ᠪᠤᠰᠤᠭ᠎ᠠ ᠠᠪᠤᠷᠭᠤ ᠠᠯᠳ᠋ᠬᠠᠤᠨᠢᠰᠦ ᠶᠢᠨ ᠴᠠᠭᠠᠨᠵᠠᠭᠠᠨ | ᠦᠵᠦᠮᠦᠴᠢᠨ ᠬᠡᠬᠦ ᠶᠡᠭᠡ ᠠᠯᠳᠠᠷ ᠢ ᠡᠷᠬᠦᠵᠦ᠂ ᠦᠶ᠎ᠡ ᠦᠶ᠎ᠡ ᠶᠢᠨ ᠲᠤᠮᠤᠭᠳᠤ ᠠᠪᠤᠷᠭᠤᠴᠤᠳ ᠤᠨ | ᠬᠤᠶᠢᠨ᠎ᠠ ᠠᠴᠠ ᠴᠠᠭ ᠢ ᠡᠵᠡᠯᠡᠨ ᠲᠦᠷᠦᠭᠰᠡᠨ ᠪᠤᠰᠤᠭ᠎ᠠ ᠠᠪᠤᠷᠭᠤ ᠴᠠᠭᠠᠨᠵᠠᠭᠠᠨ 1964 ᠤᠨ ᠤ ᠬᠦᠬᠡ | ᠮᠤᠳᠤᠨ ᠯᠤᠤ ᠵᠢᠯ ᠤᠳᠤ ᠶᠢᠨ ᠵᠡᠬᠦᠨ ᠦᠵᠦᠮᠦᠴᠢᠨ ᠬᠤᠰᠢᠭᠤᠨ ᠤ ᠡᠵᠢᠨᠠᠭᠤᠷ ᠰᠤᠮᠤᠨ ᠤ ᠡᠷᠳᠡᠨᠢᠳᠠᠯᠠᠢ | ᠭᠠᠴᠠᠭᠠᠨ ᠳᠤ ᠠᠪᠤ ᠠᠯᠳ᠋ᠬᠠᠤᠨᠢᠰᠦ᠂ ᠡᠵᠢ ᠦᠨᠢᠷᠴᠡᠴᠡᠭ ᠤᠨ ᠭᠤᠷᠪᠠᠳᠤᠭᠠᠷ ᠬᠦᠤ ᠨᠢ ᠪᠤᠯᠤᠨ ᠵᠠᠶᠠᠭᠠᠵᠠᠢ᠃ | ᠲᠠᠭᠤᠤ ᠲᠠᠢ ᠪᠠᠨ ᠮᠦᠩᠭᠡᠷᠡᠭᠰᠡᠨ ᠶᠡᠭᠡ ᠪᠦᠬᠡ ᠲᠦᠭᠦᠷᠡᠩᠵᠠᠭᠠᠨ ᠠᠴᠠ ᠬᠤᠶᠢᠰᠢ ᠵᠠᠭᠤᠨ ᠠᠯᠤᠰᠯᠠᠵᠤ ᠲᠦᠷᠦᠨᠰᠡᠨ | ᠦᠵᠦᠮᠦᠴᠢᠨ ᠨᠤᠳᠤᠭ ᠤᠨ ᠪᠠᠰᠠ ᠨᠢᠭᠡ ᠰᠤᠤᠳᠤ ᠵᠠᠭᠠᠨ ᠬᠦᠤ ᠠᠷᠪᠠ ᠶᠢᠰᠦᠨ ᠨᠠᠰᠤᠨ ᠳᠤ ᠪᠠᠨ ︵256︶ | ᠪᠦᠬᠡ ᠲᠠᠢ ᠨᠠᠭᠠᠳᠤᠮ ᠳᠤ ᠨᠠᠢᠮᠠ ᠲᠠᠪᠠᠨ ᠲᠡᠷᠢᠬᠦᠯᠠᠵᠦ᠂ ᠡᠵᠢᠨᠠᠭᠤᠷ ᠰᠤᠮᠤᠨ ᠤ ᠡᠨᠠ ᠯᠡ ᠶᠡᠭᠡ ᠨᠠᠭᠠᠳᠤᠮ ᠲᠡᠭᠡᠷ᠎ᠡ | ᠦᠵᠦᠮᠦᠴᠢᠨ ᠨᠤᠳᠤᠭ ᠤᠨ ᠠᠯᠳᠠᠷᠳᠤ ᠪᠦᠬᠡ ᠨᠢᠮ᠎ᠠ ᠶᠢᠨ ᠵᠠᠩᠬᠢᠶ᠎ᠠ ᠠᠴᠠ ᠭᠤᠤᠯ ᠠᠪᠤᠭᠰᠠᠨ ᠰᠤᠮᠤᠨ ᠤ ᠵᠠᠩᠬᠢᠶ᠎ᠠ | ᠶᠢ ᠲᠤᠰᠴᠤ᠂ ᠡᠨᠡ ᠯᠡ ᠴᠠᠭ ᠠᠴᠠ ᠠᠪᠤᠭᠠᠳ ᠠᠷᠪᠠᠭᠠᠳ ᠳ᠋ᠦᠩᠰᠢᠭᠤᠷ ᠬᠦᠮᠦᠨ ᠠᠮᠠ ᠲᠠᠢ ᠬᠢᠳᠡᠳ ᠬᠦᠷᠦᠨ ᠤ | ᠪᠦᠬᠡ ᠶᠢᠨ ᠲᠠᠪᠴᠠᠩ ᠲᠡᠭᠡᠷ᠎ᠡ ᠲᠤᠮᠳᠡᠳᠤ ᠮᠠᠶ᠋ᠢᠭ ᠤᠨ ᠪᠦᠬᠡ ᠪᠠᠷ ᠪᠦᠳᠤᠨ ᠠᠷᠪᠠᠨ ᠬᠤᠶᠠᠷ ᠵᠢᠯ ᠡᠪᠦᠳᠡᠭ | ᠰᠢᠷᠤᠶᠢᠳᠠᠭᠠ ᠦᠭᠡᠢ ᠶᠠᠪᠤᠵᠤ᠂ ᠬᠡᠶᠢᠮᠦᠷᠢ ᠰᠡᠷᠬᠦᠭᠰᠡᠨ ᠮᠤᠩᠭᠤᠯ ᠨᠤᠳᠤᠭ ᠤᠨ ᠨᠠᠶᠢᠷ ᠨᠠᠭᠠᠳᠤᠮ ᠤᠳ ᠢᠶᠠᠷ | ᠪᠦᠳᠤᠨ ᠲᠡᠪᠤᠨ ᠵᠢᠯ ᠳᠤ 11 ᠤᠳᠠᠭ᠎ᠠ ᠯᠡ ᠡᠪᠦᠳᠡᠭ ᠰᠢᠷᠤᠶᠢᠳᠠᠨ᠂ ᠮᠤᠩᠭᠤᠯ ᠪᠦᠬᠡ ᠶᠢᠨ ᠲᠡᠤᠬᠡᠨ ᠳᠤ ᠪᠠᠰᠠ | ᠨᠢᠭᠡ ᠭᠠᠶᠢᠬᠠᠮᠰᠢᠭᠳᠤ ᠲᠡᠤᠬᠡ ᠶᠢ ᠪᠢᠴᠢᠭᠯᠡᠵᠤ ᠶᠠᠪᠤᠵᠠᠢ᠃ ᠲᠡᠶᠢᠮᠦ ᠡ︕ ᠴᠠᠭᠠᠨᠵᠠᠭᠠᠨ 1983 ᠤᠨ ᠬᠦᠷᠳᠡᠯ᠎ᠠ | ᠪᠦᠬᠦ ᠤᠯᠤᠰ ᠤᠨ ᠲᠤᠮᠳᠠᠳᠤ ᠮᠠᠶ᠋ᠢᠭ ᠤᠨ ᠪᠦᠬᠡ ᠶᠢᠨ ᠲᠡᠪᠴᠠᠩ ᠲᠤ ᠪᠦᠳᠦᠨ 12 ᠵᠢᠯ ᠲᠠᠷᠠᠭᠠᠯᠠᠨ ᠤᠯᠤᠰ ᠤᠨ | ᠲᠡᠰ ᠤᠨ ᠤᠷᠤᠯᠳᠤᠭᠠᠨ ᠳᠤ ᠠᠷᠪᠠᠨ ᠲᠠᠪᠤᠨ ᠠᠯᠳᠠᠨ ᠮᠧᠲᠯ ᠲᠤᠰᠴᠤ᠂ ᠶᠡᠷᠤ ᠠᠴᠠ ᠰᠢᠷᠤᠶᠢᠳᠠᠵᠤ ᠦᠵᠡᠭᠡ | ᠦᠭᠡᠢ ᠲᠡᠤᠬᠡ ᠶᠢ ᠪᠢᠴᠢᠭᠯᠡᠵᠤ᠂ ᠪᠤᠰᠤᠭ᠎ᠠ ᠪᠦᠬᠡ ᠶᠢᠨ ᠠᠯᠳᠠᠷ ᠢ ᠲᠠᠭᠤᠷᠢᠰᠬᠠᠵᠤ ᠶᠠᠪᠤᠵᠠᠢ᠃ | 1983 ᠤᠨ ᠳᠤ ᠬᠠᠮᠳᠤ ᠶᠢᠨ ᠮᠠᠯ ᠢ ᠬᠤᠪᠢ ᠳᠤ ᠲᠠᠭᠠᠭᠠᠴᠢᠯᠠᠭᠤᠯᠤᠭᠰᠠᠨ ᠤ ᠲᠠᠷᠠᠭ᠎ᠠ ᠵᠢᠯ ᠠᠴᠠ ᠨᠢ | ᠡᠬᠢᠯᠡᠨ ᠵᠡᠬᠦᠨ ᠦᠵᠦᠮᠦᠴᠢᠨ ᠬᠤᠰᠢᠭᠤᠨ ᠤ ᠡᠯ᠎ᠡ ᠰᠤᠮᠤ ᠭᠠᠴᠠᠭ᠎ᠠ ᠬᠡᠯᠡᠯᠴᠡᠭᠡ ᠲᠠᠢ ᠶᠤᠮ ᠰᠢᠭ᠋ ᠠᠷᠤ ᠠᠷᠤ | ᠠᠴᠠ ᠪᠠᠨ ᠠᠷᠠᠳ ᠤᠨ ᠨᠠᠭᠠᠳᠤᠮ ᠡᠷᠬᠢᠯᠡᠵᠤ᠂ ᠪᠦᠬᠡ ᠶᠢᠨ ᠲᠡᠷᠢᠬᠦᠨ ᠢ ᠨᠢ ᠬᠤᠷᠢᠨ ᠨᠠᠰᠤᠨ ᠤ ᠬᠢ ᠪᠠᠨ ᠢᠳᠡ | ᠤᠮᠤᠭ ᠲᠤ ᠪᠠᠨ ᠪᠠᠶᠢᠭᠰᠠᠨᠴᠠᠭᠠᠨᠵᠠᠭᠠᠨ ᠪᠠᠷᠤᠭ ᠦᠯᠡᠳᠡᠭᠡᠯ ᠦᠭᠡᠢ ᠠᠪᠴᠤ᠂1984 ᠤᠨ ᠠᠴᠠ 1986 ᠤᠨ | ᠤ ᠬᠤᠭᠤᠷᠤᠨᠳᠤ ᠪᠦᠬᠡ ᠪᠠᠷ ᠢᠶᠠᠨ ᠠᠯᠳᠠᠷᠳᠠᠢ ᠵᠡᠬᠦᠨ ᠦᠵᠦᠮᠦᠴᠢᠨ ᠬᠤᠰᠢᠭᠤᠨ ᠳᠤ ᠶᠠᠪᠤᠭᠳᠠᠭᠰᠠᠨ ᠲᠠᠪᠤᠨ ᠶᠡᠭᠡ | ︵512︶ ᠪᠦᠬᠡ ᠲᠠᠢ ᠨᠠᠭᠠᠳᠤᠮ ᠢᠶᠠᠨ ᠪᠦᠭᠦᠳᠡ ᠶᠢ ᠴᠠᠭᠠᠨᠵᠠᠭᠠᠨ ᠳᠤ ᠠᠯᠳᠠᠭᠰᠠᠨ ᠪᠢᠯᠡ᠃ ᠲᠡᠷᠡ ᠦᠶ᠎ᠡ ᠳᠤ | ᠴᠠᠭᠠᠨᠵᠠᠭᠠᠨ ᠨᠠᠶᠢᠷ ᠲᠤ ᠲᠡᠷᠢᠭᠦᠯᠡᠭᠡᠳ ᠲᠡᠮᠡᠢ ᠯᠡ ᠴᠤᠤ ᠭᠠᠷᠳᠠᠭ ᠦᠭᠡᠢ᠂ ᠬᠠᠷᠢᠨ ᠤᠶᠢᠴᠢᠪᠠᠯ ᠶᠡᠭᠡ ᠯᠡ | ᠲᠡᠪᠵᠢᠶᠠᠨ ᠪᠤᠯᠵᠤ᠂1984 ᠤᠨ ᠠᠴᠠ1990 ᠤᠨ ᠤ ᠬᠤᠭᠤᠷᠤᠨᠳᠤ 1986 ᠤᠨ ᠳᠤ ᠲᠤᠮᠳᠠᠭᠤᠪᠢ ᠶᠢᠨ | ᠮᠠ᠊ ᠰᠡᠴᠡᠨ ᠳᠤ ᠴᠢᠳᠠᠯ ᠤᠨ ᠬᠦᠴᠦᠨ ᠳᠤ ᠪᠠᠨ ᠡᠷᠳᠤᠵᠤ᠂ ᠴᠤᠬᠢᠶᠠᠨ ᠳᠤ ᠨᠢ ᠭᠠᠵᠠᠷ ᠰᠡᠷᠮᠡᠵᠤ ᠂1988 ᠤᠨ | ᠤ ᠴᠠᠶᠢᠳᠠᠮ ᠤᠨ ᠪᠠᠶᠠᠨ ᠤᠪᠤᠭᠠᠨ ᠳᠤ ᠠᠩᠬᠠᠨ ᠤ ᠲᠠᠭᠤᠨ ᠳᠤ ᠡᠬᠡᠪᠤᠯᠠᠭ ᠤᠨ ᠲᠤᠷᠵᠢ ᠳᠤ ᠴᠠᠭᠠᠨ ᠦᠮᠦᠳᠤᠨ | ᠳᠤ ᠪᠠᠨ ᠬᠦᠯ ᠢᠶᠠᠨ ᠬᠢᠵᠤ ᠤᠶᠢᠴᠢᠭᠠᠳ᠂ ᠮᠦᠨ ᠵᠢᠯ ᠤᠨ ᠨᠠᠮᠤᠷ ᠪᠤᠯᠤᠭᠰᠠᠨ ᠵᠡᠭᠦᠨ ᠦᠵᠦᠮᠦᠴᠢᠨ ᠬᠤᠰᠢᠭᠤᠨ | ᠤ ᠮᠠᠯᠴᠢᠳ ᠤᠨ ᠶᠡᠭᠡ ᠨᠠᠭᠠᠳᠤᠮ ᠤᠨ ︵512︶ ᠪᠦᠬᠡ ᠶᠢᠨ ᠦᠵᠦᠭᠦᠷ ᠲᠡᠳ᠋ ᠳᠤ ᠦᠩᠳᠤ ᠶᠢᠨ ᠰᠤᠳᠤᠡᠷᠳᠡᠨᠢ | ᠶᠢᠨ ᠴᠤᠬᠢᠶᠠᠨ ᠳᠤ ᠤᠶᠢᠴᠢᠵᠤ᠂ ᠲᠤᠯᠤᠭᠠᠨ ᠵᠢᠯ ᠤᠨ ᠲᠤᠳᠤᠷ᠎ᠠ ᠪᠦᠬᠡ ᠪᠠᠷ ᠢᠶᠠᠨ ᠠᠯᠳᠠᠷᠳᠠᠢ ᠵᠡᠬᠦᠨ | ᠦᠵᠦᠮᠦᠴᠢᠨ ᠳᠤ ᠪᠠᠨ ᠭᠤᠷᠪᠠᠭ᠋ᠠᠨ ᠰᠢᠷᠤᠶᠢᠳᠠᠵᠤ ᠶᠠᠪᠤᠭᠰᠠᠨ ᠬᠢᠯᠠᠯᠵᠠᠮ᠎ᠠ ᠲᠡᠤᠬᠡᠳᠠᠢ᠃ | ᠴᠠᠭᠠᠨᠵᠠᠭᠠᠨ1984 ᠤᠨ ᠳᠤ ᠪᠠᠶᠠᠨᠬᠦ᠋ᠭᠡᠪᠤᠷ ᠰᠤᠮᠤᠨ ᠤ ᠲᠦᠷᠪᠡᠳᠦᠭᠡᠷ ᠤᠳᠠᠭᠠᠨ ᠤ ᠠᠷᠠᠳ ᠤᠨ ᠶᠡᠭᠡ | ᠨᠠᠭᠠᠳᠤᠮ ᠳᠤ ᠠᠯᠳᠠᠷᠳᠤ ᠪᠦᠬᠡ ᠡᠷᠳᠡᠨᠢᠪᠠᠶᠠᠷ ᠂ ᠮᠢ᠊ ᠭᠸᠠᠡᠳᠤᠨ᠂ ᠪᠠᠳᠮᠠᠰᠦ᠋ᠷᠦᠩ ᠨᠠᠠᠷ ᠢᠶᠠᠷ ᠶᠢᠰᠦ ᠲᠡᠪᠠᠵᠤ | ᠲᠡᠷᠢᠬᠦᠯᠡᠵᠡᠢ ᠃ | 1984 ᠤᠨ ᠤ ᠬᠦᠪᠴᠢᠭᠤᠪᠢ ᠰᠤᠮᠤᠨ ᠤᠨ ᠠᠷᠠᠳ ᠤᠨ ᠶᠡᠭᠡ ᠨᠠᠭᠠᠳᠤᠮ ᠤᠨ ︵512︶ ᠪᠦᠬᠡ ᠳᠤ | ᠠᠯᠳᠠᠷᠳᠤ ᠪᠦᠬᠡ ᠪᠠᠨᠽᠠᠷ᠂ ᠭᠡᠰᠢᠭ ᠤᠨ ᠳ᠋ᠠᠮᠪᠠ᠂ ᠠᠯᠳᠠᠨᠬᠢᠯᠢ ᠶᠢᠨ ᠮᠢ᠊ ᠭᠸᠠᠡᠳᠤᠨ᠂ ᠪᠠᠶᠠᠨᠬᠦ᠋ᠭᠡᠪᠤᠷ ᠤᠨ ᠵᠠᠮᠪᠠᠯ ᠨᠠᠷ | ᠢᠶᠠᠷ ᠶᠢᠰᠦ ᠲᠠᠪᠠᠵᠤ ᠲᠡᠷᠢᠭᠦᠯᠡᠵᠡᠢ᠃ | 1985 ᠤᠨ ᠤ ᠡᠵᠢᠨᠠᠭᠤᠷ ᠰᠤᠮᠤᠨ ᠤ ᠠᠷᠠᠳ ᠤᠨ ᠶᠡᠭᠡ ᠨᠠᠭᠠᠳᠤᠮ ᠤᠨ ︵256︶ ᠪᠦᠬᠡ ᠳᠤ | ᠠᠯᠳᠠᠷᠳᠤ ᠪᠦᠬᠡ ᠪᠠᠨᠽᠠᠷ᠂ ᠪᠠᠶᠠᠨᠬᠦ᠋ᠭᠡᠪᠤᠷ ᠤᠨ ᠵᠠᠮᠪᠠᠯ᠂ ᠰᠠᠮᠠᠢ ᠶᠢᠨ ᠠᠯᠤᠬᠠᠪᠠᠭᠠᠳᠤᠷ ᠨᠠᠷ ᠢᠶᠠᠷ ᠨᠠᠢᠮᠠ ᠲᠠᠪᠠᠵᠤ | ᠲᠡᠷᠢᠭᠦᠯᠡᠵᠡᠢ ᠃ | 1985 ᠤᠨ ᠤ ᠲᠤᠮᠳᠠᠭᠤᠪᠢ ᠰᠤᠮᠤᠨ ᠤ ᠠᠷᠠᠳ ᠤᠨ ᠶᠡᠭᠡ ᠨᠠᠭᠠᠳᠤᠮ ᠤᠨ ︵512︶ ᠪᠦᠬᠡ ᠳᠤ᠂ | ᠠᠯᠳᠠᠷᠳᠤ ᠪᠦᠬᠡ ᠠᠯᠳᠠᠨᠬᠢᠯᠢ ᠶᠢᠨ ᠴᠤᠶᠢᠰᠦ᠋ᠷᠦᠩ᠂ ᠤᠯᠤᠰ ᠤᠨ ᠠᠪᠤᠷᠭᠤ ᠤᠶᠢ᠊ ᠪᠠᠭᠠᠳᠤᠷ᠂ ᠮᠢᠩᠭᠠᠨ ᠤ | ᠭᠸᠡᠡᠳᠤᠨ ᠪᠠᠶᠠᠨᠬᠦ᠋ᠭᠡᠪᠤᠷ ᠤᠨ ᠵᠠᠮᠪᠠᠯ ᠨᠠᠷ ᠢ ᠴᠤᠪᠤᠭᠤᠯᠤᠨ ᠬᠠᠶᠠᠵᠤ ᠲᠡᠷᠢᠭᠦᠯᠡᠵᠡᠢ᠃ | 1985 ᠤᠨ ᠤ ᠴᠠᠭᠠᠨᠨᠠᠭᠤᠷ ᠰᠤᠮᠤᠨ ᠤ ᠠᠷᠠᠳ ᠤᠨ ᠶᠡᠭᠡ ᠨᠠᠶᠢᠷ ᠤᠨ ︵512︶ ᠪᠦᠬᠡ ᠳᠤ ᠴᠠᠭᠠᠨᠵᠠᠭᠠᠨ | ᠠᠪᠣᠷᠭᠤ ᠮᠠᠨᠢ ᠠᠯᠳᠠᠷᠳᠤ ᠪᠦᠬᠡ ᠪᠠᠳᠮᠠᠰᠦ᠋ᠷᠦᠩ᠂ ᠤᠶᠢ᠊ ᠪᠠᠭᠠᠳᠤᠷ᠂ ᠵᠠᠮᠪᠠᠯ᠂ ᠭᠦᠭᠵᠢᠯᠳᠤ ᠨᠠᠷ ᠢᠶᠠᠷ ᠶᠢᠰᠦ | ᠲᠠᠪᠠᠵᠤ ᠲᠡᠷᠢᠭᠦᠯᠡᠵᠡᠢ᠃ | 1985 ᠤᠨ ᠤ ᠬᠦᠷᠢᠶᠡᠳᠤᠨᠠᠭᠤᠷ ᠰᠤᠮᠤᠨ ᠤ ᠠᠷᠠᠳ ᠤᠨ ᠶᠡᠭᠡ ᠨᠠᠶᠢᠷ ᠲᠤ ᠮᠦᠨ ᠯᠡ ᠠᠯᠳᠠᠷᠳᠤ ᠪᠦᠬᠡ | ᠪᠠᠳᠮᠠᠰᠦ᠋ᠷᠦᠩ ᠂ ᠪᠠᠶᠠᠨᠬᠦ᠋ᠭᠡᠪᠤᠷ ᠤᠨ ᠵᠠᠮᠪᠠᠯ᠂ ᠡᠷᠢᠶᠠᠡᠭᠤᠪᠢ ᠶᠢᠨ ᠦᠨᠡᠨᠪᠠᠳᠤ᠂ ᠡᠬᠡᠪᠤᠯᠠᠭ ᠤᠨ ᠪᠠᠨᠽᠠᠷ ᠵᠡᠷᠭᠡ | ᠴᠤᠤᠳᠤ ᠪᠦᠭᠡᠴᠤᠳ ᠢ ᠲᠡᠬᠢᠨᠳᠠ ᠴᠤᠪᠤᠭᠤᠯᠤᠨ ᠨᠠᠢᠮᠠ ᠲᠠᠪᠠᠵᠤ ᠲᠡᠷᠢᠬᠦᠯᠡᠵᠡᠢ ᠃ | ᠴᠠᠭᠠᠨᠵᠠᠭᠠᠨ1985 ᠤᠨ᠂ 1986 ᠤᠨ ᠳᠤ ᠴᠠᠶᠢᠳᠠᠮ ᠤᠨ ᠪᠠᠶᠠᠨ ᠤᠪᠤᠭᠠᠨ ᠳᠤ ᠲᠠᠷᠠᠭᠠᠯᠠᠨ ᠬᠤᠶᠠᠷ | ᠵᠢᠯ ᠲᠡᠷᠢᠭᠦᠯᠡᠵᠡᠢ᠃ | 1986 ᠤᠨ ᠤ ᠵᠡᠬᠦᠨ ᠦᠵᠦᠮᠦᠴᠢᠨ ᠬᠤᠰᠢᠭᠤᠨ ᠤ ᠬᠤᠰᠢᠭᠤ ᠪᠠᠶᠢᠭᠤᠯᠤᠭᠳᠠᠭᠰᠠᠨ 30 ᠵᠢᠯ ᠤᠨ ᠤᠢ | ᠪᠡᠯᠡᠭᠯᠡᠬᠦ ᠠᠷᠠᠳ ᠤᠨ ᠶᠡᠭᠡ ᠨᠠᠭᠠᠳᠤᠮ ᠤᠨ ︵512︶ ᠪᠦᠬᠡ ᠳᠤ ᠠᠯᠳᠠᠠᠬᠢᠯᠢ ᠶᠢᠨ ᠴᠤᠶᠢᠰᠦ᠋ᠷᠦᠩ᠂ | ᠡᠷᠢᠶᠡᠡᠭᠤᠪᠢ ᠶᠢᠨ ᠪᠠᠳᠮᠠᠰᠦ᠋ᠷᠦᠩ᠂ ᠪᠠᠶᠠᠨᠬᠦ᠋ᠭᠡᠪᠤᠷ ᠤᠨ ᠱᠤᠭᠠᠷ ᠨᠠᠷ ᠢᠶᠠᠷ ᠶᠢᠰᠦ ᠲᠠᠪᠠᠵᠤ ᠲᠡᠷᠢᠬᠦᠯᠡᠵᠡᠢ᠃ | ᠴᠠᠭᠠᠨᠵᠠᠭᠠᠨ ᠭᠤᠸᠠᠢ ᠡᠳᠦᠢ ᠤᠯᠠᠨ ᠶᠡᠭᠡ ᠪᠠᠭ᠎ᠠ ᠨᠠᠶᠢᠷ ᠲᠤ ᠪᠠᠷᠢᠯᠳᠤᠬᠤ ᠳᠤ ᠪᠠᠨ ᠭᠠᠭᠴᠠᠬᠠᠨ ᠤᠳᠠᠭ᠎ᠠ | ︽ᠡᠨᠡ ᠨᠠᠶᠢᠷ ᠢ ᠪᠢ ᠠᠪᠤᠨ᠎ᠠ︾ ᠭᠡᠵᠤ ᠠᠮᠠᠯᠠᠭᠰᠠᠨ ᠭᠡᠳᠡᠭ᠃ ᠲᠡᠷᠡ ᠨᠢ 1990 ᠤᠨ ᠤ ᠰᠢᠯᠢ ᠶᠢᠨ ᠭᠤᠤᠯ | ᠠᠶᠢᠮᠠᠭ ᠤᠨ ᠮᠢᠩᠭᠠᠨ ᠪᠦᠬᠡ ᠲᠠᠢ ᠲᠠᠯᠠᠢ ᠶᠡᠭᠡ ᠨᠠᠭᠠᠳᠤᠮ ᠪᠤᠯᠤᠨ᠎ᠠ᠃ ᠡᠨᠡ ᠨᠠᠭᠠᠳᠤᠮ ᠢ ᠡᠬᠢᠯᠡᠬᠦ ᠠᠴᠠ ᠡᠮᠦᠨ᠎ᠡ | ᠰᠤᠨᠢᠨ ᠤ ᠰᠤᠷᠪᠤᠯᠵᠢᠯᠠᠭᠴᠢ ᠢᠷᠡᠭᠡᠳ ᠴᠠᠭᠠᠨᠵᠠᠭᠠᠨ ᠠᠴᠠ᠄ ︽ᠲᠠᠨ ᠤ ᠦᠵᠡᠬᠦ ᠪᠠᠷ ᠡᠨᠡ ᠨᠠᠶᠢᠷ ᠲᠤ ᠬᠡᠨ | ᠲᠡᠷᠢᠭᠦᠯᠡᠨ᠎ᠡ ᠪᠤᠢ︖ ︽ᠭᠡᠵᠦ ᠠᠰᠠᠭᠤᠬᠤ ᠳᠤ ᠴᠠᠭᠠᠨᠵᠠᠭᠠᠨ᠄ ︽ᠡᠨᠡ ᠨᠠᠶᠢᠷ ᠲᠤ ᠪᠢ ᠲᠡᠷᠢᠭᠦᠯᠡᠨ᠎ᠡ︾ ᠭᠡᠵᠤ | ᠬᠠᠷᠢᠭᠤᠯᠤᠭᠰᠠᠨ ᠭᠡᠳᠡᠭ᠃ ᠴᠠᠭᠠᠨᠵᠠᠭᠠᠨ ᠡᠨᠡ ᠵᠢᠯ 27 ᠨᠠᠰᠤᠳᠠᠢ᠃ ᠲᠡᠷᠡ ᠦᠨᠡᠭᠡᠷ ᠬᠡᠯᠡᠭᠰᠠᠨ ᠢᠶᠠᠷ ᠢᠶᠠᠨ ᠡᠨᠡ | ᠨᠠᠶᠢᠠᠷ ᠲᠤ ᠰᠡᠩᠷᠤᠪ᠂ ᠠᠪᠤᠷᠭᠤ ᠬᠠᠳᠠ ︵ᠪᠠᠭᠤᠵᠠᠢ︶ ᠂ ᠪᠠᠷᠠᠭᠤᠨ ᠰᠦᠨᠢᠳ ᠤᠨ ᠠᠪᠤᠷᠭᠤ ᠬᠤᠪᠢᠰᠬᠠᠯᠳᠤ᠂ | ᠰᠢᠯᠢᠩᠬᠤᠳᠠ ᠶᠢᠨ ᠠᠪᠤᠷᠭᠤ ᠪᠠᠭᠠᠨ᠎ᠠ ᠨᠠᠷ ᠢᠶᠠᠷ ᠠᠷᠪᠠ ᠲᠠᠪᠠᠵᠤ ᠲᠡᠷᠢᠭᠦᠯᠠᠵᠠᠢ᠃ | ᠴᠠᠭᠠᠨᠵᠠᠭᠠᠨ 1989 ᠤᠨ ᠤ 8 ᠰᠠᠷ᠎ᠠ ᠶᠢᠨ15 ᠤ ᠡᠳᠤᠷ ᠪᠤᠯᠤᠭᠰᠠᠨ ᠵᠡᠬᠦᠨ ᠦᠵᠦᠮᠦᠴᠢᠨ | ᠬᠤᠰᠢᠭᠤᠨ ᠤ ᠮᠠᠯ ᠤᠨ ᠦᠨᠢᠷ ᠦᠰᠦᠯᠳᠡ ᠪᠠᠨ ᠪᠡᠯᠡᠭᠯᠡᠬᠦ ᠵᠢᠴᠢ ᠪᠦᠬᠡ ᠶᠢᠨ ᠤᠷᠳᠤᠨ ᠪᠠᠶᠢᠭᠤᠯᠤᠭᠳᠠᠭᠰᠠᠨ ᠢ | ᠪᠡᠯᠡᠭᠯᠡᠬᠦ ᠶᠡᠭᠡ ᠨᠠᠶᠢᠷ ᠤᠨ ︵256︶ ᠪᠦᠬᠡ ᠳᠤ ᠠᠪᠤᠷᠭᠤ ᠬᠠᠳᠠ᠂ ᠡᠬᠡᠪᠤᠯᠠᠭ ᠤᠨ ᠪᠦᠬᠡᠨᠷᠳᠡᠨᠢ᠂ | ᠪᠠᠶᠠᠨᠬᠦ᠋ᠭᠡᠪᠤᠷ ᠤᠨ ᠵᠠᠮᠪᠠᠯ᠂ ᠦᠩᠳᠤ ᠶᠢᠨ ᠰᠤᠳᠤᠡᠷᠳᠡᠨᠢ ᠨᠠᠷ ᠢ ᠴᠤᠪᠤᠭᠤᠯᠵᠤ ᠬᠠᠶᠠᠭᠠᠳ ᠨᠠᠢᠮᠠ ᠲᠠᠪᠠᠵᠤ | ᠲᠡᠷᠢᠬᠦᠯᠵᠡᠢ᠃ ᠮᠦᠨ ᠵᠢᠯ ᠤᠨ ᠴᠠᠶᠢᠳᠠᠮ ᠤᠨ ᠪᠠᠶᠠᠨ ᠤᠪᠤᠭᠠᠨ ᠤ ︵256︶ ᠪᠦᠬᠡ ᠳᠤ ᠠᠪᠤᠷᠭᠤ ᠡᠷᠳᠡᠨᠢᠪᠠᠶᠠᠷ | ᠂ ᠵᠠᠮᠪᠠᠯ ᠨᠠᠷ ᠢ ᠴᠤᠪᠤᠭᠤᠯᠵᠤ ᠬᠠᠶᠠᠭᠠᠳ ᠭᠤᠷᠪᠠᠳᠡᠬᠢ ᠤᠳᠠᠭ᠎ᠠ ᠪᠠᠨ ᠪᠠᠶᠠᠨ ᠤᠪᠤᠭᠠᠨ ᠳᠤ ᠲᠡᠷᠢᠭᠦᠯᠡᠵᠠᠢ᠃ | 1989 ᠤᠨ ᠤ ᠪᠠᠷᠠᠭᠤᠨ ᠦᠵᠦᠮᠦᠴᠢᠨ ᠬᠤᠰᠢᠭᠤᠨ ᠤ ᠠᠷᠪᠠᠨ ᠲᠠᠪᠤᠳᠤᠭᠠᠷ ᠤᠳᠠᠭᠠᠨ ᠤ ᠠᠷᠠᠳ ᠤᠨ | ᠶᠡᠭᠡ ᠨᠠᠭᠠᠳᠤᠮ ᠤᠨ ︵512︶ ᠪᠦᠬᠡ ᠳᠤ ᠴᠠᠭᠠᠨᠵᠠᠭᠠᠨ ᠡᠷᠳᠡᠨᠢᠪᠠᠶᠠᠷ ᠪᠠᠭᠰᠢ᠂ ᠪᠦᠳᠦᠭᠦᠨ ᠮᠠᠨᠳᠤᠬᠤ ᠨᠠᠷ | ᠢᠶᠠᠷ ᠶᠢᠰᠦ ᠲᠠᠪᠠᠵᠤ ᠲᠡᠷᠢᠬᠦᠯᠡᠵᠡᠢ᠃ | ᠲᠡᠷᠡ1996 ᠤᠨ ᠤ ᠵᠡᠭᠦᠨ ᠦᠵᠦᠮᠦᠴᠢᠨ ᠬᠤᠰᠢᠭᠤᠨ ᠤ 40 ᠵᠢᠯ ᠤᠨ ᠤᠢ ᠶᠢ ᠪᠡᠯᠡᠭᠯᠡᠭᠦ ᠠᠷᠠᠳ ᠤᠨ | ᠶᠡᠭᠡ ᠨᠠᠭᠠᠳᠤᠮ ᠤᠨ ︵1024︶ ᠪᠦᠬᠡ ᠳᠤ ᠡᠬᠡᠪᠤᠯᠠᠭ ᠤᠨ ᠬᠤᠪᠢᠰᠬᠠᠯᠳᠤ᠂ ᠪᠠᠷᠠᠭᠤᠨ ᠦᠵᠦᠮᠦᠴᠢᠨ ᠤ | ᠨᠠᠰᠦᠨᠬᠡᠷᠡᠯ᠂ ᠰᠢᠯᠤᠭᠤᠨ ᠴᠠᠭᠠᠨ ᠬᠤᠰᠢᠭᠤᠨ ᠤ ᠠᠪᠤᠷᠭᠤ ᠪᠠᠳᠤᠨᠠᠰᠤᠨ ᠨᠠᠷ ᠢᠶᠠᠷ ᠨᠠᠢᠮᠠ ᠲᠠᠪᠠᠵᠤ᠂ ᠲᠡᠭᠡᠳᠤ | ᠲᠦᠷᠪᠡ ᠳᠤ ᠡᠬᠡᠪᠤᠯᠠᠭ ᠤᠨ ᠰᠠᠴᠡᠨᠪᠠᠶᠠᠷ ᠲᠤ ᠤᠶᠢᠴᠢᠵᠤ ᠲᠦᠳᠡᠭᠡᠷᠯᠡᠪᠡ᠃ ᠮᠦᠨ ᠵᠢᠯ ᠰᠠᠮᠠᠢ ᠰᠤᠮᠤᠨ ᠤ | ᠬᠠᠷᠢᠶᠠᠨ ᠳᠤ ᠪᠠᠶᠢᠭ᠎ᠠ ᠡᠪᠤᠭᠡᠨ ᠤᠪᠤᠭᠠᠨ ᠤ ︵128︶ ᠪᠦᠬᠡ ᠳᠤ ᠠᠯᠳᠠᠨᠬᠢᠯᠢ ᠶᠢᠨ ᠰᠡᠴᠡᠨᠴᠤᠭᠳᠤ ᠨᠠᠷ ᠢ | ᠬᠠᠶᠠᠵᠦ ᠲᠡᠷᠢᠭᠦᠯᠡᠭᠡᠳ᠂ ᠡᠵᠢ ᠶᠢᠨ ᠤᠪᠤᠭ᠎ᠠ ᠶᠢ ᠤᠭᠰᠠᠷᠠᠭᠤᠯᠤᠨ ᠠᠪᠴᠠᠢ᠃ | ᠴᠠᠭᠠᠨᠵᠠᠭᠠᠨ ᠬᠡᠵᠦ ᠡᠶᠢᠮᠦ ᠯᠡ ᠴᠤᠤᠳᠠᠢ ᠶᠠᠪᠤᠭᠰᠠᠨ ᠪᠦᠬᠡ᠃ ᠲᠡᠷᠡ 2002 ᠤᠨ ᠳᠤ ᠬᠦᠪᠡᠭᠡᠳᠤ ᠰᠢᠷ᠎ᠠ | ᠬᠤᠰᠢᠭᠤᠨ ᠤ ᠤᠷᠢᠯᠭ᠎ᠠ ᠪᠠᠷ ︽ᠴᠠᠭᠠᠨᠵᠠᠭᠠᠨ ᠬᠤᠨᠳᠠᠭᠠᠳᠤ︾ ᠪᠦᠬᠡ ᠶᠢᠨ ᠶᠡᠭᠡ ᠱᠠᠩᠨᠠᠯᠳᠤ ᠤᠷᠤᠯᠳᠤᠭᠠᠨ ᠢ | ᠬᠠᠮᠳᠤᠷᠠᠨ ᠡᠷᠬᠢᠯᠠᠵᠦ ᠪᠠᠶᠢᠭᠰᠠᠨ ᠪᠤᠯ ᠮᠤᠩᠭᠤᠯ ᠪᠦᠬᠡ ᠪᠠᠨ ᠭᠦᠭᠵᠢᠭᠦᠯᠭᠦ ᠶᠢᠨ ᠲᠦᠯᠦᠭᠡ ︽ᠮᠤᠩᠭᠤᠯ ᠪᠦᠬᠡ ᠶᠢᠨ | ᠴᠤᠯᠠ ᠤᠯᠭᠤᠬᠤ︾ ᠨᠠᠶᠢᠷ ᠢ ᠰᠡᠳᠤᠨ ᠰᠠᠨᠠᠭᠠᠴᠢᠯᠠᠵᠤ᠂ 2005 ᠤᠨ ᠠᠴᠠ ᠡᠬᠢᠯᠡᠨ᠂ ᠤᠳᠤ ᠳᠤ ᠲᠤᠯᠳᠡᠯᠠ | ᠡᠷᠬᠢᠯᠡᠨ ᠬᠢᠵᠦ ᠪᠠᠶᠢᠨ᠎ᠠ᠃ | 1993 ᠤᠨ ᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠪᠠᠨ ᠰᠢᠯᠢᠳᠡᠭ ᠲᠠᠮᠢᠷᠴᠢᠨ᠂ | ᠦᠪᠦᠷ ᠮᠤᠩᠭᠤᠯ ᠤᠨ ᠬᠦᠳᠡᠯᠮᠦᠷᠢ ᠶᠢᠨ ᠵᠢᠱᠢᠶᠡᠴᠢ᠂ ᠪᠦᠬᠦ ᠤᠷᠤᠨ ᠤ ᠵᠠᠯᠠᠭᠤ ᠴᠢᠳᠠᠪᠤᠷᠢᠳᠠᠨ᠂ ᠪᠦᠬᠦ ᠤᠯᠤᠰ ᠤᠨ | ᠪᠡᠶ᠎ᠡ ᠲᠠᠮᠢᠷ ᠤᠨ ᠤᠷᠤᠯᠳᠤᠭᠠᠨ ᠤ ᠶᠤᠰᠤ ᠰᠤᠷᠳᠠᠬᠤᠨ ᠬᠡᠪ ᠲᠡᠭᠤᠷᠢᠶᠠᠯ ᠤᠨ ᠱᠠᠩᠨᠠᠯ ᠵᠡᠷᠭᠡ ᠤᠯᠤᠰ ᠤᠷᠤᠨ ᠤ | ᠲᠤᠮᠤ ᠲᠤᠮᠤ ᠭᠠᠪᠢᠶᠠᠨ ᠲᠡᠮᠳᠡᠭ᠂ ᠱᠠᠩᠨᠠᠯ ᠬᠦᠬᠢᠭᠦᠯᠦᠯ ᠢ ᠤᠳᠠᠭ᠎ᠠ ᠲᠠᠷᠠᠭᠠᠯᠠᠨ ᠲᠤᠰᠴᠤ᠂ ᠠᠶᠢᠮᠠᠭ ᠤᠨ ᠤᠯᠤᠰ | ᠲᠦᠷᠦ ᠶᠢᠨ ᠵᠦᠪᠯᠡᠯᠭᠡᠨ ᠤ ᠭᠡᠰᠢᠬᠦᠨ᠂ ᠦᠪᠡᠷᠳᠡᠭᠡᠨ ᠵᠠᠰᠠᠬᠤ ᠤᠷᠤᠨ ᠤ 7 ᠳ᠋ᠤᠭᠠᠷ ᠬᠤᠭᠤᠴᠠᠭᠠᠨ ᠤ ᠨᠠᠮ ᠤᠨ | ᠲᠦᠯᠦᠭᠡᠯᠡᠭᠴᠢᠳ ᠤᠨ ᠬᠤᠷᠠᠯ ᠤᠨ ᠲᠦᠯᠦᠭᠡᠯᠡᠭᠴᠢ ᠪᠠᠷ ᠰᠤᠩᠭᠤᠭᠳᠠᠵᠤ ᠦᠩᠭᠡᠷᠡᠵᠡᠢ᠃ | ᠪᠤᠰᠤᠭ᠎ᠠ ᠠᠪᠤᠭᠤ ᠴᠠᠭᠠᠨᠵᠠᠭᠠᠨ ᠤ ᠠᠵᠢᠯ ᠦᠢᠯᠡᠰ᠂ ᠪᠠᠷᠢᠯᠳᠤᠭᠠᠨ ᠤ ᠬᠢᠨᠢ ᠠᠯᠢ ᠤᠯᠠᠨ ᠠᠮᠵᠢᠯᠳᠠ | ᠪᠦᠳᠦᠭᠡᠯ ᠢ ᠨᠢ ᠲᠤᠷᠠᠳᠤᠭᠠᠳ ᠪᠠᠷᠠᠬᠤᠪ᠂ ᠦᠨᠤᠳᠤᠷ ᠠᠳᠡ ᠪᠢ ᠪᠤᠰᠤᠭ᠎ᠠ ᠠᠪᠤᠷᠭᠤ ᠶᠢᠨ ᠢᠶᠠᠨ ᠠᠷᠪᠠᠭᠠᠳ ᠶᠡᠭᠡ | ᠮᠤᠩᠭᠤᠯ ᠨᠠᠶᠢᠷ ᠨᠠᠭᠠᠳᠤᠮ ᠢ ᠨᠢ ᠲᠡᠮᠳᠡᠭᠯᠡᠨ ᠦᠯᠡᠳᠡᠭᠡᠯ᠎ᠡ | ︽ᠪᠢ ᠡᠳᠤᠢ ᠵᠢᠯ ᠪᠠᠷᠢᠯᠳᠤᠭᠠᠳ ᠨᠠᠶᠢᠷ ᠨᠠᠭᠠᠳᠤᠮ ᠤᠨ ᠬᠢ ᠪᠠᠨ ᠪᠠᠷᠢᠯᠳᠤᠭᠠᠨ ᠤ ᠲᠤᠬᠠᠢ ᠨᠠᠷᠢᠨ | ᠲᠡᠮᠳᠡᠭᠯᠡᠯ ᠬᠢᠭᠰᠡᠨ ᠦᠭᠡᠢ᠂ ᠲᠡᠷᠡ ᠦᠶ᠎ᠡ ᠶᠢᠨ ᠵᠠᠷᠢᠮ 512 ᠪᠦᠬᠡ ᠳᠤ ᠶᠢᠰᠦ ᠶᠢᠰᠦ ᠨᠠᠶᠠᠨ ᠨᠢᠭᠡ ᠶᠢᠨ ᠱᠠᠩᠨᠠᠯ | ᠴᠦ ᠪᠠᠶᠢᠭᠰᠠᠨ ᠦᠭᠡᠢ᠃ ᠪᠢ ᠪᠠᠷᠤᠭᠴᠠᠯᠠᠬᠤ ᠪᠠᠷ ᠰᠤᠷᠢᠭᠠᠨ ᠤ ᠨᠠᠶᠢᠷ ᠶᠢ ᠤᠷᠤᠭᠤᠯᠤᠭᠠᠳ 200 ᠨᠠᠶᠢᠷ ᠲᠤ ᠴᠦ | ᠲᠡᠷᠢᠭᠦᠯᠡᠭᠰᠡᠨ᠂ ᠨᠠᠶᠠᠨ ᠨᠢᠬᠡ ᠶᠢᠨ ᠱᠠᠩ ᠲᠤᠯᠤᠭ᠎ᠠ ᠬᠦᠷᠳᠡᠭᠰᠠᠨ︾ ᠭᠡᠵᠦ ᠴᠠᠭᠠᠨᠵᠠᠭᠠᠨ ᠠᠪᠤᠷᠭᠤ ᠶᠢᠨ ᠦᠪᠡᠷ | ᠤᠨ ᠬᠢ ᠪᠠᠨ ᠮᠤᠩᠭᠤᠯ ᠪᠦᠬᠡ ᠳᠤ ᠪᠠᠷᠢᠯᠳᠤᠭᠰᠠᠨ ᠠᠮᠵᠢᠯᠳᠠ ᠶᠢᠨ ᠬᠤᠪᠢ ᠳᠤ ᠲᠦᠬᠦᠮᠬᠡᠨ ᠶᠠᠷᠢᠭᠰᠠᠨ ᠢ ᠨᠢ | ᠤᠴᠢᠷᠯᠠᠨ ᠲᠡᠮᠳᠡᠭᠯᠡᠭᠡᠳ᠂ 1990 ᠤᠨ ᠤ ᠰᠢᠯᠢ ᠶᠢᠨ ᠭᠤᠤᠯ ᠤᠨ ᠮᠢᠩᠭᠠᠨ ᠪᠦᠬᠡ ᠳᠤ ᠲᠡᠷᠢᠬᠦᠯᠡᠬᠦ ᠳᠤ ᠨᠢ | ᠪᠦᠬᠡ ᠰᠤᠳᠤᠯᠤᠭᠠᠴᠢ᠂ ᠢᠷᠠᠭᠤ ᠨᠠᠶᠢᠷᠠᠭᠴᠢ ᠨ᠊ ᠪᠦᠬᠡᠬᠠᠳᠠ ᠶᠢᠨ ᠴᠠᠭᠠᠨᠵᠠᠭᠠᠨ ᠠᠪᠤᠷᠭᠤ ᠳᠤ ᠲᠤᠰᠬᠠᠶᠢᠯᠠᠨ | ᠵᠤᠷᠢᠭᠤᠯᠵᠤ ᠪᠢᠴᠢᠭᠰᠡᠨ ︽ᠨᠤᠶᠠᠨ ᠴᠠᠭᠠᠨ ᠤᠷᠬᠢᠯ︾ ᠬᠡᠬᠦ ᠰᠢᠯᠦᠭ ᠢ ᠠᠳᠡ ᠲᠤᠷᠠᠰᠬᠠᠨ ᠲᠡᠮᠳᠡᠭᠯᠡᠵᠦ᠂ ᠨᠢᠭᠡᠨ | ᠦᠶ᠎ᠡ ᠶᠢᠨ ᠭᠠᠶᠢᠬᠠᠮᠰᠢᠭᠳᠤ ᠪᠤᠰᠤᠭ᠎ᠠ ᠠᠪᠤᠷᠭᠤ ᠠᠯᠳ᠋ᠬᠠᠤᠨᠢᠰᠦ ᠶᠢᠨ ᠴᠠᠭᠠᠨᠵᠠᠭᠠᠨ ᠤ ᠪᠦᠬᠡ ᠶᠢᠨ ᠶᠡᠭᠡ ᠨᠠᠮᠳᠠᠷ ᠢ | ᠲᠦᠬᠦᠮᠬᠡᠨ ᠪᠢᠴᠢᠭᠡᠳ ᠦᠨᠳᠤᠷᠯᠡᠭᠦᠯᠦᠶᠡ᠃ | | ᠨᠤᠶᠠᠨ ᠴᠠᠭᠠᠨ ᠤᠷᠬᠢᠯ | ᠨ᠊ ᠪᠦᠬᠡᠬᠠᠳᠠ | | ᠴᠠᠭ ᠦᠶ᠎ᠡ ᠶᠢᠨ ᠠᠪᠤᠷᠭᠤ ᠪᠦᠬᠡ | ᠴᠠᠭᠠᠨᠵᠠᠭᠠᠨ ᠮᠢᠨᠢ | ᠵᠦᠭ ᠪᠢᠯᠢᠭ ᠤᠨ ᠲᠤᠤᠯᠢᠶᠠᠨ | ᠵᠡᠬᠦᠨ ᠦᠵᠦᠮᠦᠴᠢᠨ ᠭᠡᠳᠡᠭ | ᠵᠢᠷᠦᠬᠡᠨ ᠳᠤ ᠲᠤᠯᠠᠭᠠᠨ ᠰᠤᠨᠤᠰᠳᠠᠬᠤ | ᠵᠦᠮᠪᠤᠷ ᠴᠠᠭᠠᠨ ᠨᠢᠬᠡ ᠨᠡᠷ᠎ᠡ ᠶᠢ ᠡᠷᠭᠦᠨ | ᠪᠤᠶᠠᠨᠳᠤ ᠶᠡᠭᠡ ᠨᠠᠶᠢᠷ ᠤᠨ ᠨᠠᠶᠠᠨ ᠨᠢᠬᠡ ᠶᠢ ᠲᠡᠭᠡᠵᠢᠯᠡᠵᠦ | ᠪᠤᠶᠢᠯᠠ ᠮᠦᠩᠭᠦᠨ ᠲᠡᠮᠡᠭᠡ ᠬᠦᠳᠤᠯᠤᠨ | ᠪᠤᠰᠤᠳ ᠲᠠᠪᠤᠨ ᠠᠬᠠᠮᠠᠳ ᠰᠢᠥᠬᠠᠨ | ᠪᠤᠯᠭᠠᠨ ᠤ ᠡᠩᠭᠡᠷ ᠲᠤ | ᠪᠤᠰᠤᠭ᠎ᠠ ᠵᠤᠭᠰᠤᠬᠤ ᠶᠢ ᠴᠢᠨᠢ ᠦᠵᠡᠯ᠎ᠡ | ᠴᠤᠩᠬᠤᠷ ᠡᠵᠢ ᠶᠢᠨ ᠬᠦᠥᠴᠦᠦᠯ | ᠴᠣᠣᠳᠤ ᠪᠦᠭᠡ ᠲᠦᠷᠦᠭᠦ ᠤᠴᠢᠷᠳᠠᠢ | ᠴᠢᠭᠤᠯᠭᠠᠨ ᠨᠠᠶᠢᠷ ᠤᠨ ᠲᠡᠷᠢᠭᠦᠨ ᠢ | ᠴᠤᠪᠤᠭᠤᠯᠵᠦ ᠠᠪᠬᠤ ᠢᠷᠦᠭᠡᠯ ᠲᠠᠢ ᠴᠦ ᠪᠠᠶᠢᠵᠠᠢ ᠦᠦ | ᠠᠪᠤ ᠠᠪᠤ ᠶᠢᠨ ᠭᠦᠪᠡᠭᠦᠴᠦᠦᠯ | ᠲᠠᠪᠠᠶ᠎ᠠ ᠯᠡ ᠭᠡᠵᠦ ᠪᠤᠳᠤᠳᠠᠭ ᠴᠦ | ᠲᠠᠪᠠᠵᠦ ᠴᠢᠳᠠᠰᠢ ᠦᠭᠡᠢ ᠰᠦᠭᠦᠳᠳᠡᠭ | ᠠᠷᠪᠠ ᠶᠢᠨ ᠲᠡᠷᠡ ᠲᠠᠪᠠᠭ᠎ᠠ ᠶᠢ | ᠠᠷᠤ ᠳᠤ ᠪᠠᠨ ᠬᠠᠶᠠᠨ᠎ᠠ ᠭᠡᠭᠴᠢ | ᠠᠷᠪᠠᠨ ᠶᠡᠭᠡ ᠠᠭᠤᠯᠠ ᠶᠢ | ᠨᠤᠷᠠᠭᠠᠬᠤ ᠠᠴᠠ ᠦᠭᠡᠷ᠎ᠡ ᠨᠢ ᠶᠠᠭᠤ | ᠵᠠᠭᠠᠨ ᠮᠢᠨᠢ︕ ᠵᠢᠭᠠᠬᠠᠨ ᠲᠡᠭᠦᠦ ᠮᠢᠨᠢ | ᠬᠤᠩᠭᠤᠷ ᠭᠦᠭᠡᠷᠦᠭᠦᠨ ᠲᠡᠭᠦᠦ ᠲᠠᠢ ᠮᠢᠨᠢ | ᠬᠤᠭᠤᠯᠠᠢ ᠶᠢᠨ ᠲᠡᠷᠡᠰᠣᠨ ᠳᠤ ᠭᠦᠶᠦᠯᠴᠡᠵᠦ | ︕ ᠬᠤᠶᠠᠭᠤᠯᠠ ᠪᠠᠨ ᠨᠢᠭᠡ ᠪᠠᠷᠢᠯᠳᠤᠴᠢᠬᠠ | ᠬᠤᠵᠢᠮ ᠭᠡᠨ ᠨᠢ ᠪᠦᠭᠡ ᠪᠤᠯᠬᠤ ᠶᠢ ᠦᠵᠡᠶ᠎ᠡ ᠭᠡᠵᠦ | ᠠᠭᠠᠷᠴᠠ ᠬᠤᠯᠳᠤᠷᠬᠠᠢ ᠱᠠᠩᠨᠠᠴᠢᠬᠠᠭᠠᠳ | ᠠᠷᠭ᠎ᠠ ᠦᠭᠡᠢ ᠶᠡᠭᠡ ᠵᠢᠭᠤᠷᠠᠭᠤᠯᠵᠦ ᠪᠠᠶᠢᠭᠰᠠᠨ ᠮᠢᠨᠢ | ᠦᠴᠦᠭᠡᠳᠦᠷᠭᠡᠨ ᠰᠢᠦ | ᠵᠠᠶᠢᠯᠠᠰᠢ ᠦᠭᠡᠢ ᠪᠦᠭᠡ ᠪᠤᠯᠬᠤ ᠶᠢᠨ | ᠵᠠᠶᠠᠭ᠎ᠠ ᠴᠢᠮᠠᠳᠤ ᠪᠠᠶᠢᠭᠰᠠᠨ ᠴᠦ ᠮᠠᠭᠠᠳ | ᠵᠠ ᠴᠢᠩᠭᠢᠪᠡᠴᠤ ᠶᠠᠭᠠᠭᠢᠬᠤᠪ | ᠲᠠᠤᠯᠠᠢ ᠶᠢᠨ ᠦᠭᠦᠭᠡᠷᠭᠡᠨ ᠪᠦᠵᠦᠩ ᠰᠢᠭ | ᠲᠤᠭᠤᠷᠭ᠎ᠠ ᠴᠣᠭᠤᠯᠣᠨ ᠲᠠᠭᠤᠳᠠᠯᠴᠠᠵᠦ | ᠲᠤᠨᠢ ᠲᠠᠢ ᠲᠤᠨᠢ ᠦᠭᠡᠢ ᠦᠶᠡᠴᠤᠦᠯ ᠲᠠᠢ ᠪᠠᠨ | ᠲᠤᠵᠢ ᠳᠤ ᠪᠠᠨ ᠲᠡᠭᠡᠵᠦ ᠪᠠᠷᠢᠯᠳᠤᠳᠠᠭ ᠨᠢ | ᠲᠤᠳᠠᠵᠦ ᠬᠠᠷᠢᠨ ᠪᠤᠯᠬᠤ ᠦᠭᠡᠢ ᠴᠦ ᠪᠠᠶᠢᠭᠰᠠᠨ ᠪᠢᠯᠢᠦ | ᠴᠠᠭ ᠦᠶ᠎ᠡ ᠶᠢᠨ ᠠᠪᠤᠷᠭᠤ ᠪᠦᠭᠡ | ᠴᠠᠭᠠᠨᠵᠠᠭᠠᠨ ᠮᠢᠨᠢ | ᠮᠢᠩᠭᠠᠨ ᠪᠦᠭᠡ ᠳᠤ | ᠪᠢᠷ᠎ᠠ ᠪᠠᠷ ᠢᠶᠠᠨ ᠮᠠᠩᠯᠠᠶᠢᠯᠠᠵᠦ | ᠮᠢᠩᠭ᠎ᠠ ᠮᠢᠩᠭᠠᠨ ᠭᠦᠮᠦᠨ ᠤ ᠰᠡᠳᠭᠢᠯ ᠳᠤ | ᠠᠭᠠᠯᠢ ᠪᠠᠷ ᠶᠢᠨ ᠮᠦᠩᠭᠡᠷᠡᠵᠦ | ︕ ᠮᠠᠨ ᠤ ᠴᠠᠭᠠᠨᠵᠠᠭᠠᠨ ᠭᠡᠵᠦ | ᠡᠳᠤᠷ ᠤᠨ ᠭᠤᠷᠪᠠ ᠲᠤᠷᠠᠰᠣᠭᠳᠠᠳᠠᠭ | ᠵᠠᠭᠠᠨ ᠮᠢᠨᠢ︕ ᠵᠢᠭᠠᠬᠠᠨ ᠲᠡᠭᠦᠦ ᠮᠢᠨᠢ | ᠠᠷᠪᠠᠨ ᠳ᠋ᠦᠩᠰᠢᠭᠤᠷ ᠠᠷᠠᠳ ᠤᠨ ᠢᠶᠠᠨ ᠠᠯᠠᠭᠠᠨ ᠠᠴᠠ | ᠠᠯᠳᠠᠨ ᠮᠧᠲᠯ ᠶᠢᠰᠦ ᠶᠢ ᠲᠣᠰᠣᠯ᠎ᠠ ᠴᠦ | ᠠᠳᠠᠨ ᠲᠡᠮᠡᠭᠡ ᠶᠢᠰᠦ ᠶᠢᠰᠦ ᠶᠢ ᠭᠦᠳᠦᠯᠦᠨᠡ | ᠠᠷᠤ ᠠᠴᠠ ᠴᠢᠨᠢ ᠲᠠᠭᠠᠭᠠ ᠲᠡᠭᠦᠦᠨᠡᠷ ᠲᠤ ᠪᠠᠨ | ᠠᠳᠠᠨ ᠲᠡᠮᠡᠭᠡ ᠯᠡ ᠪᠢᠰᠢ ᠠᠯᠳᠠᠨ ᠮᠧᠲᠯ | ᠠᠷᠪᠠ ᠶᠢ ᠵᠠᠭᠤ ᠶᠢ ᠵᠡᠭᠦᠯᠭᠡᠭᠦ ᠶᠤᠰᠤᠳᠠᠢ | ᠠᠪᠤᠷᠭᠤ ᠨᠢ ᠮᠦᠨ ᠪᠠᠶᠢᠭ᠎ᠠ | ᠠᠬ᠎ᠠ ᠨᠢ ᠴᠦ ᠮᠦᠨ ᠪᠠᠶᠢᠭ᠎ᠠ | ᠮᠤᠷᠢᠳᠠᠨ ᠰᠦᠯᠳᠡᠳᠡᠨ ᠤ | ᠨᠤᠮᠤᠬᠠᠨ ᠴᠠᠭᠠᠨ ᠵᠠᠭᠠᠨ | ᠮᠤᠩᠭᠤᠯ ᠪᠦᠭᠡ ᠶᠢᠨ | ᠨᠤᠶᠠᠨ ᠴᠠᠭᠠᠨ ᠤᠷᠭᠢᠯ | ᠴᠠᠭᠠᠨᠵᠠᠭᠠᠨ ᠮᠢᠨᠢ︕ | ︵ᠲᠤᠰ ᠡᠬᠡ ᠪᠢᠴᠢᠭ ᠢ ᠴᠠᠭᠠᠨᠵᠠᠭᠠᠨ ᠠᠪᠤᠷᠭᠤ ᠶᠢ ᠪᠡᠶᠡᠴᠢᠯᠡᠨ ᠰᠣᠷᠪᠤᠯᠵᠢᠯᠠᠨ ᠡᠮᠭᠢᠳᠭᠡᠭᠰᠡᠨ ᠦᠵᠡᠭᠳᠡᠯ ᠤᠨ | ︽ᠴᠠᠭ ᠢ ᠡᠵᠡᠯᠡᠭᠰᠡᠨ ᠭᠠᠶᠢᠬᠠᠮᠰᠢᠭᠳᠤ ᠪᠤᠰᠤᠭ᠎ᠠ ᠠᠪᠤᠷᠭᠤ ᠠᠯᠳ᠋ᠬᠠᠤᠨᠢᠰᠦ ᠶᠢᠨ ᠴᠠᠭᠠᠨᠵᠠᠭᠠᠨ︾ ᠬᠡᠭᠦ ᠪᠥᠬᠡ ᠶᠢᠨ | ᠲᠣᠮᠤᠬᠠᠨ ᠪᠠᠷᠢᠮᠳᠠᠳᠤ ᠵᠤᠬᠢᠶᠠᠯ ᠠᠴᠠ ᠭᠡᠰᠡᠭᠯᠡᠨ ᠠᠪᠤᠪᠠ᠃︶ | | | |