ᠴᠠᠭᠠᠨ ᠰᠠᠷ᠎ᠠ ᠶᠢᠨ ᠵᠠᠩ ᠦᠢᠯᠡ ᠶᠢᠨ ᠰᠢᠯᠦᠭᠯᠡᠯ ᠮᠠᠭᠳᠠᠭᠤ
ᠨᠡᠶᠢᠲᠡᠯᠡᠭᠰᠡᠨ ᠴᠠᠭ᠄
2024/3/1
 ᠴᠠᠭᠠᠨ ᠰᠠᠷ᠎ᠠ ᠶᠢᠨ ᠵᠠᠩ ᠦᠢᠯᠡ ᠶᠢᠨ ᠰᠢᠯᠦᠭᠯᠡᠯ ᠮᠠᠭᠳᠠᠭᠤ     ᠤᠷᠢᠶᠠᠩᠬᠠᠨ ᠤ · ᠶᠤᠨᠳᠤᠨ      ᠬᠦᠷ ᠬᠦᠭᠵᠢᠶᠡᠨ ᠲᠠᠢ ᠪᠢᠳᠡᠭᠦᠯᠡᠶ᠎ᠡ      ᠴᠠᠭ ᠤᠨ ᠰᠠᠶᠢᠬᠠᠨ ᠤ ᠡᠬᠢᠯᠡᠯᠳᠡ ᠴᠠᠭᠠᠨ ᠰᠠᠷ᠎ᠠ ᠨᠢ ᠢᠷᠡᠯ᠎ᠡ      ᠴᠠᠯᠭᠢᠯᠠᠬᠤ ᠪᠤᠶᠠᠨ ᠤ ᠭᠡᠰᠢᠭ ᠲᠠᠢ ᠪᠠᠷᠰ ᠰᠠᠷ᠎ᠠ ᠨᠢ ᠰᠠᠭᠠᠳᠠᠯ᠎ᠠ      ᠴᠠᠰᠤᠨ ᠤᠪᠤᠭ᠎ᠠ ᠪᠠᠨ ᠪᠤᠰᠬᠠᠨ ᠴᠡᠪᠡᠷ ᠭᠠᠵᠠᠷ ᠴᠤᠭᠴᠠᠯᠠᠵᠦ      ᠴᠠᠯᠬᠢᠮ᠎ᠠ ᠪᠦᠯᠢ ᠶᠢᠨ ᠪᠠᠶᠠᠷ ᠢᠶᠠᠨ ᠦᠶᠦᠭ ᠵᠤᠵᠠᠭᠠᠨ ᠪᠡᠯᠡᠳᠦᠶ᠎ᠠ      ᠲᠡᠭᠷᠢ ᠰᠢᠳᠦᠭᠡᠨ ᠢᠶᠠᠨ ᠵᠠᠰᠠᠵᠦ᠂ ᠵᠤᠯᠠ ᠬᠦᠵᠢ ᠪᠠᠨ ᠡᠷᠭᠦᠶ᠎ᠡ      ᠲᠡᠭᠡᠳᠦ ᠶᠢᠨ ᠪᠠᠶᠠᠨ ᠤᠯᠠᠮᠵᠢᠯᠠᠯ ᠢᠶᠠᠷ ᠪᠢᠳᠡᠭᠦᠨ ᠦᠳᠡᠰᠢ ᠪᠠᠨ ᠪᠡᠯᠭᠡᠳᠡᠶ᠎ᠡ      ᠪᠤᠭᠤᠷᠤᠯ ᠨᠠᠰᠤᠳᠠᠳ ᠢᠶᠠᠨ ᠵᠠᠯᠠᠨ ᠠᠮᠳᠠᠳᠠᠨ ᠤ ᠲᠡᠭᠡᠵᠢ ᠪᠠᠷ ᠪᠠᠶᠠᠰᠬᠠᠵᠦ      ᠪᠢᠳᠡᠭᠦᠤ ᠲᠤᠯᠤᠭᠠᠢ ᠪᠠᠨ ᠵᠠᠭᠠᠵᠦ ᠪᠤᠳᠤᠩ ᠤᠨ ᠠᠮᠠᠰᠠᠷ ᠢᠶᠠᠨ ᠨᠡᠭᠡᠭᠡᠶ᠎ᠡ      ᠪᠡᠯᠭᠡᠳᠡᠯ ᠤᠨ ᠢᠷᠦᠭᠡᠯ ᠲᠠᠯᠪᠢᠭᠤᠯᠤᠨ ᠪᠤᠶᠠᠨ ᠭᠡᠰᠢᠭ ᠬᠤᠷᠢᠶᠠᠵᠦ      ᠪᠡᠷᠭᠡ ᠬᠠᠳᠠᠭᠤ ᠶᠢ ᠲᠠᠪᠠᠭ᠋ᠤ ᠪᠠᠷ ᠬᠡᠶᠢᠮᠦᠷᠢ ᠰᠦᠯᠳᠡ ᠪᠠᠨ ᠮᠠᠨᠳᠤᠭᠤᠯᠤᠶ᠎ᠠ      ᠪᠢᠳᠡᠭᠦᠤ ᠬᠤᠭᠤᠯᠠ ᠪᠠᠨ ᠠᠮᠰᠠᠵᠦ ᠢᠳᠡᠭᠡᠨ ᠤ ᠦᠩ ᠢᠶᠠᠷ ᠵᠢᠷᠭᠠᠵᠦ      ᠪᠦᠯᠢ ᠶᠢᠨ ᠬᠠᠯᠠᠭᠤᠨ ᠤᠯᠠᠨ ᠳᠠᠭᠠᠨ ᠪᠢᠳᠡᠭᠦᠨ ᠤ ᠬᠤᠪᠢ ᠪᠠᠨ ᠲᠦᠭᠡᠭᠡᠶ᠎ᠡ      ᠠᠵᠢᠨᠠᠢ ᠬᠦᠯᠦᠭ ᠢᠶᠠᠨ ᠰᠦᠢᠵᠦ᠂ ᠭᠠᠩᠭᠠᠨ ᠬᠤᠪᠴᠠᠰᠤ ᠪᠠᠨ ᠭᠡᠳᠤᠷᠴᠤ      ᠠᠶᠢᠯ ᠳᠤ ᠬᠠᠷᠢᠯᠠᠭᠰᠠᠳ ᠢᠶᠠᠨ ᠡᠷᠬᠢᠵᠦ ᠡᠯᠢᠭᠡᠨ ᠬᠤᠯᠪᠤᠭ᠎ᠠ ᠪᠠᠨ ᠲᠤᠷᠠᠰᠤᠶ᠎ᠠ      ᠠᠮᠢᠳᠤ ᠶᠢᠨ ᠵᠢᠷᠭᠠᠯ ᠳᠠᠭᠠᠨ ᠱᠤᠩᠪᠤᠵᠦ ᠡᠷᠦᠬᠡ ᠭᠡᠷ ᠢᠶᠠᠷ ᠢᠶᠠᠨ ᠬᠦᠭᠵᠢᠨ      ᠠᠮᠤᠭᠤᠯᠠᠩᠳᠦ ᠲᠦᠷᠦ ᠪᠠᠨ ᠲᠠᠭᠤᠯᠠᠵᠦ ᠡᠩᠭᠡ ᠠᠮᠢᠳᠤᠷᠠᠯ ᠳᠠᠭᠠᠨ ᠰᠤᠭᠳᠤᠭᠤᠷᠠᠶ᠎ᠠ      ᠮᠡᠨᠳᠦ ᠰᠠᠶᠢᠬᠠᠨ ᠰᠢᠨᠡᠯᠡᠶ᠎ᠡ ᠪᠠᠷᠰ ᠴᠠᠭ ᠲᠤ ᠲᠡᠭᠡᠭᠰᠢᠯᠡᠵᠦ      ᠠᠯᠳᠠᠨ ᠤᠪᠤᠭᠠᠨ ᠳᠠᠭᠠᠨ ᠭᠠᠷᠤᠶ᠎ᠠ      ᠪᠠᠳᠠᠷᠠᠩᠭᠤᠢ ᠲᠡᠭᠷᠢ ᠪᠠᠨ ᠪᠠᠶᠠᠰᠬᠠᠵᠦ ᠵ᠊ᠤᠯᠠ ᠶᠢᠨ ᠲᠡᠭᠡᠵᠢ ᠪᠠᠨ ᠡᠷᠭᠦᠶ᠎ᠡ      ᠬᠡᠶᠢᠮᠦᠷᠢ ᠶᠢᠨ ᠵᠦᠭ ᠲᠤ ᠮᠤᠷᠳᠡᠵᠦ ᠪᠠᠷᠴᠢᠳ ᠪᠦᠬᠦᠨ ᠢ ᠲᠤᠨᠢᠯᠭᠠᠨ      ᠭᠡᠰᠢᠭ ᠤᠨ ᠵᠦᠭ ᠠᠴᠠ ᠢᠷᠡᠵᠦ ᠭᠡᠷ ᠪᠦᠯᠢ ᠪᠠᠷ ᠢᠶᠠᠨ ᠵᠢᠷᠭᠠᠶ᠎ᠠ      ᠠᠵᠠᠢ ᠪᠤᠭᠤᠷᠤᠯ ᠠᠪᠤ ᠡᠵᠢ ᠳᠡᠭᠡᠨ ᠲᠤᠷᠭᠠᠨ ᠬᠠᠳᠠᠭ ᠢᠶᠠᠷ ᠬᠢᠴᠢᠶᠡᠩᠭᠦ᠋ᠢᠯᠡᠨ      ᠠᠮᠤᠷ ᠮᠠᠨᠳᠦ ᠶᠢ ᠨᠢ ᠠᠰᠠᠭᠤᠵᠦ ᠠᠰᠢᠳᠠ ᠶᠢᠨ ᠵᠢᠷᠭᠠᠯ ᠢᠶᠠᠷ ᠵᠤᠯᠭᠠᠶ᠎ᠠ      ᠠᠯᠳᠠᠨ ᠢᠷᠦᠭᠡᠯ ᠢ ᠨᠢ ᠰᠢᠩᠭᠡᠭᠡᠨ ᠤᠶᠤᠨ ᠤ ᠪᠠᠶᠠᠰᠤᠯ ᠪᠤᠯᠭᠠᠵᠦ      ᠠᠭᠳᠠ ᠶᠢᠨ ᠨᠢᠷᠤᠭᠤᠨ ᠳᠤ ᠮᠤᠷᠳᠡᠵᠦ ᠠᠶᠢᠯ ᠤᠯᠠᠨ ᠳᠠᠭᠠᠨ ᠰᠢᠨᠡᠯᠡᠶ᠎ᠡ      ᠬᠦᠯᠦᠭ ᠤᠨ ᠲᠤᠭᠤᠷᠠᠢ ᠲᠠᠴᠢᠭᠢᠨᠠᠨ ᠬᠡᠤᠬᠡᠳ ᠬᠦᠭᠡᠷᠦᠯᠳᠦᠨ ᠮᠠᠷᠰᠠᠶᠢᠯᠠᠨ᠎ᠠ      ᠬᠦᠷᠦᠰᠦᠲᠦ ᠲᠡᠯᠡᠬᠡᠢ ᠴᠢᠮᠡᠭᠷᠡᠨ ᠡᠪᠦᠭᠡᠳ ᠤᠨ ᠶᠠᠷᠢᠶ᠎ᠠ ᠬᠦᠤᠷᠨᠢᠯᠳᠦᠨ᠎ᠡ      ᠰᠢᠵᠢᠷ ᠪᠤᠭᠳᠠ ᠶᠢᠨ ᠰᠢᠯᠢ ᠪᠠᠷ ᠡᠭᠡᠰᠢᠭ ᠲᠠᠭᠤᠨ ᠪᠢᠯᠬᠠᠷᠠᠵᠦ      ᠰᠢᠨ᠎ᠡ ᠰᠠᠷ᠎ᠠ ᠶᠢᠨ ᠪᠠᠶᠠᠷ ᠬᠦᠳᠡᠭᠡ ᠲᠠᠯ᠎ᠠ ᠪᠠᠨ ᠪᠠᠶᠠᠰᠬᠠᠨ᠎ᠠ      ᠰᠢᠨ᠎ᠡ ᠮᠠᠨᠳᠤ ᠶᠢᠨ ᠵᠤᠯᠭᠠᠯᠳᠠ ᠬᠦᠮᠦᠨ ᠪᠦᠬᠦᠨ ᠤ ᠪᠠᠶᠠᠰᠤᠯ      ᠰᠢᠮ᠎ᠡ ᠰᠠᠶᠢᠳᠠᠢ ᠬᠠᠶᠢᠷᠤᠭᠤᠯ ᠢᠶᠠᠷ ᠭᠡᠰᠢᠭ ᠤᠨ ᠬᠠᠷᠢᠭᠤ ᠱᠠᠩᠨᠠᠨ᠎ᠠ      ᠴᠠᠭᠠᠨᠳᠡᠢ ᠪᠠᠨ ᠠᠮᠬᠠᠷᠠᠭᠤᠯᠵᠦ ᠴᠠᠭ ᠤᠨ ᠰᠠᠶᠢᠬᠠᠨ ᠢ ᠪᠡᠯᠭᠡᠳᠡᠨ᠎ᠡ      ᠴᠠᠢ ᠬᠤᠭᠤᠯᠠ ᠪᠠᠨ ᠠᠶᠠᠭᠠᠯᠠᠵᠦ ᠰᠡᠳᠭᠢᠯ ᠤᠨ ᠪᠠᠶᠠᠨ ᠢ ᠢᠯᠡᠳᠭᠡᠨ᠎ᠡ      ᠰᠠᠷᠬᠤᠳ ᠤᠨ ᠲᠡᠭᠡᠵᠢ ᠬᠡᠮᠨᠡᠬᠦ ᠳᠤ ᠢᠷᠦᠭᠡᠯ ᠵᠦᠩᠨᠡᠯ ᠤᠨ ᠬᠠᠷᠢᠭᠤ ᠲᠠᠢ      ᠰᠠᠨᠠᠭ᠎ᠠ ᠰᠡᠳᠭᠢᠯ ᠢ ᠬᠦᠭᠵᠢᠭᠡᠬᠦ ᠤᠷᠳᠤ ᠶᠢᠨ ᠲᠠᠭᠤᠤ ᠶᠢᠨ ᠮᠢᠯᠢᠶᠠᠯᠳᠠ ᠲᠠᠢ      ᠰᠠᠨᠰᠠᠷ ᠲᠤ ᠲᠤᠯᠬᠤ ᠲᠤᠤᠯᠢᠶᠠᠨ ᠡᠪᠦᠭᠡᠳ ᠵᠠᠯᠠᠭᠤᠰ ᠤᠨ ᠨᠠᠷᠬᠢᠶᠠᠨ      ᠰᠠᠷᠠᠭᠤᠯ ᠲᠠᠯ᠎ᠠ ᠶᠢᠨ ᠡᠭᠡᠰᠢᠭᠯᠡᠩ ᠠᠶᠢᠯ ᠭᠡᠷ ᠤᠨ ᠵᠢᠷᠭᠠᠯᠠᠩ      ᠨᠠᠮ ᠤᠨ ᠲᠤᠭ ᠤᠨ ᠨᠠᠮᠢᠷᠠᠭᠠᠨ ᠲᠠᠢ ᠬᠢᠯᠢ ᠶᠢᠨ ᠮᠠᠯᠴᠢᠳ      ᠴᠡᠩᠭᠡᠯᠳᠡᠢ ᠨᠠᠰᠤᠨ ᠤ ᠪᠤᠶᠠᠨ ᠡᠳ᠋ᠯᠡᠭᠰᠡᠨ ᠬᠦᠮᠦᠨ ᠪᠦᠬᠦᠨ ᠮᠦᠰᠢᠶᠡᠯ ᠲᠠᠢ      ᠲᠦᠷᠦ ᠶᠢᠨ ᠰᠦᠯᠳᠡ ᠶᠢᠨ ᠢᠪᠡᠭᠡᠯ ᠲᠠᠢ ᠠᠷᠠᠳ ᠤᠯᠠᠨ ᠠᠮᠤᠭᠤᠯᠠᠩ      ᠲᠦᠮᠡᠨ ᠤ ᠦᠢᠯᠡᠰ ᠤᠨ ᠳᠡᠭᠵᠢᠷᠡᠯ ᠲᠠᠢ ᠤᠯᠤᠰ ᠤᠷᠤᠨ ᠨᠠᠶᠢᠷᠠᠮᠳᠠᠯ ᠲᠠᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号