ᠪᠠᠷᠭᠤᠴᠤᠳ ᠤᠪᠤᠭ ᠤᠨ ᠳᠠᠬᠢᠯᠭᠠᠳᠤ — ᠮᠠᠨᠳᠤᠬᠤ ᠤᠪᠤᠭ᠎ᠠ | ᠮᠠᠨᠳᠤᠬᠤ ᠤᠪᠤᠭ᠎ᠠ ᠪᠤᠯ ᠡᠷᠢᠶᠡᠨᠭᠤᠪᠢ ᠰᠤᠮᠤᠨ ᠤ ᠡᠷᠢᠶᠡᠨᠭᠤᠪᠢ ᠭᠠᠴᠠᠭ᠎ᠠ ᠪᠠ ᠤᠯᠠᠭᠠᠢ ᠰᠤᠮᠤᠨ ᠤ | ᠪᠠᠶᠠᠨᠪᠤᠯᠠᠭ ᠭᠠᠴᠠᠭ᠎ᠠ ᠶᠢᠨ ᠨᠤᠲᠤᠭ ᠤᠨ ᠵᠠᠭᠠᠭ ᠭᠡᠴᠡ ᠳᠡᠭᠡᠷ᠎ᠡ ᠪᠠᠶᠢᠷᠢᠰᠢᠵᠦ᠂ ᠡᠷᠢᠶᠡᠨᠭᠤᠪᠢ ᠰᠤᠮᠤᠨ ᠤ ᠬᠡᠰᠡᠭ | ᠠᠶᠢᠯ ᠡᠷᠦᠬᠡ ᠳᠠᠬᠢᠯᠭ᠎ᠠ ᠶᠢ ᠰᠡᠷᠭᠦᠭᠡᠨ᠂ ᠵᠢᠯ ᠪᠦᠷᠢ ᠶᠢᠨ ᠪᠢᠯᠢᠭ ᠤᠨ ᠤᠯᠠᠷᠢᠯ ᠤᠨ 5 ᠰᠠᠷ᠎ᠠ ᠶᠢᠨ 19 ᠡᠳᠦᠷ | ᠳᠠᠬᠢᠯᠭ᠎ᠠ ᠶᠢᠨ ᠵᠠᠩ ᠦᠢᠯᠡ ᠶᠢ ᠠᠶᠢᠯ ᠡᠷᠦᠬᠡ ᠪᠠᠷ ᠡᠭᠡᠯᠵᠢᠯᠡᠨ ᠡᠷᠬᠢᠯᠡᠬᠦ ᠪᠤᠯᠵᠠᠢ᠂ ᠪᠦᠬᠡ ᠶᠢᠨ ᠪᠠᠷᠢᠯᠳᠤᠭᠠᠨ | ᠮᠤᠷᠢᠨ ᠤᠷᠤᠯᠳᠤᠭᠠᠨ ᠲᠠᠢ᠂ ᠪᠤᠭ ᠤᠨ ᠱᠠᠩ ᠲᠠᠢ ᠨᠠᠶᠢᠷ ᠢ ᠬᠢᠳᠡᠭ᠃ ᠲᠤᠰ ᠤᠪᠤᠭ᠎ᠠ ᠳᠠᠯᠠᠢ ᠶᠢᠨ | ᠲᠦᠪᠰᠢᠨ ᠠᠴᠠ ᠳᠡᠭᠡᠭᠰᠢ 1221 ᠮᠧᠲᠷ ᠡᠷᠭᠦᠭᠳᠡᠵᠦ ᠪᠤᠢ᠃ | ᠬᠤᠶᠠᠷ ᠷᠠᠰᠢᠭ ᠤᠨ ᠡᠮᠦᠨ᠎ᠡ ᠡᠷᠬᠢᠨ ᠲᠤᠭᠤᠷᠢᠨ ᠦᠨᠳᠦᠷ ᠠᠭᠤᠯᠠᠰ ᠢᠶᠠᠷ ᠬᠦᠷᠢᠶᠡᠯᠡᠭᠳᠡᠭᠰᠡᠨ ᠡᠨᠡᠬᠦ | ᠤᠪᠤᠭᠠᠨ ᠤ ᠲᠤᠮᠤᠭ ᠲᠤ᠄ ᠵᠠᠭᠤᠭᠠᠳ ᠵᠢᠯ ᠤᠨ ᠡᠮᠦᠨ᠎ᠡ ᠤᠤᠯ ᠤᠨ ᠦᠵᠦᠮᠦᠴᠢᠨ ᠵᠡᠭᠦᠨ ᠭᠠᠷᠤᠨ ᠬᠤᠰᠢᠭᠤᠨ ᠤ | ᠬᠤᠶᠠᠷ ᠭᠠᠬᠢᠯ ᠰᠤᠮᠤᠨ ᠤ ᠪᠠᠷᠭᠤᠴᠤᠳ ᠤᠪᠤᠭ ᠲᠠᠢ ᠨᠢᠭᠡ ᠪᠦᠯᠦᠭ ᠠᠶᠢᠯ ᠡᠷᠦᠬᠡ ᠤᠳ ᠨᠠᠢᠮᠠᠨ ᠳᠠᠬᠢᠯ ᠤᠨ | ᠰᠢᠨᠵᠢ ᠲᠠᠢ ᠡᠷᠳᠡᠨᠢ ᠶᠢᠨ ᠯᠤᠤᠰ ᠬᠡᠮᠡᠨ ᠳᠠᠬᠢᠭᠰᠠᠨ ᠭᠡᠳᠡᠭ᠃ ᠲᠤᠬᠠᠢ ᠶᠢᠨ ᠦᠶ᠎ᠡ ᠬᠠᠷ᠎ᠠ ᠰᠢᠷ᠎ᠠ ᠬᠤᠶᠠᠷ | ᠳᠠᠬᠢᠯᠭ᠎ᠠ ᠶᠢᠨ ᠳᠠᠭᠠᠭᠠᠮᠠᠯ ᠲᠠᠢ ᠪᠠᠶᠢᠭᠰᠠᠨ ᠭᠡᠨ᠎ᠡ᠂ ᠤᠳᠤ ᠮᠠᠨᠳᠤᠬᠤᠪᠤᠯᠠᠭ᠂ ᠡᠷᠢᠶᠡᠨᠭᠤᠪᠢ ᠰᠤᠮᠤᠨ ᠳᠤ ᠪᠦᠬᠦᠢ | ᠪᠠᠷᠭᠤᠴᠤᠳ ᠤᠪᠤᠭ ᠤᠨ ᠦᠷ᠎ᠡ ᠬᠤᠶᠢᠴᠢᠰ ᠨᠠᠷ ᠵᠢᠯ ᠪᠦᠷᠢ ᠶᠢᠨ 8 ᠰᠠᠷ᠎ᠠ ᠶᠢᠨ 25 ᠡᠳᠦᠷ ᠳᠠᠬᠢᠯᠭ᠎ᠠ ᠡᠷᠭᠦᠵᠦ | ᠪᠤᠢ᠃ | | ᠮᠠᠨᠳᠤᠬᠤ ᠤᠪᠤᠭ᠎ᠠ ᠶᠢᠨ ᠰᠠᠩ ᠤᠷᠤᠰᠢᠪᠠᠢ | ᠪᠠᠳᠮ᠎ᠠ ᠶᠢᠨ ᠨᠠᠭᠤᠷ ᠠᠴᠠ ᠮᠡᠨᠳᠦᠯᠡᠭᠰᠡᠨ ᠭᠠᠪᠠᠯᠠ ᠡᠷᠢᠬᠡ ᠬᠦᠴᠦᠳᠦ | ᠪᠠᠳᠮ᠎ᠠ ᠶᠢᠨ ᠢᠵᠠᠭᠤᠷ ᠦᠵᠠᠰᠭᠦᠯᠡᠩ ᠳᠠᠭᠢᠨᠢ ᠶᠢᠨ ᠴᠢᠭᠤᠯᠭᠠᠨ | ᠪᠠᠳᠮ᠎ᠠ ᠮᠡᠳᠦ ᠠᠭᠤᠳᠠᠮ ᠨᠢᠳᠦᠳᠦ ᠢᠳᠡᠮ ᠪᠤᠯᠤᠨ ᠲᠡᠭᠷᠢ | ᠪᠠᠳᠮ᠎ᠠ ᠨᠠᠷᠠᠨ ᠰᠠᠷᠠᠨ ᠳᠡᠭᠡᠷ᠎ᠡ ᠢᠯᠡᠷᠬᠡᠶᠢᠶᠡ ᠰᠠᠭᠠᠳᠠᠮᠤ︕ | ᠠᠮᠤᠷ ᠶᠡᠭᠡ ᠠᠶᠠᠨᠳᠠᠭᠠᠨ ᠨᠤᠮ ᠤᠨ ᠠᠷᠢᠭᠤᠨ ᠤᠭᠳᠠᠷᠭᠤᠢ | ᠠᠮᠤᠷ ᠬᠤᠭᠤᠰᠤᠨ ᠢᠯᠭᠠᠯ ᠦᠭᠡᠢ ᠴᠤᠭᠳᠤ ᠰᠤᠮᠠᠳᠢ ᠬᠢᠷᠢᠳᠠᠢ | ᠠᠮᠤᠭᠤᠯᠠᠩᠳᠤ ᠲᠧᠨᠰᠠᠩᠵᠢᠭ᠍ᠰᠦᠮ ᠲᠡᠷᠢᠭᠦᠳᠡᠨ ᠢᠳᠠᠮ ᠤᠳ | ᠠᠮᠤᠷ ᠶᠡᠭᠡ ᠠᠷᠢᠭᠤᠳᠬᠠᠨ ᠲᠡᠪᠢᠰᠭᠡᠷ ᠳᠤᠷ ᠤᠷᠤᠰᠢᠮᠤ︕ | ᠨᠤᠮᠴᠢᠯᠠᠨ ᠪᠦᠳᠦᠭᠡᠭᠴᠢ ᠶᠢᠨ ᠨᠦᠬᠦᠷ ᠪᠤᠯᠬᠤ ᠰᠠᠬᠢᠭᠤᠰᠤ | ᠨᠤᠮ ᠲᠡᠭᠦᠰ ᠵᠠᠶᠠᠭᠠᠳᠤ ᠤᠷᠤᠨ ᠤ ᠡᠵᠡᠳ ᠪᠦᠭᠦᠳᠡ | ᠨᠤᠮ ᠲᠦᠷᠦ ᠶᠢᠨ ᠤᠴᠠᠷᠠᠯ ᠢ ᠠᠷᠪᠢᠳᠬᠠᠬᠤ ᠶᠢᠨ ᠲᠤᠬᠠᠢ ᠳᠤᠷ | ᠨᠤᠮ ᠤᠨ ᠨᠦᠬᠦᠳ ᠲᠠᠨᠠᠷ ᠠᠳᠡ ᠪᠠᠳᠤᠳᠠ ᠰᠠᠭᠠᠳᠠᠭᠳᠤᠨ︕ | ᠲᠡᠭᠷᠢ ᠶᠢᠨ ᠳᠠᠬᠢᠯ ᠲᠠᠪᠠᠭ ᠮᠡᠯᠮᠡᠯᠵᠡᠭᠰᠡᠨ ᠳᠠᠯᠠᠢ ᠳᠤᠷ | ᠲᠡᠭᠷᠢ ᠶᠢᠨ ᠦᠵᠡᠰᠭᠦᠯᠡᠩ ᠵᠠᠭᠤᠨ ᠨᠠᠪᠴᠢᠰ ᠴᠡᠴᠡᠭ ᠤᠳ | ᠲᠡᠭᠷᠢ ᠶᠢᠨ ᠠᠷᠴᠠ ᠠᠭᠢ ᠽᠠᠨᠳᠠᠨ ᠵᠡᠷᠭᠡ ᠶᠢᠨ ᠤᠳᠤᠭ᠎ᠠ ᠶᠢ | ᠲᠡᠭᠷᠢ ᠪᠤᠯᠤᠨ ᠳᠡᠯᠡᠬᠡᠢ ᠳᠤᠷ ᠲᠦᠭᠦᠷᠭᠡᠵᠦ ᠡᠷᠭᠦᠮᠦ︕ | ᠮᠠᠰᠢ ᠮᠠᠨᠳᠤᠮᠠᠯ ᠵᠤᠯᠠᠰ ᠬᠢᠭᠡᠳ ᠰᠠᠶᠢᠬᠠᠨ ᠦᠨᠦᠷ ᠤᠨ ᠦᠷᠭᠦᠯᠵᠢᠯᠡᠯ | ᠮᠠᠰᠢ ᠠᠭᠤᠳᠠᠮ ᠰᠠᠪᠠᠰ ᠤᠳ ᠲᠤᠷ ᠵᠠᠭᠤᠨ ᠠᠮᠳᠠᠳᠤ ᠢᠳᠡᠭᠡᠨ | ᠮᠠᠰᠢ ᠬᠠᠩᠭᠢᠨᠠᠮ᠎ᠠ ᠲᠦᠷᠴᠢᠭᠢᠨᠡᠬᠦ ᠴᠠᠩ ᠬᠡᠩᠭᠡᠷᠭᠡ ᠯᠠᠪᠠᠢ ᠨᠤᠭᠤᠳ | ᠮᠠᠰᠢ ᠲᠤᠩᠭᠠᠯᠠᠭ ᠰᠡᠳᠭᠢᠯ ᠢᠶᠠᠷ ᠲᠠᠨᠠᠷ ᠳᠤᠷ ᠡᠷᠭᠦᠮᠦ︕ | ᠬᠦᠰᠡᠯ ᠡᠷᠳᠡᠮ ᠲᠦᠷᠦ ᠬᠦᠷᠤᠨ ᠤ ᠲᠤᠯᠤᠭᠠᠨ ᠵᠦᠢᠯ ᠤᠨ ᠡᠷᠳᠡᠨᠢᠰ | ᠬᠦᠰᠡᠭᠳᠡᠭᠦᠨ ᠲᠤᠷᠭ᠎ᠠ ᠴᠢᠮᠡᠭ ᠮᠠᠩᠨᠤᠭ ᠲᠤᠷᠳᠤᠩ ᠬᠤᠪᠴᠠᠳ | ᠬᠦᠰᠡᠭᠰᠡᠨ ᠨᠦᠭᠦᠳ ᠬᠢᠯᠪᠠᠷ ᠪᠦᠳᠦᠬᠦ ᠲᠠᠨᠠᠷ ᠤᠳ ᠪᠦᠬᠦᠨ᠎ᠡ | ᠬᠦᠰᠡᠯ ᠤᠴᠠᠷᠠᠯ ᠴᠡᠩᠭᠡᠯᠳᠦᠵᠦ ᠳᠠᠭᠠᠯᠠᠵᠦ ᠠᠪᠤᠮᠤ︕ | ᠮᠤᠷᠢ ᠬᠤᠨᠢ ᠢᠮᠠᠭ᠎ᠠ ᠲᠡᠮᠡᠭᠡ ᠦᠬᠡᠷ ᠤᠳ ᠢᠳᠡᠭᠡ | ᠮᠤᠷᠢᠨ ᠴᠢᠮᠡᠭ ᠲᠤᠸᠠᠽᠠ ᠯᠠᠪᠷᠢ ᠡᠷᠳᠡᠨᠢ ᠶᠢᠨ ᠬᠤᠪᠴᠠᠳ | ᠮᠤᠷᠢᠨ ᠤ ᠡᠷᠬᠢᠮ ᠡᠷᠳᠡᠨᠢᠰ ᠤᠨ ᠡᠮᠡᠭᠡᠯ ᠬᠠᠵᠠᠭᠠᠷ ᠲᠠᠩᠰᠤᠭ ᠰᠠᠶᠢᠨ | ᠮᠤᠷᠢ ᠲᠤᠯᠤᠭ᠎ᠠ ᠨᠠᠷᠠᠨ ᠰᠠᠷᠠᠨ ᠬᠢᠭᠡᠳ ᠲᠢᠪ ᠳᠡᠯᠡᠬᠡᠢ ᠶᠢ ᠡᠷᠭᠦᠮᠦ︕ | ᠰᠡᠳᠭᠢᠯ ᠢ ᠪᠤᠯᠢᠶᠠᠭᠴᠢ ᠵᠠᠭᠤᠨ ᠠᠮᠳᠠᠳᠤ ᠪᠠᠯᠢᠩ ᠤᠳ | ᠰᠡᠳᠭᠢᠯ ᠳᠤᠷ ᠵᠤᠬᠢᠰᠳᠠᠶ ᠠᠩᠭᠢᠯᠤᠮᠠᠯ ᠤᠳᠤᠭ᠎ᠠ | ᠰᠡᠳᠭᠢᠯ ᠢᠶᠠᠷ ᠲᠡᠭᠷᠢ ᠭᠠᠵᠠᠷ ᠲᠦᠭᠡᠭᠡᠭᠳᠡᠭᠰᠡᠨ ᠲᠡᠭᠦᠪᠡᠷ | ᠰᠡᠳᠭᠢᠯ ᠤᠨ ᠭᠬᠢᠷ ᠤᠳ ᠠᠷᠢᠯᠵᠦ ᠬᠠᠭᠠᠴᠠᠬᠤ ᠪᠤᠯᠳᠤᠭᠠᠢ︕ | ᠲᠡᠶᠢᠨ ᠴᠠᠭᠠᠨ ᠰᠠᠶᠢᠨ ᠪᠤᠶᠠᠨ ᠤ ᠰᠢᠭᠤᠢ ᠪᠤᠯᠤᠷ ᠤᠨ ᠲᠤᠲᠤᠷ᠎ᠠ | ᠲᠡᠶᠢᠨ ᠦᠵᠡᠯ ᠵᠢᠪᠬᠤᠯᠠᠩᠳᠤ ᠲᠠᠪᠠᠭ ᠬᠤᠷᠴᠠ ᠬᠢᠮᠤᠰᠤᠳᠤ | ᠲᠡᠶᠢᠨ ᠠᠷᠢᠭᠤᠨ ᠵᠤᠷᠢᠭ ᠪᠢᠯᠢᠭ ᠰᠦᠰᠦ ᠰᠠᠮᠪᠠᠭ᠎ᠠ ᠲᠡᠭᠦᠯᠳᠡᠷ | ᠲᠡᠶᠢᠨ ᠡᠷᠢᠶᠡᠨ ᠪᠠᠷᠰ ᠤᠨ ᠬᠡᠶᠢᠮᠦᠷᠢ ᠶᠢ ᠮᠠᠨᠳᠤᠭᠤᠯ︕ | ᠮᠠᠰᠢ ᠰᠠᠶᠢᠬᠠᠨ ᠶᠠᠪᠤᠳᠠᠯ ᠰᠠᠨᠠᠯ ᠴᠠᠭᠠᠨ ᠪᠢᠶ᠎ᠠ ᠢᠯᠡᠷᠬᠡᠢ | ᠮᠠᠰᠢ ᠵᠤᠵᠠᠭᠠᠨ ᠶᠣᠰᠤ ᠦᠵᠡᠯ ᠵᠤᠭᠳᠠᠷ ᠨᠢᠭᠳᠠ ᠵᠢᠪᠬᠤᠯᠠᠩ | ᠮᠠᠰᠢ ᠨᠤᠮᠯᠠᠯ ᠪᠦᠳᠦᠭᠡᠯ ᠤᠨ ᠱᠠᠰᠢᠨ ᠤ ᠶᠡᠭᠡ ᠡᠷᠳᠡᠮᠳᠦ | ᠮᠠᠰᠢ ᠴᠠᠭᠠᠨ ᠠᠷᠰᠯᠠᠨ ᠤ ᠬᠡᠶᠢᠮᠦᠷᠢ ᠶᠢ ᠮᠠᠨᠳᠤᠭᠤᠯ︕ | ᠠᠯᠭᠠᠰᠠᠯ ᠦᠭᠡᠢ ᠮᠠᠭᠠᠳ ᠭᠠᠷᠬᠤ ᠡᠭᠦᠯᠡᠨ ᠤ ᠲᠤᠲᠤᠷ᠎ᠠ | ᠠᠰᠢᠳᠠ ᠤᠯᠠᠨ ᠠᠮᠢᠳᠠᠨ ᠤ ᠠᠮᠤᠷ ᠵᠢᠷᠭᠠᠯ ᠬᠤᠷ᠎ᠠ ᠳᠤᠷ | ᠠᠮᠢᠳᠠᠨ ᠪᠦᠬᠦᠨ᠎ᠡ ᠰᠠᠶᠢᠨ ᠪᠤᠶᠠᠨ ᠤ ᠵᠠᠭᠤᠨ ᠲᠠᠭᠤᠨ ᠲᠦᠷᠴᠢᠭᠢᠨᠡᠨ | ᠠᠪᠤᠷᠭᠤ ᠶᠡᠭᠡ ᠯᠤᠤ ᠶᠢᠨ ᠬᠡᠶᠢᠮᠤᠷᠢ ᠶᠢ ᠮᠠᠨᠳᠤᠭᠤᠯ︕ | ᠤᠭᠤᠭᠠᠳᠠ ᠪᠤᠶᠠᠨ ᠪᠢᠯᠢᠭ ᠤᠨ ᠵᠢᠭᠦᠷ ᠢᠨᠤ ᠬᠦᠴᠦᠳᠦ | ᠤᠯᠠᠨ ᠬᠠᠮᠤᠭ ᠠᠮᠢᠳᠠᠨ ᠤ ᠮᠤᠩᠬᠠᠭ ᠮᠤᠭᠠᠢ ᠶᠢᠨ ᠡᠷᠯᠢᠭ | ᠤᠭᠳᠠᠷᠭᠤᠢ ᠳᠤᠷ ᠲᠤᠷ᠎ᠠ ᠪᠠᠷ ᠳᠡᠪᠳᠡᠷᠢᠭᠴᠢ ᠶᠠᠪᠤᠳᠠᠯᠳᠤ | ᠤᠭᠤᠭᠠᠳᠠ ᠲᠡᠭᠦᠰ ᠺᠠᠷᠤᠳᠢ ᠶᠢᠨ ᠬᠡᠶᠢᠮᠦᠷᠢ ᠶᠢ ᠮᠠᠨᠳᠤᠭᠤᠯ︕ | ᠲᠡᠶᠢᠨ ᠠᠷᠢᠭᠤᠨ ᠬᠤᠭᠤᠰᠤᠨ ᠤ ᠨᠤᠮ ᠤᠨ ᠲᠢᠪ ᠤᠨ ᠠᠭᠠᠷ ᠳᠤᠷ | ᠲᠡᠶᠢᠨ ᠤᠯᠠᠨ ᠳᠠᠬᠢᠯ ᠤᠨ ᠵᠤᠴᠢᠳ ᠲᠤᠰ ᠲᠤᠰ ᠲᠠᠭᠠᠨ ᠠᠵᠢᠶᠠᠷᠠᠮᠤ | ᠲᠡᠶᠢᠨ ᠬᠦᠴᠦᠨ ᠪᠦᠭᠦᠳᠡ ᠡᠳᠦᠷ ᠡᠨᠡᠷᠢᠵᠦ ᠦᠵᠡᠭᠡᠳ | ᠲᠡᠶᠢᠨ ᠠᠷᠢᠭᠤᠨ ᠦᠢᠯᠡᠰ ᠤᠳ ᠢ ᠪᠦᠳᠦᠭᠡᠬᠦ ᠪᠤᠯᠳᠤᠭᠠᠢ︕ | ︵ᠸ᠊᠂ ᠨᠠᠮᠵᠢᠯᠰᠦᠷᠦᠩ ᠤᠨ ︽ᠰᠠᠩ ᠳᠠᠬᠢᠯᠭ᠎ᠠ ᠶᠢᠨ ᠴᠢᠭᠤᠯᠭᠠᠨ︾ ᠬᠡᠮᠡᠬᠦ ᠨᠤᠮ ᠠᠴᠠ ᠪᠠᠭᠤᠯᠭᠠᠪᠠ︶ |