ᠪᠦᠭᠡᠨᠡᠷ ᠠᠶᠢᠮᠠᠭ ᠤᠨ ᠳᠠᠬᠢᠯᠭᠠᠳᠤ — ᠬᠠᠰᠢᠶᠡᠳᠦ ᠶᠢᠨ ᠪᠠᠶᠠᠨ ᠤᠪᠤᠭ᠎ᠠ
ᠨᠡᠶᠢᠲᠡᠯᠡᠭᠰᠡᠨ ᠴᠠᠭ᠄
2017/6/14
                  ᠪᠦᠭᠡᠨᠡᠷ ᠠᠶᠢᠮᠠᠭ ᠤᠨ ᠳᠠᠬᠢᠯᠭᠠᠳᠤ — ᠬᠠᠰᠢᠶᠡᠳᠦ ᠶᠢᠨ ᠪᠠᠶᠠᠨ ᠤᠪᠤᠭ᠎ᠠ      ᠪᠦᠭᠡᠨᠡᠷ ᠤᠪᠤᠭ᠎ᠠ ᠪᠤᠯ ᠵᠡᠭᠦᠨ ᠦᠵᠦᠮᠦᠴᠢᠨ ᠬᠤᠰᠢᠭᠤᠨ ᠤ ᠪᠡᠶᠡᠨᠬᠦᠭᠡᠪᠦᠷ ᠰᠤᠮᠤᠨ ᠤ ᠲᠦᠪ ᠠᠴᠠ ᠤᠷᠤᠭᠰᠢ ᠪᠦᠬᠦᠢ ᠠᠭᠤᠯᠠᠰ ᠤᠨ 1171 ᠦᠨᠳᠦᠷᠯᠢᠭ ᠤᠨ ᠤᠷᠤᠢ ᠳᠤ ᠪᠠᠶᠢᠵᠦ᠂ ᠭᠠᠵᠠᠷ ᠤᠨ ᠪᠠᠶᠢᠷᠢᠰᠢᠯ ᠨᠢ ᠤᠮᠠᠷᠠᠳᠤ ᠦᠷᠭᠡᠷᠢᠭ ᠤᠨ 45*56'29,8"᠂ ᠵᠡᠭᠦᠨ ᠤᠷᠳᠤᠷᠢᠭ ᠤᠨ 117,43'50,6" ᠶᠢᠨ ᠤᠷᠤᠨ ᠴᠡᠭ ᠲᠤ ᠪᠠᠶᠢᠷᠢᠰᠢᠵᠦ ᠪᠠᠶᠢᠳᠠᠭ᠃ ᠪᠦᠭᠡᠨᠡᠷ ᠤᠪᠤᠭ᠎ᠠ ᠶᠢ ︽ᠪᠦᠭᠡ ᠶᠢᠨ ᠤᠪᠤᠭ᠎ᠠ︾᠂ ︽ᠬᠠᠰᠢᠶᠠᠳᠤ ᠶᠢᠨ ᠪᠠᠶᠠᠨ ᠤᠪᠤᠭ᠎ᠠ︾ ᠴᠤ ᠭᠡᠵᠦ ᠳᠠᠭᠤᠳᠠᠳᠠᠭ᠂ ᠪᠠᠶᠠᠨᠬᠦᠭᠡᠪᠦᠷ ᠭᠠᠴᠠᠭ᠎ᠠ ᠶᠢᠨ ᠨᠤᠲᠤᠭ ᠲᠤ ᠪᠤᠢ᠃      ᠡᠷᠳᠡ ᠤᠷᠢᠳᠦ᠂ ᠪᠦᠭᠡᠨᠡᠷ ᠠᠶᠢᠮᠠᠭ ᠤᠨ ᠳᠡᠭᠡᠳᠦᠰ ᠭᠡᠵᠦ ᠤᠷᠢᠶᠠᠩᠬᠠᠨ ᠤᠪᠤᠭᠳᠤ ᠭᠠᠯᠳᠠᠨ ᠴᠤᠭᠳᠤ ᠭᠡᠰᠡᠨ ᠠᠬ᠎ᠠ ᠲᠡᠭᠦᠤ ᠬᠤᠶᠠᠭᠤᠯᠠ ᠪᠠᠶᠢᠵᠠᠢ᠃ ᠨᠢᠭᠡᠨ ᠤᠳᠠᠭᠠᠨ ᠤ ᠲᠠᠶᠢᠨ ᠤ ᠦᠢᠮᠡᠭᠡᠨ ᠳᠤ ᠨᠤᠲᠤᠭ ᠤᠰᠤᠨ ᠨᠢ ᠬᠤᠭᠤᠰᠤᠷᠠᠨ᠂ ᠦᠪᠡᠷ ᠤᠨ ᠠᠮᠢᠳᠤᠷᠠᠯᠭ᠎ᠠ ᠨᠢ ᠴᠤ ᠶᠠᠳᠠᠭᠤᠷᠠᠨ᠂ ᠠᠮᠢᠳᠤᠷᠠᠬᠤ ᠶᠢᠨ ᠠᠷᠭ᠎ᠠ ᠦᠭᠡᠢ ᠪᠤᠯᠬᠤ ᠳᠠᠭᠠᠨ ᠮᠤᠩᠭᠤᠯ ᠤᠨ ᠠᠷᠤ ᠬᠠᠩᠭᠠᠢ ᠠᠭᠤᠯᠠᠨ ᠠᠴᠠ ᠦᠵᠦᠮᠦᠴᠢᠨ ᠨᠤᠲᠤᠭ ᠲᠤ ᠨᠡᠭᠦᠵᠦ ᠢᠷᠡᠬᠦ ᠳᠡᠭᠡᠨ ᠠᠮᠢᠳᠦ ᠠᠴᠠ ᠵᠦᠪᠬᠡᠨ ᠠᠯᠠᠭ ᠬᠢᠴᠢᠢ ᠯᠡ ᠳᠠᠭᠠᠵᠠᠢ ᠭᠡᠨ᠎ᠡ᠂ ᠲᠡᠭᠡᠭᠰᠡᠨ ᠢᠶᠠᠷ ᠨᠢ ᠬᠦᠮᠦᠰ᠂ ᠠᠯᠠᠭ ᠭᠢᠴᠢᠢ ᠳᠡᠭᠡᠨ ᠠᠷᠪᠠᠨ ᠭᠤᠷᠪᠠᠨ ᠤᠨᠢ ᠪᠠᠨ ᠴᠢᠷᠦᠭᠦᠯᠵᠦ᠂ ᠠᠴᠢᠶ᠎ᠠ ᠬᠦᠰᠭᠡ ᠪᠠᠨ ᠪᠤᠯᠭᠠᠯ᠎ᠠ ᠭᠡᠵᠦ ᠱᠤᠭᠯᠠᠨ ᠬᠡᠯᠡᠯᠴᠡᠳᠡᠭ ᠪᠠᠶᠢᠵᠠᠢ᠃ ᠨᠢᠭᠡᠨ ᠡᠪᠦᠯ ᠤᠨ ᠵᠤᠤᠳᠠᠷᠠᠬᠤ ᠡᠪᠦᠯ ᠪᠠᠶᠢᠵᠦ ᠯᠡ ᠳ᠋ᠠ᠂ ᠠᠬ᠎ᠠ ᠲᠡᠭᠦᠤ ᠬᠤᠶᠠᠭᠤᠯᠠ ᠬᠠᠰᠢᠶᠠᠳᠤ ᠶᠢᠨ ᠪᠠᠶᠠᠨ ᠤᠪᠤᠭ᠎ᠠ ᠤᠷᠴᠢᠮ ᠪᠠᠭᠤᠭᠠᠳ᠂ ᠢᠳᠡᠬᠦ ᠬᠦᠨᠡᠰᠦ ᠦᠭᠡᠢ ᠪᠤᠯᠬᠤ ᠳᠠᠭᠠᠨ ᠠᠩ ᠠᠪᠠᠯᠠᠬᠤ ᠪᠠᠷ ᠭᠠᠷᠴᠤ᠂ ᠡᠳᠦᠷ ᠲᠤᠵᠢ ᠶᠠᠪᠤᠭᠠᠳ ᠶᠠᠭᠤ ᠴᠤ ᠤᠯᠳᠠᠭᠰᠠᠨ ᠦᠭᠡᠢ ᠤᠴᠢᠷ ᠤᠷᠮ᠎ᠠ ᠮᠠᠭᠤᠳᠠᠢ ᠪᠤᠴᠠᠨ ᠢᠷᠡᠵᠠᠢ᠂ ᠠᠬ᠎ᠠ ᠨᠢ ᠰᠠᠨᠠᠭ᠎ᠠ ᠵᠤᠪᠠᠨ ᠪᠠᠶᠢᠭᠰᠠᠭᠠᠷ ᠶᠠᠳᠠᠷᠠᠭᠰᠠᠨ ᠤ ᠡᠷᠬᠡ ᠪᠠᠷ ᠤᠨᠳᠠᠵᠦ ᠤᠷᠬᠢᠵᠠᠢ᠃ ᠲᠡᠷᠡ ᠪᠠᠷ ᠵᠡᠭᠦᠳᠦᠨ ᠤ ᠶᠢᠷᠳᠢᠨᠴᠤ ᠳᠤ ᠲᠤᠭᠤᠷᠢᠨ ᠶᠠᠪᠤᠭᠰᠠᠭᠠᠷ ᠭᠡᠨᠡᠳᠳᠡ ᠨᠢᠭᠡᠨ ᠴᠠᠭᠠᠨ ᠮᠤᠷᠢ ᠲᠠᠢ᠂ ᠵᠠᠩᠵᠤᠨ ᠤ ᠬᠤᠶᠠᠭ ᠲᠤᠭᠤᠯᠠᠭ᠎ᠠ ᠡᠮᠦᠰᠦᠭᠰᠡᠨ ᠬᠦᠮᠦᠨ ᠲᠠᠭᠠᠷᠠᠯᠳᠤᠵᠠᠢ᠂ ᠦᠵᠡᠪᠡᠰᠦ ᠶᠡᠭᠡ ᠰᠦᠷ ᠭᠡᠷᠡᠯᠳᠡᠢ ᠠᠵᠤᠭᠤ᠂ ᠮᠡᠨᠳᠤ ᠠᠰᠠᠭᠤᠯᠴᠠᠭᠰᠠᠨ ᠤ ᠲᠠᠷᠠᠭ᠎ᠠ᠂ ᠲᠡᠷᠡ ᠬᠦᠮᠦᠨ ᠢᠶᠠᠷ ᠶᠠᠮᠪᠠᠷ ᠲᠤᠬᠠᠢ ᠲᠠᠢ ᠢᠩᠭᠢᠵᠦ ᠵᠦᠳᠡᠷᠡᠨ ᠶᠠᠪᠤᠵᠦ ᠪᠠᠶᠢᠬᠤ ᠶᠢ ᠠᠰᠠᠭᠤᠭᠰᠠᠨ ᠳᠤ ᠭᠠᠯᠳᠠᠨ ᠢᠶᠠᠷ ᠦᠪᠡᠷ ᠤᠨ ᠭᠡᠷ ᠬᠤᠳᠠᠯᠠᠭᠠᠷ ᠦᠯᠪᠡᠷᠡᠬᠦ ᠶᠢᠨ ᠵᠤᠪᠠᠯᠠᠩ ᠳᠤ ᠳᠤᠬᠢᠶᠠᠯᠳᠤᠭᠰᠠᠨ ᠭᠠᠴᠢᠭ ᠢᠶᠠᠨ ᠲᠤᠭᠠᠴᠠᠵᠠᠢ᠃ ᠲᠡᠷᠡ ᠬᠦᠮᠦᠨ ᠰᠤᠨᠤᠰᠤᠭᠠᠳ᠂ ᠨᠢᠭᠡᠨ ᠦᠨᠳᠦᠷ ᠠᠭᠤᠯᠠ ᠶᠢ ᠵᠢᠭᠠᠵᠦ᠄ ︽ᠲᠡᠷᠡ ᠠᠭᠤᠯᠠ ᠶᠢᠨ ᠠᠷᠤ ᠳᠤ ᠶᠠᠷᠭᠠᠢ ᠮᠤᠳᠤ ᠪᠤᠢ᠂ ᠲᠡᠭᠦᠨ ᠢᠶᠠᠷ ᠨᠤᠮᠤ ᠰᠤᠮᠤ ᠬᠢᠵᠦ᠂ ᠠᠩ ᠠᠪᠠᠯᠠᠨ ᠠᠮᠢᠳᠤᠷᠠ︕ ᠵᠡᠭᠦᠨ ᠬᠤᠶᠢᠳᠤ ᠲᠤᠤᠷᠠᠬᠢ ᠲᠤᠪᠤᠭ ᠤᠨ ᠬᠠᠪᠢ ᠳᠤ ᠨᠢᠭᠡᠨ ᠵᠡᠭᠡᠷ᠎ᠡ ᠲᠠᠭᠠᠷᠠᠬᠤ ᠪᠤᠢ︕︾ ᠭᠡᠵᠦ ᠵᠢᠭᠠᠭᠰᠠᠨ ᠵᠦᠭ ᠲᠤ ᠪᠠᠷᠠᠭᠠᠯᠠᠭᠠᠳ ᠪᠤᠴᠠᠨ ᠬᠠᠷᠠᠬᠤ ᠳᠤ ᠲᠡᠷᠡ ᠬᠦᠮᠦᠨ ᠦᠵᠡᠭᠳᠡᠬᠦ ᠦᠭᠡᠢ ᠪᠤᠯᠵᠠᠢ ᠬᠡᠮᠡᠨ ᠵᠡᠭᠦᠳᠦᠯᠡᠵᠠᠢ᠃      ᠠᠬ᠎ᠠ ᠲᠡᠭᠦᠤ ᠬᠤᠶᠠᠭᠤᠯᠠ ᠵᠡᠭᠦᠳᠦᠨ ᠤ ᠶᠤᠰᠤᠭᠠᠷ ᠦᠵᠡᠭᠰᠡᠨ ᠳᠤ ᠠᠭᠤᠯᠠ ᠶᠢᠨ ᠠᠷᠤ ᠭᠤᠤ ᠳᠤ ᠦᠨᠡᠬᠡᠷ ᠶᠠᠷᠭᠠᠢ ᠮᠤᠲᠤ ᠤᠷᠭᠤᠭᠰᠠᠨ ᠪᠠᠶᠢᠵᠠᠢ ᠭᠡᠨ᠎ᠡ᠂ ᠢᠩᠭᠢᠭᠡᠳ ᠤᠭᠳᠤᠯᠤᠨ ᠠᠪᠤᠭᠰᠠᠨ ᠢᠶᠠᠨ ᠨᠤᠮᠤ ᠵᠤᠷᠭᠤᠨ ᠬᠦᠪᠴᠢ ᠬᠢᠵᠦ᠂ ᠭᠦᠷᠦᠭᠡᠯᠡᠬᠦ ᠪᠠᠷ ᠭᠠᠷᠳᠠᠭ ᠶᠤᠮ ᠪᠠᠶᠢᠨ᠎ᠠ᠂ ᠶᠠᠪᠤᠵᠦ ᠪᠠᠶᠢᠳᠠᠯ᠎ᠠ ᠲᠤᠪᠤᠭ ᠤᠨ ᠠᠷᠤ ᠳᠤ ᠨᠢᠭᠡᠨ ᠵᠡᠭᠡᠷ᠎ᠡ ᠳᠠᠭᠠᠷᠠᠭᠠᠳ ᠬᠠᠷᠪᠤᠭᠰᠠᠨ ᠳᠤ ᠠᠵᠠ ᠪᠠᠷ ᠤᠨᠤᠵᠦ᠂ ᠶᠡᠬᠡᠯ᠎ᠡ ᠪᠠᠶᠠᠷᠯᠠᠯᠳᠤᠨ ᠭᠠᠨᠵᠤᠭ᠎ᠠ ᠲᠠᠢ ᠪᠤᠴᠠᠨ ᠢᠷᠡᠯ᠎ᠡ ᠭᠡᠯᠴᠡᠳᠡᠭ᠃ ᠠᠬ᠎ᠠ ᠲᠡᠭᠦᠤ ᠬᠤᠶᠠᠷ ᠡᠭᠡᠯᠵᠢᠯᠡᠨ ᠶᠠᠷᠭᠠᠢ ᠤᠭᠳᠤᠯᠤᠨ ᠰᠤᠮᠤ ᠬᠢᠵᠦ᠂ ᠠᠩ ᠳᠤ ᠶᠠᠪᠤᠵᠦ ᠭᠦᠷᠦᠭᠡᠯᠡᠬᠦ ᠳᠡᠭᠡᠨ ᠤᠳᠠᠭ᠎ᠠ ᠪᠦᠷᠢ ᠨᠢᠭᠡ ᠯᠡ ᠵᠡᠭᠡᠷ᠎ᠡ ᠲᠠᠭᠠᠷᠠᠬᠤ ᠪᠦᠷᠢ ᠭᠠᠨᠵᠤᠭ᠎ᠠ ᠲᠠᠢ ᠪᠠᠶᠢᠵᠦ᠂ ᠠᠮᠢᠳᠤᠷᠠᠯᠭ᠎ᠠ ᠪᠠᠨ ᠠᠷᠭᠠᠴᠠᠭᠰᠠᠭᠠᠷ ᠬᠦᠭᠡ ᠡᠪᠦᠯ ᠤᠨ ᠭᠠᠴᠢᠭ ᠢ ᠲᠤᠭᠤᠯᠵᠦ ᠭᠡᠨ᠎ᠡ᠂ ᠤᠷᠢᠬᠠᠨ ᠬᠠᠪᠤᠷ ᠦᠩᠭᠡᠷᠡᠨ ᠲᠡᠯᠭᠡᠷ ᠵᠤᠨ ᠤ ᠴᠠᠭ ᠪᠤᠯᠬᠤ ᠳᠤ ᠲᠡᠳᠡ ᠬᠤᠶᠠᠷ ᠠᠳᠡ ᠨᠤᠲᠤᠭᠰᠢᠬᠤ ᠪᠠᠷ ᠪᠤᠯᠵᠤᠭᠠᠳ᠂ ᠦᠨᠦ ᠦᠨᠳᠦᠷ ᠠᠭᠤᠯᠠ ᠪᠠᠨ ︽ᠪᠠᠶᠠᠨ ᠤᠪᠤᠭ᠎ᠠ︾ ᠭᠡᠵᠦ ᠨᠡᠷᠡᠯᠡᠨ᠂ ᠲᠡᠷᠡ ᠵᠡᠭᠡᠷ᠎ᠡ ᠠᠪᠠᠯᠠᠭᠰᠠᠨ ᠬᠠᠳᠠᠳᠤ ᠬᠡᠷᠢᠪᠡ ᠪᠠᠨ ︽ᠤᠩᠭᠤᠨ ᠲᠤᠪᠤᠭ︾ ᠪᠤᠯᠭᠠᠨ ᠰᠢᠳᠦᠨ ᠳᠠᠬᠢᠭᠰᠠᠨ ᠢᠶᠠᠷ ᠤᠳᠠᠬᠤ ᠦᠭᠡᠢ ᠮᠠᠯ ᠰᠦᠷᠦᠭ ᠨᠢ ᠦᠰᠴᠤ᠂ ᠠᠵᠦ ᠠᠮᠢᠳᠤᠷᠠᠯ ᠨᠢ ᠠᠭᠠᠵᠢᠮ ᠢᠶᠠᠷ ᠲᠡᠭᠵᠢᠷᠡᠨ ᠡᠬᠢᠯᠡᠭᠰᠡᠨ ᠠᠴᠠ ᠶᠡᠬᠡᠯ᠎ᠡ ᠪᠠᠶᠠᠵᠢᠵᠦ ᠭᠡᠨ᠎ᠡ᠃       ᠪᠦᠭᠡᠨᠡᠷ ᠤᠪᠤᠭ᠎ᠠ ᠨᠢ ᠭᠤᠤᠯ ᠤᠪᠤᠭ᠎ᠠ ᠪᠤᠯᠤᠨ ᠱᠠᠪᠢ ᠤᠪᠤᠭ᠎ᠠ ᠲᠠᠢ ᠪᠠᠨ ᠠᠷᠪᠠᠨ ᠭᠤᠷᠪᠠ ᠪᠠᠶᠢᠬᠤ ᠨᠢ ᠪᠦᠭᠡ ᠮᠦᠷᠭᠦᠯ ᠤᠨ ᠤᠯᠠ ᠮᠦᠷ ᠲᠠᠢ ᠪᠦᠭᠡᠳ ᠦᠵᠦᠮᠦᠴᠢᠨ ᠤ ᠤᠯᠠᠨ ᠤᠪᠤᠭ᠎ᠠ ᠠᠴᠠ ᠢᠯᠭᠠᠭᠳᠠᠬᠤ ᠵᠦᠢᠯ ᠭᠡᠪᠡᠯ ᠭᠤᠤᠯ ᠤᠪᠤᠭ᠎ᠠ ᠶᠢᠨ ᠡᠮᠦᠨ᠎ᠡ ᠨᠢ ᠴᠠᠭᠠᠨ ᠰᠦᠯᠳᠡ ᠶᠢᠨ ︽ᠲᠤᠭ ᠰᠦᠯᠳᠡ︾ ᠶᠢ ᠪᠤᠰᠬᠠᠨ ᠳᠠᠬᠢᠵᠦ ᠪᠠᠶᠢᠳᠠᠭ᠃ ᠶᠡᠭᠡ ᠤᠪᠤᠭᠠᠨ ᠤ ᠳᠠᠬᠢᠯᠭ᠎ᠠ ᠶᠢᠨ ᠡᠳᠦᠷ ᠨᠢ ᠵᠢᠯ ᠪᠦᠷᠢ ᠶᠢᠨ ᠪᠢᠯᠢᠭ ᠤᠨ ᠤᠯᠠᠷᠢᠯ ᠤᠨ 7 ᠰᠠᠷ᠎ᠠ ᠶᠢᠨ 9  ᠤ ᠲᠤᠭᠳᠠᠮᠠᠯ ᠡᠳᠦᠷ ᠪᠠᠶᠢᠵᠦ᠂ ᠪᠦᠭᠡᠨᠡᠷ ᠠᠶᠢᠮᠠᠭ ᠤᠨ ᠬᠢᠨ ᠳᠡᠭᠡᠷ᠎ᠡ ᠵᠠᠭᠤᠨ ᠤ ᠨᠠᠶᠠᠭᠠᠳ ᠤᠨ ᠤ ᠰᠡᠭᠦᠯᠴᠢ ᠠᠴᠠ ᠰᠡᠷᠭᠦᠭᠡᠨ ᠳᠠᠬᠢᠭᠰᠠᠨ ᠪᠦᠭᠡᠳ ᠤᠳᠤ ᠪᠦᠭᠡᠨᠡᠷ ᠠᠶᠢᠮᠠᠭ ᠤᠨ ᠬᠢᠨ ᠪᠤᠯᠤᠨ ᠪᠠᠶᠠᠨᠬᠦᠭᠡᠪᠦᠷ ᠰᠤᠮᠤᠨ ᠤ ᠦᠢᠷ᠎ᠡ ᠬᠠᠪᠢ ᠶᠢᠨ ᠮᠠᠯᠴᠢᠳ ᠪᠦᠬᠦᠨ ᠢᠶᠠᠷ ᠢᠶᠠᠨ ᠳᠠᠬᠢᠳᠠᠭ ᠦᠷᠭᠡᠨ ᠳᠠᠬᠢᠯᠭ᠎ᠠ ᠲᠠᠢ ᠤᠪᠤᠭ᠎ᠠ ᠪᠤᠯᠪᠠ᠂ ᠵᠢᠯ ᠪᠦᠷᠢ 4 —5 ᠠᠶᠢᠯ ᠡᠷᠦᠭᠡ ᠡᠭᠡᠯᠵᠢᠯᠡᠨ ᠳᠠᠬᠢᠯᠭ᠎ᠠ ᠶᠢᠨ ᠵᠠᠩ ᠦᠢᠯᠡ ᠶᠢ ᠭᠦᠢᠴᠡᠳᠭᠡᠬᠦ ᠪᠤᠯᠵᠦ᠂ ᠪᠦᠬᠡ ᠶᠢᠨ ᠪᠠᠷᠢᠯᠳᠤᠭᠠᠨ ᠮᠤᠷᠢᠨ ᠤᠷᠤᠯᠳᠤᠭᠠᠨ ᠲᠠᠢ᠂ ᠪᠤᠳᠠ ᠶᠢᠨ ᠱᠠᠩ ᠲᠠᠢ ᠨᠠᠶᠢᠷ ᠬᠢᠳᠡᠭ ᠪᠠᠶᠢᠨ᠎ᠠ᠃       ᠪᠦᠭᠡᠨᠡᠷ ᠠᠶᠢᠮᠠᠭ ᠤᠨ ᠪᠤᠰᠤᠳ ᠳᠠᠬᠢᠯᠭ᠎ᠠ ᠲᠠᠢ ᠤᠪᠤᠭ᠎ᠠ ᠭᠡᠪᠡᠯ ᠪᠠᠰᠠ ᠭᠠᠯᠳᠠᠨ ᠤ ᠤᠪᠤᠭ᠎ᠠ᠂ ᠬᠡᠤᠬᠡᠳ ᠤᠨ ᠤᠪᠤᠭ᠎ᠠ᠂ ᠦᠩᠭᠡ ᠶᠢᠨ ᠤᠪᠤᠭ᠎ᠠ ᠵᠡᠷᠭᠡ ᠪᠤᠢ᠃       ᠭᠠᠯᠳᠠᠨ ᠤ ᠤᠪᠤᠭ᠎ᠠ — ᠴᠠᠶᠢᠳᠠᠮ ᠤᠨ ᠪᠠᠶᠠᠨ ᠤᠪᠤᠭ᠎ᠠ ᠠᠴᠠ ᠵᠡᠭᠦᠨ ᠬᠤᠶᠢᠰᠢ ᠤᠶᠢᠷᠠᠯᠴᠠᠭ᠎ᠠ ᠪᠠᠶᠢᠵᠦ ᠂ ᠪᠦᠭᠡᠨᠡᠷ ᠠᠶᠢᠮᠠᠭ ᠤᠨ ᠲᠡᠭᠡᠳᠦᠰ ᠪᠤᠯᠬᠤ ᠭᠠᠯᠳᠠᠨ ᠴᠤᠭᠳᠤ ᠠᠬ᠎ᠠ ᠲᠡᠭᠦᠤ ᠬᠤᠶᠠᠭᠤᠯᠠ ᠮᠠᠷᠵᠠᠩ ᠬᠡᠶᠢᠳ ᠴᠠᠭᠠᠨ ᠴᠢᠯᠠᠭᠤᠳᠤ ᠠᠴᠠ ᠨᠡᠭᠦᠵᠦ᠂ ᠬᠠᠮᠤᠭ ᠠᠩᠬ᠎ᠠ ᠦᠵᠦᠮᠦᠴᠢᠨ ᠨᠤᠲᠤᠭ ᠲᠤ ᠢᠷᠡᠬᠦ ᠳᠡᠭᠡᠨ ᠡᠨᠡ ᠠᠭᠤᠯᠠ ᠶᠢᠨ ᠡᠩᠭᠡᠷ ᠲᠤ ᠪᠠᠭᠤᠳᠠᠯᠯᠠᠨ ᠨᠤᠲᠤᠭᠯᠠᠭᠰᠠᠨ ᠭᠡᠨ᠎ᠡ᠂ ᠵᠡᠭᠡᠷ᠎ᠡ ᠲᠠᠷᠪᠠᠭ᠎ᠠ ᠭᠦᠷᠦᠭᠡᠯᠡᠨ ᠠᠮᠢᠳᠤᠷᠠᠯ ᠢᠶᠠᠨ ᠠᠷᠭᠠᠴᠠᠬᠤ ᠳᠤ ᠲᠤᠰ ᠠᠭᠤᠯᠠ ᠶᠢᠨ ᠬᠠᠪᠢ ᠪᠠᠷ ᠬᠡᠵᠢᠶᠡᠳᠡ ᠬᠡᠳᠦᠨ ᠵᠡᠭᠡᠷ᠎ᠡ ᠳᠠᠰᠤᠷᠠᠬᠤ ᠦᠭᠡᠢ ᠲᠠᠭᠠᠷᠠᠯᠳᠤᠳᠠᠭ ᠪᠠᠶᠢᠵᠠᠢ᠂ ᠢᠩᠭᠢᠭᠡᠳ ᠬᠤᠶᠠᠭᠤᠯᠠ ︽ᠡᠨᠡ ᠪᠤᠯ ᠲᠡᠭᠷᠢ ᠶᠢᠨ ᠬᠠᠶᠢᠷᠠᠯᠠᠭᠰᠠᠨ ᠭᠡᠰᠢᠭ ᠢᠪᠡᠭᠡᠯ ᠪᠠᠶᠢᠨ᠎ᠠ᠂ ᠭᠠᠵᠠᠷ ᠯᠤᠤᠰ ᠤᠨ ᠪᠤᠶᠠᠨ᠂ ᠮᠡᠨ ᠤ ᠬᠢ ᠶᠢ ᠠᠳᠡ ᠰᠠᠭᠤ ᠭᠡᠰᠡᠨ ᠪᠢᠳᠡᠭᠦᠤ ᠰᠠᠨᠠᠭ᠎ᠠ ᠮᠦᠨ︾ ᠬᠡᠮᠡᠨ ᠬᠡᠯᠡᠯᠴᠡᠨ᠂ ᠬᠤᠶᠢᠳᠦ ᠤᠷᠤᠢ ᠪᠠᠨ ᠬᠠᠳᠠ ᠴᠢᠯᠠᠭᠤ ᠤᠪᠤᠭᠠᠯᠠᠨ ᠳᠠᠬᠢᠭᠰᠠᠨ ᠢᠶᠠᠷ ︽ᠭᠠᠯᠳᠠᠨ ᠤ ᠤᠪᠤᠭ᠎ᠠ︾ ᠭᠡᠵᠦ ᠨᠡᠷᠡᠯᠡᠬᠦ ᠪᠤᠯᠤᠭᠰᠠᠨ ᠭᠡᠨ᠎ᠡ᠃ ᠨᠢᠭᠡ ᠤᠳᠠᠭ᠎ᠠ ᠰᠢᠨᠵᠢᠭᠡᠴᠢ ᠲᠠᠭᠠᠷᠠᠯᠳᠤᠵᠦ᠂ ᠭᠠᠵᠠᠷ ᠨᠤᠲᠤᠭ ᠢᠶᠠᠨ ᠰᠢᠨᠵᠢᠭᠦᠯᠦᠨ ᠠᠰᠠᠭᠤᠳᠠᠭ ᠶᠤᠮ ᠪᠠᠶᠢᠨ᠎ᠠ᠂ ᠢᠩᠭᠢᠬᠦ ᠳᠤ ︽ᠡᠨᠡ ᠭᠠᠵᠠᠷ ᠮᠠᠯ ᠬᠦᠷᠦᠩᠭᠡ ᠡᠯᠪᠡᠭ ᠪᠤᠯᠪᠠᠴᠤ᠂ ᠬᠦᠮᠦᠨ ᠠᠮᠠ ᠴᠦᠭᠡᠨᠳᠡᠢ︾ ᠭᠡᠰᠡᠨ ᠢᠶᠠᠷ ᠵᠡᠭᠦᠨᠰᠢᠯᠡᠨ ︽ᠬᠠᠰᠢᠶᠠᠳᠤ ᠶᠢᠨ ᠪᠠᠶᠠᠨ ᠤᠪᠤᠭ᠎ᠠ︾ ᠶᠢ ᠳᠠᠬᠢᠬᠤ ᠪᠤᠯᠤᠭᠰᠠᠨ ᠨᠢ ᠲᠡᠷᠡ ᠶᠤᠮ ᠭᠡᠨ᠎ᠡ᠃      ᠪᠦᠭᠡᠨᠡᠷ ᠤᠨ ᠬᠡᠤᠬᠡᠳ ᠤᠨ ᠤᠪᠤᠭ᠎ᠠ — ᠤᠮᠠᠷᠠᠳᠤ ᠦᠷᠭᠡᠷᠢᠭ ᠤᠨ 45*57'51,4" ᠵᠡᠭᠦᠨ ᠤᠷᠳᠤᠷᠢᠭ ᠤᠨ 117*43'46,9" ᠶᠢᠨ ᠴᠡᠭ ᠲᠤ ᠪᠠᠶᠢᠷᠢᠯᠠᠵᠦ᠂ ᠳᠠᠯᠠᠢ ᠶᠢᠨ ᠲᠦᠪᠰᠢᠨ ᠠᠴᠠ 1021,9 ᠮᠧᠲᠷ ᠡᠷᠭᠦᠭᠳᠡᠵᠦ ᠪᠠᠶᠢᠳᠠᠭ᠃ ᠪᠦᠭᠡᠨᠡᠷ ᠤᠪᠤᠭ᠎ᠠ ᠶᠢᠨ ᠵᠡᠭᠦᠨ ᠬᠤᠶᠢᠳᠦ ᠲᠤᠤᠷ᠎ᠠ ᠪᠠᠶᠢᠭ᠎ᠠ ︽ᠤᠩᠭᠤᠨ ᠲᠤᠪᠤᠭ︾ ᠶᠢ ᠲᠠᠷᠤᠢ ᠬᠡᠤᠭᠡᠳ ᠤᠨ ᠤᠪᠤᠭ᠎ᠠ ᠪᠤᠯᠭᠠᠵᠦ ᠳᠠᠬᠢᠭᠰᠠᠨ ᠠᠴᠠ ᠲᠡᠭᠡᠳᠦ ᠤᠳ ᠮᠠᠨᠢ ᠠᠳᠡᠬᠢ ᠭᠠᠵᠠᠷ ᠤᠨ ᠲᠦᠷᠬᠦ ᠪᠠᠶᠢᠳᠠᠯ ᠢ ᠪᠠᠷᠠᠭᠤᠨ ᠤᠷᠤᠭᠰᠢ ᠬᠠᠷᠠᠭᠰᠠᠨ ᠬᠡᠤᠬᠡᠳ ᠢᠶᠠᠨ ᠲᠡᠪᠡᠷᠢᠭᠰᠡᠨ ᠡᠮᠡᠭᠳᠡᠢ ᠬᠦᠮᠦᠨ ᠤ ᠰᠢᠨᠵᠢᠳᠡᠢ ᠪᠦᠭᠡᠳ ᠠᠮᠢ ᠵᠠᠭᠤᠭᠰᠠᠨ ᠪᠡᠯᠭᠡᠳᠦ ᠭᠠᠵᠠᠷ ᠪᠤᠯᠬᠤᠷ ᠬᠤᠵᠢᠮ ᠬᠤᠶᠢᠴᠢᠰ ᠤᠨ ᠦᠷ᠎ᠡ ᠠᠴᠢᠨᠠᠷ ᠤᠨ ᠦᠷᠡᠵᠢᠨ ᠤᠯᠠᠰᠢᠷᠠᠬᠤ ᠶᠢ ᠪᠡᠯᠭᠡᠰᠢᠶᠡᠨ ︽ᠭᠡᠤᠬᠡᠳ ᠤᠨ ᠤᠪᠤᠭ᠎ᠠ︾ ᠪᠤᠯᠭᠠᠨ ᠳᠠᠬᠢᠭᠰᠠᠨ ᠭᠡᠳᠡᠭ᠃ ᠦᠷ᠎ᠡ ᠶᠢᠨ ᠬᠤᠲᠤᠭ ᠭᠤᠶᠤᠬᠤ᠂ ᠦᠷ᠎ᠡ ᠬᠤᠶᠢᠴᠢᠰ ᠤᠨ ᠬᠦᠮᠦᠵᠢᠨ ᠪᠤᠶᠢᠵᠢᠬᠤ ᠶᠢ ᠪᠦᠷ ᠠᠳᠡ ᠵᠠᠯᠪᠠᠷᠢᠯ ᠲᠠᠭᠠᠳᠬᠠᠯ ᠬᠢᠳᠡᠭ ᠶᠤᠮ᠃ ᠪᠦᠭᠡᠨᠡᠷ ᠠᠶᠢᠮᠠᠭ ᠤᠨ ᠬᠢᠨ ᠡᠨᠡ ᠤᠪᠤᠭ᠎ᠠ ᠶᠢ ᠳᠠᠬᠢᠭᠰᠠᠨ ᠢᠶᠠᠷ ᠦᠷ᠎ᠡ ᠬᠤᠶᠢᠴᠢᠰ ᠨᠢ ᠦᠨᠢᠷ ᠪᠤᠯᠵᠦ᠂ ᠡᠷᠦᠬᠡ ᠭᠡᠷ ᠵᠠᠯᠭ᠎ᠠ ᠪᠠᠷ ᠤᠯᠠᠰᠢᠷᠠᠭᠰᠠᠨ ᠭᠡᠯᠴᠡᠳᠡᠭ᠃ ᠠᠳᠡ ᠨᠤᠲᠤᠭᠯᠠᠨ ᠪᠠᠶᠢᠬᠤ ᠳᠠᠭᠠᠨ ᠵᠢᠯ ᠪᠦᠷᠢ ︽ᠭᠡᠤᠭᠡᠳ ᠤᠨ ᠤᠪᠤᠭ᠎ᠠ ︾ ᠪᠠᠨ ᠳᠠᠬᠢᠵᠦ᠂ ᠤᠯᠠᠨ ᠭᠡᠤᠬᠡᠳ ᠢ ᠴᠤᠭᠯᠠᠭᠤᠯᠤᠨ᠂ ᠬᠡᠤᠬᠡᠳ ᠤᠨ ᠪᠦᠬᠡ ᠪᠠᠷᠢᠯᠳᠤᠭᠤᠯᠬᠤ᠂ ᠳᠠᠭ᠎ᠠ ᠤᠷᠤᠯᠳᠤᠭᠤᠯᠬᠤ᠂ ᠶᠠᠪᠠᠭᠠᠨ ᠤᠷᠤᠯᠳᠤᠭᠠᠨ ᠬᠢᠯᠭᠡᠬᠦ ᠵᠡᠷᠭᠡ ᠨᠠᠭᠠᠳᠤᠮ ᠢ ᠶᠠᠪᠤᠭᠤᠯᠤᠨ᠂ ᠬᠤᠷᠠᠭ᠎ᠠ ᠢᠰᠢᠭᠡ ᠶᠢᠨ ᠱᠠᠩ ᠳᠠᠯᠪᠢᠵᠦ ᠪᠠᠶᠢᠯ᠎ᠠ ᠭᠡᠳᠡᠭ᠃ ᠲᠤᠰ ᠤᠪᠤᠭ᠎ᠠ ᠶᠢᠨ ᠳᠠᠬᠢᠯᠭ᠎ᠠ ᠨᠢ ︽ᠪᠦᠭᠡᠨᠡᠷ ᠠᠶᠢᠮᠠᠭ ᠤᠨ ᠤᠪᠤᠭ᠎ᠠ︾  ᠲᠠᠢ ᠪᠠᠨ ᠨᠢᠭᠡ ᠡᠳᠦᠷ ᠶᠠᠪᠤᠭᠳᠠᠳᠠᠭ᠃       ᠦᠩᠭᠡ ᠶᠢᠨ ᠤᠪᠤᠭ᠎ᠠ — ᠪᠦᠭᠡᠨᠡᠷ ᠤᠪᠤᠭ᠎ᠠ ᠶᠢᠨ ᠪᠠᠷᠠᠭᠤᠨ ᠡᠮᠦᠨ᠎ᠡ ᠪᠠᠶᠢᠭ᠎ᠠ ᠦᠨᠳᠤᠷ ᠱᠤᠪᠬᠤ ᠠᠭᠤᠯᠠ ᠶᠢᠨ ᠤᠷᠤᠢ ᠳᠡᠭᠡᠷ᠎ᠡ ᠤᠪᠤᠭ᠎ᠠ ᠴᠢᠯᠠᠭᠤ ᠬᠠᠷᠠᠭᠳᠠᠵᠦ ᠪᠠᠶᠢᠳᠠᠭ ᠨᠢ ᠭᠠᠯᠳᠠᠨ ᠤ ᠲᠠᠪᠤᠳᠤᠭᠠᠷ ᠦᠶ᠎ᠡ ᠪᠤᠯᠬᠤ ᠶᠧᠰᠢᠵᠤᠩᠨᠠᠢ ᠶᠢᠨ ᠬᠤᠪᠢ ᠪᠠᠷ ᠢᠶᠠᠨ ᠳᠠᠬᠢᠳᠠᠭ ᠤᠪᠤᠭ᠎ᠠ ᠨᠢ ᠶᠤᠮ ᠭᠡᠳᠡᠭ᠃ ᠠᠶᠢᠯ ᠠᠶᠢᠮᠠᠭ ᠤᠨ ᠲᠡᠭᠦᠤ ᠬᠡᠤᠬᠡᠳ ᠨᠠᠷ ᠨᠢ ︽ᠦᠩᠭᠡ ᠠᠪᠤ︾ ᠭᠡᠵᠦ ᠡᠷᠭᠦᠮᠵᠢᠯᠡᠨ ᠳᠠᠭᠤᠳᠠᠳᠠᠭ ᠢᠶᠠᠷ ᠡᠨᠡ ᠤᠪᠤᠭ᠎ᠠ ᠶᠢ ᠴᠤ ᠡᠷᠭᠦᠮᠵᠢ ᠶᠢᠨ ᠨᠡᠷ᠎ᠡ ᠪᠠᠷ  ᠨᠢ ᠳᠠᠭᠤᠳᠠᠯᠴᠠᠬᠤ ᠪᠤᠯᠵᠠᠢ᠃ ᠶᠡᠭᠡ ᠳᠠᠬᠢᠯᠭ᠎ᠠ ᠬᠢᠳᠡᠭ ᠦᠭᠡᠢ ᠴᠤ ᠴᠠᠭᠠᠨ ᠢᠳᠡᠭᠡᠨ ᠤ ᠳᠡᠭᠡᠵᠢ᠂ ᠬᠦᠵᠢ ᠰᠠᠩ ᠤᠨ ᠤᠳᠤᠯᠭ᠎ᠠ ᠡᠷᠭᠦᠵᠦ᠂ ᠮᠦᠷᠭᠦᠯ ᠵᠠᠯᠪᠠᠷᠢᠯ ᠬᠢᠳᠡᠭ  ᠶᠤᠮ᠃               ︵ᠤᠷᠢᠶᠠᠩᠬᠠᠨ ᠤ᠂ ᠶᠤᠨᠳᠤᠨ᠂ ᠵᠡ᠊ ᠲᠡᠮᠴᠤᠭ ᠨᠠᠷ ᠤᠨ ︽ᠤᠷᠢᠶᠠᠩᠬᠠᠨ ᠤᠪᠤᠭ ᠤᠨ ᠪᠦᠭᠡᠨᠡᠷ ᠠᠶᠢᠮᠠᠭ ᠤᠨ ᠦᠶ᠎ᠡ ᠤᠯᠠᠮᠵᠢᠯᠠᠭᠰᠠᠨ ᠪᠢᠴᠢᠭ︾ ᠬᠡᠮᠡᠬᠦ ᠨᠤᠮ ᠠᠴᠠ ᠪᠠᠭᠤᠯᠭᠠᠪᠠ︶
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号