ᠦᠵᠦᠮᠦᠴᠢᠨ ᠤ ᠭᠠᠷᠮᠠᠭᠠᠢ ᠰᠤᠶᠤᠯ ᠤᠨ ᠵᠢᠳᠭᠦᠯᠳᠡᠨ ᠬᠢᠯᠵᠡᠨᠳᠡᠢ ᠠᠪᠤᠭᠠᠢ ᠶᠢᠨ ᠲᠤᠬᠠᠢ ᠠᠵᠢᠭᠯᠠᠯᠳᠠ
ᠨᠡᠶᠢᠲᠡᠯᠡᠭᠰᠡᠨ ᠴᠠᠭ᠄
2018/8/13
ᠤᠷᠢᠶᠠᠩᠬᠠᠨ ᠤ᠂ ᠶᠤᠨᠳᠤᠨ               ᠦᠵᠦᠮᠦᠴᠢᠨ ᠤ ᠭᠠᠷᠮᠠᠭᠠᠢ ᠰᠤᠶᠤᠯ ᠤᠨ ᠵᠢᠳᠭᠦᠯᠳᠡᠨ ᠬᠢᠯᠵᠡᠨᠳᠡᠢ ᠠᠪᠤᠭᠠᠢ ᠶᠢᠨ ᠲᠤᠬᠠᠢ ᠠᠵᠢᠭᠯᠠᠯᠳᠠ                                 —   ︽ᠭᠢᠯᠵᠡᠨᠳᠡᠢ ᠶᠢᠨ ᠵᠤᠬᠢᠶᠠᠯ ᠤᠨ ᠲᠡᠬᠦᠪᠦᠷᠢ︾ ᠶᠢ ᠰᠤᠳᠤᠯᠤᠨ ᠶᠠᠷᠢᠯᠴᠠᠬᠤ ᠪᠦᠬᠦ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠳᠤ       ᠭᠢᠯᠵᠡᠨᠳᠠᠢ ᠪᠤᠯ ᠤᠤᠯ ᠤᠨ ᠦᠵᠦᠮᠦᠴᠢᠨ ᠪᠠᠷᠠᠭᠤᠨ ᠬᠤᠰᠢᠭᠤᠨ ᠤ ᠰᠢᠷᠠᠨᠤᠳ ᠰᠤᠮᠤᠨ ᠤ ᠬᠠᠷᠢᠶᠠᠳᠦ ᠬᠡᠪᠳᠡᠭᠦᠯ ᠤᠪᠤᠭᠳᠦ ᠴᠢᠯᠠᠭᠤᠨᠪᠠᠭᠠᠳᠦᠷ ᠤᠨ ᠳᠤ 1905 ᠤᠨ ᠤ ᠬᠦᠬᠡᠭᠴᠢᠨ ᠮᠤᠭᠠᠢ ᠵᠢᠯ ᠬᠦᠪᠡᠭᠦᠨ ᠦᠷ᠎ᠡ ᠨᠢ ᠪᠤᠯᠵᠦ ᠵᠠᠶᠠᠭᠠᠵᠠᠢ᠂ ᠤᠳᠤ ᠶᠢᠨ ᠵᠡᠭᠦᠨ ᠦᠵᠦᠮᠦᠴᠢᠨ ᠬᠤᠰᠢᠭᠤᠨ ᠤ ᠪᠤᠯᠠᠭ ᠨᠤᠷ᠎ᠠ ᠪᠠᠷ ᠨᠤᠲᠤᠭᠳᠠᠢ ᠪᠠᠶᠢᠵᠦ᠂ ᠪᠠᠭ᠎ᠠ ᠶᠢᠨ ᠨᠡᠷ᠎ᠡ ᠨᠢ ᠨᠠᠰᠤᠠᠪᠠᠳᠤ᠂ ᠬᠢᠳᠡᠳ ᠨᠡᠷ᠎ᠡ ᠨᠢ ᠶᠦᠩ ᠲᠢᠩ ᠭᠡᠳᠡᠭ᠃ ᠭᠢᠯᠵᠡᠨᠳᠡᠢ ᠶᠢᠨ ᠲᠤᠬᠠᠢ 1991 ᠤᠨ ᠳᠤ ᠵᠡᠭᠦᠨ ᠦᠵᠦᠮᠦᠴᠢᠨ ᠤ ᠠᠷᠠᠳ ᠨᠡᠷᠡᠮᠵᠢᠳᠦ ᠰᠤᠶᠤᠯ ᠲᠡᠤᠬᠡ ᠶᠢᠨ ᠨᠡᠶᠢᠭᠡᠮᠯᠢᠭ ᠠᠴᠠ ︽ᠦᠵᠦᠮᠦᠴᠢᠨ ᠤ ᠪᠢᠴᠢᠭ ᠰᠤᠶᠤᠯ ᠤᠨ ᠮᠡᠷᠭᠡᠳ︾ ᠢ ᠲᠤᠲᠤᠭᠠᠳᠤ ᠬᠡᠪᠯᠡᠯ ᠢᠶᠠᠷ ᠲᠠᠷᠬᠠᠭᠠᠵᠠᠢ᠃ ᠲᠤᠰ ᠨᠤᠮ ᠳᠤ ᠠ᠊ ᠫᠤᠩᠰᠤᠭ᠂ ᠪᠤ ᠬᠦᠭᠵᠢᠯ ᠨᠠᠷ ᠤᠨ ︽ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ ᠤᠨ ᠤᠬᠠᠭᠠᠨᠳᠠᠨ᠂ ᠲᠤᠯᠢᠴᠢ ᠪᠦᠭᠡᠳ ᠬᠡᠯᠡ ᠰᠢᠨᠵᠢᠯᠡᠯ ᠤᠨ ᠡᠷᠳᠡᠮᠳᠡᠨ ᠭᠢᠯᠵᠡᠨᠳᠡᠢ ᠶᠢᠨ ᠲᠤᠬᠠᠢ︾ ᠭᠡᠬᠦ ᠵᠤᠬᠢᠶᠠᠯ ᠢ ᠨᠡᠶᠢᠳᠡᠯᠡᠭᠰᠡᠨ ᠢᠶᠠᠷ ᠮᠢᠨᠤ ᠭᠢᠵᠡᠨᠳᠡᠢ ᠠᠪᠤᠭᠠᠢ ᠶᠢ ᠠᠩᠬᠠᠯᠠᠨ ᠲᠠᠨᠢᠬᠤ ᠤᠶᠤᠨ ᠤ ᠵᠤᠯᠭᠠᠯᠳᠠ ᠪᠤᠯᠤᠭᠰᠠᠨ ᠶᠤᠮ᠃ ᠲᠤᠰ ᠵᠤᠬᠢᠶᠠᠯ ᠳᠤ ᠭᠢᠯᠵᠡᠨᠳᠡᠢ ᠶᠢᠨ ᠲᠤᠬᠠᠢ ᠨᠠᠷᠢᠨ ᠵᠠᠳᠠᠯᠤᠨ ᠲᠠᠨᠢᠯᠴᠠᠭᠤᠯᠤᠭᠰᠠᠨ ᠪᠦᠭᠡᠳ ᠪᠠᠰᠠ ᠲᠡᠭᠦᠨ ᠤ ᠪᠦᠳᠦᠭᠡᠯ ︽ᠮᠤᠩᠭᠤᠯ ᠦᠰᠦᠭ ᠢ ᠬᠢᠯᠪᠠᠷ ᠲᠦᠷᠭᠡᠨ ᠰᠤᠷᠭᠠᠬᠤ ᠶᠢᠨ ᠲᠤᠪᠴᠢᠶ᠎ᠠ︾᠂ ︽ᠭᠢᠯᠵᠡᠨᠳᠡᠢ ᠶᠢᠨ ᠬᠡᠷᠢᠶᠡᠰ ᠪᠢᠴᠢᠭ︾ ᠵᠡᠷᠭᠡ ᠢ ᠲᠠᠭᠠᠯᠳᠤᠭᠤᠯᠤᠨ ᠤᠷᠤᠭᠤᠯᠤᠭᠰᠠᠨ ᠨᠢ ᠤᠩᠰᠢᠭᠴᠢᠳ ᠲᠤ ᠲᠦᠭᠦᠮ ᠲᠦᠳᠡ ᠪᠤᠯᠪᠠ᠃ ᠡᠶᠢᠮᠦ ᠠᠴᠠ ᠬᠢᠯᠵᠡᠨᠳᠡᠢ  ᠶᠢᠨ ᠲᠤᠬᠠᠢ ᠠ᠊ ᠫᠤᠩᠰᠤᠭ ᠨᠠᠷ ᠤᠨ ᠡᠨᠡᠬᠦ  ᠨᠤᠮ ᠦᠭᠦᠯᠡᠯ ᠨᠢ ᠡᠷᠳᠡᠮᠳᠡᠨ ᠭᠢᠯᠵᠡᠨᠳᠡᠢ ᠶᠢ ᠢᠯᠡᠷᠡᠭᠦᠯᠦᠭᠰᠡᠨ ᠠᠩᠬᠠᠨ  ᠤ ᠰᠤᠳᠤᠯᠭᠠᠨ ᠤ ᠪᠤᠯᠵᠦ᠂ ᠲᠡᠭᠦᠨ ᠢ ᠰᠤᠳᠤᠯᠬᠤ ᠰᠠᠶᠢᠨ ᠰᠠᠭᠤᠷᠢ ᠶᠢ ᠲᠠᠯᠪᠢᠭᠰᠠᠨ ᠭᠡᠵᠦ ᠦᠵᠡᠯᠳᠡᠢ ᠪᠠᠶᠢᠨ᠎ᠠ᠃        ᠭᠢᠯᠵᠡᠨᠳᠡᠢ ᠭᠤᠸᠠᠢ ᠠᠯᠢ ᠡᠷᠳᠡ ᠬᠤᠰᠢᠭᠤ ᠤᠷᠳᠤᠨ ᠰᠤᠷᠭᠠᠭᠤᠯᠢ ᠳᠤ ᠪᠢᠴᠢᠭ ᠦᠵᠡᠵᠦ᠂ ᠤᠷᠳᠤᠨ ᠤ ᠪᠢᠴᠢᠭᠡᠴᠢ ᠶᠢᠨ ᠠᠵᠢᠯ ᠢ ᠬᠢᠵᠦ ᠪᠠᠶᠢᠬᠤ ᠳᠠᠭᠠᠨ ᠪᠢᠴᠢᠵᠦ ᠨᠠᠶᠢᠷᠠᠭᠤᠯᠬᠤ ᠳᠠᠭᠠᠨ ᠤᠨᠴᠠ ᠮᠡᠷᠭᠡᠰᠢᠵᠦ᠂ ᠬᠦᠮᠦᠰ ᠤᠨ ᠢᠳᠡᠭᠡᠯ ᠪᠢᠰᠢᠷᠡᠯ ᠢ ᠤᠯᠤᠭᠰᠠᠨ ᠪᠠᠶᠢᠵᠠᠢ᠂ ᠬᠤᠷᠢᠨ ᠲᠦᠷᠪᠡᠳᠡᠢ ᠲᠡᠭᠡᠨ ᠮᠤᠩᠭᠤᠯ ᠪᠢᠴᠢᠭᠡᠴᠢ ᠶᠢᠨ ᠵᠠᠬᠢᠷᠤᠭᠴᠢ ᠶᠢᠨ ᠲᠤᠰᠢᠶᠠᠯ ᠳᠤ ᠳᠡᠪᠰᠢᠨ ᠠᠵᠢᠯᠯᠠᠬᠤ ᠳᠠᠭᠠᠨ ᠰᠢᠯᠢ ᠶᠢᠨ ᠭᠤᠤᠯ ᠴᠢᠭᠤᠯᠭᠠᠨ ᠤ ᠡᠯ᠎ᠡ ᠬᠤᠰᠢᠭᠤᠳ ᠤᠨ ᠪᠢᠴᠢᠭᠡᠴᠢ ᠨᠠᠷ ᠠᠴᠠ ᠤᠷᠤᠶᠢᠯᠠᠵᠦ ᠬᠡᠯᠡᠵᠦ ᠶᠠᠷᠢᠬᠤ ᠨᠢ ᠪᠤᠰᠤᠳ ᠠᠴᠠ ᠤᠨᠴᠠᠭᠠᠢ ᠤᠴᠢᠷ ᠠᠴᠠ ᠬᠤᠷᠢᠨ ᠨᠠᠢᠮᠠᠳᠠᠢ ᠳᠠᠭᠠᠨ ︿︿ᠰᠢᠯᠢ ᠶᠢᠨ ᠭᠤᠤᠯ ᠴᠢᠭᠤᠯᠭᠠᠨ ᠤ ᠴᠢᠭᠤᠯᠤᠯᠳᠦ ᠬᠠᠭᠠᠯᠭ᠎ᠠ ᠳᠤ ᠰᠠᠭᠤᠭ᠎ᠠ ᠬᠡᠷᠡᠭ ᠡᠷᠬᠢᠯᠡᠬᠦ ᠭᠠᠵᠠᠷ﹀﹀ ᠲᠤ ᠴᠢᠭᠤᠯᠭᠠᠨ ᠳ᠋ᠠ ᠶᠢᠨ ᠲᠦᠯᠦᠭᠡᠯᠡᠭᠴᠢ ᠪᠠᠷ ᠲᠤᠮᠢᠯᠠᠭᠳᠠᠨ ᠠᠵᠢᠯᠯᠠᠵᠠᠢ᠂ ᠲᠡᠷᠡ᠂ ᠴᠡᠷᠢᠭ ᠤᠨ ᠡᠷᠬᠡᠳᠡᠨ ᠤ ᠰᠠᠮᠠᠭᠤᠷᠠᠯ᠂ ᠶᠠᠫᠤᠨ ᠢ ᠡᠰᠡᠷᠭᠦᠴᠡᠬᠦ ᠲᠠᠶᠢᠨ᠂ ᠴᠢᠯᠦᠭᠡᠯᠡᠬᠦ ᠲᠠᠶᠢᠨ ᠵᠡᠷᠭᠡ ᠤᠯᠤᠰ ᠲᠦᠷᠦ ᠴᠡᠷᠢᠭ ᠤᠨ ᠶᠠᠪᠤᠳᠠᠯ ᠤᠨ ᠦᠢᠮᠡᠭᠡᠨ ᠲᠡᠪᠵᠢᠶᠠᠨ ᠲᠠᠢ ᠬᠠᠳᠠᠭᠤ ᠪᠡᠷᠬᠡᠰᠢᠶᠡᠯᠳᠦ ᠤᠨ ᠵᠢᠯ ᠤᠳ ᠢ  ᠪᠡᠶ᠎ᠡ ᠪᠠᠷ ᠢᠶᠠᠨ ᠲᠤᠭᠤᠯᠬᠤ ᠶᠠᠪᠤᠴᠠ  ᠳᠠᠭᠠᠨ᠂ ᠭᠤᠮᠢᠨᠳᠠᠩ ᠨᠠᠮ ᠤᠨ ᠭᠡᠰᠢᠭᠦᠨ ᠤ ᠬᠤᠪᠢ ᠳᠤ ᠴᠠᠬᠠᠷ ᠮᠤᠵᠢ ᠶᠢᠨ ᠵᠠᠰᠠᠭ ᠤᠨ ᠤᠷᠳᠤᠨ ᠤ ᠵᠦᠪᠯᠡᠭᠴᠢ᠂ ᠱᠠᠨ ᠰᠢ ᠮᠤᠵᠢ ᠶᠢᠨ ᠲᠠᠶᠢᠶᠤᠸᠠᠨ ᠳᠠᠬᠢ ᠠᠮᠤᠷᠵᠢᠭᠤᠯᠬᠤ ᠵᠠᠬᠢᠷᠭᠠᠨ ᠤ ᠵᠦᠪᠯᠡᠭᠴᠢ᠂ ᠨᠠᠨᠵᠢᠩ ᠬᠤᠳᠠ ᠳᠠᠬᠢ ᠮᠤᠩᠭᠤᠯ ᠲᠦᠪᠡᠳ ᠤᠨ ᠵᠦᠪᠯᠡᠯ ᠤᠨ ᠪᠠᠶᠢᠴᠠᠭᠠᠭᠴᠢ᠂ ᠭᠠᠨᠰᠦ ᠮᠤᠵᠢ ᠶᠢᠨ ᠵᠠᠰᠠᠭ ᠤᠨ ᠤᠷᠳᠤᠨ ᠤ ᠵᠦᠪᠯᠡᠭᠴᠢ᠂ ᠮᠤᠩᠭᠤᠯ ᠲᠦᠪᠡᠳ ᠤᠨ ᠵᠦᠪᠯᠡᠯ ᠤᠨ ᠲᠤᠰᠬᠠᠢ ᠲᠤᠰᠢᠶᠠᠯᠳᠠᠨ ᠵᠡᠷᠭᠡ ᠡᠭᠦᠷᠭᠡ ᠲᠤᠰᠢᠶᠠᠯ ᠬᠠᠷᠢᠭᠤᠴᠠᠨ ᠶᠠᠪᠤᠵᠠᠢ᠃ ᠲᠡᠷᠡ ᠬᠡᠳᠦᠶᠢᠪᠡᠷ ᠨᠠᠷᠢᠨ ᠪᠤᠳᠤᠯᠢᠶᠠᠨᠳᠤ ᠴᠠᠭ ᠲᠦᠷᠦ ᠳᠤ ᠡᠭᠦᠷᠭᠡ ᠠᠯᠪᠠ ᠭᠦᠢᠴᠡᠳᠭᠡᠵᠦ ᠶᠠᠪᠤᠭᠰᠠᠨ ᠴᠤ ᠦᠨᠳᠦᠰᠦᠳᠡᠨ ᠤᠭᠰᠠᠭᠠᠳᠠᠨ ᠤ ᠪᠠᠨ ᠢᠷᠡᠭᠡᠳᠦᠢ ᠳᠤ ᠰᠡᠳᠭᠢᠯ ᠳᠠᠯᠪᠢᠵᠦ᠂ ᠰᠤᠶᠤᠯ ᠰᠤᠷᠭᠠᠨ ᠬᠦᠮᠦᠵᠢᠯ ᠰᠠᠶ᠋ᠢ ᠦᠨᠳᠦᠰᠦᠳᠡᠨ ᠤ ᠮᠠᠨᠳᠤᠯ ᠬᠦᠭᠵᠢᠯ ᠢ ᠪᠡᠶᠡᠯᠡᠭᠦᠯᠵᠦ ᠴᠢᠳᠠᠬᠤ ᠶᠢ ᠤᠶᠢᠯᠠᠭᠠᠵᠦ ᠮᠡᠳᠡᠭᠰᠡᠨ ᠠᠴᠠ ᠪᠢᠷ ᠪᠡᠭᠡ ᠲᠠᠢ ᠨᠦᠬᠦᠷᠯᠡᠨ ᠪᠢᠴᠢᠭ ᠴᠠᠭᠠᠰᠤ ᠲᠠᠢ ᠨᠠᠶᠢᠵᠢᠯᠡᠵᠦ᠂ ᠮᠤᠩᠭᠤᠯ ᠰᠤᠷᠭᠠᠨ ᠬᠦᠮᠦᠵᠢᠯ ᠤᠨ ᠦᠢᠯᠡᠰ ᠤᠨ ᠲᠦᠯᠦᠭᠡ ᠤᠶᠤᠨ ᠳᠠᠷᠢᠬᠢ ᠪᠠᠨ ᠰᠢᠪᠬᠠᠵᠦ᠂ ︿︿ᠮᠤᠩᠭᠤᠯ ᠬᠡᠯᠡ ᠶᠢ ᠬᠢᠯᠪᠡᠷ ᠲᠦᠷᠭᠡᠨ ᠰᠤᠷᠬᠤ ᠠᠷᠭ᠎ᠠ﹀﹀᠂ ︿︿ᠮᠤᠩᠭᠤᠯ ᠬᠡᠯᠡ ᠵᠦᠢ﹀﹀᠂ ︿︿ᠮᠤᠩᠭᠤᠯ ᠦᠭᠡᠰ ᠤᠨ ᠲᠤᠯᠢ﹀﹀᠂ ︿︿ᠮᠤᠩᠭᠤᠯ ᠬᠢᠳᠡᠳ ᠦᠭᠡᠰ ᠤᠨ ᠲᠤᠯᠢ﹀﹀᠂ ︿︿ᠲᠦᠮᠡᠨ ᠦᠰᠦᠭ ᠤᠨ ᠳᠠᠶᠢᠯᠪᠤᠷᠢ﹀﹀᠂ ︿︿ᠮᠤᠩᠭᠤᠯ ᠲᠦᠪᠡᠳ ᠬᠠᠪᠰᠤᠷᠭᠠᠭᠰᠠᠨ ᠡᠮ ᠤᠨ ᠵᠤᠷ ᠤᠨ ᠡᠮᠬᠢᠳᠭᠡᠯ﹀﹀ ᠵᠡᠷᠭᠡ ᠮᠠᠰᠢ ᠤᠯᠠᠨ ᠦᠨᠡᠳᠦ ᠵᠤᠬᠢᠶᠠᠯ ᠪᠦᠲᠦᠭᠡᠯ ᠢ ᠭᠠᠷᠭᠠᠭᠰᠠᠨ ᠪᠠᠶᠢᠨ᠎ᠠ᠃ ᠡᠭᠦᠨ ᠠᠴᠠ ᠭᠢᠯᠵᠡᠨᠳᠡᠢ ᠠᠪᠤᠭᠠᠢ ᠶᠢ ᠨᠢᠭᠡᠨ ᠦᠶ᠎ᠡ ᠶᠢᠨ ᠰᠢᠯᠭᠠᠷᠠᠭᠰᠠᠨ ᠴᠢᠳᠠᠪᠤᠷᠢᠳᠠᠨ᠂ ᠦᠵᠦᠮᠦᠴᠢᠨ ᠨᠤᠲᠤᠭ ᠤᠨ ᠰᠤᠶᠤᠯ ᠭᠡᠭᠡᠷᠡᠯ ᠤᠨ ᠭᠠᠷᠮᠠᠭᠠᠢ ᠵᠢᠳᠭᠦᠯᠳᠡᠨ ᠭᠡᠵᠦ ᠤᠶᠢᠯᠠᠭᠠᠵᠦ ᠪᠤᠯᠬᠤ ᠪᠦᠭᠡᠳ ᠮᠤᠩᠭᠤᠯ ᠰᠤᠶᠤᠯ ᠤᠨ ᠦᠢᠯᠡᠰ ᠤᠨ ᠢᠶᠠᠨ ᠲᠦᠯᠦᠭᠡ ᠮᠤᠬᠤᠰᠢ ᠦᠭᠡᠢ ᠵᠢᠳᠭᠦᠯ ᠭᠠᠷᠭᠠᠭᠰᠠᠨ ᠤᠶᠤᠨ ᠰᠠᠨᠠᠭᠠᠨ ᠤ ᠲᠠᠭᠠᠭᠤᠯᠤᠭᠴᠢ ᠭᠡᠵᠦ ᠤᠶᠢᠯᠠᠭᠠᠭᠳᠠᠵᠦ ᠪᠠᠶᠢᠨ᠎ᠠ᠃ ᠭᠢᠯᠵᠡᠨᠳᠡᠢ  ᠶᠢᠨ ᠴᠢᠷᠮᠠᠶᠢᠯᠭ᠎ᠠ ᠪᠤᠯᠤᠨ ᠵᠤᠬᠢᠶᠠᠯ ᠪᠦᠳᠦᠭᠡᠯ ᠨᠢ ᠮᠤᠩᠭᠤᠯᠴᠦᠳ ᠤᠨ ᠤᠯᠠᠮᠵᠢᠯᠠᠯᠳᠤ ᠰᠤᠷᠭᠠᠨ ᠬᠦᠮᠦᠵᠢᠯ ᠤᠨ ᠵᠤᠷᠢᠭ ᠰᠠᠨᠠᠭ᠎ᠠ ᠶᠢ ᠪᠦᠷᠢᠨ ᠬᠠᠳᠠᠭᠠᠯᠠᠵᠦ ᠦᠪᠯᠡᠨ ᠦᠯᠡᠳᠡᠭᠡᠭᠰᠡᠨ ᠨᠢ ᠲᠤᠤᠷᠠᠬᠢ ᠬᠡᠳᠦᠨ ᠲᠠᠯ᠎ᠠ ᠪᠠᠷ ᠢᠯᠡᠷᠡᠵᠦ ᠪᠠᠶᠢᠨ᠎ᠠ᠄       ᠨᠢᠭᠡ᠂ ᠤᠯᠠᠮᠵᠢᠯᠠᠯᠳᠤ ᠭᠡᠷ ᠤᠨ ᠬᠦᠮᠦᠵᠢᠯ ᠢᠶᠠᠷ ᠬᠦᠮᠦᠨ ᠪᠤᠯᠬᠤ ᠶᠤᠰᠤ ᠶᠢ ᠤᠬᠠᠭᠠᠷᠠᠪᠠ       ᠭᠢᠯᠵᠡᠨᠳᠡᠢ ᠶᠢᠨ ᠠᠪᠤ ᠴᠢᠯᠠᠭᠤᠨᠪᠠᠭᠠᠳᠤᠷ ᠪᠤᠯ ︽ᠤᠨᠤᠯᠳᠠ ᠵᠤᠷᠢᠯᠭ᠎ᠠ ᠲᠠᠢ ᠰᠡᠴᠡᠨ ᠰᠡᠷᠭᠦᠯᠡᠩ᠂ ᠬᠢᠷᠠᠬᠠᠢ ᠪᠤᠯᠪᠠᠰᠤᠷᠠᠩᠭᠤᠢ ᠤᠬᠠᠭᠠᠨ ᠲᠠᠢ ᠬᠦᠮᠦᠨ︾ ᠭᠡᠬᠦ ᠠᠴᠠ ᠭᠡᠷ ᠤᠨ ᠰᠤᠷᠭᠠᠯ ᠴᠢᠩᠭ᠎ᠠ ᠪᠠᠶᠢᠭᠰᠠᠨ ᠪᠠ ᠲᠡᠭᠡᠳᠦ ᠶᠢᠨ ᠤᠯᠠᠮᠵᠢᠯᠠᠯ ᠢᠶᠠᠨ ᠪᠠᠷᠢᠮᠳᠠᠯᠠᠳᠠᠭ ᠮᠡᠳᠡᠯᠭᠡ ᠦᠯᠠᠮᠵᠢ᠂ ᠪᠤᠯᠪᠠᠰᠤᠨ ᠮᠤᠷᠠᠯ ᠰᠤᠷᠳᠠᠯ ᠲᠠᠢ ᠬᠦᠮᠦᠨ ᠪᠠᠶᠢᠭᠰᠠᠨ ᠢᠶᠠᠷ ᠰᠤᠮᠤᠨ ᠤ ᠵᠠᠩᠬᠢ᠂ ᠲᠠᠪᠤᠨ ᠰᠤᠮᠤᠨ ᠤ ᠵᠠᠯᠠᠨ᠂ ᠬᠤᠰᠢᠭᠤ ᠴᠡᠷᠢᠭ ᠤᠨ ᠵᠠᠬᠢᠷᠤᠭᠴᠢ ᠶᠢᠨ ᠲᠤᠰᠢᠶᠠᠯ ᠳᠤ ᠠᠵᠢᠯᠯᠠᠵᠦ᠂ ᠨᠤᠲᠤᠭ ᠤᠷᠤᠨ᠂ ᠠᠷᠠᠳ ᠤᠯᠠᠨ ᠳᠠᠭᠠᠨ ᠲᠤᠰᠠᠷᠬᠠᠭ ᠬᠦᠮᠦᠨ ᠪᠠᠶᠢᠭᠰᠠᠨ ᠭᠡᠳᠡᠭ ᠢ ᠮᠡᠳᠡᠵᠦ ᠪᠤᠯᠤᠨ᠎ᠠ᠂ ᠲᠡᠷᠡ ᠮᠦᠷᠳᠡᠭᠡᠨ ᠬᠡᠤᠬᠡᠳ ᠤᠨ ᠬᠦᠮᠦᠵᠢᠨ ᠪᠤᠶᠢᠵᠢᠬᠤ ᠳᠤ ᠲᠤᠩ ᠶᠡᠭᠡ ᠠᠩᠬᠠᠷᠤᠯ ᠲᠠᠯᠪᠢᠳᠠᠭ ᠪᠠᠶᠢᠵᠠᠢ᠃ ᠲᠡᠷᠡ᠂ ᠬᠦᠤ ᠭᠢᠯᠵᠡᠨᠳᠡᠢ ᠳᠡᠭᠡᠨ ᠲᠠᠪᠤᠨ ᠨᠠᠰᠤᠨ ᠠᠴᠠ ᠨᠢ ᠡᠬᠢᠯᠡᠵᠦ ᠦᠪᠡᠷᠳᠡᠭᠡᠨ ᠮᠤᠩᠭᠤᠯ ᠴᠠᠭᠠᠨ ᠲᠤᠯᠤᠭᠠᠢ ᠶᠢ ᠵᠢᠭᠠᠵᠦ ᠡᠵᠡᠮᠰᠢᠭᠦᠯᠦᠭᠰᠡᠨ ᠪᠦᠭᠡᠳ ᠪᠠᠰᠠ ᠬᠡᠤᠬᠡᠳ ᠲᠡᠭᠡᠨ ᠡᠷᠳᠡᠮ ᠨᠤᠮ ᠡᠵᠡᠮᠰᠢᠭᠦᠯᠬᠦ ᠶᠢᠨ ᠲᠤᠰᠠᠳᠠ ᠤᠯᠠᠭᠠᠠᠭᠦᠤ᠂ ᠪᠤᠶᠠᠨᠳᠡᠯᠭᠡᠷ᠂ ᠴᠡᠳᠡᠷᠡᠪᠡᠯ ᠵᠡᠷᠭᠡ ᠪᠠᠭᠰᠢ ᠶᠢ ᠵᠠᠯᠠᠵᠦ᠂ ᠮᠤᠩᠭᠤᠯ ᠦᠭᠡ ᠬᠡᠯᠡ ᠦᠰᠦᠭ ᠪᠢᠴᠢᠭ ᠢᠶᠠᠷ ᠰᠠᠭᠤᠷᠢᠯᠠᠭᠰᠠᠨ ᠪᠢᠴᠢᠭ ᠰᠤᠶᠤᠯ ᠤᠨ ᠡᠷᠳᠡᠮ ᠵᠢᠭᠠᠯᠭᠠᠵᠠᠢ᠃ ᠪᠠᠰᠠ ᠬᠢᠳᠡᠳ᠂ ᠲᠦᠪᠡᠳ᠂ ᠮᠠᠨᠵᠦ ᠵᠡᠷᠭᠡ ᠭᠤᠷᠪᠠᠨ ᠵᠦᠢᠯ ᠤᠨ ᠪᠢᠴᠢᠭ ᠢ ᠴᠤ ᠵᠢᠭᠠᠯᠭᠠᠭᠰᠠᠨ ᠪᠠᠶᠢᠨ᠎ᠠ᠃ ᠭᠢᠯᠵᠡᠨᠳᠡᠢ ᠶᠢ ᠠᠷᠪᠠᠨ ᠲᠠᠪᠤᠳᠠᠢ ᠬᠤᠰᠢᠭᠤᠨ  ᠤ ᠮᠤᠩᠭᠤᠯ ᠬᠢᠳᠡᠳ ᠰᠤᠷᠭᠠᠭᠤᠯᠢ ᠳᠤ ᠤᠷᠤᠭᠤᠯᠵᠦ᠂ ᠬᠠᠷᠠᠴᠢᠨ ᠨᠤᠲᠤᠭᠳᠠᠢ ᠭᠡᠰᠢᠩᠭᠡ ᠭᠡᠳᠡᠭ ᠬᠦᠮᠦᠨ ᠢᠶᠠᠷ ᠪᠠᠭᠰᠢᠯᠠᠭᠤᠯᠵᠠᠢ᠃ ᠭᠢᠯᠵᠡᠨᠳᠡᠢ ᠭᠤᠸᠠᠢ ᠪᠠᠭᠰᠢ ᠪᠠᠨ ᠲᠤᠷᠠᠳᠬᠤ ᠳᠠᠭᠠᠨ ︽ᠰᠤᠷᠭᠠᠬᠤ ᠳᠤ ᠮᠠᠰᠢ ᠴᠢᠩᠭ᠎ᠠ᠂ ᠦᠰᠦᠭ ᠤᠨ ᠲᠦᠷᠢᠮ᠂ ᠦᠭᠡᠨ ᠤ ᠪᠦᠳᠦᠴᠡ᠂ ᠤᠩᠰᠢᠬᠤ ᠠᠶᠠᠯᠠᠭᠤ᠂ ᠪᠢᠴᠢᠬᠦ ᠶᠤᠰᠤ ᠵᠡᠷᠭᠡ ᠶᠢ ᠦᠴᠦᠬᠡᠨ ᠠᠳᠡᠭᠦᠷᠡᠬᠦ︾ ᠶᠢ ᠵᠦᠪᠰᠢᠶᠡᠷᠡᠳᠡᠭ ᠦᠭᠡᠢ ᠮᠦᠷᠳᠡᠭᠡᠨ ᠵᠢᠮᠠᠯᠠᠵᠦ ᠶᠠᠯ᠎ᠠ ᠰᠤᠷᠭᠠᠮᠵᠢ ᠤᠯᠭᠤᠳᠠᠭ ᠭᠡᠵᠦ ᠪᠢᠴᠢᠵᠠᠢ᠃ ᠡᠭᠦᠨ ᠠᠴᠠ ᠠᠬᠠᠮᠠᠳ ᠲᠡᠭᠡᠳᠦ ᠦᠶ᠎ᠡ ᠶᠢᠨ ᠬᠢᠨ ᠮᠤᠩᠭᠤᠯ ᠦᠰᠦᠭ ᠪᠢᠴᠢᠭ ᠢ ᠪᠢᠴᠢᠬᠦ ᠶᠢ ᠲᠡᠭᠡᠳᠦᠯᠡᠳᠡᠭ ᠢᠶᠠᠷ ᠦᠯᠦ ᠪᠠᠷᠠᠮ ᠦᠬᠡ ᠬᠡᠯᠡ᠂ ᠠᠶᠠᠯᠠᠭᠤ ᠵᠦᠢ ᠶᠢ ᠴᠤ ᠬᠠᠵᠠᠭᠠᠢ ᠪᠤᠷᠤᠭᠤ ᠬᠡᠯᠡᠬᠦ ᠶᠢ ᠴᠡᠭᠡᠷᠯᠡᠳᠡᠭ ᠪᠠᠶᠢᠭᠰᠠᠨ ᠨᠢ ᠲᠤᠲᠤᠷᠬᠠᠢ ᠪᠠᠶᠢᠨ᠎ᠠ᠃       ᠠᠪᠤ ᠨᠢ ᠲᠡᠭᠦᠨ ᠢ ︽ᠦᠨᠳᠦᠰᠦᠳᠡᠨ ᠢᠶᠠᠨ ᠲᠡᠳᠭᠦᠬᠦ ᠪᠠᠷ ᠵᠤᠷᠢᠯᠳᠠ ᠪᠤᠯᠭᠠᠵᠦ᠂ ᠠᠷᠠᠳ ᠤᠯᠠᠨ ᠠᠬ᠎ᠠ ᠲᠡᠭᠦᠤ ᠪᠠᠨ ᠰᠠᠶᠢᠳᠦᠷ ᠲᠤᠰᠠᠯᠠᠬᠤ ᠶᠢ ᠡᠷᠬᠢᠮᠯᠡᠵᠦ᠂ ᠤᠳᠬ᠎ᠠ ᠰᠤᠶᠤᠯ ᠢᠶᠠᠨ ᠬᠦᠭᠵᠢᠭᠦᠯᠬᠦ ᠶᠢ ᠬᠦᠨᠳᠦᠳᠭᠡᠵᠦ᠂ ᠠᠵᠦ ᠠᠬᠤᠢ ᠪᠠᠨ ᠰᠠᠶᠢᠵᠢᠷᠠᠭᠤᠯᠬᠤ ᠪᠠᠷ ᠴᠢᠷᠮᠠᠶᠢᠬᠤ ᠬᠡᠷᠡᠭᠳᠡᠢ︾ ᠭᠡᠵᠦ ᠦᠷᠭᠦᠯᠵᠢ ᠰᠤᠷᠭᠠᠳᠠᠭ ᠪᠠᠶᠢᠵᠠᠢ᠃ ᠠᠪᠤ  ᠨᠢ ᠭᠢᠯᠵᠡᠨᠳᠡᠢ ᠶᠢ ᠪᠠᠭ᠎ᠠ ᠠᠴᠠ ᠨᠢ ᠴᠢᠩᠭ᠎ᠠ ᠰᠤᠷᠭᠠᠨ ᠬᠦᠮᠦᠵᠢᠭᠦᠯᠵᠦ ᠡᠬᠢᠯᠡᠭᠰᠡᠨ ᠮᠦᠷᠳᠡᠭᠡᠨ ᠭᠢᠯᠵᠡᠨᠳᠡᠢ ᠴᠤ ᠠᠪᠤ  ᠶᠢᠨ ᠨᠦᠯᠦᠭᠡ ᠶᠢ ᠶᠡᠭᠡ ᠭᠦᠷᠳᠡᠵᠦ᠂ ᠪᠡᠶ᠎ᠡ ᠪᠠᠨ ᠴᠢᠩᠭ᠎ᠠ ᠱᠠᠭᠠᠷᠳᠠᠳᠠᠭ᠂ ᠶᠠᠪᠤᠳᠠᠯ ᠬᠢᠳᠡᠯ ᠳᠤ ᠪᠤᠯᠭᠤᠮᠵᠢᠳᠡᠢ ᠰᠤᠷᠳᠠᠯ ᠰᠤᠷᠭᠠᠯ ᠰᠠᠶᠢᠳᠠᠢ ᠪᠤᠯᠵᠦ᠂ ᠬᠤᠵᠢᠮ ᠤᠨ ᠬᠦᠮᠦᠨ ᠪᠤᠯᠬᠤ ᠶᠤᠰᠤᠨ ᠤ ᠰᠠᠭᠤᠷᠢ ᠶᠢ ᠰᠠᠶᠢᠨ ᠲᠠᠯᠪᠢᠭᠰᠠᠨ ᠪᠠᠶᠢᠨ᠎ᠠ᠃ ᠬᠢᠯᠵᠡᠨᠳᠡᠢ ᠶᠢᠨ ᠨᠢᠭᠡ ᠭᠡᠷ ᠤᠨ ᠦᠢᠯᠡ ᠶᠠᠪᠤᠳᠠᠯ ᠠᠴᠠ ᠪᠢᠳᠡ ᠮᠤᠩᠭᠤᠯ ᠤᠳᠤᠮ ᠤᠭᠰᠠᠭ᠎ᠠ ᠪᠠᠨ ᠲᠡᠭᠡᠳᠦᠯᠡᠨ ᠰᠢᠳᠦᠵᠦ᠂ ᠦᠭᠡ ᠬᠡᠯᠡ ᠦᠰᠦᠭ ᠪᠢᠴᠢᠭ ᠢ ᠵᠦᠪ ᠬᠡᠷᠡᠭᠯᠡᠬᠦ ᠶᠢ ᠪᠠᠷᠢᠮᠳᠠᠯᠠᠵᠦ ᠢᠷᠡᠭᠰᠡᠨ ᠢ ᠢᠷᠠᠭᠤ ᠰᠠᠶᠢᠬᠠᠨ ᠤᠯᠠᠮᠵᠢᠯᠠᠯ ᠢ ᠤᠯᠵᠦ ᠬᠠᠷᠠᠬᠤ ᠪᠤᠯᠤᠨ᠎ᠠ᠃       ᠲᠡᠭᠡᠷᠡᠬᠢ ᠲᠤᠭᠠᠴᠠᠯᠳᠠ ᠠᠴᠠ ᠪᠢᠳᠡ ᠭᠢᠯᠵᠡᠠᠳᠡᠢ ᠶᠢᠨ ᠪᠠᠭ᠎ᠠ ᠶᠢᠨ ᠦᠶ᠎ᠡ ᠳᠡᠭᠡᠨ ᠠᠪᠤ ᠪᠤᠯᠤᠨ ᠪᠠᠭᠰᠢ ᠶᠢᠨ ᠭᠡᠷ ᠤᠨ ᠰᠤᠷᠭᠠᠯ ᠤᠨ ᠬᠦᠮᠦᠵᠢᠯᠳᠡ ᠪᠠᠷ ᠰᠤᠷᠭᠠᠯ ᠭᠦᠷᠳᠡᠵᠦ᠂ ᠬᠦᠮᠦᠨ ᠪᠤᠯᠬᠤ ᠪᠠᠭ᠎ᠠ ᠠᠴᠠ ᠪᠠᠨ ᠬᠦᠯᠦᠭ ᠪᠤᠯᠬᠤ ᠤᠨᠠᠭ᠎ᠠ ᠠᠴᠠ ᠪᠠᠨ ᠭᠡᠳᠡᠭ ᠶᠤᠰᠤ ᠶᠢ ᠲᠠᠮ ᠢᠶᠠᠷ ᠢᠯᠡᠷᠡᠭᠦᠯᠵᠡᠢ᠃       ᠬᠤᠶᠠᠷ᠂ ᠤᠯᠠᠮᠵᠢᠯᠠᠯᠳᠤ ᠮᠤᠩᠭᠤᠯ ᠦᠭᠡ ᠬᠡᠯᠡ ᠦᠰᠦᠭ ᠪᠢᠴᠢᠭ ᠢᠶᠠᠨ ᠬᠠᠮᠠᠭᠠᠯᠠᠬᠤ ᠶᠢ ᠪᠠᠷᠢᠮᠳᠠᠯᠠᠪᠡ       ᠭᠢᠯᠵᠡᠨᠳᠡᠢ ᠠᠪᠤᠭᠠᠢ 1954 ᠤᠨ ᠳᠤ ︽ᠦᠷ᠎ᠡ ᠠᠴᠢᠷ ᠲᠠᠭᠠᠨ ᠦᠯᠡᠳᠡᠭᠡᠬᠦ ᠬᠡᠷᠢᠶᠡᠰ ᠤᠨ ᠦᠬᠡ︾  ᠪᠠᠨ ᠪᠢᠴᠢᠵᠦ᠂ ᠮᠤᠩᠭᠤᠯ ᠦᠨᠳᠦᠰᠦᠳᠡᠨ ᠤ ᠪᠠᠨ ᠦᠬᠡ ᠬᠡᠯᠡ ᠦᠰᠦᠭ ᠪᠢᠴᠢᠭ ᠢ ᠰᠡᠪᠳᠡᠭᠦᠯᠬᠦ ᠦᠭᠡᠢ ᠶᠢᠨ ᠲᠤᠰᠠᠳᠠ ᠠᠪᠤ ᠪᠤᠯᠤᠨ ᠪᠠᠭᠰᠢ ᠶᠢᠨ ᠢᠶᠠᠨ ᠵᠠᠬᠢᠶ᠎ᠠ ᠰᠤᠷᠭᠠᠯ ᠢ ᠲᠤᠷᠠᠳᠬᠤ ᠪᠠᠷ ᠲᠠᠮᠵᠢᠭᠤᠯᠤᠨ᠂ ᠮᠤᠩᠭᠤᠯ ᠤᠨ ᠤᠯᠠᠨ ᠬᠤᠶᠢᠴᠢᠰ ᠲᠠᠭᠠᠨ ᠬᠠᠮᠠᠭᠠᠯᠠᠵᠦ ᠬᠦᠭᠵᠢᠬᠦᠯᠵᠦ ᠪᠠᠷᠢᠮᠳᠠᠯᠠᠵᠦ ᠶᠠᠪᠤᠬᠤ ᠶᠢ ᠤᠷᠢᠶᠠᠯᠠᠭᠰᠠᠨ ᠪᠠᠶᠢᠪᠠ᠃ ᠲᠡᠷᠡ ᠠᠪᠤ ᠶᠢᠨ ᠢᠶᠠᠨ ᠵᠠᠬᠢᠶᠠᠰᠤ ᠶᠢ ᠲᠡᠮᠳᠡᠭᠯᠡᠬᠦ ᠳᠡᠭᠡᠨ᠄ ︽ᠮᠤᠩᠭᠤᠯ ᠦᠨᠳᠦᠰᠦᠳᠡᠨ ᠭᠡᠳᠦᠶᠢᠪᠡᠷ ᠪᠤᠯᠬᠢ ᠪᠦᠳᠦᠭᠦᠯᠢᠭ ᠪᠤᠯᠪᠠᠴᠤ ᠪᠢᠳᠡᠨᠡᠷ ᠤᠨ ᠤᠳᠤᠮ ᠪᠤᠯᠤᠭᠰᠠᠨ ᠦᠨᠳᠦᠰᠦᠳᠡᠨ ᠶᠤᠮ᠃ ᠦᠨᠳᠦᠰᠦᠳᠡᠨ ᠢᠶᠠᠨ ᠵᠢᠭᠰᠢᠪᠡᠯ ᠲᠡᠵᠢᠭᠡᠪᠦᠷᠢ ᠨᠤᠬᠠᠢ ᠶᠢ ᠴᠤ ᠬᠦᠷᠬᠦ ᠦᠭᠡᠢ᠂ ᠵᠢᠷᠤᠮ ᠦᠭᠡᠢ ᠠᠮᠢᠳᠠᠨ ᠪᠤᠯᠬᠤ︾ ᠮᠦᠷᠳᠡᠭᠡᠨ ᠪᠤᠰᠤᠳ ᠦᠨᠳᠦᠰᠦᠳᠡᠨ ᠤ ᠬᠡᠯᠡ ᠰᠤᠶᠤᠯ ᠳᠤ ᠬᠡᠯᠪᠡᠶᠢᠪᠡᠯ ︽ᠦᠨᠳᠦᠰᠦᠳᠡᠨ ᠤ ᠴᠢᠨᠠᠷ᠂ ᠵᠠᠩ ᠲᠠᠳᠬᠠᠯ᠂ ᠭᠤᠤᠯᠴᠢ ᠰᠢᠳᠦᠷᠭᠤ᠂ ᠦᠬᠡ ᠬᠡᠯᠡ  ᠦᠰᠦᠭ ᠪᠢᠴᠢᠭ᠂ ᠪᠠᠭᠠᠳᠤᠷ ᠵᠤᠷᠢᠭ᠂ ᠢᠳᠡᠭᠡᠮᠵᠢ ᠪᠠᠳᠤ᠂ ᠰᠢᠯᠤᠭᠤᠨ ᠠᠮᠢᠳᠤᠷᠠᠯ᠂ ᠤᠳᠤᠮᠰᠢᠯ ᠤᠨ ᠰᠤᠷᠳᠠᠯ᠂ ᠦᠨᠳᠦᠰᠦᠳᠡᠨ ᠤ ᠬᠠᠯᠠᠭᠤᠨ ᠵᠤᠷᠢᠭ ᠵᠡᠷᠭᠡ ᠪᠠᠨ ᠴᠦᠮ ᠠᠯᠳᠠᠵᠦ᠂ ᠦᠨᠳᠦᠰᠦᠳᠡᠨ ᠤ ᠨᠢᠭᠡᠨ ᠭᠡᠰᠢᠭᠦᠨ ᠪᠤᠯᠤᠭᠰᠠᠨ ᠮᠦᠨ ᠴᠢᠨᠠᠷ ᠢᠶᠠᠨ ᠭᠡᠭᠡᠭᠡᠳ ᠪᠤᠰᠤᠳ ᠤᠨ ᠵᠠᠩ ᠲᠠᠳᠬᠠᠯ᠂ ᠠᠮᠢᠳᠤᠷᠠᠯ ᠤᠨ ᠪᠠᠶᠢᠳᠠᠯ᠂ ᠵᠠᠯᠢᠬᠠᠢ ᠮᠡᠭᠡ ᠵᠢᠰᠦᠷ ᠠᠷᠭ᠎ᠠ᠂ ᠦᠬᠡ ᠦᠰᠦᠭ᠂ ᠱᠠᠯᠢᠭ ᠠᠮᠢᠳᠤᠷᠠᠯ᠂ ᠤᠷᠤᠰᠢᠯ ᠦᠭᠡᠢ ᠰᠤᠷᠳᠠᠯ᠂ ᠰᠢᠨᠤᠬᠠᠢ ᠰᠡᠳᠭᠢᠯ᠂ ᠦᠨᠳᠦᠰᠦᠳᠡᠨ ᠢᠶᠠᠨ ᠵᠢᠭᠰᠢᠬᠦ ᠵᠡᠷᠭᠡ ᠮᠠᠭᠤ ᠰᠤᠷᠳᠠᠯ ᠬᠠᠯᠳᠠᠭᠠᠳ ᠤᠰᠤ ᠮᠡᠳᠦ ᠬᠤᠯᠢᠭᠳᠠᠨ ᠬᠠᠶᠢᠯᠤᠭᠳᠠᠵᠦ ᠴᠢᠰᠦ ᠦᠭᠡᠢ ᠪᠠᠷ ᠠᠯᠠᠭᠳᠠᠬᠤ ᠳᠤ ᠬᠦᠷᠬᠦ ᠦᠨᠳᠦᠰᠦᠨ ᠤ ᠶᠡᠭᠡ ᠬᠤᠤᠷ ᠢ ᠠᠮᠰᠠᠬᠤ ᠨᠢ ᠵᠠᠶᠢᠯᠠᠰᠢ ᠦᠭᠡᠢ︾ ᠭᠡᠵᠡᠢ᠃ ᠤᠳᠤ ᠠᠴᠠ 64 ᠵᠢᠯ ᠤᠨ ᠡᠮᠦᠨ᠎ᠡ᠂ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠳᠤ᠂ ᠭᠢᠯᠵᠡᠨᠳᠡᠢ ᠭᠤᠸᠠᠢ ᠤᠯᠠᠨ ᠭᠠᠵᠠᠷ ᠤᠷᠤᠨ ᠢᠶᠠᠷ ᠠᠵᠢᠯᠯᠯᠠᠨ ᠶᠠᠪᠤᠵᠦ᠂ ᠦᠷᠭᠡᠨ ᠮᠡᠳᠡᠯᠭᠡ ᠶᠢ ᠡᠵᠡᠮᠰᠢᠬᠦ ᠶᠢᠨ ᠲᠤᠮᠳᠠ ᠨᠠᠨᠳᠢᠨ ᠲᠤᠷᠰᠢᠯᠭ᠎ᠠ ᠶᠢ ᠬᠤᠷᠠᠮᠳᠤᠭᠤᠯᠵᠦ᠂ ᠲᠡᠷᠡ ᠮᠤᠩᠭᠤᠯ ᠦᠬᠡ ᠬᠡᠯᠡ ᠦᠰᠦᠭ ᠪᠢᠴᠢᠭ ᠢᠶᠠᠨ ᠲᠤᠪᠤᠶᠢᠯᠭᠠᠬᠤ ᠶᠢ ᠪᠠᠷᠢᠮᠳᠠᠯᠠᠭᠰᠠᠭᠠᠷ ᠢᠷᠡᠭᠰᠡᠨ ᠪᠦᠭᠡᠳ ᠵᠠᠭᠤ ᠰᠢᠬᠠᠮ ᠵᠢᠯ ᠤᠨ ᠡᠮᠦᠨ᠎ᠡ᠂ ᠮᠤᠩᠭᠤᠯ ᠬᠦᠮᠦᠨ ᠬᠢᠳᠡᠳ ᠪᠢᠴᠢᠭ ᠰᠤᠷᠤᠭᠰᠠᠨ ᠢᠶᠠᠷ ᠲᠡᠭᠦᠨ ᠳᠡᠭᠡᠨ ᠬᠡᠯᠪᠡᠶᠢᠵᠦ᠂ ᠮᠤᠩᠭᠤᠯ ᠤᠨ ᠬᠦᠮᠦᠨ ᠮᠦᠰᠦ ᠪᠤᠯᠤᠨ ᠵᠠᠩ ᠲᠠᠳᠬᠠᠯ ᠢᠶᠠᠨ ᠠᠯᠳᠠᠵᠦ᠂ ᠦᠨᠳᠦᠰᠦᠳᠡᠨ ᠢᠶᠠᠨ ᠭᠤᠯᠤᠬᠤ ᠦᠵᠡᠭᠳᠡᠯ ᠳᠤ ᠲᠤᠯᠭᠠᠷᠠᠵᠦ ᠪᠠᠶᠢᠭᠰᠠᠨ ᠢ ᠬᠦᠨᠳᠡᠵᠦ᠂ ᠡᠶᠢᠮᠦᠷᠬᠦ ᠮᠠᠭᠤ ᠮᠠᠭᠤᠬᠠᠢ ᠦᠨᠳᠦᠰᠦᠳᠡᠨ ᠤ ᠱᠠᠭᠠᠷᠤ ᠭᠠᠷᠬᠤ ᠶᠢ ᠰᠡᠷᠭᠡᠶᠢᠯᠡᠵᠦ᠂ ᠬᠤᠵᠢᠮ ᠤᠨ ᠨᠡᠶᠢᠭᠡᠮ ᠤᠨ ᠬᠦᠭᠵᠢᠯᠳᠡ ᠶᠢᠨ ᠲᠤᠮᠳᠠ ᠶᠡᠭᠡ ᠦᠨᠳᠦᠰᠦᠳᠡᠨ ᠤ ᠠᠶ᠋ᠨᠨᠳᠠᠭᠠᠨ ᠤ ᠨᠦᠯᠦᠭᠡᠯᠡᠯ ᠢᠶᠠᠷ ᠮᠤᠩᠭᠤᠯ ᠦᠬᠡ ᠬᠡᠯᠡ ᠦᠰᠦᠭ ᠪᠢᠴᠢᠭ ᠢᠶᠠᠨ ᠲᠠᠶᠠᠭᠳᠠᠵᠦ᠂ ᠨᠡᠩ ᠤᠯᠠᠨ ᠤᠳᠤᠮ ᠤᠭᠰᠠᠭ᠎ᠠ ᠪᠠᠨ ᠮᠡᠳᠡᠬᠦ ᠦᠭᠡᠢ ᠮᠤᠩᠭᠤᠯᠴᠦᠳ ᠤᠯᠠᠰᠢᠷᠠᠬᠤ ᠪᠤᠯᠤᠯᠴᠠᠭ᠎ᠠ ᠶᠢ ᠰᠡᠷᠭᠡᠭ ᠢᠶᠠᠷ ᠵᠢᠱᠢᠵᠦ ᠮᠡᠳᠡᠭᠰᠡᠨ ᠪᠦᠭᠡᠳ ᠬᠤᠶᠢᠴᠢ ᠦᠶ᠎ᠡ ᠶᠢᠨ ᠵᠠᠯᠠᠭᠤ ᠪᠠᠭᠠᠴᠦᠳ ᠢᠶᠠᠨ ᠦᠨᠳᠦᠰᠦᠨ ᠤᠳᠤᠮ ᠤᠭᠰᠠᠭ᠎ᠠ ᠪᠠᠨ ᠶᠠᠭᠠᠬᠢᠭᠰᠠᠨ ᠴᠤ ᠮᠡᠷᠳᠡᠭᠤᠯᠬᠤ ᠦᠭᠡᠢ ᠪᠠ ᠦᠨᠳᠦᠰᠦᠳᠡᠨ ᠤ ᠪᠠᠨ ᠰᠤᠶᠤᠯ ᠡᠷᠳᠡᠮ ᠮᠡᠳᠡᠬᠦ ᠦᠭᠡᠢ ᠪᠤᠯᠬᠢ ᠪᠦᠳᠦᠬᠦᠯᠢᠭ ᠬᠤᠴᠤᠷᠤᠩᠭᠤᠢ ᠪᠠᠶᠢᠳᠠᠯ ᠠᠴᠠ ᠠᠩᠭᠢᠵᠢᠷᠠᠭᠤᠯᠬᠤ ᠶᠢᠨ ᠲᠤᠰᠠᠳᠠ᠂ ᠮᠤᠩᠭᠤᠯ ᠦᠬᠡ ᠬᠡᠯᠡ ᠦᠰᠦᠭ ᠪᠢᠴᠢᠭ ᠤᠨ ᠲᠠᠯ᠎ᠠ ᠪᠠᠷ ᠲᠤᠰᠬᠠᠢ ᠰᠤᠳᠤᠯᠭ᠎ᠠ ᠶᠢ ᠬᠢᠵᠦ᠂ ︿︿ᠮᠤᠩᠭᠤᠯ ᠬᠡᠯᠡ ᠶᠢ ᠬᠢᠯᠪᠡᠷ ᠲᠦᠷᠭᠡᠨ ᠰᠤᠷᠬᠤ ᠠᠷᠭ᠎ᠠ﹀﹀᠂ ︿︿ᠮᠤᠩᠭᠤᠯ ᠬᠡᠯᠡ ᠵᠦᠢ﹀﹀᠂ ︿︿ᠮᠤᠩᠭᠤᠯ ᠦᠭᠡᠰ ᠤᠨ ᠲᠤᠯᠢ﹀﹀᠂ ︿︿ᠮᠤᠩᠭᠤᠯ ᠬᠢᠳᠡᠳ ᠦᠭᠡᠰ ᠤᠨ ᠲᠤᠯᠢ﹀﹀᠂ ︿︿ᠲᠦᠮᠡᠨ ᠦᠰᠦᠭ ᠤᠨ ᠳᠠᠶᠢᠯᠪᠤᠷᠢ﹀﹀ ᠵᠡᠷᠭᠡ ᠤᠯᠠᠨ ᠪᠦᠳᠦᠭᠡᠯ ᠢ ᠭᠠᠷᠭᠠᠵᠦ᠂ ᠬᠤᠵᠢᠮ  ᠤᠨ ᠮᠤᠩᠭᠤᠯᠴᠦᠳ ᠤᠨ ᠢᠶᠠᠨ ᠪᠢᠴᠢᠭ ᠨᠤᠮ ᠢ ᠰᠤᠷᠴᠤ᠂ ᠡᠷᠳᠡᠮ ᠤᠬᠠᠭᠠᠨ ᠢᠶᠠᠨ ᠪᠠᠶᠠᠯᠢᠭᠵᠢᠭᠤᠯᠬᠤ ᠳᠤ ᠵᠤᠷᠢᠭᠤᠯᠤᠭᠰᠠᠨ ᠤᠶᠤᠨ ᠤ ᠪᠦᠳᠦᠮᠵᠢᠳᠡᠢ ᠠᠷᠭ᠎ᠠ ᠬᠡᠮᠵᠢᠶ᠎ᠡ ᠶᠢ ᠠᠪᠤᠭᠰᠠᠨ ᠪᠠᠶᠢᠨ᠎ᠠ᠃ ᠡᠭᠦᠨ ᠢᠶᠠᠷ ᠲᠡᠷᠡ ᠪᠠᠷᠠᠭᠤᠨ ᠬᠤᠶᠢᠳᠦ ᠶᠢᠨ ᠶᠡᠭᠡ ᠰᠤᠷᠭᠭᠠᠭᠤᠯᠢ ᠶᠢᠨ ᠰᠤᠷᠤᠭᠴᠢᠳ ᠤᠨ ᠵᠢᠭᠠᠬᠤ ᠮᠠᠲ᠋ᠧᠷᠢᠶᠠᠯ ᠪᠤᠯᠭᠠᠵᠦ᠂ ᠲᠤᠬᠠᠢ  ᠶᠢᠨ ᠦᠶ᠎ᠡ ᠮᠠᠰᠢ ᠤᠯᠠᠨ ᠮᠤᠩᠭᠤᠯ ᠰᠤᠷᠤᠭᠴᠢᠳ ᠢ ᠬᠦᠮᠦᠵᠢᠭᠦᠯᠦᠨ ᠭᠠᠷᠭᠠᠵᠦ ᠨᠡᠶᠢᠭᠡᠮ ᠳᠤ ᠲᠤᠰᠢᠶᠠᠭᠰᠠᠨ ᠭᠠᠪᠢᠶ᠎ᠠ ᠵᠢᠳᠭᠦᠯ ᠲᠠᠢ ᠶᠠᠪᠤᠭᠰᠠᠨ ᠢ ᠵᠦᠪ ᠢᠶᠠᠷ ᠨᠤᠳᠠᠯᠠᠨ ᠦᠨᠡᠯᠡᠬᠦ  ᠴᠢᠬᠤᠯᠳᠠᠢ ᠶᠤᠮ᠃       ᠭᠢᠯᠵᠡᠨᠳᠡᠢ ᠠᠪᠤᠭᠠᠢ ᠶᠢᠨ ᠠᠯᠤᠰ ᠬᠤᠯᠠ ᠶᠢᠨ ᠬᠠᠷᠠᠯᠳᠠ ᠪᠠ ᠲᠡᠭᠦᠨ ᠤ ᠠᠷᠭ᠎ᠠ ᠪᠤᠳᠤᠯᠭ᠎ᠠ ᠨᠢ ᠡᠳᠦᠭᠡ  ᠶᠢᠨ ᠮᠤᠩᠭᠤᠯ ᠦᠬᠡ ᠬᠡᠯᠡ ᠦᠰᠦᠭ ᠪᠢᠴᠢᠭ ᠲᠤ ᠲᠤᠯᠭᠠᠷᠠᠵᠦ ᠪᠠᠶᠢᠭ᠎ᠠ ᠰᠠᠭᠠᠳ ᠬᠠᠷᠰᠢ ᠶᠢ ᠲᠠᠪᠠᠭ᠋ᠤ ᠳᠤ ᠲᠤᠯᠢ ᠮᠡᠳᠦ ᠭᠡᠷᠡᠯᠳᠦᠵᠦ ᠪᠠᠶᠢᠨ᠎ᠠ᠃ ᠲᠡᠷᠡ᠂ ︽ᠦᠰᠦᠭ ᠤᠨ ᠲᠦᠷᠢᠮ᠂ ᠦᠭᠡᠨ ᠤ ᠪᠦᠳᠦᠴᠡ᠂ ᠤᠩᠰᠢᠬᠤ ᠠᠶᠠᠯᠠᠭᠤ᠂ ᠵᠦᠪ ᠪᠢᠴᠢᠬᠦ ᠶᠤᠰᠤ ᠶᠢ ᠡᠷᠡᠰ ᠪᠠᠷᠢᠮᠳᠠᠯᠠᠵᠦ︾᠂ ᠮᠤᠩᠭᠤᠯ ᠦᠰᠦᠭ ᠪᠢᠴᠢᠭ ᠤᠨ ᠵᠦᠪ ᠬᠡᠷᠡᠭᠯᠡᠯᠳᠡ ᠶᠢ ᠴᠢᠬᠤᠯᠠᠴᠢᠯᠠᠵᠦ᠂ ᠮᠤᠩᠭᠤᠯ ᠲᠠᠶᠠᠭᠠᠷ ᠢᠶᠠᠨ ᠲᠦᠭᠡᠮᠡᠯᠵᠢᠭᠦᠯᠦᠨ᠂ ᠦᠪᠡᠷ ᠤᠨ ᠦᠨᠳᠦᠰᠦᠳᠡᠨ ᠤ ᠬᠡᠪ ᠪᠤᠯᠪᠠᠰᠤᠷᠠᠯ  ᠢ ᠲᠡᠭᠡᠭᠰᠢᠯᠡᠭᠦᠯᠬᠦ ᠶᠢ ᠵᠤᠷᠢᠪᠠ᠃ ᠲᠡᠭᠦᠨ ᠤ ᠦᠵᠡᠬᠦ ᠪᠠᠷ᠂ ᠮᠤᠩᠭᠤᠯ ᠦᠰᠦᠭ ᠪᠢᠴᠢᠭ ᠪᠤᠯ ᠲᠦᠷᠢᠮᠵᠢᠭᠰᠡᠨ ᠵᠦᠪ ᠪᠢᠴᠢᠯᠭᠡ ᠲᠠᠢ ᠲᠡᠤᠬᠡ ᠶᠢᠨ ᠰᠢᠯᠭᠠᠯᠳᠠ ᠳᠤ ᠲᠠᠪᠳᠠᠭᠳᠠᠭᠰᠠᠨ ᠮᠤᠩᠭᠤᠯ ᠦᠨᠳᠦᠰᠦᠳᠡᠨ ᠤ ᠠᠮᠢᠨ ᠡᠷᠳᠡᠨᠢ ᠭᠡᠵᠦ ᠦᠵᠡᠭᠰᠡᠨ ᠪᠦᠭᠡᠳ ᠮᠤᠩᠭᠤᠯ ᠬᠦᠮᠦᠨ ᠪᠤᠯᠤᠭᠰᠠᠨ ᠤ ᠬᠤᠪᠢ ᠳᠤ ᠲᠡᠭᠦᠨ ᠢ ᠮᠤᠩᠭᠤᠯ ᠦᠰᠦᠭ ᠢᠶᠠᠨ ᠪᠦᠷᠢᠨ ᠰᠤᠷᠴᠤ ᠪᠤᠯᠪᠠᠰᠤᠷᠠᠩᠭᠤᠢ ᠬᠡᠷᠡᠭᠯᠡᠵᠦ᠂ ᠡᠷᠳᠡᠮ ᠮᠡᠳᠡᠯᠭᠡ ᠶᠢ ᠡᠵᠡᠮᠰᠢᠬᠦ ᠲᠤᠯᠢ ᠪᠤᠯᠭᠠᠬᠤ ᠬᠡᠷᠡᠭᠳᠡᠢ᠃ ᠦᠰᠦᠭ ᠪᠢᠴᠢᠭ ᠤᠨ ᠵᠦᠪ ᠪᠢᠴᠢᠯᠭᠡ ᠶᠢ ᠪᠠᠳᠤ ᠴᠡᠭᠡᠵᠢᠯᠡᠵᠦ᠂ ᠦᠭᠡᠷᠡᠴᠢᠯᠡᠵᠦ ᠵᠠᠰᠠᠬᠤ ᠪᠠ ᠪᠤᠷᠤᠭᠤ ᠲᠠᠰᠢᠶ᠎ᠠ ᠬᠡᠷᠡᠭᠯᠡᠬᠦ ᠶᠢ ᠪᠤᠯᠭᠤᠮᠵᠢᠯᠠᠬᠤ ᠬᠡᠷᠡᠭᠳᠡᠢ ᠭᠡᠵᠦ ᠪᠠᠳᠤᠳᠠᠢ ᠦᠵᠡᠭᠰᠡᠨ ᠪᠠᠶᠢᠯ᠎ᠠ᠃       ᠤᠯᠠᠮᠵᠢᠯᠠᠯᠳᠤ ᠮᠤᠩᠭᠤᠯ ᠦᠰᠦᠭ ᠪᠢᠴᠢᠭ ᠪᠤᠯ ᠤᠯᠠᠨ ᠦᠶ᠎ᠡ ᠶᠢᠨ ᠮᠤᠩᠭᠤᠯ ᠡᠷᠳᠡᠮᠳᠡᠳ ᠤᠨ ᠬᠡᠳᠦᠨ ᠵᠠᠭᠤᠨ ᠵᠢᠯ ᠤᠨ ᠴᠢᠷᠮᠠᠶᠢᠯᠭ᠎ᠠ ᠶᠢᠨ ᠲᠡᠤᠬᠡ ᠶᠢᠨ ᠰᠢᠯᠭᠠᠷᠠᠯ ᠤᠨ ᠦᠷ᠎ᠡ ᠳ᠋ᠦᠩ ᠮᠦᠨ᠃ ᠪᠤᠰᠤᠭ᠎ᠠ ᠮᠤᠩᠭᠤᠯ ᠦᠰᠦᠭ ᠨᠢ ᠴᠢᠩ ᠤᠯᠤᠰ ᠤᠨ ᠲᠦᠷᠦ ᠶᠢᠨ ᠭᠠᠳᠠᠭᠤᠷᠴᠢᠯᠠᠯ᠂ ᠲᠤᠮᠳᠠᠳᠤ ᠢᠷᠭᠡᠨ ᠤᠯᠤᠰ ᠤᠨ ᠲᠠᠯᠬᠢᠭᠳᠠᠯ ᠳᠤ ᠤᠴᠠᠷᠠᠨ᠂ ᠬᠡᠳᠦᠨ ᠵᠠᠭᠤᠨ ᠤᠨ ᠢ ᠲᠤᠭᠤᠯᠤᠨ᠂ ᠮᠤᠩᠭᠤᠯ ᠡᠷᠳᠡᠮᠳᠡᠨ ᠮᠡᠷᠭᠡᠳ ᠤᠨ ᠢᠶᠠᠨ ᠴᠡᠭᠡᠵᠢᠨ ᠳᠤ ᠬᠠᠳᠠᠭᠠᠯᠠᠭᠳᠠᠭᠰᠠᠭᠠᠷ ᠰᠢᠨ᠎ᠡ ᠲᠤᠮᠳᠠᠳᠤ ᠤᠯᠤᠰ ᠲᠠᠢ ᠵᠤᠯᠭᠠᠭᠰᠠᠨ ᠶᠤᠮ᠃ ᠤᠯᠤᠰ ᠪᠠᠶᠢᠭᠤᠯᠤᠭᠳᠠᠭᠰᠠᠨ ᠠᠴᠠ ᠲᠠᠷᠠᠭ᠎ᠠ᠂ ᠮᠤᠩᠭᠤᠯ ᠦᠬᠡ ᠬᠡᠯᠡ ᠦᠰᠦᠭ ᠪᠢᠴᠢᠭ ᠨᠢ ᠬᠠᠤᠯᠢ ᠶᠤᠰᠤᠭᠠᠷ ᠰᠡᠷᠭᠦᠭᠡᠭᠳᠡᠨ ᠮᠤᠩᠭᠤᠯ ᠦᠨᠳᠦᠰᠦᠳᠡᠨ  ᠤ ᠰᠤᠷᠭᠠᠨ ᠬᠦᠮᠦᠵᠢᠯ ᠤᠨ ᠴᠢᠬᠤᠯᠠ ᠲᠦᠷᠦᠯ ᠵᠦᠢᠯ ᠪᠤᠯᠵᠦ᠂ ᠨᠢᠭᠡᠨ ᠦᠶ᠎ᠡ ᠵᠦᠪ ᠢᠶᠠᠷ ᠬᠦᠭᠵᠢᠵᠦ᠂ ᠰᠢᠵᠢᠷ ᠠᠯᠳᠠᠨ ᠴᠠᠭ ᠦᠶ᠎ᠡ ᠳᠤ ᠤᠷᠤᠭᠰᠠᠨ ᠪᠠᠶᠢᠯ᠎ᠠ᠃ ᠭᠢᠯᠵᠡᠨᠳᠡᠢ ᠶᠢᠨ ᠵᠤᠬᠢᠶᠠᠯ ᠪᠦᠳᠦᠭᠡᠯ ᠤᠨ ᠤᠯᠠᠩᠬᠢ ᠨᠢ ᠶᠠᠭ ᠡᠨᠡ ᠬᠦ ᠴᠠᠭ ᠦᠶ᠎ᠡ ᠳᠤ ᠮᠠᠨᠳᠤᠯᠡᠭᠰᠡᠨ ᠪᠠᠶᠢᠭ᠎ᠠ ᠶᠤᠮ᠃ ᠮᠤᠩᠭᠤᠯ ᠦᠰᠦᠭ ᠪᠢᠴᠢᠭ ᠤᠨ ᠬᠦᠭᠵᠢᠯᠳᠡ ᠨᠢ ᠲᠡᠤᠬᠡᠨ ᠳᠤ ᠭᠠᠷᠤᠭᠠᠳᠦᠢ ᠰᠢᠰᠲ᠋ᠧᠮ ᠲᠠᠢ᠂ ᠪᠦᠷᠢᠨ ᠭᠦᠢᠴᠡᠳ ᠪᠤᠵᠠᠭᠠᠶᠢᠷᠠᠭᠰᠠᠨ ᠢᠶᠠᠷ ᠪᠠᠷᠠᠬᠤ ᠦᠭᠡᠢ ᠮᠤᠩᠭᠤᠯᠴᠦᠳ ᠪᠦᠬᠦᠨ ᠮᠤᠩᠭᠤᠯ ᠦᠰᠦᠭ ᠪᠢᠴᠢᠭ ᠢᠶᠠᠨ ᠡᠵᠡᠮᠰᠢᠬᠦ ᠴᠠᠭ ᠲᠤᠬᠢᠶᠠᠯ ᠲᠠᠢ ᠪᠤᠯᠤᠭᠰᠠᠨ ᠢᠶᠠᠷ ᠮᠠᠨ ᠤ ᠦᠨᠳᠦᠰᠦᠳᠡᠨ ᠤ ᠴᠢᠨᠠᠷ ᠴᠢᠨᠰᠠᠭ᠎ᠠ ᠤᠷᠢᠳᠦ ᠡᠮᠦᠨ᠎ᠡ ᠭᠠᠷᠤᠭ᠎ᠠ ᠦᠭᠡᠢ ᠲᠡᠭᠡᠭᠡᠭᠰᠢᠯᠡᠭᠰᠡᠨ ᠢ ᠨᠤᠳᠠᠯᠠᠬᠤ ᠬᠡᠷᠡᠭᠳᠡᠢ᠃ ᠶᠡᠭᠡ ᠲᠠᠯ᠎ᠠ ᠠᠴᠠ ᠦᠵᠡᠪᠡᠯ᠂ ᠡᠨᠡ ᠪᠤᠯ ᠮᠠᠨ ᠤ ᠤᠯᠤᠰ ᠤᠨ ᠦᠨᠳᠦᠰᠦᠳᠡᠨ ᠤ ᠰᠤᠷᠭᠠᠨ ᠬᠦᠮᠦᠵᠢᠯ ᠤᠨ ᠵᠦᠪ ᠲᠦᠷᠦ ᠶᠢᠨ ᠪᠤᠳᠤᠯᠭ᠎ᠠ ᠠᠪᠤᠭᠰᠠᠨ ᠤ ᠲᠤᠰᠬᠠᠯ ᠪᠤᠯᠬᠤ ᠭᠡᠳᠡᠭ ᠲᠤ ᠲᠠᠳᠠᠭᠠᠯᠵᠠᠬᠤ ᠤᠴᠢᠷ ᠦᠭᠡᠢ ᠪᠤᠳᠠᠳᠤ ᠤᠴᠢᠷ ᠪᠢᠯᠡ᠃ ᠲᠠᠯᠠ ᠰᠢᠬᠠᠮ ᠵᠢᠯ ᠤᠨ ᠬᠤᠭᠤᠴᠠᠭ᠎ᠠ ᠶᠢ ᠦᠩᠭᠡᠷᠡᠭᠡᠭᠡᠳ ᠦᠨᠦᠳᠦᠷ ᠪᠤᠯᠬᠤ ᠳᠤ ᠡᠷᠳᠡᠮᠳᠡᠨ ᠤ ᠮᠠᠨᠢ ᠵᠢᠱᠢᠭᠰᠡᠨ  ᠠᠴᠠ ᠭᠠᠷᠤᠭᠰᠠᠨ ᠦᠭᠡᠢ ᠪᠠᠷ ᠮᠤᠩᠭᠤᠯ ᠦᠬᠡ ᠬᠡᠯᠡ ᠦᠰᠦᠭ ᠪᠢᠴᠢᠭ ᠲᠤ ᠮᠠᠰᠢ ᠤᠯᠠᠨ ᠡᠪᠳᠡᠯᠭᠡ ᠶᠢᠨ ᠴᠢᠨᠠᠷᠳᠠᠢ ᠦᠭᠡᠷᠡᠴᠢᠯᠡᠯᠳᠡ ᠭᠠᠷᠴᠤ᠂ ᠲᠦᠷᠢᠮᠵᠢᠭᠰᠡᠨ ᠦᠭᠡᠢ ᠲᠡᠭᠡᠷ᠎ᠡ ᠪᠠᠨ ᠤᠯᠠᠮ ᠰᠠᠮᠠᠭᠤᠷᠠᠭᠰᠠᠨ ᠪᠠᠶᠢᠳᠠᠯ ᠳᠤ ᠤᠷᠤᠵᠠᠢ᠃ ᠤᠷᠤᠨ ᠤ ᠵᠠᠰᠠᠭ ᠤᠨ ᠤᠷᠳᠤᠨ ᠤ ᠲᠢᠳᠢᠮ ᠲᠠᠢ ︽ᠮᠤᠩᠭᠤᠯ ᠵᠦᠪ ᠪᠢᠴᠢᠯᠭᠡ ᠶᠢᠨ ᠲᠤᠯᠢ︾ ᠶᠢ ᠬᠡᠷᠡᠭᠯᠡᠭᠰᠡᠨ ᠠᠷᠪᠠᠨ ᠵᠢᠯ ᠤᠨ ᠬᠤᠭᠤᠷᠤᠨᠳᠤ ᠠᠯᠢᠪᠠ ᠨᠤᠮ ᠬᠡᠪᠯᠡᠯ᠂ ᠰᠤᠨᠢᠨ ᠰᠡᠳᠭᠦᠯ᠂ ᠬᠡᠪᠯᠡᠯ ᠮᠡᠳᠡᠭᠡᠯᠡᠯ᠂ ᠰᠤᠷᠭᠠᠨ ᠬᠦᠮᠦᠵᠢᠯ ᠤᠨ ᠬᠢᠴᠢᠶᠡᠯ ᠤᠨ ᠪᠢᠴᠢᠭ ᠵᠡᠷᠭᠡ ᠳᠤ ᠪᠤᠷᠤᠭᠤ ᠦᠰᠦᠭ ᠤᠯᠠᠨᠳᠠ ᠢᠯᠡᠷᠡᠵᠦ᠂ ᠦᠨᠡᠬᠡᠷ ᠮᠠᠨ  ᠤ ᠦᠶ᠎ᠡ ᠶᠢᠨ ᠬᠦᠮᠦᠰ ᠪᠤᠯ ᠤᠩᠰᠢᠬᠤ ᠶᠢᠨ ᠠᠷᠭ᠎ᠠ ᠦᠭᠡᠢ ᠪᠤᠯᠵᠠᠢ᠃ ᠵᠦᠪ ᠪᠢᠴᠢᠯᠭᠡ ᠶᠢᠨ ᠲᠤᠯᠢ ᠨᠢ ᠬᠠᠷᠢᠨ ᠪᠤᠷᠤᠭᠤ ᠪᠢᠴᠢᠯᠭᠡ ᠶᠢᠨ ᠲᠤᠯᠢ ᠪᠤᠯᠵᠦ᠂ ᠨᠢᠭᠡᠨᠳᠡ ᠲᠦᠷᠢᠮᠵᠢᠭᠰᠡᠨ ᠮᠤᠩᠭᠤᠯ ᠦᠰᠦᠭ ᠢ ᠦᠭᠡᠷᠡᠴᠢᠯᠡᠵᠦ ᠰᠠᠮᠠᠭᠤᠷᠠᠯ ᠤᠨ ᠲᠦᠢᠯ ᠳᠤ ᠬᠦᠷᠭᠡᠪᠡ᠃ ᠤᠳᠤ ᠪᠤᠯ ᠮᠤᠩᠭᠤᠯ ᠦᠭᠡ ᠬᠡᠯᠡ ᠦᠰᠦᠭ ᠪᠢᠴᠢᠭ ᠤᠨ ᠦᠢᠯᠡᠰ ᠲᠤ ︽ᠤᠯᠠᠭᠠᠨ ᠤ ᠰᠤᠶᠤᠯ ᠤᠨ ᠬᠤᠪᠢᠰᠬᠠᠯ︾ ᠤᠨ ᠨᠦᠯᠦᠭᠡ ᠶᠢᠨ ᠦᠷᠭᠦᠯᠵᠢᠯᠡᠨ ᠶᠠᠪᠤᠭᠳᠠᠭᠰᠠᠭᠠᠷ ᠪᠠᠶᠢᠨ᠎ᠠ᠃ ᠤᠯᠠᠨ ᠦᠶ᠎ᠡ ᠶᠢᠨ ᠠᠬᠠᠮᠠᠳ ᠡᠷᠳᠡᠮᠳᠡᠳ ᠤᠨ ᠦᠬᠡᠨ ᠤ ᠢᠵᠠᠭᠤᠷ ᠤᠨ ᠰᠤᠳᠤᠯᠭᠠᠨ ᠢᠶᠠᠷ ᠪᠤᠯᠪᠠᠰᠤᠷᠠᠭᠳᠠᠭᠤᠯᠤᠭᠰᠠᠨ ᠮᠤᠩᠭᠤᠯ ᠦᠰᠦᠭ ᠤᠨ ᠤᠨᠴᠠᠭᠠᠢ ᠪᠢᠴᠢᠯᠭᠡᠳᠦ ᠦᠰᠦᠭ ᠭᠱᠠᠨ᠂ ᠲᠡᠭᠷᠢ᠂ ᠷᠠᠰᠢᠶᠠᠨ᠂ ᠲᠤᠤᠱᠯᠠᠭᠤᠯᠵᠦ ᠁ ᠵᠡᠷᠭᠡ ᠦᠰᠦᠭ ᠢ ᠪᠤᠷᠤᠭᠤ ᠪᠢᠴᠢᠯᠭᠡ ᠭᠡᠬᠦ ᠨᠢ ᠨᠢᠭᠡ ᠵᠦᠢᠯ ᠤᠨ ᠰᠤᠯᠢᠶᠠᠷᠠᠯ᠂ ᠡᠨᠡ ᠪᠤᠯ ᠵᠤᠬᠢᠬᠤ ᠲᠡᠤᠬᠡᠨ ᠴᠠᠭ ᠦᠶ᠎ᠡ ᠶᠢ ᠦᠩᠭᠡᠷᠡᠭᠡᠭᠰᠡᠨ ᠤᠨᠴᠠᠭᠠᠢ ᠪᠢᠴᠢᠯᠭᠡ ᠶᠢᠨ ᠦᠷ᠎ᠡ ᠳ᠋ᠦᠩ ᠮᠦᠨ᠃ ᠭᠢᠯᠵᠡᠨᠳᠡᠢ ᠠᠪᠤᠭᠠᠢ᠂ ᠵᠦᠪ ᠦᠰᠦᠭ ᠪᠢᠴᠢᠯᠭᠡ ᠶᠢᠨ ᠲᠠᠯ᠎ᠠ ᠪᠠᠷ ᠶᠠᠭ ᠡᠶᠢᠮᠦ ᠭᠡᠮ ᠰᠤᠭᠤᠭ ᠭᠠᠷᠬᠤ ᠶᠢ ᠰᠡᠷᠡᠮᠵᠢᠯᠡᠭᠦᠯᠦᠭᠰᠡᠨ ᠪᠠᠶᠢᠭ᠎ᠠ ᠶᠤᠮ᠃       ᠵᠠᠭᠤᠨ ᠵᠢᠯ ᠤᠨ ᠲᠤᠷᠰᠢ᠂ ᠮᠤᠩᠭᠤᠯ ᠦᠨᠳᠦᠰᠦᠳᠡᠨ ᠳᠤ ᠠᠪᠴᠤ ᠬᠡᠯᠡᠪᠡᠯ ᠮᠤᠩᠭᠤᠯ ᠦᠬᠡ ᠬᠡᠯᠡ ᠦᠰᠦᠭ ᠪᠢᠴᠢᠭ ᠤᠨ ᠦᠢᠯᠡᠰ ᠨᠢ ᠶᠡᠭᠡ ᠬᠢᠮᠤᠷᠠᠯ ᠪᠠ ᠨᠤᠭᠤᠷᠤᠯ ᠪᠦᠳᠦᠷᠢᠯ ᠤᠨ ᠲᠤᠮᠳᠠ ᠤᠷᠤᠰᠢᠵᠦ ᠢᠷᠡᠪᠡ᠂ ᠮᠤᠩᠭᠤᠯ ᠤᠯᠤᠰ ᠨᠢ ᠪᠤᠰᠤᠭ᠎ᠠ ᠮᠤᠩᠭᠤᠯ ᠦᠰᠦᠭ ᠢᠶᠠᠨ ᠪᠦᠷᠢᠮᠦᠰᠦᠨ ᠲᠠᠠᠶᠠᠭᠳᠠᠵᠦ᠂ ᠬᠡᠪᠳᠡᠭᠡ ᠤᠷᠤᠰ ᠦᠰᠦᠭ ᠪᠤᠯᠭᠠᠭᠰᠠᠨ ᠪᠦᠭᠡᠳ ᠤᠷᠤᠰ ᠵᠢᠭᠡᠯᠡᠯᠭᠡ ᠦᠭᠡᠰ ᠤᠯᠠᠳᠠᠪᠠ᠃ ᠦᠪᠦᠷ ᠮᠤᠩᠭᠤᠯ ᠳᠤ ᠤᠳᠤ ᠮᠤᠩᠭᠤᠯ ᠲᠤᠯᠢ ᠪᠢᠴᠢᠭ ᠤᠨ ᠰᠠᠮᠠᠭᠤᠷᠠᠯ ᠭᠠᠷᠴᠤ᠂ ᠪᠤᠷᠤᠭᠤ ᠪᠢᠴᠢᠯᠡᠭᠡ ᠶᠢᠨ ᠲᠦᠷᠢᠮ ᠢ ᠬᠡᠷᠡᠭᠵᠢᠬᠦᠯᠬᠦ ᠪᠤᠯᠤᠭᠰᠠᠨ᠂ ᠨᠡᠩ ᠦᠭᠡ ᠬᠡᠯᠡ ᠶᠢᠨ ᠲᠠᠯ᠎ᠠ ᠪᠠᠷ ᠰᠠᠭᠠᠷᠮᠠᠭ ᠬᠡᠯᠡᠳᠡᠨ ᠤᠯᠠᠳᠠᠭᠰᠠᠨ ᠵᠡᠷᠭᠡ ᠨᠢ ᠮᠤᠩᠭᠤᠯ ᠦᠬᠡ ᠬᠡᠯᠡ ᠦᠰᠦᠭ ᠪᠢᠴᠢᠭ ᠤᠨ ᠲᠠᠯ᠎ᠠ ᠪᠠᠷ ᠬᠠᠷᠠᠮᠰᠠᠯᠳᠠᠢ ᠲᠤᠮᠤᠬᠠᠨ ᠠᠰᠠᠭᠤᠳᠠᠯ ᠪᠤᠯᠪᠠ᠃ ᠡᠨᠡ ᠪᠤᠯ ᠮᠠᠨ ᠤ ᠦᠨᠳᠦᠰᠦᠳᠡᠨ ᠤ ᠲᠤᠲᠤᠭᠠᠳᠤ ᠨᠦᠬᠦᠴᠡᠯ ᠰᠢᠯᠳᠠᠭᠠᠨ ᠠᠴᠠ ᠡᠭᠦᠰᠦᠭᠰᠡᠨ ᠤᠷᠰᠢᠭ ᠭᠠᠢ ᠪᠤᠯᠬᠤ ᠶᠤᠮ᠃       ᠭᠤᠷᠪᠠ᠂ ᠭᠢᠯᠵᠡᠨᠳᠡᠢ ᠭᠡᠬᠦ ᠨᠠᠷ᠎ᠠ ᠶᠢᠨ ᠵᠦᠪ ᠪᠢᠴᠢᠯᠭᠡ ᠶᠢᠨ ᠲᠤᠬᠠᠢ       ᠭᠢᠯᠵᠡᠨᠳᠡᠢ ᠠᠪᠤᠭᠠᠢ ᠶᠢᠨ ᠨᠡᠷ᠎ᠡ ᠶᠢᠨ ᠲᠤᠬᠠᠢ ᠳᠤ᠂ ᠤᠯᠠᠨ ᠰᠤᠳᠤᠯᠭᠠᠨ ᠤ ᠦᠭᠦᠯᠡᠯ᠂ ᠨᠤᠮ ᠪᠢᠴᠢᠭ ᠲᠤ ᠤᠯᠠᠩᠬᠢ ᠳᠠᠭᠠᠨ ︽ᠭᠢᠯᠢᠵᠢᠨᠳᠡᠢ︾᠂ ︽ᠭᠢᠯᠵᠢᠨᠳᠡᠢ︾ ᠭᠡᠵᠦ ᠪᠢᠴᠢᠭᠳᠡᠵᠦ ᠪᠠᠶᠢᠬᠤ ᠪᠦᠭᠡᠳ ᠤᠳᠤ ᠶᠢᠨ ᠨᠤᠮ ᠪᠢᠴᠢᠭ ᠲᠡᠭᠡᠷ᠎ᠡ ᠤᠯᠠᠩᠬᠢ ᠨᠢ ︽ᠭᠢᠯᠵᠢᠨᠳᠡᠢ︾ ᠭᠡᠬᠦ ᠪᠢᠴᠢᠯᠭᠡ ᠲᠡᠭᠡᠷ᠎ᠡ ᠲᠦᠪᠯᠡᠷᠡᠨ ᠢᠯᠡᠷᠡᠵᠦ ᠪᠤᠢ᠃ ᠬᠢᠵᠡᠨᠳᠡᠢ ᠭᠡᠬᠦ ᠨᠡᠷ᠎ᠡ ᠪᠤᠯ ᠮᠠᠨᠵᠦ ᠭᠠᠷᠤᠯᠳᠠᠢ ᠦᠬᠡ ᠭᠡᠵᠦ ᠵᠠᠷᠢᠮ ᠮᠡᠷᠭᠡᠳ ᠦᠵᠡᠵᠦ ᠪᠠᠶᠢᠨ᠎ᠠ᠃ ᠭᠢᠯᠵᠡᠨᠳᠡᠢ ᠠᠪᠤᠭᠠᠢ ᠪᠤᠯ ᠮᠤᠩᠭᠤᠯ᠂ ᠬᠢᠳᠡᠳ᠂ ᠲᠦᠪᠡᠳ᠂ ᠮᠠᠨᠵᠦ ᠵᠡᠷᠭᠡ ᠲᠦᠷᠪᠡᠨ ᠬᠡᠯᠡᠨ ᠤ ᠡᠷᠳᠡᠮᠳᠡᠨ ᠭᠡᠵᠦ ᠨᠤᠮ ᠲᠡᠤᠬᠡ ᠳᠤ ᠪᠢᠴᠢᠭᠳᠡᠵᠦ ᠪᠠᠶᠢᠬᠤ ᠠᠴᠠ ᠦᠵᠡᠬᠦ ᠳᠤ ᠭᠢᠯᠵᠡᠨᠳᠡᠢ ᠭᠤᠸᠠᠢ ᠨᠡᠷ᠎ᠡ ᠪᠠᠨ ᠪᠤᠷᠤᠭᠤ ᠪᠢᠴᠢᠬᠦ ᠶᠤᠰᠤ ᠦᠭᠡᠢ ᠭᠡᠳᠡᠭ ᠢ ᠲᠠᠶᠠᠭᠠᠷ ᠮᠡᠳᠡᠵᠦ ᠪᠤᠯᠤᠨ᠎ᠠ᠃ ᠤᠴᠢᠷ ᠨᠢ ᠲᠡᠷᠡ ᠪᠤᠯ ᠮᠠᠨᠵᠦ ᠬᠡᠯᠡᠨ ᠳᠤ ᠨᠡᠪᠳᠡᠷᠬᠡᠢ ᠭᠡᠵᠦ ᠪᠠᠶᠢᠬᠤ ᠠᠴᠠ ᠦᠵᠡᠪᠡᠯ ᠮᠡᠨᠵᠦ ᠦᠬᠡ ᠬᠡᠯᠡᠴᠡ᠂ ᠠᠭᠤᠯᠭ᠎ᠠ ᠪᠤᠯᠤᠨ ᠪᠢᠴᠢᠯᠭᠡ ᠶᠢᠨ ᠲᠦᠷᠢᠮ ᠢ ᠡᠵᠡᠮᠰᠢᠭᠰᠡᠨ ᠬᠦᠮᠦᠨ ᠪᠠᠶᠢᠬᠤ ᠶᠤᠰᠤᠳᠠᠢ᠃       ᠲᠡᠭᠡᠪᠡᠯ ᠬᠡᠷᠭᠢᠨ ᠪᠢᠴᠢᠪᠡᠯ ᠵᠤᠬᠢᠬᠤ ᠪᠤᠢ ᠭᠡᠳᠡᠭ ᠠᠰᠠᠭᠤᠳᠠᠯ ᠦᠭᠭᠦᠭᠳᠡᠵᠦ ᠪᠠᠶᠢᠨ᠎ᠠ᠃ ᠮᠢᠨᠤ ᠦᠵᠡᠬᠦ ᠪᠠᠷ ᠂ ᠭᠢᠯᠵᠡᠨᠳᠡᠢ ᠶᠢᠨ ᠦᠯᠡᠳᠡᠭᠡᠭᠰᠡᠨ ᠦᠪᠡᠷ ᠤᠨ ᠨᠠᠷ᠎ᠠ ᠶᠢᠨ ᠪᠢᠴᠢᠯᠭᠡ ᠶᠢ ᠬᠡᠷᠡᠭᠯᠡᠪᠡᠯ ᠵᠤᠬᠢᠯᠳᠡᠢ ᠪᠢᠯᠡ᠃ ᠲᠡᠭᠦᠨ ᠤ 1962 ᠤᠨ ᠤ 5 ᠰᠠᠷ᠎ᠠ ᠶᠢᠨ 25 ᠡᠳᠦᠷ ᠤᠨ ︽ᠦᠪᠦᠷ ᠮᠤᠩᠭᠤᠯ ᠤᠨ ᠬᠢᠳᠡᠳ ᠮᠤᠩᠭᠤᠯ ᠡᠮᠨᠡᠯᠭᠡ ᠶᠢᠨ ᠰᠤᠳᠤᠯᠬᠤ ᠭᠠᠵᠠᠷ ᠤᠨ ᠬᠠᠷᠢᠭᠤᠴᠠᠯᠭᠠᠳᠠᠨ︾ ᠳᠤ ᠦᠭᠭᠦᠭᠰᠡᠨ ᠭᠠᠷ ᠪᠢᠴᠢᠮᠡᠯ ᠤᠨ ᠵᠠᠬᠢᠳᠠᠯ ᠳᠠᠭᠠᠨ᠄ ︽ᠵᠡᠭᠦᠨ ᠦᠵᠦᠮᠦᠴᠢᠨ ᠬᠤᠰᠢᠭᠤᠨ ᠤ ᠰᠤᠷᠭᠠᠨ ᠬᠦᠮᠦᠵᠢᠯ ᠤᠨ ᠰᠠᠯᠠᠭᠠᠨ ᠤ ᠭᠢᠯᠵᠠᠨᠳᠠᠢ ᠠᠴᠠ᠂ 吉列占泰︾ ᠭᠡᠵᠦ ᠮᠤᠩᠭᠤᠯ ᠬᠢᠳᠡᠳ ᠢᠶᠠᠷ ᠲᠦᠪ ᠲᠤᠲᠤᠷᠬᠠᠢ ᠪᠢᠴᠢᠭᠰᠡᠨ ᠪᠠᠶᠢᠯ᠎ᠠ᠃ ᠲᠡᠷᠡ ᠪᠠᠰᠠ ︽ᠭᠤᠷᠪᠠᠨ ᠵᠦᠢᠯ ᠤᠨ ᠦᠰᠦᠭ ᠬᠠᠪᠰᠤᠷᠭᠠᠭᠰᠠᠨ ᠡᠮ ᠤᠨ ᠨᠡᠷᠡᠰ ᠤᠨ ᠲᠤᠯᠢ ᠪᠢᠴᠢᠭ︾ ᠭᠡᠬᠦ ᠲᠤᠮᠤᠬᠠᠨ ᠪᠦᠳᠦᠭᠡᠯ ᠢᠶᠠᠨ ᠲᠠᠭᠠᠯᠳᠤᠭᠤᠯᠤᠭᠰᠠᠨ ᠦᠭᠡᠰ ᠲᠡᠭᠡᠨ ︽1960 ᠤᠨ ᠤ 5 ᠰᠠᠷ᠎ᠠ ᠶᠢᠨ 20 ᠡᠳᠦᠷ᠂ ᠵᠡᠭᠦᠨ ᠦᠵᠦᠮᠦᠴᠢᠨ ᠬᠤᠰᠢᠭᠤᠨ ᠤ ᠭᠢᠯᠵᠠᠨᠳᠠᠢ ᠨᠠᠶᠢᠷᠠᠭᠤᠯᠪᠠ︾ ᠭᠡᠵᠦ ᠭᠠᠷ ᠪᠢᠴᠢᠮᠡᠯ ᠢᠶᠠᠷ ᠪᠢᠴᠢᠭᠰᠡᠨ ᠬᠠᠳᠠᠭᠠᠯᠠᠮᠵᠢ ᠴᠤ ᠪᠤᠢ᠃ ᠡᠭᠦᠨ ᠠᠴᠠ ᠮᠤᠩᠭᠤᠯ ᠦᠰᠦᠭ ᠤᠨ ᠲᠤᠰ ᠬᠦᠮᠦᠨ ᠤ ᠭᠠᠷ ᠤᠨ ᠲᠢᠭ ᠤᠨ ᠪᠢᠴᠢᠯᠭᠡ ᠳᠠᠬᠢ ︽ᠭᠢᠯᠵᠡᠨᠳᠡᠢ︾ ᠭᠡᠳᠡᠭ ᠢ ᠵᠦᠪ ᠪᠢᠴᠢᠯᠭᠡ ᠭᠡᠵᠦ ᠦᠵᠡᠵᠦ ᠪᠠᠶᠢᠬᠤ ᠪᠦᠭᠡᠳ ︽ᠬᠢᠯᠵᠢᠨᠳᠡᠢ︾ ᠭᠡᠬᠦ ᠪᠤᠶᠤ ︽ᠬᠢᠯᠢᠵᠢᠨᠳᠡᠢ︾ ᠭᠡᠬᠦ ᠪᠢᠴᠢᠯᠭᠡ ᠪᠤᠷᠤᠭᠤ ᠭᠡᠳᠡᠭ ᠢ ᠮᠡᠳᠡᠵᠦ ᠪᠤᠯᠤᠨ᠎ᠠ᠃ ᠲᠡᠬᠢᠭᠡᠳ ᠬᠡᠯᠡᠪᠡᠯ ᠲᠡᠭᠦᠨ ᠤ ᠬᠢᠳᠡᠳ ᠪᠢᠴᠢᠯᠭᠡ ᠳᠤ ︽ᠵᠠᠨ︾ ᠭᠡᠬᠦ ᠲᠠᠭᠤᠳᠠᠯᠭ᠎ᠠ ᠪᠠᠶᠢᠬᠤ ᠠᠴᠠ ᠪᠢᠰᠢ ︽ᠵᠧᠨ᠂ ᠶᠢᠨ︾ ᠭᠡᠵᠦ ᠪᠠᠶᠢᠬᠤ ᠦᠭᠡᠢ ᠭᠡᠳᠡᠭ ᠢ ᠴᠤ ᠠᠩᠬᠠᠷᠬᠤ ᠬᠡᠷᠡᠭᠳᠡᠢ ᠶᠤᠮ᠃ ᠡᠶᠢᠮᠦ ᠠᠴᠠ ᠬᠤᠵᠢᠮ ᠤᠨ ᠮᠡᠷᠭᠡᠳ᠂ ᠠᠬᠠᠮᠠᠳ ᠡᠷᠳᠡᠮᠳᠡᠨ ᠢᠶᠠᠨ ᠬᠦᠨᠳᠦᠳᠭᠡᠵᠦ᠂ ᠰᠤᠳᠤᠯᠭᠠᠨ ᠦᠭᠦᠯᠡᠯ ᠪᠤᠶᠤ ᠨᠤᠮ ᠪᠢᠴᠢᠭ ᠲᠡᠭᠡᠨ ︽ᠭᠢᠯᠵᠠᠨᠳᠠᠢ︾ ᠭᠡᠬᠦ ᠵᠦᠪ ᠪᠢᠴᠢᠯᠭᠡ ᠶᠢ ᠬᠡᠷᠡᠭᠯᠡᠬᠦ ᠶᠢ ᠰᠠᠨᠠᠭᠠᠴᠢᠯᠠᠶ᠎ᠠ︕
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号