ᠠᠪᠣᠷᠭᠤ ᠵᠢᠷᠭᠠᠯ
ᠨᠡᠶᠢᠲᠡᠯᠡᠭᠰᠡᠨ ᠴᠠᠭ᠄
2017/6/26
                                 ᠠᠪᠣᠷᠭᠤ ᠵᠢᠷᠭᠠᠯ      ︽ᠪᠣᠯᠠᠭ ᠤᠨ ᠵᠢᠷᠭᠠᠯ︾ ᠭᠡᠵᠦ ᠴᠣᠣ ᠮᠠᠨᠳᠣᠭᠰᠠᠨ ᠡᠨᠡ ᠪᠦᠬᠡ 1967 ᠣᠨ ᠳᠤ ᠣᠳᠣ ᠶᠢᠨ ᠳᠠᠭᠤᠳᠣᠨᠠᠭᠤᠷ ᠪᠠᠯᠭᠠᠰᠣᠨ ᠤ ᠪᠠᠶᠠᠭᠭᠤᠯᠠ ᠭᠠᠴᠠᠭ᠎ᠠ ᠶᠢᠨ ᠮᠠᠯᠴᠢᠨ  ᠪᠠᠭᠠᠲᠣᠷ ᠨᠠᠩᠰᠠᠯ  ᠬᠤᠶᠠᠭᠤᠯᠡ ᠶᠢᠨ ᠬᠤᠶᠠᠳᠣᠭᠠᠷ ᠬᠦᠪᠡᠭᠦᠨ ᠪᠣᠯᠵᠦ ᠵᠠᠶᠠᠭᠠᠵᠠᠢ᠃      ᠵᠢᠷᠭᠠᠯ 1996 ᠣᠨ ᠳᠤ ᠪᠣᠯᠣᠭᠰᠠᠨ ᠵᠡᠭᠦᠨ ᠦᠵᠦᠮᠦᠴᠢᠨ ᠬᠤᠰᠢᠭᠤᠨ ᠤ1024 ᠪᠦᠬᠡ ᠲᠠᠢ ᠨᠠᠶᠢᠷ ᠲᠤ ᠪᠠᠷᠠᠭᠤᠨ ᠦᠵᠦᠮᠦᠴᠢᠨ ᠤ ᠪᠦᠳᠣᠭᠦᠨ ᠮᠠᠨᠳᠣᠬᠤ᠂ ᠪᠦᠬᠡ ᠶᠢᠨ ᠶᠡᠭᠡ ᠪᠠᠭᠰᠢ ᠡᠷᠳᠡᠨᠢᠪᠠᠶᠠᠷ᠂ ᠰᠡᠴᠡᠨᠪᠠᠶᠠᠷ ᠨᠠᠷ ᠢ ᠴᠣᠪᠣᠭᠤᠯᠡᠨ ᠬᠠᠶᠠᠵᠦ ᠮᠠᠨ ᠤ ᠠᠶᠢᠮᠠᠭ ᠤᠨ1024 ᠪᠦᠬᠡ ᠲᠠᠢ ᠶᠡᠭᠡ ᠨᠠᠶᠢᠷ ᠤᠨ ᠲᠡᠷᠢᠭᠦᠨ ᠢ ᠠᠪᠣᠭᠰᠠᠨ ᠭᠤᠷᠪᠠᠳᠠᠬᠢ ᠠᠪᠣᠷᠭᠤ ᠪᠣᠯᠵᠦ ︽ᠮᠢᠩᠭᠠᠨ ᠤ ᠵᠢᠷᠭᠠᠯ︾ ᠭᠡᠵᠦ ᠠᠯᠳᠠᠷᠰᠢᠭᠰᠠᠨ ᠪᠢᠯᠡ᠃      ᠵᠢᠷᠭᠠᠯ 1995  ᠣᠨ ᠤ ᠲᠠᠭᠤᠳᠤ ᠶᠢᠨ512 ᠪᠥᠬᠡ ᠳᠤ ᠶᠢᠰᠦ ᠲᠠᠪᠠᠵᠦ ᠲᠡᠷᠢᠭᠦᠯᠠᠵᠠᠢ᠃      ᠵᠢᠷᠭᠠᠯ ᠣᠳᠣ ᠪᠣᠯᠲᠠᠯ᠎ᠠ 1024 ᠪᠦᠬᠡ ᠲᠠᠢ ᠨᠠᠭᠠᠳᠣᠮ ᠳᠤ 1 ᠣᠳᠠᠭ᠎ᠠ  ᠲᠡᠷᠢᠭᠦᠯᠡᠵᠦ᠂ 512 ᠪᠦᠬᠡ  ᠲᠠᠢ ᠨᠠᠭᠠᠳᠣᠮ ᠳᠤ 1 ᠣᠳᠠᠭ᠎ᠠ  ᠲᠡᠷᠢᠭᠦᠯᠡᠵᠦ᠂ ᠶᠡᠭᠡ ᠪᠠᠭ᠎ᠠ ᠨᠠᠶᠢᠷ ᠨᠠᠭᠠᠳᠣᠮ ᠳᠤ 60 ᠭᠠᠷᠦᠢ ᠣᠳᠠᠭ᠎ᠠ  ᠲᠡᠷᠢᠭᠦᠯᠡᠵᠦ᠂ 30  ᠭᠠᠷᠦᠢ ᠣᠳᠠᠭ᠎ᠠ ᠳᠡᠳ᠋ᠯᠡᠪᠡ᠃      ᠮᠣᠩᠭᠤᠯ ᠪᠦᠬᠡ ᠳᠤ ᠪᠡᠨ‌ᠣᠳᠣ ᠲᠠᠢ ᠭᠢᠯᠠᠷᠠᠭᠤᠯᠵᠦ ᠶᠠᠪᠣᠭᠰᠠᠨ ᠵᠢᠷᠭᠠᠯ᠂ ᠭᠢᠳᠠᠳ ᠪᠦᠬᠡ ᠶᠢ ᠴᠦ ᠣᠰᠣᠯᠳᠡᠯ ᠦᠭᠡᠢ ᠰᠠᠶᠢᠨ ᠪᠠᠷᠢᠯᠳᠣᠭᠰᠠᠨ ᠶᠣᠮ᠃ ᠲᠡᠷᠡ ᠣᠷᠢᠳ ᠬᠤᠵᠢᠳ ᠭᠢᠳᠠᠳ ᠪᠥᠬᠡ ᠪᠠᠷ ᠮᠦᠩᠭᠦᠨ ᠮᠧᠲᠠᠯ 7᠂ ᠬᠦᠷᠡᠯ ᠮᠧᠲᠠᠯ 2 ᠣᠯᠵᠦ᠂ 1994 ᠣᠨ ᠳᠤ ᠭᠢᠳᠠᠳ ᠪᠦᠬᠡ ᠶᠢᠨ ᠣᠯᠣᠰ ᠤᠨ ᠠᠪᠣᠷᠭᠤ ᠴᠣᠯᠠ ᠬᠦᠷᠲᠡᠵᠢ᠃
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ ᠤᠨ ᠦᠵᠡᠭᠳᠡᠯ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号