ᠮᠤᠷᠢᠨ ᠬᠤᠭᠤᠷ ᠤᠨ ᠭᠠᠪᠢᠶᠠᠳᠦ ᠵᠢᠤᠡᠬᠦᠯᠳᠡᠨ᠂ ᠠᠯᠳᠠᠷᠲᠤ ᠮᠤᠷᠢᠨ ᠬᠤᠭᠤᠷᠴᠢᠨ᠂ ᠴᠤᠭᠤᠷ ᠬᠦᠭᠵᠢᠮ ᠤᠨ ᠦᠪᠯᠡᠨ ᠤᠯᠠᠮᠵᠢᠯᠠᠭᠴᠢ ᠰᠤᠶᠤᠯᠭᠡᠷᠡᠯ
ᠨᠡᠶᠢᠲᠡᠯᠡᠭᠰᠡᠨ ᠴᠠᠭ᠄
2019/12/23
      ᠬᠤᠶᠠᠷᠬᠠᠨ ᠴᠢᠪᠬᠠᠳᠠᠰᠤᠨ ᠤ ᠡᠭᠡᠰᠢᠭ ᠢᠶᠠᠷ ᠬᠤᠷᠸ᠎ᠠ ᠳᠡᠯᠡᠬᠡᠢ ᠶᠢ ᠤᠶᠠᠷᠠᠭᠤᠯᠵᠤ᠂ ᠬᠤᠤᠰ ᠦᠭᠡᠢ ᠰᠠᠶᠢᠬᠠᠨ ᠠᠶᠠᠯᠭᠤ ᠪᠠᠷ ᠢᠶᠠᠨ ᠬᠤᠲᠠᠯᠠ ᠤᠯᠠᠨ ᠢᠶᠠᠨ ᠪᠠᠶᠠᠰᠬᠠᠨ᠂ ᠬᠤᠪᠢ ᠵᠠᠶᠠᠭ᠎ᠠ ᠪᠠᠨ ᠮᠤᠷᠢᠨ ᠬᠤᠭᠤᠷ ᠲᠠᠢ  ᠬᠤᠯᠪᠤᠵᠤ  ᠶᠠᠪᠤᠭᠰᠠᠨ ᠠᠯᠳᠠᠷᠲᠦ ᠮᠤᠷᠢᠨ ᠬᠤᠭᠤᠷᠴᠢ᠂ ᠴᠤᠭᠤᠷᠴᠢ ᠰᠤᠶᠤᠯᠭᠡᠷᠡᠯ᠂  1966 ᠤᠨ ᠳᠤ ᠤᠤᠯ  ᠤᠨ ᠦᠵᠦᠮᠦᠴᠢᠨ ᠪᠠᠷᠠᠭᠤᠨ ᠬᠤᠰᠢᠭᠤᠨ ᠤ ᠪᠠᠴᠢ ᠲᠤᠯᠭ᠎ᠠ ᠨᠤᠲᠤᠭᠲᠠᠢ ᠠᠷᠠᠳ ᠤᠨ ᠤᠷᠠᠯᠢᠭ ᠲᠤ ᠪᠠᠭ᠋ᠠᠲᠠᠢ᠂ ᠤᠯᠤᠰ ᠤᠨ ᠺᠠᠳ᠋ᠷ ᠫᠧᠯᠵᠢ ᠶᠢᠨ ᠤᠤᠭᠠᠨ ᠬᠦᠪᠡᠭᠦᠨ ᠪᠤᠯᠵᠤ ᠵᠠᠶᠠᠭᠠᠵᠠᠢ᠃            ᠥᠨᠢᠷ ᠪᠤᠶᠠᠨᠲᠦ ᠦᠵᠦᠮᠦᠴᠢᠨ ᠨᠤᠲᠤᠭ ᠤᠨ ᠢᠶᠠᠨ ᠤᠷᠠᠯᠢᠭ ᠤᠨ ᠬᠡᠰᠢᠭ ᠲᠤ ᠢᠪᠡᠭᠡᠭᠳᠡᠨ ᠥᠰᠴᠦ  ᠂ 1979 ᠤᠨ ᠤ 9 ᠰᠠᠷ᠎ᠠ ᠳᠤ 13 ᠨᠠᠰᠤᠲᠠᠢ ᠳᠠᠭᠠᠨ ᠳᠠᠭᠤᠤ ᠬᠤᠭᠤᠷ ᠤᠨ ᠤᠶᠠᠩᠭᠠᠨ  ᠪᠦᠦᠪᠡᠢ ᠳᠤ ᠪᠦᠪᠠᠶᠢᠯᠡᠭᠳᠡᠨ᠂ ᠤᠷᠠᠯᠢᠭᠴᠢᠨ ᠪᠤᠯᠬᠤ ᠰᠠᠶᠢᠬᠠᠨ ᠬᠦᠰᠡᠯ ᠢᠶᠠᠨ ᠳᠡᠭᠡᠳᠦᠯᠡᠨ᠂ ᠳᠤᠬᠠᠢ ᠶᠢᠨ ᠦᠶ᠎ᠡ ᠶᠢᠨ ᠥᠪᠥᠷ ᠮᠤᠩᠭᠤᠯ ᠤᠨ ᠤᠷᠠᠯᠢᠭ ᠤᠨ ᠰᠤᠷᠭᠠᠭᠤᠯᠢ ᠳᠤ ᠡᠯᠰᠡᠭᠳᠡᠨ ᠤᠷᠤᠵᠤ᠂ ᠨᠡᠷᠡᠲᠦ ᠴᠤᠭᠤᠷᠴᠢᠨ᠂ ᠮᠤᠷᠢᠨ ᠬᠤᠭᠤᠷᠴᠢ ᠤᠳᠬᠠᠨᠪᠠᠶᠠᠷ ᠪᠠᠭᠰᠢ ᠶᠢᠨ ᠭᠠᠷ  ᠤᠨ ᠱᠠᠪᠢ ᠨᠢ ᠪᠤᠯᠵᠤ᠂ 1984 ᠤᠨ ᠳᠤ ᠥᠨᠳᠥᠷ ᠪᠥᠲᠦᠮᠵᠢ ᠪᠠᠷ ᠰᠤᠷᠭᠠᠭᠤᠯᠢ ᠪᠠᠨ ᠲᠡᠭᠦᠰᠴᠦ᠂ ᠥᠪᠥᠷ ᠮᠤᠩᠭᠤᠯ ᠤᠨ ᠳᠠᠭᠤᠤ ᠪᠦᠵᠢᠭ ᠤᠨ ᠪᠥᠯᠬᠦᠮ ᠳᠤ ᠬᠤᠪᠢᠶᠠᠭᠳᠠᠨ ᠠᠵᠢᠯᠯᠠᠵᠤ᠂ ᠴᠢ᠊᠂ ᠪᠤᠯᠠᠭ ᠪᠠᠭᠰᠢ ᠶᠢᠨ ᠡᠭᠦᠰᠬᠡᠨ ᠪᠠᠶᠢᠭᠤᠯᠤᠭᠰᠠᠨ ︽ ᠲᠠᠬᠢ ᠨᠡᠷᠡᠮᠵᠢᠲᠦ︾ ᠮᠤᠷᠢᠨ ᠬᠤᠭᠤᠷ ᠤᠨ ᠬᠠᠮᠲᠤᠯᠢᠭ ᠤᠨ ᠨᠠᠢᠮᠠᠨ ᠭᠡᠰᠢᠭᠦᠨ ᠤ ᠨᠢᠭᠡ ᠨᠢ ᠪᠠᠶᠢᠵᠡᠢ᠃ 1988 ᠤᠨ ᠳᠤ ᠵᠡᠭᠦᠨ ᠦᠵᠦᠮᠦᠴᠢᠨ ᠬᠤᠰᠢᠭᠤᠨ  ᠤ ᠤᠯᠠᠭᠠᠨᠮᠥ᠋ᠴᠢᠷ ᠲᠤ ᠰᠢᠯᠵᠢᠨ ᠢᠷᠡᠵᠦ ᠠᠵᠢᠯᠯᠠᠨ ᠡᠳᠦᠭᠡ ᠪᠣᠯᠪᠠ᠃      ᠰᠤᠶᠤᠯᠭᠡᠷᠡᠯ ᠪᠤᠯ ᠮᠤᠷᠢᠨ ᠬᠤᠭᠤᠷ ᠤᠨ ᠰᠢᠰᠲ᠋ᠧᠮᠲᠦ ᠮᠡᠷᠭᠡᠵᠢᠯ ᠢ ᠰᠤᠷᠴᠦ ᠡᠵᠡᠮᠰᠢᠭᠰᠡᠨ᠂ ᠲᠥᠷᠥᠯᠬᠢ  ᠠᠪᠢᠶᠠᠰᠯᠢᠭ ᠤᠷᠠᠨ ᠮᠡᠳᠡᠷᠡᠮᠵᠢ ᠪᠠᠷ ᠢᠶᠠᠨ ᠴᠤᠯᠭᠤᠷᠠᠭᠰᠠᠨ ᠮᠤᠷᠢᠨ ᠬᠤᠭᠤᠷᠴᠢ ᠪᠢᠯᠡ᠃ ᠲᠡᠭᠦᠨ ᠤ ᠬᠦᠭᠵᠢᠮᠳᠡᠬᠦ ᠠᠷᠭ᠎ᠠ ᠪᠠᠷᠢᠯ ᠨᠢ ᠣᠨᠴᠠᠭᠠᠢ᠂ ᠰᠡᠳᠬᠢᠯᠭᠡ ᠭᠦᠨ᠂ ᠰᠣᠷᠭᠤᠭ ᠮᠡᠳᠡᠷᠡᠮᠵᠢ ᠲᠠᠢ᠂ ᠬᠦᠭ ᠠᠶᠢᠵᠠᠮ ᠨᠢ ᠲᠣᠳᠤᠷᠠᠭᠤᠨ ᠂ ᠦᠩᠭᠡ ᠠᠶᠠᠰ ᠨᠢ ᠴᠡᠪᠡᠷᠬᠡᠨ᠂ ᠤᠷᠠᠯᠢᠭ ᠤᠨ ᠬᠡᠪ ᠨᠠᠮᠪᠠ ᠥᠪᠡᠷᠮᠢᠴᠠ  ᠪᠠᠶᠢᠳᠠᠭ᠃ ᠭᠤᠴᠢ ᠭᠠᠷᠤᠢ ᠵᠢᠯ ᠤᠨ ᠤᠷᠠᠯᠢᠭ ᠤᠨ ᠵᠠᠮᠨᠠᠯ ᠳᠠᠭᠠᠨ ᠭᠠᠨᠵᠤᠭ᠎ᠠ ᠳᠦᠭᠦᠷᠡᠩ ᠶᠠᠪᠤᠵᠤ᠂ ᠤᠷᠢᠤᠨ ᠬᠤᠵᠢᠤᠡᠨ 300 ᠭᠠᠷᠤᠢ ᠳᠠᠭᠤᠤ᠂ ᠬᠦᠭᠵᠢᠮ᠂ ᠪᠦᠵᠢᠭ ᠂  ᠬᠤᠤᠰᠯᠠᠯ ᠭᠤᠷᠪᠠᠯᠠᠯ ᠠᠶ᠎ᠠ  ᠶᠢ ᠵᠣᠬᠢᠶᠠᠨ ᠪᠦᠲᠦᠭᠡᠵᠦ  ᠂1990 ᠤᠨ ᠳᠤ ︽ᠡᠵᠢ ᠨᠠᠭᠤᠷ︾ ᠬᠡᠭᠦ ᠪᠦᠵᠢᠭ ᠤᠨ ᠠᠶ᠎ᠠ ᠪᠠᠷ ᠢᠶᠠᠨ ᠪᠦᠬᠦ ᠤᠷᠤᠨ ᠤ ︽ᠲᠠᠪᠤᠨ ᠨᠢᠭᠡ ᠶᠢᠨ   ᠢᠨᠵᠧᠨᠧᠷᠢᠩ︾  ᠤᠨ ᠱᠠᠩᠨᠠᠯ ᠲᠤᠰᠴᠤ᠂ 1996 ᠤᠨ ᠳᠤ  ᠪᠦᠬᠦ ᠤᠯᠤᠰ ᠤᠨ ᠠᠩᠬᠠᠳᠤᠭᠠᠷ ᠤᠳᠠᠭᠠᠨ ᠤ ︽ᠰᠧᠷᠠᠰᠢ ᠬᠤᠨᠳᠠᠭᠠᠲᠦ  ︾ ᠮᠤᠷᠢᠨ ᠬᠤᠭᠤᠷ ᠤᠨ ᠤᠷᠤᠯᠳᠤᠭᠠᠨ ᠤ ᠵᠠᠯᠠᠭᠤᠴᠤᠳ ᠪᠠᠭᠠᠴᠤᠳ ᠤᠨ ᠲᠤᠭᠤᠶᠢᠯᠠᠩ ᠳᠤ ᠲᠡᠷᠢᠭᠦᠯᠡᠨ᠂ ︽ᠮᠤᠷᠢᠨ ᠬᠤᠭᠤᠷ ᠤᠨ ᠳᠤᠮᠤᠭ︾ ᠠᠶᠠᠯᠭᠤ ᠨᠢ ᠵᠤᠬᠢᠶᠠᠯ  ᠪᠥᠲᠦᠭᠡᠯ ᠤᠨ ᠠᠯᠲᠠᠨ ᠮᠧᠲᠠᠯ  ᠬᠦᠷᠲᠡᠵᠦ᠂ ᠲᠤᠰ ᠤᠷᠤᠯᠳᠦᠭᠠᠨ ᠳᠤ ᠬᠤᠤᠰ  ᠠᠯᠲᠠ  ᠭᠠᠷᠳᠠᠨ᠂ ᠤᠷᠤᠨ ᠳᠠᠶᠠᠭᠠᠷ ᠲᠤ ᠠᠯᠳᠠᠷᠰᠢᠵᠦ  ᠂ ᠨᠤᠲᠤᠭ ᠤᠰᠤᠨ ᠳᠤ ᠪᠠᠨ ᠥᠩᠭᠡ ᠭᠡᠷᠡᠯ ᠠᠪᠴᠢᠷᠠᠭᠰᠠᠨ ᠶᠤᠮ᠃ ᠲᠠᠬᠦᠨ ᠤ ᠬᠥᠭᠵᠢᠮ ᠤᠨ ᠪᠥᠲᠦᠭᠡᠯ ︽ᠤᠩᠭᠤᠨ ᠰᠠᠷᠠᠯ︾  ᠂ ︽ᠮᠤᠷᠢᠨ ᠬᠤᠭᠤᠷ ᠤᠨ ᠳᠤᠮᠤᠭ︾ ᠨᠢ ᠥᠪᠥᠷ ᠮᠤᠩᠭᠤᠯ ‍ᠤᠨ‌ᠤᠷᠠᠯᠢᠭ ᠤᠨ ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠠᠯ  ᠳᠤ ᠰᠤᠩᠭᠤᠭᠳᠠᠨ᠂ ᠰᠤᠳᠤᠯᠭᠠᠨ ᠤ ᠭᠤᠤᠯ ᠪᠥᠲᠦᠭᠡᠯ  ᠪᠤᠯᠤᠭᠰᠠᠨ  ᠪᠠ ︽ᠮᠤᠷᠢᠨ ᠬᠤᠭᠤᠷ ᠤᠨ ᠳᠤᠮᠤᠭ︾ ᠨᠢ  ᠶᠠᠫᠤᠨ ᠤᠯᠤᠰ ᠤᠨ ᠬᠡᠦᠬᠡᠳ ᠤᠨ ᠮᠤᠷᠢᠨ ᠬᠤᠭᠤᠷ ᠰᠤᠷᠬᠤ ᠮᠠᠲ᠋ᠧᠷᠢᠶᠠᠯ   ᠳᠤ  ᠰᠤᠩᠭᠤᠭᠳᠠᠵᠠᠢ᠃      ︽ᠦᠨᠦᠴᠢᠨ ᠴᠠᠭᠠᠨ ᠪᠤᠲᠤᠭᠤ︾  ᠂ ︽ᠪᠦᠦᠪᠡᠢ ᠬᠤᠷᠸ᠎ᠡ︾᠂ ︽ᠨᠡᠭᠦᠳᠡᠯ ᠤᠨ ᠤᠶᠠᠩᠭ᠎ᠠ︾᠂ ︽ᠳᠡᠯᠡᠭᠡᠢ ᠡᠵᠢ ᠮᠢᠨᠢ  ᠠᠮᠤᠭᠤᠯᠠᠩ‌‍ᠦᠦ︾ ᠵᠡᠷᠭᠡ ᠪᠦᠳᠦᠭᠡᠯ ᠨᠢ ᠪᠦᠬᠦ ᠠᠶᠢᠮᠠᠭ ᠤᠨ ᠤᠯᠠᠭᠠᠨᠮᠦ᠋ᠴᠢᠷ ᠤᠨ ᠤᠷᠠᠯᠢᠭ ᠤᠨ ᠴᠢᠭᠤᠯᠭᠠᠨ ᠳᠤ ᠵᠤᠬᠢᠶᠠᠯ ᠪᠦᠳᠦᠭᠡᠯ  ᠤᠨ ︿︿ᠠᠯᠲᠠᠨ ᠱᠠᠩᠨᠠᠯ﹀﹀ ᠳᠤᠰᠪᠠ᠃ ᠰᠤᠶᠤᠯᠭᠡᠷᠡᠯ ᠤᠷᠢᠳ ᠬᠤᠵᠢᠳ ᠰᠢᠶᠠᠩᠭᠠᠩ᠂ ᠤᠤᠮᠧᠨ ᠵᠡᠷᠭᠡ ᠪᠦᠬᠦ ᠤᠯᠤᠰ ᠤᠨ ᠤᠯᠠᠨ ᠭᠠᠵᠡᠷ ᠢᠶᠠᠷ ᠲᠤᠭᠯᠠᠵᠤ᠂ ᠠᠯᠳᠠ ᠮᠥᠩᠬᠦᠨ ᠮᠧᠲᠠᠯ ᠢᠶᠠᠷ ᠡᠩᠭᠡᠷ ᠢᠶᠠᠨ ᠮᠢᠯᠢᠶᠠᠯᠭᠠᠵᠤ᠂  ᠹᠷᠠᠨᠼᠢ᠂ ᠶᠠᠫᠦᠨ᠂ ᠮᠤᠩᠭᠤᠯ ᠤᠯᠤᠰ ᠲᠤ ᠠᠶᠢᠯᠴᠢᠯᠠᠨ ᠲᠤᠭᠯᠠᠯᠳᠠ ᠭᠠᠷᠭᠠᠵᠤ᠂ ᠡᠷᠬᠢᠮ ᠠᠯᠳᠡᠷ᠂ ᠤᠷ᠎ᠡ ᠴᠢᠳᠠᠪᠦᠷᠢ ᠪᠠᠨ‌ᠡᠩ‌‍ᠲ᠋ᠡᠯᠡᠬᠡᠢ ᠳᠤ ᠬᠠᠷᠠᠭᠤᠯᠵᠤ ᠶᠠᠪᠤᠵᠠᠢ᠃  2014 ᠣᠨ ᠳᠤ ︽ᠳᠡᠯᠡᠬᠡᠢ ᠡᠵᠢ ᠮᠢᠨᠢ ᠠᠮᠤᠭᠤᠯᠠᠩ ᠦᠦ︾ ᠭᠡᠬᠦ  ᠳᠠᠭᠤᠤ   ᠶᠢᠨ ᠤᠷᠠᠨ ᠪᠦᠲᠦᠭᠡᠯ ᠤᠨ ᠲᠡᠭᠦᠪᠦᠷᠢ   ᠪᠠᠨ ᠬᠡᠪᠯᠡᠨ᠂ 2017 ᠤᠨ ᠳᠤ ︽ᠮᠤᠷᠢᠨ ᠬᠤᠭᠤᠷ ᠤᠨ ᠳᠤᠮᠤᠭ︾ CD ᠪᠦᠲᠦᠭᠡᠯ ᠢᠶᠠᠨ  ᠲᠠᠷᠬᠠᠭᠠᠵᠡᠢ᠃      ᠰᠤᠶᠤᠯᠭᠡᠷᠡᠯ ᠮᠤᠷᠢᠨ ᠬᠤᠭᠤᠷ ᠤᠨ ᠦᠢᠯᠡᠰ ᠢᠶᠠᠨ ᠦᠪᠯᠡᠨ  ᠳᠡᠭᠡᠳᠦᠯᠡᠬᠦ ᠢᠳᠡᠭᠡᠯ ᠰᠡᠳᠬᠢᠯ ᠢᠶᠠᠷ ᠢᠶᠠᠨ ᠵᠢᠳᠬᠦᠵᠦ  ᠂ 2005 ᠤᠨ ᠳᠤ ᠤᠯᠢᠶᠠᠰᠤᠲᠠᠢ ᠪᠠᠯᠭᠠᠰᠤᠨ ᠳᠤ ︽ᠰᠤᠶᠤᠯᠭᠡᠷᠡᠯ  ᠤᠨ ᠮᠤᠷᠢᠨ ᠬᠤᠭᠤᠷ  ᠤᠨ ᠰᠤᠷᠭᠠᠭᠤᠯᠢ︾ ᠶᠢ ᠡᠷᠬᠢᠯᠡᠨ ᠪᠠᠶᠢᠭᠤᠯᠵᠤ᠂ ᠨᠤᠲᠤᠭ ᠤᠰᠤᠨ ᠤ ᠪᠠᠨ‌ᠦᠶ᠎ᠡ‌ᠦᠶ᠎ᠡ ᠶᠢᠨ ᠬᠡᠦᠬᠡᠳ ᠳᠡᠭᠦᠦᠨᠠᠷ ᠲᠡᠭᠡᠨ ᠮᠤᠷᠢᠨ ᠬᠤᠭᠤᠷ ᠤᠨ ᠮᠡᠷᠭᠡᠵᠢᠯ ᠢᠶᠠᠨ ᠵᠢᠭᠠᠵᠤ᠂ ᠤᠷᠢᠳ  ᠬᠤᠵᠢᠳ 500 ᠭᠠᠷᠤᠢ ᠱᠠᠪᠢ ᠬᠦᠮᠦᠵᠢᠭᠦᠯᠵᠦ᠂ ᠡᠷᠳᠡᠨᠢᠪᠥ᠋ᠬᠡ᠂ ᠤᠳᠬᠠᠨᠪᠠᠶᠠᠷ᠂ ᠴᠡᠩᠭᠡᠯ᠂ ᠪᠠᠶᠠᠷ᠂ ᠮᠡᠷᠭᠡᠨᠪᠠᠲᠤ ᠵᠡᠷᠭᠡ ᠨᠢᠭᠡᠨ ᠦᠶ᠎ᠡ ᠶᠢᠨ ᠰᠢᠯᠭᠠᠷᠠᠭᠰᠠᠨ ᠰᠢᠯᠢᠳᠡᠭ ᠱᠠᠪᠢ ᠨᠠᠷ ᠢ  ᠬᠦᠮᠦᠵᠢᠭᠦᠯᠦᠨ  ᠭᠠᠷᠭᠠᠵᠡᠢ᠃      ᠰᠤᠶᠤᠯᠭᠡᠷᠡᠯ ᠤᠯᠤᠰ ᠤᠨ ᠨᠢᠭᠡᠳᠦᠭᠡᠷ ᠳᠡᠰ ᠤᠨ ᠬᠥᠭᠵᠢᠮᠴᠢᠨ᠂ ᠮᠤᠷᠢᠨ ᠬᠤᠭᠤᠷ ᠤᠨ ᠭᠠᠪᠢᠶᠠᠳᠦ ᠵᠢᠤᠡᠬᠦᠯᠳᠡᠨ᠂ ᠳᠤᠮᠳᠠᠳᠦ ᠤᠯᠤᠰ ᠤᠨ ᠮᠤᠷᠢᠨ ᠬᠤᠭᠤᠷ ᠤᠨ ᠡᠷᠳᠡᠮ ᠰᠢᠨᠵᠢᠯᠡᠭᠡᠨ ᠤ  ᠨᠡᠶᠢᠭᠡᠮᠯᠢᠭ ᠤᠨ ᠬᠡᠷᠡᠭ ᠡᠷᠬᠢᠯᠡᠬᠦ ᠭᠡᠰᠢᠭᠦᠨ᠂ ᠰᠢᠯᠢ ᠶᠢᠨ ᠭᠤᠤᠯ ᠠᠶᠢᠮᠠᠭ ᠤᠨ ᠳᠠᠭᠤᠤ ᠬᠥᠭᠵᠢᠮᠴᠢᠳ ᠤᠨ ᠨᠡᠶᠢᠭᠡᠮᠯᠢᠭ ᠤᠨ ᠭᠡᠰᠢᠭᠦᠨ᠂ ᠴᠤᠭᠤᠷ ᠬᠦᠭᠵᠢᠮ ᠤᠨ ᠦᠪᠯᠡᠨ ᠤᠯᠠᠮᠵᠢᠯᠠᠭᠴᠢ ᠵᠡᠷᠭᠡ ᠨᠡᠶᠢᠭᠡᠮ ᠤᠨ ᠳᠤᠰᠢᠶᠠᠯ ᠢ ᠡᠭᠦᠷᠭᠡᠯᠡᠵᠦ ᠪᠤᠢ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号