ᠶᠡᠭᠡ ᠳᠠᠬᠢᠯᠭᠠᠳᠦ — ᠪᠠᠶᠠᠨ ᠤᠪᠤᠭ᠎ᠠ | ᠪᠠᠶᠠᠨ ᠤᠪᠤᠭ᠎ᠠ ᠪᠤᠯ ᠦᠵᠦᠮᠦᠴᠢᠨ ᠤ ᠡᠷᠳ᠋ᠨ ᠳᠡᠭᠡᠳᠦ ᠠᠴᠠ ᠤᠯᠠᠮᠵᠢᠯᠠᠯ ᠲᠠᠢ ᠡᠷᠬᠢᠮ ᠢᠵᠠᠭᠤᠷᠳᠠᠨ | ᠬᠠᠷᠠᠴᠤ ᠪᠤᠭᠤᠯ ᠭᠡᠰᠡᠨ ᠦᠭᠡᠢ ᠨᠡᠶᠢᠳᠡ ᠪᠠᠷ ᠳᠠᠬᠢᠳᠠᠭ ᠶᠡᠭᠡ ᠳᠠᠬᠢᠯᠭᠠᠳᠦ ᠤᠪᠤᠭ᠎ᠠ ᠪᠤᠯᠬᠤ ᠶᠤᠮ᠂ ᠵᠢᠯ ᠪᠦᠷᠢ ᠶᠢᠨ | ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠭᠤᠷᠪᠠᠨ ᠳᠤ ᠳᠠᠬᠢᠯᠭ᠎ᠠ ᠲᠠᠢ ᠡᠨᠡᠬᠦ ᠤᠪᠤᠭ᠎ᠠ ᠨᠢ | ᠤᠳᠤ ᠪᠦᠬᠦ ᠬᠤᠰᠢᠭᠤᠨ ᠤ ᠡᠯ᠎ᠡ ᠰᠤᠮᠤ ᠶᠢᠨ ᠮᠠᠯᠴᠢᠳ ᠵᠢᠯ ᠪᠦᠷᠢ 15 ᠠᠶᠢᠯ ᠡᠷᠦᠬᠡ ᠶᠢ ᠤᠪᠤᠭᠠᠨ ᠳ᠋ᠠ ᠪᠤᠯᠭᠠᠨ | ᠳᠠᠬᠢᠯᠭ᠎ᠠ ᠶᠢᠨ ᠵᠠᠩ ᠦᠢᠯᠡ ᠶᠢ ᠬᠠᠷᠢᠭᠤᠴᠠᠭᠤᠯᠤᠨ ᠬᠤᠰᠢᠭᠤ ᠳᠠᠶᠠᠭᠠᠷ ᠢᠶᠠᠨ ᠦᠪᠡᠳᠡᠭᠰᠢ ᠶᠡᠬᠡᠪᠡᠷ ᠳᠠᠬᠢᠭᠰᠠᠭᠠᠷ | ᠪᠠᠶᠢᠭ᠎ᠠ ᠶᠤᠮ᠃ ᠬᠦᠮᠦᠰ ᠪᠠᠰᠠ ︿︿ᠴᠠᠶᠢᠳᠠᠮ ᠤᠨ ᠪᠠᠶᠠᠨ ᠤᠪᠤᠭ᠎ᠠ﹀﹀ ᠴᠣ᠋ ᠭᠡᠳᠡᠭ᠂ ᠤᠳᠤ ᠰᠠᠭᠠᠮᠠᠢ ᠰᠤᠮᠤᠨ ᠤ | ᠪᠠᠶ᠋ᠬᠠᠤᠪᠤᠭ᠎ᠠ ᠭᠠᠴᠠᠭ᠎ᠠ ᠶᠢᠨ ᠨᠤᠲᠤᠭ ᠲᠤ ᠬᠠᠷᠢᠶᠠᠯᠠᠭᠳᠠᠵᠦ᠂ ᠤᠮᠠᠷᠠᠳᠤ ᠦᠷᠭᠡᠷᠢᠭ ᠤᠨ 45*55'56,2" ᠵᠡᠭᠦᠨ | ᠤᠷᠳᠤᠷᠢᠭ ᠤᠨ 117*09'51,4" ᠶᠢᠨ ᠴᠡᠭ ᠲᠤ ᠪᠠᠶᠢᠷᠢᠯᠠᠵᠦ᠂ ᠳᠠᠯᠠᠢ ᠶᠢᠨ ᠲᠦᠪᠰᠢᠨ ᠠᠴᠠ ᠳᠡᠭᠡᠭᠰᠢ 513, | 5 ᠮᠧᠲᠷ ᠡᠷᠭᠦᠭᠳᠡᠵᠦ ᠪᠤᠢ᠃ ᠭᠠᠴᠢᠭᠳᠠᠵᠦ ᠵᠦᠳᠡᠭᠰᠡᠳ ᠢ ᠦᠷᠦᠰᠢᠶᠡᠵᠦ ᠲᠤᠰᠠᠯᠠᠳᠠᠭ ᠬᠤᠪᠢᠯᠭᠠᠨ ᠰᠠᠬᠢᠭᠤᠰᠤ | ᠲᠠᠢ ᠭᠡᠯᠴᠡᠳᠡᠭ᠃ ᠲᠤᠮᠤᠭ ᠲᠤ ᠪᠠᠶᠠᠨ ᠤᠪᠤᠭ᠎ᠠ ᠪᠤᠯ ᠪᠠᠷᠠᠭᠤᠨ ᠭᠠᠵᠠᠷ ᠤᠨ ᠮᠠᠷᠴᠢᠨ ᠪᠤᠮᠪᠠᠷ ᠤᠨ ᠬᠦᠤ ᠪᠠᠶᠠᠨ | ᠬᠠᠷ᠎ᠠ ᠶᠢ ᠮᠦᠨ ᠭᠡᠬᠦ ᠪᠦᠭᠡᠳ ᠦᠨᠡᠨᠳᠡᠭᠡᠨ ᠯᠤᠤᠰ ᠪᠢᠰᠢ ᠲᠡᠭᠷᠢ ᠢᠵᠠᠭᠤᠷᠳᠠᠨ ᠶᠤᠮ ᠭᠡᠨ᠎ᠡ᠂ ᠲᠡᠭᠦᠨ ᠤ ᠲᠦᠷᠬᠦ | ᠭᠡᠪᠡᠯ ᠨᠠᠩᠳᠡᠩᠰᠡᠨ ᠮᠠᠯᠠᠭᠠᠢ ᠲᠠᠢ᠂ ᠪᠡᠷᠡᠭᠤᠨ ᠭᠠᠷ ᠲᠠᠭᠠᠨ ᠫᠦᠷᠪᠦ ᠪᠠᠷᠢᠭᠰᠠᠨ ᠵᠢᠪᠬᠤᠭᠠᠳᠦ ᠪᠤᠷᠬᠠᠨ ᠤ ᠬᠦᠷᠦᠭ | ᠪᠠᠶᠢᠵᠦ᠂ ᠪᠠᠰᠠ ᠪᠠᠶᠠᠨᠬᠠᠷ᠎ᠠ ᠲᠡᠭᠷᠢ ᠶᠢᠨ ᠤᠷᠤᠨ ᠳᠤ ᠪᠠᠶᠢᠬᠤ ᠳᠠᠭᠠᠨ ᠤᠰᠤᠯ ᠭᠠᠷᠭᠠᠭᠰᠠᠨ ᠢᠶᠠᠷ ᠪᠤᠷᠬᠠᠨ ᠪᠠᠭᠰᠢ | ᠬᠦᠮᠦᠨ ᠠᠷᠠᠳ ᠢ ᠲᠤᠰᠠᠯᠠᠭᠤᠯᠬᠤ ᠪᠠᠷ ᠲᠤᠤᠷᠠᠳᠦ ᠶᠢᠷᠳᠢᠨᠴᠣ ᠳᠤ ᠪᠠᠭᠤᠯᠭᠠᠨ᠂ ᠡᠷᠭᠢᠨ ᠲᠤᠭᠤᠷᠢᠨ ᠳᠠᠭᠠᠨ ᠤᠯᠠᠨ | ᠨᠠᠭᠤᠷ ᠴᠠᠶᠢᠳᠠᠮ ᠲᠠᠢ ᠡᠨᠡᠬᠦ ᠲᠠᠷᠬᠠᠨ ᠠᠭᠤᠯᠠ ᠶᠢᠨ ᠡᠵᠡᠨ ᠰᠠᠬᠢᠭᠤᠰᠤ ᠪᠤᠯᠭᠠᠭᠰᠠᠨ ᠴᠤ ᠭᠡᠳᠡᠭ᠃ ᠪᠠᠶᠠᠨ | ᠤᠪᠤᠭᠠᠨ ᠤ ᠰᠢᠳᠢ ᠶᠢ ᠢᠯᠡᠷᠡᠭᠦᠯᠦᠭᠰᠡᠨ ᠲᠤᠮᠤᠭ ᠲᠤ ᠦᠵᠦᠮᠦᠴᠢᠨ ᠨᠤᠲᠤᠭ ᠠᠴᠠ ᠨᠢᠭᠡᠨ ᠬᠦᠮᠦᠨ ᠡᠷᠳᠡᠮ | ᠰᠤᠷᠬᠤ ᠪᠠᠷ ᠮᠦᠩᠬᠡ ᠵᠤᠤ ᠳᠤ ᠬᠦᠷᠴᠠᠢ᠂ ᠲᠡᠷᠡ ᠦᠶ᠎ᠡ ᠨᠤᠮ ᠬᠤᠷᠠᠯ ᠠᠴᠠ ᠬᠤᠴᠤᠷᠪᠠᠯ ᠦᠴᠢᠭ ᠦᠭᠡᠢ ︿ | ᠵᠠᠶ᠋ᠢᠭ﹀ ᠬᠡᠮᠡᠬᠦ ᠬᠠᠳᠠᠭᠤ ᠮᠤᠳᠤ ᠪᠠᠷ ᠵᠠᠨᠴᠢᠨ ᠠᠯᠠᠳᠠᠭ ᠪᠠᠶᠢᠵᠦ ᠭᠡᠨ᠎ᠡ᠂ ᠨᠢᠭᠡᠨ ᠤᠳᠠᠭ᠎ᠠ ᠦᠨᠤ ᠦᠵᠦᠮᠦᠴᠢᠨ | ᠯᠠᠮᠠ ᠤᠨᠳᠠᠵᠦ ᠬᠤᠴᠤᠷᠤᠭᠠᠳ ᠠᠯᠠᠭᠳᠠᠬᠤ ᠶᠠᠯ᠎ᠠ ᠳᠤ ᠤᠨᠠᠵᠠᠢ᠂ ᠲᠡᠷᠡ ᠭᠡᠨᠡᠳᠳᠡ ᠪᠠᠶᠠᠨ ᠤᠪᠤᠭ᠎ᠠ ᠪᠠᠨ ᠰᠠᠨᠠᠵᠦ | ᠤᠯᠤᠭᠠᠳ ᠨᠢᠭᠡ ᠰᠦᠨᠢ ᠠᠪᠤᠷᠠᠯ ᠡᠷᠢᠨ ᠳᠠᠭᠠᠳᠬᠠᠵᠦ ᠬᠤᠨᠤᠭᠠᠳ ᠮᠠᠷᠭᠠᠰᠢ ᠨᠢ ᠬᠤᠷᠠᠯ ᠬᠤᠷᠠᠬᠤ ᠪᠠᠷ ᠬᠦᠷᠳᠡᠭ | ᠶᠤᠮ ᠪᠠᠶᠢᠨ᠎ᠠ᠂ ᠲᠡᠭᠦᠨ ᠢ ᠬᠠᠭᠠᠯᠭ᠎ᠠ ᠪᠠᠷ ᠤᠷᠤᠬᠤ ᠲᠠᠢ ᠵᠡᠷᠭᠡ ︿ᠵᠠᠶ᠋ᠢᠭ ᠮᠤᠳᠤ﹀ ᠪᠠᠷ ᠳᠠᠯᠠᠶᠢᠭᠰᠠᠨ | ᠴᠢᠭ ᠢᠶᠠᠷ ᠢᠶᠠᠨ ᠭᠦᠢᠴᠡᠳᠭᠡᠭᠴᠢ ᠨᠢ ᠤᠬᠠᠭ᠎ᠠ ᠠᠯᠳᠠᠨ ᠤᠶᠢᠴᠢᠭᠰᠠᠨ ᠭᠡᠨ᠎ᠡ᠂ ᠤᠯᠠᠨ ᠯᠠᠮᠠ ᠨᠠᠷ ᠰᠠᠨᠳᠤᠷᠴᠤ | ᠳᠠᠯᠠᠢ ᠯᠠᠮᠠ ᠳᠤ ᠠᠶᠢᠯᠠᠳᠬᠠᠬᠤ ᠳᠤ ᠲᠡᠷᠡ ᠤᠴᠢᠷ ᠢ ᠨᠢ ᠠᠰᠠᠭᠤᠵᠦ ᠤᠶᠢᠯᠠᠭᠠᠭᠠᠳ ︿︿ᠦᠨᠤ ᠦᠷᠯᠦᠭᠡ ᠮᠠᠷᠴᠢᠨ | ᠪᠤᠮᠪᠠᠷ ᠤᠨ ᠬᠦᠤ ᠪᠠᠶᠠᠨᠬᠠᠷ᠎ᠠ ᠶᠡᠭᠡ ᠠᠭᠤᠷᠳᠠᠢ ᠦᠭᠡ ᠲᠤᠤᠭᠠᠷᠤᠭᠰᠠᠨ ᠦᠭᠡᠢ ᠭᠠᠷᠤᠭᠰᠠᠨ ᠶᠤᠮ᠂ ᠡᠶᠢᠮᠦ ᠤᠴᠢᠷ | ᠪᠠᠶᠢᠵᠦ ᠰᠢᠤ ᠳ᠋ᠠ﹀﹀ ᠭᠡᠳ ᠦᠵᠦᠮᠦᠴᠢᠨ ᠯᠠᠮᠠ ᠶᠢ ᠦᠷᠦᠰᠢᠶᠡᠯ ᠦᠵᠡᠭᠦᠯᠵᠦ᠂ ᠬᠤᠷᠠᠯ ᠠᠴᠠ ᠬᠤᠴᠤᠷᠪᠠᠯ ︿ | ᠵᠠᠶ᠋ᠢᠭ ᠮᠤᠳᠤ﹀ ᠪᠠᠷ ᠠᠯᠠᠳᠠᠭ ᠲᠦᠷᠢᠮ ᠢ ᠬᠦᠴᠦᠨ ᠦᠭᠡᠢ ᠪᠤᠯᠭᠠᠵᠦ᠂ ᠬᠦᠮᠦᠨ ᠤ ᠠᠮᠢ ᠨᠠᠰᠤᠨ ᠳᠤ ᠲᠤᠰᠠ ᠬᠢᠬᠦ | ᠪᠤᠯᠤᠯ᠎ᠠ ᠭᠡᠯᠴᠡᠳᠡᠭ ᠶᠤᠮ᠃ | ᠲᠡᠭᠷᠢ ᠤᠪᠤᠭ᠎ᠠ ᠪᠠᠷ ᠪᠡᠶᠡᠯᠡᠭᠦᠯᠵᠦ ᠰᠠᠬᠢᠭᠤᠰᠤ 12 ᠵᠢᠵᠢᠭ ᠤᠪᠤᠭ᠎ᠠ ᠪᠠᠷ ᠭᠠᠷᠯᠠᠭᠤᠯᠤᠭᠰᠠᠨ ᠶᠡᠭᠡ | ᠳᠠᠬᠢᠯᠭ᠎ᠠ ᠨᠢ ᠬᠦᠷᠢᠶ᠎ᠡ ᠰᠦᠮ᠎ᠡ ᠠᠴᠠ ᠳᠠᠬᠢᠯᠭ᠎ᠠ ᠶᠢᠨ ᠯᠠᠮᠠ ᠵᠠᠯᠠᠵᠦ ︿︿ᠪᠠᠶᠠᠨ ᠤᠪᠤᠭ᠎ᠠ ᠶᠢᠨ ᠰᠠᠩ﹀﹀ | ᠤᠩᠰᠢᠭᠤᠯᠤᠨ᠂ ᠳᠠᠪᠤᠨ ᠦᠩᠭᠡ ᠶᠢᠨ ᠬᠡᠶᠢᠮᠦᠷᠢ ᠪᠤᠰᠬᠠᠵᠦ᠂ ᠢᠷᠭᠡ ᠵᠢᠨᠤᠭᠤᠴᠠ ᠪᠡ ᠴᠠᠭᠠᠨ ᠢᠳᠡᠭᠡᠨ ᠤ ᠡᠷᠭᠦᠯ | ᠳᠠᠯᠪᠢᠨ ᠰᠠᠴᠣᠯᠢ ᠬᠢᠵᠦ᠂ ᠠᠵᠠ ᠬᠡᠶᠢᠮᠦᠷᠢ ᠢᠶᠠᠨ ᠮᠠᠨᠳᠤᠭᠤᠯᠬᠤ᠂ ᠠᠵᠤ ᠠᠮᠢᠳᠣᠷᠠᠯ ᠢᠶᠠᠨ ᠳᠡᠭᠵᠢᠷᠡᠭᠦᠯᠬᠦ᠂ ᠠᠯᠢᠪᠠ | ᠬᠠᠷᠰᠢ ᠰᠠᠭᠠᠳ ᠢ ᠠᠷᠢᠯᠭᠠᠬᠤ ᠪᠠᠷ ᠮᠦᠷᠭᠦᠨ ᠳᠠᠭᠠᠳᠬᠠᠳᠠᠭ ᠪᠠᠶᠢᠨ᠎ᠠ᠂ ᠪᠠᠶᠠᠨ ᠤᠪᠤᠭ᠎ᠠ ᠨᠢ ᠤᠷᠢᠳᠠᠭᠤᠷ ᠢᠶᠠᠨ | ᠴᠠᠶᠢᠳᠠᠮ ᠤᠨ ᠠᠭᠤᠳᠠᠮ ᠭᠤᠪᠢ ᠳᠠᠯ᠎ᠠ ᠪᠠᠷ ᠵᠢᠭᠢᠯᠭᠡᠭᠰᠡᠨ ᠳᠠᠯᠠᠷᠠᠬᠤ ᠭᠠᠵᠠᠷ ᠪᠠᠶᠢᠵᠦ᠂ ᠤᠯᠢᠶᠠᠰᠤᠳᠠᠢ ᠶᠢᠨ ᠪᠠᠶᠠᠨ | ᠡᠷᠬᠡᠳᠦ ᠤᠪᠤᠭ᠎ᠠ ᠲᠠᠢ ᠪᠡᠶ᠎ᠡ ᠪᠠᠷ᠎ᠠ ᠪᠠᠨ ᠬᠠᠷᠠᠯᠴᠠᠨ ᠪᠠᠶᠢᠳᠠᠭ ᠢᠶᠠᠷ ᠪᠠᠶᠠᠨ ᠡᠷᠬᠡᠳᠦ ᠶᠢᠨ ᠵᠡᠭᠦᠨ ᠮᠦᠷᠦ | ᠳᠡᠭᠡᠷ᠎ᠡ ᠠᠴᠠ ᠳᠠᠬᠢᠯᠭ᠎ᠠ ᠭᠦᠢᠴᠡᠳᠭᠡᠵᠦ ᠪᠤᠯᠳᠠᠭ᠃ ᠳᠠᠬᠢᠯᠭ᠎ᠠ ᠨᠢ ᠲᠤᠮᠤᠴᠤᠳ ᠤᠨ ᠪᠦᠬᠡ ᠶᠢᠨ ᠪᠠᠷᠢᠯᠳᠤᠯᠭ᠎ᠠ ᠪᠠ | ᠠᠯᠤᠰ ᠤᠨ ᠮᠤᠷᠢᠨ ᠤ ᠤᠷᠤᠯᠳᠤᠭᠠᠨ ᠲᠠᠢ ᠶᠡᠭᠡ ᠨᠠᠶᠢᠷ ᠢ ᠬᠢᠳᠡᠭ ᠶᠤᠮ᠃ | ︵ᠤ᠂ ᠶᠤᠨᠳᠤᠨ ᠤ ︿︿ᠦᠵᠦᠮᠦᠴᠢᠨ ᠤ ᠵᠠᠩ ᠰᠤᠶᠤᠯ ᠤᠨ | ᠮᠡᠳᠡᠯᠭᠡ ᠶᠢᠨ ᠳᠡᠭᠡᠵᠢᠰ﹀﹀ ᠬᠡᠮᠡᠬᠦ ᠨᠤᠮ ᠠᠴᠠ ᠪᠠᠭᠤᠯᠭᠠᠪᠠ︶ | | ᠪᠠᠶᠠᠨ ᠬᠠᠷ᠎ᠠ ᠶᠢᠨ ᠰᠠᠩ ᠳᠠᠬᠢᠯᠭ᠎ᠠ ᠶᠢᠨ ᠰᠤᠳᠤᠷ ᠤᠷᠤᠰᠢᠪᠠᠢ | | ᠰᠦᠮᠠᠳᠠᠢ ᠬᠢᠷᠢᠳᠠᠢ ᠶᠢᠨ ᠮᠠᠯᠮᠡᠢ ᠳᠤᠷ | ᠰᠦᠰᠦᠭᠳᠦ ᠭᠠᠭᠴᠠ ᠲᠠᠩᠭᠠᠷᠢᠭ ᠢᠶᠠᠷ | ᠱᠠᠰᠢᠨ ᠤ ᠰᠠᠬᠢᠬᠤ ᠪᠤᠱᠤᠭᠳᠤ | ᠰᠠᠬᠢᠭᠤᠰᠤ ᠲᠡᠭᠷᠢ ᠮᠠᠷᠴᠢᠨ ᠤ | ᠠᠳᠡ ᠳᠠᠬᠢᠨ ᠬᠤᠪᠢᠯᠤᠭᠰᠠᠨ | ᠡᠷᠳᠡᠨᠢ ᠶᠡᠭᠡ ᠰᠢᠳᠢᠳᠦ | ᠡᠳ᠋ ᠤᠨ ᠲᠡᠭᠷᠢ ᠡᠴᠢᠭᠡ ᠡᠬᠡ | ᠡᠷᠭᠢᠨ ᠨᠦᠭᠦᠷ ᠰᠠᠯᠳᠠ ᠪᠠᠷ | ᠲᠦᠪᠡᠭᠳᠡᠯ ᠦᠭᠡᠢ ᠰᠡᠳᠭᠢᠯ ᠤᠨ | ᠲᠦᠪ ᠴᠡᠩᠭᠡᠯ ᠵᠠᠯᠠᠯᠭ᠎ᠠ ᠪᠠᠷ | ᠲᠡᠭᠦᠰ ᠡᠨᠡ ᠤᠷᠤᠨ ᠳᠤᠷ | ᠲᠦᠷᠭᠡᠨ ᠵᠠᠯᠠᠷᠠᠨ ᠤᠷᠤᠰᠢᠭᠳᠤᠨ | ᠠᠮᠳᠠᠳᠤ ᠰᠢᠮᠡᠳᠦ ᠢᠳᠡᠭᠡᠨ | ᠠᠷᠠᠴᠠ ᠰᠠᠴᠤᠯᠢ ᠶᠢᠨ ᠤᠮᠳᠠᠭᠠᠨ | ᠠᠯᠳᠠᠨ ᠲᠠᠵᠢ ᠡᠷᠳᠡᠨᠢᠰ ᠤᠨ | ᠠᠷᠢᠭᠤᠨ ᠴᠠᠭᠠᠨ ᠳᠠᠬᠢᠯᠭ᠎ᠠ | ᠲᠠᠩᠰᠤᠭ ᠬᠦᠰᠡᠯᠡᠩᠳᠦ ᠡᠳ᠋ ᠢᠶᠠᠷ | ᠳᠠᠬᠢᠯ ᠬᠦᠨᠳᠦᠳᠭᠡᠯ ᠡᠷᠭᠦᠮᠦ | ᠲᠠᠨ ᠳᠡᠭᠡᠳᠦ ᠳᠠᠭᠠᠯᠠᠯ ᠢᠶᠠᠷ | ᠳᠠᠭᠠᠳᠠᠢ ᠵᠤᠭᠤᠭᠯᠠᠨ ᠰᠤᠶᠤᠷᠬᠠᠮᠦ | ᠠᠷᠠᠮ ᠤᠨ ᠪᠢᠯᠢᠭ ᠢᠶᠠᠷ ᠪᠠᠳᠠᠷᠠᠭᠰᠠᠨ | ᠠᠷᠢᠭᠤᠨ ᠰᠠᠩ ᠤᠨ ᠤᠪᠤᠭ᠎ᠠ ᠪᠠᠷ | ᠠᠭᠠᠷ ᠮᠦᠩᠬᠡ ᠶᠢᠨ ᠠᠭᠤᠳᠠᠮ ᠢᠶᠠᠷ | ᠠᠰᠢᠳᠠ ᠲᠦᠭᠡᠭᠡᠨ ᠠᠩᠭᠢᠯᠠᠮᠦ | ᠬᠠᠨ ᠲᠡᠭᠷᠢ ᠡᠴᠢᠭᠡ ᠡᠬᠡ | ᠬᠠᠨᠢ ᠨᠦᠭᠦᠷ ᠰᠠᠯᠳᠠ ᠳᠤᠷ | ᠬᠠᠮᠤᠭ ᠤᠷᠤᠨ ᠢᠶᠠᠨ ᠠᠷᠢᠭᠤᠳᠬᠠᠨ | ᠬᠠᠩᠬᠠᠯ ᠳᠠᠬᠢᠯᠭ᠎ᠠ ᠡᠷᠭᠦᠮᠦ | ᠬᠠᠮᠢᠶᠠᠳᠤ ᠭᠠᠵᠠᠷ ᠢ ᠬᠦᠨᠳᠡᠭᠰᠡᠨ | ᠬᠠᠳᠠ ᠴᠢᠯᠠᠭᠤ ᠶᠢ ᠬᠤᠪᠬᠤᠯᠠᠭᠰᠠᠨ | ᠬᠠᠷᠭᠠᠨ᠎ᠠ ᠮᠤᠳᠤ ᠶᠢ ᠤᠭᠳᠤᠯᠤᠭᠰᠠᠨ | ᠬᠠᠷᠠᠵᠠ ᠪᠤᠯᠠᠭ ᠢ ᠪᠤᠵᠠᠷᠯᠠᠭᠰᠠᠨ | ᠡᠯᠳᠡᠪ ᠰᠤᠨᠢᠨ ᠤᠴᠠᠷᠠᠯ ᠢᠶᠠᠷ | ᠡᠷᠬᠢᠰ ᠲᠠᠨ ᠤ ᠳᠠᠭᠠᠯᠠᠯ ᠢᠶᠠᠷ | ᠡᠰᠡ ᠵᠤᠬᠢᠴᠠᠯᠳᠤᠭᠰᠠᠨ ᠵᠦᠢᠯᠰ ᠢ | ᠡᠭᠦᠷᠢᠳᠡ ᠠᠷᠢᠭᠤᠳᠬᠠᠨ ᠰᠤᠶᠤᠷᠬᠠᠮᠦ | ᠭᠡᠷᠡᠯᠳᠦ ᠴᠠᠭᠠᠨ ᠨᠠᠪᠽᠠ ︵ᠬᠤᠪᠴᠠᠰᠤ︶ ᠲᠠᠢ | ᠭᠡᠭᠡᠨ ᠲᠤᠩᠭᠠᠯᠠᠭ ᠨᠢᠭᠤᠷ ᠲᠠᠢ | ᠢᠯᠠᠭᠤᠭᠰᠠᠨ ᠡᠷᠳᠡᠨᠢ ᠶᠢᠨ ᠰᠢᠷᠡᠭᠡ ᠲᠠᠢ | ᠶᠢᠰᠦᠨ ᠬᠤᠪᠢᠳᠦ ᠶᠢᠨ ᠴᠠᠯᠮ᠎ᠠ ᠲᠠᠢ | ᠪᠢᠯᠢᠭ ᠰᠢᠳᠢᠰ ᠤᠨ ᠲᠤᠯᠢ ᠲᠠᠢ | ᠪᠢᠨᠳᠤᠷᠢᠶᠠ ᠠᠯᠮᠠᠰ ᠲᠡᠭᠡᠭᠡ ᠲᠠᠢ | ᠪᠢᠳᠡᠨ ᠤ ᠠᠯᠢᠪᠠ ᠬᠦᠰᠡᠯᠡᠩ ᠢ | ᠪᠢᠯᠢᠭ ᠤᠨ ᠬᠤᠷ᠎ᠠ ᠮᠡᠳᠦ ᠪᠠᠭᠤᠯᠭᠠᠴᠢ | ᠠᠴᠢᠳᠦ ᠭᠦᠷᠦ ᠶᠢᠨ ᠦᠯᠮᠠᠢ ᠳᠤ | ᠠᠮᠠᠯᠠᠯᠳᠠ ᠪᠤᠱᠤᠭ ᠬᠦᠯᠢᠶᠡᠭᠰᠡᠨ | ᠠᠬᠤᠢ ᠤᠷᠤᠨ ᠤ ᠲᠡᠭᠷᠢ ᠴᠢᠮ᠎ᠠ ᠳᠤ | ᠠᠷᠢᠭᠤᠨ ᠰᠦᠰᠦᠭ ᠢᠶᠠᠷ ᠳᠠᠭᠠᠳᠬᠠᠮᠦ | ᠬᠦᠮᠦᠨ ᠮᠠᠯ ᠤᠨ ᠡᠪᠡᠳᠴᠢᠨ ᠨᠤᠭᠤᠳ | ᠬᠦᠨᠳᠦ ᠵᠤᠳ ᠭᠠᠩ ᠭᠠᠮᠰᠢᠭ | ᠬᠦᠨᠦᠭᠡᠯᠳᠦ ᠦᠶᠡᠷ ᠰᠠᠯᠬᠢᠨ ᠪᠠ | ᠬᠦᠢᠳᠡᠨ ᠬᠢᠷᠠᠭᠤ ᠮᠦᠨᠳᠦᠷ ᠢ | ᠠᠶᠤᠩᠭ᠎ᠠ ᠭᠢᠯᠪᠡᠭᠡᠨ ᠲᠡᠷᠢᠭᠦᠳᠡᠨ | ᠠᠷᠢᠶᠠᠳᠠᠨ ᠬᠤᠤᠷᠳᠠᠨ ᠬᠤᠯᠠᠭᠠᠢ ᠪᠠ | ᠭᠠᠯ ᠲᠦᠢᠮᠡᠷ ᠤᠨ ᠬᠦᠨᠦᠭᠡᠯ | ᠭᠠᠵᠠᠷ ᠬᠦᠳᠡᠯᠬᠦ ᠠᠶᠤᠯ ᠪᠠ | ᠠᠯᠢᠪᠠ ᠬᠠᠷᠰᠢᠯᠳᠦ ᠤᠴᠠᠷᠠᠯ ᠢ | ᠠᠯᠢᠮᠠᠳ ᠳᠡᠳᠡᠭᠡᠷ ᠬᠦᠨᠦᠭᠡᠯ ᠢ | ᠠᠰᠬᠠᠨ ᠵᠠᠭᠤᠷ᠎ᠠ ᠶᠢᠨ ᠵᠠᠪᠰᠠᠷ | ᠠᠮᠤᠷᠵᠢᠭᠤᠯᠵᠦ ᠰᠤᠶᠤᠷᠬᠠᠬᠤ ᠪᠤᠯᠳᠤᠭᠠᠢ | ᠦᠨᠡᠨ ᠰᠦᠰᠦᠭ ᠪᠢᠰᠢᠷᠡᠯᠳᠡᠨ | ᠡᠷᠭᠦᠯ ᠳᠠᠬᠢᠯ ᠤᠨ ᠡᠵᠡᠳ ᠪᠢᠳᠡ | ᠦᠷᠭᠦᠯᠵᠢ ᠴᠠᠭ ᠢᠮᠠᠭᠳᠠ | ᠦᠴᠢᠭ ᠳᠠᠭᠠᠳᠬᠠᠯ ᠦᠢᠯᠡᠳᠦᠮᠦ | ᠲᠠᠨ ᠳᠤᠷ ᠪᠢᠳᠡ ᠰᠢᠳᠦᠮᠦ | ᠲᠠᠨ ᠳᠤᠷ ᠪᠢᠳᠡ ᠪᠢᠰᠢᠯᠭᠠᠮᠦ | ᠲᠠᠨ ᠳᠤᠷ ᠪᠢᠳᠡ ᠠᠶᠢᠯᠠᠳᠬᠠᠮᠦ | ᠲᠠᠨ ᠳᠤᠷ ᠪᠢᠳᠡ ᠳᠠᠭᠠᠳᠬᠠᠮᠦ | ᠪᠤᠭᠳᠠ ᠯᠠᠮᠠ ᠶᠢᠨ ᠱᠠᠰᠢᠨ ᠤ | ᠪᠤᠶᠠᠨ ᠶᠡᠬᠡᠳᠦ ᠢᠪᠡᠭᠡᠯ ᠳᠤᠷ | ᠪᠤᠷᠬᠠᠨ ᠰᠢᠳᠢᠳᠡᠨ ᠷᠠᠭᠢᠨᠢᠰ ᠤᠨ | ᠪᠠᠭᠤᠷᠠᠯ ᠦᠭᠡᠢ ᠠᠳᠢᠰ ᠲᠤᠷ | ᠡᠳ᠋ ᠤᠨ ᠲᠡᠭᠷᠢ ᠡᠴᠢᠭᠡ ᠡᠬᠡ | ᠠᠳᠡᠭᠦᠷᠡᠯ ᠦᠭᠡᠢ ᠬᠦᠴᠦᠨ ᠢᠶᠠᠷ | ᠡᠭᠦᠷᠢᠳᠡ ᠤᠷᠤᠰᠢᠬᠤ ᠮᠠᠨᠤᠰ ᠲᠤᠷ | ᠡᠩᠬᠡ ᠵᠢᠷᠭᠠᠯ ᠠᠳᠤᠭᠠᠢ | ᠠᠷᠢᠭᠤᠨ ᠱᠠᠰᠢᠨ ᠠᠮᠢᠳᠠᠨ ᠤ | ᠠᠮᠢ ᠨᠠᠰᠤ ᠶᠢ ᠪᠠᠳᠤᠳᠬᠠᠨ | ᠠᠯᠢᠪᠠ ᠬᠦᠰᠡᠭᠰᠡᠨ ᠦᠢᠯᠡᠰ ᠤᠳ ᠢ | ᠠᠰᠢᠳᠠ ᠲᠡᠯᠭᠡᠷᠡᠭᠦᠯᠬᠦ ᠪᠤᠯᠳᠤᠭᠠᠢ︕ | ︵ᠮᠤᠯᠤᠮ ᠯᠠᠮᠠ ᠶᠢᠨ ᠭᠤᠨᠴᠤᠭᠳᠠᠩᠽᠠᠨ ᠵᠤᠬᠢᠶᠠᠵᠦ᠂ | ᠰᠧᠪᠡᠭᠵᠠᠪ ᠮᠤᠩᠭᠤᠯ ᠬᠡᠯᠡᠨ ᠳᠤ ᠪᠠᠭᠤᠯᠭᠠᠪᠠ︶ | | ᠴᠠᠶᠢᠳᠠᠮ ᠤᠨ ᠡᠵᠢ ᠤᠪᠤᠭ᠎ᠠ | ᠴᠠᠶᠢᠳᠠᠮ ᠤᠨ ᠡᠵᠢ ᠤᠪᠤᠭ᠎ᠠ ᠪᠤᠯ ᠪᠠᠶ᠋ᠬᠠᠤᠪᠤᠭ᠎ᠠ ᠭᠠᠴᠠᠭ᠎ᠠ ᠶᠢᠨ ᠨᠤᠲᠤᠭ ᠲᠤ ᠬᠠᠷᠢᠶᠠᠯᠠᠭᠳᠠᠵᠦ᠂ ᠤᠮᠠᠷᠠᠳᠤ | ᠦᠷᠭᠡᠷᠢᠭ ᠤᠨ 45*53'56,7" ᠵᠡᠭᠦᠨ ᠤᠷᠳᠤᠷᠢᠭ ᠤᠨ 117*09'46,9" ᠶᠢᠨ ᠴᠡᠭ ᠲᠤ ᠪᠠᠶᠢᠷᠢᠯᠡᠵᠦ᠂ | ᠳᠠᠯᠠᠢ ᠶᠢᠨ ᠲᠦᠪᠰᠢᠨ ᠠᠴᠠ ᠳᠡᠭᠡᠭᠰᠢ 964,3 ᠮᠧᠲᠷ ᠡᠷᠭᠦᠭᠳᠡᠵᠦ ᠪᠤᠢ᠃ ᠪᠠᠶᠠᠨ ᠤᠪᠤᠭ᠎ᠠ ᠶᠢᠨ ᠪᠠᠷᠠᠭᠤᠨ | ᠡᠮᠦᠨᠡᠬᠢ᠂ ᠨᠠᠭᠤᠷ ᠤᠨ ᠵᠡᠭᠦᠨ ᠬᠦᠪᠡᠭᠡᠨ ᠤ ᠲᠡᠷᠭᠡᠳᠡ ᠪᠠᠶᠢᠳᠠᠭ ᠪᠦᠭᠡᠳ ᠪᠠᠰᠠ ︿︿ᠴᠠᠶᠢᠳᠠᠮ ᠤᠨ ᠬᠦᠭᠡᠪᠦᠷ | ᠤᠪᠤᠭ᠎ᠠ﹀﹀ ᠴᠤ ᠭᠡᠳᠡᠭ᠃ ᠪᠠᠶᠠᠨ ᠤᠪᠤᠭᠠᠨ ᠤ ᠳᠠᠬᠢᠯᠭ᠎ᠠ ᠶᠢᠨ ᠤᠷᠢᠳᠦ ᠡᠳᠦᠷ ᠨᠢ ᠳᠠᠬᠢᠯᠭ᠎ᠠ ᠬᠢᠳᠡᠭ᠃ | ᠲᠤᠮᠤᠭᠯᠠᠬᠤ ᠪᠠᠷ ᠤᠤᠯ ᠨᠢ ᠪᠠᠶᠠᠨᠬᠠᠷ᠎ᠠ ᠶᠢᠨ ᠡᠬᠡ ᠨᠢ ︵ᠪᠠᠰᠠ ᠵᠠᠷᠢᠮ ᠨᠢ ᠪᠠᠶᠠᠨ ᠬᠠᠷ᠎ᠠ ᠶᠢᠨ ᠬᠠᠳᠤᠨ ᠨᠢ ᠴᠤ | ᠭᠡᠳᠡᠭ︶ ᠬᠦᠤ ᠪᠠᠨ ᠵᠢᠭᠠᠵᠦ ᠰᠤᠷᠭᠠᠬᠤ ᠭᠡᠵᠦ ᠳᠡᠭᠡᠳᠦ ᠲᠡᠭᠷᠢ ᠠᠴᠠ ᠳᠠᠭᠠᠵᠦ ᠪᠠᠭᠤᠭᠠᠳ ᠬᠦᠭᠡᠪᠦᠷ ᠤᠨ ᠴᠠᠶᠢᠳᠠᠮ | ᠨᠠᠭᠤᠷ ᠤᠨ ᠯᠤᠤᠰ ᠪᠤᠯᠭᠠᠭᠰᠠᠨ ᠪᠠᠶᠢᠵᠠᠢ᠂ ᠡᠶᠢᠮᠦ ᠪᠠᠷ ᠢᠶᠠᠨ ᠡᠮ᠎ᠡ ᠯᠤᠤᠰ ᠭᠡᠬᠦ ᠪᠠ ᠨᠤᠭᠤᠭᠠᠨ ᠳ᠋ᠠᠷ᠎ᠠ ᠡᠬᠡ ᠶᠢᠨ | ᠬᠦᠷᠦᠭ ᠢ ᠵᠢᠷᠦᠵᠦ ᠳᠠᠬᠢᠳᠠᠭ ᠶᠤᠮ ᠪᠠᠶᠢᠨ᠎ᠠ᠂ ᠰᠢᠳᠢᠴᠢᠯᠡᠨ ᠶᠠᠷᠢᠬᠤ ᠪᠠᠷ ᠡᠷᠳᠡ ᠦᠶ᠎ᠡ ᠨᠢᠭᠡᠨ ᠠᠳᠤᠭᠤᠴᠢᠨ | ᠡᠷᠢᠯ ᠢᠶᠠᠷ ᠶᠠᠪᠤᠵᠦ ᠪᠠᠶᠢᠭᠠᠳ ᠬᠦᠭᠡᠪᠦᠷ ᠤᠨ ᠴᠠᠶᠢᠳᠠᠮ ᠳᠤ ᠢᠷᠡᠭᠡᠳ ᠭᠡᠨᠡᠳᠳᠡ ᠬᠦᠮᠦᠨ ᠮᠤᠷᠢ ᠲᠠᠢ ᠪᠠᠨ | ᠰᠢᠪᠠᠷᠳᠠᠵᠦ ᠭᠠᠷᠴᠤ ᠴᠢᠳᠠᠬᠤ ᠦᠭᠡᠢ ᠪᠠᠴᠢᠮᠳᠠᠬᠤ ᠳᠠᠭᠠᠨ ᠲᠡᠭᠷᠢ ᠳᠤ ᠵᠠᠯᠪᠠᠷᠢᠨ ᠠᠮᠢ ᠠᠪᠤᠷᠠᠬᠤ ᠪᠠᠨ ᠳᠠᠭᠠᠳᠬᠠᠳᠠᠭ | ᠶᠤᠮ ᠪᠠᠶᠢᠨ᠎ᠠ᠂ ᠡᠨᠡᠬᠦ ᠦᠬᠦᠯ ᠤᠨ ᠳᠠᠪᠠᠭᠠᠨ ᠳᠡᠭᠡᠷ᠎ᠡ ᠭᠡᠨᠡᠳᠳᠡ ᠨᠤᠭᠤᠭᠠᠨ ᠭᠡᠷᠡᠯ ᠰᠠᠴᠣᠷᠠᠨ ᠭᠱᠠᠨ ᠵᠠᠭᠤᠷ᠎ᠠ | ᠰᠢᠪᠡᠷ ᠠᠴᠠ ᠠᠪᠤᠷᠠᠭᠳᠠᠵᠠᠢ᠂ ᠲᠡᠷᠡ ᠠᠳᠤᠭᠤᠴᠢᠨ ᠭᠠᠶᠢᠬᠠᠷᠠᠨ ᠦᠵᠡᠬᠦ ᠳᠤ ᠨᠢᠭᠡᠨ ᠨᠤᠭᠤᠭᠠᠨ ᠳᠡᠪᠡᠯ ᠲᠠᠢ | ᠡᠮᠡᠭᠳᠡᠢ ᠬᠦᠮᠦᠨ ᠡᠮᠦᠨ᠎ᠡ ᠨᠢ ᠵᠤᠭᠰᠤᠬᠤ ᠬᠠᠷᠠᠭᠳᠠᠵᠤ ᠭᠡᠨ᠎ᠡ᠂ ᠪᠠᠶᠠᠷᠯᠠᠬᠤ ᠶᠢᠨ ᠡᠷᠬᠡ ᠪᠠᠷ ᠤᠯᠠᠨᠳᠠ ᠮᠦᠷᠭᠦᠬᠦ | ᠬᠤᠭᠤᠷᠤᠨᠳᠦ ᠲᠡᠷᠡ ᠡᠮᠡᠭᠳᠡᠢ ᠠᠴᠠ ᠠᠳᠤᠭᠤᠳ ᠨᠢ ᠬᠠᠮᠢᠭ᠎ᠠ ᠪᠠᠶᠢᠬᠤ ᠶᠢ ᠬᠡᠯᠡᠵᠦ ᠦᠭᠭᠦᠭᠡᠳ ᠦᠵᠡᠭᠳᠡᠬᠦ ᠦᠭᠡᠢ | ᠪᠤᠯᠵᠠᠢ᠂ ᠠᠳᠤᠭᠤᠴᠢᠨ ᠭᠤᠸᠠᠢ ᠬᠡᠯᠡᠭᠰᠡᠨ ᠢᠶᠠᠷ ᠨᠢ ᠠᠳᠤᠭᠤ ᠪᠠᠨ ᠤᠯᠵᠦ ᠠᠪᠤᠭᠠᠳ ᠠᠮᠤᠷ ᠲᠦᠪᠰᠢᠨ ᠬᠠᠷᠢᠵᠠᠢ᠂ | ᠬᠤᠵᠢᠮ ᠨᠢ ᠲᠡᠷᠡ ᠡᠨᠡᠬᠦ ᠠᠮᠢ ᠠᠪᠤᠷᠠᠭᠰᠠᠨ ᠭᠠᠵᠠᠷ ᠤᠨ ᠯᠤᠤᠰ ᠢ ᠨᠤᠭᠤᠭᠠᠨ ᠳ᠋ᠠᠷ᠎ᠠ ᠡᠬᠡ ᠶᠢᠨ ᠬᠤᠪᠢᠯᠭᠠᠨ ᠭᠡᠵᠦ | ᠬᠦᠭᠡᠪᠦᠷ ᠤᠪᠤᠭ᠎ᠠ ᠶᠢ ᠪᠤᠰᠬᠠᠵᠦ ᠦᠨᠢᠳᠡ ᠲᠤᠷᠠᠰᠬᠠᠨ ᠳᠠᠬᠢᠯᠠ ᠭᠡᠯᠴᠡᠳᠡᠭ ᠶᠤᠮ᠃ ︵ᠶᠤᠨᠳᠤᠨ ᠪᠢᠴᠢᠪᠠᠢ︶ | | ᠪᠠᠶᠠᠨ ᠬᠠᠷ᠎ᠠ ᠶᠢᠨ ᠬᠠᠳᠤᠨ ᠱᠦᠩᠮᠠᠮᠠ ᠶᠢᠨ ᠳᠠᠬᠢᠯᠭ᠎ᠠ ᠶᠢᠨ ᠰᠤᠳᠤᠷ ᠤᠷᠤᠰᠢᠪᠠᠢ | | ᠡᠷᠬᠡᠳᠦ ᠮᠤᠭᠠᠢ ᠶᠢᠨ ᠴᠢᠮᠡᠭᠳᠦ | ᠡᠷᠬᠡᠨ ᠪᠢᠯᠢᠭ ᠤᠨ ᠦᠰᠦᠴᠢᠯᠡᠨ | ᠡᠷᠳᠡᠨᠢ ᠴᠢᠨᠳᠠᠮᠤᠨᠢ ᠴᠢᠨᠠᠷᠳᠦ | ᠡᠷᠢᠯ ᠬᠦᠰᠡᠯ ᠢ ᠬᠠᠩᠭᠠᠭᠴᠢ | ᠰᠦᠷ ᠰᠢᠳᠢᠳᠡᠨ ᠷᠠᠭᠢᠨᠢᠰ ᠨᠠᠷ | ᠰᠦᠷᠦᠩᠮᠠ ᠷᠠᠱᠢ ᠶᠢᠨ ᠡᠵᠡᠳ ᠨᠠᠷ | ᠬᠤᠳᠤᠭᠳᠤ ᠡᠨᠡ ᠤᠷᠤᠨ ᠳᠤᠷ | ᠬᠤᠷᠳᠤᠨ ᠢᠷᠡᠨ ᠵᠠᠯᠠᠷᠠᠮᠦ︕ | ᠬᠠᠷ᠎ᠠ ᠬᠦᠭᠡᠪᠦᠷ ᠳᠠᠯᠠᠢ ᠶᠢᠨ | ᠬᠠᠳᠤᠨ ᠱᠦᠩᠮᠠᠮᠠ ᠲᠡᠷᠢᠭᠦᠳᠡᠨ | ᠬᠠᠨᠢ ᠨᠦᠬᠦᠷ ᠰᠠᠯᠳᠠ ᠪᠠᠷ | ᠬᠠᠮᠳᠤ ᠵᠠᠯᠠᠷᠠᠨ ᠰᠠᠭᠠᠳᠠᠮᠦ︕ | ᠵᠤᠪᠤᠬᠠ ᠲᠦᠷᠢᠰᠦ ᠦᠨᠦᠷ ᠠᠮᠳᠠ | ᠵᠤᠬᠢᠰᠳᠦ ᠠᠶᠠᠰ ᠬᠦᠷᠦᠯᠴᠡᠬᠦᠨ ᠢ | ᠵᠤᠴᠢᠨ ᠡᠷᠬᠡᠰ ᠴᠢᠭᠤᠯᠭᠠᠨ ᠢᠶᠠᠷ | ᠵᠤᠭᠤᠭᠯᠠᠨ ᠪᠠᠶᠠᠰᠬᠤ ᠪᠤᠯᠳᠤᠭᠠᠢ︕ | ᠠᠷᠴᠠ ᠽᠠᠨᠳᠠᠨ ᠳ᠋ᠠᠭᠠᠱᠠ ᠪᠠᠷ | ᠠᠭᠠᠷᠤ ᠵᠦᠯᠭᠡᠨ ᠬᠦᠵᠢᠰ ᠢᠶᠠᠷ | ᠠᠮᠳᠠᠳᠤ ᠲᠤᠰᠤ ᠭᠤᠯᠢᠷ ᠢᠶᠠᠷ | ᠠᠷᠢᠭᠤᠨ ᠡᠮᠳᠦ ᠮᠤᠳᠤᠨ ᠢᠶᠠᠷ | ᠦᠰᠦᠭ ᠷᠠᠮ ᠠᠴᠠ ᠪᠤᠯᠤᠭᠰᠠᠨ | ᠦᠪᠡᠳᠡᠭᠰᠢ ᠭᠠᠯ ᠳᠤᠷ ᠪᠠᠳᠠᠷᠠᠭᠰᠠᠨ | ᠦᠨᠢ ᠪᠢᠯᠢᠭ ᠤᠨ ᠤᠳᠤᠯᠭᠠᠨ ᠤ | ᠦᠨᠦᠷ ᠠᠷᠢᠭᠤᠨ ᠲᠦᠭᠡᠯᠳᠡ ᠪᠠᠷ | ᠢᠵᠠᠭᠤᠷ ᠳᠡᠭᠡᠳᠦ ᠯᠠᠮᠠ ᠪᠠ | ᠠᠳᠢᠰ ᠰᠢᠳᠢᠳᠦ ᠰᠠᠬᠢᠭᠤᠯᠰᠤᠨ | ᠠᠷᠪᠠᠨ ᠳᠡᠯᠡᠬᠡᠢ ᠶᠢᠨ ᠡᠵᠡᠳ ᠨᠠᠷ | ᠠᠯᠢᠪᠠ ᠴᠦᠮ ᠢ ᠠᠷᠢᠭᠤᠳᠬᠠ | ᠪᠠᠶᠠᠨ ᠬᠠᠷ᠎ᠠ ᠶᠢᠨ ᠬᠦᠭᠡᠪᠦᠷ ᠤᠨ | ᠪᠠᠶᠠᠰᠬᠤᠯᠠᠩ ᠱᠦᠭᠮᠠᠮᠠ ᠬᠠᠳᠤᠨ ᠪᠠ | ᠪᠠᠳᠤ ᠨᠦᠬᠦᠷ ᠰᠠᠯᠳᠠ ᠶᠢ | ᠪᠠᠰᠠ ᠪᠦᠬᠦᠳᠡ ᠶᠢ ᠠᠷᠢᠭᠤᠳᠬᠠ | ᠠᠷᠢᠭᠤᠨ ᠰᠠᠩ ᠪᠠ ᠳᠠᠬᠢᠯᠭ᠎ᠠ ᠶᠢᠨ | ᠠᠳᠢᠰᠳᠠᠳ ᠤᠨ ᠬᠦᠴᠦᠨ ᠢᠶᠠᠷ | ᠠᠨᠳᠠᠭᠠᠢ ᠪᠠᠭᠤᠷᠠᠭᠰᠠᠨ ᠪᠤᠵᠠᠷᠳᠠᠯ ᠢ | ᠠᠭᠱᠠᠨ ᠪᠦᠭᠦᠳᠡ ᠶᠢ ᠠᠷᠢᠭᠤᠳᠬᠠ | ᠮᠢᠨᠦ ᠤᠶᠤᠨ ᠰᠡᠳᠭᠢᠯ ᠤᠨ | ᠮᠤᠩᠬᠠᠭ ᠪᠠᠯᠠᠷ ᠤᠨ ᠡᠷᠬᠡ ᠪᠠᠷ | ᠲᠠᠨ ᠤ ᠠᠷᠢᠭᠤᠨ ᠨᠢᠭᠤᠴᠠ ᠳᠠᠬᠢ | ᠳᠠᠭᠠᠯᠠᠯ ᠳᠤᠷ ᠬᠠᠷᠰᠢᠭᠰᠠᠨ ᠵᠦᠢᠯᠡᠰ ᠤᠨ | ᠠᠯᠢᠪᠠ ᠪᠤᠵᠠᠷ ᠪᠦᠬᠦᠨ ᠢ | ᠠᠯᠭᠠᠰᠠᠯ ᠦᠭᠡᠢ ᠨᠠᠮᠠᠨᠴᠢᠯᠠᠵᠦ | ᠠᠯᠢᠮᠠᠳ ᠲᠡᠭᠦᠨ ᠢ ᠠᠷᠢᠯᠭᠠᠨ | ᠠᠷᠢᠭᠤᠨ ᠰᠢᠳᠢᠰ ᠢ ᠰᠤᠶᠤᠷᠬ᠎ᠠ | ᠡᠷᠳᠡᠨ ᠤ ᠢᠷᠦᠭᠡᠯ ᠤᠨ ᠬᠦᠴᠦᠨ ᠢᠶᠠᠷ | ᠡᠭᠡᠯ ᠠᠮᠢᠳᠠᠨ ᠪᠦᠬᠦᠳᠡ ᠶᠢ | ᠡᠨᠡᠷᠢᠨ ᠰᠠᠬᠢᠬᠤ ᠶᠢᠨ ᠤᠴᠢᠷ ᠲᠤ | ᠡᠨᠡ ᠮᠤᠩᠭᠤᠯ ᠳᠤ ᠢᠯᠡᠷᠡᠭᠰᠡᠨ | ᠰᠦᠨ ᠳᠠᠯᠠᠢ ᠶᠢᠨ ᠬᠦᠭᠡᠪᠦᠷ ᠤᠨ | ᠰᠦᠷᠳᠦ ᠲᠤᠭᠰᠢᠨ ᠲᠡᠭᠷᠢ ᠴᠢᠮ᠎ᠠ ᠳᠤ | ᠰᠦᠰᠦᠭᠳᠦ ᠴᠢᠩ ᠰᠡᠳᠭᠢᠯ ᠢᠶᠠᠷ | ᠰᠦᠭᠦᠳᠤᠨ ᠪᠢᠰᠢᠷᠠᠨ ᠮᠦᠷᠭᠦᠮᠦ︕ | ᠰᠠᠨᠠᠭ᠎ᠠ ᠴᠢᠩ ᠢᠶᠠᠷ ᠡᠷᠭᠦᠭᠰᠡᠨ | ᠰᠠᠷᠠᠭᠤᠯ ᠢᠳᠡᠭᠡᠨ ᠳᠠᠬᠢᠯᠭ᠎ᠠ ᠶᠢ | ᠰᠠᠳᠤᠨ ᠰᠠᠯᠳᠠ ᠲᠡᠭᠷᠢ ᠨᠠᠷ | ᠰᠠᠶᠢᠳᠤᠷ ᠬᠠᠩᠭᠠᠨ ᠵᠤᠭᠤᠭᠯᠠᠮᠦ | ᠡᠷᠭᠦᠨ ᠳᠠᠬᠢᠭᠴᠢ ᠮᠠᠨᠤᠰ ᠢᠶᠠᠨ | ᠦᠨᠦ ᠮᠠᠷᠭᠠᠰᠢ ᠬᠠᠮᠢᠭ᠎ᠠ ᠪᠠᠶᠢᠪᠠᠴᠤ | ᠡᠳᠦᠷ ᠰᠦᠨᠢ ᠶᠢᠨ ᠬᠠᠷᠠᠭᠤᠯ ᠮᠡᠳᠦ | ᠦᠨᠢᠳᠡ ᠰᠠᠬᠢᠨ ᠠᠳᠤᠭᠠᠢ︕ | ᠬᠢᠵᠢᠭ ᠳᠠᠬᠤᠯ ᠢ ᠠᠮᠤᠷᠯᠢᠭᠤᠯᠵᠦ | ᠬᠡᠷᠡᠭᠦᠯ ᠲᠡᠮᠡᠴᠡᠯ ᠢ ᠤᠰᠠᠳᠬ᠎ᠠ | ᠬᠡᠯᠡ ᠠᠮᠠ ᠶᠢ ᠵᠠᠶᠢᠯᠠᠭᠤᠯᠤᠨ | ᠬᠡᠷᠡᠭ ᠵᠠᠷᠭᠤ ᠶᠢ ᠬᠤᠯᠠᠳᠬᠠ | ᠦᠯᠦ ᠵᠤᠬᠢᠯᠳᠤᠬᠤ ᠦᠢᠯᠡ ᠪᠦᠬᠦᠨ ᠢ | ᠦᠳᠳᠡᠷ ᠲᠦᠷᠭᠡᠨ ᠠᠷᠢᠯᠭ᠎ᠠ | ᠦᠨᠡᠨ ᠪᠤᠶᠠᠨ ᠢ ᠢᠷᠡᠭᠦᠯ | ᠦᠨᠳᠦᠷ ᠨᠠᠰᠤ ᠶᠢ ᠤᠯᠭᠤᠭᠤᠯ | ᠠᠳᠠᠯ ᠬᠦᠷᠦᠩᠭᠡ ᠶᠢ ᠠᠷᠪᠢᠳᠬᠠ | ᠠᠯᠳᠠᠷ ᠨᠡᠷ᠎ᠡ ᠶᠢ ᠮᠠᠨᠳᠤᠭᠤᠯ | ᠠᠨᠠᠪᠠᠳ ᠶᠡᠭᠡ ᠳᠠᠯᠠᠢ ᠮᠡᠳᠦ | ᠠᠷᠢᠭᠤᠨ ᠦᠢᠯᠡᠰ ᠢ ᠪᠦᠳᠦᠭᠡ | ᠬᠦᠨᠦᠭᠡᠯᠳᠦ ᠴᠡᠷᠢᠭ ᠳᠠᠶᠢᠨ ᠤ | ᠬᠦᠴᠢᠷ ᠠᠶᠤᠯ ᠤᠴᠠᠷᠠᠪᠠᠰᠤ | ᠬᠦᠷ ᠶᠡᠭᠡ ᠰᠢᠳᠢᠰ ᠢᠶᠠᠷ | ᠬᠦᠴᠦᠨ ᠴᠢᠳᠠᠯ ᠢ ᠨᠡᠮᠡᠭᠳᠡᠭᠦᠯ | ᠬᠠᠷ᠎ᠠ ᠰᠠᠨᠠᠭᠠᠳᠤ ᠤᠴᠠᠷᠠᠯ ᠤᠨ | ᠬᠠᠯᠳᠠᠬᠤ ᠰᠦᠷ ᠢ ᠳᠠᠷᠤᠩᠭᠤᠶᠢᠯᠠᠨ | ᠬᠠᠨᠳᠤᠬᠤ ᠵᠦᠭ ᠳᠤᠷ ᠢᠯᠠᠭᠤᠭᠰᠠᠨ | ᠬᠠᠮᠤᠭ ᠦᠢᠯᠡᠰ ᠢ ᠪᠦᠲᠦᠭᠡᠭᠳᠦᠨ︕ | ᠪᠢᠳᠡᠨ ᠤ ᠦᠨᠡᠨ ᠢᠷᠦᠭᠡᠯ ᠳᠤ | ᠪᠢᠯᠢᠭᠳᠦ ᠲᠡᠭᠷᠢ ᠴᠢᠮ᠎ᠠ ᠳᠤ | ᠪᠢᠰᠢᠷᠡᠬᠦᠢ ᠶᠢᠨ ᠭᠦᠨ ᠰᠡᠳᠭᠢᠯ ᠢᠶᠠᠷ | ᠳᠠᠬᠢᠨ ᠳᠠᠭᠠᠳᠬᠠᠨ ᠮᠦᠷᠭᠦᠮᠦ︕ | ᠦᠷᠦᠰᠢᠶᠡᠩᠭᠦᠢ ᠶᠡᠭᠡ ᠰᠢᠳᠢᠰ ᠢᠶᠠᠷ | ᠦᠷᠭᠦᠯᠵᠢ ᠬᠡᠵᠢᠶ᠎ᠡ ᠠᠯᠭᠠᠰᠠᠯ ᠦᠭᠡᠢ | ᠦᠷ᠎ᠡ ᠬᠡᠤᠬᠡᠳ ᠮᠡᠳᠦᠴᠢᠯᠡᠨ | ᠦᠨᠢᠳᠡ ᠮᠠᠨ ᠢ ᠰᠠᠬᠢᠳᠤᠭᠠᠢ︕ |