ᠨᠢᠭᠡ᠂ ᠣᠨᠠᠭ᠎ᠠ ︵ᠨᠢᠭᠡ ᠨᠠᠰᠤᠲᠠᠢ ᠮᠤᠷᠢ︶ | ᠲᠤᠰ ᠵᠢᠯ ᠤᠨ ᠬᠠᠪᠤᠷ ᠤᠨ ᠲᠦᠯ᠂ ᠳᠠᠷᠠᠭ᠎ᠠ ᠵᠢᠯ ᠤᠨ ᠬᠠᠪᠤᠷ ᠤᠨ ᠰᠢᠨ᠎ᠡ ᠲᠦᠯ ᠲᠦᠯᠯᠡᠬᠦ ᠬᠦᠷᠲᠡᠯᠡᠬᠢ | ᠬᠤᠭᠤᠴᠠᠭᠠᠨ ᠳᠠᠬᠢ ᠨᠢᠭᠡ ᠨᠠᠰᠤᠲᠠᠢ ᠮᠤᠷᠢ ᠶᠢ ᠤᠨᠠᠭ᠎ᠠ ᠭᠡᠨ᠎ᠡ᠃ | 1. ᠡᠷ᠎ᠡ ᠬᠦᠢᠰᠦ ᠶᠢᠨ ᠤᠨᠠᠭ᠎ᠠ ᠶᠢ ᠡᠷ᠎ᠡ ᠤᠨᠠᠭ᠎ᠠ ᠭᠡᠨ᠎ᠡ᠃ | 2. ᠡᠮ᠎ᠡ ᠬᠦᠢᠰᠦ ᠶᠢᠨ ᠤᠨᠠᠭ᠎ᠠ ᠶᠢ ᠦᠬᠢᠨ ᠤᠨᠠᠭ᠎ᠠ ᠭᠡᠨ᠎ᠡ᠃ | ᠬᠤᠶᠠᠷ᠂ ᠰᠡᠷᠪᠡ ︵ᠬᠤᠶᠠᠷ ᠨᠠᠰᠤᠲᠠᠢ ᠮᠤᠷᠢ︶ | ᠰᠠᠷᠪᠡ ᠭᠡᠵᠦ ᠦᠨᠡᠨ ᠳᠡᠭᠡᠨ ᠳᠠᠭ᠎ᠠ ᠶᠢ ᠬᠡᠯᠡᠵᠦ ᠪᠠᠶᠢᠨ᠎ᠠ᠃ ᠭᠡᠲᠡᠯ᠎ᠡ ᠢᠯᠭᠠᠭ᠎ᠠ ᠲᠠᠢ ᠲᠠᠯ᠎ᠠ ᠨᠢ ᠭᠡᠪᠡᠯ᠂ | ᠬᠡᠳᠦ᠋ᠢᠪᠡᠷ ᠰᠢᠨ᠎ᠡ ᠬᠠᠪᠤᠷ ᠨᠢᠯᠬ᠎ᠠ ᠤᠨᠠᠭ᠎ᠠ ᠨᠢᠭᠡᠨᠲᠡ ᠲᠦᠯᠯᠡᠭᠰᠡᠨ ᠪᠣᠯᠪᠠᠴᠤ ᠬᠦᠬᠡ ᠨᠤᠭᠤᠭ᠎ᠠ ᠬᠦᠬᠡᠷᠡᠨ᠂ | ᠳᠠᠭ᠎ᠠ ᠶᠢ ᠳᠡᠯᠯᠡᠬᠦ ᠪᠠ ᠲᠠᠮᠠᠭᠠᠯᠠᠬᠤ ᠴᠠᠭ ᠠᠷᠠᠢ ᠪᠣᠯᠤᠭ᠎ᠠ ᠦᠭᠡᠢ ᠪᠠᠶᠢᠵᠤ᠂ ᠡᠨᠡ ᠬᠤᠭᠤᠴᠠᠭᠠᠨ ᠳᠠᠬᠢ ᠳᠠᠭ᠎ᠠ ᠶᠢ | ᠰᠡᠷᠪᠡ ᠭᠡᠨ᠎ᠡ᠃ ᠡᠨᠡ ᠲᠤᠬᠠᠢ ᠵᠢᠱᠢᠶ᠎ᠠ ᠶᠡᠷᠢᠪᠠᠯ᠂ ᠮᠠᠨ ᠤ ᠮᠤᠩᠭᠤᠯᠴᠣᠳ ᠬᠡᠤᠬᠡᠨ ᠢᠶᠠᠨ ᠬᠦᠷᠭᠡᠨ ᠳᠤ | ᠮᠤᠷᠳᠠᠭᠤᠯᠬᠤ ᠳᠤ ᠲᠠᠪᠤᠨ ᠬᠤᠰᠢᠭᠤ ᠮᠠᠯ ᠠᠴᠠ ᠪᠠᠨ ᠬᠤᠪᠢ ᠶᠢᠨ ᠮᠠᠯ ᠭᠡᠵᠦ ᠬᠤᠪᠢᠯᠠᠨ ᠦᠭᠳᠡᠭ᠃ ᠲᠡᠭᠡᠭᠡᠳ | ᠬᠡᠤᠬᠡᠨ ᠮᠤᠷᠳᠠᠬᠤ ᠴᠠᠭ ᠪᠣᠯᠬᠤ ᠳᠤ ᠬᠤᠷᠢᠮ ᠤᠨ ᠬᠡᠯᠡᠮᠤᠷᠴᠢ ᠠᠴᠠ᠄ ︽ᠬᠦᠷᠡᠭᠴᠢ ᠦᠨᠢᠶ᠎ᠡ ᠪᠢᠷᠠᠭᠤ ᠲᠠᠢ᠂ | ᠬᠦᠷᠦᠪᠡᠰᠢᠭᠰᠡᠨ ᠲᠤᠭᠤᠯ ᠲᠠᠢ᠂ ᠰᠠᠭᠠᠷᠠᠭᠴᠢ ᠭᠡᠭᠦᠦ ᠰᠡᠷᠪᠡ ᠲᠠᠢ᠂ ᠰᠠᠷ᠎ᠠ ᠪᠤᠯᠤᠭᠰᠠᠨ ᠣᠨᠠᠭ᠎ᠠ ᠲᠠᠢ︾ ᠭᠡᠵᠦ | ᠬᠤᠪᠢᠯᠠᠨ ᠦᠭᠬᠦ ᠮᠠᠯ ᠤᠨ ᠢᠶᠠᠨ ᠦᠩᠭᠡ ᠵᠢᠰᠦ᠂ ᠨᠠᠰᠤ ᠵᠢᠯ ᠢ ᠨᠢ ᠬᠦᠷᠲᠡᠯ᠎ᠡ ᠲᠤᠳᠤᠷᠬᠠᠶᠢᠯᠠᠨ ᠢᠷᠦᠭᠡᠨ ᠬᠡᠯᠡᠳᠡᠭ᠃ | ᠡᠭᠦᠨ ᠠᠴᠠ ᠦᠵᠡᠬᠦ ᠳᠤ ᠰᠡᠷᠪᠡ ᠭᠡᠳᠡᠭ ᠨᠡᠷᠡᠶᠢᠳᠦᠯ ᠠᠯᠢ ᠡᠷᠲᠡ ᠠᠴᠠ ᠪᠠᠶᠢᠵᠠᠢ ᠭᠡᠳᠡᠭ ᠢ ᠮᠡᠳᠡᠵᠦ ᠪᠣᠯᠣᠨ᠎ᠠ᠃ | 1. ᠡᠷ᠎ᠡ ᠬᠦᠢᠰᠦ ᠶᠢᠨ ᠰᠡᠷᠪᠡ ᠶᠢ ᠡᠷ᠎ᠡ ᠰᠡᠷᠪᠡ ᠭᠡᠨ᠎ᠡ᠃ | 2. ᠡᠮ᠎ᠡ ᠬᠦᠢᠰᠦ ᠶᠢᠨ ᠰᠡᠷᠪᠡ ᠶᠢ ᠦᠬᠢᠨ ᠰᠡᠷᠪᠡ ᠭᠡᠨ᠎ᠡ᠃ | ᠭᠤᠷᠪᠠ᠂ ᠳᠠᠭ᠎ᠠ ︵ᠬᠤᠶᠠᠷ ᠨᠠᠰᠤᠲᠠᠢ ᠮᠣᠷᠢ︶ | ᠳᠠᠭ᠎ᠠ ᠶᠢ ᠮᠠᠯᠵᠢᠬᠤ ᠤᠷᠤᠨ ᠳᠤ ᠪᠠᠰᠠ ︽ᠨᠤᠭᠤᠭᠠᠨ ᠳᠠᠭ᠎ᠠ︾ ᠭᠡᠳᠡᠭ᠃ ᠮᠠᠯᠴᠢᠳ ᠲᠠᠪᠤᠨ ᠬᠤᠰᠢᠭᠤ | ᠮᠠᠯ ᠤᠨ ᠮᠣᠷᠢ᠂ ᠦᠬᠡᠷ᠂ ᠬᠤᠨᠢ᠂ ᠢᠮᠠᠭᠠᠨ ᠤ ᠡᠨᠡ ᠵᠢᠯ ᠤᠨ ᠲᠦᠯ ᠢ ᠳᠠᠷᠠᠭ᠎ᠠ ᠬᠠᠪᠤᠷ ᠪᠣᠯᠬᠤ ᠳᠤ ᠨᠢ ᠪᠦᠷ ︽ | ᠨᠤᠭᠤᠭᠠᠨ︾ ᠭᠡᠳᠡᠭ ᠦᠭᠡ ᠪᠠᠷ ᠲᠤᠳᠤᠳᠬᠠᠳᠠᠭ ︵︽ᠨᠤᠭᠤᠭᠠᠨ︾ ᠤ ᠲᠤᠬᠠᠢ ᠬᠤᠶᠠᠳᠤᠭᠠᠷ ᠪᠦᠯᠦᠭ ᠲᠤ | ᠲᠠᠶᠢᠯᠪᠤᠷᠢᠯᠠᠨ᠎ᠠ︶᠃ ᠰᠡᠷᠪᠡ ᠨᠢ ᠬᠠᠪᠤᠷ ᠤᠨ ᠲᠡᠯᠯᠡᠬᠦ ᠪᠠ ᠲᠠᠮᠠᠭᠠᠯᠠᠬᠤ ᠶᠢ ᠳᠠᠮᠵᠢᠭᠠᠳ ᠳᠠᠭ᠎ᠠ ᠪᠤᠯᠤᠨ᠎ᠠ᠃ | 1. ᠡᠷ᠎ᠡ ᠬᠦᠢᠰᠦ ᠶᠢᠨ ᠳᠠᠭ᠎ᠠ ᠶᠢ ᠡᠷ᠎ᠡ ᠳᠠᠭ᠎ᠠ ᠭᠡᠨ᠎ᠡ᠃ | 2. ᠡᠮ᠎ᠡ ᠬᠦᠢᠰᠦ ᠶᠢᠨ ᠳᠠᠭ᠎ᠠ ᠶᠢ ᠦᠬᠢᠨ ᠳᠠᠭ᠎ᠠ ᠭᠡᠨ᠎ᠡ᠃ | ᠳᠦᠷᠪᠡ᠂ ᠰᠢᠳᠦᠯᠡᠩ ︵ᠭᠤᠷᠪᠠᠨ ᠨᠠᠰᠤᠲᠠᠢ ᠮᠣᠷᠢ︶ | 1. ᠡᠷ᠎ᠡ ᠬᠦᠢᠰᠦ ᠶᠢᠨ ᠭᠤᠷᠪᠠᠨ ᠨᠠᠰᠤᠲᠠᠢ ᠮᠤᠷᠢ ᠶᠢ ᠰᠢᠳᠦᠯᠡᠩ ᠦᠷᠢᠶ᠎ᠡ ᠭᠡᠨ᠎ᠡ᠃ | 2. ᠡᠮ᠎ᠡ ᠬᠦᠢᠰᠦ ᠶᠢᠨ ᠭᠤᠷᠪᠠᠨ ᠨᠠᠰᠤᠲᠠᠢ ᠮᠤᠷᠢ ᠶᠢ ᠰᠢᠳᠦᠯᠡᠩ ᠪᠠᠶᠢᠳᠠᠰᠤ ᠭᠡᠨ᠎ᠡ᠃ | ᠮᠠᠯᠵᠢᠬᠤ ᠤᠷᠤᠨ ᠳᠤ ᠡᠷ᠎ᠡ ᠬᠦᠢᠰᠦ ᠶᠢᠨ ᠰᠢᠳᠦᠯᠡᠩ ᠦᠷᠢᠶ᠎ᠡ ᠶᠢ ᠤᠨᠤᠯᠭ᠎ᠠ ᠳᠤ ᠰᠤᠷᠭᠠᠨ᠎ᠠ᠃ ᠡᠮ᠎ᠡ | ᠬᠦᠢᠰᠦ ᠶᠢᠨ ᠰᠢᠳᠦᠯᠡᠩ ᠪᠠᠶᠢᠳᠠᠰᠤ ᠶᠢ ᠰᠦᠷᠦᠭ ᠠᠴᠠ ᠨᠢ ᠰᠠᠯᠭᠠᠵᠤ ᠪᠣᠰᠣᠳ ᠰᠦᠷᠦᠭ ᠤᠨ ᠠᠵᠢᠷᠭᠠᠨ ᠳᠤ | ᠬᠤᠷᠢᠶᠠᠯᠭᠠᠨ᠎ᠠ᠃ ᠡᠰᠡᠭᠦᠯ᠎ᠡ ᠰᠢᠨ᠎ᠡ ᠰᠤᠩᠭᠤᠨ ᠲᠠᠯᠪᠢᠭᠰᠠᠨ ᠦᠷᠢᠶ᠎ᠡ ᠠᠵᠢᠷᠭᠠᠨ ᠤ ᠰᠦᠷᠦᠭ ᠲᠤ ᠨᠡᠶᠢᠯᠡᠭᠦᠯᠦᠨ᠎ᠡ᠃ | | ᠲᠠᠪᠤ᠂ ᠬᠢᠵᠠᠭᠠᠯᠠᠩ ︵ᠳᠦᠷᠪᠡᠨ ᠨᠠᠰᠤᠲᠠᠢ ᠮᠣᠷᠢ︶ | 1. ᠡᠷ᠎ᠡ ᠬᠦᠢᠰᠦ ᠶᠢᠨ ᠳᠦᠷᠪᠡᠨ ᠨᠠᠰᠤᠲᠠᠢ ᠠᠳᠤᠭᠤ ᠶᠢ ᠬᠢᠵᠠᠭᠠᠯᠠᠩ ᠦᠷᠢᠶ᠎ᠡ ᠭᠡᠨ᠎ᠡ᠃ ᠬᠢᠵᠠᠭᠠᠯᠠᠩ | ᠦᠷᠢᠶ᠎ᠡ ᠶᠢ ᠠᠵᠢᠷᠭ᠎ᠠ ᠲᠠᠯᠪᠢᠬᠤ ᠠᠴᠠ ᠪᠣᠰᠣᠳ ᠢ ᠨᠢ ᠡᠰᠭᠡᠵᠦ ᠬᠦᠩᠭᠡᠯᠡᠨ᠎ᠡ᠃ ᠠᠵᠢᠷᠭ᠎ᠠ ᠲᠠᠯᠪᠢᠭᠰᠠᠨ ᠢ ᠨᠢ | ᠦᠷᠢᠶ᠎ᠡ ᠠᠵᠢᠷᠭ᠎ᠠ ᠭᠡᠨ᠎ᠡ᠃ | 2. ᠡᠮ᠎ᠡ ᠬᠦᠢᠰᠦ ᠶᠢᠨ ᠳᠡᠷᠪᠡᠨ ᠨᠠᠰᠤᠲᠠᠢ ᠮᠣᠷᠢ ᠶᠢ ᠬᠢᠵᠠᠭᠠᠯᠠᠩ ᠪᠠᠶᠢᠳᠠᠰᠣ ᠭᠡᠨ᠎ᠡ᠃ | ᠵᠢᠷᠭᠤᠭ᠎ᠠ᠂ ᠰᠤᠶᠤᠭᠠᠯᠠᠩ ︵ᠲᠠᠪᠤᠨ ᠨᠠᠰᠤᠲᠠᠢ ᠮᠣᠷᠢ︶ | ᠡᠩ ᠤᠨ ᠪᠠᠶᠢᠳᠠᠯ ᠳᠤᠤᠷ᠎ᠠ ᠮᠣᠷᠢ ᠲᠠᠪᠤᠨ ᠨᠠᠰᠤ ᠲᠠᠢ ᠵᠢᠯ ᠳᠡᠭᠡᠨ ᠡᠭᠦᠳᠡᠨ ᠰᠢᠳᠦᠨ ᠤ ᠳᠦᠷᠪᠡᠨ ᠰᠤᠶᠤᠭ᠎ᠠ | ᠰᠢᠳᠦ ᠨᠢ ᠮᠡᠳᠡᠭᠳᠡᠮ᠎ᠡ ᠦᠨᠳᠦᠷ ᠪᠣᠯᠬᠤ ᠲᠤᠯᠠ ᠲᠠᠪᠤᠨ ᠨᠠᠰᠤᠲᠠᠢ ᠮᠣᠷᠢ ᠶᠢ ᠰᠤᠶᠤᠭᠠᠯᠠᠩ ᠮᠣᠷᠢ ᠭᠡᠵᠦ | ᠨᠡᠷᠡᠶᠢᠳᠦᠨ᠎ᠡ᠃ ᠡᠮ᠎ᠡ ᠬᠦᠢᠰᠦ ᠶᠢᠨ ᠮᠣᠷᠢ ᠬᠡᠳᠦ᠋ᠢᠪᠡᠷ ᠰᠢᠳᠦᠯᠡᠩ ᠳᠡᠭᠡᠷ᠎ᠡ ᠨᠢ ᠦᠭᠡᠷ᠎ᠡ ᠠᠵᠢᠷᠭᠠᠨ ᠳᠤ | ᠲᠠᠯᠪᠢᠭᠰᠠᠨ ᠪᠣᠯᠪᠠᠴᠤ ᠲᠠᠪᠤᠨ ᠨᠠᠰᠤ ᠬᠦᠷᠦᠭᠡᠳ᠂ ᠳᠠᠷᠤᠢ ᠰᠤᠶᠤᠭᠠᠯᠠᠩ ᠤᠨ ᠦᠶ᠎ᠡ ᠳᠤ ᠤᠨᠠᠭᠠᠯᠠᠬᠤ ᠨᠢ ᠲᠣᠩ | ᠴᠦᠬᠡᠨ ᠪᠠᠶᠢᠳᠠᠭ᠃ | 1. ᠡᠷ᠎ᠡ ᠬᠦᠢᠰᠦ ᠶᠢᠨ ᠡᠰᠭᠡᠵᠦ ᠵᠠᠰᠠᠭᠰᠠᠨ ᠲᠠᠪᠤᠨ ᠨᠠᠰᠤᠲᠠᠢ ᠮᠣᠷᠢ ᠶᠢ ᠰᠤᠶᠤᠭᠠᠯᠠᠩ ᠦᠷᠢᠶ᠎ᠡ ᠭᠡᠨ᠎ᠡ᠃ | ᠨᠢᠭᠡᠨᠲᠡ ᠠᠵᠢᠷᠭ᠎ᠠ ᠲᠠᠯᠪᠢᠭᠰᠠᠨ ᠢ ᠮᠦᠨ ᠯᠡ ᠦᠷᠢᠶ᠎ᠡ ᠠᠵᠢᠷᠭ᠎ᠠ ᠭᠡᠬᠦ ᠪᠣᠶᠣ ᠰᠤᠶᠤᠭᠠᠯᠠᠩ ᠠᠵᠢᠷᠭ᠎ᠠ ᠭᠡᠨ᠎ᠡ᠃ | 2. ᠡᠮ᠎ᠡ ᠬᠦᠢᠰᠦ ᠶᠢᠨ ᠲᠠᠪᠤᠨ ᠨᠠᠰᠤᠲᠠᠢ ᠮᠣᠷᠢ ᠶᠢ ᠰᠤᠶᠤᠭᠠᠯᠠᠩ ᠪᠠᠶᠢᠳᠠᠰᠤ ᠭᠡᠨ᠎ᠡ᠃ ᠬᠡᠷᠪᠡ ᠤᠨᠠᠭ᠎ᠠ ᠲᠠᠢ | ᠪᠤᠯᠤᠭᠰᠠᠨ ᠪᠣᠯ ᠰᠤᠶᠤᠭᠠᠯᠠᠩ ᠭᠡᠭᠦᠦ ᠭᠡᠬᠦ ᠪᠣᠶᠣ ᠪᠠᠶᠢᠳᠠᠰᠤᠨ ᠭᠡᠭᠦᠦ ᠭᠡᠨ᠎ᠡ᠃ ᠲᠠᠪᠤ᠂ ᠵᠢᠷᠭᠤᠭᠠᠨ ᠨᠠᠰᠤᠲᠠᠢ ᠡᠮ᠎ᠡ | ᠬᠦᠢᠰᠦ ᠶᠢᠨ ᠮᠤᠷᠢ ᠬᠡᠷᠪᠡ ᠤᠨᠠᠭ᠎ᠠ ᠦᠭᠡᠢ ᠪᠣᠯ ᠪᠦᠷ ᠪᠠᠶᠢᠳᠠᠰᠤᠨ ᠭᠡᠭᠦᠦ ᠭᠡᠳᠡᠭ᠃ ᠵᠢᠷᠭᠤᠭᠠᠨ ᠨᠠᠰᠤᠨ ᠠᠴᠠ | ᠳᠡᠭᠡᠭᠰᠢ ᠡᠷ᠎ᠡ ᠬᠦᠢᠰᠦ ᠶᠢᠨ ᠡᠰᠭᠡᠵᠦ ᠵᠠᠰᠠᠭᠰᠠᠨ ᠮᠤᠷᠢ ᠶᠢ ᠡᠷ᠎ᠡ ᠮᠤᠷᠢ ᠭᠡᠬᠦ ᠪᠤᠶᠤ ᠪᠦᠳᠦᠭᠦᠨ ᠮᠤᠷᠢ ᠭᠡᠨ᠎ᠡ᠃ | ᠡᠨᠡ ᠨᠠᠰᠤᠨ ᠤ ᠡᠮ᠎ᠡ ᠬᠦᠢᠰᠦ ᠶᠢᠨ ᠮᠣᠷᠢ ᠶᠢ ᠨᠠᠰᠤ ᠭᠦᠢᠴᠡᠭᠰᠡᠨ ᠭᠡᠭᠦᠦ ᠭᠡᠨ᠎ᠡ᠃ ᠠᠵᠢᠷᠭ᠎ᠠ ᠶᠢ ᠵᠢᠰᠦᠮ ᠢᠶᠠᠷ ᠨᠢ | ᠬᠠᠷ᠎ᠠ ᠠᠵᠢᠷᠠᠭᠠ᠂ ᠵᠡᠭᠡᠷᠳᠡ ᠠᠵᠢᠷᠭ᠎ᠠ ᠭᠡᠬᠦ ᠮᠡᠲᠦ ᠪᠠᠷ ᠢᠯᠭᠠᠨ᠎ᠠ᠃ | ᠳᠣᠯᠤᠭ᠎ᠠ᠂ ᠪᠣᠰᠣᠳ ᠨᠡᠷᠡᠶᠢᠳᠦᠯ | 1. ᠰᠤᠪᠠᠢ ᠭᠡᠭᠦᠦ | ᠲᠦᠯᠯᠡᠬᠦ ᠨᠠᠰᠤᠨ ᠤ ᠭᠡᠭᠦᠦ᠂ ᠪᠠᠶᠢᠳᠠᠰᠤ ᠬᠡᠭᠡᠯᠳᠦᠬᠦ ᠬᠤᠭᠤᠴᠠᠭᠠᠨ ᠳᠠᠭᠠᠨ ᠬᠡᠭᠡᠯ ᠲᠤᠭᠲᠠᠭᠰᠠᠨ ᠦᠭᠡᠢ᠂ | ᠨᠢᠭᠡ ᠵᠢᠯ ᠲᠦᠯ ᠦᠭᠡᠢ ᠦᠩᠭᠡᠷᠡᠬᠦ ᠶᠢ ᠰᠤᠪᠠᠢ ᠭᠡᠭᠦᠦ ᠭᠡᠨ᠎ᠡ᠃ ᠬᠡᠷᠪᠡ ᠲᠠᠪᠤ᠂ ᠵᠢᠷᠭᠤᠭᠠᠨ ᠨᠠᠰᠤᠨ ᠤ ᠬᠢ ᠪᠣᠯ | ᠰᠤᠪᠠᠢ ᠪᠠᠶᠢᠳᠠᠰᠤ ᠭᠡᠨ᠎ᠡ᠃ | 2. ᠬᠤᠰᠠᠷᠠᠩ ᠭᠡᠭᠦᠦ | ᠳᠡᠭᠡᠷ᠎ᠡ ᠵᠢᠯ ᠤᠨ ᠤᠨᠠᠭ᠎ᠠ ᠨᠢ ᠳᠠᠭ᠎ᠠ ᠪᠣᠯᠬᠤ ᠳᠤ ᠡᠬᠡ ᠨᠢ ᠰᠢᠨ᠎ᠡ ᠲᠦᠯ ᠦᠭᠡᠢ ᠠᠴᠠ ᠳᠠᠭ᠎ᠠ ᠪᠠᠨ | ᠦᠷᠭᠦᠯᠵᠢᠯᠡᠨ ᠬᠦᠬᠦᠭᠦᠯᠵᠦ ᠪᠠᠶᠢᠭ᠎ᠠ ᠭᠡᠬᠦᠦ ᠮᠤᠷᠢ ᠶᠢ ᠬᠤᠰᠠᠷᠠᠩ ᠭᠡᠭᠦᠦ ᠭᠡᠨ᠎ᠡ᠃ ᠮᠠᠨ ᠤ ᠮᠣᠩᠭᠤᠯ ᠤᠨ | ᠦᠭᠡᠨ ᠳᠤ ᠪᠠᠶᠢᠳᠠᠭ ︽ᠬᠤᠳᠠᠯᠴᠢ ᠬᠦᠮᠦᠨ ᠬᠤᠶᠢᠨ᠎ᠠ ᠪᠠᠨ ᠮᠠᠭᠤ᠂ ᠬᠤᠰᠠᠷᠠᠩ ᠭᠡᠭᠦᠦ ᠬᠠᠪᠤᠷ ᠲᠠᠭᠠᠨ ᠮᠠᠭᠤ︾ | ᠭᠡᠳᠡᠭ ᠪᠣᠯ ᠬᠤᠰᠠᠷᠠᠩ ᠭᠡᠭᠦᠦ ᠬᠠᠪᠤᠷ ᠤᠨ ᠡᠪᠡᠰᠦ ᠪᠡᠯᠴᠢᠭᠡᠷ ᠮᠠᠭᠤ ᠪᠠᠶᠢᠬᠤ ᠤᠯᠠᠷᠢᠯ ᠳᠤ ᠭᠡᠳᠡᠰᠦ ᠪᠠᠨ | ᠳᠦᠭᠦᠷᠭᠡᠬᠦ ᠳᠤ ᠬᠦᠷᠲᠡᠯ᠎ᠡ ᠬᠦᠴᠢᠷ ᠪᠠᠶᠢᠵᠤ᠂ ᠳᠠᠭ᠎ᠠ ᠨᠢ ᠪᠠᠰᠠ ᠴᠠᠭ ᠬᠦᠭ ᠦᠭᠡᠢ ᠡᠬᠡ ᠪᠠᠨ ᠬᠦᠬᠦᠳᠡᠭ ᠲᠤᠯᠠ | ᠠᠶᠠᠨᠳᠠᠭᠠᠨ ᠲᠤᠷᠠᠩᠬᠠᠢ ᠪᠣᠯᠣᠨ᠎ᠠ ᠭᠡᠬᠦ ᠤᠳᠬ᠎ᠠ ᠲᠠᠢ ᠪᠢᠯᠡ᠃ | 3. ᠬᠠᠶᠢᠳᠠᠭ ᠭᠡᠭᠦᠦ | ᠲᠦᠯᠯᠡᠭᠡᠳ ᠤᠨᠠᠭ᠎ᠠ ᠨᠢ ᠦᠬᠦᠭᠰᠡᠨ ᠪᠣᠶᠣ ᠡᠰᠡᠭᠦᠯ᠎ᠡ ᠶᠠᠮᠠᠷ ᠨᠢᠭᠡᠨ ᠰᠢᠯᠲᠠᠭᠠᠨ ᠠᠴᠠ ᠪᠣᠯᠵᠣ ᠤᠨᠠᠭ᠎ᠠ ᠪᠠᠨ | ᠬᠠᠶᠠᠭᠰᠠᠨ ᠭᠡᠭᠦᠦ ᠶᠢ ᠬᠠᠶᠢᠳᠠᠭ ᠭᠡᠭᠦᠦ ᠭᠡᠨ᠎ᠡ᠃ ᠵᠡᠭᠦᠨ ᠤᠷᠤᠨ ︵ᠮᠠᠨ ᠤ ᠤᠷᠤᠨ ᠤ ᠵᠡᠭᠦᠨ ᠬᠡᠰᠡᠭ ᠤᠨ ᠭᠠᠵᠠᠷ | ᠤᠷᠤᠨ︶ ᠳᠤ ᠭᠡᠭᠦᠦ ᠰᠠᠭᠠᠬᠤ ᠵᠠᠩᠰᠢᠯ ᠨᠡᠯᠢᠶᠡᠳ ᠡᠷᠲᠡ ᠦᠭᠡᠢ ᠪᠣᠯᠣᠭᠰᠠᠨ ᠤᠴᠢᠷ ᠠᠴᠠ ᠬᠠᠶᠢᠳᠠᠭ ᠭᠡᠭᠦᠦ ᠶᠢ | ᠳᠡᠯᠡᠭᠡ ᠭᠡᠭᠦᠦ ᠪᠣᠯᠭᠠᠳᠠᠭ ᠦᠭᠡᠢ᠃ | ᠲᠠᠯ᠎ᠠ ᠨᠤᠲᠤᠭ ᠤᠨ ᠠᠳᠤᠭᠤᠨ ᠰᠦᠷᠦᠭ ᠲᠤ ᠪᠠᠰᠠ ᠡᠷᠡᠮᠳᠡᠭ ︵ᠡᠷᠡᠮᠡᠭ︶ ᠭᠡᠭᠦᠦ ᠭᠡᠵᠦ ᠪᠠᠶᠢᠳᠠᠭ᠃ | ᠡᠷᠡᠮᠳᠡᠭ ᠭᠡᠭᠦᠦ ᠨᠢ ᠬᠡᠵᠢᠶᠡᠳᠡ ᠲᠦᠯ ᠦᠭᠡᠢ ᠭᠡᠭᠦᠦ ᠶᠢ ᠬᠡᠯᠡᠨ᠎ᠡ᠃ | ︵ᠢᠷᠡᠯᠲᠡ᠄ ᠪᠤᠷᠵᠤᠤ ᠤᠯᠠᠭᠠᠨᠪᠠᠭᠠᠲᠤᠷ᠂ ᠲᠠᠨ᠎ᠠ ᠶᠢᠨ ᠵᠤᠬᠢᠶᠠᠭᠰᠠᠨ ︽ᠲᠠᠪᠤᠨ ᠬᠤᠰᠢᠭᠤ ᠮᠠᠯ ᠤᠨ | ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠣᠩᠭᠤᠨ ᠰᠡᠶᠢᠷᠡᠭᠦᠯᠪᠡ᠃︶ |