ᠠᠪᠤᠷᠭᠤ ᠲᠡᠮᠦᠷ
ᠨᠡᠶᠢᠲᠡᠯᠡᠭᠰᠡᠨ ᠴᠠᠭ᠄
2017/6/26
     ᠪᠠᠳᠦ ᠢᠳᠡᠬᠡᠯᠳᠣ ᠠᠪᠤᠷᠭᠤ ᠲᠡᠮᠦᠷ 1970 ᠣᠨ ᠳᠤ ᠣᠳᠣ ᠶᠢᠨ ᠵᠡᠭᠦᠨ ᠦᠵᠦᠮᠦᠴᠢᠨ ᠬᠤᠰᠢᠭᠤᠨ ᠤ ᠳᠠᠭᠤᠳᠤᠨᠠᠭᠤᠷ ᠪᠠᠯᠭᠠᠰᠣᠨ ᠤ ᠬᠠᠨ ᠠᠭᠤᠯᠠ ᠭᠠᠴᠠᠭᠠᠨ ᠳᠤ ᠪᠦᠳ᠋ ᠶᠢᠨ ᠬᠥᠥ ᠪᠣᠯᠣᠨ ᠵᠠᠶᠠᠭᠠᠵᠠᠢ᠃      1991ᠣᠨ ᠳᠤ ᠬᠤᠷᠢᠨ ᠨᠢᠭᠡᠳᠡᠢ ᠵᠢᠯ ᠳᠤ ᠪᠠᠨ ᠵᠡᠭᠦᠨ ᠦᠵᠦᠮᠦᠴᠢᠨ ᠬᠤᠰᠢᠭᠤᠨ ᠤ 512 ᠪᠥᠬᠡ ᠳᠤ ᠪᠠᠳᠮᠠᠰᠦ᠋ᠷᠦᠩ᠂ ᠰᠣᠳᠣᠡᠷᠳᠡᠨᠢ᠂ ᠭᠤ  ᠪᠥᠬᠡ ᠵᠡᠷᠭᠡ ᠴᠤᠤᠳᠤ ᠪᠥᠬᠡᠴᠣᠳ ᠢᠶᠠᠷ ᠶᠢᠰᠦ ᠲᠠᠪᠠᠨ ᠲᠡᠷᠢᠭᠦᠯᠡᠵᠦ᠂ ᠦᠪᠦᠷ ᠮᠤᠩᠭᠤᠯ ᠳᠤ ᠠᠯᠳᠠᠷ ᠮᠠᠨᠳᠤᠭᠰᠠᠨ  ᠴᠣᠣᠳᠣ ᠪᠥᠬᠡ᠂᠂      1995ᠣᠨ ᠳᠤ  ᠵᠡᠭᠦᠨ ᠦᠵᠦᠮᠦᠴᠢᠨ ᠬᠤᠰᠢᠭᠤᠨ ᠤ ᠪᠠᠶᠠᠨᠬᠦ᠋ᠭᠡᠪᠣᠷ ᠰᠣᠮᠣᠨ ᠤ 512 ᠪᠥᠬᠡ   ᠳᠤ  ᠠᠩᠬ᠎ᠠ ᠳᠠᠩ ᠠᠴᠠ ᠡᠬᠢᠯᠡᠨ ᠪᠦᠷᠢᠨᠪᠦ᠋ᠬᠡ᠂ ᠭᠠᠷᠪᠣᠣ᠂ ᠲᠤᠭᠲᠠᠬᠤ᠂ ᠣᠶᠣᠨᠪᠠᠳᠤ᠂ ᠪᠠᠭ᠎ᠠ ᠪᠥᠬᠡ᠂ ᠪᠠᠳᠦᠰᠦ᠋ᠬᠡ᠂ ᠰᠡᠴᠡᠨᠴᠣᠭᠳᠣ᠂ ᠬᠠᠷ᠎ᠠ ᠰᠣᠶᠣᠯ᠂ ᠮᠢᠩᠭᠠᠨ ᠤ ᠵᠢᠷᠭᠠᠯ ᠵᠡᠷᠭᠡ ᠶᠢᠰᠦᠨ ᠠᠯᠳᠠᠷᠳᠤ ᠪᠥᠬᠡ  ᠶᠢ ᠴᠤᠪᠣᠭᠤᠯᠣᠨ ᠬᠠᠶᠠᠵᠦ ᠲᠡᠷᠢᠭᠦᠯᠡᠭᠰᠡᠨ ᠠᠪᠤᠷᠭᠤ᠂᠂      2003 ᠣᠨ ᠤ ᠭᠦᠯᠦᠨ ᠪᠤᠶᠢᠷ ᠤᠨ ᠪᠠᠷᠭᠤ ᠶᠢᠨ 512 ᠪᠥᠬᠡ ᠳᠤ ᠶᠢᠰᠦ ᠲᠠᠪᠠᠨ ᠲᠡᠷᠢᠭᠦᠯᠡᠵᠦ ᠪᠠᠶᠢᠭᠰᠠᠨ ᠪᠥᠬᠡ᠃      2004ᠣᠨ ᠤ ᠭᠢᠨᠢᠰ ᠤᠨ ᠨᠠᠭᠠᠳᠣᠮ ᠤᠨ2048 ᠳᠤ ᠶᠢᠰᠦ ᠲᠠᠪᠠᠵᠦ ᠭᠤᠳᠠᠭᠠᠷᠯᠠᠭᠰᠠᠨ ᠠᠯᠳᠠᠷᠳᠣ ᠪᠥᠬᠡ      ᠦᠪᠦᠷ ᠮᠤᠩᠭᠤᠯ ᠳᠤ ᠬᠠᠮᠤᠭ ᠤᠨ ᠲᠤᠯᠭᠠᠯᠳᠠ ᠴᠢᠩᠭ᠎ᠠ᠂ ᠬᠠᠮᠤᠭ ᠤᠨ ᠪᠠᠳᠤᠯᠠᠭ᠎ᠠ ᠲᠠᠢ ᠠᠪᠤᠷᠭᠤ ᠮᠠᠨᠢ ᠵᠠᠭᠤ ᠭᠠᠷᠤᠢ ᠨᠠᠭᠠᠳᠤᠮ ᠳᠤ ᠲᠡᠷᠢᠭᠦᠯᠡᠬᠦ ᠳᠤ ᠪᠠᠨ ᠳᠠᠩᠲᠠ ᠪᠠᠨ ᠣᠨᠤᠭ᠎ᠠ ᠴᠢᠩᠭ᠎ᠠ ᠪᠠᠶᠢᠳᠠᠭ ᠨᠢ ᠭᠠᠶᠢᠬᠠᠮᠰᠢᠭᠲᠠᠢ᠃      1999ᠣᠨ ᠤ ᠲᠣᠮᠳᠠᠳᠤ ᠣᠯᠣᠰ ᠤᠨ ᠠᠩᠬᠠᠳᠠᠭᠴᠢ ᠣᠳᠠᠭᠠᠨ ᠤ ᠠᠯᠳᠠᠨ ᠪᠥᠰᠡ ᠶᠢᠨ ᠲᠡᠮᠡᠴᠡᠭᠡᠨ   ᠤ ᠬᠦᠨᠳᠦ ᠲᠡᠰ ᠲᠤ ᠪᠠᠷᠢᠯᠳᠤᠨ ᠲᠡᠷᠢᠭᠦᠯᠡᠵᠦ᠂ ᠠᠯᠳᠠᠨ ᠪᠦᠰᠡ ᠣᠯᠵᠦ᠂  ︽ᠪᠥᠬᠡ ᠶᠢᠨ ᠸᠠᠩ︾ ᠴᠣᠯᠠ ᠬᠠᠮᠠᠭᠠᠯᠠᠵᠦ᠂ ᠮᠦᠨ ᠪᠥᠬᠦ ᠣᠯᠣᠰ ᠤᠨ ︽ᠠᠯᠳᠠᠨ ᠬᠤᠨᠳᠠᠭ᠎ᠠ︾ ᠶᠢᠨ ᠲᠡᠮᠡᠴᠡᠭᠡᠨ ᠤ ᠡᠵᠡᠨ᠂᠂ ᠠᠽᠢᠶ᠎ᠠ ᠪᠠ ᠤᠯᠤᠰ ᠤᠨ ᠬᠡᠪᠴᠢᠶᠠᠨ ᠤ ᠲᠤᠮᠤ ᠲᠡᠮᠡᠴᠡᠭᠡᠨ ᠠᠴᠠ 15 ᠠᠯᠳᠠᠨ ᠮᠧᠳᠡᠯ ᠭᠠᠷᠳᠠᠵᠦ᠂ ᠣᠷᠣᠨ ᠤ ᠲᠠᠪᠢᠨ ᠵᠢᠯ ᠤᠨ ᠪᠠᠶᠠᠷ ᠨᠠᠭᠠᠳᠤᠮ ᠶᠢᠨ 512 ᠪᠥᠬᠡ ᠳᠤ ᠭᠤᠳᠠᠭᠠᠷᠯᠠᠵᠦ᠂ ︽ᠪᠠᠳᠦ ᠢᠳᠡᠬᠡᠯᠳᠣ︾ ᠴᠣᠯᠠ ᠣᠯᠵᠦ  ᠂ 2010 ᠣᠨ ᠳᠤ ᠣᠷᠣᠰ ᠤᠨ ᠬᠤᠯᠪᠤᠭᠠᠨ ᠳᠤ ᠶᠠᠪᠤᠭᠳᠠᠭᠰᠠᠨ ᠺᠤᠸ᠋ᠷᠠᠱᠢ ᠪᠥᠬᠡ ᠶᠢᠨ ᠲᠡᠮᠡᠴᠡᠭᠡᠨ ᠳᠤ ᠵᠣᠳᠣᠭᠯᠠᠵᠤ᠂ ᠲᠣᠮᠳᠠᠳᠤ ᠣᠯᠣᠰ ᠤᠨ ᠠᠩᠬᠠᠳᠠᠭᠴᠢ ︽ᠺᠤᠸ᠋ᠷᠠᠱᠢ ᠪᠥᠬᠡ ᠶᠢᠨ ᠠᠪᠤᠷᠭᠤ︾ ᠴᠣᠯᠠ ᠶᠢ ᠬᠠᠮᠠᠭᠠᠯᠠᠭᠰᠠᠨ ᠲᠣᠮᠤᠭ ᠤᠨ ᠶᠠᠭᠤᠮ᠎ᠠ ᠰᠢᠭ᠋ ᠪᠠᠷᠢᠯᠳᠤᠵᠦ ᠶᠠᠪᠣᠭᠰᠠᠠ  ᠂ ᠬᠡᠨ ᠪᠥᠬᠦᠨ ᠤ ᠲᠠᠪᠳᠠᠵᠦ ᠴᠢᠳᠠᠰᠢ ᠦᠭᠡᠢ ᠶᠡᠭᠡ ᠠᠮᠵᠢᠯᠳᠠ ᠲᠠᠢ ᠪᠥᠬᠡ᠂᠂      ᠪᠠᠳᠦ ᠢᠳᠡᠬᠡᠯᠳᠣ ᠠᠪᠤᠷᠭᠤ ᠲᠡᠮᠦᠷ ᠭᠤᠸᠠᠢ  ᠠᠯᠳᠠᠨᠱᠠᠭ᠎ᠠ᠂ ᠦᠯᠵᠡᠶᠢᠪᠠᠭᠠᠳᠣᠷ ᠭᠡᠭᠦᠴᠢᠯᠡᠨ ᠬᠡᠳᠤᠨ ᠵᠠᠭᠤᠨ ᠱᠠᠪᠢ ᠪᠥᠬᠡ ᠬᠦᠮᠦᠵᠢᠭᠦᠯᠦᠭᠰᠡᠨ ᠰᠢᠯᠢᠳᠡᠭ ᠲᠠᠰᠬᠠᠯᠵᠢᠭᠤᠯᠣᠭᠴᠢ  ᠃
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ ᠤᠨ ᠦᠵᠡᠭᠳᠡᠯ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号