︽ᠭᠢᠯᠵᠡᠨᠳᠡᠢ ᠶᠢᠨ ᠵᠤᠬᠢᠶᠠᠯ ᠤᠨ ᠲᠡᠬᠦᠪᠦᠷᠢ︾ ᠶᠢ ᠰᠤᠳᠤᠯᠤᠨ ᠶᠠᠷᠢᠯᠴᠠᠬᠤ ᠪᠦᠬᠦ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠢᠶᠠᠨ ᠠᠮᠵᠢᠯᠳᠠᠢ ᠬᠤᠷᠠᠯᠳᠤᠭᠤᠯᠪᠠ
ᠨᠡᠶᠢᠲᠡᠯᠡᠭᠰᠡᠨ ᠴᠠᠭ᠄
2018/8/13
ᠤᠷᠢᠶᠠᠩᠬᠠᠨ ᠤ᠂ ᠶᠤᠨᠳᠤᠨ        ︽ᠭᠢᠯᠵᠡᠨᠳᠡᠢ ᠶᠢᠨ ᠵᠤᠬᠢᠶᠠᠯ ᠤᠨ ᠲᠡᠬᠦᠪᠦᠷᠢ︾ ᠶᠢ ᠰᠤᠳᠤᠯᠤᠨ ᠶᠠᠷᠢᠯᠴᠠᠬᠤ ᠪᠦᠬᠦ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠢᠶᠠᠨ ᠠᠮᠵᠢᠯᠳᠠᠢ ᠬᠤᠷᠠᠯᠳᠤᠭᠤᠯᠪᠠ       ᠦᠨᠦᠳᠦᠷ᠂ ᠪᠠᠷᠠᠭᠤᠨ ᠬᠤᠶᠢᠳᠦ ᠶᠢᠨ ᠦᠨᠳᠦᠰᠦᠳᠡᠨ ᠤ ᠶᠡᠭᠡ ᠰᠤᠷᠭᠠᠭᠤᠯᠢ ᠤᠨ ᠮᠤᠩᠭᠤᠯ ᠬᠡᠯᠡ ᠰᠤᠶᠤᠯ  ᠤᠨ ᠲᠡᠭᠡᠳᠦ ᠰᠤᠷᠭᠠᠭᠤᠯᠢ ᠪᠤᠯᠤᠨ ᠰᠢᠯᠢ ᠶᠢᠨ ᠭᠤᠤᠯ ᠤᠨ ᠵᠡᠭᠦᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠬᠠᠮᠳᠤᠷᠠᠨ ᠬᠢᠭᠰᠡᠨ ︽ᠭᠢᠯᠵᠡᠨᠳᠡᠢ ᠶᠢᠨ ᠵᠤᠬᠢᠶᠠᠯ ᠤᠨ ᠲᠡᠬᠦᠪᠦᠷᠢ︾ ᠶᠢ ᠰᠤᠳᠤᠯᠤᠨ ᠶᠠᠷᠢᠯᠴᠠᠬᠤ ᠪᠦᠬᠦ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠨᠢ ᠤᠯᠢᠶᠠᠰᠤᠳᠠᠢ ᠪᠠᠯᠭᠠᠰᠤᠨ ᠳᠤ ᠠᠮᠵᠢᠯᠳᠠ ᠲᠠᠢ ᠬᠤᠷᠠᠯᠳᠤᠭᠤᠯᠪᠠ᠃ ᠬᠤᠷᠠᠯ ᠳᠤ᠂ ᠪᠠᠷᠠᠭᠤᠨ ᠬᠤᠶᠢᠳᠦ ᠶᠢᠨ ᠦᠨᠳᠦᠰᠦᠳᠡᠨ ᠤ ᠶᠡᠭᠡ ᠰᠤᠷᠭᠠᠭᠤᠯᠢ  ᠂ ᠦᠪᠦᠷ ᠮᠤᠩᠭᠤᠯ ᠤᠨ ᠶᠡᠭᠡ ᠰᠤᠷᠭᠠᠭᠤᠯᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠤᠨ ᠡᠷᠳᠡᠮᠳᠡᠳ ᠪᠠ ᠵᠡᠭᠦᠨ ᠦᠵᠦᠮᠦᠴᠢᠨ ᠬᠤᠰᠢᠭᠤ᠂ ᠪᠠᠷᠠᠭᠤᠨ ᠦᠵᠦᠮᠦᠴᠢᠨ ᠬᠤᠰᠢᠭᠤᠨ ᠤ ᠤᠷᠤᠨ ᠨᠤᠲᠤᠭ ᠤᠨ ᠵᠤᠬᠢᠶᠠᠯᠴᠢᠳ᠂ ᠢᠷᠠᠭᠤ ᠨᠡᠶᠢᠷᠠᠭᠴᠢᠳ᠂ ᠵᠠᠩ ᠦᠢᠯᠡ ᠰᠤᠳᠤᠯᠭᠭᠠᠴᠢᠳ ᠵᠡᠷᠭᠡ ᠲᠠᠪᠢ ᠭᠠᠷᠤᠢ ᠬᠦᠮᠦᠨ ᠤᠷᠤᠯᠴᠠᠭᠰᠠᠨ ᠪᠦᠭᠡᠳ ᠭᠢᠯᠵᠡᠨᠳᠡᠢ ᠠᠪᠤᠭᠠᠢ ᠶᠢᠨ ᠬᠡᠤᠬᠡᠨ ᠬᠦᠷᠭᠡᠨ ᠪᠤᠯᠬᠤ ᠵᠢᠢ ᠯᠠᠨ ᠱᠧᠩ᠂ ᠢ ᠪᠦ᠋ ᠯᠠ ᠶᠢᠩ ᠵᠡᠷᠭᠡ ᠰᠠᠳᠤᠨ ᠲᠦᠷᠦᠯ ᠨᠢ ᠬᠦᠷᠦᠯᠴᠡᠨ ᠢᠷᠡᠵᠦ ᠤᠷᠤᠯᠴᠠᠵᠠᠢ᠃       ᠨᠡᠭᠡᠭᠡᠯᠳᠡ ᠶᠢᠨ ᠶᠤᠰᠤᠯᠠᠯ ᠲᠡᠭᠡᠷ᠎ᠡ᠂ ᠵᠡᠭᠦᠨ ᠦᠵᠦᠮᠦᠴᠢᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠭᠡᠯᠳᠡᠰ ᠤᠨ ᠲᠠᠷᠤᠭ᠎ᠠ ᠰᠠᠠᠷᠠᠭᠤᠯᠳᠤᠶᠠᠭ᠎ᠠ᠂ ᠪᠠᠷᠠᠭᠤᠨ ᠬᠤᠶᠢᠳᠦ ᠶᠢᠨ ᠦᠨᠳᠦᠰᠦᠳᠡᠨ ᠤ ᠶᠡᠭᠡ ᠰᠤᠷᠭᠠᠭᠤᠯᠢ ᠤᠨ ᠮᠤᠩᠭᠤᠯ ᠬᠡᠯᠡ ᠰᠤᠶᠤᠯ ᠤᠨ ᠲᠡᠭᠡᠳᠦ ᠰᠤᠷᠭᠠᠭᠤᠯᠢ ᠶᠢᠨ ᠵᠠᠬᠢᠷᠤᠯ ᠸᠧᠨ ᠶᠢᠩ ᠵᠡᠷᠭᠡ ᠤᠳᠤᠷᠢᠳᠤᠯᠭ᠎ᠠ ᠶᠡᠷᠢᠶ᠎ᠡ ᠬᠢᠵᠦ᠂ ᠭᠢᠯᠵᠠᠨᠳᠠᠢ ᠠᠪᠤᠭᠠᠢ ᠶᠢᠨ ᠵᠤᠬᠢᠶᠠᠯ ᠪᠦᠳᠦᠭᠡᠯ ᠳᠤ ᠦᠨᠳᠦᠷ ᠦᠨᠡᠯᠡᠯᠳᠡ ᠦᠭᠴᠦ᠂ ᠲᠡᠭᠦᠨ ᠤ ᠮᠤᠩᠭᠤᠯ ᠰᠤᠶᠤᠯ ᠳᠠᠭᠠᠨ ᠦᠵᠡᠭᠦᠯᠦᠭᠰᠡᠨ ᠭᠠᠪᠢᠶ᠎ᠠ ᠵᠢᠳᠭᠦᠯ ᠢ ᠮᠠᠭᠳᠠᠨ ᠰᠠᠶᠢᠰᠢᠶᠠᠭᠰᠠᠨ ᠪᠦᠭᠡᠳ ᠡᠨᠡ ᠤᠳᠠᠭᠠᠨ ᠤ ᠬᠤᠷᠠᠯ ᠤᠨ ᠪᠦᠷᠢᠨ ᠠᠮᠵᠢᠯᠳᠠ ᠲᠠᠢ ᠬᠤᠷᠠᠯᠳᠤᠬᠤ ᠶᠢ ᠪᠡᠯᠭᠡᠳᠡᠪᠡ᠃ ᠶᠤᠰᠤᠯᠠᠯ ᠲᠡᠭᠡᠷ᠎ᠡ ᠪᠠᠷᠠᠭᠤᠨ ᠬᠤᠶᠢᠳᠦ ᠶᠢᠨ ᠦᠨᠳᠦᠰᠦᠳᠡᠨ ᠤ ᠶᠡᠭᠡ ᠰᠤᠷᠭᠠᠭᠤᠯᠢ ᠤᠨ ᠮᠤᠩᠭᠤᠯ ᠬᠡᠯᠡ ᠰᠤᠶᠤᠯ ᠤᠨ ᠲᠡᠭᠡᠳᠦ ᠰᠤᠷᠭᠠᠭᠤᠯᠢ ᠤᠨ ᠤᠳᠤᠷᠢᠳᠤᠯᠭ᠎ᠠ ᠠᠴᠠ ᠭᠢᠯᠵᠠᠨᠳᠠᠢ ᠪᠠᠭᠰᠢᠳᠠᠨ ᠢ ︽ᠭᠠᠪᠢᠶᠠᠳᠤ ᠪᠠᠭᠰᠢ︾ ᠪᠠᠷ ᠨᠡᠬᠡᠮᠵᠢᠯᠡᠨ ᠡᠷᠭᠦᠮᠵᠢᠯᠡᠭᠰᠡᠨ ᠪᠢᠴᠢᠭ ᠢ ᠤᠩᠰᠢᠨ ᠨᠡᠶᠢᠳᠡᠯᠡᠵᠦ᠂ ᠡᠷᠭᠦᠮᠵᠢᠯᠡᠯ ᠤᠨ ᠪᠢᠴᠢᠭ ᠲᠡᠮᠳᠡᠭ ᠢ ᠭᠢᠯᠵᠡᠨᠳᠡᠢ ᠶᠢᠨ ᠬᠡᠤᠬᠡᠨ ᠪᠤᠯᠤᠨ ᠬᠦᠷᠭᠡᠨ ᠳᠤᠨᠢ ᠭᠠᠷᠳᠠᠭᠤᠯᠪᠠ᠃      ᠡᠨᠡ ᠤᠳᠠᠭᠠᠨ ᠤ ᠡᠷᠳᠡᠮ ᠰᠢᠨᠵᠢᠯᠡᠭᠡᠨ ᠤ ᠬᠤᠷᠠᠯ ᠳᠤ ᠭᠤᠴᠢ ᠰᠢᠬᠠᠮ ᠡᠷᠳᠡᠮᠳᠡᠨ ᠰᠤᠳᠤᠯᠠᠭᠠᠴᠢ ᠨᠠᠷ ᠰᠢᠨᠵᠢᠯᠡᠭᠡᠨ ᠤ ᠦᠭᠦᠯᠡᠯ ᠢᠶᠠᠨ ᠤᠩᠰᠢᠨ ᠨᠡᠶᠢᠳᠡᠯᠡᠵᠦ᠂ ᠭᠢᠯᠵᠡᠨᠳᠡᠢ ᠪᠠᠭᠰᠢᠳᠠᠨ ᠤ ᠨᠢᠭᠡ ᠨᠠᠰᠤᠨ ᠤ ᠠᠷᠢᠭᠤᠨ ᠵᠢᠳᠭᠦᠯ ᠪᠠ ᠵᠤᠬᠢᠶᠠᠯ ᠪᠦᠳᠦᠭᠡᠯ ᠢ ᠤᠯᠠᠨ ᠲᠠᠯ᠎ᠠ ᠠᠴᠠ ᠬᠦᠨᠴᠡᠳᠡᠢ ᠰᠤᠳᠤᠯᠤᠭᠰᠠᠨ ᠪᠦᠭᠡᠳ ᠮᠤᠩᠭᠤᠯ ᠰᠤᠷᠭᠠᠨ ᠬᠦᠮᠦᠵᠢᠯ ᠤᠨ ᠭᠠᠷᠮᠠᠭᠠᠢ ᠵᠢᠳᠭᠦᠯᠳᠡᠨ᠂ ᠬᠡᠯᠡ ᠰᠢᠨᠵᠢᠯᠡᠯ ᠤᠨ ᠡᠷᠳᠡᠮᠳᠡᠨ᠂ ᠮᠡᠷᠭᠡᠨ ᠲᠤᠯᠢᠴᠢ᠂ ᠮᠤᠩᠭᠤᠯ ᠬᠢᠳᠡᠳ ᠡᠮᠨᠡᠯᠭᠡ ᠶᠢᠨ ᠤᠬᠠᠭᠠᠨ ᠤ ᠵᠢᠳᠭᠦᠯᠳᠡᠨ᠂ ᠠᠯᠳᠠᠷᠳᠦ ᠰᠤᠶᠤᠨ ᠭᠡᠭᠡᠷᠡᠭᠦᠯᠦᠭᠴᠢ ᠮᠦᠨ ᠭᠡᠵᠦ ᠦᠨᠳᠦᠷ ᠦᠨᠡᠯᠡᠯᠳᠡ  ᠶᠢ ᠦᠭᠴᠦ ᠨᠤᠳᠠᠯᠡᠪᠡ᠃ ᠤᠯᠠᠨ ᠰᠢᠨᠵᠢᠯᠡᠭᠡᠨ ᠤ ᠦᠭᠦᠯᠡᠯ ᠠᠴᠠ ᠭᠢᠯᠵᠡᠨᠳᠡᠢ ᠠᠪᠤᠭᠠᠢ ᠬᠡᠳᠦᠶᠢᠪᠡᠷ ᠬᠤᠶᠠᠷ ᠲᠦᠷᠦ  ᠶᠢᠨ ᠨᠤᠭᠤᠯᠠᠭ᠎ᠠ ᠶᠢ ᠲᠠᠪᠠᠵᠦ᠂ ᠬᠠᠳᠠᠭᠤ ᠰᠢᠷᠦᠭᠦᠨ ᠦᠢᠮᠡᠭᠡᠨ ᠲᠡᠪᠵᠢᠶᠡᠨ ᠲᠠᠢ ᠴᠠᠭ ᠦᠶ᠎ᠡ ᠳᠤ ᠤᠷᠤᠰᠢᠨ ᠠᠮᠢᠳᠤᠷᠠᠵᠦ ᠪᠠᠶᠢᠭᠰᠠᠨ ᠪᠤᠯᠪᠠᠴᠤ ᠠᠯᠤᠰ ᠬᠤᠯᠠ ᠶᠢᠨ ᠵᠤᠷᠢᠭ ᠰᠦᠰᠦ ᠪᠠᠷ ᠤᠯᠤᠰ ᠦᠨᠳᠦᠰᠦᠳᠡᠨ ᠤ ᠪᠠᠨ ᠢᠷᠡᠭᠡᠳᠦᠢ ᠪᠠ ᠰᠤᠶᠤᠯ ᠤᠨ ᠦᠢᠯᠡᠰ ᠶᠢᠨ ᠲᠦᠯᠦᠭᠡ ᠨᠢᠭᠡ ᠨᠠᠰᠤ ᠪᠠᠷ ᠢᠶᠠᠨ ᠵᠢᠳᠭᠦᠭᠰᠡᠨ ᠶᠤᠮ ᠭᠡᠳᠡᠭ ᠢ ᠨᠤᠳᠠᠯᠠᠨ ᠲᠤᠪᠤᠶᠢᠯᠠᠭᠠᠵᠦ ᠪᠠᠶᠢᠪᠠ᠃       ᠦᠵᠦᠮᠦᠴᠢᠨ ᠨᠤᠲᠤᠭ ᠲᠠᠢ ᠡᠷᠳᠡᠮᠳᠡᠨ ᠭᠢᠯᠵᠡᠨᠳᠡᠢ ᠠᠪᠤᠭᠠᠢ ᠮᠠᠨᠢ ᠲᠠᠤᠬᠡ ᠶᠢᠨ ᠬᠤᠭ ᠨᠤᠪᠰᠢᠨ ᠳᠤ ᠪᠤᠯᠠᠭᠳᠠᠵᠦ ᠤᠨ ᠤᠳᠠᠭᠰᠠᠨ ᠴᠤ ᠲᠦᠷᠦ ᠶᠢᠨ ᠪᠤᠳᠤᠯᠭ᠎ᠠ ᠶᠢᠨ ᠴᠡᠴᠡᠭᠯᠡᠯ ᠪᠤᠯᠤᠨ ᠮᠤᠩᠭᠤᠯ ᠡᠷᠳᠡᠮᠳᠡᠳ ᠤᠨ ᠢᠶᠠᠨ ᠴᠢᠷᠮᠠᠶᠢᠯᠭ᠎ᠠ ᠪᠠᠷ ᠲᠡᠭᠦᠨ ᠤ ᠦᠨᠡᠨ ᠡᠷᠳᠡᠮ ᠤᠨ ᠤᠯᠠ ᠮᠦᠷ ᠭᠡᠷᠡᠯᠳᠦᠨ ᠲᠤᠷᠠᠶᠢᠵᠦ᠂ ᠲᠡᠤᠬᠡ ᠶᠢᠨ ᠠᠯᠳᠠᠨ ᠬᠠᠭᠤᠳᠠᠰᠤᠨ ᠳᠤ ᠦᠨᠢᠳᠡ ᠭᠢᠯᠡᠯᠵᠡᠨ᠎ᠡ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号