᠤ ᠪᠠᠯᠴᠢᠬᠡᠷᠯᠡᠬᠦᠯᠳᠡᠭ ᠵᠠᠩᠰᠢᠯ ᠲᠠᠢ᠃ ᠬᠤᠨᠢᠨ ᠤ ᠪᠠᠯᠴᠢᠬᠡᠷ ᠴᠤᠬᠤᠮ ᠬᠡᠳᠤᠢ ᠬᠤᠯᠠ ᠪᠠᠶᠢᠬᠤ ᠲᠤᠬᠠᠢ ᠨᠠᠷᠢᠨ ᠲᠤᠬᠳᠠᠭᠠᠯ ᠪᠠᠶᠢᠳᠠᠭ ᠦᠬᠡᠢ ᠴᠤ ᠬᠤᠨᠢᠨ ᠤ ᠪᠠᠯᠴᠢᠬᠡᠷ ᠬᠡᠵᠤ ᠪᠤᠳᠠ ᠮᠠᠯ ᠤᠨ ᠪᠠᠯᠴᠢᠬᠡᠷ ᠲᠠᠢ ᠬᠠᠷᠢᠴᠠᠭᠤᠯᠪᠠᠯ᠂ ᠭᠡᠷ ᠠᠴᠠ ᠤᠢᠢᠷᠠᠬᠠᠨ ᠰᠢᠭ᠋ ᠵᠠᠢ ᠶᠢ ᠬᠡᠯᠡᠳᠡᠭ᠃      ᠠᠳᠤᠭᠤᠨ ᠤ ᠪᠠᠯᠴᠢᠬᠡᠷ᠄ ᠪᠠᠷᠤᠬ 10  ᠺᠢᠯᠤᠮᠧᠲᠷ ᠭᠠᠵᠠᠷ ᠤᠨ ᠵᠠᠢ ᠶᠢ ᠵᠢᠭᠠᠳᠠᠭ᠃ ᠠᠳᠤᠭᠤ ᠪᠤᠯ ᠬᠦᠯ ᠬᠦᠩᠬᠡᠨ᠂ ᠶᠠᠪᠤᠬᠤ ᠨᠢ ᠬᠤᠷᠳᠤᠨ ᠲᠤᠯᠠ ᠠᠳᠤᠭᠤᠨ ᠤ ᠪᠠᠯᠴᠢᠬᠡᠷ ᠬᠡᠪᠠᠯ ᠨᠠᠯᠢᠶᠠᠳ ᠬᠤᠯᠠ ᠶᠢ ᠵᠢᠭᠠᠪᠠᠯ ᠵᠤᠬᠢᠰᠳᠠᠢ ᠶᠤᠮ᠃ ᠬᠡᠪᠠᠴᠤ ᠠᠷᠠᠳ ᠤᠨ ᠬᠡᠯᠠᠯᠬᠡ ᠳᠤ ᠠᠳᠤᠭᠤᠨ ᠤ ᠪᠠᠯᠴᠢᠬᠡᠷ ᠬᠡᠳᠡᠭ ᠨᠢ ᠲᠠᠶᠢᠮᠤ ᠬᠤᠯᠠ ᠶᠢ ᠵᠢᠭᠠᠳᠠᠭ    ᠦᠬᠡᠢ᠃ ᠡᠷ᠎ᠡ ᠬᠥᠮᠦᠨ ᠢ ᠬᠤᠯᠠ ᠶᠠᠪᠤᠵᠤ ᠶᠡᠭᠡ ᠶᠢ ᠦᠵᠡᠭᠰᠡᠨ ᠦᠬᠡᠢ ᠬᠡᠵᠤ ᠪᠠᠰᠤᠬᠤ ᠤᠳᠬ᠎ᠠ ᠪᠠᠷ            ︽ᠠᠳᠤᠭᠤᠨ ᠤ ᠪᠠᠯᠴᠢᠬᠡᠷ ᠠᠴᠠ ᠬᠤᠯᠠᠳᠠᠬᠰᠠᠨ ᠦᠬᠡᠢ︾ ᠬᠡᠵᠤ ᠬᠡᠯᠡᠳᠡᠭ ᠨᠢ ᠠᠳᠤᠭᠤᠨ ᠤ ᠪᠠᠯᠴᠢᠬᠡᠷ ᠨᠢᠬᠡ ᠶᠤᠰᠤᠨ ᠳᠤ ᠪᠠᠨ ᠣᠶᠢᠷ᠎ᠠ ᠵᠠᠢ ᠶᠢ ᠵᠢᠭᠠᠭᠰᠠᠨ ᠪᠠᠶᠢᠳᠠᠭ᠃      ᠮᠤᠷᠢ ᠲᠠᠯᠪᠢᠬᠤ ᠭᠠᠵᠠᠷ᠄ 10 — 20  ᠺᠢᠯᠤᠮᠧᠲᠷ ᠵᠠᠶᠢᠳᠠᠢ᠃ ᠬᠡᠷ ᠠᠴᠠ ᠠᠳᠤᠭᠤᠨ ᠤ ᠪᠠᠯᠴᠢᠬᠡᠷ ᠬᠦᠷᠬᠦ ᠵᠠᠢ᠃ ᠠᠳᠤᠭᠤ ᠪᠠᠯᠴᠢᠬᠡᠬᠦ ᠭᠠᠵᠠᠷ ᠢ ᠵᠢᠭᠠᠳᠠᠭ᠃      ᠮᠤᠷᠢ ᠲᠠᠷᠯᠠᠬᠤ ᠭᠠᠵᠠᠷ᠄ 1 — 5  ᠺᠢᠯᠤᠮᠧᠲᠷ ᠵᠠᠶᠢᠳᠠᠢ᠃ ᠮᠤᠷᠢ ᠤᠷᠤᠯᠳᠤᠭᠤᠯᠵᠤ ᠪᠤᠯᠪᠠᠰᠤᠷᠠᠬᠤ     ᠵᠠᠢ᠃      ᠮᠤᠷᠢ ᠬᠦᠯᠤᠰᠤᠯᠠᠬᠦ ᠭᠠᠵᠠᠷ᠄ 10 — 20  ᠺᠢᠯᠤᠮᠧᠲᠷ ᠵᠠᠶᠢᠳᠠᠢ᠃ ᠰᠦᠢᠯᠲᠠ ᠶᠢᠨ ᠮᠣᠷᠢ ᠶᠢ ᠤᠷᠤᠯᠳᠤᠭᠤᠯᠵᠤ ᠬᠥᠯᠥᠰᠥ ᠭᠠᠷᠭᠠᠬᠤ ᠵᠠᠢ᠃      ᠨᠢᠬᠡ ᠥᠨᠳᠡᠶᠢᠮ᠎ᠡ ᠭᠠᠵᠠᠷ᠄ ᠪᠠᠷᠤᠬ 4 ᠺᠢᠯᠤᠮᠧᠳ᠋ᠷ ᠵᠠᠶᠢᠳᠠᠢ᠃ ᠮᠤᠷᠢᠳᠠᠢ ᠬᠦᠮᠤᠨ ᠤᠨᠤᠭ᠎ᠠ ᠮᠤᠷᠢ ᠪᠠᠨ ᠨᠢᠬᠡ ᠤᠳᠠᠭ᠎ᠠ ᠲᠤᠪᠳᠤᠯᠭᠠᠬᠤ ᠳᠤ ᠬᠤᠷᠤᠭᠠᠬᠤ ᠵᠠᠮ ᠤᠨ ᠤᠷᠳᠤ᠃ ᠭᠠᠵᠠᠷ ᠤᠨ ᠪᠠᠶᠢᠴᠠ᠂ ᠮᠤᠷᠢᠨ ᠤ ᠪᠠᠶ᠎ᠠ ᠴᠢᠳᠠᠯ ᠠᠳᠠᠯᠢ ᠪᠤᠰᠤ᠂ ᠨᠢᠬᠡ ᠦᠠᠳᠠᠶᠢᠬᠦ ᠳᠤ ᠬᠡᠴᠢᠨᠠᠭᠡᠨ ᠭᠠᠵᠠᠷ ᠬᠤᠷᠤᠭᠠᠬᠤ ᠨᠢ ᠠᠳᠠᠯᠢ ᠦᠬᠡᠢ ᠪᠤᠯᠬᠤᠷ ᠡᠨᠡ ᠨᠢ ᠲᠤᠮᠳᠠᠴᠢ ᠲᠤᠭ᠎ᠠ ᠪᠤᠯᠤᠨ᠎ᠠ᠃ ᠬᠦᠮᠤᠰ ᠶᠠᠷᠤ ᠳᠤ ᠪᠠᠨ ᠬᠤᠯᠠ ᠣᠶᠢᠷ᠎ᠠ ᠶᠢᠨ ᠬᠡᠮᠵᠢᠶ᠎ᠠ ᠶᠢ ᠵᠢᠱᠢᠵᠤ ᠴᠢᠮᠠᠯᠠᠨ ᠬᠡᠯᠡᠯᠴᠠᠬᠦ ᠳᠤ ᠨᠢᠬᠡ ᠥᠨᠳᠡᠶᠢᠮ᠎ᠡ ᠭᠠᠵᠠᠷ ᠭᠡᠳᠡᠭ᠃      ᠬᠠᠳᠠᠷᠢᠶ᠎ᠠ ᠶᠢᠨ ᠭᠠᠵᠠᠷ᠄ ᠪᠠᠯᠠᠷᠬᠠᠢ ᠲᠤᠭ᠎ᠠ᠃ ᠮᠤᠷᠢᠳᠠᠢ ᠬᠦᠮᠤᠨ ᠨᠢᠬᠡ ᠤᠳᠠᠭ᠎ᠠ ᠰᠠᠶᠢᠨ ᠬᠠᠳᠠᠷᠢᠭᠤᠯᠬᠤ ᠳᠤ ᠬᠤᠷᠤᠭᠠᠬᠤ ᠵᠠᠮ ᠤᠨ ᠤᠷᠳᠤ᠃ ᠭᠠᠵᠠᠷ ᠤᠨ ᠪᠠᠶᠢᠴᠠ ᠪᠠ ᠮᠤᠷᠢᠨ ᠤ ᠪᠠᠶ᠎ᠠ ᠴᠢᠳᠠᠯ ᠠᠳᠠᠯᠢ ᠦᠬᠡᠢ ᠪᠠᠶᠢᠳᠠᠭ ᠪᠤᠯᠬᠤᠷ ᠨᠢᠬᠡ ᠤᠳᠠᠭ᠎ᠠ ᠬᠠᠳᠠᠷᠢᠭᠤᠯᠬᠤ ᠳᠤ ᠴᠤᠬᠤᠮ ᠬᠡᠳᠤᠢ ᠭᠠᠵᠠᠷ ᠬᠤᠷᠤᠭᠠᠬᠤ ᠨᠢ ᠠᠳᠠᠯᠢ ᠦᠬᠡᠢ ᠪᠠᠶᠢᠳᠠᠭ᠃ ᠡᠨᠡ ᠨᠢ ᠬᠠᠷᠢᠴᠠᠩᠭᠤᠢ ᠪᠠᠷ ᠤᠷᠤᠯᠳᠤᠭᠠᠨ ᠤ ᠮᠤᠷᠢᠨ ᠠᠴᠠ ᠤᠳᠠᠭᠠᠨ ᠰᠢᠬ᠂ ᠰᠣᠯᠠ ᠠᠯᠬᠤᠯᠠᠭᠰᠠᠨ ᠮᠣᠷᠢᠨ ᠠᠴᠠ ᠬᠤᠷᠳᠤᠨ ᠪᠠᠶᠢᠳᠠᠭ᠃      ᠨᠠᠬᠦᠳᠠᠯ ᠤᠨ ᠭᠠᠵᠠᠷ ᠄ ᠪᠠᠷᠤᠬ 15  ᠺᠢᠯᠤᠮᠧᠲᠷ ᠵᠠᠶᠢᠳᠠᠢ ᠭᠠᠵᠠᠷ ᠢ ᠬᠡᠯᠠᠨ᠎ᠠ᠃ ᠤᠳᠤᠷᠴᠢᠳ ᠤᠨ ᠨᠢᠬᠡ ᠤᠳᠠᠭ᠎ᠠ ᠨᠠᠬᠦᠬᠦ ᠵᠠᠢ᠃ ᠪᠠᠯᠴᠢᠬᠡᠷ ᠤᠰᠤ᠂ ᠴᠠᠭ ᠤᠯᠠᠷᠢᠯ ᠤᠨ ᠠᠳᠠᠯᠢ ᠪᠤᠰᠤ ᠠᠴᠠ ᠰᠢᠯᠳᠠᠭᠠᠯᠠᠵᠤ ᠨᠡᠭᠦᠳᠡᠯ ᠤᠨ ᠬᠤᠯᠠ ᠤᠢᠢᠷ᠎ᠡ ᠠᠳᠠᠯᠢ ᠦᠬᠡᠢ ᠪᠠᠶᠢᠳᠠᠭ ᠪᠤᠯᠪᠠᠴᠤ ᠶᠠᠷᠤ ᠶᠢᠨ ᠪᠠᠶᠢᠳᠠᠯ ᠳᠠᠬᠢ ᠲᠤᠮᠳᠠᠴᠢᠯᠠᠬᠰᠠᠨ ᠲᠤᠭ᠎ᠠ ᠮᠥᠨ᠃      ᠦᠷᠳᠠᠬᠡᠨ ᠤ ᠭᠠᠵᠠᠷ᠄ ᠪᠠᠷᠤᠬ 30  ᠺᠢᠯᠤᠮᠧᠲᠷ ᠵᠠᠶᠢᠳᠠᠢ ᠭᠠᠵᠠᠷ ᠪᠤᠯᠤᠨ᠎ᠠ᠃ ᠮᠤᠩᠭᠤᠯ ᠤᠨ ︽ᠭᠠᠵᠠᠷ︾ ᠬᠡᠳᠡᠭ ᠬᠡᠮᠵᠢᠬᠦᠷ ᠢᠶᠠᠷ ᠶᠠᠷᠤ ᠨᠢ ᠲᠠᠪᠢ᠂ ᠵᠢᠷᠠᠨ ᠤ ᠭᠠᠵᠠᠷ ᠪᠠᠶᠢᠳᠠᠭ᠃ ᠮᠤᠩᠭᠤᠯ ᠭᠠᠵᠠᠷ ᠲᠤ ᠤᠯᠠᠭ᠎ᠠ ᠦᠷᠳᠡᠭᠡ ᠪᠤᠢ ᠪᠤᠯᠤᠬᠰᠠᠨ ᠠᠴᠠ ᠬᠤᠶᠢᠰᠢ ᠭᠠᠵᠠᠷ ᠤᠨ ᠵᠠᠢ ᠶᠢ ᠬᠡᠳᠤᠨ ᠥᠷᠲᠡᠭᠡ ᠭᠡᠵᠦ ᠵᠢᠱᠢᠶᠡᠯᠡᠨ ᠬᠡᠮᠵᠢᠬᠦ ᠶᠠᠪᠤᠳᠠᠯ ᠠᠷᠪᠢᠨ ᠪᠠᠶᠢᠪᠠ᠃      ᠨᠢᠬᠡ ᠪᠠᠭᠤᠳᠠᠯ ᠤᠨ ᠭᠠᠵᠠᠷ ᠄ ᠪᠠᠷᠤᠬ 30  ᠺᠢᠯᠤᠮᠧᠲᠷ᠃ ᠠᠶᠠᠠᠴᠢᠨ ᠵᠢᠩᠴᠢᠳ ᠨᠢᠬᠡ ᠬᠦᠳᠠᠯᠤᠬᠡᠳ ᠠᠮᠠᠷᠠᠬᠤ ᠪᠤᠯᠳᠠᠯᠠᠬᠢ ᠬᠤᠷᠤᠭᠠᠬᠰᠠᠨ ᠵᠠᠮ ᠤᠨ ᠤᠷᠳᠤ᠃ ᠦᠳᠠ ᠳᠤ ᠪᠠᠭᠤᠳᠠᠯᠯᠠᠬᠤ ᠪᠠ ᠤᠷᠤᠢ ᠪᠠᠭᠤᠳᠠᠯᠯᠠᠬᠤ ᠨᠢ ᠡᠳᠦᠢ ᠲᠠᠳᠤᠢ ᠠᠳᠠᠯᠢ ᠪᠤᠰᠤ ᠪᠠᠶᠢᠳᠠᠭ᠃      ᠪᠠᠭ᠎ᠠ ᠦᠳᠠ ᠶᠢᠨ ᠭᠠᠵᠠᠷ᠄ 20 — 25  ᠺᠢᠯᠤᠮᠧᠲᠷ ᠵᠠᠶᠢᠳᠠᠢ᠃ ᠡᠨᠡ ᠨᠢ ᠦᠷᠯᠤᠬᠡ ᠠᠴᠠ ᠦᠳᠠ ᠶᠢᠨ ᠡᠮᠤᠨᠠᠬᠢ 10 ᠴᠠᠭ ᠬᠦᠷᠳᠠᠯᠠᠬᠢ ᠶᠠᠪᠤᠬᠰᠠᠨ ᠵᠠᠮ ᠤᠨ ᠤᠷᠳᠤ ᠶᠢ ᠵᠢᠭᠠᠳᠠᠭ᠃      ᠦᠳᠠ ᠶᠢᠨ ᠭᠠᠵᠠᠷ᠄ ᠪᠠᠷᠤᠬ 45  ᠺᠢᠯᠤᠮᠧᠲᠷ ᠤᠷᠴᠢᠮ ᠵᠠᠶᠢᠳᠠᠢ᠃ ᠠᠶᠠᠠᠴᠢᠨ ᠵᠢᠩᠴᠢᠨ ᠦᠤᠷ ᠢᠶᠠᠷ ᠬᠦᠳᠠᠯᠵᠤ᠂ ᠠᠶᠠᠨ ᠵᠠᠮ ᠬᠦᠬᠡᠬᠡᠬᠡᠳ ᠦᠳᠠᠯᠠᠬᠦ ᠪᠤᠯᠳᠠᠯ᠎ᠠ ᠶᠠᠪᠤᠬᠤ ᠵᠠᠢ᠃ ᠶᠠᠷᠤ ᠶᠢᠨ ᠪᠠᠶᠢᠳᠠᠯ ᠳᠤ ᠬᠤᠶᠠᠷ ᠦᠷᠳᠡᠭᠡ ᠤᠷᠴᠢᠮ ᠭᠠᠵᠠᠷ ᠢ ᠡᠳᠦᠷ ᠤᠨ ᠵᠠᠮ ︵ᠪᠤᠷᠤ ᠬᠤᠨᠤᠭ ᠤᠨ ᠭᠠᠵᠠᠷ︶ ᠬᠡᠳᠡᠭ᠃ ᠡᠶᠢᠮᠤ ᠠᠴᠠ ᠦᠳᠠ ᠶᠢᠨ ᠭᠠᠵᠠᠷ ᠬᠡᠳᠡᠭ ᠨᠢ ᠨᠢᠬᠡ ᠦᠷᠳᠡᠭᠡ ᠤᠷᠴᠢᠮ ᠭᠠᠵᠠᠷ ᠪᠤᠯᠤᠨ᠎ᠠ᠃ ᠬᠡᠪᠠᠴᠤ ᠭᠠᠵᠠᠷ ᠭᠠᠵᠠᠷ ᠤᠨ ᠪᠠᠶᠢᠭᠠᠯᠢ ᠶᠢᠨ ᠤᠷᠴᠢᠨ ᠠᠬᠤᠢ ᠶᠢᠨ ᠵᠦᠷᠢᠶ᠎ᠠ᠂ ᠠᠶᠠᠨ ᠵᠢᠩ ᠤᠨ ᠵᠤᠷᠢᠯᠭ᠎ᠠ᠂ ᠴᠠᠭ᠂ ᠤᠨᠤᠭ᠎ᠠ ᠬᠦᠰᠬᠡ ᠠᠳᠠᠯᠢ ᠪᠤᠰᠤ ᠠᠴᠠ ᠲᠤᠰ ᠬᠡᠮᠵᠢᠭᠦᠷ ᠤᠨ ᠤᠷᠳᠤ ᠶᠢᠨ ᠬᠡᠮᠵᠢᠶ᠎ᠠ ᠨᠢ ᠨᠢᠬᠡᠳᠤᠯᠳᠠᠢ ᠪᠢᠰᠢ ᠪᠠᠶᠢᠳᠠᠭ᠃      ᠡᠳᠤᠷ ᠤᠨ ᠭᠠᠵᠠᠷ᠄ ᠮᠤᠩᠭᠤᠯᠴᠤᠳ ᠮᠤᠷᠢ ᠶᠢᠨ ᠨᠢᠬᠡ ᠡᠳᠦᠷ ᠤᠨ ᠬᠤᠷᠤᠭᠠᠬᠤ ᠪᠠᠷᠢᠮᠵᠢᠶ᠎ᠠ ᠪᠠᠷ ᠲᠤᠮᠳᠠᠴᠢ ᠪᠠᠷ 95  ᠺᠢᠯᠤᠮᠧᠲᠷ ᠭᠠᠵᠠᠷ ᠢ ᠬᠡᠯᠡᠳᠡᠭ᠃ ᠠᠶᠠᠠᠴᠢᠨ ᠵᠢᠩᠴᠢᠳ ᠪᠦᠳᠤᠨ ᠨᠢᠬᠡ ᠡᠳᠤᠷ ︵ᠨᠠᠷᠠ ᠮᠠᠠᠳᠤᠬᠰᠠᠨ ᠠᠴᠠ ᠰᠢᠩᠬᠡᠬᠦ ᠪᠤᠯᠳᠠᠯᠠᠬᠢ ᠴᠠᠭ︶ ᠵᠠᠮᠨᠠᠵᠤ ᠬᠤᠷᠤᠭᠠᠬᠰᠠᠨ ᠵᠠᠮ ᠤᠨ ᠤᠷᠳᠤ᠂ ᠪᠠᠰᠠ ᠡᠳᠦᠷ ᠤᠨ ᠵᠠᠮ ᠬᠡᠳᠡᠭ᠃ ᠲᠠᠮᠠᠬᠡᠨ ᠵᠢᠩ᠂ ᠦᠬᠡᠷ ᠬᠠᠰᠠᠬ᠂ ᠮᠤᠷᠢᠨ ᠲᠠᠷᠬᠡ ᠬᠡᠬᠦ ᠮᠠᠳᠤ ᠠᠳᠠᠯᠢ ᠪᠤᠰᠤ ᠬᠤᠷᠳᠤᠴᠠ ᠪᠦᠬᠦᠢ ᠵᠦᠢᠯ ᠨᠢ ᠬᠠᠩᠭᠠᠢ᠂ ᠡᠯᠠᠰᠤ᠂ ᠠᠭᠤᠯᠠᠷᠬᠠᠬ ᠵᠠᠷᠬᠡ ᠠᠳᠠᠯᠢ ᠪᠤᠰᠤ ᠵᠠᠮ ᠤᠨ ᠨᠦᠬᠦᠴᠠᠯ ᠳᠤ ᠨᠢᠬᠡᠴᠢ ᠡᠳᠤᠷ ᠲᠤ ᠶᠠᠪᠤᠬᠤ ᠵᠠᠮ ᠤᠨ ᠤᠷᠳᠤ ᠠᠳᠠᠯᠢ ᠪᠤᠰᠤ ᠪᠠᠶᠢᠳᠠᠭ᠃      ᠬᠤᠨᠤᠭ ᠤᠨ ᠭᠠᠵᠠᠷ᠄ ᠪᠠᠷᠤᠬ 125  ᠺᠢᠯᠤᠮᠧᠲᠷ ᠵᠠᠶᠢᠳᠠᠢ᠃ ᠠᠶᠠᠠᠴᠢᠳ ᠡᠷᠳᠠ ᠪᠤᠰᠴᠤ ᠶᠠᠪᠤᠭᠠᠳ ᠤᠷᠤᠢ ᠰᠢᠬ ᠪᠠᠭᠤᠳᠠᠯᠯᠠᠬᠤ ᠪᠠᠷ ᠪᠤᠳᠤᠪᠠᠯ᠂ ᠡᠳᠦᠷ ᠤᠨ ᠭᠠᠵᠠᠷ ᠠᠴᠠ ᠵᠢᠭᠠᠬᠠᠨ ᠢᠯᠠᠬᠦᠤ ᠰᠢᠭ ᠬᠤᠷᠣᠭᠠᠨ᠎ᠠ᠃      ᠰᠠᠷ᠎ᠠ ᠶᠢᠨ ᠭᠠᠵᠠᠷ᠄ ᠪᠠᠷᠤᠬ 2850  ᠺᠢᠯᠤᠮᠧᠲᠷ ᠵᠠᠶᠢᠳᠠᠢ᠃ ᠡᠳᠤᠷ ᠪᠦᠷᠢ 95  ᠺᠢᠯᠤᠮᠧᠲᠷ ᠶᠠᠪᠤᠬᠤ ᠪᠠᠷ ᠪᠤᠳᠤᠪᠠᠯ᠂ ᠲᠠᠷᠤᠢ 95 ᠶᠢᠨ 30 ᠳᠠᠬᠢᠨ ᠪᠣᠯᠣᠨ᠎ᠠ᠃      ᠵᠢᠯ ᠤᠨ ᠭᠠᠵᠠᠷ᠄ ᠪᠠᠷᠤᠬ 34200  ᠺᠢᠯᠤᠮᠧᠲᠷ ᠵᠠᠶᠢᠳᠠᠢ᠃ ᠰᠠᠷ᠎ᠡ ᠪᠦᠷᠢ 2850  ᠺᠢᠯᠤᠮᠧᠲᠷ ᠶᠠᠪᠤᠬᠤ ᠪᠠᠷ ᠪᠤᠳᠤᠪᠠᠯ᠂ 2850  ᠺᠢᠯᠤᠮᠧᠲᠷ ᠤᠨ 12 ᠲᠠᠬᠢᠨ ᠪᠤᠯᠤᠨ᠎ᠠ᠃ ᠡᠨᠡ ᠨᠢ ᠡᠳᠤᠷ ᠲᠤᠳᠤᠮ ᠵᠤᠬᠰᠤᠯ ᠦᠬᠡᠢ ᠶᠠᠪᠤᠬᠤ ᠬᠦᠰᠠᠬᠦ᠋ᠢᠴᠡ ᠲᠤᠭ᠎ᠠ ᠲᠠᠳᠤᠢ᠃
 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号