ᠤᠷᠢᠶᠠᠩᠬᠠᠨ ᠤ᠂ ᠶᠤᠨᠳᠤᠨ ᠵᠤᠬᠢᠶᠠᠪᠠ | | ᠡᠷᠬᠢᠮᠪᠠᠳᠤ ᠶᠢᠨ ᠭᠡᠷᠡᠯ ᠰᠠᠴᠤᠷᠠᠩᠭᠤᠢ ᠨᠢᠭᠡ ᠨᠠᠰᠤ | — ᠤᠯᠤᠰ ᠪᠠᠶᠢᠭᠤᠯᠤᠭᠳᠠᠭᠰᠠᠨ 70 ᠵᠢᠯ ᠤᠨ ᠤᠢ ᠳᠤ ᠵᠤᠷᠢᠭᠤᠯᠪᠠ | ᠤᠶᠢᠷ᠎ᠠ ᠳᠤ ᠰᠢ ᠶᠢᠨ ᠫᠢᠩ ᠲᠡᠷᠢᠭᠦᠯᠡᠭᠴᠢ ᠠᠴᠠ᠄ ︽ᠨᠢᠭᠡ ᠬᠦᠰᠡᠯᠡᠩ ᠲᠠᠢ ᠦᠨᠳᠦᠰᠦᠳᠡᠨ ᠳᠤ ᠦᠷᠯᠦᠭ | ᠪᠠᠭᠠᠳᠤᠷ ᠦᠭᠡᠢ ᠪᠠᠶᠢᠵᠦ ᠪᠤᠯᠬᠤ ᠦᠭᠡᠢ᠂ ᠨᠢᠭᠡ ᠢᠷᠡᠭᠡᠳᠦᠢ ᠲᠠᠢ ᠤᠯᠤᠰ ᠲᠤ ᠬᠤᠰᠢᠭᠤᠴᠢ ᠲᠠᠭᠤᠷᠢᠶᠠᠯ ᠦᠭᠡᠢ | ᠪᠠᠶᠢᠵᠦ ᠪᠤᠯᠬᠤ ᠦᠭᠡᠢ︾ ᠭᠡᠵᠦ ᠵᠢᠭᠠᠵᠦ ᠭᠠᠷᠭᠠᠪᠠ᠃ ᠡᠨᠡ ᠪᠤᠯ ᠬᠡᠷᠡᠭ ᠪᠤᠳᠠᠰ ᠤᠨ ᠬᠤᠪᠢᠷᠠᠨ ᠬᠦᠭᠵᠢᠬᠦ ᠶᠤᠰᠤᠨ | ᠤ ᠲᠤᠬᠠᠢ ᠦᠨᠡᠨ ᠢ ᠤᠨᠤᠭᠠᠭᠰᠠᠨ ᠦᠭᠡ ᠪᠠᠶᠢᠨ᠎ᠠ᠃ ᠴᠠᠭ ᠦᠶ᠎ᠡ ᠦᠪᠡᠷ ᠤᠨ ᠬᠦᠮᠦᠨ ᠢᠶᠠᠨ ᠬᠦᠮᠦᠵᠢᠭᠦᠯᠦᠨ | ᠲᠦᠷᠦᠭᠦᠯᠳᠡᠭ ᠴᠤ ᠪᠠᠶᠢᠵᠦ ᠲᠠᠭᠠᠷᠠᠨ᠎ᠠ᠃ ᠡᠷᠬᠢᠮᠪᠠᠳᠤ ᠠᠪᠤᠭᠠᠢ ᠪᠤᠯ ᠶᠠᠭ ᠡᠭᠦᠨ ᠢ ᠪᠡᠶᠡᠯᠡᠭᠦᠯᠦᠭᠰᠡᠨ ᠲᠤᠮᠤᠬᠠᠨ | ᠲᠠᠭᠤᠷᠢᠶᠠᠯ ᠤᠨ ᠬᠡᠪ ᠵᠠᠭᠪᠤᠷ ᠪᠤᠯᠤᠨ᠎ᠠ᠃ ᠲᠡᠷᠡ ᠪᠤᠯ ᠮᠠᠨ ᠤ ᠮᠤᠩᠭᠤᠯ ᠦᠨᠳᠦᠰᠦᠳᠡᠨ ᠤ ᠦᠷᠯᠦᠭ ᠪᠠᠭᠠᠳᠤᠷ | ᠪᠦᠭᠡᠳ ᠲᠤᠮᠳᠠᠳᠤ ᠤᠯᠤᠰ ᠤᠨ ᠴᠢᠯᠦᠭᠡᠯᠡᠯᠳ᠋ᠨ ᠶᠢᠨ ᠦᠢᠯᠡᠰ ᠵᠢᠴᠢ ᠨᠡᠶᠢᠭᠡᠮ ᠵᠢᠷᠤᠮᠳᠤ ᠬᠤᠪᠢᠰᠬᠠᠯ ᠪᠠ ᠪᠦᠳᠦᠭᠡᠨ | ᠪᠠᠶᠢᠭᠤᠯᠤᠯᠳᠠ ᠶᠢᠨ ᠦᠢᠯᠡᠰ ᠲᠤ ᠠᠯᠢᠪᠠ ᠪᠠᠨ ᠵᠤᠷᠢᠭᠤᠯᠤᠭᠰᠠᠨ᠂ ᠡᠩ ᠤᠨ ᠠᠵᠢᠯ ᠤᠨ ᠪᠠᠶᠢᠷᠢ ᠲᠡᠭᠡᠷ᠎ᠡ ᠠᠴᠠ | ᠶᠡᠷᠦ ᠪᠤᠰᠤ ᠶᠢᠨ ᠠᠤᠭ᠎ᠠ ᠦᠢᠯᠡᠰ ᠢ ᠪᠦᠳᠦᠭᠡᠵᠦ ᠶᠠᠪᠤᠭᠰᠠᠨ ᠠᠭᠤᠤ ᠶᠡᠭᠡ ᠲᠠᠭᠤᠷᠢᠶᠠᠯ ᠤᠨ ᠬᠦᠴᠦᠨ ᠪᠤᠯᠤᠭᠰᠠᠨ | ᠶᠤᠮ᠃ ᠲᠡᠭᠦᠨ ᠤ ᠲᠡᠷᠢᠭᠦᠨ ᠤ ᠦᠢᠯᠡ ᠠᠵᠢᠯᠯᠠᠭ᠎ᠠ ᠪᠤᠯ ᠵᠦᠪᠬᠡᠨ ᠨᠢᠭᠡ ᠯᠡ ᠵᠦᠢᠯ ᠲᠡᠭᠡᠷ᠎ᠡ ᠲᠤᠪᠤᠶᠢᠭᠰᠠᠨ ᠪᠢᠰᠢ | ᠬᠠᠷᠢᠨ ᠤᠯᠠᠨ ᠲᠠᠯ᠎ᠠ ᠪᠠᠷ ᠴᠡᠴᠡᠭᠯᠡᠨ ᠢᠯᠡᠷᠡᠭᠰᠡᠨ ᠠᠷᠠᠳ ᠲᠦᠮᠡᠨ ᠤ ᠪᠠᠨ ᠪᠠᠭ᠋ᠠᠷᠬᠠᠯ ᠢ ᠲᠠᠳᠠᠭᠰᠠᠨ᠂ ᠨᠠᠮ ᠲᠦᠷᠦ | ᠶᠢᠨ ᠢᠶᠠᠨ ᠬᠦᠨᠳᠦᠳᠭᠡᠯ ᠢ ᠤᠯᠤᠭᠰᠠᠨ ᠲᠡᠤᠬᠡᠨ ᠦᠢᠯᠡ ᠶᠠᠪᠤᠳᠠᠯ ᠢᠶᠠᠷ ᠲᠤᠲᠤᠷᠬᠠᠶᠢᠯᠠᠭᠳᠠᠨᠠ᠃ ᠲᠡᠭᠦᠨ ᠤ ᠨᠢᠭᠡ | ᠨᠠᠰᠤ ᠪᠤᠯ ᠠᠷᠠᠳ ᠲᠦᠮᠡᠨ ᠤ ᠠᠰᠢᠭ ᠲᠤᠰᠠ ᠶᠢᠨ ᠲᠦᠯᠦᠭᠡ ᠵᠢᠳᠭᠦᠭᠰᠡᠨ ᠨᠢᠭᠡ ᠨᠠᠰᠤ᠂ ᠬᠦᠰᠡᠯᠡᠩ ᠦᠢᠯᠡᠰ ᠤᠨ | ᠢᠶᠠᠨ ᠲᠦᠯᠦᠭᠡ ᠬᠠᠷᠢᠭᠤᠴᠠᠭᠰᠠᠨ ᠭᠡᠷᠡᠯ ᠰᠠᠴᠤᠷᠠᠩᠭᠤᠢ ᠨᠢᠭᠡ ᠨᠠᠰᠤ ᠪᠤᠯᠤᠨ᠎ᠠ᠃ | ᠡᠷᠬᠢᠮᠪᠠᠳᠤ ᠠᠪᠤᠭᠠᠢ ᠪᠤᠯ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠡᠬᠡᠪᠤᠯᠠᠭ | ᠮᠠᠯᠵᠢᠯ ᠤᠨ ᠲᠠᠯᠠᠪᠠᠢ ᠶᠢᠨ ᠬᠠᠷᠠᠭᠤᠪᠢ ᠰᠠᠯᠪᠤᠷᠢ ᠲᠠᠯᠠᠪᠠᠢ ᠶᠢᠨ ᠬᠦᠮᠦᠨ ᠶᠤᠮ᠃ ᠲᠡᠷᠡ 1922 ᠤᠨ ᠳᠤ | ᠲᠦᠷᠦᠵᠦ᠂ ᠦᠵᠦᠮᠦᠴᠢᠨ ᠤ ᠨᠡᠷᠡᠳᠦ ᠪᠠᠶᠠᠨ ᠬᠦᠬᠡ ᠶᠢᠨ ᠬᠡᠤᠬᠡᠨ ᠤ ᠳᠤ ᠦᠷᠡᠴᠢᠯᠡᠭᠳᠡᠨ ᠡᠷᠭᠦᠭᠳᠡᠵᠡᠢ᠃ ᠤᠤᠯ | ᠤᠨ ᠪᠠᠷᠠᠭᠤᠨ ᠦᠵᠦᠮᠦᠴᠢᠨ ᠬᠤᠰᠢᠭᠤᠨ ᠤ ᠯᠠᠮᠠ ᠶᠢᠨ ᠬᠦᠷᠢᠶ᠎ᠡ ᠰᠦᠮ᠎ᠡ ᠶᠢᠨ ᠪᠦᠭᠡᠨᠡᠷ ᠬᠤᠷᠢᠨ ᠤ ᠬᠠᠷᠢᠶᠠᠳᠤ | ᠡᠷᠦᠬᠡ ᠪᠠᠶᠢᠵᠦ᠂ ᠲᠤᠰᠤᠨ ᠤᠯᠠᠨ ᠬᠦᠭᠡᠪᠦᠷ — ᠠᠵᠢᠷᠭᠠᠳᠤ ᠠᠷᠤ ᠨᠠᠭᠤᠷ — ᠠᠷᠤ ᠭᠤᠷᠪᠠᠨ ᠰᠠᠭᠠᠮᠠᠢ ᠪᠠᠷ | ᠨᠤᠲᠤᠭᠳᠠᠢ ᠪᠦᠯᠦᠭᠡ᠃ ᠬᠡᠤᠬᠡᠨ ᠠᠪᠤ ᠶᠢᠨ ᠢᠶᠠᠨ ᠨᠢᠮᠪᠠᠢ ᠬᠦᠮᠦᠵᠢᠯ ᠢᠶᠠᠷ ᠠᠷᠪᠠᠨ ᠲᠤᠯᠤᠭᠠᠳᠠᠢ ᠳᠠᠭᠠᠨ ᠤᠷᠳᠤᠨ | ᠤ ᠪᠦᠬᠡ ᠶᠢᠨ ᠰᠤᠷᠭᠠᠭᠤᠯᠢᠯᠡᠯ ᠳᠤ ᠵᠢᠷᠭᠤᠭᠠᠨ ᠵᠢᠯ ᠰᠤᠷᠤᠯᠴᠠᠨ ᠪᠤᠯᠪᠠᠰᠤᠷᠠᠭᠰᠠᠨ ᠲᠡᠳᠦᠢ ᠦᠭᠡᠢ ᠪᠠᠰᠠ ᠤᠷᠳᠤᠨ | ᠤ ᠪᠢᠴᠢᠭᠡᠴᠢ ᠨᠠᠷ ᠠᠴᠠ ᠮᠤᠩᠭᠤᠯ ᠮᠠᠨᠵᠦ ᠦᠰᠦᠭ ᠪᠢᠴᠢᠭ ᠵᠢᠭᠠᠯᠭᠠᠵᠦ ᠡᠵᠡᠮᠰᠢᠭᠰᠡᠨ ᠢᠶᠠᠷ ᠦᠨᠳᠦᠷ ᠲᠤᠮᠤ ᠪᠡᠶ᠎ᠡ | ᠲᠠᠢ᠂ ᠡᠷ᠎ᠡ ᠴᠢᠳᠠᠯ ᠤᠨᠴᠠᠭᠠᠶᠢᠷᠠᠭᠰᠠᠨ᠂ ᠰᠤᠶᠤᠯ ᠪᠤᠯᠪᠠᠰᠤᠷᠠᠯ ᠲᠠᠢ ᠵᠠᠯᠠᠭᠤ ᠪᠤᠯᠤᠨ ᠪᠤᠶᠢᠵᠢᠵᠠᠢ᠃ ᠨᠤᠲᠤᠭ | ᠤᠰᠤᠨ ᠤ ᠬᠡᠤᠬᠡᠳ ᠲᠠᠭᠦᠤ ᠨᠠᠷ ᠨᠢ ︽ᠡᠷᠬᠢᠮ ᠠᠮᠪᠠ︾ ᠭᠡᠵᠦ ᠬᠦᠨᠳᠦᠯᠡᠨ ᠡᠷᠭᠦᠮᠵᠢᠯᠡᠵᠦ᠂ ᠨᠡᠶᠢᠭᠡᠮ ᠨᠡᠶᠢᠳᠡ | ᠳᠤ ︽ᠬᠡᠤᠬᠡᠨ ᠤ ᠡᠷᠬᠢᠮᠪᠠᠳᠤ︾ ᠭᠡᠵᠦ ᠠᠯᠳᠠᠷᠰᠢᠭᠰᠠᠨ ᠶᠤᠮ᠃ ᠲᠡᠭᠦᠨ ᠤ ᠦᠩᠭᠡᠷᠡᠯᠳᠡ ᠭᠡᠵᠦ ᠲᠤᠮᠤᠭᠯᠢᠭ | ᠮᠦᠷᠳᠡᠭᠡᠨ ᠨᠤᠲᠤᠭ ᠤᠨ ᠬᠢᠨ ᠳᠠᠭᠠᠨ ᠪᠤᠯ ᠢᠳᠡᠭᠡᠯ ᠬᠦᠨᠳᠦᠳᠦ ᠲᠠᠢ ᠲᠤᠮᠤᠭᠠᠳᠠᠨ ᠠᠳᠠᠯ᠎ᠠ ᠪᠢᠰᠢᠷᠡᠭᠦᠰᠢᠳᠡᠢ | ᠪᠠᠭᠠᠳᠤᠷ ᠢᠳᠡᠳᠡᠨ ᠨᠢ ᠪᠠᠶᠢᠯ᠎ᠠ᠃ | ⒈ ᠲᠡᠷᠡ ᠪᠤᠯ ᠠᠭᠤᠳᠠᠮ ᠪᠠᠭᠳᠠᠭᠠᠮᠵᠢᠳᠠᠢ ᠶᠡᠭᠡ ᠲᠠᠯ᠎ᠠ ᠶᠢ ᠪᠠᠷᠢᠮᠳᠠᠯᠠᠳᠠᠭ ᠬᠤᠪᠢᠰᠬᠠᠯᠴᠢ ᠶᠤᠮ᠃ ᠭᠠᠯ | ᠵᠠᠯᠠᠭᠤ ᠨᠠᠰᠤᠨ ᠳᠠᠭᠠᠨ ᠠᠷᠠᠳᠴᠢᠯᠠᠭᠰᠠᠨ ᠬᠤᠪᠢᠰᠬᠠᠯ ᠤᠨ ᠨᠦᠯᠦᠭᠡ ᠶᠢ ᠭᠦᠷᠳᠡᠵᠦ᠂ ᠤᠶᠤᠨ ᠰᠠᠨᠠᠭ᠎ᠠ ᠪᠠᠨ | ᠲᠡᠯᠡᠵᠦ ᠠᠷᠠᠳ ᠢᠷᠭᠡᠳ ᠤᠯᠤᠰ ᠤᠷᠤᠨ ᠢᠶᠠᠨ ᠪᠤᠳᠤᠬᠤ ᠠᠭᠤᠳᠠᠮ ᠬᠦᠰᠡᠯᠡᠩ ᠤᠨ ᠤᠷᠤᠨ ᠵᠠᠢ ᠲᠠᠢ ᠪᠤᠯᠤᠭᠰᠠᠨ | ᠶᠤᠮ᠃ ᠶᠠᠫᠤᠨ ᠤ ᠲᠦᠷᠢᠮᠡᠭᠡᠶᠢᠯᠡᠭᠴᠢᠳ ᠪᠠᠭᠤᠵᠦ ᠦᠭᠭᠦᠭᠰᠡᠨ ᠤ ᠲᠠᠷᠠᠭ᠎ᠠ᠂ ᠦᠵᠦᠮᠦᠴᠢᠨ ᠲᠠᠯ᠎ᠠ ᠳᠤ ᠭᠤᠮᠢᠨᠳᠠᠩ | ᠤᠨ ᠦᠯᠡᠳᠡᠭᠳᠡᠯ ᠪᠦᠯᠦᠭ᠂ ᠭᠠᠵᠠᠷ ᠤᠷᠤᠨ ᠤ ᠲᠡᠭᠡᠷᠡᠮ ᠬᠤᠯᠠᠭᠠᠢ ᠪᠤᠰᠤᠯᠴᠠᠨ᠂ ᠮᠠᠯᠴᠢᠨ ᠲᠦᠮᠡᠨ ︽ᠦᠢᠯᠡ | ᠲᠠᠮ ᠢᠶᠠᠨ ᠦᠵᠡᠵᠦ ᠦᠬᠡᠷ ᠴᠠᠮ ᠢᠶᠠᠨ ᠬᠠᠷᠠᠶᠢᠵᠦ︾ ᠪᠠᠶᠢᠭᠰᠠᠨ ᠭᠠᠴᠢᠭᠳᠠᠯᠳᠤ ᠦᠶ᠎ᠡ ᠳᠤ᠂ ᠲᠡᠷᠡ ᠠᠷᠠᠳ ᠤᠨ | ᠴᠢᠯᠦᠭᠡᠯᠡᠬᠦ ᠴᠡᠷᠢᠭ ᠲᠠᠢ ᠵᠤᠯᠭᠠᠵᠦ᠂ ᠲᠡᠳᠡᠨ ᠤ ᠠᠮᠢ ᠨᠠᠰᠤ ᠪᠠᠨ ᠬᠠᠶᠢᠬᠤᠷᠬᠤ ᠦᠭᠡᠢ᠂ ᠦᠯᠪᠡᠷᠴᠦ ᠲᠠᠭᠠᠷᠠᠬᠤ ᠶᠢ | ᠲᠡᠰᠪᠦᠷᠢᠯᠡᠨ ᠠᠷᠠᠳ ᠲᠦᠮᠡᠨ ᠢᠶᠠᠨ ᠴᠢᠯᠦᠭᠡᠯᠡᠬᠦ ᠶᠢᠨ ᠲᠦᠯᠦᠭᠡ ᠲᠡᠮᠡᠴᠡᠬᠦ ᠵᠤᠷᠢᠭ ᠰᠠᠨᠠᠭᠠᠨ ᠳᠤ ᠰᠡᠳᠭᠢᠯ | ᠬᠦᠳᠡᠯᠵᠦ᠂ ᠶᠤᠰᠤᠳᠠᠢ ︽ᠲᠡᠭᠷᠢ ᠶᠢᠨ ᠴᠡᠷᠢᠭ︾ ᠭᠡᠵᠦ ᠪᠢᠰᠢᠷᠡᠵᠠᠢ᠃ ᠡᠭᠦᠨ ᠢᠶᠠᠷ ᠡᠷᠬᠢᠮᠪᠠᠳᠤ ᠭᠤᠸᠠᠢ᠂ | ᠴᠢᠯᠤᠭᠡᠯᠡᠬᠦ ᠴᠡᠷᠢᠭ ᠤᠨ ᠲᠠᠷᠤᠭ᠎ᠠ ᠪᠠᠶᠢᠯᠳᠤᠭᠴᠢᠳ ᠲᠤ ᠵᠠᠮᠴᠢᠯᠠᠬᠤ᠂ ᠲᠡᠭᠡᠷᠡᠮ ᠢ ᠤᠰᠠᠳᠬᠠᠬᠤ ᠶᠢᠨ ᠲᠤᠮᠳᠠ ᠮᠤᠷᠢ | ᠤᠨᠤᠭ᠎ᠠ ᠨᠢ ᠵᠤᠭᠰᠤᠬᠤ᠂ ᠲᠤᠷᠠᠵᠦ ᠮᠠᠭᠤᠳᠠᠬᠤ ᠳᠤ ᠦᠪᠡᠷ ᠤᠨ ᠠᠳᠤᠭᠤᠨ ᠰᠦᠷᠦᠭ ᠠᠴᠠ ᠪᠠᠨ ᠮᠠᠰᠢ ᠤᠯᠠᠨ | ᠮᠤᠷᠢᠳ ᠢᠶᠠᠨ ᠬᠦᠷᠭᠡᠵᠦ ᠤᠨᠤᠭ᠎ᠠ ᠤᠨᠤᠰᠢ ᠶᠢ ᠨᠢ ᠰᠤᠯᠢᠵᠦ ᠦᠭᠭᠦᠭᠰᠡᠨ ᠢᠶᠠᠷ ᠲᠠᠶᠢᠨ ᠤ ᠢᠯᠡᠯᠳᠡ ᠶᠢ ᠤᠯᠬᠤ | ᠳᠤ ᠨᠡᠮᠡᠷᠢ ᠬᠠᠨᠳᠢᠪ ᠢᠶᠠᠨ ᠦᠵᠡᠭᠦᠯᠵᠦ ᠶᠠᠪᠤᠭᠰᠠᠨ ᠶᠤᠮ᠃ | ᠡᠷᠬᠢᠮᠪᠠᠳᠤ᠂ ᠡᠪ ᠬᠠᠮᠳᠤ ᠨᠠᠮ ᠤᠨ ᠤᠳᠤᠷᠢᠳᠤᠯᠭ᠎ᠠ ᠶᠢ ᠡᠷᠳᠡ ᠬᠦᠯᠢᠶᠡᠭᠰᠡᠨ ᠡᠬᠡ ᠤᠷᠤᠨᠴᠢ ᠬᠦᠮᠦᠨ | ᠪᠠᠶᠢᠵᠦ᠂ ᠬᠤᠷᠢᠨ ᠵᠢᠷᠭᠤᠭᠠᠳᠠᠢ ᠳᠠᠭᠠᠨ 1948 ᠤᠨ ᠠᠴᠠ ᠲᠤᠬᠠᠢ ᠶᠢᠨ ᠦᠶ᠎ᠡ ᠶᠢᠨ ᠰᠤᠮᠤᠨ ᠤ ᠺᠠᠳᠠᠷ ᠤᠨ | ᠠᠯᠪᠠ ᠶᠢ ᠭᠦᠢᠴᠡᠳᠭᠡᠬᠦ ᠪᠤᠯᠵᠦ᠂ ᠤᠯᠠᠨ ᠲᠦᠮᠡᠨ ᠢ ᠵᠤᠬᠢᠶᠠᠨ ᠪᠠᠶᠢᠭᠤᠯᠬᠤ᠂ ᠲᠡᠭᠡᠷᠡᠮ ᠢ ᠤᠰᠠᠳᠬᠠᠬᠤ᠂ ᠡᠬᠡ | ᠤᠷᠤᠨ ᠤ ᠴᠢᠯᠦᠭᠡᠯᠡᠯᠳᠡ ᠶᠢᠨ ᠦᠢᠯᠡᠰ ᠲᠤ ᠢᠳᠡᠪᠬᠢᠳᠡᠢ ᠦᠷᠭᠦᠯᠵᠢᠯᠡᠨ ᠤᠷᠤᠯᠴᠠᠵᠦ ᠬᠦᠴᠦᠨ ᠴᠢᠳᠠᠯ ᠢᠶᠠᠨ | ᠡᠷᠭᠦᠨ ᠶᠠᠪᠤᠵᠠᠢ᠃ ᠶᠠᠭ ᠡᠳᠡᠭᠡᠷ ᠤᠨ ᠵᠢᠯ ᠤᠳ ᠲᠤ᠂ ᠮᠤᠩᠭᠤᠯ ᠤᠯᠤᠰ ᠲᠤ ᠨᠡᠭᠦᠵᠦ ᠤᠷᠤᠬᠤ ᠰᠤᠷᠳᠠᠯ | ᠤᠬᠠᠭᠤᠯᠭ᠎ᠠ ᠲᠡᠯᠭᠡᠷᠡᠵᠦ᠂ ᠲᠦᠷᠦᠭᠰᠡᠨ ᠭᠡᠷ ᠨᠢ ᠬᠦᠷᠳᠡᠯ᠎ᠡ ᠨᠡᠭᠦᠵᠦ ᠤᠷᠤᠬᠤ ᠳᠠᠭᠠᠨ ᠲᠡᠭᠦᠤ ᠨᠢ ᠠᠬ᠎ᠠ ᠪᠠᠨ | ᠠᠪᠠᠴᠢᠨ᠎ᠠ ᠭᠡᠬᠦ ᠳᠤ᠄ ︽ᠡᠬᠡ ᠨᠤᠲᠤᠭ ᠪᠤᠯ ᠡᠷᠳᠡᠨᠢ ᠶᠤᠮ᠂ ᠬᠦᠮᠦᠨ ᠤ ᠭᠠᠵᠠᠷ ᠤᠨ ᠲᠤᠰᠤ ᠶᠢ ᠢᠳᠡᠬᠦ ᠪᠠᠷ | ᠦᠪᠡᠷ ᠤᠨ ᠭᠠᠵᠠᠷ ᠤᠨ ᠤᠰᠤ ᠶᠢ ᠤᠤᠭᠤᠭᠰᠠᠨ ᠨᠢ ᠲᠡᠭᠡᠷ᠎ᠡ︾ ᠭᠡᠰᠡᠨ ᠬᠡᠤᠬᠡᠨ ᠠᠪᠤ ᠶᠢᠨ ᠢᠶᠠᠨ ᠬᠡᠷᠢᠶᠡᠰ ᠢ | ᠵᠢᠷᠤᠮᠯᠠᠵᠦ᠂ ︽ᠦᠵᠦᠮᠦᠴᠢᠨ ᠤ ᠰᠢᠷᠦᠢ ᠨᠢ ᠲᠡᠭᠡᠷ᠎ᠡ ᠪᠠᠨ ᠪᠠᠶᠢᠪᠠᠯ ᠡᠷᠬᠢᠮᠪᠠᠳᠤ ᠪᠢ ᠪᠠᠰᠠ ᠲᠡᠭᠡᠷ᠎ᠡ ᠨᠢ ᠪᠠᠶᠢᠬᠤ | ᠶᠤᠰᠤᠳᠠᠢ︾ ᠭᠡᠵᠦ ᠬᠡᠯᠡᠭᠡᠳ ᠨᠡᠭᠦᠭᠰᠰᠡᠨ ᠦᠭᠡᠢ ᠬᠤᠴᠤᠷᠤᠭᠰᠠᠨ ᠨᠢ ᠲᠡᠭᠦᠨ ᠤ ᠲᠡᠭᠡᠳᠤᠰ ᠤᠨ ᠨᠤᠲᠤᠭ ᠤᠰᠤᠨ | ᠢᠶᠠᠨ ᠨᠠᠨᠳᠢᠩᠨᠠᠨ ᠬᠠᠶᠢᠷᠠᠯᠠᠳᠠᠭ ᠵᠤᠷᠢᠭ ᠰᠠᠨᠠᠭ᠎ᠠ ᠶᠢ ᠲᠤᠲᠤᠷᠬᠠᠢ ᠲᠤᠰᠬᠠᠵᠠᠢ᠃ ᠲᠡᠷᠡ ᠮᠦᠷᠳᠡᠭᠡᠨ ᠦᠵᠦᠮᠦᠴᠢᠨ | ᠨᠤᠲᠤᠭ ᠤᠨ ᠢᠶᠠᠨ ᠮᠠᠯᠴᠢᠨ ᠲᠦᠮᠡᠨ ᠤ ᠡᠷᠬᠡ ᠴᠢᠯᠦᠭᠡᠨ ᠤ ᠲᠦᠯᠦᠭᠡ ᠨᠤᠭᠤᠷᠠᠰᠢ ᠦᠭᠡᠢ ᠲᠡᠮᠡᠴᠡᠭᠰᠡᠨ ᠶᠤᠮ᠃ | ⒉ ᠲᠡᠷᠡ ᠪᠤᠯ ᠡᠪ ᠬᠠᠮᠳᠤ ᠨᠠᠮ ᠢᠶᠠᠨ ᠬᠦᠷᠢᠶᠡᠯᠡᠳᠡᠭ ᠤᠯᠤᠰ ᠢᠶᠠᠨ ᠬᠠᠶᠢᠷᠠᠯᠠᠭᠴᠢ ᠶᠤᠮ᠃ 1950 ᠤᠨ | ᠳᠤ᠂ ᠠᠮᠧᠷᠢᠺᠠ ᠤᠯᠤᠰ ᠠᠴᠠ ᠰᠤᠯᠤᠩᠭᠤᠰ ᠤᠯᠤᠰ ᠢ ᠲᠦᠷᠢᠮᠡᠭᠡᠶᠢᠯᠡᠨ ᠲᠡᠶᠢᠳᠦᠵᠦ᠂ ᠲᠡᠷᠢ ᠶᠢᠨ ᠤᠳᠤᠭ᠎ᠠ | ᠮᠠᠨᠠᠷᠠᠨ ᠲᠠᠶᠢᠨ ᠤ ᠭᠠᠯ ᠲᠦᠷᠡᠯᠵᠡᠵᠦ᠂ ᠰᠤᠯᠤᠩᠭᠤᠰ ᠤᠨ ᠠᠷᠠᠳ ᠲᠦᠮᠡᠨ ᠭᠠᠰᠠᠯᠠᠩ ᠵᠤᠪᠠᠯᠠᠩ ᠤᠨ ᠲᠠᠯᠠᠢ ᠳᠤ | ᠤᠷᠤᠯ᠎ᠠ᠃ ᠮᠠᠨ ᠤ ᠤᠯᠤᠰ ᠤᠨ ᠪᠠᠳᠤᠯᠠᠨ ᠬᠠᠮᠠᠭᠠᠯᠠᠯᠳᠠ ᠳᠤ ᠰᠦᠷᠳᠡᠭᠦᠯᠦᠯ ᠪᠤᠯᠤᠭᠰᠠᠨ ᠢᠶᠠᠷ ᠤᠯᠤᠰ ᠠᠴᠠ ︽ | ᠠᠮᠧᠷᠢᠺᠠ ᠶᠢ ᠡᠰᠡᠷᠭᠦᠴᠡᠨ ᠰᠤᠯᠤᠩᠭᠤᠰ ᠢ ᠲᠤᠰᠠᠯᠠᠬᠤ ᠪᠠ ᠡᠬᠡ ᠤᠷᠤᠨ ᠢᠶᠠᠨ ᠬᠠᠮᠠᠭᠠᠯᠠᠬᠤ︾ ᠰᠡᠢᠳᠪᠦᠷᠢᠳᠦ | ᠪᠠᠶᠢᠯᠳᠤᠬᠤ ᠪᠤᠳᠤᠯᠭ᠎ᠠ ᠶᠢ ᠲᠤᠭᠳᠠᠭᠠᠵᠦ᠂ ᠰᠤᠯᠤᠩᠭᠤᠰ ᠲᠤ ᠲᠤᠮᠳᠠᠳᠤ ᠤᠯᠤᠰ ᠤᠨ ᠠᠷᠠᠳ ᠤᠨ ᠰᠠᠶᠢᠨ ᠲᠤᠷ᠎ᠠ | ᠶᠢᠨ ᠴᠡᠷᠢᠭ ᠶᠢ ᠤᠷᠤᠭᠤᠯᠵᠦ᠂ ᠰᠤᠯᠤᠩᠭᠤᠰ ᠤᠨ ᠠᠷᠠᠳ ᠲᠦᠮᠡᠨ ᠤ ᠴᠢᠯᠦᠭᠡᠯᠡᠯᠳᠡ ᠶᠢᠨ ᠦᠢᠯᠡᠰ ᠲᠤ | ᠲᠤᠰᠠᠯᠠᠵᠠᠢ᠃ ᠲᠠᠷᠠᠭ᠎ᠠ ᠵᠢᠯ ᠨᠢ᠂ ᠰᠠᠶᠢᠨ ᠲᠤᠷ᠎ᠠ ᠶᠢᠨ ᠴᠡᠷᠢᠭ ᠤᠨ ᠠᠷᠤ ᠲᠠᠯ᠎ᠠ ᠶᠢᠨ ᠠᠵᠢᠯ ᠢ ᠯᠠᠪᠳᠠᠭᠤᠨ ᠬᠢᠬᠦ | ᠶᠢᠨ ᠲᠤᠰᠠᠳᠠ᠂ ᠤᠯᠤᠰ ᠠᠴᠠ ᠰᠤᠯᠤᠩᠭᠤᠰ ᠲᠤ ᠡᠳ᠋ ᠪᠤᠳᠠᠰ ᠢᠶᠠᠷ ᠲᠤᠰᠠᠯᠠᠬᠤ ᠬᠠᠯᠠᠭᠤᠨ ᠦᠷᠨᠢᠯᠳᠡ ᠭᠠᠷᠭᠠᠵᠦ᠂ | ᠡᠯ᠎ᠡ ᠭᠠᠵᠠᠷ ᠤᠷᠤᠨ ᠢ ᠤᠷᠢᠶᠠᠯᠠᠨ ᠲᠠᠶᠢᠴᠢᠯᠠᠭᠰᠠᠨ ᠪᠠᠶᠢᠯ᠎ᠠ᠃ ᠡᠨᠡ ᠬᠦ ᠬᠦᠴᠢᠷ ᠪᠡᠷᠬᠡᠰᠢᠶᠡᠯ ᠲᠠᠢ ᠵᠠᠩᠬᠢᠯᠭ᠎ᠠ | ᠶᠢᠨ ᠴᠠᠭ ᠦᠶ᠎ᠡ ᠳᠤ᠂ ᠡᠷᠬᠢᠮᠪᠠᠳᠤ ᠭᠤᠸᠠᠢ ᠦᠪᠡᠷ ᠤᠨ ᠪᠡᠶ᠎ᠡ ᠪᠠᠷ ᠢᠶᠠᠨ ᠲᠦᠷᠦᠭᠦᠯᠡᠨ 108 ᠰᠢᠯᠢᠳᠡᠭ ᠠᠭᠳᠠ | ᠭᠠᠷᠭᠠᠵᠦ᠂ ᠪᠠᠰᠠ ᠪᠠᠭ ᠤᠨ ᠠᠶᠢᠯ ᠡᠷᠦᠬᠡ ᠪᠤᠯᠤᠨ ᠠᠶᠢᠯ ᠠᠶᠢᠮᠠᠭ ᠢᠶᠠᠨ ᠲᠠᠶᠢᠴᠢᠯᠠᠨ ᠤᠬᠠᠭᠤᠯᠤᠭᠰᠠᠨ ᠢᠶᠠᠷ | ᠴᠠᠭᠠᠨ ᠠᠷᠠᠰᠤᠨ ᠲᠠᠬᠤ᠂ ᠦᠬᠡᠷ ᠤᠨ ᠲᠠᠪᠤᠰᠤᠯᠠᠵᠦ ᠬᠠᠳᠠᠭᠠᠭᠰᠠᠨ ᠮᠢᠬ᠎ᠠ ᠵᠡᠷᠭᠡ ᠡᠳ᠋ ᠪᠤᠳᠠᠰ ᠤᠨ ᠲᠤᠰᠠᠯᠠᠮᠵᠢ ᠶᠢ | ᠬᠡᠳᠦᠨ ᠲᠡᠷᠬᠡ ᠳᠤ ᠠᠴᠢᠶᠠᠯᠠᠨ ᠲᠡᠭᠡᠭᠡᠪᠦᠷᠢᠯᠡᠵᠦ᠂ ᠴᠡᠷᠢᠭ ᠤᠨ ᠠᠭᠳᠠ ᠶᠢ 500 ᠳᠤ ᠬᠦᠷᠭᠡᠵᠦ᠂ ᠲᠤᠰᠬᠠᠢ | ᠬᠦᠮᠦᠨ ᠠᠶᠠᠨ ᠢ ᠵᠤᠬᠢᠶᠠᠨ ᠪᠠᠶᠢᠭᠤᠯᠤᠨ ᠭᠡᠭᠡᠨ ᠬᠡᠶᠢᠳ ᠲᠤ ᠬᠦᠷᠭᠡᠭᠦᠯᠵᠠᠢ᠃ ᠲᠡᠭᠦᠨ ᠤ ᠡᠨᠡᠬᠦ ᠶᠡᠷᠦ ᠪᠤᠰᠤ ᠶᠢᠨ | ᠦᠢᠯᠡ ᠠᠵᠢᠯᠯᠠᠭ᠎ᠠ ᠨᠢ ᠬᠤᠶᠠᠷ ᠤᠷᠤᠨ ᠤ ᠤᠳᠤᠷᠢᠳᠤᠭᠴᠢᠳ ᠤᠨ ᠠᠩᠬᠠᠷᠤᠯ ᠳᠤ ᠬᠦᠷᠴᠤ᠂ ᠨᠦᠯᠦᠭᠡ ᠲᠤᠰᠬᠠᠯ | ᠮᠠᠰᠢ ᠶᠡᠭᠡ ᠪᠠᠶᠢᠯ᠎ᠠ᠃ ᠬᠤᠵᠢᠮ ᠨᠢ ᠰᠤᠯᠤᠩᠭᠤᠰ ᠤᠨ ᠲᠡᠷᠢᠭᠦᠯᠡᠭᠴᠢ ᠶᠢᠨ ᠷᠾᠢ ᠴᠧᠩ ᠮᠠᠨ ᠤ ᠤᠯᠤᠰ ᠲᠤ | ᠠᠶᠢᠯᠠᠴᠢᠯᠠᠬᠤ ᠳᠠᠭᠠᠨ ᠡᠷᠬᠢᠮᠪᠠᠳᠤ ᠶᠢᠨ ᠦᠵᠡᠭᠦᠯᠦᠭᠰᠡᠨ ᠨᠠᠨᠳᠢᠨ ᠨᠡᠮᠡᠷᠢ ᠬᠠᠨᠳᠢᠪ ᠲᠤ ᠲᠠᠯᠠᠷᠬᠠᠯ ᠢᠯᠡᠷᠬᠡᠶᠢᠯᠡᠵᠦ | ᠲᠠᠮᠵᠢᠭᠤᠯᠤᠨ ᠦᠭᠬᠦ ᠶᠢ ᠬᠡᠯᠡᠯᠴᠡᠭᠡᠷ ᠲᠤ ᠤᠷᠤᠯᠴᠠᠭᠰᠠᠨ ᠠᠯᠪᠠᠨ ᠲᠤᠰᠢᠶᠠᠯᠳᠠᠳ ᠲᠤ ᠨᠠᠶᠢᠳᠠᠯ᠎ᠠ ᠭᠡᠵᠦ | ᠮᠡᠳᠡᠭᠡᠯᠡᠭᠳᠡᠨᠡ᠃ ᠡᠩ ᠤᠨ ᠨᠢᠭᠡᠨ ᠮᠠᠯ ᠤᠨ ᠡᠵᠡᠨ ᠪᠤᠯᠤᠭᠰᠠᠨ ᠤ ᠬᠤᠪᠢ ᠳᠤ ᠲᠡᠭᠦᠨ ᠤ ᠡᠨᠡ ᠤᠳᠠᠭ᠎ᠠ ᠶᠢᠨ | ᠦᠢᠯᠡ ᠠᠵᠢᠯᠯᠠᠭ᠎ᠠ ᠠᠴᠠ ᠡᠬᠡ ᠤᠷᠤᠨ ᠢᠶᠠᠨ ᠬᠠᠶᠢᠷᠠᠯᠠᠬᠤ ᠦᠵᠡᠯ ᠬᠢᠭᠡᠳ ᠢᠨᠲ᠋ᠧᠷᠨᠠᠽᠢᠤᠨᠠᠯ ᠤᠨ ᠵᠤᠷᠢᠭ ᠰᠠᠨᠠᠭᠠᠨ | ᠤ ᠬᠢᠯᠪᠠᠭ᠎ᠠ ᠲᠤᠶᠠᠭᠠᠷᠠᠨ᠎ᠠ᠃ | ⒊ ᠲᠡᠷᠡ ᠪᠤᠯ ᠨᠠᠮ ᠤᠨ ᠪᠤᠳᠤᠯᠭ᠎ᠠ᠂ ᠤᠯᠤᠰ ᠤᠨ ᠬᠠᠤᠯᠢ ᠶᠢᠨ ᠵᠢᠱᠢᠶᠡᠴᠢ ᠬᠡᠷᠡᠭᠵᠢᠭᠦᠯᠦᠭᠴᠢ ᠪᠦᠭᠡᠳ | ᠠᠷᠠᠳ ᠲᠦᠮᠡᠨ ᠤ ᠭᠠᠷᠮᠠᠭᠠᠢ ᠲᠠᠭᠠᠭᠤᠯᠤᠭᠴᠢ ᠶᠤᠮ᠃ ᠤᠯᠤᠰ ᠪᠠᠶᠢᠭᠤᠯᠤᠭᠳᠠᠭᠰᠠᠨ ᠤ ᠲᠠᠷᠠᠭᠠᠬᠠᠨ ᠨᠡᠶᠢᠭᠡᠮ | ᠬᠤᠴᠤᠷᠤᠩᠭᠤᠢ᠂ ᠠᠷᠠᠳ ᠤᠨ ᠠᠮᠢᠳᠤᠷᠠᠯ ᠶᠠᠳᠠᠷᠠᠩᠭᠤᠢ᠂ ᠵᠠᠮ ᠲᠡᠭᠡᠭᠡᠪᠦᠷᠢ ᠲᠦᠭᠦᠮ ᠦᠭᠡᠢ ᠴᠠᠭ ᠦᠶ᠎ᠡ ᠪᠠᠶᠢᠯ᠎ᠠ᠃ | ᠤᠯᠤᠰ ᠠᠴᠠ ᠡᠳᠡᠭᠡᠷ ᠦᠨᠳᠦᠰᠦᠨ ᠠᠰᠠᠭᠤᠳᠠᠯ ᠢ ᠰᠡᠢᠳᠪᠦᠷᠢᠯᠡᠬᠦ ᠪᠠᠷ ᠤᠯᠠᠨ ᠲᠦᠮᠡᠨ ᠤ ᠦᠢᠯᠡᠴᠢᠯᠡᠭᠡᠨ ᠤ | ᠪᠠᠶᠢᠭᠤᠯᠤᠮᠵᠢ ᠶᠢ ᠪᠠᠶᠢᠭᠤᠯᠬᠤ ᠪᠠᠷ ᠤᠷᠢᠶᠠᠯᠠᠵᠠᠢ᠃ ᠡᠭᠦᠨ ᠳᠤ ᠵᠡᠭᠦᠨ ᠬᠤᠯᠪᠤᠭᠠᠳᠤ ᠬᠤᠰᠢᠭᠤᠨ ᠤ ᠬᠠᠩᠭᠠᠨ | ᠪᠤᠷᠤᠯᠠᠭᠤᠯᠬᠤ ᠬᠤᠷᠰᠢᠶ᠎ᠠ ᠠᠩᠬᠠᠯᠠᠨ ᠪᠠᠶᠢᠭᠤᠯᠤᠭᠳᠠᠵᠦ᠂ ᠡᠯ᠎ᠡ ᠰᠤᠮᠤᠨ ᠳᠤ ᠠᠷᠠᠳ ᠤᠨ ᠠᠮᠢᠳᠤᠷᠠᠯ ᠤᠨ ᠡᠳᠦᠷ | ᠲᠤᠲᠤᠮ ᠤᠨ ᠬᠡᠷᠡᠭᠯᠡᠭᠡᠨ ᠤ ᠪᠤᠳᠠᠰ ᠢ ᠬᠠᠩᠭᠠᠬᠤ ᠴᠢᠭ ᠢ ᠭᠠᠷᠭᠠᠵᠦ᠂ ᠰᠠᠭᠤᠷᠢ ᠮᠦᠩᠭᠦᠨ ᠤ ᠪᠡᠯᠡ ᠤᠷᠤᠭᠤᠯᠬᠤ | ᠶᠢ ᠨᠡᠶᠢᠭᠡᠮ ᠨᠡᠶᠢᠳᠡ ᠳᠤ ᠤᠷᠢᠶᠠᠯᠠᠪᠡ᠃ ᠡᠨᠡ ᠪᠤᠯ ᠠᠷᠠᠳ ᠲᠤ ᠠᠰᠢᠭ ᠭᠦᠷᠳᠡᠭᠡᠬᠦ ᠵᠠᠪᠠᠯ ᠭᠦᠢᠴᠡᠳᠭᠡᠬᠦ ᠬᠦᠨᠳᠦ | ᠡᠭᠦᠷᠭᠡ ᠪᠠᠶᠢᠯ᠎ᠠ᠃ ᠡᠭᠦᠨ ᠢ ᠡᠷᠳ᠋ᠨ ᠠᠴᠠ ᠪᠤᠳᠤᠯᠬᠢᠯᠠᠵᠦ ᠪᠠᠶᠢᠭᠰᠠᠨ ᠡᠷᠬᠢᠮᠪᠠᠳᠦ ᠪᠠᠷ ᠶᠠᠮᠠᠷ ᠴᠤ ᠲᠠᠳᠠᠭᠠᠯᠵᠠᠯ | ᠦᠭᠡᠢ ᠪᠠᠷ 6000 ᠮᠦᠩᠭᠦᠨ ᠵᠤᠭᠤᠰᠤᠨ ᠤ ᠶᠡᠭᠡ ᠪᠠᠯᠠ ᠶᠢ ᠬᠠᠨᠳᠢᠪᠯᠠᠭᠰᠠᠨ ᠢᠶᠠᠷ ᠪᠤᠶᠢᠳᠡ ᠪᠦᠭᠯᠡᠭᠦᠤ ᠵᠠᠮ | ᠨᠡᠪᠳᠡᠷᠡᠯᠭᠡ ᠲᠦᠬᠦᠮ ᠦᠭᠡᠢ ᠲᠠᠷᠬᠠᠢ ᠪᠤᠳᠠᠷᠬᠠᠢ ᠮᠠᠯᠵᠢᠬᠤ ᠤᠷᠤᠨ ᠳᠤ ᠠᠷᠠᠯᠵᠢᠶ᠎ᠠ ᠬᠤᠳᠠᠯᠳᠤᠭ᠎ᠠ ᠶᠢ ᠬᠦᠭᠵᠢᠶᠡᠨ | ᠲᠠᠢ ᠪᠤᠯᠭᠠᠵᠦ᠂ ᠠᠷᠠᠳ ᠮᠠᠯᠴᠢᠳ ᠤᠨ ᠠᠮᠢᠳᠤᠷᠠᠯ ᠤᠨ ᠪᠤᠳᠠᠰ ᠤᠨ ᠬᠡᠷᠡᠭᠴᠡᠭᠡ ᠶᠢ ᠬᠠᠩᠭᠠᠬᠤ ᠳᠤ ᠢᠳᠡᠪᠬᠢ | ᠦᠢᠯᠡᠳᠦᠯ ᠢ ᠦᠵᠡᠭᠦᠯᠦᠭᠰᠡᠨ ᠪᠠᠶᠢᠪᠠ᠃ ᠲᠤᠬᠠᠢ ᠶᠢᠨ ᠦᠶ᠎ᠡ ᠮᠠᠯᠴᠢᠳ ᠦᠪᠡᠷᠳᠡᠭᠡᠨ ᠵᠤᠬᠢᠶᠠᠨ ᠪᠠᠶᠢᠭᠤᠯᠵᠦ | ᠠᠯᠤᠰ ᠤᠨ ᠠᠶᠠᠨ ᠳᠤ ᠶᠠᠪᠤᠵᠦ᠂ ᠠᠮᠤ ᠪᠤᠳᠠᠭ᠎ᠠ ᠠᠮᠢᠳᠤᠷᠠᠯ ᠤᠨ ᠬᠡᠷᠡᠭᠰᠡᠯ ᠢᠶᠠᠨ ᠵᠦᠭᠡᠭᠡᠬᠦ ᠳᠤ ᠦᠬᠡᠷ ᠲᠡᠷᠭᠡ ᠪᠠᠷ | ᠬᠡᠳᠦᠨ ᠰᠠᠷ᠎ᠠ ᠶᠢᠨ ᠴᠠᠭ ᠬᠤᠭᠤᠴᠠᠭ᠎ᠠ ᠬᠡᠷᠡᠭᠰᠡᠨ᠎ᠡ᠃ ᠡᠨᠡᠬᠦ ᠮᠠᠰᠢ ᠬᠤᠴᠤᠷᠤᠩᠭᠤᠢ ᠪᠠᠶᠢᠳᠠᠯ ᠢ ᠦᠭᠡᠷᠡᠴᠢᠯᠡᠵᠦ᠂ | ᠮᠠᠯᠴᠢᠳ ᠲᠡᠷᠭᠡᠳᠡ ᠠᠴᠠ ᠪᠠᠨ ᠠᠮᠢᠳᠤᠷᠠᠯ ᠤᠨ ᠬᠡᠷᠡᠭᠰᠡᠯ ᠢᠶᠠᠨ ᠠᠪᠬᠤ ᠳᠤ ᠵᠢᠳᠭᠦᠯ ᠢᠶᠠᠨ ᠡᠷᠭᠦᠵᠦ ᠶᠠᠪᠤᠵᠠᠢ᠃ | ᠲᠠᠷᠠᠭ᠎ᠠ ᠵᠢᠯ ᠠᠴᠠ ᠨᠢ᠂ ᠡᠯ᠎ᠡ ᠰᠤᠮᠤᠨ ᠤ ᠵᠠᠰᠠᠭ ᠤᠨ ᠤᠷᠳᠤᠨ ᠤ ᠲᠦᠪ ᠳᠤ᠂ ᠡᠳ᠋ ᠪᠤᠳᠠᠰ ᠤᠨ | ᠬᠠᠩᠭᠠᠨ ᠪᠤᠷᠤᠯᠠᠭᠤᠯᠬᠤ ᠬᠤᠷᠰᠢᠶ᠎ᠠ ᠪᠤᠢ ᠪᠤᠯᠵᠦ᠂ ᠠᠷᠠᠳ ᠤᠨ ᠠᠮᠢᠳᠤᠷᠠᠯ ᠳᠤ ᠰᠢᠭᠤᠳ ᠦᠢᠯᠡᠴᠢᠯᠡᠵᠦ᠂ | ᠲᠦᠬᠦᠮ ᠦᠵᠡᠭᠦᠯᠬᠦ ᠪᠤᠯᠵᠠᠢ᠃ ᠲᠡᠭᠦᠨ ᠤ ᠲᠠᠶᠢᠴᠢᠯᠠᠭ᠎ᠠ ᠪᠠᠷ᠂ ᠠᠶᠢᠯ ᠪᠦᠬᠦᠨ ᠬᠤᠷᠰᠢᠶᠠᠨ ᠳᠠᠭᠠᠨ ᠰᠠᠶᠢᠨ ᠲᠤᠷ᠎ᠠ | ᠠᠴᠠ ᠪᠠᠨ ᠬᠤᠪᠢ ᠤᠷᠤᠭᠤᠯᠵᠦ᠂ ᠪᠡᠯᠡ ᠤᠷᠤᠭᠤᠯᠤᠯᠳᠠ ᠵᠤᠵᠠᠭᠠᠷᠠᠭᠰᠠᠨ ᠢᠶᠠᠷ ᠡᠷᠬᠢᠯᠳᠡ ᠶᠢᠨ ᠮᠦᠩᠭᠦ ᠡᠵᠡᠮᠰᠢᠯ | ᠢᠶᠠᠨ ᠤᠯᠵᠦ᠂ ᠬᠤᠷᠰᠢᠶ᠎ᠠ ᠶᠢᠨ ᠤᠷᠤᠭᠤᠯᠬᠤ ᠪᠤᠳᠠᠰ ᠤᠨ ᠲᠦᠷᠦᠯ ᠵᠦᠢᠯ ᠴᠤ ᠤᠯᠠᠰᠢᠷᠠᠵᠦ᠂ ᠵᠦᠪᠬᠡᠨ ᠠᠮᠤ | ᠪᠤᠳᠠᠭ᠎ᠠ ᠯᠡ ᠪᠠᠶᠢᠭᠰᠠᠨ ᠠᠴᠠ ᠪᠠᠨ ᠪᠠᠷᠠᠭ᠎ᠠ ᠲᠠᠸᠠᠷ ᠪᠤᠯᠤᠨ ᠬᠡᠷᠡᠭᠯᠡᠭᠡᠨ ᠤ ᠢᠬᠢᠷ ᠰᠢᠬᠢᠷ ᠵᠦᠢᠯ ᠴᠤ ᠡᠯᠪᠡᠭᠰᠢᠵᠦ᠂ | ᠮᠠᠯᠴᠢᠳ ᠶᠠᠭᠤ ᠪᠠᠨ ᠠᠪᠤᠶ᠎ᠠ ᠭᠡᠪᠡᠯ ᠲᠤᠳᠠᠭᠳᠠᠬᠤ ᠵᠦᠢᠯ ᠦᠭᠡᠢ ᠪᠤᠳᠠᠰ ᠤᠨ ᠬᠠᠩᠭᠠᠯᠭ᠎ᠠ ᠬᠦᠷᠦᠯᠴᠡᠭᠡᠳᠡᠢ ᠪᠤᠯᠵᠦ᠂ | ᠮᠠᠯᠴᠢᠳ ᠲᠤ ᠨᠡᠩ ᠲᠦᠬᠦᠮ ᠦᠵᠡᠭᠦᠯᠦᠭᠰᠡᠨ ᠬᠦᠭᠵᠢᠶᠡᠨᠳᠦ ᠪᠠᠶᠢᠳᠠᠯ ᠪᠤᠢ ᠪᠤᠯᠭᠠᠵᠠᠢ᠃ | ⒋ ᠲᠡᠷᠡ ᠪᠤᠯ ᠵᠤᠬᠢᠶᠠᠨ ᠪᠠᠶᠢᠭᠤᠯᠤᠭᠴᠢ ᠮᠦᠷᠳᠡᠭᠡᠨ ᠨᠡᠶᠢᠭᠡᠮ ᠵᠢᠷᠤᠮ ᠤᠨ ᠵᠠᠮ ᠢ ᠪᠠᠷᠢᠮᠳᠠᠠᠯᠠᠭᠴᠢ ᠶᠤᠮ᠃ | ᠰᠤᠮᠤ ᠪᠠᠭ ᠢ ᠵᠤᠬᠢᠶᠠᠨ ᠪᠠᠶᠢᠭᠤᠯᠬᠤ᠂ ᠰᠢᠨ᠎ᠡ ᠰᠦᠷᠦᠭ ᠤᠨ ᠲᠦᠷᠢᠮ ᠢ ᠬᠡᠷᠡᠭᠵᠢᠬᠦᠯᠬᠦ᠂ ᠬᠠᠪᠰᠤᠷᠤᠯ ᠬᠤᠷᠰᠢᠶ᠎ᠠ | ᠪᠠᠶᠢᠭᠤᠯᠬᠤ᠂ ᠤᠯᠤᠰ ᠬᠤᠪᠢ ᠬᠤᠷᠰᠢᠭᠰᠠᠨ ᠮᠠᠯᠵᠢᠯ ᠤᠨ ᠲᠠᠯᠠᠪᠠᠢ ᠪᠠᠶᠢᠭᠤᠯᠬᠤ᠂ ᠨᠢᠭᠡᠳᠦᠯᠵᠢᠯᠳᠡ ᠶᠢ ᠪᠠᠶᠠᠯᠠᠬᠦᠯᠬᠦ | ᠵᠡᠷᠭᠡ ᠲᠦᠪ ᠤᠨ ᠲᠦᠷᠦ ᠶᠢᠨ ᠪᠤᠳᠤᠯᠭ᠎ᠠ ᠶᠢᠨ ᠲᠡᠤᠬᠡᠳᠦ ᠴᠢᠨᠠᠷ ᠲᠠᠢ ᠬᠦᠨᠳᠦ ᠡᠭᠦᠷᠭᠡ ᠶᠢ ᠬᠤᠰᠢᠭᠤᠴᠢᠯᠠᠨ | ᠬᠡᠷᠡᠭᠵᠢᠭᠦᠯᠵᠦ ᠪᠤᠳᠠᠳᠤ ᠠᠵᠢᠯᠯᠠᠭ᠎ᠠ ᠪᠠᠷ ᠢᠶᠠᠨ ᠪᠡᠶᠡᠯᠡᠭᠦᠯᠵᠦ ᠢᠷᠡᠭᠰᠡᠨ ᠶᠤᠮ᠃ ᠲᠡᠷᠡ᠂ ᠦᠵᠦᠮᠦᠴᠢᠨ ᠤ | ᠦᠵᠦᠭᠦᠷ ᠪᠠᠶᠠᠨ ᠤ ᠬᠤᠪᠢ ᠪᠠᠷ ᠪᠤᠳᠠ ᠪᠤᠭ ᠭᠤᠤᠯᠯᠠᠭᠰᠠᠨ ᠲᠦᠮᠡ ᠭᠠᠷᠤᠢ ᠮᠠᠯ ᠤᠨ ᠶᠡᠭᠡ ᠬᠦᠷᠦᠩᠭᠡ ᠪᠠᠷ | ᠤᠯᠤᠰ ᠪᠠ ᠬᠠᠮᠳᠤ ᠨᠠᠶᠢᠳᠠ ᠳᠤ ᠪᠡᠯᠡ ᠤᠷᠤᠭᠤᠯᠤᠯᠳᠠ ᠬᠢᠭᠰᠡᠨ ᠢᠶᠠᠷ᠂ ᠦᠪᠡᠷᠳᠡᠭᠡᠨ ᠵᠦᠪᠬᠡᠨ ᠰᠠᠭᠤᠬᠤ ᠠᠴᠠ | ᠵᠢᠵᠢᠭ ᠢᠰᠡᠭᠡᠢ ᠭᠡᠷ᠂ ᠤᠨᠤᠬᠤ ᠠᠴᠠ ᠴᠢᠳᠤᠷ ᠤᠨ ᠮᠤᠷᠢ᠂ ᠠᠮᠢᠳᠤᠷᠠᠯ ᠳᠠᠭᠠᠨ ᠲᠠᠪᠢᠭᠠᠳ ᠲᠤᠯᠤᠭᠠᠢ ᠬᠤᠨᠢ | ᠠᠪᠴᠤ ᠬᠤᠴᠤᠷᠴᠠᠢ᠃ ᠡᠷᠬᠢᠮᠪᠠᠳᠤ ᠶᠢᠨ ᠭᠠᠳᠠᠨ᠎ᠠ ᠨᠢᠭᠡᠴᠡ ᠳᠤ ᠪᠠᠶᠢᠬᠤ ᠭᠤᠷᠪᠠᠨ ᠮᠢᠩᠭ᠎ᠠ ᠭᠠᠷᠤᠢ ᠮᠠᠯ ᠰᠦᠷᠦᠭ | ᠢᠶᠠᠨ ᠲᠡᠭᠦᠨ ᠤ ᠰᠠᠨᠠᠭᠠᠴᠢᠯᠭ᠎ᠠ ᠪᠠᠷ ᠲᠡᠨᠳᠡᠬᠢ ᠪᠠᠷᠢᠭᠠᠳᠠ ᠳᠤ ᠬᠤᠪᠢ ᠨᠡᠮᠡᠷᠢ ᠤᠷᠤᠭᠤᠯᠵᠦ᠂ ᠡᠯ᠎ᠡ ᠪᠠᠷᠢᠭᠠᠳᠠ ᠶᠢᠨ | ᠬᠠᠮᠳᠤ ᠶᠢᠨ ᠠᠵᠦ ᠠᠬᠤᠢ ᠶᠢ ᠲᠤᠰᠠᠯᠠᠨ ᠲᠠᠮᠵᠢᠭᠰᠡᠨ ᠪᠠᠶᠢᠯ᠎ᠠ᠃ ᠡᠨᠡ ᠮᠡᠳᠦ ᠲᠡᠷᠡ ᠪᠠᠷ᠂ ᠠᠷᠠᠳᠴᠢᠯᠠᠭᠰᠠᠨ | ᠦᠭᠡᠷᠡᠴᠢᠯᠡᠯᠳᠡ ᠶᠢ ᠪᠡᠶᠡᠯᠡᠭᠦᠯᠵᠦ᠂ ᠨᠡᠶᠢᠭᠡᠮ ᠵᠢᠷᠤᠮ ᠤᠨ ᠤᠯᠤᠰ ᠠᠷᠠᠳ ᠤᠨ ᠠᠵᠦ ᠠᠬᠤᠢ ᠶᠢᠨ ᠬᠦᠭᠵᠢᠯᠳᠡ | ᠶᠢᠨ ᠰᠠᠭᠤᠷᠢ ᠶᠢ ᠲᠠᠯᠪᠢᠬᠤ ᠠᠤᠭ᠎ᠠ ᠪᠠᠷᠢᠯᠭ᠎ᠠ ᠳᠤ ᠦᠨᠡᠨ ᠬᠦ ᠪᠤᠢ ᠪᠦᠬᠦᠢ ᠬᠦᠴᠦᠨ ᠴᠢᠳᠠᠯ ᠢᠶᠠᠨ ᠡᠷᠭᠦᠵᠠᠢ᠃ | ᠲᠤᠰ ᠦᠢᠯᠡ ᠶᠠᠪᠤᠳᠠᠯ ᠢ ᠨᠠᠮ ᠤᠨ ᠲᠦᠪ ᠬᠤᠷᠢᠶ᠎ᠠ ᠠᠴᠠ ᠬᠦᠨᠳᠦᠳᠭᠡᠨ ᠦᠵᠡᠵᠦ᠂ ᠮᠠᠤ ᠽᠧ ᠳ᠋ᠦᠩ᠂ ᠯᠢᠤ | ᠱᠤᠤ ᠴᠢ᠂ ᠵᠤ᠋ ᠳ᠋ᠧ ᠵᠡᠷᠭᠡ ᠨᠠᠮ ᠲᠦᠷᠦ ᠶᠢᠨ ᠤᠳᠤᠷᠢᠳᠤᠭᠴᠢᠳ ᠴᠠᠬᠢᠯᠭᠠᠨ ᠢᠷᠡᠭᠦᠯᠵᠦ ᠪᠠᠶᠠᠷ ᠬᠦᠷᠭᠡᠭᠰᠡᠨ ᠤ | ᠬᠠᠮᠳᠤ ᠡᠷᠬᠢᠮᠪᠠᠳᠤ ᠶᠢ ︽ᠦᠭᠡᠶᠢᠭᠦᠤ ᠠᠩᠬᠢ ᠶᠢᠨ ᠭᠠᠪᠰᠢᠭᠠᠶᠢᠯᠠᠭᠴᠢ︾ ᠭᠡᠵᠦ ᠦᠨᠳᠦᠷ ᠦᠨᠡᠯᠡᠵᠡᠢ᠃ | ⒌ ᠲᠡᠷᠡ ᠪᠤᠯ ᠶᠠᠳᠠᠭᠤ ᠲᠤᠷᠤᠢ ᠪᠠᠨ ᠲᠤᠰᠠᠯᠠᠨ ᠲᠡᠮᠵᠢᠳᠡᠭ ᠪᠤᠶᠠᠠᠴᠢ ᠰᠡᠳᠭᠢᠯᠳᠡᠨ ᠪᠦᠭᠡᠳ ᠨᠤᠲᠤᠭ ᠤᠨ | ᠰᠠᠬᠢᠭᠤᠰᠤ ᠶᠤᠮ᠃ ᠡᠷᠬᠢᠮᠪᠠᠳᠦ᠂ ᠬᠤᠪᠢ ᠶᠢᠨ ᠮᠠᠯ ᠰᠦᠷᠦᠭ ᠵᠤᠵᠠᠭᠠᠨ ᠪᠤᠯᠬᠤᠷ ᠬᠦᠯᠦᠰᠦᠨ ᠮᠠᠯᠴᠢᠳ ᠬᠤᠷᠢ | ᠭᠠᠷᠤᠢ ᠠᠶᠢᠯ ᠡᠷᠦᠬᠡ ᠶᠢ ᠭᠡᠷ᠎ᠡ ᠲᠤᠭᠳᠠᠨ᠂ ᠮᠠᠯ ᠰᠦᠷᠦᠭ ᠢᠶᠠᠨ ᠲᠤᠲᠤᠮᠳᠠᠭᠤᠯᠳᠠᠭ ᠪᠠᠶᠢᠵᠠᠢ᠃ ᠲᠡᠷᠡ᠂ ᠪᠠᠭ ᠤᠨ | ᠲᠠᠷᠤᠭ᠎ᠠ ᠰᠤᠮᠤᠨ ᠤ ᠠᠵᠢᠯᠯᠠᠭᠴᠢ ᠪᠤᠯᠤᠭᠰᠠᠨ ᠤ ᠬᠤᠪᠢ ᠳᠤ᠂ ᠮᠠᠯ ᠰᠦᠷᠦᠭ ᠢᠶᠠᠨ ᠦᠭᠴᠦ ᠬᠠᠷᠢᠭᠤᠯᠬᠤ ᠶᠢᠨ | ᠲᠠᠭᠠᠤ ᠳᠤ ᠲᠡᠳᠡᠭᠡᠷ ᠶᠠᠳᠠᠭᠤ ᠮᠠᠯᠴᠢᠨ ᠤ ᠠᠮᠢᠳᠤᠷᠠᠯ ᠢ ᠴᠤ ᠬᠠᠷᠠᠭᠠᠯᠵᠠᠵᠦ᠂ ᠬᠦᠨᠡᠰᠦ ᠠᠮᠤ ᠬᠦᠷᠭᠡᠬᠦ᠂ ᠤᠷᠤᠨ | ᠰᠠᠭᠤᠴᠠ ᠭᠠᠷᠭᠠᠬᠤ᠂ ᠤᠨᠤᠭ᠎ᠠ ᠬᠦᠯᠦᠰᠢ ᠭᠡᠳ ᠤᠯᠠᠨ ᠲᠠᠯ᠎ᠠ ᠪᠠᠷ ᠲᠤᠰᠠᠯᠠᠨ᠂ ᠦᠮᠦᠭ ᠲᠦᠰᠢᠭ ᠨᠢ ᠪᠤᠯᠵᠦ | ᠶᠠᠪᠤᠳᠠᠭ ᠢᠶᠠᠷ ᠮᠠᠯᠴᠢᠳ ᠲᠡᠳᠡᠨ ᠤ ᠮᠠᠯ ᠰᠦᠷᠦᠭ ᠢ ᠪᠤᠯᠢᠶᠠᠯᠳᠤᠨ ᠠᠪᠴᠤ ᠬᠠᠷᠢᠭᠤᠯᠳᠠᠭ᠃ ᠲᠡᠷᠡ ᠭᠤᠷᠪᠠᠨ ᠵᠢᠯ | ᠤᠨ ᠬᠤᠭᠤᠴᠠᠭ᠎ᠠ ᠪᠠᠷ ᠲᠤᠭᠠᠴᠠᠯᠠᠨ ︽ᠰᠦᠷᠦᠭ ᠤᠨ ᠰᠢᠨ᠎ᠡ ᠲᠦᠷᠢᠮ︾ ᠤᠨ ᠶᠤᠰᠤᠭᠠᠷ ᠦᠭᠭᠦᠪᠡᠰᠦ ᠵᠤᠬᠢᠬᠤ | ᠭᠡᠰᠡᠭ ᠢᠶᠠᠨ ᠦᠭᠴᠦ᠂ ᠪᠠᠰᠠ ᠲᠡᠭᠡᠷ᠎ᠡ ᠨᠢ ᠠᠮᠢᠳᠤᠷᠠᠯ ᠤᠨ ᠨᠦᠬᠦᠴᠡᠯ ᠢ ᠨᠢ ᠦᠵᠡᠵᠦ᠂ ᠬᠡᠳᠦ ᠲᠠᠬᠢᠨ ᠢᠶᠠᠷ ᠮᠠᠯ | ᠰᠦᠷᠦᠭ ᠦᠭᠴᠦ᠂ ᠠᠮᠢᠳᠤᠷᠠᠯ ᠤᠨ ᠬᠦᠴᠢᠷᠳᠡᠯ ᠠᠴᠠ ᠨᠢ ᠭᠠᠷᠭᠠᠵᠦ᠂ ᠬᠠᠮᠳᠤ ᠪᠠᠷ ᠪᠠᠶᠠᠵᠢᠬᠤ ᠬᠦᠰᠡᠯᠡᠩ ᠢᠶᠠᠨ | ᠪᠡᠶᠡᠯᠡᠬᠦᠯᠬᠦ ᠪᠠᠷ ᠴᠢᠷᠮᠠᠶᠢᠨ ᠠᠵᠢᠯᠯᠠᠳᠠᠭ ᠪᠠᠶᠢᠯ᠎ᠠ᠃ ᠡᠭᠦᠨ ᠳᠤ ᠠᠷᠤ ᠬᠤᠷᠴᠢᠨ ᠤ ᠱᠤ᠋ ᠱᠤ᠋ ᠨᠠᠮᠵᠢᠯ᠂ ᠪᠠᠭᠠᠷᠢᠨ ᠤ | ᠤᠪᠤᠭ᠎ᠠ᠂ ᠭᠠᠬᠢᠯ ᠤᠨ ᠰᠧᠷᠡᠩᠳᠤᠷᠵᠢ᠂ ᠵᠠᠷᠤᠳ ᠤᠨ ᠰᠠᠶᠢᠠᠶᠢᠷᠦᠭᠡᠯᠳᠦ᠂ ᠠᠷᠤ ᠬᠤᠷᠴᠢᠨ ᠤ ᠬᠠᠶᠠᠩᠬᠠᠷᠸᠠ ᠁ | ᠭᠡᠳ ᠮᠠᠰᠢ ᠤᠯᠠᠨ ᠠᠶᠢᠯ ᠡᠷᠦᠬᠡ ᠶᠢ ᠲᠡᠮᠵᠢᠵᠦ᠂ ᠬᠡᠳᠦᠨ ᠵᠠᠭᠤᠨ ᠮᠠᠯ ᠲᠠᠢ ᠪᠤᠯᠭᠠᠵᠦ ᠭᠠᠷᠭᠠᠭᠰᠠᠨ ᠪᠠ ᠠᠶᠢᠯ ᠭᠡᠷ | ᠪᠤᠯᠭᠠᠵᠦ ᠰᠦᠷᠦᠭ ᠲᠠᠰᠤᠳᠠᠨ ᠦᠭᠬᠦ᠂ ᠭᠡᠷ ᠤᠷᠤᠨ ᠲᠠᠢ ᠪᠤᠯᠭᠠᠬᠤ ᠵᠡᠷᠭᠡ ᠶᠠᠳᠠᠭᠤ ᠡᠷᠦᠬᠡ ᠶᠢ ᠲᠡᠳᠭᠦᠵᠦ | ᠶᠠᠳᠠᠭᠤ ᠠᠴᠠ ᠠᠩᠭᠢᠵᠢᠷᠠᠭᠤᠯᠵᠦ ᠶᠠᠪᠤᠵᠠᠢ᠃ | ᠦᠵᠦᠮᠦᠴᠢᠨ ᠤ ᠬᠢᠨ᠂ ᠡᠷᠬᠢᠮᠪᠠᠳᠤ ᠶᠢ ᠲᠡᠷᠡ ᠬᠡᠳᠦᠢ ᠪᠠᠶᠠᠵᠢᠬᠤ ᠲᠤᠲᠤᠮ ᠲᠡᠳᠦᠢ ᠶᠠᠳᠠᠭᠤ ᠲᠤᠷᠤᠢ ᠪᠠᠨ | ᠲᠤᠰᠠᠯᠠᠳᠠᠭ ᠶᠤᠮ ᠰᠢᠤ᠃ ᠬᠡᠵᠢᠶᠡᠳᠡ ᠬᠠᠵᠠᠭᠤ ᠬᠠᠪᠢ ᠶᠢᠨ ᠶᠠᠳᠠᠭᠤ ᠵᠦᠳᠡᠭᠦᠤ ᠮᠠᠯᠴᠢᠳ ᠢ ᠡᠨᠡᠷᠢᠨ ᠲᠤᠰᠠᠯᠠᠬᠤ | ᠲᠡᠳᠦᠢ ᠦᠭᠡᠢ ᠬᠡᠴᠢᠨᠡᠨ ᠬᠦᠮᠦᠨ ᠢ ᠲᠤᠰᠠᠯᠠᠭᠰᠠᠨ᠂ ᠬᠡᠴᠢᠨᠡᠨ ᠵᠤᠭᠤᠰ ᠮᠦᠩᠭᠦ ᠪᠠ ᠡᠳ᠋ ᠬᠤᠭᠰᠢᠯ ᠢᠶᠠᠨ ᠪᠤᠰᠤᠳ | ᠲᠤ ᠵᠢᠭᠡᠯᠡᠭᠦᠯᠦᠭᠰᠡᠨ ᠢ ᠪᠤᠤ ᠮᠡᠳᠡ᠃ ᠤᠨᠤᠬᠤ ᠮᠤᠷᠢ᠂ ᠬᠦᠯᠦᠪᠦᠷᠢ ᠶᠢᠨ ᠦᠬᠡᠷ ᠭᠡᠳᠡᠯ᠎ᠡ ᠱᠦᠯᠦᠨ ᠤ ᠬᠤᠨᠢ | ᠡᠷᠬᠢᠮᠪᠠᠳᠤ ᠠᠴᠠ ᠭᠤᠶᠤᠬᠤ ᠦᠭᠡᠢ ᠶᠠᠭᠤᠮ᠎ᠠ ᠦᠭᠡᠢ᠂ ᠭᠡᠪᠡᠴᠦ ᠲᠡᠷᠡ ︿ᠦᠭᠡᠢ﹀ ᠭᠡᠬᠦ ᠦᠭᠡ ᠶᠢ ᠴᠡᠭᠡᠷᠯᠡᠳᠡᠭ | ᠪᠤᠯᠤᠯᠳᠠᠢ᠂ ᠮᠠᠯ ᠰᠦᠷᠦᠭ ᠤᠨ ᠲᠠᠭᠠᠭᠠᠮᠠᠯ ᠳᠠᠭᠠᠨ ᠲᠤᠰᠢᠶᠠᠨ ᠲᠠᠷᠤᠢ ᠳᠤᠨᠢ ᠲᠠᠰᠤᠯᠤᠨ ᠦᠭᠴᠦ ᠯᠡ ᠪᠠᠶᠢᠳᠠᠭ᠃ | ᠡᠶᠢᠮᠦ ᠠᠴᠠ ᠮᠠᠯᠴᠢᠳ ᠪᠢᠰᠢᠷᠡᠬᠦ ᠳᠡᠭᠡᠨ᠄ ︽ᠪᠤᠷᠬᠠᠨ ᠰᠡᠳᠭᠢᠯ ᠲᠠᠢ ᠦᠵᠦᠮᠦᠴᠢᠨ ᠨᠤᠲᠤᠭ ᠤᠨ ᠪᠠᠶᠠᠨ | ᠰᠠᠬᠢᠭᠤᠰᠤ︾ ᠭᠡᠵᠦ ᠨᠡᠶᠢᠳᠡᠮ ᠶᠠᠷᠢᠯᠴᠠᠵᠦ ᠬᠦᠤᠷᠨᠢᠳᠡᠭ᠃ | ⒍ ᠲᠡᠷᠡ ᠪᠤᠯ ᠰᠤᠶᠤᠯ ᠭᠡᠭᠡᠷᠡᠯ ᠢᠶᠠᠷ ᠬᠤᠶᠢᠴᠢ ᠦᠶ᠎ᠡ ᠪᠠᠨ ᠬᠠᠯᠠᠮᠵᠢᠯᠠᠭᠴᠢ ᠠᠯᠤᠰ ᠬᠤᠯᠠ ᠶᠢᠨ | ᠪᠤᠳᠤᠯᠭᠠᠳᠠᠨ ᠶᠤᠮ᠃ ᠡᠷᠬᠢᠮᠪᠠᠳᠤ᠄ ᠮᠤᠩᠭᠤᠯ ᠦᠨᠳᠦᠰᠦᠳᠡᠨ ᠤ ᠬᠠᠮᠤᠭ ᠤᠨ ᠪᠠᠭᠤᠷᠠᠢ ᠲᠠᠯ᠎ᠠ ᠪᠤᠯ ᠪᠢᠴᠢᠭ ᠤᠨ | ᠰᠤᠶᠤᠯ ᠢ ᠲᠠᠶᠠᠭᠳᠠᠭᠰᠠᠨ ᠳᠤ ᠪᠤᠢ᠃ ᠨᠢᠭᠡ ᠦᠨᠳᠦᠰᠦᠳᠡᠨ ᠦᠭᠡᠳᠡᠯᠡᠨ ᠮᠠᠨᠳᠤᠶᠠ ᠭᠡᠪᠡᠯ ᠰᠤᠶᠤᠯ ᠡᠷᠳᠡᠮ ᠢ | ᠡᠵᠡᠮᠰᠢᠬᠦ ᠪᠤᠯ ᠲᠡᠭᠦᠨ ᠤ ᠭᠠᠷᠬᠤ ᠵᠠᠮ ᠮᠦᠨ ᠭᠡᠵᠦ ᠪᠠᠳᠤᠳᠠᠢ ᠦᠵᠡᠳᠡᠭ ᠮᠦᠷᠳᠡᠭᠡᠨ ᠲᠡᠭᠡᠵᠦ ᠬᠤᠪᠢᠷᠠᠯᠳᠠ | ᠭᠠᠷᠭᠠᠬᠤ ᠪᠠᠷ ᠲᠤᠰᠠᠯᠠᠵᠦ ᠲᠡᠮᠵᠢᠭᠰᠡᠭᠡᠷ ᠢᠷᠡᠵᠡᠢ᠃ 1958 ᠤᠨ ᠳᠤ ᠡᠵᠢᠨᠠᠭᠤᠷ ᠪᠠᠭ᠎ᠠ ᠰᠤᠷᠭᠠᠭᠤᠯᠢ ᠶᠢ | ᠪᠠᠶᠢᠭᠤᠯᠬᠤ ᠳᠤ᠂ ᠭᠡᠷ ᠤᠷᠤᠨ ᠰᠠᠭᠤᠴᠠ ᠠᠴᠠ ᠠᠪᠤᠭᠠᠳ ᠤᠯᠠᠨ ᠵᠦᠢᠯ ᠤᠨ ᠬᠡᠷᠡᠭᠴᠡᠭᠡᠨ ᠤ ᠪᠤᠳᠠᠰ | ᠲᠤᠳᠠᠭᠳᠠᠵᠠᠢ᠃ ᠡᠨᠡ ᠪᠠᠶᠢᠳᠠᠯ ᠢ ᠤᠶᠢᠯᠠᠭᠠᠨ ᠮᠡᠳᠡᠭᠡᠳ ᠡᠷᠬᠢᠮᠪᠠᠳᠤ ᠭᠤᠸᠠᠢ ᠮᠠᠯᠴᠢᠳ ᠤᠨ ᠦᠷ᠎ᠡ ᠬᠡᠤᠬᠡᠳ ᠤᠨ | ᠰᠤᠷᠭᠠᠨ ᠬᠦᠮᠦᠵᠢᠯ ᠬᠦᠷᠳᠡᠬᠦ ᠶᠠᠪᠤᠳᠠᠯ ᠢ ᠰᠠᠭᠠᠳᠠᠵᠦ ᠪᠤᠯᠬᠤ ᠦᠭᠡᠢ ᠬᠡᠮᠡᠨ ᠪᠤᠳᠤᠵᠦ᠂ ᠠᠬ᠎ᠠ ᠯᠠᠮᠠ ᠶᠤᠨᠳᠤᠨ ᠢᠶᠠᠷ | ᠦᠪᠴᠢ ᠪᠦᠷᠢᠶᠡᠰᠤᠳᠠᠢ ᠲᠤᠮᠤ ᠮᠤᠩᠭᠤᠯ ᠭᠡᠷ ᠢᠶᠠᠨ ᠠᠴᠢᠶᠠᠯᠠᠨ ᠬᠦᠷᠭᠡᠵᠦ ᠦᠭᠭᠦᠭᠡᠳ᠂ ᠬᠢᠴᠢᠶᠡᠯ ᠤᠨ ᠭᠡᠷ ᠤᠨ | ᠠᠰᠠᠭᠤᠳᠠᠯ ᠢ ᠲᠠᠷᠤᠢ ᠳᠤᠨᠢ ᠰᠡᠢᠳᠪᠤᠷᠢᠯᠡᠵᠦ ᠦᠭᠴᠠᠢ᠃ ᠲᠡᠷᠡ ᠵᠢᠯ᠂ ᠡᠷᠬᠢᠮᠪᠠᠳᠤ ᠡᠬᠡᠪᠤᠯᠠᠭ ᠲᠠᠯᠠᠪᠠᠢ ᠶᠢᠨ | ᠲᠠᠷᠤᠭ᠎ᠠ ᠪᠠᠶᠢᠬᠤ ᠳᠠᠭᠠᠨ ᠪᠠᠷᠠᠭᠤᠨ ᠦᠵᠦᠮᠦᠴᠢᠨ ᠬᠤᠰᠢᠭᠤᠨ ᠠᠴᠠ ᠷᠤᠯᠮ᠎ᠠ ᠭᠡᠳᠡᠭ ᠪᠠᠭᠰᠢ ᠶᠢ ᠵᠠᠯᠠᠵᠦ | ᠠᠪᠴᠢᠷᠠᠨ ᠮᠤᠩᠭᠤᠯ ᠭᠡᠷ ᠤᠨ ᠰᠤᠷᠭᠠᠭᠤᠯᠢ ᠪᠠᠶᠢᠭᠤᠯᠵᠦ᠂ ᠮᠠᠯᠴᠢᠳ ᠤᠨ ᠦᠷ᠎ᠡ ᠬᠡᠤᠬᠡᠳ ᠲᠤ ᠪᠢᠴᠢᠭ ᠰᠤᠶᠤᠯ | ᠦᠵᠡᠭᠦᠯᠬᠦ ᠨᠦᠬᠦᠴᠡᠯ ᠢ ᠪᠦᠷᠢᠯᠳᠦᠭᠦᠯᠦᠨ ᠦᠭᠭᠦᠭᠰᠡᠨ ᠪᠠᠶᠢᠳᠠᠭ᠃ ᠲᠡᠷᠡ ᠦᠷᠭᠦᠯᠵᠢ᠄ ︽ᠰᠤᠶᠤᠯ ᠦᠭᠡᠢ ᠪᠤᠯ | ᠮᠤᠩᠬᠠᠭ᠂ ᠰᠤᠷᠳᠠᠯ ᠦᠭᠡᠢ ᠪᠤᠯ ᠲᠠᠩᠬᠠᠢ ᠪᠤᠯᠳᠠᠭ᠃ ᠬᠤᠵᠢᠮ ᠨᠡᠶᠢᠭᠡᠮ ᠬᠦᠭᠵᠢᠬᠦ ᠲᠤᠲᠤᠮ ᠪᠢᠴᠢᠭ ᠰᠤᠶᠤᠯ | ᠱᠠᠭᠠᠷᠳᠠᠭᠳᠠᠨᠡ᠂ ᠪᠠᠯᠴᠢᠷ ᠪᠠᠭ᠎ᠠ ᠠᠴᠠ ᠪᠠᠨ ᠨᠤᠮ ᠪᠢᠴᠢᠭ ᠰᠤᠷᠭᠠᠬᠤ ᠪᠤᠯ ᠬᠤᠵᠢᠮ ᠤᠨ ᠶᠠᠪᠤᠳᠠᠯ ᠳᠤᠨᠢ | ᠲᠤᠰᠠᠳᠠᠢ᠂ ᠤᠯᠤᠰ ᠤᠨ ᠢᠷᠡᠭᠡᠳᠦᠢ ᠪᠤᠯ ᠰᠤᠶᠤᠯ ᠲᠠᠢ ᠬᠦᠮᠦᠰ ᠢ ᠲᠦᠰᠢᠭᠯᠡᠨ ᠬᠦᠭᠵᠢᠨ᠎ᠡ ᠰᠢᠤ︾ ᠭᠡᠵᠦ | ᠬᠡᠯᠡᠳᠡᠭ ᠪᠦᠭᠡᠳ ᠬᠡᠯᠡᠭᠰᠡᠨ ᠢᠶᠠᠨ ᠴᠤ ᠪᠡᠶᠡᠯᠡᠭᠦᠯᠵᠦ ᠮᠠᠰᠢ ᠤᠯᠠᠨ ᠵᠠᠯᠠᠭᠤᠴᠦᠳ ᠪᠠᠭᠠᠴᠦᠳ ᠢ ᠰᠤᠶᠤᠯ ᠮᠡᠳᠡᠯᠭᠡ | ᠶᠢᠨ ᠵᠠᠮ ᠢᠶᠠᠷ ᠭᠦᠳᠦᠯᠵᠦ᠂ ᠨᠡᠶᠢᠭᠡᠮ ᠤᠨ ᠲᠠᠪᠰᠢᠯᠳᠠ ᠳᠤ ᠦᠢᠯᠡᠴᠢᠯᠡᠭᠦᠯᠦᠭᠰᠡᠨ ᠶᠤᠮ᠃ ᠲᠡᠷᠡ ᠡᠨᠡ ᠮᠡᠳᠦ ᠤᠢ | ᠤᠬᠠᠭᠠᠨ ᠢᠶᠠᠨ ᠰᠢᠪᠬᠠᠵᠦ ᠰᠤᠶᠤᠯ ᠭᠡᠭᠡᠷᠡᠯ ᠤᠨ ᠦᠢᠯᠡᠰ ᠲᠤ ᠵᠢᠳᠭᠦᠯ ᠬᠠᠶᠢᠷ᠎ᠠ ᠪᠠᠨ ᠠᠭᠤᠰᠬᠠᠵᠦ ᠶᠠᠪᠤᠵᠠᠢ᠃ | 1980 ᠭᠠᠳ ᠤᠨ ᠤ ᠡᠬᠢ ᠪᠠᠷ ᠲᠡᠷᠡ ᠪᠠᠷ᠂ ᠮᠠᠯ ᠤᠨ ᠡᠬᠡ ᠪᠡᠯᠡ ᠪᠤᠯᠬᠤ 7 ᠲᠦᠮᠡ 4 ᠮᠢᠩᠭ᠎ᠠ ᠭᠠᠷᠤᠢ | ᠲᠦᠭᠦᠷᠢᠭ ᠠᠷᠠᠳ ᠤᠨ ᠵᠤᠭᠤᠰ ᠢᠶᠠᠨ ᠪᠦᠬᠦᠨ ᠢ ᠰᠤᠷᠭᠠᠨ ᠬᠦᠮᠦᠵᠢᠯ ᠤᠨ ᠦᠢᠯᠡᠰ ᠲᠤ ᠡᠷᠭᠦᠵᠦ᠂ ᠡᠬᠡᠪᠤᠯᠠᠭ | ᠪᠠᠭ᠎ᠠ ᠰᠤᠷᠭᠠᠭᠤᠯᠢ ᠶᠢ ᠰᠢᠨ᠎ᠡ ᠪᠠᠷ ᠴᠤᠭᠴᠠᠯᠠᠨ ᠪᠠᠶᠢᠭᠤᠯᠬᠤ ᠳᠤ ᠲᠤᠮᠤᠬᠠᠨ ᠬᠤᠪᠢ ᠨᠡᠮᠡᠷᠢ ᠪᠠᠨ ᠦᠵᠡᠭᠦᠯᠦᠭᠰᠡᠨ | ᠶᠤᠮ᠃ ᠲᠡᠭᠡᠭᠰᠡᠨ ᠢᠶᠠᠷ ᠨᠢ ᠡᠭᠡᠪᠤᠯᠠᠭ ᠰᠤᠷᠭᠠᠭᠤᠯᠢ ᠢ ᠪᠠᠰᠠ ︽ᠡᠷᠬᠢᠮᠪᠠᠳᠤ ᠶᠢᠨ ᠰᠤᠷᠭᠠᠭᠤᠯᠢ︾ ᠴᠤ ᠭᠡᠳᠡᠭ᠃ | ᠲᠤᠰ ᠰᠤᠷᠭᠠᠭᠤᠯᠢ ᠨᠢ ᠤᠷᠤᠨ ᠠᠶᠢᠮᠠᠭ ᠲᠠᠭᠠᠨ ᠰᠤᠷᠭᠠᠭᠤᠯᠢ ᠶᠢᠨ ᠪᠦᠳᠦᠭᠡᠨ ᠪᠠᠶᠢᠭᠤᠯᠤᠯᠳᠠ ᠶᠢᠨ ᠴᠤᠭᠴᠠᠯᠠᠪᠤᠷᠢ | ᠂ ᠰᠤᠷᠬᠤ ᠨᠠᠰᠤᠨ ᠤ ᠬᠡᠤᠬᠡᠳ` ᠤᠨ ᠰᠤᠷᠤᠯᠭ᠎ᠠ ᠶᠢᠨ ᠶᠠᠰᠤ ᠴᠢᠨᠠᠷ ᠤᠨ ᠲᠠᠯ᠎ᠠ ᠪᠠᠷ ᠰᠢᠯᠢᠳᠡᠭ ᠬᠡᠮᠵᠢᠶᠡᠨ ᠳᠤ | ᠬᠦᠷᠴᠦ᠂ ︽ᠰᠢᠯᠢᠳᠡᠭ ᠪᠤᠯᠪᠠᠰᠤᠨ ᠰᠤᠷᠭᠠᠭᠤᠯᠢ︾ ᠪᠠᠷ ᠤᠯᠠᠨᠳᠠ ᠴᠤᠯᠠᠯᠠᠭᠤᠯᠤᠨ ᠶᠠᠪᠤᠵᠠᠢ᠃ ᠲᠠᠪᠢᠭᠠᠳ ᠵᠢᠯ | ᠤᠨ ᠲᠤᠷᠰᠢ᠂ ᠲᠤᠰ ᠰᠤᠷᠭᠠᠭᠤᠯᠢ ᠠᠴᠠ ᠲᠡᠭᠦᠰᠦᠭᠰᠡᠨ ᠰᠤᠷᠤᠭᠴᠢᠳ ᠤᠨ ᠲᠤᠭ᠎ᠠ ᠬᠤᠶᠠᠷ ᠮᠢᠩᠭ᠎ᠠ ᠭᠠᠷᠤᠢ ᠳᠤ | ᠬᠦᠷᠴᠦ᠂ ᠡᠷᠬᠢᠮ ᠠᠮᠪᠠ ᠶᠢᠨ ᠬᠦᠰᠡᠯ ᠵᠤᠷᠢᠯᠳᠠ ᠶᠢ ᠪᠠᠶᠠᠯᠡᠭᠦᠯᠦᠭᠰᠡᠨ ︽ᠬᠦᠮᠦᠨ ᠬᠦᠮᠦᠵᠢᠭᠦᠯᠬᠦ︾ ᠬᠠᠯᠠᠭᠤᠨ | ᠦᠯᠦᠭᠡᠢ ᠪᠤᠯᠵᠦ᠂ ᠰᠤᠶᠤᠯ ᠮᠡᠳᠡᠯᠭᠡ ᠲᠠᠢ ᠴᠢᠳᠠᠪᠤᠷᠢᠳᠠᠢ ᠮᠠᠯᠴᠢᠳ ᠢ ᠬᠦᠮᠦᠵᠢᠭᠦᠯᠦᠨ ᠨᠡᠶᠢᠭᠡᠮ ᠳᠤ ᠲᠤᠰᠢᠶᠠᠨ | ᠦᠭᠴᠦ᠂ ᠦᠢᠯᠡᠳᠪᠦᠷᠢᠯᠡᠯ ᠪᠦᠳᠦᠭᠡᠨ ᠪᠠᠶᠢᠭᠤᠯᠤᠯᠳᠠ ᠳᠤ ᠢᠳᠡᠪᠬᠢ ᠦᠢᠯᠡᠳᠦᠯ ᠢᠶᠠᠨ ᠦᠵᠡᠭᠦᠯᠦᠭᠰᠡᠨ ᠪᠠᠶᠢᠭ᠎ᠠ | ᠶᠤᠮ᠃ ᠲᠡᠭᠦᠨ ᠤ ᠮᠠᠯ ᠤᠨ ᠡᠬᠡ ᠪᠡᠯᠡ ᠶᠢᠨ ᠬᠦᠷᠦᠩᠭᠡ ᠪᠤᠯ ᠭᠡᠷ ᠪᠦᠯᠢ ᠶᠢᠨ ᠬᠡᠷᠡᠭᠯᠡᠭᠡᠨ ᠤ ᠠᠮᠢᠳᠤᠷᠠᠯ ᠤᠨ | ᠭᠦᠢᠯᠭᠡᠭᠡᠨ ᠤ ᠮᠦᠩᠭᠦ ᠪᠠᠶᠢᠬᠤ ᠶᠤᠰᠤᠳᠠᠢ᠃ ᠭᠡᠳᠡᠯ᠎ᠡ ᠲᠡᠷᠡ ᠦᠪᠡᠷ ᠤᠨ ᠠᠮᠢᠳᠤᠷᠠᠯ ᠳᠠᠭᠠᠨ ᠦᠴᠦᠭᠡᠨ ᠲᠡᠳᠦᠢ | ᠴᠤ ᠵᠠᠷᠤᠭᠰᠠᠨ ᠦᠭᠡᠢ ᠮᠦᠷᠳᠡᠭᠡᠨ ᠦᠷ᠎ᠡ ᠬᠡᠤᠬᠡᠳ ᠲᠡᠭᠡᠨ ᠴᠤ ᠬᠤᠪᠢᠶᠠᠨ ᠦᠭᠭᠦᠭᠰᠡᠨ ᠦᠭᠡᠢ ᠪᠦᠬᠦᠨ ᠢ ᠰᠤᠶᠤᠯ | ᠭᠡᠭᠡᠷᠡᠯ ᠤᠨ ᠦᠢᠯᠡᠰ ᠲᠤ ᠡᠷᠭᠦᠭᠰᠡᠨ ᠶᠠᠪᠤᠳᠠᠯ ᠪᠤᠯ ᠬᠤᠪᠢ ᠪᠡᠶ᠎ᠡ ᠪᠠᠨ ᠦᠴᠦᠬᠡᠨ ᠴᠤ ᠪᠤᠳᠤᠳᠠᠭ ᠦᠭᠡᠢ ᠡᠪ | ᠬᠠᠮᠳᠤ ᠶᠢᠨ ᠵᠤᠷᠢᠭ ᠰᠠᠨᠠᠭ ᠶᠢ ᠢᠯᠡᠷᠡᠭᠦᠯᠦᠭᠰᠡᠨ ᠢ ᠦᠨᠡᠯᠡᠭᠦᠰᠢᠳᠡᠢ ᠶᠤᠮ᠃ | ⒎ ᠲᠡᠷᠡ ᠪᠤᠯ ᠤᠯᠤᠰ ᠤᠨ ᠠᠯᠳᠠᠷᠳᠦ ᠲᠠᠮᠢᠷᠴᠢᠨ᠂ ᠲᠠᠯ᠎ᠠ ᠨᠤᠲᠤᠭ ᠤᠨ ︽ᠡᠷᠡᠯᠬᠡᠭ ᠪᠦᠷᠭᠦᠳ︾ | ᠢᠳᠡᠳᠡᠨ ᠬᠦᠴᠦᠳᠡᠨ ᠪᠠᠶᠢᠭ᠎ᠠ ᠶᠤᠮ᠃ ᠡᠷᠬᠢᠮᠪᠠᠳᠤ ᠠᠷᠪᠠᠨ ᠨᠠᠢᠮᠠᠳᠠᠢ ᠠᠴᠠ ᠡᠬᠢᠯᠡᠨ ᠨᠠᠶᠢᠷ ᠤᠨ ᠴᠢᠮᠡᠭ ᠪᠤᠯᠵᠦ᠂ | ᠪᠦᠬᠡ ᠶᠢᠨ ᠪᠠᠷᠢᠯᠳᠤᠭᠠᠨ ᠳᠤ ᠤᠷᠤᠵᠦ ᠶᠠᠪᠤᠬᠤ ᠳᠠᠭᠠᠨ᠂ ᠲᠦᠷᠪᠡᠨ ᠵᠢᠯ ᠪᠤᠰᠤᠭ᠎ᠠ ᠶᠠᠪᠤᠵᠦ ᠠᠷᠰᠯᠠᠨ ᠪᠠᠷᠰ ᠰᠢᠭ᠋ | ᠲᠤᠭᠯᠠᠨ᠂ ᠴᠢᠯᠦᠭᠡᠯᠡᠭᠳᠡᠬᠦ ᠠᠴᠠ ᠡᠮᠦᠨ᠎ᠡ ᠡᠯ᠎ᠡ ᠬᠤᠰᠢᠭᠤ ᠴᠢᠭᠤᠯᠭᠠᠨ ᠤ ᠶᠡᠭᠡ ᠨᠠᠶᠢᠷ᠂ ᠨᠤᠶᠠᠳ ᠭᠡᠭᠡᠳ ᠤᠨ | ᠨᠠᠶᠢᠷ᠂ ᠤᠪᠤᠭ᠎ᠠ ᠲᠠᠬᠢᠯᠭ᠎ᠠ ᠶᠢᠨ ᠨᠠᠶᠢᠷ ᠵᠡᠷᠭᠡ ᠶᠡᠭᠡ ᠪᠠᠭ᠎ᠠ ᠨᠠᠶᠢᠷ ᠲᠤ 143 ᠤᠳᠠᠭ᠎ᠠ ᠲᠡᠷᠢᠭᠦᠯᠡᠵᠦ ᠶᠠᠪᠤᠭᠰᠠᠨ | ᠪᠦᠭᠡᠳ ᠰᠢᠨ᠎ᠡ ᠲᠤᠮᠳᠠᠳᠤ ᠤᠯᠤᠰ ᠤᠨ ᠠᠩᠬᠠᠨ ᠤ ᠦᠶ᠎ᠡ ᠳᠤ ᠶᠠᠪᠤᠭᠳᠠᠭᠰᠠᠨ ᠰᠢᠯᠢ ᠶᠢᠨ ᠭᠤᠤᠯ ᠠᠶᠢᠮᠠᠭ ᠤᠨ | ᠶᠡᠭᠡ ᠨᠠᠶᠢᠷ ᠤᠨ 512 ᠪᠦᠬᠡ ᠲᠠᠢ ᠮᠤᠩᠭᠤᠯ ᠪᠦᠬᠡ ᠶᠢᠨ ᠪᠠᠷᠢᠯᠳᠤᠭᠠᠨ ᠳᠤ ᠭᠤᠷᠪᠠ ᠤᠳᠠᠭ᠎ᠠ ᠲᠡᠷᠢᠭᠦᠯᠡᠨ᠂ | ᠠᠶᠢᠮᠠᠭ ᠲᠠᠶᠠᠭᠠᠷ ︽ᠠᠪᠤᠷᠭᠤ ᠡᠷᠬᠢᠮᠪᠠᠳᠤ︾ ᠭᠡᠵᠦ ᠠᠯᠳᠠᠷᠰᠢᠬᠤ ᠪᠤᠯᠵᠠᠢ᠃ ᠲᠡᠭᠦᠨ ᠢᠶᠠᠷ ᠪᠠᠷᠠᠬᠤ ᠦᠭᠡᠢ ᠤᠯᠤᠰ | ᠤᠨ ᠲᠤᠮᠳᠠᠳᠤ ᠮᠠᠶ᠋ᠢᠭ ᠤᠨ ᠪᠦᠬᠡ ᠶᠢᠨ ᠠᠪᠤᠷᠭᠤ ᠰᠢᠯᠭᠠᠷᠠᠭᠤᠯᠬᠤ ᠤᠷᠤᠯᠳᠤᠭᠠᠨ ᠳᠤ ᠬᠦᠨᠳᠦ ᠲᠡᠰ ᠲᠤ ᠲᠡᠳ᠋ᠯᠡᠵᠦ | ︽ᠤᠯᠤᠰ ᠤᠨ ᠨᠢᠭᠡᠳᠦᠭᠡᠷ ᠲᠡᠰ ᠤᠨ ᠰᠢᠯᠢᠳᠡᠭ ᠲᠠᠮᠢᠷᠴᠢᠨ︾ ᠢᠶᠠᠷ ᠴᠤᠯᠠᠯᠠᠭᠳᠠᠵᠦ᠂ ᠪᠠᠰᠠ ᠮᠠᠤ ᠽᠧ ᠳ᠋ᠦᠩ | ᠲᠡᠷᠢᠭᠦᠯᠡᠭᠴᠢ ᠵᠡᠷᠭᠡ ᠨᠠᠮ ᠲᠦᠷᠦ ᠶᠢᠨ ᠤᠳᠤᠷᠢᠳᠤᠭᠴᠢᠳ ᠤᠨ ᠲᠤᠲᠤᠨᠤ ᠠᠭᠤᠯᠵᠠᠯᠳᠠ ᠶᠢ ᠬᠦᠯᠢᠶᠡᠨ᠂ ᠲᠢᠶᠠᠨ | ᠠᠨ ᠮᠧᠨ ᠠᠰᠠᠷ ᠲᠤ ᠦᠵᠡᠭᠦᠯᠦᠯᠭᠡ ᠶᠢᠨ ᠪᠠᠷᠢᠯᠳᠤᠭᠠᠨ ᠬᠢᠵᠦ᠂ ᠮᠤᠩᠭᠤᠯ ᠪᠦᠬᠡ ᠶᠢᠨ ᠠᠯᠳᠠᠷ ᠢᠶᠠᠨ ᠶᠡᠭᠡ | ᠭᠦᠷᠦᠨ ᠳᠡᠭᠡᠨ ᠠᠯᠳᠠᠷᠰᠢᠭᠤᠯᠵᠦ ᠶᠠᠪᠤᠵᠠᠢ᠃ ᠲᠡᠭᠦᠨ ᠤ ᠠᠯᠢ ᠴᠤ ᠴᠠᠭ ᠦᠶ᠎ᠡ ᠶᠢᠨ ᠦᠩᠭᠡᠷᠡᠯᠳᠡ ᠨᠢ ᠠᠪᠤᠷᠭᠤ | ᠪᠦᠬᠡ ᠶᠢᠨ ᠪᠠᠷᠢᠯᠳᠤᠭᠠᠨ ᠲᠠᠢ ᠪᠠᠨ ᠠᠯᠳᠠᠷ ᠨᠠᠷᠠ ᠨᠢ ᠴᠤᠭ ᠲᠠᠭᠤᠷᠢᠰᠴᠤ ᠯᠠ ᠪᠠᠶᠢᠳᠠᠭ᠃ ᠠᠬᠠᠮᠠᠳ ᠪᠤᠭᠤᠷᠤᠯ | ᠤᠳ᠄ ᠡᠷᠬᠢᠮᠪᠠᠳᠤ ᠪᠤᠯ ᠤᠢ ᠪᠢᠯᠢᠭ᠂ ᠴᠢᠳᠠᠯ ᠬᠦᠴᠦ᠂ ᠪᠦᠬᠡ ᠶᠢᠨ ᠡᠷᠳᠡᠮ ᠮᠡᠷᠭᠡᠵᠢᠯ ᠵᠡᠷᠭᠡ ᠭᠤᠷᠪᠠ ᠶᠢ | ᠪᠦᠷᠢᠯᠳᠦᠭᠦᠯᠦᠭᠰᠡᠨ ᠪᠦᠬᠡ ᠶᠤᠮ ᠭᠡᠵᠦ ᠶᠠᠷᠢᠯᠴᠠᠳᠠᠭ ᠠᠵᠠᠢ᠃ | ⒏ ᠲᠡᠷᠡ ᠪᠤᠯ ᠦᠨᠡᠨ ᠢ ᠰᠠᠬᠢᠳᠠᠭ᠂ ᠠᠵᠢᠯ ᠳᠠᠭᠠᠨ ᠲᠦᠢᠯ ᠤᠨ ᠬᠠᠷᠢᠭᠤᠴᠠᠯᠭ᠎ᠠ ᠲᠠᠢ᠂ ᠠᠷᠢᠭᠤᠨ | ᠴᠢᠭᠴᠢ ᠲᠦᠷᠦ ᠶᠢᠨ ᠠᠯᠪᠠᠳᠠᠨ ᠶᠤᠮ᠃ ᠡᠷᠬᠢᠮᠪᠠᠳᠤ ᠭᠤᠸᠠᠢ 1948 ᠤᠨ ᠳᠤ ᠬᠤᠪᠢᠰᠬᠠᠯ ᠤᠨ ᠠᠵᠢᠯ ᠳᠤ | ᠤᠷᠤᠯᠴᠠᠭᠰᠠᠨ ᠠᠴᠠ ᠨᠠᠰᠢ ᠠᠷᠠᠳᠴᠢᠯᠠᠭᠰᠠᠨ ᠬᠤᠪᠢᠰᠬᠠᠯ ᠤᠨ ᠱᠠᠳᠤ ᠦᠶ᠎ᠡ᠂ ᠨᠡᠶᠢᠭᠡᠮ ᠵᠢᠷᠤᠮᠳᠤ ᠦᠭᠡᠷᠡᠴᠢᠯᠡᠯᠳᠡ | ᠶᠢᠨ ᠱᠠᠳᠤ ᠦᠶ᠎ᠡ᠂ ᠰᠤᠶᠤᠯ ᠤᠨ ᠬᠤᠪᠢᠰᠬᠠᠯ ᠤᠨ ᠦᠶ᠎ᠡ᠂ ᠦᠭᠡᠷᠡᠴᠢᠯᠡᠯᠳᠡ ᠨᠡᠭᠡᠭᠡᠯᠳᠡ ᠶᠢᠨ ᠡᠬᠢᠨ ᠤ | ᠬᠤᠭᠤᠴᠠᠭ᠎ᠠ ᠵᠡᠷᠭᠡ ᠲᠦᠴᠢ ᠰᠢᠬᠠᠮ ᠤᠨ ᠵᠢᠯ ᠤᠨ ᠬᠠᠳᠠᠭᠤ ᠪᠡᠷᠭᠡ ᠲᠠᠪᠳᠠᠯᠳᠠ ᠶᠢ ᠲᠤᠭᠤᠯᠤᠨ ᠠᠵᠢᠯᠠᠯᠬᠤ | ᠳᠠᠭᠠᠨ ᠨᠤᠮᠤᠬᠠᠨ ᠲᠠᠷᠤᠤ ᠰᠤᠷᠤᠯᠴᠠᠬᠤ ᠲᠤᠷᠠᠳᠠᠢ᠂ ᠠᠵᠢᠯ ᠳᠠᠭᠠᠨ ᠦᠨᠡᠨᠴᠢ ᠬᠠᠯᠠᠭᠤᠮᠰᠤᠭ ᠪᠦᠭᠡᠳ | ᠬᠠᠷᠢᠭᠤᠴᠠᠯᠭ᠎ᠠ ᠲᠠᠢ᠂ ᠨᠦᠬᠦᠳ ᠲᠠᠢ ᠪᠠᠨ ᠡᠶᠡᠯᠳᠡᠭ ᠪᠦᠭᠡᠳ ᠪᠦᠯᠬᠦᠮᠳᠡᠯ ᠲᠠᠢ ᠪᠠᠶᠢᠵᠦ᠂ ᠤᠷᠬᠢᠯᠤᠮ᠎ᠠ ᠬᠠᠯᠠᠭᠤᠨ | ᠰᠡᠳᠭᠢᠯᠭᠡ ᠪᠠᠷ ᠨᠢᠭᠡ ᠡᠳᠦᠷ ᠮᠡᠳᠦ ᠦᠩᠭᠡᠷᠡᠭᠡᠭᠰᠡᠨ ᠪᠠᠶᠢᠯ᠎ᠠ᠃ ᠲᠡᠷᠡ᠂ ᠨᠢᠭᠡ ᠦᠨᠳᠦᠰᠦᠨ ᠱᠠᠳᠤᠨ ᠳᠤ | ᠠᠵᠢᠯᠯᠠᠳᠠᠭ ᠡᠩ ᠤᠨ ᠺᠠᠳᠠᠷ ᠪᠤᠯᠪᠠᠴᠤ ᠮᠠᠰᠢ ᠤᠯᠠᠨ ᠲᠤᠮᠤ ᠶᠠᠪᠤᠳᠠᠯ ᠢ ᠬᠢᠵᠦ ᠪᠦᠳᠦᠭᠡᠭᠰᠡᠨ ᠠᠵᠢᠯ ᠤᠨ ᠬᠢᠷᠢ | ᠪᠦᠳᠦᠮᠵᠢ ᠶᠢᠨ ᠦᠨᠳᠦᠷ ᠠᠮᠵᠢᠯᠳᠠ ᠶᠢ ᠤᠯᠤᠭᠰᠠᠨ ᠶᠤᠮ᠃ ᠲᠡᠷᠡ ᠪᠤᠯ ᠦᠨᠡᠨ ᠢ ᠪᠠᠷᠢᠮᠳᠠᠯᠠᠵᠦ ᠠᠵᠢᠯ ᠤᠨ | ᠦᠷ᠎ᠡ ᠪᠦᠳᠦᠮᠵᠢ ᠪᠠᠷ ᠪᠠᠷᠢᠮᠵᠢᠶ᠎ᠠ ᠪᠤᠯᠭᠠᠨ ᠪᠡᠶ᠎ᠡ ᠪᠠᠨ ᠱᠠᠭᠠᠷᠳᠠᠳᠠᠭ᠃ ᠲᠡᠭᠦᠨ ᠤ ᠬᠡᠪ ᠰᠤᠷᠳᠠᠯ᠂ ᠦᠭᠡ ᠶᠠᠷᠢᠶ᠎ᠠ᠂ | ᠦᠢᠯᠡ ᠠᠵᠢᠯᠯᠠᠭ᠎ᠠ ᠨᠢ ᠨᠠᠮ ᠲᠦᠷᠦ ᠳᠡᠭᠡᠨ ᠦᠨᠡᠨᠴᠢ ᠰᠢᠳᠦᠷᠭᠤ ᠬᠡᠵᠢᠶᠡᠳᠡ ᠰᠡᠳᠭᠢᠯ ᠬᠤᠪᠢᠷᠠᠬᠤ ᠦᠭᠡᠢ ᠪᠠᠶᠢᠵᠦ | ᠂ ᠠᠷᠠᠳ ᠲᠦᠮᠡᠨ ᠤ ᠦᠨᠳᠦᠰᠦᠨ ᠠᠰᠢᠭ ᠲᠤᠰᠠ ᠠᠴᠠ ᠡᠭᠦᠰᠴᠤ᠂ ᠤᠯᠤᠰ ᠤᠷᠤᠨ ᠤ ᠠᠮᠤᠷ ᠲᠤᠭᠳᠠᠭᠤᠨ | ᠪᠠᠶᠢᠬᠤ᠂ ᠮᠠᠯᠴᠢᠨ ᠲᠦᠮᠡᠨ ᠤ ᠠᠮᠢᠳᠤᠷᠠᠯ ᠤᠨ ᠬᠢᠷᠢ ᠲᠦᠪᠰᠢᠨ ᠢ ᠲᠡᠭᠡᠭᠰᠢᠯᠡᠭᠦᠯᠵᠦ᠂ ᠵᠤᠯ ᠵᠢᠷᠭᠠᠯ ᠡᠳ᠋ᠯᠡᠬᠦᠯᠬᠦ | ᠵᠤᠷᠢᠯᠳᠠ ᠠᠴᠠ ᠪᠠᠨ ᠶᠡᠷᠦ ᠰᠠᠯᠤᠭᠰᠠᠨ ᠦᠭᠡᠢ ᠶᠤᠮ᠃ | ⒐ᠲᠡᠷᠡ ᠪᠤᠯ ᠲᠡᠷᠢᠭᠦᠨ ᠤ ᠶᠤᠰᠤ ᠮᠤᠷᠠᠯ ᠤᠨ ᠲᠠᠭᠤᠷᠢᠶᠠᠯ᠂ ᠵᠢᠱᠢᠶᠡᠴᠢ ᠡᠪ ᠬᠠᠮᠳᠤ ᠨᠠᠮ ᠤᠨ ᠭᠡᠰᠢᠭᠦᠨ | ᠮᠦᠨ᠃ ᠲᠡᠷᠡ ᠨᠠᠰᠤᠨ ᠲᠤᠷᠰᠢ ᠶᠢᠨ ᠠᠮᠢᠳᠤᠷᠠᠯ ᠤᠨ ᠲᠤᠮᠳᠠ ᠪᠠᠨ ᠴᠡᠭᠡᠵᠢ ᠠᠭᠤᠳᠠᠮ ᠰᠠᠨᠠᠭ᠎ᠠ ᠲᠤᠩᠭᠠᠯᠠᠭ | ᠪᠠᠶᠢᠵᠦ᠂ ᠠᠭᠤᠷᠯᠠᠵᠦ ᠪᠠᠴᠢᠮᠳᠠᠬᠤ ᠦᠭᠡᠢ᠂ ᠮᠠᠭᠤ ᠦᠬᠡ ᠶᠢ ᠠᠮᠠ ᠪᠠᠷ ᠭᠠᠷᠭᠠᠬᠤ ᠦᠭᠡᠢ᠂ ᠬᠠᠷᠢᠶᠠᠯ ᠵᠦᠬᠡᠯ ᠢ | ᠮᠡᠳᠡᠳᠡᠭ ᠦᠭᠡᠢ᠂ ᠮᠠᠭᠤ ᠰᠠᠨᠠᠭ᠎ᠠ ᠡᠪᠦᠷᠯᠡᠬᠦ ᠦᠭᠡᠢ᠂ ᠬᠡᠷᠡᠭ ᠤᠴᠢᠷ ᠢ ᠰᠠᠶᠢᠨ ᠤ ᠵᠦᠭ ᠲᠤᠨᠢ ᠪᠡᠯᠭᠡᠰᠢᠶᠡᠨ | ᠶᠠᠷᠢᠵᠦ ᠪᠠᠶᠢᠳᠠᠭ ᠶᠡᠷᠦ ᠪᠤᠰᠤ ᠶᠢᠨ ᠬᠡᠪ ᠪᠤᠯᠪᠠᠰᠤᠷᠠᠯ ᠲᠠᠢ ᠬᠦᠮᠦᠨ ᠪᠠᠶᠢᠯ᠎ᠠ᠃ ᠠᠬᠠᠮᠠᠳ ᠤᠳ᠄ ᠡᠷᠬᠢᠮᠪᠠᠳᠤ ᠤᠨ | ᠴᠢᠬᠤᠯᠳᠠᠵᠦ ᠪᠠᠴᠢᠮᠳᠡᠨ᠂ ᠬᠠᠷᠢᠶᠠᠵᠦ ᠵᠠᠩᠨᠠᠬᠤ ᠶᠢ ᠶᠡᠷᠦ ᠠᠴᠠ ᠤᠯᠵᠦ ᠰᠤᠨᠤᠰᠤᠭᠰᠠᠨ ᠦᠭᠡᠢ ᠭᠡᠵᠦ ᠬᠡᠯᠡᠯᠴᠡᠳᠡᠭ᠃ | ᠲᠡᠷᠡ ᠭᠡᠷ ᠲᠡᠭᠡᠨ ᠴᠤ ᠭᠡᠳ ᠬᠡᠤᠬᠡᠳ ᠢᠶᠠᠨ ᠴᠢᠩᠭ᠎ᠠ ᠰᠤᠷᠭᠠᠳᠠᠭ ᠵᠠᠩᠰᠢᠯ ᠲᠠᠢ᠃ ᠨᠢᠭᠡ ᠤᠳᠠᠭ᠎ᠠ ᠪᠠᠭ᠎ᠠ ᠬᠡᠤᠬᠡᠨ | ᠬᠤᠸᠠᠷ ᠤᠨ ᠢᠶᠠᠨ ᠬᠦᠮᠦᠨ ᠳᠤ ︿ᠲᠡᠷᠡ ᠵᠢᠭᠠᠬᠠᠨ ᠡᠷᠭᠢᠭᠦᠤ ᠲᠠᠢ ᠪᠠ﹀ ᠭᠡᠵᠦ ᠶᠠᠷᠢᠬᠤ ᠶᠢ ᠰᠤᠨᠤᠰᠤᠭᠠᠳ᠄ ︽ | ᠴᠢ ᠬᠡᠨ ᠢ ᠬᠡᠯᠡᠵᠦ ᠪᠠᠶᠢᠬᠤ ᠶᠤᠮ︖ ᠡᠷᠭᠢᠭᠦᠤ ᠲᠠᠢ ᠭᠡᠵᠦ ᠬᠦᠮᠦᠨ ᠢ ᠬᠡᠯᠡᠭᠰᠡᠨ ᠬᠦᠮᠦᠨ ᠬᠠᠷᠢᠨ ᠦᠪᠡᠷ ᠢᠶᠠᠨ | ᠡᠷᠭᠢᠬᠦᠤ ᠪᠠᠶᠢᠵᠦ ᠮᠡᠳᠡᠨ᠎ᠡ ᠰᠢᠤ᠂ ᠬᠤᠵᠢᠮ ᠬᠦᠮᠦᠨ ᠢ ᠲᠡᠭᠡᠵᠦ ᠬᠡᠯᠡᠵᠦ ᠪᠤᠯᠬᠤ ᠦᠭᠡᠢ᠂ ᠮᠠᠭᠤ ᠦᠭᠡ ᠮᠤᠳᠤᠨ | ᠤᠯᠠᠭ᠎ᠠ ᠲᠠᠢ ᠭᠡᠳᠡᠭ ᠶᠤᠮ︾ ᠭᠡᠵᠦ ᠬᠠᠳᠠᠭᠤ ᠰᠤᠷᠭᠠᠯ ᠬᠠᠶᠢᠷᠠᠯᠠᠭᠰᠠᠨ ᠪᠠᠶᠢᠳᠠᠭ᠃ ᠠᠷᠪᠠᠨ ᠵᠢᠯ ᠤᠨ ᠰᠤᠶᠤᠯ ᠤᠨ | ᠶᠡᠭᠡ ᠬᠤᠪᠢᠰᠬᠠᠯ ᠤᠨ ᠭᠠᠳᠠᠭᠤᠷᠴᠢᠯᠠᠯ ᠲᠠᠮᠤᠯᠠᠯ ᠳᠤ ᠤᠴᠠᠷᠠᠭᠰᠠᠨ ᠲᠡᠷᠡ ᠪᠠᠷ ᠮᠠᠭᠤᠰᠢᠶᠠᠨ ᠭᠤᠮᠤᠳᠠᠭᠰᠠᠨ ᠦᠬᠡ | ᠬᠡᠯᠡᠬᠦ ᠳᠤ ᠬᠦᠮᠦᠰ ᠲᠡᠭᠦᠨ ᠢ ᠪᠤᠷᠤᠭᠤᠳᠬᠠᠬᠤ ᠪᠠᠷ ᠦᠭᠡᠢ ᠪᠠᠶᠢᠭᠰᠠᠨ ᠶᠤᠮ᠃ ᠭᠡᠳᠡᠯ᠎ᠡ ᠲᠡᠷᠡ ᠶᠠᠮᠠᠷ ᠴᠤ ᠬᠢᠯᠢᠰ | ᠭᠤᠮᠤᠳᠠᠯ ᠲᠤᠭᠠᠴᠠᠭᠰᠠᠨ ᠦᠭᠡᠢ ᠪᠠᠷ᠄ ︽ᠡᠨᠡ ᠤᠳᠠᠭ᠎ᠠ ᠶᠢᠨ ᠤᠯᠤᠰ ᠲᠦᠷᠦ ᠶᠢᠨ ᠬᠦᠳᠡᠯᠭᠡᠭᠡᠨ ᠭᠠᠭᠴᠠ ᠨᠠᠳᠠ | ᠲᠡᠭᠡᠷ᠎ᠡ ᠲᠤᠰᠤᠭᠰᠠᠨ ᠪᠢᠰᠢ᠂ ᠮᠠᠰᠢ ᠤᠯᠠᠨ ᠬᠦᠮᠦᠰ ᠬᠤᠯᠪᠤᠭᠳᠠᠭᠰᠠᠨ ᠶᠤᠮ᠃ ᠬᠡᠨ ᠨᠠᠮᠠᠶᠢ ᠪᠠᠶᠠᠨ ᠶᠠᠪᠤᠵᠦ᠂ ᠮᠠᠯ | ᠤᠨ ᠡᠵᠡᠨ ᠪᠤᠯ ᠭᠡᠰᠡᠨ ᠶᠤᠮ᠂ ᠦᠵᠦᠮᠦᠴᠢᠨ ᠳᠤ ᠨᠠᠮᠠᠶᠢ ᠲᠡᠮᠡᠴᠡᠬᠦ ᠦᠭᠡᠢ ᠶᠠᠭᠠᠬᠢᠵᠦ ᠪᠤᠯᠬᠤ ᠶᠤᠮ ᠳ᠋ᠠ︾ ᠭᠡᠵᠦ | ᠬᠡᠯᠡᠵᠡᠢ᠃ ᠲᠡᠷᠡ ᠮᠦᠷᠳᠡᠭᠡᠨ ᠲᠡᠳᠡᠭᠡᠷ ᠲᠡᠮᠡᠴᠡᠵᠦ ᠬᠠᠯᠠ ᠦᠵᠡᠭᠦᠯᠵᠦ ᠪᠠᠶᠢᠭᠰᠠᠨ ᠬᠦᠮᠦᠰ ᠲᠠᠢ ᠡᠶᠡᠯᠳᠡᠭ ᠢᠶᠠᠷ | ᠬᠠᠷᠢᠯᠴᠠᠵᠦ᠂ ᠨᠦᠬᠦᠷᠰᠡᠭ ᠢᠶᠠᠷ ᠬᠠᠨᠳᠤᠳᠠᠭ ᠪᠠᠶᠢᠪᠡ᠃ ᠲᠦᠷᠦ ᠶᠢᠨ ᠪᠤᠳᠤᠯᠭ᠎ᠠ ᠨᠠᠶᠢᠳᠠᠪᠤᠷᠢᠵᠢᠭᠤᠯᠤᠨ | ᠴᠠᠭᠠᠳᠬᠠᠬᠤ ᠬᠤᠷᠠᠯ ᠲᠡᠭᠡᠷ᠎ᠡ ᠴᠤ ᠮᠠᠰᠢ ᠤᠯᠠᠨ ᠬᠢᠯᠢᠰ ᠢᠶᠠᠷ ᠠᠪᠳᠠᠭᠰᠠᠨ ᠬᠦᠮᠦᠰ ᠬᠡᠷᠡᠭ ᠨᠡᠭᠡᠵᠦ ᠵᠠᠪᠳᠤᠬᠤ | ᠦᠭᠡᠢ ᠪᠠᠶᠢᠬᠤ ᠳᠤ᠂ ᠡᠷᠬᠢᠮ ᠠᠮᠪᠠ ᠬᠤᠷᠢᠶᠠᠭᠳᠠᠭᠰᠠᠨ ᠠᠯᠢᠪᠠ ᠡᠳ᠋ ᠬᠦᠷᠦᠩᠭᠡ ᠪᠠᠨ ᠶᠠᠷᠦ ᠠᠴᠠ ᠨᠡᠭᠡᠵᠦ | ᠠᠪᠤᠭᠰᠠᠨ ᠦᠭᠡᠢ ᠮᠦᠷᠳᠡᠭᠡᠨ ᠤᠷᠪᠠᠯᠭ᠎ᠠ ᠭᠠᠷᠭᠠᠭᠴᠢᠳ ᠢ ᠴᠤ ᠢᠯᠡᠴᠢᠯᠡᠨ ᠰᠢᠭᠦᠮᠵᠢᠯᠡᠭᠰᠡᠨ ᠴᠤ ᠦᠭᠡᠢ | ᠦᠩᠭᠡᠷᠡᠭᠡᠵᠡᠢ᠃ ᠲᠡᠷᠡ᠄ ︽ᠨᠡᠶᠢᠭᠡᠮ ᠲᠡᠭᠡᠷ᠎ᠡ ᠭᠠᠷᠤᠭᠰᠠᠨ ᠤᠯᠤᠰ ᠲᠦᠷᠦ ᠶᠢᠨ ᠰᠠᠮᠠᠭᠤᠷᠠᠯ ᠡ︕ ᠡᠳᠡᠭᠡᠷ | ᠬᠦᠮᠦᠰ ᠬᠢᠶ᠎ᠡ ᠭᠡᠳ ᠵᠤᠷᠢᠯᠭ᠎ᠠ ᠲᠠᠢ ᠬᠢᠭᠰᠡᠨ ᠴᠣ᠋ ᠪᠢᠰᠢ ᠰᠢᠤ︾ ᠭᠡᠵᠦ ᠬᠡᠯᠡᠭᠰᠡᠨ ᠪᠠᠶᠢᠪᠠ᠃ | ⒑ ᠲᠡᠷᠡ ᠪᠤᠯ ᠡᠬᠡ ᠤᠷᠤᠨ ᠤ ᠨᠢᠭᠡᠳᠦᠯ ᠢ ᠴᠢᠬᠤᠯᠠᠴᠢᠯᠠᠳᠠᠭ ᠦᠨᠳᠦᠰᠦᠳᠡᠨ ᠤ ᠪᠦᠯᠬᠦᠮᠳᠡᠯ ᠤᠨ | ᠵᠢᠱᠢᠶᠡᠴᠢ ᠶᠤᠮ᠃ ᠡᠷᠬᠢᠮᠪᠠᠳᠤ ᠪᠤᠯ ᠠᠯᠤᠰ ᠬᠤᠯᠠ ᠶᠢᠨ ᠪᠤᠳᠤᠯᠭ᠎ᠠ ᠪᠠᠷ ᠠᠰᠠᠭᠤᠳᠠᠯ ᠢ ᠨᠢᠭᠳᠠᠯᠠᠵᠦ ᠦᠵᠡᠳᠡᠭ | ᠵᠠᠩᠰᠢᠯ ᠲᠠᠢ᠂ ᠮᠠᠨ ᠤ ᠤᠯᠤᠰ ᠪᠤᠯ ᠤᠯᠠᠨ ᠦᠨᠳᠦᠰᠦᠳᠡᠨ ᠢᠶᠠᠷ ᠪᠦᠷᠢᠯᠳᠦᠭᠰᠡᠨ ᠲᠤᠮᠤ ᠤᠯᠤᠰ ᠶᠤᠮ᠃ ᠲᠡᠤᠬᠡᠨ | ᠠᠴᠠ ᠠᠪᠤᠭᠠᠳ ᠡᠯ᠎ᠡ ᠦᠨᠳᠦᠰᠦᠳᠡᠨ ᠤ ᠠᠷᠠᠳ ᠲᠦᠮᠡᠨ ᠠᠮᠢᠳᠤᠷᠠᠯ ᠤᠨ ᠢᠶᠠᠨ ᠡᠷᠬᠡ ᠪᠠᠷ ᠬᠠᠷᠢᠯᠴᠠᠨ | ᠲᠤᠰᠠᠯᠠᠯᠴᠡᠵᠦ ᠨᠢᠭᠡ ᠨᠢ ᠨᠢᠭᠡ ᠠᠴᠠ ᠪᠠᠨ ᠰᠠᠯᠵᠦ ᠴᠢᠳᠠᠬᠤ ᠦᠭᠡᠢ ᠲᠡᠤᠬᠡ ᠶᠢᠨ ᠪᠤᠳᠠᠳᠤ ᠪᠠᠶᠢᠳᠠᠯ ᠢ ᠪᠤᠢ | ᠪᠤᠯᠭᠠᠭᠰᠠᠨ ᠶᠤᠮ᠃ ᠡᠶᠢᠮᠦ ᠠᠴᠠ ᠢᠪᠴᠤᠤ ᠦᠨᠳᠦᠰᠦᠳᠡᠨ ᠤ ᠦᠵᠡᠯ ᠭᠠᠷᠭᠠᠵᠦ ᠪᠤᠯᠬᠤ ᠦᠭᠡᠢ᠃ ᠬᠢᠳᠡᠳ | ᠨᠦᠬᠦᠳ ᠲᠠᠢ ᠪᠢᠳᠡ ᠵᠠᠪᠠᠯ ᠪᠦᠯᠬᠦᠮᠳᠡᠵᠦ᠂ ᠬᠠᠮᠳᠤ ᠪᠠᠷ ᠢᠶᠠᠨ ᠡᠷᠬᠡ ᠴᠢᠯᠦᠭᠡ ᠵᠤᠯ ᠵᠢᠷᠭᠠᠯ ᠢᠶᠠᠨ ᠡᠳ᠋ᠯᠡᠬᠦ | ᠬᠡᠷᠡᠭᠳᠡᠢ ᠭᠡᠵᠦ ᠦᠷᠭᠦᠯᠵᠢ ᠶᠠᠷᠢᠳᠠᠭ ᠶᠤᠮ᠃ ᠲᠡᠷᠡ ᠮᠦᠷᠳᠡᠭᠡᠨ ᠬᠡᠯᠡᠭᠰᠡᠨ ᠢᠶᠠᠨ ᠪᠡᠶᠡᠯᠡᠭᠦᠯᠦᠭᠰᠡᠭᠡᠷ ᠢᠷᠡᠵᠡᠢ᠃ | ᠨᠢᠭᠡ ᠤᠳᠠᠭ᠎ᠠ᠂ ᠠᠪᠤ ᠡᠵᠢ ᠨᠢ ᠨᠠᠰᠤ ᠪᠠᠷᠠᠭᠰᠠᠨ ᠬᠢᠳᠡᠳ ᠦᠨᠳᠦᠰᠦᠳᠡᠨ ᠤ ᠭᠤᠷᠪᠠᠨ ᠦᠨᠦᠴᠢᠨ ᠬᠡᠤᠬᠡᠳ | ᠲᠦᠰᠢᠵᠦ ᠲᠤᠯᠬᠤ ᠬᠦᠮᠦᠨ ᠦᠭᠡᠢ ᠪᠤᠯᠬᠤᠷ ᠡᠷᠬᠢᠮᠪᠠᠳᠤ ᠭᠤᠸᠠᠢ ᠦᠷᠦ ᠡᠪᠡᠳᠦᠨ ᠭᠡᠷ ᠲᠡᠭᠡᠨ ᠠᠪᠴᠢᠷᠠᠵᠦ ᠡᠷᠭᠦᠨ | ᠲᠡᠳᠭᠦᠵᠦ ᠪᠠᠶᠢᠭᠠᠳ ᠲᠡᠮᠡᠢ ᠤᠳᠠᠯ ᠦᠭᠡᠢ ᠯᠠᠮᠠ ᠶᠢᠨ ᠬᠦᠷᠢᠶᠡᠨ ᠤ ᠪᠠᠭ᠎ᠠ ᠰᠤᠷᠭᠠᠭᠤᠯᠢ ᠶᠢᠨ ᠬᠢᠳᠡᠳ ᠠᠩᠬᠢ ᠳᠤ | ᠯᠢ ᠼᠦᠨ ᠷᠦᠩ᠂ ᠯᠢ ᠭᠦᠢ ᠷᠦᠩ᠂ ᠯᠢ ᠵᠧᠨ ᠷᠦᠩ ᠵᠡᠷᠭᠡ ᠠᠬ᠎ᠠ ᠡᠭᠡᠴᠢ ᠲᠡᠭᠦᠤ ᠭᠤᠷᠪᠠᠭᠤᠯᠠ ᠶᠢ ᠬᠦᠷᠭᠡᠨ | ᠦᠭᠴᠦ ᠰᠤᠷᠤᠯᠴᠠᠭᠤᠯᠬᠤ ᠳᠠᠭᠠᠨ ᠠᠮᠢᠳᠤᠷᠠᠯ ᠤᠨ ᠵᠠᠷᠤᠳᠠᠯ ᠢ ᠨᠢ ᠪᠦᠬᠦᠨ ᠢ ᠡᠷᠬᠢᠮ ᠭᠤᠸᠠᠢ ᠦᠪᠡᠷ ᠲᠡᠭᠡᠨ | ᠭᠠᠷᠭᠠᠵᠦ ᠲᠦᠪᠬᠢᠨᠠᠭᠦᠯᠵᠠᠢ᠃ ᠰᠤᠷᠭᠠᠭᠤᠯᠢ ᠳᠤ ᠤᠷᠤᠭᠤᠯᠬᠤ ᠳᠤᠨᠢ ᠡᠬᠡᠨᠡᠷ ᠬᠠᠩᠷᠠ᠂ ᠶᠡᠭᠡ ᠬᠡᠤᠬᠡᠨ ᠨᠠᠪᠴᠢ ᠲᠠᠢ | ᠪᠠᠨ ᠬᠠᠮᠵᠢᠯᠴᠠᠨ ᠬᠡᠤᠬᠡᠳ ᠪᠦᠷᠢ ᠳᠤ ᠰᠢᠨ᠎ᠡ ᠬᠤᠪᠴᠠᠰᠤ᠂ ᠬᠦᠨᠵᠢᠯᠡ ᠲᠡᠪᠢᠰᠭᠡᠷ ᠤᠶᠤᠵᠦ ᠦᠭᠭᠦᠭᠰᠡᠨ ᠲᠡᠳᠦᠢ | ᠦᠬᠡᠢ ᠪᠠᠰᠠ ᠦᠷᠭᠦᠯᠵᠢ ᠬᠤᠷᠤᠳ ᠴᠠᠭᠠᠨ ᠢᠳᠡᠭᠡ᠂ ᠪᠤᠤᠪᠤ ᠬᠠᠭᠠᠷᠢᠵᠦ ᠶᠠᠪᠤᠭᠤᠯᠳᠠᠭ ᠪᠠᠶᠢᠯ᠎ᠠ᠃ ᠵᠠᠷᠢᠮ ᠬᠦᠮᠦᠰ | ᠰᠤᠨᠤᠰᠤᠭᠠᠳ᠄ ︽ᠡᠷᠬᠢᠮ ᠠᠮᠪᠠ ᠪᠠᠰᠠ ᠬᠠᠴᠢᠨ ᠬᠦᠮᠦᠨ ᠡ᠂ ᠲᠡᠷᠡ ᠠᠷᠪᠢᠨ ᠬᠢᠳᠡᠳ ᠬᠡᠤᠬᠡᠳ ᠢ ᠶᠠᠭᠤᠨ ᠳᠤᠨᠢ | ᠲᠡᠳᠦᠢ ᠬᠠᠷᠠᠭᠠᠯᠵᠠᠨᠡ ᠪᠤᠢ᠂ ᠨᠤᠲᠤᠭ ᠳᠤᠨᠢ ᠬᠦᠷᠭᠡᠭᠡᠳ ᠦᠭᠭᠦᠪᠡᠯ ᠪᠠᠷᠠᠭᠰᠠᠨ ᠬᠡᠷᠡᠭ︾ ᠭᠡᠵᠦ ᠬᠡᠯᠡᠯᠴᠡᠬᠦ ᠶᠢ | ᠲᠡᠷᠡ ᠮᠡᠳᠡᠭᠡᠳ ᠤᠯᠠᠨ ᠳᠤ᠄ ︽ᠬᠢᠳᠡᠳ ᠪᠤᠯᠤᠭᠰᠠᠨ ᠴᠤ ᠬᠦᠮᠦᠨ ᠰᠢᠤ᠂ ᠲᠡᠷᠡ ᠬᠡᠳᠦᠨ ᠦᠨᠦᠴᠢᠷᠡᠭᠰᠡᠨ ᠨᠢᠯᠬ᠎ᠠ | ᠠᠮᠢᠳᠠᠨ ᠢ ᠪᠢᠳᠡ ᠬᠠᠪᠰᠤᠷᠬᠤ ᠦᠭᠡᠢ ᠦᠭᠡᠷ᠎ᠡ ᠬᠡᠨ ᠳᠤ ᠨᠠᠶᠢᠳᠠᠬᠤ ᠪᠤᠢ︖ ᠬᠦᠭᠡᠷᠦᠭᠦᠢ ᠪᠢᠰᠢᠤ︾ ᠭᠡᠵᠦ | ᠬᠡᠯᠡᠭᠰᠡᠨ ᠪᠠᠶᠢᠵᠠᠢ᠃ ᠰᠡᠭᠦᠯᠡᠷ ᠨᠢ᠂ ᠭᠤᠷᠪᠠᠭᠤᠯᠠ ᠶᠢ ᠲᠤᠮᠳᠠᠳᠤ ᠰᠤᠷᠭᠠᠭᠤᠯᠢ ᠶᠢ ᠨᠢ ᠲᠡᠭᠦᠰᠭᠡᠭᠡᠳ ᠬᠦᠮᠦᠨ ᠤ | ᠵᠡᠷᠭᠡ ᠳᠤ ᠬᠦᠷᠬᠦ ᠳᠤ ᠭᠡᠳ ᠪᠦᠭᠦᠳᠡ ᠳᠤ ᠬᠠᠩᠭᠠᠯᠭ᠎ᠠ ᠶᠢᠨ ᠬᠤᠷᠰᠢᠶ᠎ᠠ᠂ ᠮᠦᠩᠭᠦᠨ ᠪᠠᠩᠬᠢ᠂ ᠡᠮᠨᠡᠯᠭᠡ ᠶᠢᠨ | ᠬᠤᠷᠢᠶ᠎ᠠ ᠳᠤ ᠲᠤᠰ ᠲᠤᠰ ᠠᠵᠢᠯ ᠲᠤᠬᠢᠷᠠᠭᠤᠯᠤᠨ ᠦᠭᠴᠦ᠂ ᠠᠮᠢᠳᠤᠷᠠᠯ ᠤᠨ ᠲᠠᠯ᠎ᠠ ᠪᠠᠷ ᠦᠪᠡᠷ ᠤᠨ ᠦᠷ᠎ᠡ | ᠬᠡᠤᠬᠡᠳ ᠠᠴᠠ ᠢᠯᠡᠭᠦᠤ ᠬᠠᠷᠠᠭᠠᠯᠵᠠᠵᠦ ᠶᠠᠪᠤᠭᠰᠠᠨ ᠪᠠᠶᠢᠯ᠎ᠠ᠃ ᠲᠡᠭᠦᠨ ᠤ ᠦᠢᠯᠡ ᠶᠠᠪᠤᠳᠠᠯ ᠪᠤᠯᠤᠨ ᠬᠡᠯᠡᠭᠰᠡᠨ | ᠦᠭᠡ ᠶᠢᠨ ᠴᠠᠭᠠᠨ᠎ᠠ ᠬᠦᠮᠦᠨᠴᠢ ᠴᠢᠨᠠᠷ ᠭᠡᠬᠦ ᠡᠷᠬᠢᠮ ᠨᠠᠨᠳᠢᠨ ᠦᠵᠡᠯ ᠤᠬᠠᠮᠰᠠᠷ ᠲᠤᠲᠤᠷᠠᠵᠦ᠂ ᠦᠨᠳᠦᠰᠦᠳᠡᠨ ᠤ | ᠪᠦᠯᠬᠦᠮᠳᠠᠯ ᠤᠨ ᠰᠤᠯᠤᠩᠭᠠᠨ ᠴᠡᠴᠡᠭ ᠲᠡᠯᠭᠡᠭᠳᠡᠨ ᠪᠠᠶᠢᠯ᠎ᠠ᠃ | ᠡᠷᠬᠢᠮᠪᠠᠳᠤ ᠭᠤᠸᠠᠢ 1956 ᠤᠨ ᠳᠤ ᠲᠤᠲᠤᠷ᠎ᠠ ᠭᠠᠵᠠᠷ ᠠᠴᠠ ᠠᠷᠪᠠ ᠭᠠᠷᠤᠢ ᠬᠦᠴᠢᠷᠳᠡᠯᠳᠡᠢ | ᠲᠠᠷᠢᠶᠠᠴᠢᠨ ᠢ ᠠᠪᠴᠢᠷᠠᠵᠦ᠂ ᠲᠠᠷᠢᠶᠠᠨ ᠠᠵᠢᠯ ᠬᠢᠯᠭᠡᠵᠦ᠂ ᠲᠠᠯᠠᠪᠠᠢ ᠶᠢᠨ ᠠᠮᠤ ᠪᠤᠳᠠᠭᠠᠨ ᠤ ᠠᠰᠠᠭᠤᠳᠠᠯ ᠢ | ᠰᠡᠢᠤᠪᠦᠷᠢᠯᠡᠬᠦ ᠪᠠᠷ ᠪᠤᠯᠵᠠᠢ᠃ ᠲᠡᠳᠡᠭᠡᠷ ᠲᠠᠷᠢᠶᠠᠴᠢᠳ ᠢ ᠠᠮᠢᠳᠤᠷᠠᠯ ᠤᠨ ᠲᠠᠯ᠎ᠠ ᠪᠠᠷ ᠠᠬ᠎ᠠ ᠲᠡᠭᠦᠤ ᠪᠠᠨ ᠮᠡᠳᠦ | ᠬᠠᠪᠰᠤᠷᠤᠨ ᠲᠡᠮᠵᠢᠳᠡᠭ ᠠᠴᠠ ᠨᠤᠲᠤᠭ ᠪᠤᠴᠠᠭᠰᠠᠨ ᠦᠭᠡᠢ ᠪᠦᠬᠦᠨ ᠢᠶᠠᠷ ᠢᠶᠠᠨ ᠠᠳᠡ ᠪᠠᠨ ᠰᠠᠭᠤᠷᠢᠰᠢᠭᠰᠠᠨ | ᠪᠠᠶᠢᠯ᠎ᠠ᠃ | ᠲᠡᠷᠡ ᠨᠠᠶᠠᠭᠠᠳ ᠤᠨ ᠤ ᠡᠬᠢ ᠪᠠᠷ᠂ ᠠᠴᠢ ᠬᠦᠤ ᠲᠡᠪᠡᠷᠢᠭᠰᠡᠨ ᠪᠠᠶᠢᠵᠠᠢ᠃ ᠠᠴᠢ ᠬᠦᠤ ᠪᠠᠨ ᠡᠨᠡᠷᠢᠨ | ᠪᠦᠬᠡᠵᠢᠬᠦᠯᠬᠦ ᠶᠢᠨ ᠲᠤᠯᠠᠳᠠ ᠠᠨᠳᠠ ᠪᠤᠯᠤᠯᠴᠠᠭᠰᠠᠨ ᠨᠢᠭᠡᠨ ᠬᠢᠳᠡᠳ ᠨᠠᠶᠢᠵᠠ ᠶᠢᠨ ᠳᠠᠭᠠᠨ ᠨᠡᠷ᠎ᠡ ᠭᠤᠶᠤᠬᠤ ᠪᠠᠷ | ᠬᠦᠷᠴᠠᠢ᠃ ᠨᠠᠶᠢᠵᠠ ᠨᠢ ᠠᠴᠢ ᠬᠦᠤ ᠲᠠᠢ ᠪᠤᠯᠤᠭᠰᠠᠨ ᠢ ᠰᠤᠨᠤᠰᠤᠭᠠᠳ ᠶᠡᠬᠡᠳᠡ ᠪᠠᠶᠠᠷᠯᠠᠨ ᠠᠷᠢᠬᠢ ᠬᠡᠮᠨᠡᠨ | ᠦᠯᠵᠡᠶᠢᠳᠦ ᠢᠷᠦᠭᠡᠯ ᠢᠶᠠᠨ ᠲᠡᠪᠰᠢᠭᠦᠯᠵᠡᠢ᠃ ᠲᠡᠷᠡ ᠬᠢᠳᠡᠳ ᠨᠠᠶᠢᠵᠠ ᠨᠢ ᠸᠠᠩ ᠶᠢᠤ ᠭᠡᠳᠡᠭ᠃ ᠰᠢᠪᠠᠷ ᠪᠠᠶᠢᠰᠢᠩ | ᠤᠨ ᠬᠠᠨᠵᠤᠨ ᠲᠡᠭᠡᠷ᠎ᠡ ᠬᠤᠶᠠᠷ ᠬᠠᠭᠤᠴᠢᠨ ᠠᠨᠳᠠ ᠡᠨᠡ ᠲᠡᠷᠡ ᠪᠠᠨ ᠵᠤᠭᠤᠭᠳᠠᠨ ᠰᠠᠭᠤᠬᠤ ᠵᠠᠭᠤᠷ᠎ᠠ᠂ ᠠᠵᠢᠭᠴᠢ | ᠬᠢᠷᠬᠠᠢ ᠸᠠᠩ ᠶᠢᠤ ᠭᠤᠸᠠᠢ ᠡᠷᠬᠢᠮ ᠠᠮᠪᠠ ᠶᠢᠨ ᠶᠠᠭᠤ ᠨᠢᠭᠡ ᠶᠢ ᠬᠡᠯᠡᠬᠦ ᠰᠠᠨᠠᠭᠠᠳᠠᠢ ᠴᠤ ᠵᠢᠭᠠᠬᠠᠨ ᠲᠡᠨᠡᠭᠡᠯᠵᠡᠵᠦ | ᠪᠠᠶᠢᠭ᠎ᠠ ᠶᠢ ᠭᠠᠳᠠᠷᠯᠠᠭᠠᠳ᠄ ︽ᠴᠢ ᠨᠠᠮᠠᠶᠢ ᠡᠨᠡ ᠭᠠᠵᠠᠷ ᠠᠪᠴᠢᠷᠠᠵᠦ ᠢᠷᠡᠭᠰᠡᠨ᠃ ᠭᠡᠴᠢᠨᠡᠨ ᠵᠢᠯ ᠲᠠᠨᠠᠷ ᠤᠨ | ᠬᠠᠪᠰᠤᠷᠤᠯᠭ᠎ᠠ ᠶᠢ ᠭᠦᠷᠳᠡᠵᠦ᠂ ᠲᠦᠷᠦᠭᠰᠡᠨ ᠠᠬ᠎ᠠ ᠲᠡᠭᠦᠤ ᠦᠭᠡᠷ᠎ᠡ ᠦᠭᠡᠢ ᠪᠤᠯᠤᠭᠰᠠᠨ᠃ ᠬᠠᠮᠵᠢᠭᠤᠯᠬᠤ ᠤᠴᠢᠷ | ᠪᠠᠶᠢᠪᠠᠯ ᠬᠡᠯᠡᠯ ᠳ᠋ᠠ︕︾ ᠭᠡᠪᠡ᠃ ᠠᠮᠪᠠ ᠭᠡᠰᠡᠭ ᠪᠤᠳᠤᠭᠰᠠᠨ ᠢᠶᠠᠨ᠄ ︽ᠮᠢᠨᠤ ᠠᠴᠢ ᠬᠦᠤ ᠳᠤ ᠨᠢᠭᠡ ᠬᠢᠳᠡᠳ | ᠨᠡᠷ᠎ᠡ ᠦᠭᠭᠦᠭᠡᠳᠡᠭᠡ︕︾ ᠭᠡᠨ᠎ᠡ᠃ | ᠸᠠᠩ ᠶᠢᠤ ᠰᠤᠨᠤᠰᠤᠭᠠᠳ᠄ ︽ᠠ᠂ ᠴᠢ ᠠᠴᠢ ᠬᠦᠤ ᠳᠡᠭᠡᠨ ᠬᠢᠳᠡᠳ ᠨᠡᠷ᠎ᠡ ᠠᠪᠬᠤ ᠰᠠᠨᠠᠭᠠᠳᠠᠢ ᠤᠤ᠂ | ᠪᠤᠯᠤᠨ᠎ᠠ᠂ ᠪᠤᠯᠤᠨ᠎ᠠ︕︾ ᠭᠡᠬᠦ ᠳᠤ ᠠᠮᠪᠠ ᠡᠯᠭᠦᠵᠦ᠄ ︽ᠬᠢᠳᠡᠳ ᠨᠡᠷ᠎ᠡ ᠦᠭᠭᠦ ᠳᠤ ᠴᠢᠨᠤ ᠤᠪᠤᠭ ᠢ | ᠲᠠᠭᠠᠭᠤᠯᠵᠦ ᠸᠠᠩ ᠤᠪᠤᠭ ᠠᠪᠤᠨ᠎ᠠ ᠰᠢᠤ︕︾ ᠭᠡᠵᠡᠢ᠃ ᠡᠨᠡ ᠰᠠᠶᠢᠬᠠᠨ ᠢᠳᠡᠭᠡᠯ ᠳᠤᠨᠢ ᠸᠠᠩ ᠶᠢᠤ ᠶᠢᠨ | ᠰᠡᠳᠭᠢᠯ ᠤᠶᠠᠷᠠᠨ ᠶᠠᠭᠤ ᠬᠡᠯᠡᠬᠦ ᠪᠠᠨ ᠤᠯᠵᠦ ᠶᠠᠳᠠᠨ ᠬᠤᠨᠳᠠᠭ᠎ᠠ ᠲᠠᠢ ᠪᠠᠨ ᠭᠠᠭᠴᠠᠬᠠᠨ ᠬᠦᠨᠳᠦᠷᠴᠦ ᠵᠠᠯᠭᠢᠭᠰᠠᠨ | ᠢᠶᠠᠨ᠄ ︽ᠮᠢᠨᠤ ᠤᠪᠤᠭ ᠶᠢ ᠠᠪᠬᠤ ᠶᠤᠮ ᠴᠢᠨᠢ ᠲᠠᠷᠤᠢ ᠮᠢᠨᠤ ᠬᠤᠶᠢᠴᠢᠰ ᠰᠢᠳᠡ᠂ ᠪᠢ ᠸᠠᠩ ᠶᠢᠨ ᠡᠾᠧ ᠭᠡᠵᠦ | ᠨᠡᠷᠡᠯᠡᠶ᠎ᠡ︕︾ ᠭᠡᠪᠡ᠃ ᠠᠨᠳᠠ ᠶᠢᠨ ᠬᠢᠨᠢ ᠠᠴᠢ ᠬᠦᠤ ᠶᠢᠨ ᠡᠳ᠋ ᠬᠦᠷᠦᠩᠭᠡ ᠠᠯᠳᠠᠨ ᠭᠤᠤᠯ ᠮᠡᠳᠦ ᠤᠷᠤᠰᠤᠨ | ᠤᠨᠳᠤᠷᠬᠤ ᠶᠢ ᠵᠦᠩᠨᠡᠨ ᠪᠡᠯᠭᠡᠳᠡᠭᠰᠡᠨ ᠤᠳᠬ᠎ᠠ ᠰᠠᠨᠠᠭ᠎ᠠ ᠶᠢ ᠠᠭᠤᠯᠤᠭᠰᠠᠨ ᠪᠠᠶᠢᠵᠠᠢ᠃ ᠢᠩᠭᠢᠭᠡᠳ ᠸᠠᠩ ᠶᠢᠤ ᠶᠢ | ᠠᠴᠢ ᠳᠠᠭᠠᠨ ᠠᠪᠤ ᠲᠠᠨᠢᠭᠤᠯᠤᠭᠰᠠᠨ ᠢᠶᠠᠷ ᠮᠠᠯᠴᠢᠳ ︽ᠸᠠᠩ ᠶᠢᠨ ᠡᠾᠧ︾ ᠭᠡᠵᠦ ᠬᠢᠳᠡᠳ ᠨᠡᠷ᠎ᠡ ᠪᠠᠷ ᠨᠢ ᠤᠳᠤ | ᠪᠤᠯᠳᠠᠯ᠎ᠠ ᠲᠠᠭᠤᠳᠠᠭᠰᠠᠭᠠᠷ ᠪᠤᠢ᠃ | ᠪᠠᠰᠠ ᠨᠢᠭᠡ ᠤᠳᠠᠭ᠎ᠠ᠂ ᠠᠮᠪᠠ ᠶᠢᠨ ᠪᠠᠰᠠ ᠨᠢᠭᠡᠨ ᠬᠢᠳᠡᠳ ᠨᠠᠶᠢᠵᠠ ᠸᠠᠩ ᠢᠰᠡᠭᠡᠶᠢᠴᠢᠨ ᠭᠡᠵᠦ ᠪᠤᠢ᠃ | ᠯᠤᠤ ᠸᠠᠩ ᠬᠦᠤ ᠳᠡᠭᠡᠨ ᠪᠠᠷᠢ ᠪᠠᠭᠤᠯᠭᠠᠬᠤ ᠭᠡᠰᠡᠨ ᠴᠤ ᠪᠡᠷᠢ ᠳᠡᠭᠡᠨ ᠦᠭᠬᠦ ᠬᠤᠪᠴᠠᠰᠤ ᠬᠤᠨᠠᠷ ᠠᠪᠬᠤ ᠵᠤᠭᠤᠤᠰ | ᠦᠭᠡᠢ ᠪᠤᠯᠬᠤᠷ ᠬᠤᠳᠠ ᠶᠢᠨ ᠲᠠᠯ᠎ᠠ ᠨᠢ ᠬᠤᠷᠢᠮ ᠤᠨ ᠡᠳᠦᠷ ᠢᠶᠠᠨ ᠵᠤᠷᠢᠭᠤᠳᠠ ᠬᠤᠶᠢᠰᠢᠯᠠᠭᠤᠯᠵᠦ ᠪᠠᠶᠢᠯ᠎ᠠ᠃ | ᠢᠰᠡᠭᠡᠶᠢᠴᠢᠨ ᠭᠤᠸᠠᠢ ᠭᠠᠴᠢᠭᠳᠠᠬᠤ ᠳᠠᠭᠠᠨ ᠡᠷᠬᠢᠮᠪᠠᠳᠤ ᠶᠢ ᠡᠷᠢᠵᠦ ᠤᠴᠢᠷ ᠢᠶᠠᠨ ᠬᠡᠯᠡᠬᠦ ᠳᠤ ᠲᠡᠷᠡ ᠰᠢᠭᠤᠳ ᠯᠠ | ᠴᠠᠯᠢᠩ ᠤᠨ ᠬᠡᠳᠦ ᠪᠠᠨ ᠭᠠᠷᠭᠠᠨ ᠦᠭᠴᠦ ᠤᠷᠤᠭ ᠤᠨ ᠶᠠᠪᠤᠳᠠᠯ ᠢ ᠨᠢ ᠤᠷᠤᠭᠰᠢᠳᠠᠢ ᠪᠤᠯᠭᠠᠵᠠᠢ᠃ ᠬᠢᠳᠡᠳ | ᠨᠦᠬᠦᠳ ᠨᠠᠷ ᠡᠷᠬᠢᠮᠪᠠᠳᠤ ᠶᠢ ᠲᠤᠷᠠᠳᠬᠤ ᠪᠦᠷᠢ᠄ ︽ᠮᠠᠨ ᠤ ᠡᠷᠬᠢᠮᠪᠠᠳᠤ ᠪᠤᠯ ᠪᠢᠳᠡᠨ ᠢ ᠶᠠᠳᠠᠭᠤ ᠬᠦᠴᠢᠷᠳᠡᠢ | ᠭᠠᠵᠠᠷ ᠤᠷᠤᠨ ᠠᠴᠠ ᠠᠪᠴᠢᠷᠠᠵᠦ᠂ ᠰᠠᠶᠢᠨ ᠴᠤ ᠲᠤᠰᠠᠯᠠᠵᠦ ᠲᠡᠮᠵᠢᠵᠦ ᠶᠠᠪᠤᠳᠠᠭ ᠬᠦᠮᠦᠨ ᠤ ᠰᠤᠳᠤᠨ ᠰᠢᠤ︾ | ᠭᠡᠵᠦ ᠮᠠᠭᠳᠠᠳᠠᠭ ᠪᠠᠶᠢᠯ᠎ᠠ᠃ | ᠡᠷᠬᠢᠮᠪᠠᠳᠤ ᠪᠤᠯ ᠦᠵᠦᠮᠦᠴᠢᠨ ᠨᠤᠲᠤᠭ ᠤᠨ ᠬᠦᠷᠦᠰᠦᠨ ᠳᠤ ᠪᠤᠢ ᠪᠤᠯᠤᠭᠰᠠᠨ ᠮᠦᠩᠭᠡ ᠨᠤᠭᠤᠭᠠᠷᠠᠠᠬᠤ | ᠨᠢᠭᠡᠨ ᠪᠤᠳᠠ ᠠᠪᠤᠷᠭᠤ ᠨᠠᠷᠠᠰᠤ ᠶᠤᠮ᠃ ᠲᠡᠷᠡ ᠪᠤᠯ ᠲᠤᠮᠳᠠᠳᠤ ᠶᠢᠨ ᠦᠨᠳᠦᠰᠦᠳᠡᠨ ᠤ ᠤᠮᠤᠭᠰᠢᠯᠳᠤ ᠰᠤᠳᠤᠨ | ᠬᠦᠪᠡᠭᠦᠨ ᠪᠦᠭᠡᠳ ᠮᠠᠨ ᠤ ᠬᠤᠶᠢᠴᠢ ᠦᠶ᠎ᠡ ᠶᠢᠨ ᠬᠢᠨ ᠤ ᠰᠡᠳᠬᠢᠯ ᠳᠤ ᠠᠮᠢᠯᠠᠬᠤ ᠦᠨᠢᠳᠡ ᠰᠤᠷᠤᠯᠴᠠᠭᠤᠰᠢᠳᠠᠢ | ᠲᠠᠭᠤᠷᠢᠶᠠᠯ ᠤᠨ ᠬᠦᠴᠦᠨ ᠮᠦᠨ᠃ ᠲᠡᠭᠦᠨ ᠤ ᠲᠡᠷᠢᠭᠦᠨ ᠤ ᠶᠡᠷᠦ ᠪᠤᠰᠤ ᠶᠢᠨ ᠦᠢᠯᠡ ᠠᠵᠢᠯᠯᠠᠭ᠎ᠠ ᠨᠢ ᠲᠤᠮᠳᠠᠳᠤ | ᠤᠯᠤᠰ ᠤᠨ ᠲᠦᠷᠦ ᠶᠢᠨ ᠤᠳᠤᠷᠢᠳᠤᠭᠴᠢᠳ ᠤᠨ ᠰᠠᠶᠢᠰᠢᠶᠡᠯ ᠢ ᠤᠯᠵᠦ ᠦᠩᠭᠡᠷᠡᠭᠰᠡᠨ ᠪᠦᠭᠡᠳ ︽ᠪᠦᠬᠦ ᠤᠯᠤᠰ | ᠤᠨ ᠬᠦᠳᠡᠯᠮᠦᠷᠢ ᠶᠢᠨ ᠪᠠᠭᠠᠳᠤᠷ︾᠂ ︽ᠪᠦᠬᠦ ᠤᠯᠤᠰ ᠤᠨ ᠠᠷᠠᠳ ᠤᠨ ᠲᠦᠯᠦᠭᠡᠯᠡᠭᠴᠢ︾᠂ ︽ᠪᠦᠬᠦ ᠤᠯᠤᠰ | ᠤᠨ ᠠᠷᠠᠳ ᠤᠨ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ︾ ᠪᠤᠯᠵᠦ᠂ ᠲᠦᠷᠦ ᠶᠢᠨ ᠶᠠᠪᠤᠳᠠᠯ ᠳᠤ | ᠤᠷᠤᠯᠴᠠᠵᠦ ᠶᠠᠪᠤᠭᠰᠠᠨ ᠭᠡᠷᠡᠯ ᠰᠠᠴᠤᠷᠤᠩᠭᠤᠢ ᠲᠡᠤᠬᠡ ᠲᠠᠢ ᠪᠦᠭᠡᠳ ᠲᠦᠷᠦ ᠶᠢᠨ ᠱᠠᠩᠨᠠᠯ ᠦᠨᠡᠯᠡᠯᠳᠡ ᠶᠢ | ᠤᠯᠠᠨᠳᠠ ᠭᠦᠷᠳᠡᠵᠦ᠂ ᠠᠷᠠᠳ ᠲᠦᠮᠡᠨ ᠤ ᠪᠠᠨ ᠬᠦᠷᠢᠶᠡᠯᠡᠯ ᠢ ᠭᠦᠨ ᠤᠯᠤᠭᠰᠠᠨ ᠨᠡᠷ᠎ᠡ ᠠᠯᠳᠠᠷᠳᠦ ᠬᠦᠮᠦᠨ ᠪᠠᠶᠢᠭ᠎ᠠ | ᠶᠤᠮ᠃ | ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠤᠢ ᠪᠠᠨ | ᠲᠤᠷᠠᠰᠬᠠᠨ ᠲᠡᠮᠳᠡᠭᠯᠡᠵᠦ ᠪᠠᠶᠢᠭ᠎ᠠ ᠦᠨᠦᠳᠦᠷ᠂ ᠪᠢᠳᠡ ᠠᠬᠠᠮᠠᠳ ᠨᠢᠭᠡ ᠦᠶ᠎ᠡ ᠶᠢᠨ ᠤᠯᠤᠰ ᠤᠷᠤᠨ᠂ ᠨᠡᠶᠢᠭᠡᠮ | ᠨᠡᠶᠢᠳᠡ᠂ ᠠᠷᠠᠳ ᠲᠦᠮᠡᠨ ᠳᠡᠭᠡᠨ ᠦᠵᠡᠭᠦᠯᠦᠭᠰᠡᠨ ᠭᠠᠪᠢᠶ᠎ᠠ ᠵᠢᠳᠭᠦᠯ ᠢ ᠠᠭᠤᠳᠠᠯᠠᠨ ᠢᠯᠡᠷᠡᠭᠦᠯᠵᠦ᠂ ᠨᠡᠶᠢᠭᠡᠮ | ᠵᠢᠷᠤᠮ ᠤᠨ ᠦᠷᠳᠡᠭ ᠤᠨ ᠦᠵᠡᠯᠳᠡ ᠶᠢ ᠭᠦᠨᠵᠡᠭᠡᠢ ᠤᠶᠢᠯᠠᠭᠠᠨ᠂ ᠦᠨᠳᠦᠰᠦᠳᠡᠨ ᠤ ᠪᠠᠨ ᠰᠢᠯᠢᠳᠡᠭ ᠶᠤᠰᠤ | ᠰᠤᠷᠳᠠᠬᠤᠨ ᠢ ᠤᠯᠠᠮᠵᠢᠯᠠᠬᠤ ᠪᠤᠯ ᠲᠦᠢᠯ ᠤᠨ ᠴᠢᠬᠤᠯᠠ ᠲᠡᠤᠬᠡᠨ ᠠᠴᠢ ᠬᠤᠯᠪᠤᠭᠳᠠᠯ ᠲᠠᠢ ᠪᠠᠷ ᠦᠯᠦ ᠪᠠᠷᠠᠮ ᠮᠠᠰᠢ | ᠴᠢᠬᠤᠯᠠ ᠤᠳᠤᠬᠢ ᠠᠴᠢ ᠬᠤᠯᠪᠤᠭᠳᠠᠯ ᠲᠠᠢ ᠶᠤᠮ᠃ | 2019 ᠤᠨ ᠤ 4 ᠰᠠᠷ᠎ᠠ ᠳᠤ᠃ | |