ᠬᠦᠷᠡᠯᠰᠦ᠋ᠬᠡ ᠶᠢᠨ ᠤᠯᠠᠭᠠᠨ ᠮᠤᠷᠢ
ᠨᠡᠶᠢᠲᠡᠯᠡᠭᠰᠡᠨ ᠴᠠᠭ᠄
2018/8/13
ᠤᠷᠢᠶᠠᠩᠬᠠᠨ ᠤ᠂ ᠶᠤᠨᠳᠤᠨ                         ᠬᠦᠷᠡᠯᠰᠦ᠋ᠬᠡ ᠶᠢᠨ ᠤᠯᠠᠭᠠᠨ ᠮᠤᠷᠢ       ᠪᠠᠷᠢᠭᠠᠳᠠ ᠶᠢᠨ ᠠᠳᠤᠭᠤᠨ ᠰᠦᠷᠦᠭ ᠠᠴᠠ ︽ᠪᠦᠳᠦᠭᠦᠨ ᠪᠤᠷᠤ︾ ᠭᠡᠬᠦ ᠦᠷ᠎ᠡ ᠲᠦᠯ ᠰᠠᠶᠢᠳᠠᠢ ᠠᠵᠢᠷᠭ᠎ᠠ  ᠲᠠᠢ ᠬᠤᠷᠢᠭᠠᠳ ᠲᠤᠭᠠᠨ ᠤ ᠠᠳᠤᠭᠤ ᠶᠢ ᠠᠯᠳᠠᠠᠭᠡᠷᠡᠯ ᠶᠤᠨᠳᠤᠨ ᠠᠬ᠎ᠠ ᠲᠡᠭᠦᠤ ᠬᠤᠶᠠᠷ ᠬᠤᠪᠢᠴᠢᠯᠠᠨ ᠠᠪᠤᠭᠰᠠᠨ ᠪᠠᠶᠢᠵᠠᠢ᠃ ᠦᠵᠦᠮᠦᠴᠢᠨ ᠠᠳᠤᠭᠤᠨ ᠤ ᠤᠭᠰᠢᠯ ᠲᠠᠢ ᠡᠳᠡᠭᠡᠷ ᠠᠳᠤᠭᠤᠳ ᠤᠨ ᠲᠤᠲᠤᠷ᠎ᠠ ᠨᠢ ᠨᠢᠭᠡ ᠬᠦᠬᠡ ᠪᠤᠷᠤ ᠲᠠᠭ᠎ᠠ ᠪᠠᠶᠢᠵᠦ᠂ ᠲᠠᠷᠠᠭ᠎ᠠ ᠵᠢᠯ ᠨᠢ ᠶᠤᠨᠳᠤᠨ ᠢᠶᠠᠷ ᠮᠤᠷᠢ ᠬᠢᠵᠦ ᠤᠨᠤᠬᠤ ᠭᠡᠵᠦ ᠰᠤᠷᠭᠠᠵᠦ ᠠᠪᠴᠠᠢ᠃ ᠤᠯᠠᠭᠠᠨ ᠮᠤᠷᠢ ᠶᠢ ᠲᠠᠭ᠎ᠠ ᠵᠢᠯ ᠳᠤᠨᠢ ᠶᠡᠭᠡ ᠬᠦᠤ ᠳᠡᠭᠡᠨ ᠵᠢᠭᠠᠵᠦ ᠦᠭᠭᠦᠭᠰᠡᠨ ᠢᠶᠠᠷ ᠶᠡᠭᠡ ᠬᠦᠣ ᠨᠢ ᠠᠷᠪᠠᠨ ᠲᠦᠷᠪᠡᠳᠡᠢ  ᠠᠴᠠ ᠡᠬᠢᠯᠡᠨ ᠨᠠᠶᠢᠷ ᠨᠠᠭᠠᠳᠤᠮ ᠤᠨ ᠮᠤᠷᠢᠨ ᠤᠷᠤᠯᠳᠤᠭᠠᠨ ᠳᠤ ᠤᠷᠤᠯᠴᠠᠬᠤ ᠪᠤᠯᠵᠠᠢ᠃ ᠲᠤᠰ ᠮᠤᠷᠢᠨ ᠤ ᠤᠨᠴᠠᠯᠢᠭ ᠪᠤᠯ ᠪᠡᠶ᠎ᠡ ᠴᠤᠭᠴᠠ ᠨᠢ ᠦᠨᠳᠦᠷ᠂ ᠤᠷᠳᠤ ᠨᠢᠷᠤᠭᠤ ᠲᠠᠢ᠂ ᠴᠡᠭᠡᠵᠢ ᠦᠷᠭᠡᠨ ᠲᠠᠰᠢᠶ᠎ᠠ ᠠᠭᠤᠵᠢᠮ᠂ ᠰᠡᠷᠪᠡ ᠪᠤᠰᠤᠭ᠎ᠠ᠂ ᠲᠠᠷᠭᠤ ᠬᠦᠴᠦ ᠨᠢᠮᠭᠡᠨ ᠠᠪᠴᠤ᠂ ᠤᠶᠠᠭ᠎ᠠ ᠰᠤᠶᠢᠯᠠᠭ᠎ᠠ ᠲᠡᠮᠡᠢ ᠬᠡᠷᠡᠭᠰᠡᠬᠦ ᠦᠭᠡᠢ ᠪᠤᠯᠪᠠᠴᠤ ᠤᠷᠤᠯᠳᠤᠭᠠᠨ ᠳᠤ ᠤᠷᠤᠯᠴᠠᠬᠤ ᠪᠦᠷᠢ ᠠᠶᠢᠷᠠᠭ ᠤᠨ ᠲᠠᠪᠤ ᠠᠴᠠ ᠪᠠᠭᠤᠬᠤ ᠦᠭᠡᠢ ᠪᠠᠶᠢᠳᠠᠭ ᠠᠵᠠᠢ᠃ ᠤᠯᠠᠭᠠᠨ ᠮᠤᠷᠢ ᠶᠢᠨ ᠠᠷᠠᠳ ᠤᠯᠠᠨ ᠢᠶᠠᠨ ᠱᠠᠭᠰᠢᠭᠤᠯᠵᠦ ᠠᠵᠢᠨᠠᠢ ᠬᠦᠯᠦᠭ ᠤᠨ ᠭᠦᠶᠦᠳᠡᠯ ᠨᠡᠭᠡᠭᠡᠭᠰᠡᠨ ᠠᠴᠠ ᠬᠡᠳᠦ ᠶᠢ ᠲᠤᠷᠠᠳᠤᠪᠠᠯ᠄      1991 ᠤᠨ ᠤ ᠴᠠᠭᠠᠨ ᠰᠠᠷ᠎ᠠ ᠶᠢᠨ ᠡᠬᠢᠨ ᠳᠤ ᠰᠤᠪᠤᠷᠠ ᠬᠡᠮᠡᠬᠦ ᠭᠠᠵᠠᠷ ᠲᠦᠮᠡᠨ ᠭᠤᠸᠠᠢ ᠶᠢᠨ ᠲᠠᠯᠠᠨ ᠭᠤᠷᠪᠠ ᠶᠢᠨ ᠨᠠᠰᠤᠨ ᠪᠠᠶᠠᠷ ᠤᠨ ᠨᠠᠶᠢᠷ ᠤᠨ ᠲᠠᠪᠢ ᠭᠠᠷᠤᠢ ᠮᠤᠷᠢᠳ ᠤᠷᠤᠯᠴᠠᠭᠰᠠᠨ ᠡᠮᠡᠭᠡᠯᠳᠦ ᠮᠤᠷᠢᠨ ᠤ ᠤᠷᠤᠯᠳᠤᠭᠠᠨ ᠳᠤ ᠬᠦᠷᠡᠯᠰᠦ᠋ᠬᠡ ᠤᠯᠠᠭᠠᠨ ᠮᠤᠷᠢ ᠲᠠᠢ ᠪᠠᠨ ᠶᠠᠪᠤᠵᠦ᠂ ᠠᠶᠢᠷᠭ ᠤᠨ ᠲᠠᠪᠤ ᠳᠤ ᠢᠷᠡᠭᠡᠳ ᠠᠩᠬᠠᠨ ᠤ ᠱᠠᠩ ᠢᠶᠠᠨ ᠲᠤᠰᠴᠠᠢ᠃      1992 ᠤᠨ ᠤ ᠬᠠᠪᠤᠷ᠂ ᠨᠠᠭᠠᠴᠤ ᠡᠵᠢ ᠠᠯᠳᠠᠠᠴᠡᠴᠡᠭ ᠤᠨ ᠲᠠᠯᠠᠨ ᠭᠤᠷᠪᠠ ᠶᠢᠨ ᠨᠠᠰᠤᠨ ᠪᠠᠶᠠᠷ ᠤᠨ ᠨᠠᠶᠢᠷ ᠤᠨ ᠲᠦᠴᠢᠭᠡᠳ ᠭᠠᠵᠠᠷ ᠤᠨ ᠠᠯᠤᠰ ᠳᠠᠬᠢ ᠲᠠᠯᠠᠭᠠᠳ ᠮᠤᠷᠢᠳ ᠤᠷᠤᠯᠴᠠᠭᠰᠠᠨ ᠡᠮᠡᠭᠡᠯᠳᠦ ᠮᠤᠷᠢᠨ ᠤ ᠤᠷᠤᠯᠳᠤᠭᠠᠨ ᠳᠤ ᠠᠯᠳᠠᠠᠭᠡᠷᠡᠯ ᠤᠨ ᠰᠠᠷᠠᠯ ᠮᠤᠷᠢ ᠲᠡᠷᠢᠭᠦᠯᠡᠵᠦ᠂ ᠬᠦᠷᠡᠯᠰᠦ᠋ᠭᠡ ᠤᠯᠠᠭᠠᠨ ᠮᠤᠷᠢ ᠲᠠᠢ ᠪᠠᠨ ᠲᠡᠳ᠋ᠯᠡᠵᠦ ᠢᠷᠡᠭᠰᠡᠨ ᠢᠶᠠᠷ ᠬᠠᠯᠠᠭᠤᠨ ᠬᠤᠰᠢᠭᠤᠳᠤ ᠢᠷᠭᠡ ᠶᠢᠨ ᠱᠠᠩ ᠬᠦᠷᠳᠡᠵᠡᠢ᠃ ᠭᠤᠳᠠᠭᠠᠷ ᠨᠢ ᠠᠶᠤᠰᠢ ᠶᠢᠨ ᠬᠠᠷ᠎ᠠ ᠰᠠᠷᠠᠯ ᠮᠤᠷᠢ ᠢᠷᠡᠭᠰᠡᠨ ᠪᠠᠶᠢᠭ᠎ᠠ ᠶᠤᠮ᠃ ᠡᠭᠦᠨ ᠳᠤ ᠲᠤᠷᠠᠳᠤᠭᠤᠰᠢᠳᠠᠢ ᠨᠢ᠂ ᠠᠯᠳᠠᠠᠭᠡᠷᠡᠯ᠂ ᠶᠤᠨᠳᠤᠨ᠂ ᠠᠶᠤᠰᠢ ᠠᠬ᠎ᠠ ᠲᠡᠭᠦᠤ ᠭᠤᠷᠪᠠ ᠶᠢᠨ ᠮᠤᠷᠢ ᠬᠠᠪᠴᠢᠶᠠᠷ ᠦᠭᠡᠢ ᠲᠡᠭᠡᠷ᠎ᠡ ᠭᠤᠷᠪᠠ ᠶᠢ ᠠᠪᠤᠭᠰᠠᠨ ᠨᠢ ᠦᠵᠡᠭᠴᠢᠳ ᠤᠯᠠᠨ ᠢᠶᠠᠷ ᠭᠠᠶᠢᠬᠠᠨ ᠱᠠᠭᠰᠢᠵᠦ᠄ ︽ᠠᠬ᠎ᠠ ᠲᠡᠭᠦᠤ ᠭᠤᠷᠪᠠ ᠶᠢᠨ ᠬᠡᠶᠢᠮᠦᠷᠢ ᠮᠠᠨᠳᠤᠵᠠᠢ ᠰᠢᠤ︕︾ ᠭᠡᠵᠡᠭᠡᠨ᠎ᠡ᠃      ᠮᠦᠨ ᠵᠢᠯ ᠤᠨ ᠡᠷᠳᠡᠨᠢ ᠭᠤᠤᠯ ᠤᠨ ᠪᠠᠷᠠᠭᠤᠨ ᠦᠨᠳᠦᠷ ᠲᠠᠨᠵᠢᠨ ᠳᠤ᠂ ᠪᠠᠳᠠᠷᠠᠬᠤ ᠭᠠᠴᠠᠭ᠎ᠠ ᠶᠢᠨ ᠡᠮᠡᠭᠳᠡᠶᠢᠴᠦᠳ ᠤᠨ ᠤᠨ ᠠᠩᠬᠠᠳᠤᠭᠠᠷ ᠤᠳᠠᠭᠠᠨ ᠤ ᠶᠡᠭᠡ ᠨᠠᠶᠢᠷ ᠬᠢᠵᠦ᠂ ᠵᠠᠭᠤ ᠭᠠᠷᠤᠢ ᠮᠤᠷᠢᠳ ᠤᠷᠤᠯᠴᠠᠭᠰᠠᠨ ᠡᠮᠡᠭᠳᠡᠶᠢᠴᠦᠳ ᠤᠨ ᠡᠮᠡᠭᠡᠯᠳᠦ ᠮᠤᠷᠢᠨ ᠤ ᠤᠷᠤᠯᠳᠤᠭᠠᠨ ᠳᠤ ᠡᠬᠡ ᠰᠠᠷᠠᠠᠬᠤᠸᠠᠷ ᠨᠢ ᠤᠯᠠᠭᠠᠨ ᠮᠤᠷᠢ ᠲᠠᠢ ᠪᠠᠨ ᠤᠷᠤᠯᠴᠠᠭᠠᠳ ᠭᠤᠳᠠᠭᠠᠷᠯᠠᠨ ᠢᠷᠡᠭᠰᠡᠨ ᠢᠶᠠᠷ ᠬᠠᠯᠠᠭᠤᠨ ᠬᠤᠰᠢᠭᠤᠳᠤ ᠢᠷᠭᠡ ᠪᠤᠯᠤᠨ ᠡᠳ᠋ ᠪᠤᠳᠠᠰ ᠤᠨ ᠱᠠᠩ ᠲᠤᠰᠴᠠᠢ᠃      ᠪᠠᠳᠠᠷᠠᠬᠤ — ᠪᠠᠶᠠᠠᠬᠠᠩᠭᠠᠢ ᠬᠤᠶᠠᠷ ᠭᠠᠴᠠᠭᠠᠨ ᠤ ᠤ ᠲᠤᠮᠳᠠ ᠶᠠᠪᠤᠭᠳᠠᠭᠰᠠᠨ ᠲᠡᠩᠽᠠᠨ ᠤ ᠪᠠᠭᠠᠳᠤᠷ ᠢ ᠬᠡᠷᠯᠡᠬᠦ ᠬᠤᠷᠢᠮ ᠳᠤ᠂ ᠬᠠᠩᠭᠠᠢ ᠶᠢᠨ ᠬᠠᠨ᠎ᠠ ᠬᠠᠳᠠᠨ ᠪᠤᠯᠠᠭ ᠠᠴᠠ ᠪᠠᠳᠠᠷᠠᠬᠤ ᠶᠢᠨ ᠲᠤᠲᠤᠷ ᠵᠢᠷᠦᠬᠡ ᠬᠦᠷᠳᠡᠯᠡᠬᠢ ᠲᠠᠯᠠ ᠨᠠᠶᠠᠭᠠᠳ ᠮᠤᠷᠢᠳ ᠤᠷᠤᠯᠴᠠᠭᠰᠠᠨ ᠤᠷᠤᠯᠳᠤᠭᠠᠨ ᠳᠤ ᠲᠡᠮᠦᠷᠪᠠᠳᠤ ᠤᠯᠠᠭᠠᠨ ᠮᠤᠷᠢ ᠶᠢ ᠤᠨᠤᠵᠦ᠂ ᠲᠠᠰᠤᠷᠠᠭᠰᠠᠨ ᠢᠶᠠᠷ ᠢᠶᠠᠨ ᠲᠡᠷᠢᠭᠦᠯᠡᠨ ᠢᠷᠡᠵᠦ᠂ ᠤᠯᠠᠨ ᠤ ᠪᠠᠭ᠋ᠠᠷᠤᠯ ᠮᠠᠭᠳᠠᠭᠠᠯ ᠢ ᠤᠯᠤᠭᠰᠠᠨ ᠲᠤᠷᠠᠰᠤᠮᠵᠢ ᠶᠢ ᠦᠯᠡᠳᠡᠭᠡᠵᠦ ᠪᠢᠯᠡ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号