ᠠᠪᠣᠷᠭᠤ ᠰᠡᠴᠡᠨᠪᠠᠶᠠᠷ
ᠨᠡᠶᠢᠲᠡᠯᠡᠭᠰᠡᠨ ᠴᠠᠭ᠄
2017/6/26
     ᠭᠡᠷᠡᠯ ᠤᠨ ᠰᠡᠴᠡᠨᠪᠠᠶᠠᠷ ᠪᠣᠯ ᠵᠡᠭᠦᠨ ᠦᠵᠦᠮᠥᠴᠢᠨ ᠬᠤᠰᠢᠭᠤᠨ ᠤ ᠠᠯᠳᠠᠷᠲᠦ  ᠪᠦᠬᠡ ᠪᠣᠯᠬᠤ ᠪᠦᠭᠡᠳ ᠣᠯᠣᠰ ᠤᠨ ᠪᠡᠶ᠎ᠡ ᠲᠠᠮᠢᠷ ᠲᠤ ᠨᠡᠷ᠎ᠡ ᠪᠠᠨ ᠮᠠᠨᠳᠣᠭᠤᠯᠵᠦ ᠶᠠᠪᠣᠭᠰᠠᠨ ᠦᠵᠦᠮᠦᠴᠢᠨ ᠨᠣᠳᠤᠭ ᠤᠨ ᠰᠢᠯᠢᠳᠡᠭ ᠠᠪᠤᠷᠭᠤᠳ ᠤᠨ ᠨᠢᠭᠡ ᠨᠢ ᠶᠣᠮ᠃ 1971 ᠣᠨ ᠳᠤ ᠲᠦᠷᠦᠭᠰᠡᠨ ᠭᠠᠭ᠋ᠠᠢ ᠵᠢᠯ ᠲᠠᠢ᠃      1994ᠣᠨ ᠤ ᠱᠠᠨᠰᠢ ᠮᠣᠵᠢ ᠶᠢᠨ ᠱᠧᠨᠵᠸᠣ ᠬᠤᠲᠠ ᠳᠤ ᠪᠣᠯᠣᠭᠰᠠᠨ ᠪᠦᠬᠦ ᠣᠯᠣᠰ ᠤᠨ ᠠᠪᠣᠷᠭᠤ ᠶᠢᠨ ᠮᠠᠩᠯᠠᠢ ᠰᠢᠯᠭᠠᠷᠠᠭᠤᠯᠬᠤ ᠮᠥᠷᠦᠶᠢᠴᠡᠭᠡᠨ ᠤ 68 ᠺᠢᠯᠣᠭ᠍ᠷᠠᠮ ᠤᠨ ᠳᠡᠰ ᠲᠤ ᠲᠡᠷᠢᠭᠦᠯᠡᠵᠦ᠂ ᠠᠯᠲᠠᠨ ᠮᠧᠲᠠᠯ ᠲᠣᠰᠣᠨ ᠂ ᠠᠪᠣᠷᠭᠤ  ᠴᠣᠯᠠ ᠬᠦᠷᠲᠡᠪᠡ᠃      1992 ᠣᠨ ᠤ ᠳᠣᠮᠳᠠᠳᠣ ᠮᠣᠩᠭᠤᠯ ᠤᠨ ᠵᠡᠭᠦᠨ ᠬᠠᠳᠠᠪᠴᠢ ᠪᠣᠭᠤᠮᠲᠠ ᠨᠡᠭᠡᠭᠡᠭᠳᠡᠭᠰᠡᠨ ᠢ ᠪᠡᠯᠭᠡᠯᠡᠬᠦ ᠨᠠᠶᠢᠷ ᠲᠤ ﹇128﹈ ᠠᠯᠲᠡᠨᠬᠢᠯᠢ ᠶᠢᠨ ᠰᠡᠴᠡᠨᠴᠣᠭᠲᠤ᠂ ᠥᠩᠲᠦ ᠶᠢᠨ ᠰᠣᠳᠣᠨᠷᠳᠡᠨᠢ᠂ ᠳᠠᠭᠤᠲᠦ ᠶᠢᠨ ᠲᠡᠡᠮᠣᠷ᠂ ᠡᠷᠢᠶᠡᠨᠭᠤᠪᠢ ᠶᠢᠨ ᠭᠠᠯᠰᠡᠩ᠂ ᠭᠥᠪᠴᠢᠡᠭᠤᠪᠢ ᠵᠢᠨ‌‍ᠰᠠᠩᠷᠣᠪ᠂ ᠪᠣᠯᠠᠭ ᠤᠨ ᠮᠥᠩᠬᠡᠪᠠᠭᠠᠲᠣᠷ᠂ ᠳᠣᠮᠳᠡᠭᠤᠪᠢ ᠶᠢᠨ ᠰᠡᠴᠡᠨᠪᠠᠲᠦ ᠵᠡᠷᠭᠡ ᠠᠪᠣᠷᠭᠤ ᠪᠦᠬᠡᠴᠣᠳ ᠢ ᠴᠣᠪᠣᠭᠤᠯᠣᠨ ᠬᠠᠶᠠᠵᠦ  ᠲᠡᠷᠢᠭᠦᠯᠡᠭᠰᠡᠨ ᠶᠤᠮ  ᠃      ᠮᠦᠨ ᠵᠢᠯ ᠤᠨ ᠡᠬᠡᠪᠣᠯᠠᠭ ᠪᠠᠯᠭᠠᠰᠣᠨ ᠤ ᠠᠷᠠᠳ ᠤᠨ ᠨᠠᠶᠢᠷ ᠤᠨ 512 ᠪᠦᠬᠡ ᠶᠢᠨ ᠮᠦᠷᠦᠶᠢᠴᠡᠭᠡᠨ ᠳᠤ ᠲᠡᠷᠢᠭᠦᠯᠡᠵᠦ  ᠮᠥᠩᠭᠦᠨ ᠪᠣᠶᠢᠯᠡ ᠲᠠᠢ ᠴᠠᠭᠠᠨ ᠲᠡᠮᠡᠭᠡ ᠵᠢᠴᠢ ᠶᠢᠰᠣ ᠶᠢᠰᠣ ᠨᠠᠶᠠᠨ ᠨᠢᠭᠡ ᠶᠢᠨ ᠱᠠᠩ ᠬᠦᠷᠲᠡᠭᠰᠡᠨ  ᠪᠠᠶᠢᠨ᠎ᠠ᠃      1996 ᠣᠨ ᠤ ᠵᠡᠭᠦᠨ ᠦᠵᠦᠮᠣᠴᠢᠨ  ᠬᠤᠰᠢᠭᠤᠨ ᠤ ᠠᠷᠠᠳ ᠤᠨ ᠨᠠᠶᠢᠷ ᠤᠨ1024 ᠪᠦᠬᠡ ᠲᠠᠢ ᠶᠡᠭᠡ ᠮᠣᠷᠦᠶᠢᠴᠡᠭᠡᠨ ᠳᠤ ᠳᠡᠭᠡᠷ᠎ᠡ ᠨᠠᠢᠮᠠ ᠳᠤ ᠰᠢᠯᠣᠭᠤᠨ ᠬᠦᠬᠡ ᠬᠤᠰᠢᠭᠤᠨ ᠤ ᠨᠡᠷᠡᠲᠦ ᠪᠦᠬᠡ ᠰᠡᠴᠡᠨᠪᠦᠭᠡ ᠶᠢ ᠬᠠᠶᠠᠵᠦ᠂ ᠳᠡᠭᠡᠷ᠎ᠡ ᠳᠦᠷᠪᠡ ᠳᠤ ᠣᠯᠣᠰ ᠤᠨ ᠠᠪᠣᠷᠭᠤ ᠴᠠᠭᠠᠨᠵᠠᠭᠠᠨ ᠢ ᠬᠠᠶᠠᠵᠦ᠂  ᠶᠢᠰᠦ ᠲᠠᠪᠠᠵᠦ ᠮᠢᠩᠭᠠᠨ ᠪᠥᠬᠡ ᠳᠤ ᠲᠡᠳ᠋ᠯᠡᠭᠰᠡᠨ  ᠶᠤᠮ᠃      ᠠᠪᠣᠷᠭᠤ ᠶᠢᠨ ᠮᠠᠨᠢ ᠣᠳᠣ ᠲᠠᠢ ᠪᠠᠷᠢᠯᠳᠣᠭᠰᠠᠨ ᠲᠡᠮᠳᠡᠭᠯᠡᠯ ᠢ ᠳ᠋ᠦᠩᠨᠡᠪᠡᠯ 512 ᠪᠦᠬᠡ ᠲᠠᠢ ᠶᠡᠭᠡ ᠨᠠᠶᠢᠷ  ᠲᠤ ᠨᠢᠭᠡ ᠣᠳᠠᠭ᠎ᠠ ᠲᠡᠷᠢᠭᠦᠯᠡᠵᠦ᠂1024 ᠪᠥᠬᠡ ᠲᠠᠢ ᠨᠠᠭᠠᠳᠣᠮ ᠳᠤ ᠨᠢᠭᠡ ᠤᠳᠠᠭ᠎ᠠ ᠲᠡᠳ᠋ᠯᠡᠵᠦ᠂ 512 ᠪᠥᠬᠡ  ᠶᠢᠨ ᠲᠡᠭᠡᠳᠤ ᠨᠠᠢᠮᠠ ᠳᠤ 2 ᠣᠳᠠᠭ᠎ᠠ᠂ ᠠᠷᠪᠠᠨ ᠵᠢᠷᠭᠤᠭ᠎ᠠ ᠳᠤ ᠳᠦᠷᠪᠡ ᠣᠳᠠᠭ᠎ᠠ ᠣᠷᠣᠵᠠᠢ᠃ 256 ᠪᠦᠬᠡ ᠲᠠᠢ ᠨᠠᠶᠢᠷ ᠲᠤ ᠳᠡᠭᠡᠷ᠎ᠡ ᠳᠦᠷᠪᠡ ᠳᠤ 5 ᠣᠳᠠᠭ᠎ᠠ ᠱᠠᠩ ᠬᠦᠷᠲᠡᠪᠡ᠃ 128 ᠪᠦᠬᠡ ᠲᠠᠢ ᠨᠠᠶᠢᠷ ᠲᠤ 33ᠣᠳᠠᠭ᠎ᠠ ᠣᠳᠠᠭ᠎ᠠ ᠲᠡᠷᠢᠭᠦᠯᠡᠵᠦ᠂16ᠣᠳᠠᠭ᠎ᠠ ᠳᠡᠳ᠋ᠯᠡᠵᠦ᠂  64 ᠪᠦᠬᠡ ᠲᠠᠢ ᠨᠠᠶᠢᠷ ᠲᠤ 22 ᠣᠳᠠᠭ᠎ᠠ ᠲᠡᠷᠢᠭᠦᠯᠡᠵᠦ᠂ 8 ᠣᠳᠠᠭ᠎ᠠ ᠳᠡᠳ᠋ᠯᠡᠪᠡ᠃
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ ᠤᠨ ᠦᠵᠡᠭᠳᠡᠯ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号