ᠤᠷᠢᠶᠠᠩᠬᠠᠨ ᠤ᠂ ᠶᠤᠨᠳᠤᠨ | | ᠦᠵᠦᠮᠦᠴᠢᠨ ᠠᠶᠢᠮᠠᠭ ᠬᠢᠭᠡᠳ ᠲᠦᠷᠦᠪᠤᠯᠤᠳ | ᠪᠠᠲᠦᠮᠦ᠋ᠡᠭᠬᠡ ᠲᠠᠶᠠᠨ ᠬᠠᠭᠠᠨ ᠢᠶᠠᠷ ᠤᠶᠢᠷᠠᠳ ᠠᠶᠢᠮᠠᠭ ᠤᠳ ᠢ ᠠᠬᠠᠮᠠᠳ ᠬᠦᠪᠡᠭᠦᠨ ᠲᠦᠷᠦᠪᠤᠯᠤᠳ ᠳᠤ | ᠬᠠᠷᠢᠶᠠᠳᠦ ᠢᠷᠭᠡᠨ ᠪᠤᠯᠭᠠᠨ ᠦᠮᠴᠢᠯᠡᠭᠦᠯᠦᠭᠰᠡᠨ ᠢᠶᠠᠷ ᠦᠵᠦᠮᠦᠴᠢᠨ ᠠᠶᠢᠮᠠᠭ ᠴᠤ ᠲᠡᠭᠦᠨ ᠤ ᠨᠤᠶᠠᠷᠬᠠᠯ ᠢ ᠬᠦᠯᠢᠶᠡᠬᠦ | ᠪᠤᠯᠵᠠᠢ᠂ ᠲᠤᠬᠠᠢ ᠶᠢᠨ ᠦᠶ᠎ᠡ ᠶᠢᠨ ᠦᠵᠦᠮᠦᠴᠢᠨ ᠮᠢᠩᠭᠠᠨ ᠳᠤ ᠦᠵᠦᠮ ᠤᠨ ᠠᠭᠤᠯᠠ ᠶᠢᠨ ᠮᠤᠩᠭᠤᠯᠴᠤᠳ ᠪᠤᠯᠬᠤ | ᠦᠵᠦᠮᠦᠴᠢᠨ᠂ ᠬᠠᠭᠤᠴᠢᠳ᠂ ᠰᠦᠨᠢᠳ᠂ ᠠᠤᠬᠠᠨ᠂ ᠨᠠᠢᠮᠠᠨ ᠵᠡᠷᠭᠡ ᠠᠶᠢᠮᠠᠭ ᠪᠦᠯᠦᠭ ᠪᠦᠷᠢᠯᠳᠦᠭᠦᠨ ᠪᠤᠯᠵᠦ᠂ | ᠲᠦᠷᠦᠪᠤᠯᠤᠳ ᠤᠨ ᠦᠶ᠎ᠡ ᠳᠤ ᠦᠵᠦᠮᠦᠴᠢᠨ ᠠᠶᠢᠮᠠᠭ ᠨᠢ ᠬᠠᠩᠭᠠᠢ ᠨᠢᠷᠦᠭᠤ — ᠭᠠᠯᠪᠠ ᠱᠠᠩᠬ᠎ᠠ ᠶᠢᠨ | ᠭᠤᠪᠢ ᠪᠠᠷ ᠨᠤᠲᠤᠭᠯᠠᠨ ᠮᠠᠯᠵᠢᠵᠦ ᠪᠠᠶᠢᠪᠠ᠂ ᠲᠦᠷᠦᠪᠤᠯᠤᠳ ᠢ ᠪᠠᠷᠠᠭᠤᠨ ᠮᠤᠩᠭᠤᠯ ᠤᠨ ᠲᠦᠷᠦᠭᠦᠴᠦᠳ ᠲᠤ | ᠬᠤᠤᠷᠯᠠᠭᠳᠠᠭᠰᠠᠨ ᠤ ᠳᠠᠷᠠᠭ᠎ᠠ ᠲᠡᠭᠦᠨ ᠤ ᠠᠬᠠᠮᠠᠳ ᠬᠦᠪᠡᠭᠦᠨ ᠪᠤᠳᠢ ᠠᠯᠠᠭ ᠦᠵᠦᠮᠦᠴᠢᠨ ᠠᠶᠢᠮᠠᠭ ᠤᠨ ᠠᠬᠠᠯᠠᠭᠴᠢ | ᠪᠤᠯᠪᠠ᠂ ᠪᠤᠳᠢ ᠠᠯᠠᠭ ᠠᠬᠠᠯᠠᠭᠴᠢ ᠶᠢᠨ ᠦᠶ᠎ᠡ ᠦᠵᠦᠮᠦᠴᠢᠨ ᠠᠶᠢᠮᠠᠭ ᠭᠤᠪᠢ ᠶᠢᠨ ᠡᠮᠦᠨ᠎ᠡ ᠡᠪᠡᠰᠦᠳᠦ ᠲᠠᠯ᠎ᠠ ᠳᠤ | ᠨᠤᠲᠤᠭᠰᠢᠨ ᠮᠠᠯᠵᠢᠬᠤ ᠪᠤᠯᠵᠠᠢ᠂ ᠪᠠᠳᠦᠮᠦᠩᠬᠡ ᠳᠠᠶᠠᠨ ᠬᠠᠭᠠᠨ ᠤ ᠦᠶ᠎ᠡ ᠳᠤ ᠦᠵᠦᠮᠦᠴᠢᠨ ᠨᠢ ᠵᠡᠭᠦᠨ ᠭᠠᠷᠤᠨ | ᠴᠠᠬᠠᠷ ᠲᠦᠮᠡᠨ ᠤ ᠨᠠᠢᠮᠠᠨ ᠤᠲᠤᠭ ᠤᠨ ᠨᠢᠭᠡ ᠪᠠᠶᠢᠭᠰᠠᠨ ᠶᠣᠮ᠃ | | ᠤᠩᠭᠤᠨ ᠲᠤᠷᠬᠠᠯ ᠨᠤᠶᠠᠨ | ᠤᠩᠭᠤᠨ ᠲᠤᠷᠬᠠᠯ ᠪᠤᠯ ᠠᠷᠪᠠᠨ ᠵᠢᠷᠭᠤᠳᠤᠭᠠᠷ ᠵᠠᠭᠤᠨ ᠤ ᠬᠦᠮᠦᠨ᠂ ᠴᠢᠩᠭᠢᠰ ᠬᠠᠭᠠᠨ ᠤ ᠠᠷᠪᠠᠨ | ᠨᠠᠢᠮᠠᠳᠤᠭᠠᠷ ᠦᠶ᠎ᠡ ᠶᠢᠨ ᠠᠴᠢ ᠪᠦᠭᠡᠳ ᠪᠤᠳᠢ ᠠᠯᠠᠭ ᠬᠠᠭᠠᠨ ᠤ ᠭᠤᠳᠠᠭᠠᠷ ᠬᠦᠪᠡᠭᠦᠨ ᠪᠤᠯᠬᠤ ᠶᠣᠮ᠃ ᠲᠡᠷᠡ ᠪᠤᠯ | ᠤᠮᠠᠷᠠᠳᠦ ᠶᠤᠸᠠᠨ ᠤᠯᠤᠰ ᠤᠨ ᠰᠡᠭᠦᠯᠴᠢ ᠶᠢᠨ ᠦᠶ᠎ᠡ ᠳᠤ ᠦᠵᠦᠮᠦᠴᠢᠨ᠂ ᠯᠠᠤᠰᠴᠢᠨ᠂ ᠡᠷᠬᠢᠭᠦᠳ ᠵᠡᠷᠭᠡ ᠠᠶᠢᠮᠠᠭ | ᠪᠦᠯᠦᠭ ᠢ ᠨᠢᠭᠡᠳᠬᠡᠬᠡᠳ ︿︿ᠦᠵᠦᠮᠦᠴᠢᠨ ᠠᠶᠢᠮᠠᠭ﹀﹀ ᠭᠡᠵᠦ ᠨᠡᠷᠡᠯᠡᠭᠰᠡᠨ ᠤᠳᠠᠭᠠᠨ ᠤᠨ ᠤ ᠠᠶᠢᠮᠠᠭ ᠤᠨ | ᠠᠬᠠᠯᠠᠭᠴᠢ ᠪᠠᠶᠢᠵᠦ᠂ ᠳᠡᠷᠡᠶᠢᠰᠦᠨ ᠬᠦᠳᠡᠩ ᠬᠠᠭᠠᠨ ᠢ ᠳᠠᠭᠠᠵᠦ ᠴᠠᠬᠠᠷ ᠲᠦᠮᠡᠨ ᠤ ᠨᠢᠭᠡ ᠤᠲᠤᠭ ᠪᠤᠯᠬᠤ — | ᠦᠵᠦᠮᠦᠴᠢᠨ ᠠᠶᠢᠮᠠᠭ ᠪᠦᠯᠦᠭ ᠢᠶᠠᠨ ᠳᠠᠭᠠᠭᠤᠯᠵᠦ᠂ ᠵᠡᠭᠦᠨᠰᠢ ᠨᠡᠭᠦᠳᠡᠯᠯᠡᠨ ᠯᠢᠶᠤᠤᠳᠦ᠋ᠩ ᠤᠷᠤᠨ ᠢᠶᠠᠷ | ᠮᠠᠯᠵᠢᠬᠤ ᠶᠢ ᠪᠡᠶᠡᠯᠡᠭᠦᠯᠦᠭᠰᠡᠨ ᠭᠠᠷᠮᠠᠭᠠᠢ ᠤᠳᠤᠷᠢᠳᠤᠭᠴᠢ᠂ ᠪᠤᠳᠢ ᠠᠯᠠᠭ᠂ ᠳᠡᠷᠡᠶᠢᠰᠦᠨ ᠬᠦᠳᠡᠩ᠂ ᠲᠦᠮᠡᠨ | ᠵᠠᠰᠠᠭᠳᠦ ᠵᠡᠷᠭᠡ ᠮᠤᠩᠭᠤᠯ ᠤᠨ ᠭᠤᠷᠪᠠᠨ ᠶᠡᠭᠡ ᠬᠠᠭᠠᠨ ᠤ ᠲᠦᠷᠦ ᠳᠤ ᠦᠢᠯᠡᠴᠢᠯᠡᠭᠰᠡᠨ ᠪᠦᠭᠡᠳ ᠦᠨᠳᠦᠰᠦᠳᠡᠨ ᠤ | ᠶᠡᠭᠡ ᠨᠢᠭᠡᠳᠦᠯ ᠤᠨ ᠲᠦᠯᠦᠭᠡ ᠲᠡᠮᠡᠴᠡᠭᠰᠡᠨ ᠭᠠᠪᠢᠶᠠᠳᠦ ᠰᠠᠶᠢᠳ ᠶᠤᠮ᠃ ᠲᠡᠷᠡ᠂ ᠳᠡᠤᠬᠡ ᠰᠤᠳᠤᠷ ᠳᠡᠭᠡᠷ᠎ᠡ | ᠳᠡᠮᠳᠡᠭᠯᠡᠭᠳᠡᠭᠰᠡᠨ ᠴᠤᠷ ᠤᠨ ᠭᠠᠭᠴᠠ ᠦᠵᠦᠮᠦᠴᠢᠨ ᠠᠶᠢᠮᠠᠭ ᠤᠨ ᠠᠬᠠᠯᠠᠭᠴᠢ ᠪᠠᠷ ᠪᠠᠷᠠᠬᠤ ᠦᠭᠡᠢ ᠦᠵᠦᠮᠦᠴᠢᠨ | ᠳᠠᠯ᠎ᠠ ᠨᠤᠲᠤᠭ ᠤᠨ ᠢᠶᠠᠨ ᠦᠷᠦᠴᠡᠨ ᠳᠤ ᠠᠯᠳᠠᠷ ᠨᠡᠷ᠎ᠡ ᠪᠠᠨ ᠮᠦᠩᠬᠡᠷᠡᠭᠦᠯᠦᠭᠰᠡᠨ᠂ ᠡᠶᠢᠮᠦ ᠪᠠᠷ ᠦᠵᠦᠮᠦᠴᠢᠨᠴᠤᠳ | ︿︿ᠤᠩᠭᠤᠨ ᠤᠪᠤᠭ᠎ᠠ﹀﹀ ᠪᠠᠨ ᠬᠡᠶᠢᠮᠤᠷᠯᠠᠨ ᠪᠤᠰᠬᠠᠵᠦ᠂ ︿︿ᠤᠩᠭᠤᠨ ᠬᠤᠱᠤᠤ﹀﹀᠂ ︿︿ᠤᠩᠭᠤᠨ ᠴᠠᠪᠴᠢᠷ﹀﹀᠂ | ︿︿ᠤᠩᠭᠤᠨ ᠪᠤᠯᠠᠰᠢ﹀﹀ ᠬᠡᠮᠡᠨ ᠭᠠᠵᠠᠷ ᠤᠰᠤᠨ ᠢᠶᠠᠨ ᠨᠡᠷᠡᠯᠡᠯᠴᠡᠭᠰᠡᠨ ᠠᠴᠠ ᠲᠦᠮᠡᠨ ᠤ ᠰᠡᠳᠭᠢᠯ ᠳᠤ ᠡᠭᠦᠷᠢᠳᠡ | ᠬᠠᠳᠠᠩᠰᠢᠵᠦ᠂ ᠲᠡᠤᠬᠡᠨ ᠳᠤ ᠤᠯᠠ ᠮᠦᠷ ᠢᠶᠠᠨ ᠦᠨᠢᠳᠡ ᠦᠯᠡᠳᠡᠭᠡᠨ ᠳᠠᠮᠠᠭᠠᠯᠠᠭᠰᠠᠨ ᠪᠠᠶᠢᠵᠦ ᠪᠢᠯᠡ᠃ | | ᠬᠠᠮᠤᠭ ᠠᠩᠬᠠᠨ ᠤ ᠦᠵᠦᠮᠦᠴᠢᠨ ᠠᠶᠢᠮᠠᠭ ᠤᠨ ᠴᠢᠨ ᠸᠠᠩ | ᠴᠢᠩ ᠤᠯᠤᠰ ᠤᠨ ᠦᠶ᠎ᠡ᠂ ᠦᠵᠦᠮᠦᠴᠢᠨ ᠠᠶᠢᠮᠠᠭ ᠤᠨ ᠠᠬᠠᠯᠠᠭᠴᠢ ᠲᠤᠷᠵᠢ ᠠᠶᠢᠮᠠᠭ ᠪᠦᠯᠦᠭ ᠢᠶᠠᠨ | ᠳᠠᠭᠠᠭᠤᠯᠤᠨ ᠬᠠᠯᠬ᠎ᠠ ᠠᠴᠠ ᠨᠡᠭᠦᠵᠦ ᠢᠷᠡᠨ᠂ ᠴᠢᠩ ᠭᠦᠷᠦᠨ ᠢ ᠳᠠᠭᠠᠭᠰᠠᠨ ᠢᠶᠠᠷ 1641 ᠤᠨ ᠳᠤ ᠦᠵᠦᠮᠦᠴᠢᠨ | ᠠᠶᠢᠮᠠᠭ ᠤᠨ ︿︿ᠵᠠᠰᠠᠭ ᠤᠨ ᠬᠤᠱᠤᠢ ᠰᠡᠴᠡᠨ ᠴᠢᠨ ᠸᠠᠩ﹀﹀ ᠡᠷᠭᠦᠮᠵᠢᠯᠡᠭᠳᠡᠵᠦ᠂ ᠦᠷ᠎ᠡ ᠶᠢᠨ ᠦᠷ᠎ᠡ ᠳᠤ ᠦᠯᠦ | ᠪᠠᠭᠤᠷᠠᠭᠤᠯᠬᠤ ᠬᠦᠨᠳᠦ ᠶᠡᠭᠡ ᠭᠡᠰᠢᠭ ᠬᠦᠷᠳᠡᠭᠰᠡᠨ ᠪᠠᠶᠢᠵᠦ᠂ ᠬᠠᠮᠤᠭ ᠠᠩᠬᠠᠨ ᠤ ᠴᠢᠨ ᠸᠠᠩ ᠪᠤᠯᠤᠭᠰᠠᠨ ᠪᠠᠶᠢᠨ᠎ᠠ᠂ | ᠲᠡᠷᠡ ᠦᠶ᠎ᠡ ᠴᠢᠩ ᠤᠨ ᠲᠦᠷᠦ ᠠᠴᠠ ᠦᠵᠦᠮᠦᠴᠢᠨ ᠠᠶᠢᠮᠠᠭ ᠢ ᠬᠤᠶᠠᠷ ᠬᠤᠰᠢᠭᠤ ᠪᠤᠯᠭᠠᠨ ᠵᠠᠰᠠᠭᠯᠠᠭᠠᠳᠤᠢ | ᠪᠠᠶᠢᠭᠰᠠᠨ ᠶᠤᠮ᠃ 1646 ᠤᠨ ᠳᠤ ᠲᠤᠷᠵᠢ ᠵᠢᠨᠦᠩ ᠴᠢᠨ ᠸᠠᠩ ᠦᠵᠦᠮᠦᠴᠢᠨ ᠪᠠᠷᠠᠭᠤᠨ ᠬᠤᠰᠢᠭᠤᠨ ᠤ | ᠠᠩᠬᠠᠨ ᠤ ᠬᠤᠰᠢᠭᠤ ᠵᠠᠰᠠᠭ ᠪᠤᠯᠵᠦ᠂ ᠬᠤᠷᠢᠨ ᠳᠠᠪᠤᠨ ᠰᠤᠮᠤ ᠨᠢᠭᠡᠴᠡ ᠶᠢ ᠬᠠᠷᠢᠶᠠᠯᠠᠭᠤᠯᠵᠠᠢ᠃ | | ᠦᠵᠦᠮᠦᠴᠢᠨ ᠵᠡᠭᠦᠨ ᠭᠠᠷᠤᠨ ᠬᠤᠰᠢᠭᠤᠨ ᠤ ᠬᠠᠮᠤᠭ ᠠᠩᠬᠠᠨ ᠤ ᠪᠡᠶᠢᠯᠡ ᠸᠠᠩ | ᠰᠡᠷᠡᠩ ᠳᠠᠶᠢᠵᠢ ᠪᠠᠷ ᠬᠡᠷᠦᠯᠦᠨ ᠭᠤᠤᠯ ᠤᠨ ᠬᠦᠪᠡᠭᠡᠨ᠎ᠡ ᠮᠠᠯᠵᠢᠵᠦ ᠪᠠᠶᠢᠭᠠᠳ ᠠᠪᠠᠭ᠎ᠠ ᠲᠤᠷᠵᠢ ᠵᠢᠨᠦᠩ ᠲᠠᠢ | ᠬᠠᠮᠳᠦ ᠴᠢᠩ ᠭᠦᠷᠦᠨ ᠢ ᠳᠠᠭᠠᠭᠰᠠᠨ ᠢᠶᠠᠷ 1646 ᠤᠨ ᠳᠤ ᠰᠢᠯᠢ ᠶᠢᠨ ᠭᠤᠤᠯ ᠤᠨ ᠴᠢᠭᠤᠯᠭᠠᠨ ᠤ ᠦᠵᠦᠮᠦᠴᠢᠨ | ᠠᠶᠢᠮᠠᠭ ᠢ ᠬᠤᠶᠠᠷ ᠬᠤᠰᠢᠭᠤ ᠪᠤᠯᠭᠠᠨ ᠵᠠᠰᠠᠭᠯᠠᠬᠤ ᠳᠤ ᠲᠡᠷᠡ ᠪᠠᠷ ᠦᠵᠦᠮᠦᠴᠢᠨ ᠵᠡᠭᠦᠨ ᠭᠠᠷᠤᠨ ᠬᠤᠰᠢᠭᠤᠨ ᠤ | ᠠᠩᠬᠠᠨ ᠤ ᠪᠡᠶᠢᠯᠡ ᠸᠠᠩ ᠪᠤᠯᠵᠦ᠂ ᠶᠢᠰᠦᠨ ᠰᠤᠮᠤ ᠨᠢᠭᠡᠴᠡ ᠶᠢ ᠬᠠᠷᠢᠶᠠᠯᠠᠭᠤᠯᠤᠨ ᠬᠠᠮᠢᠶᠠᠷᠬᠤ ᠪᠤᠯᠵᠠᠢ᠃ | | ︿︿ᠭᠠᠩᠭ᠎ᠠ ᠶᠢᠨ ᠤᠷᠤᠰᠬᠠᠯ﹀﹀ ᠤᠨ ᠵᠤᠬᠢᠶᠠᠭᠴᠢ᠂ ᠲᠦᠷᠪᠡᠨ ᠬᠡᠯᠡᠨ ᠤ ᠡᠷᠳᠡᠮᠳᠡᠨ ᠦᠵᠦᠮᠦᠴᠢᠨ | ᠭᠦᠩ ᠭᠤᠮᠪᠤᠵᠠᠪ | ᠭᠤᠮᠪᠤᠵᠠᠪ ᠪᠤᠯ 17 ᠳ᠋ᠤᠭᠠᠷ ᠵᠠᠭᠤᠨ ᠤ ᠰᠡᠭᠦᠯᠴᠢ ᠠᠴᠠ 18 ᠳ᠋ᠤᠭᠠᠷ ᠵᠠᠭᠤᠨ ᠤ ᠳᠤᠮᠳᠠᠴᠢ ᠦᠶ᠎ᠡ ᠶᠢᠨ | ᠬᠦᠮᠦᠨ᠂ ᠤᠤᠯ ᠤᠨ ᠰᠢᠯᠢ ᠶᠢᠨ ᠭᠤᠤᠯ ᠴᠢᠭᠤᠯᠭᠠᠨ ᠤ ᠦᠵᠦᠮᠦᠴᠢᠨ ᠪᠠᠷᠠᠭᠤᠨ ᠬᠤᠰᠢᠭᠤᠨ ᠤ ᠲᠡᠷᠢᠭᠦᠨ | ᠵᠡᠷᠭᠡ ᠶᠢᠨ ᠳᠤᠰᠠᠯᠠᠭᠴᠢ ᠳᠠᠶᠢᠵᠢ᠂ ᠵᠠᠰᠠᠭ ᠲᠦᠷᠦ ᠶᠢᠨ ᠬᠦᠩ ᠤᠳᠠᠷᠢ ᠨᠤᠶᠠᠨ ᠤ ᠬᠦᠪᠡᠭᠦᠨ ᠪᠤᠯᠤᠨ ᠮᠡᠨᠳᠦᠯᠡᠵᠠᠢ᠂ | ᠲᠡᠷᠡ ᠲᠦᠷᠪᠡᠨ ᠲᠦᠷᠦᠯ ᠤᠨ ᠦᠭᠡ ᠬᠡᠯᠡ ᠦᠰᠦᠭ ᠪᠢᠴᠢᠭ ᠢ ᠨᠡᠪᠳᠡᠷᠬᠡᠢ ᠰᠤᠷᠤᠭᠰᠠᠨ᠂ ᠦᠨᠡᠨ ᠢ ᠪᠠᠷᠢᠮᠳᠠᠯᠠᠳᠠᠭ | ᠡᠷᠳᠡᠮᠳᠡᠨ ᠬᠦᠮᠦᠨ ᠪᠠᠶᠢᠪᠠ᠂ ᠪᠡᠭᠡᠵᠢᠩ ᠳᠤ ︿︿ᠳᠠᠩᠭᠤᠳ ᠪᠢᠴᠢᠭ ᠤᠨ ᠰᠤᠷᠭᠠᠭᠤᠯᠢ ᠶᠢᠨ ᠪᠦᠭᠦᠳᠡ ᠶᠢ ᠵᠠᠬᠢᠨ | ᠰᠤᠷᠭᠠᠭᠴᠢ﹀﹀ ᠪᠠᠷ ᠭᠤᠴᠢᠭᠠᠳ ᠵᠢᠯ ᠠᠵᠢᠯᠯᠠᠬᠤ ᠳᠠᠭᠠᠨ ᠦᠯ ᠬᠤᠭᠤᠯᠠ ᠶᠢ ᠤᠮᠠᠷᠳᠠᠨ᠂ ᠡᠳᠦᠷ ᠰᠦᠨᠢ ᠶᠢ | ᠳᠡᠮᠡᠴᠡᠨ ᠡᠷᠳᠡᠮ ᠰᠢᠨᠵᠢᠯᠡᠭᠡᠨ ᠪᠠ ᠡᠯ᠎ᠡ ᠦᠨᠳᠦᠰᠦᠳᠡᠨ ᠤ ᠰᠤᠶᠤᠯ ᠤᠨ ᠰᠤᠯᠢᠯᠴᠠᠭᠠᠨ ᠤ ᠦᠢᠯᠡᠰ ᠲᠤ ᠦᠪᠡᠷ ᠤᠨ | ᠬᠠᠷᠠᠮ ᠦᠭᠡᠢ ᠬᠤᠪᠢ ᠨᠡᠮᠡᠷᠢ ᠪᠠᠨ ᠦᠵᠡᠭᠦᠯᠦᠭᠰᠡᠨ ᠠᠴᠠ ︿︿ᠭᠠᠩᠭ᠎ᠠ ᠶᠢᠨ ᠤᠷᠤᠰᠬᠠᠯ﹀﹀ ᠵᠡᠷᠭᠡ ᠲᠡᠤᠬᠡ ᠶᠢᠨ | ᠠᠯᠢ ᠤᠯᠠᠨ ᠪᠦᠲᠦᠭᠡᠯ᠂ ︿︿ᠭᠠᠨᠵᠤᠤᠷ﹀﹀᠂ ︿︿ᠳ᠋ᠠᠨᠵᠤᠤᠷ﹀﹀ ᠢ ᠤᠷᠴᠢᠭᠤᠯᠬᠤ ᠪᠤᠶᠤ ᠡᠷᠬᠢᠯᠡᠨ ᠵᠤᠬᠢᠶᠠᠨ | ᠪᠠᠶᠢᠭᠤᠯᠤᠭᠰᠠᠨ ᠬᠢᠳᠡᠳ᠂ ᠮᠤᠩᠭᠤᠯ᠂ ᠲᠦᠪᠡᠳ ᠬᠡᠯᠡᠨ ᠤ ᠲᠤᠮᠤᠬᠠᠨ ᠪᠦᠲᠦᠭᠡᠯ ᠤᠳ ᠵᠡᠷᠭᠡ ᠡᠷᠳᠡᠨᠢᠰ ᠠᠴᠠ | ᠦᠨ᠎ᠡ ᠴᠠᠨ᠎ᠠ ᠲᠠᠢ ᠰᠤᠶᠤᠯ ᠤᠨ ᠦᠪ ᠢ ᠦᠯᠡᠳᠡᠭᠡᠨ ᠦᠭᠭᠦᠭᠰᠡᠨ ᠶᠤᠮ᠂ ᠲᠡᠭᠦᠨ ᠤ ︿︿ᠭᠠᠩᠭ᠎ᠠ ᠶᠢᠨ ᠤᠷᠤᠰᠬᠠᠯ﹀ | ﹀ ᠬᠡᠮᠡᠬᠦ ᠲᠡᠤᠬᠡ ᠶᠢᠨ ᠵᠤᠬᠢᠶᠠᠯ ᠨᠢ ᠳᠡᠯᠡᠬᠡᠢ ᠨᠡᠶᠢᠳᠡ ᠶᠢᠨ ᠮᠤᠩᠭᠤᠯ ᠰᠤᠳᠤᠯᠤᠯ ᠳᠤ ᠴᠢᠬᠤᠯᠠ ᠲᠤᠯᠭᠤᠷ | ᠪᠢᠴᠢᠭ ᠢᠶᠠᠷ ᠬᠡᠷᠡᠭᠯᠡᠭᠳᠡᠨ ᠦᠨᠡᠯᠡᠭᠳᠡᠵᠦ ᠪᠠᠶᠢᠬᠤ ᠪᠦᠭᠡᠳ ᠵᠤᠬᠢᠶᠠᠯ ᠳᠠᠭᠠᠨ ᠮᠤᠩᠭᠤᠯ ᠦᠨᠳᠦᠰᠦᠳᠡᠨ ᠢᠶᠠᠨ ︿ | ᠭᠠᠩᠭ᠎ᠠ ᠶᠢᠨ ᠤᠷᠤᠰᠬᠠᠯ﹀ ᠮᠡᠳᠦ ᠦᠨᠢ ᠡᠭᠦᠷᠢᠳᠡ ᠦᠷᠭᠦᠯᠵᠢᠯᠡᠨ ᠴᠡᠴᠡᠭᠯᠡᠨ ᠬᠦᠭᠵᠢᠬᠦ ᠶᠢ ᠵᠦᠩᠨᠡᠭᠰᠡᠨ ᠪᠠᠶᠢᠳᠠᠭ᠃ | ᠲᠡᠷᠡ ᠪᠤᠯ ︿︿ᠮᠡᠷᠭᠡᠳ ᠭᠠᠷᠬᠤ ᠶᠢᠨ ᠤᠷᠤᠨ﹀﹀ ᠬᠡᠮᠡᠬᠦ ᠲᠠᠪᠤᠨ ᠤᠬᠠᠭᠠᠨ ᠤ ᠲᠤᠯᠢ ᠵᠡᠷᠭᠡ ᠮᠠᠰᠢ ᠤᠯᠠᠨ | ᠪᠦᠲᠦᠭᠡᠯ ᠢ ᠭᠤᠤᠯᠯᠠᠨ ᠤᠷᠴᠢᠭᠤᠯᠤᠨ ᠨᠠᠶᠢᠷᠠᠭᠤᠯᠤᠭᠰᠠᠨ ᠬᠡᠯᠡ ᠰᠢᠨᠵᠢᠯᠡᠭᠡᠨ ᠤ ᠡᠷᠳᠡᠮᠳᠡᠨ ᠪᠦᠭᠡᠳ ᠭᠠᠷᠮᠠᠭᠠᠢ | ᠲᠡᠤᠬᠡ ᠰᠤᠶᠤᠯ ᠤᠨ ᠤᠬᠠᠭᠠᠨᠳᠠᠨ ᠪᠤᠯᠬᠤ ᠶᠤᠮ᠃ | | ︿︿ᠤᠭᠳᠠᠷᠭᠤᠢ ᠶᠢᠨ ᠮᠠᠨᠢ﹀﹀ ᠶᠢᠨ ᠵᠤᠬᠢᠶᠠᠭᠴᠢ᠂ ᠬᠡᠯᠡ ᠰᠢᠨᠵᠢᠯᠡᠯ ᠤᠨ ᠡᠷᠳᠡᠮᠳᠡᠨ ᠮᠤᠯᠤᠮ | ᠬᠤᠲᠤᠭᠳᠦ ᠯᠠᠮᠠ — ᠳᠠᠩᠽᠠᠨᠷᠠᠭᠸᠠ | ᠳᠠᠩᠽᠠᠨᠷᠠᠭᠸᠠ ᠪᠤᠯ ᠬᠦᠬᠡᠨᠠᠭᠤᠷ ᠤᠨ ᠷᠦᠵᠠ ᠬᠡᠶᠢᠳ ᠢᠶᠠᠷ ᠨᠤᠲᠤᠭᠳᠠᠢ ᠴᠠᠭᠠᠨ ᠮᠤᠩᠭᠤᠯ ᠤᠭᠰᠠᠭᠠᠳᠠᠨ | ᠬᠦᠮᠦᠨ᠂ ᠲᠡᠷᠡ ᠰᠡᠳᠡᠨᠳᠤᠩᠳᠤᠪ ᠴᠢᠨ ᠸᠠᠩ ᠤᠨ ᠦᠶ᠎ᠡ ᠳᠤ ᠦᠵᠦᠮᠦᠴᠢᠨ ᠪᠡᠷᠡᠭᠤᠨ ᠬᠤᠰᠢᠭᠤᠨ ᠳᠤ ᠢᠷᠡᠵᠦ᠂ | ᠱᠠᠰᠢᠨ ᠨᠤᠮ ᠢ ᠶᠡᠬᠡᠳᠡ ᠳᠡᠯᠭᠡᠷᠡᠭᠦᠯᠪᠡ᠂ ᠡᠶᠢᠮᠦ ᠪᠠᠷ ᠦᠵᠦᠮᠦᠴᠢᠨ ᠤ ᠦᠭᠯᠢᠭᠡ ᠬᠤᠷᠠᠭᠤᠯᠤᠭᠴᠢ ᠬᠡᠶᠢᠳ — | ᠮᠤᠯᠤᠮ ᠯᠠᠮᠠ ᠶᠢᠨ ᠬᠦᠷᠢᠶ᠎ᠡ ᠰᠦᠮ᠎ᠡ ᠶᠢᠨ ᠲᠦᠷᠪᠡᠳᠦᠭᠡᠷ ᠬᠤᠪᠢᠯᠭᠠᠨ ᠲᠦᠷᠢ ᠪᠤᠯᠤᠭᠰᠠᠨ ᠪᠠᠶᠢᠨ᠎ᠠ᠃ ᠲᠡᠷᠡ | ᠦᠵᠦᠮᠦᠴᠢᠨ ᠪᠠᠷᠠᠭᠤᠨ ᠬᠤᠰᠢᠭᠤᠨ ᠤ ᠤᠯᠠᠭᠠᠨ ᠬᠠᠭᠠᠯᠭ᠎ᠠ ᠶᠢᠨ ᠡᠯᠡᠰᠦᠨ ᠳᠤ ᠰᠠᠭᠤᠨ᠂ ᠠᠭᠸᠠᠩᠰᠤᠳᠪᠠ ᠯᠤᠭ᠎ᠠ | ᠪᠠᠭᠰᠢ ᠱᠠᠪᠢ ᠶᠢᠨ ᠪᠠᠷᠢᠯᠳᠤᠯᠭ᠎ᠠ ᠲᠠᠢ ᠪᠤᠯᠵᠦ᠂ ᠱᠠᠰᠢᠨ ᠨᠤᠮ ᠳᠡᠯᠭᠡᠷᠡᠭᠦᠯᠬᠦ ᠠᠵᠢᠯ ᠢᠶᠠᠨ ᠡᠬᠢᠯᠡᠭᠦᠯᠦᠭᠰᠡᠨ ᠢᠶᠠᠷ | ᠤᠯᠠᠨ ᠡᠷᠳᠡᠮᠳᠡᠢ ᠱᠠᠪᠢ ᠨᠠᠷ ᠢ ᠬᠦᠮᠦᠵᠢᠭᠦᠯᠦᠭᠰᠡᠨ ᠶᠤᠮ᠂ ᠲᠡᠷᠡ ᠡᠷᠳᠡᠮ ᠮᠡᠳᠡᠯᠭᠡ ᠦᠷᠭᠡᠨ ᠭᠦᠨ ᠲᠦᠪᠡᠳ | ᠮᠤᠩᠭᠤᠯ ᠬᠡᠯᠡᠨ ᠳᠤ ᠨᠡᠪᠳᠡᠷᠬᠡᠢ ᠲᠤᠯᠠ ᠪᠡᠭᠡᠵᠢᠩ ᠳᠠᠬᠢ ᠮᠤᠩᠭᠤᠯ ᠭᠠᠨᠵᠤᠤᠷ ᠢ ᠠᠷᠢᠭᠤᠳᠬᠠᠨ ᠰᠢᠭᠦᠵᠦ | ᠤᠷᠴᠢᠭᠤᠯᠬᠤ ᠠᠵᠢᠯ ᠳᠤ ᠤᠷᠤᠯᠴᠠᠭᠰᠠᠨ ᠪᠦᠭᠡᠳ ᠳᠡᠯᠡᠬᠡᠢ ᠳᠤ ᠨᠦᠯᠦᠭᠡ ᠪᠦᠬᠦᠢ ᠬᠡᠯᠡ ᠰᠢᠨᠵᠢᠯᠡᠯ ᠤᠨ ᠵᠤᠬᠢᠶᠠᠯ | ᠪᠤᠯᠬᠤ ︿︿ᠤᠭᠳᠠᠷᠭᠤᠢ ᠶᠢᠨ ᠮᠠᠨᠢ﹀﹀ ᠪᠠᠨ ᠵᠤᠬᠢᠶᠠᠵᠦ ᠠᠯᠳᠠᠷᠰᠢᠭᠤᠯᠤᠭᠰᠠᠨ ᠪᠠᠶᠢᠯ᠎ᠠ᠂ ᠲᠡᠷᠡ ᠪᠤᠯ ᠮᠤᠩᠭᠤᠯ | ᠦᠰᠦᠭ ᠪᠢᠴᠢᠭ ᠤᠨ ᠴᠤᠭᠴᠠᠯᠠᠯᠳᠠ ᠳᠤ ᠬᠤᠪᠢ ᠨᠡᠮᠡᠷᠢ ᠪᠠᠨ ᠦᠵᠡᠭᠦᠯᠦᠭᠰᠡᠨ ᠰᠤᠶᠤᠯ ᠤᠨ ᠵᠢᠳᠭᠦᠯᠳᠡᠨ | ᠪᠤᠯᠬᠤ ᠪᠠᠷ ᠪᠠᠷᠠᠬᠤ ᠦᠭᠡᠢ ᠦᠵᠦᠮᠦᠴᠢᠨ ᠨᠤᠲᠤᠭ ᠲᠤ ᠨᠤᠮ ᠤᠨ ᠴᠠᠭᠠᠨ ᠪᠤᠶᠠᠨ ᠢ ᠢᠪᠡᠭᠡᠭᠰᠡᠨ ᠨᠢᠭᠦᠯᠡᠰᠦᠩᠭᠦᠢ | ᠰᠡᠳᠭᠢᠯᠳᠡᠨ᠂ ᠰᠢᠷ᠎ᠠ ᠶᠢᠨ ᠱᠠᠰᠢᠨ ᠢ ᠳᠡᠯᠭᠡᠷᠡᠭᠦᠯᠦᠭᠰᠡᠨ ᠭᠡᠭᠡᠨᠳᠡᠨ ᠪᠤᠯᠬᠤ ᠶᠤᠮ᠃ | | ︿︿ᠠᠯᠳᠠᠨ ᠲᠤᠪᠴᠢ﹀﹀ ᠶᠢᠨ ᠵᠤᠬᠢᠶᠠᠭᠴᠢ᠂ ᠭᠠᠬᠢᠯ ᠰᠦᠮ᠎ᠡ ᠶᠢᠨ ᠪᠠᠷᠠᠭᠤᠨ ᠬᠠᠮᠪᠤ ᠯᠠᠮᠠ — | ᠯᠤᠪᠰᠠᠩᠳᠡᠨᠵᠢᠨ | ᠯᠤᠪᠰᠠᠩᠳᠠᠨᠵᠢᠨ ᠪᠤᠯ 18 ᠳ᠋ᠤᠭᠠᠷ ᠵᠠᠭᠤᠨ ᠤ ᠬᠦᠮᠦᠨ᠂ ᠦᠵᠦᠮᠦᠴᠢᠨ ᠪᠡᠶᠢᠯᠡ ᠶᠢᠨ ᠬᠤᠰᠢᠭᠤᠨ ᠤ ᠭᠠᠬᠢᠯ | ᠰᠦᠮ᠎ᠡ ᠶᠢᠨ ᠪᠠᠷᠠᠭᠤᠨ ᠬᠠᠮᠪᠤ ᠯᠠᠮᠠ᠂ ᠡᠷᠳᠡ ᠬᠠᠯᠬ᠎ᠠ ᠶᠢᠨ ᠭᠦᠨ ᠭᠠᠯᠠᠭᠤᠳᠦ ᠨᠠᠬᠤ ᠨᠠᠪᠴᠢᠳᠦ ᠭᠡᠳᠡᠭ | ᠭᠠᠵᠠᠷ ᠠᠴᠠ ᠨᠡᠭᠦᠵᠦ ᠢᠷᠡᠭᠰᠡᠨ ᠤᠷᠢᠶᠠᠩᠬᠠᠨ ᠤᠪᠤᠭᠳᠦ ᠵᠤᠯᠵᠠᠭ᠎ᠠ ᠭᠡᠭᠴᠢ ᠶᠢᠨ ᠬᠤᠶᠢᠴᠢᠰ ᠪᠤᠯᠤᠨ ᠮᠡᠨᠳᠦᠯᠡᠵᠦ᠂ | ᠪᠠᠭ᠎ᠠ ᠶᠢᠨ ᠨᠡᠷ᠎ᠡ ᠯᠤᠪᠰᠠᠩᠷᠢᠨᠴᠢᠨ ᠭᠡᠳᠡᠭ᠂ ᠭᠠᠬᠢᠯ ᠰᠦᠮ᠎ᠡ ᠶᠢᠨ ᠤᠤᠭᠠᠨ ᠱᠠᠪᠢ ᠶᠢᠨ ᠨᠢᠭᠡ ᠪᠠᠶᠢᠵᠦ᠂ | ᠲᠦᠪᠡᠳ ᠤᠨ ᠯᠾᠠᠰᠨ ᠳᠤ ᠬᠦᠷᠴᠦ ᠱᠠᠰᠢᠨ ᠨᠤᠮ ᠰᠤᠷᠤᠭᠰᠠᠨ ᠢᠶᠠᠷ ᠳᠠᠯᠠᠢ ᠯᠠᠮᠠ ᠠᠴᠠ ᠭᠠᠪᠵᠦ ᠶᠢᠨ ᠮᠢᠨᠳᠠᠭ | ᠭᠠᠰᠢᠭ ᠳᠠᠮᠠᠭ᠎ᠠ ᠪᠠᠷ ᠱᠠᠩᠨᠠᠭᠳᠠᠵᠦ ᠶᠠᠪᠤᠵᠠᠢ᠂ ᠰᠠᠬᠢᠯ ᠤᠨ ᠨᠡᠷ᠎ᠡ ᠨᠢ ᠯᠤᠪᠰᠠᠩᠳᠠᠨᠵᠢᠨ ᠬᠡᠮᠡᠨ ᠠᠯᠳᠠᠷᠰᠢᠬᠤ ᠪᠤᠯᠪᠠ᠂ | ᠨᠤᠲᠤᠭ ᠤᠰᠤᠨ ᠤ ᠬᠢᠨ ᠡᠳᠡᠨ ᠤ ᠬᠤᠶᠢᠴᠢᠰ ᠢ ︿ᠯᠠᠮᠠ ᠶᠢᠨ ᠨᠠᠶᠢᠮᠠᠭ﹀ ᠭᠡᠵᠦ ᠳᠠᠭᠤᠳᠠᠯᠴᠠᠳᠠᠭ᠃ ᠲᠡᠷᠡ | ᠲᠦᠪᠡᠳ ᠮᠤᠩᠭᠤᠯ ᠳᠤ ᠪᠤᠯᠪᠠᠰᠤᠷᠠᠩᠭᠤᠢ᠂ ᠡᠷᠳᠡᠮ ᠮᠡᠳᠡᠯᠭᠡ ᠳᠤ ᠨᠡᠪᠳᠡᠷᠬᠡᠢ ᠲᠤᠯᠠ ᠤᠯᠤᠰ ᠤᠨ ᠴᠢᠨᠡᠷᠳᠡᠢ | ᠳ᠋ᠠᠨᠵᠤᠤᠷ ᠢ ᠤᠷᠴᠢᠭᠤᠯᠬᠤ ᠠᠵᠢᠯ ᠳᠤ ᠭᠤᠮᠪᠤᠵᠠᠪ ᠨᠡᠷ ᠤᠨ ᠬᠠᠮᠳᠦ ᠤᠷᠤᠯᠴᠠᠭᠰᠠᠨ ᠪᠦᠭᠡᠳ ᠳ᠋ᠠᠨᠵᠤᠤᠷ ᠤᠨ 7 ᠪᠠ | 95 ᠳ᠋ᠤᠭᠠᠷ ᠪᠤᠳᠢ᠂ ᠪᠤᠰᠤᠳ ᠡᠯ᠎ᠡ ᠪᠤᠳᠢ ᠶᠢᠨ ᠤᠯᠠᠨ ᠭᠡᠰᠡᠭ ᠪᠦᠯᠦᠭ ᠢ ᠮᠤᠩᠭᠤᠯᠴᠢᠯᠠᠨ ᠤᠷᠴᠢᠭᠤᠯᠤᠯᠠ ᠭᠡᠳᠡᠭ | ᠂ ᠯᠤᠪᠰᠠᠩᠳᠠᠨᠵᠢᠨ ᠦᠨᠳᠦᠷ ᠭᠦᠨᠴᠡ ᠮᠡᠳᠡᠯᠭᠡ ᠡᠯᠪᠡᠭ ᠪᠠᠶᠠᠯᠢᠭ ᠨᠤᠮ ᠰᠤᠳᠤᠷ ᠲᠠᠭᠠᠨ ᠲᠦᠰᠢᠭᠯᠡᠵᠦ᠂ ᠴᠢᠩᠭᠢᠰ | ᠬᠠᠭᠠᠨ ᠠᠴᠠ ᠯᠢᠭᠳᠡᠨ ᠬᠤᠲᠤᠭᠳᠦ ᠬᠠᠭᠠᠨ ᠬᠦᠷᠳᠡᠯᠡᠬᠢ ᠮᠤᠩᠭᠤᠯ ᠤᠨ ᠲᠡᠤᠬᠡᠨ ᠨᠠᠮᠳᠠᠷ ᠢ ᠲᠤᠭᠤᠷᠪᠢᠭᠰᠠᠨ ︿︿ | ᠠᠯᠳᠠᠨ ᠲᠤᠪᠴᠢ﹀﹀ ᠬᠡᠮᠡᠬᠦ ᠨᠤᠮ ᠢᠶᠠᠨ ᠪᠢᠴᠢᠵᠦ᠂ ᠦᠯᠡᠳᠡᠭᠡᠨ ᠦᠪᠯᠡᠭᠰᠡᠨ ᠪᠠᠶᠢᠨ᠎ᠠ᠂ ᠤᠳᠦ ᠡᠨᠡ ᠬᠦ ᠠᠯᠳᠡᠷᠳᠦ | ᠪᠦᠳᠦᠭᠡᠯ ᠨᠢ ᠳᠡᠯᠡᠬᠡᠢ ᠶᠢᠨ ᠮᠤᠩᠭᠤᠯᠴᠢ ᠡᠷᠳᠡᠮᠳᠡᠳ ᠤᠨ ᠠᠩᠬᠠᠷᠤᠯ ᠢ ᠳᠡᠳᠡᠵᠦ᠂ ᠮᠤᠩᠭᠤᠯ ᠡᠷᠳᠡᠮ | ᠰᠢᠨᠵᠢᠯᠡᠭᠡᠨ ᠤ ᠴᠢᠬᠤᠯᠠ ᠲᠤᠯᠭᠤᠷ ᠪᠢᠴᠢᠭ ᠢᠶᠠᠷ ᠦᠨᠡᠯᠡᠭᠳᠡᠨ ᠬᠡᠷᠡᠭᠯᠡᠭᠳᠡᠵᠦ ᠪᠤᠢ᠃ | | ︿︿ᠠᠯᠳᠠᠨ ᠬᠦᠷᠳᠦ ᠮᠢᠩᠭᠠᠨ ᠬᠡᠭᠡᠰᠦᠳᠦ﹀﹀ ᠶᠢᠨ ᠵᠤᠬᠢᠶᠠᠭᠴᠢ᠂ ᠢᠨᠵᠠᠭᠠᠨ ᠰᠦᠮ᠎ᠡ ᠶᠢᠨ | ᠠᠩᠬᠠᠳᠠᠭᠴᠢ ᠰᠢᠷᠡᠭᠡᠨ ᠯᠠᠮᠠ — ᠳ᠋ᠾᠠᠷᠮ᠎ᠠ ᠭᠦᠤᠰᠢ | ᠳ᠋ᠾᠠᠷᠮ᠎ᠠ ᠭᠦᠤᠰᠢ ᠪᠤᠯ 18 ᠳ᠋ᠤᠭᠠᠷ ᠵᠠᠭᠤᠨ ᠤ ᠬᠦᠮᠦᠨ᠂ ᠦᠵᠦᠮᠦᠴᠢᠨ ᠤ ᠢᠨᠵᠠᠭᠠᠨ ᠰᠦᠮ᠎ᠡ ᠶᠢᠨ | ᠠᠩᠬᠠᠳᠤᠭᠠᠷ ᠬᠤᠪᠢᠯᠭᠠᠨᠳᠠᠨ᠂ ᠢᠨᠵᠠᠭᠠᠨ ᠰᠦᠮ᠎ᠡ ᠶᠢ ᠡᠭᠦᠰᠭᠡᠨ ᠪᠠᠶᠢᠭᠤᠯᠤᠭᠴᠢ ᠰᠢᠷᠡᠭᠡᠨ ᠯᠠᠮᠠ ᠪᠤᠯᠤᠨ᠎ᠠ᠂ | ᠦᠵᠦᠮᠦᠴᠢᠨ ᠬᠤᠱᠤᠢ ᠰᠡᠴᠡᠨ ᠴᠢᠨ ᠸᠠᠩ ᠷᠠᠪᠳᠠᠨᠨᠠᠮᠵᠢᠯ ᠤᠨ ᠦᠶ᠎ᠡ ᠳᠤ ᠰᠢᠷ᠎ᠠ ᠶᠢᠨ ᠱᠠᠰᠢᠨ ᠤ ︿︿ᠶᠡᠭᠡ ᠳᠠᠪᠤᠨ | ᠤᠬᠠᠭᠠᠨ﹀﹀᠂ ︿︿ᠪᠠᠭ᠎ᠠ ᠳᠠᠪᠤᠨ ᠤᠬᠠᠭᠠᠨ﹀﹀ ᠳᠤ ᠨᠡᠪᠳᠡᠷᠡᠭᠡᠳ ᠡᠷᠳᠡᠮ ᠤᠨ ᠴᠤᠯᠠ ᠭᠦᠷᠳᠡᠭᠰᠡᠨ ᠭᠠᠪᠵᠦ ᠯᠠᠮᠠ | ᠪᠤᠯᠪᠠ᠂ 1739 ᠤᠨ ᠳᠤ ︿︿ᠠᠯᠳᠠᠨ ᠬᠦᠷᠳᠦᠨ ᠮᠢᠩᠭᠠᠨ ᠬᠡᠭᠡᠰᠦᠳᠦ﹀﹀ ᠬᠡᠮᠡᠬᠦ ᠠᠯᠳᠠᠷᠳᠦ ᠲᠡᠤᠬᠡᠨ ᠨᠤᠮ ᠢᠶᠠᠨ | ᠪᠢᠴᠢᠵᠦ᠂ ᠮᠤᠩᠭᠤᠯ ᠲᠡᠤᠬᠡ ᠰᠤᠶᠤᠯ ᠤᠨ ᠦᠢᠯᠡᠰ ᠲᠤ ᠪᠠᠯᠠᠷᠠᠰᠢ ᠦᠭᠡᠢ ᠬᠤᠪᠢ ᠨᠡᠮᠡᠭᠦᠷᠢ ᠪᠠᠨ ᠦᠵᠡᠭᠦᠯᠦᠭᠰᠡᠨ | ᠶᠤᠮ᠂ ︿︿ᠬᠡᠭᠡᠰᠦᠳᠦ﹀﹀ ᠪᠢᠴᠢᠭ ᠨᠢ ᠳᠡᠯᠡᠬᠡᠢ ᠶᠢᠨ ᠮᠤᠩᠭᠤᠯ ᠰᠤᠳᠤᠯᠭᠠᠨ ᠳᠠᠬᠢ ᠴᠢᠬᠤᠯᠠ ᠲᠤᠯᠭᠤᠷ ᠪᠢᠴᠢᠭ ᠢᠶᠠᠷ | ᠦᠨᠡᠯᠡᠭᠳᠡᠨ ᠬᠡᠷᠡᠭᠯᠡᠭᠳᠡᠵᠦ ᠪᠤᠢ ᠃ | | ᠡᠬᠡ ᠤᠷᠤᠨᠴᠢ ᠦᠵᠡᠯᠳᠡᠨ — ᠰᠤᠳᠨᠠᠮᠷᠠᠪᠳᠠᠨ ᠴᠢᠨ ᠸᠠᠩ | ᠰᠤᠳᠨᠠᠮᠷᠠᠪᠳᠠᠨ ᠪᠤᠯ 1899 ᠤᠨ ᠳᠤ ᠦᠵᠦᠮᠦᠴᠢᠨ ᠪᠠᠷᠠᠭᠤᠨ ᠬᠤᠰᠢᠭᠤᠨ ᠤ ᠵᠠᠰᠠᠭ ᠬᠤᠱᠤᠢ ᠴᠢᠨ | ᠸᠠᠩ ᠤᠨ ᠵᠡᠷᠭᠡ ᠬᠡᠷᠬᠡᠮ ᠢ ᠵᠠᠯᠭᠠᠮᠵᠢᠯᠠᠪᠠ᠂ ᠲᠡᠷᠡ ᠰᠢᠯᠢ ᠶᠢᠨ ᠭᠤᠤᠯ ᠴᠢᠭᠤᠯᠭᠠᠨ ᠤ ᠳᠡᠳ᠋ ᠵᠢᠩᠬᠢᠨᠢ ᠳᠠᠷᠤᠭ᠎ᠠ ᠶᠢᠨ | ᠲᠤᠰᠢᠶᠠᠯ ᠤᠨ ᠠᠯᠪᠠᠨ ᠳᠤ ᠭᠤᠴᠢ ᠭᠠᠷᠤᠢ ᠵᠢᠯ ᠦᠢᠯᠡᠴᠢᠯᠡᠵᠦ᠂ ᠲᠤᠬᠠᠢ ᠶᠢᠨ ᠦᠶ᠎ᠡ ᠶᠢᠨ ᠴᠠᠬᠠᠷ ᠮᠤᠵᠢ ᠶᠢᠨ | ᠵᠠᠰᠠᠭ ᠤᠨ ᠭᠠᠵᠠᠷ ᠤᠨ ᠭᠡᠰᠢᠭᠦᠨ᠂ ᠮᠤᠩᠭᠤᠯ ᠤᠨ ᠦᠪᠡᠷᠳᠡᠭᠡᠨ ᠵᠠᠰᠠᠬᠤ ᠵᠠᠰᠠᠭ ᠤᠨ ᠶᠠᠪᠤᠳᠠᠯ ᠤᠨ ᠬᠤᠷᠢᠶᠠᠨ ᠤ | ᠲᠠᠷᠤᠭ᠎ᠠ᠂ ᠠᠮᠤᠷ ᠢ ᠬᠠᠮᠠᠭᠠᠯᠠᠬᠤ ᠶᠡᠷᠦᠩᠬᠡᠢ ᠰᠧᠯᠢᠩ᠂ ᠬᠠᠭᠤᠷᠮᠠᠭ ᠮᠤᠩᠭᠤᠯ ᠤᠨ ᠴᠡᠷᠢᠭ ᠵᠠᠰᠠᠭ ᠤᠨ ᠤᠷᠳᠤᠨ ᠤ | ᠳᠡᠳ᠋ ᠲᠡᠷᠢᠭᠦᠯᠡᠭᠴᠢ ᠶᠢᠨ ᠲᠦᠷᠦ ᠨᠡᠶᠢᠭᠡᠮ ᠤᠨ ᠴᠢᠬᠤᠯᠠ ᠲᠤᠰᠢᠶᠠᠯ ᠤᠳ ᠢ ᠬᠠᠪᠰᠤᠷᠭᠠᠨ ᠬᠠᠷᠢᠭᠤᠴᠠᠵᠦ ᠪᠠᠶᠢᠭᠰᠠᠨ | ᠦᠪᠦᠷ ᠮᠤᠩᠭᠤᠯ ᠤᠨ ᠲᠡᠤᠬᠡᠨ ᠳᠤ ᠨᠡᠷ᠎ᠡ ᠬᠦᠨᠳᠦᠳᠡᠢ ᠤᠯᠤᠰ ᠲᠦᠷᠦᠴᠢᠨ ᠪᠠᠶᠢᠪᠠ᠂ ᠨᠢᠭᠡᠨ ᠡᠳᠦᠷ ᠶᠠᠫᠤᠨ | ᠬᠦᠮᠦᠨ ᠢᠷᠡᠵᠦ ᠰᠤ ᠴᠢᠨ ᠸᠠᠩ ᠠᠴᠠ ︿︿ᠬᠠᠯᠬ᠎ᠠ ᠮᠤᠩᠭᠤᠯ ᠤᠨ ᠤᠯᠠᠭᠠᠨ ᠨᠠᠮ᠂ ᠮᠠᠨᠵᠦ ᠤᠯᠤᠰ᠂ ᠲᠤᠮᠳᠡᠳᠦ | ᠢᠷᠭᠡᠨ ᠤᠯᠤᠰ᠂ ᠮᠠᠨ ᠤ ᠶᠠᠫᠤᠨ ᠤᠯᠤᠰ ᠤᠨ ᠠᠯᠢ ᠶᠢ ᠨᠢ ᠳᠠᠭᠠᠬᠤ ᠪᠤᠢ﹀﹀ ᠭᠡᠰᠡᠨ ᠳᠤ ︿︿ᠪᠢ ᠪᠤᠯ ᠴᠢᠭᠤᠯᠭᠠᠨ | ᠲᠠᠷᠤᠭ᠎ᠠ ᠬᠦᠮᠦᠨ᠂ ᠲᠤᠮᠳᠠᠳᠦ ᠢᠷᠭᠡᠨ ᠤᠯᠤᠰ ᠮᠠᠨ ᠳᠤ ᠮᠠᠭᠤ ᠦᠭᠡᠢ᠂ ᠳᠡᠭᠡᠷᠡᠩᠭᠦᠢ ᠢᠳᠡᠷᠡᠭᠦᠨ ᠠᠯᠢ ᠨᠢᠭᠡ | ᠬᠦᠮᠦᠨ ᠢ ᠪᠢ ᠳᠠᠭᠠᠬᠤ ᠦᠭᠡᠢ᠂ ᠳᠡᠯᠡᠬᠡᠢ ᠭᠦᠷᠦᠨ ᠤ ᠶᠡᠭᠡ ᠶᠣᠰᠤ ᠶᠢ ᠳᠠᠭᠠᠨ᠎ᠠ﹀﹀ ᠭᠡᠵᠦ ᠡᠷᠡᠰ ᠳᠠᠰᠤ | ᠬᠠᠷᠢᠭᠤᠯᠤᠯ᠎ᠠ ᠭᠡᠳᠡᠭ᠂ ᠪᠠᠰᠠ ᠨᠢᠭᠡᠨ ᠡᠳᠦᠷ ᠶᠠᠫᠤᠨᠴᠤᠳ ᠰᠢᠯᠢ ᠶᠢᠨ ᠭᠤᠤᠯ ᠢ ᠲᠤᠪᠳᠤᠯᠵᠦ᠂ ᠤᠯᠠᠨ ᠲᠤᠭᠠᠨ ᠤ | ᠮᠠᠰᠢᠨ ᠲᠡᠷᠭᠡ ᠪᠠᠷ ᠦᠪᠴᠢ ᠬᠤᠶᠠᠭᠳᠦ ᠴᠡᠷᠢᠭ ᠤᠳ ᠢᠶᠠᠨ ᠲᠡᠭᠡᠭᠡᠵᠦ ᠪᠠᠰᠠ ᠬᠤᠶᠠᠷ ᠨᠢᠰᠭᠡᠯ ᠤᠨ ᠠᠭᠠᠷ ᠤᠨ | ᠰᠡᠷᠭᠡᠶᠢᠯᠡᠯᠳᠡ ᠲᠠᠢ ᠪᠠᠷ ᠬᠠᠮᠤᠭ ᠲᠦᠷᠦᠭᠦᠨ ᠳᠤ ᠦᠵᠦᠮᠦᠴᠢᠨ ᠸᠠᠩ ᠤᠨ ᠤᠷᠳᠤᠨ ᠪᠤᠯᠤᠨ ᠬᠤᠰᠢᠭᠤ ᠶᠠᠮᠤᠨ ᠢ | ᠪᠦᠰᠡᠯᠡᠨ ᠠᠪᠴᠤ ᠲᠤᠰᠠᠯᠠᠭᠴᠢ ᠠᠴᠠ ᠡᠬᠢᠯᠡᠨ ᠤᠯᠠᠨ ᠬᠦᠮᠦᠨ ᠢ ᠫᠤᠤ ᠲᠤᠯᠭᠠᠨ ᠬᠦᠭᠡᠭᠡᠨ ᠭᠠᠷᠴᠤ᠂ ᠸᠠᠩ ᠤᠨ | ᠤᠷᠳᠤᠨ ᠳᠤ ᠠᠪᠴᠢᠷᠠᠭᠠᠳ ᠳᠠᠬᠢᠨ ᠰᠤᠳᠨᠠᠮᠷᠠᠪᠳᠠᠨ ᠪᠠ ᠪᠠᠶᠠᠨᠪᠤᠯᠠᠭ ᠬᠤᠶᠠᠷ ᠢ ᠤᠯᠠᠨ ᠠᠴᠠ ᠰᠠᠯᠭᠠᠵᠦ ᠫᠤᠤ | ᠲᠤᠯᠭᠠᠵᠦ ︿︿ᠲᠠᠨ ᠤ ᠰᠢᠯᠢ ᠶᠢᠨ ᠭᠤᠤᠯ ᠤᠨ ᠴᠢᠭᠤᠯᠭᠠᠨ᠂ ᠮᠠᠨ ᠤ ᠶᠠᠫᠤᠨ ᠬᠠᠭᠠᠨ ᠤ ᠵᠠᠷᠯᠢᠭ ᠢ ᠳᠠᠭᠠᠵᠦ᠂ ᠮᠠᠨᠵᠦ | ᠤᠯᠤᠰ ᠲᠤ ᠤᠷᠤᠵᠦ ᠦᠭᠬᠦ ᠬᠡᠷᠡᠭᠳᠡᠢ﹀﹀ ᠭᠡᠵᠦ ᠰᠦᠷᠳᠡᠭᠦᠯᠬᠦ ᠳᠤ ᠰᠤ ᠴᠢᠨ ᠸᠠᠩ ᠦᠴᠦᠬᠡᠨ ᠴᠤ ᠴᠢᠷᠠᠢ | ᠬᠤᠪᠢᠯᠬᠤ ᠮᠠᠶ᠋ᠢᠭ ᠦᠭᠡᠢ ᠪᠠᠷ ︿︿ᠲᠠ ᠨᠠᠷ ᠬᠤᠶᠠᠷᠬᠠᠨ ᠬᠦᠮᠦᠨ ᠢ ᠠᠯᠠᠴᠢᠬᠠᠳ ᠰᠢᠯᠢ ᠶᠢᠨ ᠭᠤᠤᠯ ᠴᠢᠭᠤᠯᠭᠠᠨ ᠢ | ᠤᠷᠤᠭᠤᠯᠤᠴᠢᠬᠠᠨᠠ ᠭᠡᠳᠡᠭ ᠴᠢᠨᠢ ᠱᠠᠯ ᠳᠠᠮᠠᠢ ᠬᠡᠷᠡᠭ᠂ ᠬᠠᠷᠢᠨ ᠮᠠᠨ ᠤ ᠴᠢᠭᠤᠯᠭᠠᠨ ᠤ ᠬᠤᠷᠠᠯ ᠢᠶᠠᠷ ᠶᠠᠷᠢᠯᠴᠠᠪᠠᠯ | ᠵᠤᠬᠢᠨ᠎ᠠ﹀﹀ ᠬᠡᠭᠦ ᠳᠤ ︿︿ᠲᠠ ᠴᠢᠨᠢ ᠴᠢᠭᠤᠯᠭᠠᠨ ᠳᠠᠷᠤᠭ᠎ᠠ ᠪᠠᠶᠢᠭᠠᠳ ᠶᠠᠭᠠᠬᠢᠭᠠᠳ ᠮᠡᠳᠡᠳᠡᠭ ᠦᠭᠡᠢ ᠶᠤᠮ︖﹀﹀ | ᠭᠡᠵᠦ ᠶᠠᠫᠤᠨ ᠬᠦᠮᠦᠨ ᠢ ᠠᠰᠠᠭᠤᠬᠤ ᠳᠤ ︿︿ᠪᠢ ᠭᠠᠭᠴᠠᠭᠠᠷ ᠡᠵᠡᠨ ᠮᠡᠳᠡᠵᠦ ᠴᠢᠳᠠᠬᠤ ᠦᠭᠡᠢ᠂ ᠤᠯᠠᠨ ᠨᠤᠶᠠᠳ | ᠲᠤᠰᠢᠶᠠᠯᠳᠠᠨ ᠲᠠᠢ ᠵᠦᠪᠳᠡᠬᠦ ᠨᠢ ᠵᠦᠢ ᠶᠤᠰᠤᠨ ᠤ ᠬᠡᠷᠡᠭ﹀﹀ ᠭᠡᠵᠦ ᠡᠷᠡᠰ ᠳᠠᠰᠦ ᠵᠤᠷᠢᠭ ᠢᠶᠠᠨ ᠢᠯᠡᠷᠬᠡᠶᠢᠯᠡᠬᠦ ᠳᠤ | ᠶᠠᠫᠤᠨ ᠤ ᠭᠤᠸᠠᠨᠳᠦᠩᠵᠢᠶᠦᠨ ᠴᠡᠷᠢᠭ ᠤᠨ ᠰᠧᠯᠢᠩ ᠲᠢᠶᠠᠨ ᠵᠦᠩ ᠯᠦᠩ ᠵᠢᠢ ᠶᠠᠭᠤ ᠪᠤᠳᠤᠭᠰᠠᠨ ᠢ ᠪᠤᠤ ᠮᠡᠳᠡ᠂ | ᠶᠡᠬᠡᠯ᠎ᠡ ᠢᠨᠢᠶᠡᠭᠡᠳ ᠴᠡᠷᠢᠭ ᠢᠶᠠᠨ ᠳᠠᠳᠠᠭᠰᠠᠨ ᠪᠠᠶᠢᠵᠠᠢ᠃ | ᠰᠤᠳᠨᠠᠮᠷᠠᠪᠳᠠᠨ ᠴᠢᠨ ᠸᠠᠩ ᠲᠡᠷᠡ ᠬᠦ ᠦᠢᠮᠡᠭᠡᠨ ᠪᠤᠳᠤᠯᠢᠶᠠᠨ ᠲᠠᠢ ᠤᠯᠤᠰ ᠲᠦᠷᠦ ᠶᠢᠨ ᠬᠦᠴᠦᠨ ᠤ | ᠰᠠᠮᠠᠭᠤᠷᠠᠯ ᠵᠢᠴᠢ ᠬᠠᠷᠢ ᠶᠢᠨ ᠲᠦᠷᠢᠮᠡᠬᠡᠶᠢᠯᠡᠭᠴᠢᠳ ᠳᠤ ᠡᠵᠡᠯᠡᠭᠳᠡᠭᠰᠡᠨ ᠪᠠᠶᠢᠳᠠᠯ ᠤᠨ ᠲᠤᠤᠷ᠎ᠠ ᠨᠢᠭᠡᠨ ᠤᠯᠤᠰ | ᠲᠦᠷᠦᠴᠢ ᠶᠢᠨ ᠬᠤᠪᠢ ᠪᠠᠷ ᠴᠢᠭᠤᠯᠭᠠᠨ ᠬᠤᠰᠢᠭᠤ ᠪᠠᠨ ᠠᠯᠢ ᠴᠢᠳᠠᠬᠤ ᠪᠠᠷ ᠪᠠᠶ᠎ᠡ ᠪᠠᠨ ᠳᠠᠭᠠᠭᠠᠭᠰᠠᠨ᠂ | ᠨᠡᠶᠢᠭᠡᠮ ᠤᠨ ᠬᠦᠭᠵᠢᠯ ᠤᠨ ᠵᠢᠮ᠎ᠡ ᠶᠤᠰᠤ ᠪᠠᠷ ᠨᠤᠲᠤᠭ ᠤᠷᠤᠨ ᠤ ᠠᠰᠠᠭᠤᠳᠠᠯ ᠢᠶᠠᠨ ᠦᠪᠡᠷᠳᠡᠭᠡᠨ ᠰᠡᠢᠳᠪᠤᠷᠢᠯᠡᠵᠦ᠂ | ᠨᠡᠶᠢᠭᠡᠮ ᠤᠨ ᠡᠩᠬᠡ ᠳᠠᠶᠢᠪᠤᠩ ᠲᠤᠭᠳᠠᠭᠤᠨ ᠪᠠᠶᠢᠯᠭᠠᠬᠤ ᠶᠢ ᠵᠤᠷᠢᠭᠰᠠᠨ ᠪᠠᠶᠢᠨ᠎ᠠ᠃ | | ᠠᠬᠤᠶᠢᠴᠢ ᠦᠵᠡᠯ ᠤᠨ ᠢᠷᠠᠭᠤ ᠨᠠᠶᠢᠷᠠᠭᠴᠢ — ᠭᠠᠮᠠᠯᠠ ᠵᠠᠬᠢᠷᠤᠭᠴᠢ | ᠭᠠᠮᠠᠯᠠ ᠪᠤᠯ 19 ᠳ᠋ᠤᠭᠡᠷ ᠵᠠᠭᠤᠨ ᠤ ᠰᠡᠭᠦᠯᠴᠢ 20 ᠳ᠋ᠤᠭᠠᠷ ᠵᠠᠭᠤᠨ ᠤ ᠡᠬᠢᠨ ᠤ ᠦᠶ᠎ᠡ ᠶᠢᠨ ᠬᠦᠮᠦᠨ᠂ | ᠰᠢᠯᠢ ᠶᠢᠨ ᠭᠤᠤᠯ ᠴᠢᠭᠤᠯᠭᠠᠨ ᠤ ᠦᠵᠦᠮᠦᠴᠢᠨ ᠵᠡᠭᠦᠨ ᠭᠠᠷᠤᠨ ᠬᠤᠰᠢᠭᠤᠨ ᠤ ᠠᠬᠢ ᠰᠤᠮᠤᠨ ᠤ ᠬᠠᠷᠢᠶᠠᠳᠦ | ᠬᠠᠪᠬᠠᠴᠢᠨ ᠤᠪᠤᠭᠳᠠᠢ ᠬᠡᠤᠬᠡᠨ ᠤ ᠶᠡᠭᠡ ᠬᠦᠪᠡᠭᠦᠨ ᠪᠤᠯᠤᠨ ᠵᠠᠶᠠᠭᠠᠵᠠᠢ᠃ ᠲᠡᠷᠡ ᠲᠦᠷᠦᠯᠬᠢ ᠰᠡᠴᠡᠨ ᠰᠡᠷᠭᠦᠯᠡᠩ | ᠰᠤᠷᠬᠤᠢ ᠳᠤ ᠲᠤᠷᠠᠳᠠᠢ ᠲᠤᠯᠠ ᠡᠴᠢᠭᠡ ᠨᠢ ᠲᠡᠭᠦᠨ ᠢ ᠵᠠᠬᠢᠷᠤᠭᠴᠢ ᠯᠤᠪᠰᠠᠩᠳᠤᠩᠷᠤᠪ ᠢᠶᠠᠷ ᠴᠠᠭᠠᠨ ᠲᠤᠯᠤᠭᠠᠢ | ᠵᠢᠭᠠᠯᠭᠠᠨ᠂ ᠮᠤᠩᠭᠤᠯ ᠪᠢᠴᠢᠭ ᠰᠤᠷᠬᠤ ᠰᠠᠶᠢᠨ ᠰᠠᠭᠤᠷᠢ ᠶᠢ ᠳᠠᠯᠪᠢᠵᠠᠢ᠂ ᠬᠤᠷᠠᠭ᠎ᠠ ᠲᠤᠭᠤᠯ ᠬᠠᠷᠢᠭᠤᠯᠬᠤ ᠪᠠᠭ᠎ᠠ | ᠨᠠᠰᠤᠨ ᠳᠠᠭᠠᠨ ᠨᠤᠮ ᠪᠢᠴᠢᠭ ᠢ ᠰᠤᠷᠤᠯᠴᠠᠨ ᠡᠵᠡᠮᠰᠢᠬᠦ ᠪᠠᠨ ᠰᠤᠯᠠᠷᠠᠭᠤᠯᠤᠭᠰᠠᠨ ᠦᠭᠡᠢ ᠪᠠᠷ ᠨᠤᠮ ᠤᠯᠠᠨ | ᠤᠩᠰᠢᠬᠤ᠂ ᠴᠡᠭᠡᠵᠢᠯᠡᠬᠦ᠂ ᠬᠤᠯᠪᠤᠭ᠎ᠠ ᠦᠭᠡ ᠶᠢ ᠴᠤᠭᠯᠠᠭᠤᠯᠤᠨ ᠳᠡᠮᠳᠡᠭᠯᠡᠬᠦ ᠵᠡᠷᠭᠡ ᠠᠷᠭ᠎ᠠ ᠪᠠᠷ ᠰᠢᠯᠦᠭ ᠢ ᠬᠡᠷᠬᠢᠨ | ᠪᠢᠴᠢᠬᠦ ᠲᠤᠬᠠᠢ ᠠᠩᠬᠠᠨ ᠤ ᠪᠡᠯᠡᠳᠭᠡᠯ ᠪᠤᠯᠪᠠᠰᠤᠷᠠᠯ ᠢ ᠬᠢᠭᠰᠡᠨ ᠪᠠᠶᠢᠨ᠎ᠠ᠂ ᠲᠡᠭᠡᠭᠡᠳ ᠨᠤᠲᠤᠭᠯᠠᠨ ᠪᠤᠢ ᠭᠠᠵᠠᠷ | ᠤᠰᠤᠨ ᠢᠶᠠᠨ ᠮᠠᠭᠳᠠᠬᠤ ᠳᠠᠭᠠᠨ᠄ | ︿︿ᠬᠤᠤᠰ ᠵᠠᠭᠠᠨ᠎ᠠ ᠶᠢᠨ ᠰᠢᠨᠵᠢ ᠲᠠᠢ | ᠬᠤᠯᠪᠤᠭ᠎ᠠ ᠬᠤᠶᠠᠷ ᠪᠤᠮᠪᠠᠳᠦ ︵ᠲᠤᠪᠤᠭ ᠤᠨ ᠨᠡᠷ᠎ᠡ︶ | ᠬᠤᠪᠤᠷ ᠡᠷᠳᠡᠨᠢ ᠶᠢᠨ ᠰᠢᠨᠵᠢ ᠲᠠᠢ | ᠬᠤᠩᠬᠤᠷ ᠲᠦᠭᠦᠷᠡᠩ ᠵᠢᠰᠢᠭᠦᠤ ︵ᠨᠠᠭᠤᠷ ᠤᠨ ᠨᠡᠷ᠎ᠡ︶ | ᠤᠷᠢᠨ ᠲᠤᠯᠠᠭᠠᠨ ᠨᠦᠮᠦᠷᠢ ᠳᠤ ᠴᠢᠨᠢ | ᠤᠨᠳᠠᠵᠦ ᠦᠰᠦᠯ᠎ᠡ ᠮᠢᠨᠦ ᠪᠠᠶ᠎ᠡ᠂ | ᠤᠨᠳᠤᠷᠤᠯ ᠡᠯᠪᠡᠭ ᠤᠰᠤᠨ ᠳᠤ ᠴᠢᠨᠢ | ᠤᠬᠢᠶᠠᠵᠦ ᠦᠰᠦᠯ᠎ᠡ ᠮᠢᠨᠦ ᠪᠠᠶ᠎ᠡ﹀﹀ ᠭᠡᠵᠦ ᠤᠷᠠᠨ ᠳᠡᠮᠳᠡᠢ ᠤᠶᠠᠩᠭᠠᠯᠠᠯ᠎ᠠ ᠭᠡᠳᠡᠭ᠃ | ᠭᠠᠮᠠᠯᠠ ᠠᠷᠪᠠᠨ ᠲᠤᠯᠤᠭᠠᠳᠠᠢ ᠳᠠᠭᠠᠨ ᠬᠤᠰᠢᠭᠤ ᠶᠠᠮᠤᠨ ᠤ ᠰᠤᠷᠬᠤ ᠪᠢᠴᠢᠭᠡᠴᠢ ᠪᠤᠯᠵᠦ᠂ ᠲᠠᠷᠠᠭ᠎ᠠ ᠨᠢ | ᠶᠠᠮᠤᠨ ᠤ ᠵᠢᠩᠬᠢᠨᠢ ᠪᠢᠴᠢᠭᠡᠴᠢ᠂ ᠠᠬᠢ ᠰᠤᠮᠤᠨ ᠤ ᠵᠠᠩᠭᠢ᠂ ᠬᠤᠰᠢᠭᠤ ᠵᠠᠯᠠᠨ᠂ ᠬᠤᠰᠢᠭᠤ ᠮᠡᠶᠢᠷᠡᠨ ᠵᠡᠷᠭᠡ | ᠲᠤᠰᠢᠶᠠᠯ ᠳᠤ ᠳᠠᠪᠰᠢᠭᠰᠠᠭᠠᠷ ᠭᠤᠴᠢᠨ ᠲᠤᠯᠤᠭᠠᠳᠠᠢ ᠬᠤᠰᠢᠭᠤ ᠵᠠᠬᠢᠷᠤᠭᠴᠢ ᠪᠤᠯᠤᠭᠰᠠᠨ ᠪᠠᠶᠢᠨ᠎ᠠ᠃ ᠲᠡᠷᠡ ᠠᠯᠪᠠᠨ | ᠠᠵᠢᠯ ᠳᠤ ᠶᠠᠭᠠᠷᠠᠤ ᠵᠠᠯᠠᠭᠤ ᠨᠠᠰᠤᠨ ᠳᠠᠭᠠᠨ ᠭᠡᠳ᠂ ᠠᠭᠰᠢᠷᠠᠭ᠎ᠠ ᠪᠤᠯᠤᠭᠠᠳ ᠡᠪᠡᠳᠴᠢᠨ ᠠᠷᠬᠠᠭ ᠲᠠᠢ ᠪᠠᠶᠢᠭᠰᠠᠨ | ᠴᠤ ᠲᠡᠷᠡ᠂ ᠠᠷᠠᠳ ᠤᠨ ᠢᠷᠠᠭᠤ ᠨᠠᠶᠢᠷᠠᠭ ᠤᠨ ᠰᠢᠯᠦᠭ ᠢᠶᠠᠨ ᠠᠯᠤᠰᠯᠠᠯ ᠦᠭᠡᠢ ᠠᠰᠬᠠᠷᠠᠭᠤᠯᠤᠭᠰᠠᠭᠠᠷ ᠪᠠᠶᠢᠵᠦ᠂ | ᠲᠦᠮᠡᠨ ᠤ ᠪᠠᠨ ᠲᠤᠮᠳᠠ ︿︿ᠰᠢᠯᠦᠭᠴᠢᠨ ᠭᠠᠮᠠᠯᠠ﹀﹀ ᠭᠡᠵᠦ ᠠᠯᠳᠠᠷᠰᠢᠵᠠᠢ᠃ ᠲᠡᠭᠦᠨ ᠤ ᠭᠠᠷ ᠪᠢᠴᠢᠮᠡᠯ ᠢᠶᠠᠷ | ᠦᠯᠡᠳᠡᠭᠡᠭᠰᠡᠨ ︿︿ᠲᠤᠭ ᠤᠨ ᠳᠠᠭᠠᠳᠬᠠᠯ﹀﹀᠂ ︿︿ᠨᠠᠶᠢᠷ ᠤᠨ ᠪᠦᠬᠡ﹀﹀᠂ ︿︿ᠡᠳᠦᠷ ᠤᠨ ᠤᠷᠳᠦ ᠶᠢ | ᠦᠩᠭᠡᠷᠡᠭᠡᠬᠦ ᠳᠤ﹀﹀ ᠵᠡᠷᠭᠡ ᠠᠯᠢ ᠤᠯᠠᠨ ᠢᠷᠠᠭᠤ ᠨᠠᠶᠢᠷᠠᠭ ᠨᠢ ᠮᠤᠩᠭᠤᠯ ᠤᠯᠤᠰ ᠤᠨ ᠠᠯᠳᠡᠷᠳᠦ ᠡᠷᠳᠡᠮᠳᠡᠨ ᠼ᠊᠂ | ᠲᠠᠮᠳᠢᠨᠰᠦᠷᠦᠩ ᠤᠨ ᠦᠨᠳᠦᠷ ᠦᠨᠡᠯᠡᠯᠳᠡ ᠶᠢ ᠤᠯᠵᠦ᠂ ᠭᠠᠮᠠᠯᠠ ᠶᠢᠨ ᠨᠠᠮᠳᠠᠷ ᠪᠠ ᠵᠡᠷᠢᠮ ᠪᠦᠲᠦᠭᠡᠯ ᠨᠢ ︿︿ᠵᠠᠭᠤᠨ | ᠪᠢᠯᠢᠭ﹀﹀ ᠲᠤᠨᠢ ᠳᠡᠭᠡᠵᠢᠯᠡᠭᠳᠡᠭᠰᠡᠨ ᠪᠠᠶᠢᠨ᠎ᠠ᠃ | | ᠤᠷᠴᠢᠨ ᠦᠶ᠎ᠡ ᠶᠢᠨ ᠤᠳᠬ᠎ᠠ ᠵᠤᠬᠢᠶᠠᠯᠴᠢ — ᠲᠦᠢᠩᠺᠡᠷ | ᠲᠦᠢᠩᠺᠡᠷ ᠪᠤᠯ 19 ᠳ᠋ᠤᠭᠡᠷ ᠵᠠᠭᠤᠨ ᠤ ᠰᠡᠭᠦᠯᠴᠢ 20 ᠳ᠋ᠤᠭᠠᠷ ᠵᠠᠭᠤᠨ ᠤ ᠡᠬᠢᠨ ᠤ ᠬᠦᠮᠦᠨ᠂ ᠰᠢᠯᠢ ᠶᠢᠨ | ᠭᠤᠤᠯ ᠴᠢᠭᠤᠯᠭᠠᠨ ᠤ ᠦᠵᠦᠮᠦᠴᠢᠨ ᠪᠠᠷᠠᠭᠤᠨ ᠬᠤᠰᠢᠭᠤᠨ ᠤ ᠠᠷᠪᠠᠳᠤᠭᠠᠷ ᠦᠶ᠎ᠡ ᠶᠢᠨ ᠬᠤᠱᠤᠢ ᠰᠡᠴᠡᠨ ᠴᠢᠨ | ᠸᠠᠩ ᠫᠤᠩᠰᠤᠭᠨᠠᠮᠵᠢᠯ ᠤᠨ ᠠᠴᠢ ᠬᠦᠪᠡᠭᠦᠨ᠂ ᠬᠤᠰᠢᠭᠤ ᠨᠡᠶᠢᠳᠡ ᠪᠠᠷ ᠢᠶᠠᠨ ︿︿ᠲᠦᠢᠩᠺᠡᠷ ᠡᠩᠡ﹀﹀ ᠭᠡᠵᠦ | ᠡᠷᠭᠦᠮᠵᠢᠯᠡᠨ ᠳᠠᠭᠤᠳᠠᠳᠠᠭ ᠶᠤᠮ᠂ ᠲᠡᠷᠡ ᠰᠡᠴᠡᠨ ᠮᠡᠷᠭᠡᠨ ᠤᠯᠠᠨ ᠠᠴᠠ ᠬᠡᠳᠦᠶᠢᠳᠴᠤ ᠤᠢ ᠪᠢᠯᠢᠭ | ᠰᠢᠯᠭᠠᠷᠠᠭᠰᠠᠨ ᠢᠶᠠᠷ ᠳᠠᠪᠰᠢᠩᠭᠤᠢ ᠢᠷᠠᠭᠤ ᠨᠠᠶᠢᠷᠠᠭᠴᠢ᠂ ᠤᠨᠢᠰᠤᠭ᠎ᠠ ᠶᠢᠨ ᠵᠤᠬᠢᠶᠠᠯᠴᠢ᠂ ᠰᠤᠷᠭᠠᠨ ᠬᠦᠮᠦᠵᠢᠯ ᠤᠨ | ᠵᠢᠳᠭᠦᠯᠳᠡᠨ ᠪᠤᠯᠵᠦ ᠠᠯᠳᠠᠷᠰᠢᠭᠰᠠᠨ ᠪᠠᠶᠢᠨ᠎ᠠ᠃ ᠲᠡᠭᠦᠨ ᠤ ᠠᠯᠢ ᠤᠯᠠᠨ ᠡᠷᠬᠢᠮ ᠨᠠᠨᠳᠢᠨ ᠵᠤᠬᠢᠶᠠᠯ ᠪᠦᠲᠦᠭᠡᠯ ᠢ | ᠰᠤᠳᠤᠯᠤᠭᠴᠢᠳ ᠲᠤᠤᠷᠠᠬᠢ ᠮᠡᠳᠦ ᠬᠡᠳᠦᠨ ᠳᠠᠯ᠎ᠠ ᠪᠠᠷ ᠬᠤᠷᠢᠶᠠᠩᠭᠤᠶᠢᠯᠠᠨ ᠳ᠋ᠦᠩᠨᠡᠭᠰᠡᠨ ᠪᠠᠶᠢᠨ᠎ᠠ᠄ | ︵1︶ ᠰᠤᠷᠭᠠᠨ ᠬᠦᠮᠦᠵᠢᠯ ᠤᠨ ᠤᠨᠴᠠᠯᠢᠭ ᠦᠢᠯᠡᠳᠦᠯ ᠲᠠᠢ ᠪᠢᠯᠢᠭ ᠰᠤᠷᠭᠠᠯ ᠤᠨ ᠰᠢᠯᠦᠭ᠂ ᠡᠭᠦᠨ ᠳᠤ ︿︿ | ᠰᠠᠶᠢᠨ ᠦᠭᠡᠰ ᠤᠨ ᠰᠤᠷᠭᠠᠯ﹀﹀᠂ ︿︿ᠬᠡᠤᠭᠡᠳ ᠤᠨ ᠰᠤᠷᠭᠠᠯ﹀﹀ ᠵᠡᠷᠭᠡ ᠪᠠᠭᠳᠠᠨ᠎ᠠ᠃ | ︵2︶ ᠢᠷᠦᠭᠡᠯ ᠮᠠᠭᠳᠠᠭᠠᠯ ᠤᠨ ᠴᠢᠨᠠᠷᠳᠠᠢ ᠰᠢᠯᠦᠭ᠂ ᠡᠭᠦᠨ ᠳᠤ ︿︿ᠮᠤᠷᠢᠨ ᠴᠤᠯᠠ﹀﹀᠂ ︿︿ᠵᠢᠷᠭᠠᠯᠠᠩᠳᠦ | ᠨᠠᠢᠮᠠᠨ ᠮᠤᠷᠢᠨ ᠤ ᠮᠠᠭᠳᠠᠭᠠᠯ﹀﹀᠂ ︿︿ᠭᠡᠷ ᠤᠨ ᠢᠷᠦᠭᠡᠯ﹀﹀᠂ ︿︿ᠬᠤᠷᠢᠮ ᠤᠨ ᠬᠡᠯᠡᠮᠦᠷ﹀﹀᠂ ︿︿ᠠᠷᠢᠬᠢᠨ ᠦᠭᠡ﹀﹀ | ᠂ ︿︿ᠢᠨᠵᠢ ᠶᠢᠨ ᠳᠠᠩᠰᠠᠨ ᠳᠠᠭᠤᠳᠠᠯᠭ᠎ᠠ﹀﹀ ᠪᠠ ︿︿ᠵᠢᠷᠤᠭᠠᠨ ᠵᠢᠷᠤᠭ᠎ᠠ ᠤᠯᠠᠭᠠᠨ﹀﹀᠂ ︿︿ᠪᠤᠭᠳᠠ ᠶᠢᠨ | ᠠᠭᠤᠯᠠ ᠶᠢᠨ ᠰᠧᠨᠳᠡᠯ﹀﹀ ᠵᠡᠷᠭᠡ ᠤᠯᠠᠨ ᠪᠦᠳᠦᠭᠡᠯ ᠪᠤᠢ᠃ | ︵3︶ ᠤᠶᠤᠨ ᠤ ᠤᠨᠳᠤᠷᠠᠭ᠎ᠠ ᠪᠤᠯᠤᠭᠰᠠᠨ ᠤᠨᠢᠰᠤᠭ᠎ᠠ ᠳᠠᠭᠠᠪᠤᠷᠢ ᠶᠢᠨ ᠵᠤᠬᠢᠶᠠᠯ᠂ ᠤᠨᠥᠰᠤᠭᠠ | ᠳᠠᠭᠠᠪᠤᠷᠢ ᠶᠢᠨ ᠵᠤᠬᠢᠶᠠᠯ ᠨᠢ ᠲᠦᠢᠩᠺᠡᠷ ᠤᠨ ᠵᠤᠬᠢᠶᠠᠯ ᠤᠨ ᠭᠤᠤᠯ ᠨᠢᠷᠤᠭᠤ ᠪᠤᠯᠵᠦ ᠪᠦᠷᠢᠯᠳᠦᠭᠰᠡᠨ ᠶᠤᠮ᠃ | | ᠰᠤᠷᠭᠠᠨ ᠬᠦᠮᠦᠵᠢᠯ ᠤᠨ ᠤᠬᠠᠭᠠᠨᠳᠠᠨ ᠪᠦᠭᠡᠳ ᠬᠡᠯᠡ ᠰᠢᠨᠵᠢᠯᠡᠯ ᠤᠨ ᠡᠷᠳᠡᠮᠳᠡᠨ — | ᠭᠢᠯᠢᠵᠢᠨᠳᠠᠢ | ᠭᠢᠯᠢᠵᠢᠨᠳᠠᠢ ᠪᠤᠯ ᠤᠤᠯ ᠤᠨ ᠦᠵᠦᠮᠦᠴᠢᠨ ᠪᠠᠷᠠᠭᠤᠨ ᠬᠤᠰᠢᠭᠤᠨ ᠤ ᠪᠡᠷᠡᠭᠤᠨ ᠰᠢᠷᠠᠨᠤᠳ ᠰᠤᠮᠤᠨ ᠤ | ᠬᠠᠷᠢᠶᠠᠳᠦ ᠬᠡᠪᠳᠡᠭᠦᠯ ᠤᠪᠤᠭᠳᠦ ᠴᠢᠯᠠᠭᠤᠨᠪᠠᠭᠠᠳᠦᠷ ᠤᠨ ᠳᠤ 1905 ᠤᠨ ᠤ ᠬᠦᠬᠡᠭᠴᠢᠨ ᠮᠤᠭᠠᠢ ᠵᠢᠯ ᠬᠦᠪᠡᠭᠦᠨ | ᠦᠷ᠎ᠡ ᠨᠢ ᠪᠤᠯᠵᠦ ᠵᠠᠶᠠᠭᠠᠵᠠᠢ᠂ ᠨᠠᠩᠬᠢᠶᠠᠳ ᠨᠡᠷ᠎ᠡ ᠨᠢ ᠶᠦᠩ ᠲᠢᠩ ᠭᠡᠳᠡᠭ᠃ ᠲᠡᠷᠡ ᠬᠤᠰᠢᠭᠤ ᠤᠷᠳᠤᠨ | ᠰᠤᠷᠭᠠᠭᠤᠯᠢ ᠳᠤ ᠪᠢᠴᠢᠭ ᠦᠵᠡᠵᠦ᠂ ᠤᠷᠳᠤᠨ ᠤ ᠪᠢᠴᠢᠭᠡᠴᠢ ᠶᠢᠨ ᠠᠵᠢᠯ ᠢ ᠬᠢᠵᠦ ᠪᠠᠶᠢᠬᠤ ᠳᠠᠭᠠᠨ ᠪᠢᠴᠢᠵᠦ | ᠨᠠᠶᠢᠷᠠᠭᠤᠯᠬᠤ ᠳᠠᠭᠠᠨ ᠤᠨᠴᠠ ᠮᠡᠷᠭᠡᠰᠢᠵᠦ᠂ ᠬᠦᠮᠦᠰ ᠤᠨ ᠢᠳᠡᠭᠡᠯ ᠪᠢᠰᠢᠷᠡᠯ ᠢ ᠤᠯᠤᠭᠰᠠᠨ ᠪᠠᠶᠢᠵᠠᠢ᠂ ᠬᠤᠷᠢᠨ | ᠲᠦᠷᠪᠡᠳᠡᠢ ᠲᠡᠭᠡᠨ ᠮᠤᠩᠭᠤᠯ ᠪᠢᠴᠢᠭᠡᠴᠢ ᠶᠢᠨ ᠵᠠᠬᠢᠷᠤᠭᠴᠢ ᠶᠢᠨ ᠲᠤᠰᠢᠶᠠᠯ ᠳᠤ ᠳᠡᠪᠰᠢᠨ ᠠᠵᠢᠯᠯᠠᠬᠤ ᠳᠠᠭᠠᠨ | ᠰᠢᠯᠢ ᠶᠢᠨ ᠭᠤᠤᠯ ᠴᠢᠭᠤᠯᠭᠠᠨ ᠤ ᠡᠯ᠎ᠡ ᠬᠤᠰᠢᠭᠤᠳ ᠤᠨ ᠪᠢᠴᠢᠭᠡᠴᠢ ᠨᠠᠷ ᠠᠴᠠ ᠤᠷᠤᠶᠢᠯᠠᠵᠦ ᠬᠡᠯᠡᠵᠦ ᠶᠠᠷᠢᠬᠤ ᠨᠢ | ᠪᠤᠰᠤᠳ ᠠᠴᠠ ᠤᠨᠴᠠᠭᠠᠢ ᠤᠴᠢᠷ ᠬᠤᠷᠢᠨ ᠨᠠᠢᠮᠠᠳᠠᠢ ᠳᠠᠭᠠᠨ ︿︿ᠰᠢᠯᠢ ᠶᠢᠨ ᠭᠤᠤᠯ ᠴᠢᠭᠤᠯᠭᠠᠨ ᠤ ᠴᠢᠭᠤᠯᠤᠯᠳᠦ | ᠬᠠᠭᠠᠯᠭ᠎ᠠ ᠳᠤ ᠰᠠᠭᠤᠭ᠎ᠠ ᠬᠡᠷᠡᠭ ᠡᠷᠬᠢᠯᠡᠬᠦ ᠭᠠᠵᠠᠷ﹀﹀ ᠲᠤ ᠴᠢᠭᠤᠯᠭᠠᠨ ᠳ᠋ᠠ ᠶᠢᠨ ᠲᠦᠯᠦᠭᠡᠯᠡᠭᠴᠢ ᠪᠠᠷ ᠲᠤᠮᠢᠯᠠᠭᠳᠠᠨ | ᠠᠵᠢᠯᠯᠠᠵᠠᠢ᠂ ᠲᠡᠷᠡ ᠤᠯᠤᠰ ᠲᠦᠷᠦ ᠶᠢᠨ ᠦᠢᠮᠡᠭᠡᠨ ᠲᠡᠪᠵᠢᠶᠠᠨ ᠲᠠᠢ ᠤᠨ ᠵᠢᠯ ᠤᠳ ᠲᠤ ᠭᠤᠮᠢᠨᠳᠠᠩ ᠨᠠᠮ ᠤᠨ | ᠭᠡᠰᠢᠭᠦᠨ ᠤ ᠬᠤᠪᠢ ᠳᠤ ᠴᠠᠬᠠᠷ ᠮᠤᠵᠢ ᠶᠢᠨ ᠵᠠᠰᠠᠭ ᠤᠨ ᠤᠷᠳᠤᠨ ᠤ ᠵᠦᠪᠯᠡᠭᠴᠢ᠂ ᠱᠠᠨ ᠰᠢ ᠮᠤᠵᠢ ᠶᠢᠨ | ᠲᠠᠶᠢᠶᠤᠸᠠᠨ ᠳᠠᠬᠢ ᠠᠮᠤᠷᠵᠢᠭᠤᠯᠬᠤ ᠵᠠᠬᠢᠷᠭᠠᠨ ᠤ ᠵᠦᠪᠯᠡᠭᠴᠢ᠂ ᠨᠠᠨᠵᠢᠩ ᠬᠤᠳᠠ ᠳᠠᠬᠢ ᠮᠤᠩᠭᠤᠯ ᠲᠦᠪᠡᠳ ᠤᠨ | ᠵᠦᠪᠯᠡᠯ ᠤᠨ ᠪᠠᠶᠢᠴᠠᠭᠠᠭᠴᠢ᠂ ᠭᠠᠨᠰᠦ ᠮᠤᠵᠢ ᠶᠢᠨ ᠵᠠᠰᠠᠭ ᠤᠨ ᠤᠷᠳᠤᠨ ᠤ ᠵᠦᠪᠯᠡᠭᠴᠢ᠂ ᠮᠤᠩᠭᠤᠯ ᠲᠦᠪᠡᠳ ᠤᠨ | ᠵᠦᠪᠯᠡᠯ ᠤᠨ ᠲᠤᠰᠬᠠᠢ ᠲᠤᠰᠢᠶᠠᠯᠳᠠᠨ ᠵᠡᠷᠭᠡ ᠡᠭᠦᠷᠭᠡ ᠲᠤᠰᠢᠶᠠᠯ ᠬᠠᠷᠢᠭᠤᠴᠠᠨ ᠶᠠᠪᠤᠵᠠᠢ᠃ ᠲᠡᠷᠡ ᠬᠡᠳᠦᠶᠢᠪᠡᠷ | ᠬᠠᠳᠠᠭᠤ ᠪᠡᠷᠬᠡ ᠴᠠᠭ ᠲᠦᠷᠦ ᠳᠤ ᠡᠭᠦᠷᠭᠡ ᠠᠯᠪᠠ ᠭᠦᠢᠴᠡᠳᠭᠡᠵᠦ ᠶᠠᠪᠤᠭᠰᠠᠨ ᠴᠤ ᠦᠨᠳᠦᠰᠦᠳᠡᠨ | ᠤᠭᠰᠠᠭᠠᠳᠠᠨ ᠤ ᠪᠠᠨ ᠢᠷᠡᠭᠡᠳᠦᠢ ᠳᠤ ᠰᠡᠳᠭᠢᠯ ᠳᠠᠯᠪᠢᠵᠦ᠂ ᠰᠤᠶᠤᠯ ᠰᠤᠷᠭᠠᠨ ᠬᠦᠮᠦᠵᠢᠯ ᠰᠠᠶ᠋ᠢ ᠦᠨᠳᠦᠰᠦᠳᠡᠨ ᠤ | ᠮᠠᠨᠳᠤᠯ ᠬᠦᠭᠵᠢᠯ ᠢ ᠪᠡᠶᠡᠯᠡᠭᠦᠯᠵᠦ ᠴᠢᠳᠠᠬᠤ ᠶᠢ ᠤᠶᠢᠯᠠᠭᠠᠵᠦ ᠮᠡᠳᠡᠭᠰᠡᠨ ᠠᠴᠠ ᠪᠢᠷ ᠪᠡᠭᠡ ᠲᠠᠢ ᠨᠦᠬᠦᠷᠯᠡᠨ ᠪᠢᠴᠢᠭ | ᠴᠠᠭᠠᠰᠤ ᠲᠠᠢ ᠨᠠᠶᠢᠵᠢᠯᠡᠵᠦ᠂ ᠮᠤᠩᠭᠤᠯ ᠰᠤᠷᠭᠠᠨ ᠬᠦᠮᠦᠵᠢᠯ ᠤᠨ ᠦᠢᠯᠡᠰ ᠤᠨ ᠲᠦᠯᠦᠭᠡ ᠤᠶᠤᠨ ᠳᠠᠷᠢᠬᠢ ᠪᠠᠨ | ᠰᠢᠪᠬᠠᠵᠦ᠂ ︿︿ᠮᠤᠩᠭᠤᠯ ᠬᠡᠯᠡ ᠶᠢ ᠬᠢᠯᠪᠡᠷ ᠲᠦᠷᠭᠡᠨ ᠰᠤᠷᠬᠤ ᠠᠷᠭ᠎ᠠ﹀﹀᠂ ︿︿ᠮᠤᠩᠭᠤᠯ ᠬᠡᠯᠡ ᠵᠦᠢ﹀﹀᠂ ︿︿ | ᠮᠤᠩᠭᠤᠯ ᠦᠭᠡᠰ ᠤᠨ ᠲᠤᠯᠢ﹀﹀᠂ ︿︿ᠮᠤᠩᠭᠤᠯ ᠬᠢᠳᠡᠳ ᠦᠭᠡᠰ ᠤᠨ ᠲᠤᠯᠢ﹀﹀᠂ ︿︿ᠲᠦᠮᠡᠨ ᠦᠰᠦᠭ ᠤᠨ | ᠳᠠᠶᠢᠯᠪᠤᠷᠢ﹀﹀᠂ ︿︿ᠮᠤᠩᠭᠤᠯ ᠲᠦᠪᠡᠳ ᠬᠠᠪᠰᠤᠷᠭᠠᠭᠰᠠᠨ ᠡᠮ ᠤᠨ ᠵᠤᠷ ᠤᠨ ᠡᠮᠬᠢᠳᠭᠡᠯ﹀﹀ ᠵᠡᠷᠭᠡ ᠮᠠᠰᠢ ᠤᠯᠠᠨ | ᠦᠨᠡᠳᠦ ᠵᠤᠬᠢᠶᠠᠯ ᠪᠦᠲᠦᠭᠡᠯ ᠢ ᠭᠠᠷᠭᠠᠭᠰᠠᠨ ᠪᠠᠶᠢᠨ᠎ᠠ᠃ | | ᠪᠦᠬᠦ ᠤᠯᠤᠰ ᠤᠨ ᠠᠷᠠᠳ ᠤᠨ ᠲᠦᠯᠦᠭᠡᠯᠡᠭᠴᠢ — ᠮᠠᠯᠴᠢᠨ ᠡᠷᠬᠢᠮᠪᠠᠳᠦ | ᠡᠷᠬᠢᠮᠪᠠᠳᠦ ᠪᠤᠯ ᠤᠤᠯ ᠤᠨ ᠦᠵᠦᠮᠦᠴᠢᠨ ᠪᠠᠷᠠᠭᠤᠨ ᠬᠤᠰᠢᠭᠤᠨ ᠤ ᠬᠦᠷᠢᠶ᠎ᠡ ᠰᠦᠮ᠎ᠡ ᠶᠢᠨ ᠮᠤᠯᠤᠮ | ᠯᠠᠮᠠ ᠶᠢᠨ ᠭᠡᠭᠡᠨ ᠭᠤᠷᠪᠠᠨ ᠬᠤᠷᠢᠨ ᠤ ᠪᠦᠭᠡᠨᠡᠷ ᠬᠤᠷᠢᠨ ᠤ ᠬᠠᠷᠢᠶᠠᠳᠦ ᠤᠤᠬᠠᠳ ᠤᠪᠤᠭᠳᠦ ᠷᠠᠳᠨ᠎ᠠ ᠶᠢᠨ | ᠬᠦᠪᠡᠭᠦᠨ ᠦᠷ᠎ᠡ ᠨᠢ ᠪᠤᠯᠵᠦ᠂ 1922 ᠤᠨ ᠤ ᠬᠠᠷ᠎ᠠ ᠨᠤᠬᠠᠢ ᠵᠢᠯ ᠮᠡᠨᠳᠦᠯᠡᠵᠠᠢ᠂ ᠤᠷᠢᠶᠠᠩᠬᠠᠨ ᠤᠪᠤᠭᠳᠦ | ᠲᠠᠩᠭᠤᠳ ᠤᠨ ᠬᠡᠤᠬᠡᠨ ᠪᠠᠶᠠᠨ ᠦᠷᠡᠴᠢᠯᠡᠨ ᠡᠷᠭᠦᠵᠦ ᠭᠠᠯ ᠭᠤᠯᠤᠮᠳᠠ ᠢᠶᠠᠨ ᠵᠠᠯᠭᠠᠮᠵᠢᠯᠠᠭᠤᠯᠵᠠᠢ᠂ ᠵᠡᠭᠦᠨ | ᠦᠵᠦᠮᠦᠴᠢᠨ ᠬᠤᠰᠢᠭᠤᠨ ᠤ ᠡᠬᠡᠪᠤᠯᠠᠭ ᠳᠠᠯᠠᠪᠠᠢ ᠶᠢᠨ ᠬᠠᠷᠠᠭᠤᠪᠢ ᠰᠠᠯᠪᠤᠷᠢ ᠳᠠᠯᠠᠪᠠᠢ ᠶᠢᠨ ᠬᠦᠮᠦᠨ᠂ ᠲᠤᠮᠳᠠᠳᠦ | ᠤᠯᠤᠰ ᠤᠨ ᠡᠪ ᠬᠠᠮᠳᠦ ᠨᠠᠮ ᠤᠨ ᠭᠡᠰᠢᠭᠦᠨ᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠭᠤᠷᠪᠠᠳᠤᠭᠠᠷ ᠬᠤᠭᠤᠴᠠᠭᠠᠨ ᠤ ᠲᠦᠯᠦᠭᠡᠯᠡᠭᠴᠢ᠂ ᠲᠤᠮᠳᠠᠳᠦ ᠤᠯᠤᠰ ᠤᠨ ᠠᠷᠠᠳ ᠤᠨ ᠤᠯᠤᠰ | ᠲᠦᠷᠦ ᠶᠢᠨ ᠵᠦᠪᠯᠡᠯᠭᠡᠨ ᠤ ᠲᠠᠪᠤᠳᠤᠭᠠᠷ ᠬᠤᠭᠤᠴᠠᠭᠠᠨ ᠤ ᠭᠡᠰᠢᠭᠦᠨ᠂ ᠤᠷᠤᠨ ᠤ ᠭᠤᠷᠪᠠᠳᠤᠭᠠᠷ ᠬᠤᠭᠤᠴᠠᠭᠠᠨ ᠤ | ᠠᠷᠠᠳ ᠤᠨ ᠲᠦᠯᠦᠭᠡᠯᠡᠭᠴᠢ᠂ ᠵᠡᠭᠦᠨ ᠦᠵᠦᠮᠦᠴᠢᠨ ᠬᠤᠰᠢᠭᠤᠨ ᠤ ᠵᠢᠷᠭᠤᠳᠤᠭᠠᠷ ᠬᠤᠭᠤᠴᠠᠭᠠᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ ᠪᠠᠷ ᠠᠵᠢᠯᠯᠠᠵᠦ | ᠦᠩᠭᠡᠷᠡᠪᠡ᠂ ᠪᠠᠰᠠ ᠴᠤ ᠤᠯᠤᠰ ᠤᠨ ᠨᠢᠭᠡᠳᠦᠭᠡᠷ ᠳᠡᠰ ᠤᠨ ᠳᠠᠮᠢᠷᠴᠢᠨ᠂ ᠤᠯᠤᠰ ᠤᠷᠤᠨ ᠳᠠᠭᠠᠨ ᠠᠯᠳᠠᠷᠳᠠᠢ | ᠮᠤᠩᠭᠤᠯ ᠪᠦᠬᠡ ᠶᠢᠨ ᠠᠪᠤᠷᠭᠤ ᠶᠠᠪᠤᠭᠰᠠᠨ ᠲᠡᠤᠬᠡᠳᠦ ᠬᠦᠮᠦᠨ ᠪᠢᠯᠡ᠃ | ᠲᠡᠷᠡ᠂ 1948 ᠤᠨ ᠠᠴᠠ ᠠᠷᠠᠳᠴᠢᠯᠠᠭᠰᠠᠨ ᠬᠤᠪᠢᠰᠬᠠᠯ ᠳᠤ ᠤᠷᠤᠯᠴᠠᠵᠦ᠂ ᠡᠬᠡ ᠤᠷᠤᠨ ᠤ | ᠴᠢᠯᠦᠭᠡᠯᠡᠯᠳᠡ ᠪᠠ ᠰᠤᠯᠤᠩᠭᠤᠰ ᠢ ᠲᠤᠰᠠᠯᠠᠬᠤ ᠳᠠᠶᠢᠨ ᠳᠤ ᠶᠡᠭᠡ ᠬᠡᠮᠵᠢᠶᠡᠨ ᠤ ᠴᠡᠷᠢᠭ ᠤᠨ ᠠᠭᠳᠠ ᠪᠤᠯᠤᠨ ᠡᠳ᠋ | ᠪᠤᠳᠠᠰ ᠵᠤᠭᠤᠰ ᠮᠦᠩᠭᠦ ᠪᠠᠷ ᠳᠡᠮᠵᠢᠨ ᠲᠤᠰᠠᠯᠠᠵᠦ᠂ ᠤᠯᠤᠰ ᠢᠶᠠᠨ ᠬᠠᠶᠢᠷᠠᠯᠠᠬᠤ ᠦᠵᠡᠯ ᠢᠨᠲ᠋ᠧᠷᠨᠠᠼᠢᠤᠨᠠᠯ ᠤᠨ | ᠵᠤᠷᠢᠭ ᠰᠠᠨᠠᠭ᠎ᠠ ᠶᠢ ᠢᠯᠡᠷᠡᠭᠦᠯᠵᠠᠢ ᠃ | ᠡᠷᠬᠢᠮᠪᠠᠳᠦ᠂ ᠠᠯᠢ ᠡᠷᠳᠡ 1958 ᠤᠨ ᠳᠤ ᠬᠤᠶᠢᠴᠢ ᠦᠶ᠎ᠡ ᠶᠢᠨ ᠬᠢᠨ ᠤ ᠰᠤᠶᠤᠯ ᠮᠡᠳᠡᠯᠭᠡ | ᠡᠵᠡᠮᠰᠢᠬᠦ ᠶᠢ ᠰᠠᠨᠠᠭᠠᠴᠢᠯᠠᠨ᠂ ᠡᠵᠢᠨᠠᠭᠤᠷ ᠪᠠᠭ᠎ᠠ ᠰᠤᠷᠭᠠᠭᠤᠯᠢ ᠶᠢ ᠪᠠᠶᠢᠭᠤᠯᠬᠤ ᠳᠤ ᠦᠪᠴᠢ ᠪᠦᠷᠢᠶᠡᠰᠤᠳᠠᠢ ᠲᠤᠮᠤ | ᠮᠤᠩᠭᠤᠯ ᠭᠡᠷ ᠢᠶᠠᠨ ᠬᠦᠷᠭᠡᠨ ᠦᠭᠴᠦ᠂ ᠬᠢᠴᠢᠶᠡᠯ ᠤᠨ ᠭᠡᠷ ᠤᠨ ᠠᠰᠠᠭᠤᠳᠠᠯ ᠢ ᠨᠢ ᠰᠡᠢᠳᠪᠤᠷᠢᠯᠡᠪᠡ᠂ 1980 | ᠭᠠᠳ ᠤᠨ ᠤ ᠡᠬᠢ ᠪᠠᠷ ᠮᠠᠯ ᠤᠨ ᠡᠬᠡ ᠪᠡᠯᠡ ᠪᠤᠯᠬᠤ 7 ᠲᠦᠮᠡ 4 ᠮᠢᠩᠭ᠎ᠠ ᠭᠠᠷᠤᠢ ᠲᠦᠭᠦᠷᠢᠭ ᠠᠷᠠᠳ ᠤᠨ | ᠵᠤᠭᠤᠰ ᠢᠶᠠᠨ ᠪᠦᠬᠦᠨ ᠢ ᠰᠤᠷᠭᠠᠨ ᠬᠦᠮᠦᠵᠢᠯ ᠤᠨ ᠦᠢᠯᠡᠰ ᠲᠤ ᠡᠷᠭᠦᠵᠦ᠂ ᠡᠬᠡᠪᠤᠯᠠᠭ ᠪᠠᠭ᠎ᠠ ᠰᠤᠷᠭᠠᠭᠤᠯᠢ ᠶᠢ | ᠰᠢᠨ᠎ᠡ ᠪᠠᠷ ᠴᠤᠭᠴᠠᠯᠠᠨ ᠪᠠᠶᠢᠭᠤᠯᠬᠤ ᠳᠤ ᠲᠤᠮᠤᠬᠠᠨ ᠬᠤᠪᠢ ᠨᠡᠮᠡᠷᠢ ᠪᠠᠨ ᠦᠵᠡᠭᠦᠯᠦᠭᠰᠡᠨ ᠶᠤᠮ᠃ | | ᠬᠦᠷᠢᠶ᠎ᠡ ᠰᠦᠮ᠎ᠡ ᠶᠢᠨ ᠠᠷᠪᠠᠳᠤᠭᠠᠷ ᠲᠦᠷᠢ ᠶᠢᠨ ᠭᠡᠭᠡᠨ ᠲᠤᠪᠳᠤᠨᠨᠤᠷᠪᠤ | ᠳᠤᠪᠳᠤᠨᠨᠤᠷᠪᠤ ᠪᠤᠯ ᠤᠤᠯ ᠤᠨ ᠪᠠᠷᠠᠭᠤᠨ ᠦᠵᠦᠮᠦᠴᠢᠨ ᠬᠤᠰᠢᠭᠤᠨ ᠤ ᠪᠠᠴᠢ ᠰᠤᠮᠤᠨ ᠤ ᠬᠠᠷᠢᠶᠠᠳᠦ | ᠪᠠᠯᠵᠢᠨᠢᠮ᠎ᠠ ᠳᠠᠶᠢᠵᠢ ᠪᠤᠯᠤᠨ ᠡᠬᠡ ᠳᠡᠯᠭᠡᠷᠮ᠎ᠡ ᠶᠢᠨ ᠬᠦᠪᠡᠭᠦᠨ ᠦᠷ᠎ᠡ ᠨᠢ ᠪᠤᠯᠵᠦ᠂ 1932 ᠤᠨ ᠤ ᠬᠠᠷ᠎ᠠ ᠪᠡᠴᠢᠨ | ᠵᠢᠯ ᠲᠦᠷᠦᠵᠠᠢ᠂ ᠬᠤᠪᠢᠯᠭᠠᠨᠳᠠᠨ ᠤ ᠨᠤᠮ ᠤᠨ ᠨᠡᠷ᠎ᠡ ᠨᠢ ᠯᠤᠪᠰᠠᠩᠳᠠᠨᠵᠢᠨᠫᠠᠷᠢᠩᠯᠠᠶᠢᠷᠠᠪᠵᠠᠢ ᠭᠡᠳᠡᠭ᠂ ᠭᠤᠷᠪᠠᠨ | ᠨᠠᠰᠤᠳᠠᠢ ᠳᠠᠭᠠᠨ ᠬᠦᠷᠢᠶ᠎ᠡ ᠰᠦᠮ᠎ᠡ ᠶᠢᠨ ᠠᠷᠪᠠᠳᠤᠭᠠᠷ ᠭᠡᠭᠡᠨ ᠢᠶᠠᠷ ᠰᠢᠷᠡᠭᠡᠨ᠎ᠡ ᠵᠠᠯᠠᠭᠳᠠᠪᠠ᠃ | ᠭᠡᠭᠡᠨᠳᠡᠨ᠂ ᠡᠬᠡ ᠤᠷᠤᠨ ᠤ ᠪᠦᠳᠦᠭᠡᠨ ᠪᠠᠶᠢᠭᠤᠯᠤᠯᠳᠠ ᠪᠤᠯᠤᠨ ᠰᠤᠯᠤᠩᠭᠤᠰ ᠢ ᠳᠤᠰᠠᠯᠠᠬᠤ ᠳᠠᠶᠢᠨ ᠳᠤ | ᠶᠡᠭᠡ ᠬᠡᠮᠵᠢᠶᠡᠨ ᠤ ᠮᠦᠩᠭᠦ ᠪᠤᠳᠠᠰ᠂ ᠤᠯᠠᠨ ᠲᠤᠭᠠᠨ ᠤ ᠴᠡᠷᠢᠭ ᠤᠨ ᠠᠭᠳᠠ ᠬᠦᠷᠭᠡᠨ ᠦᠭᠴᠦ᠂ ᠤᠯᠤᠰ ᠢᠶᠠᠨ | ᠬᠠᠶᠢᠷᠠᠯᠠᠬᠤ ᠦᠵᠡᠯ ᠤᠨ ᠵᠤᠷᠢᠭ ᠰᠠᠨᠠᠭ᠎ᠠ ᠶᠢ ᠪᠠᠳᠠᠷᠠᠭᠤᠯᠤᠭᠰᠠᠨ ᠶᠤᠮ᠂ ᠲᠡᠷᠡ ᠡᠷᠳᠡᠮ ᠨᠤᠮ ᠢ ᠴᠢᠬᠤᠯᠠᠴᠢᠯᠠᠨ᠂ | ᠰᠦᠮ᠎ᠡ ᠬᠡᠶᠢᠳ ᠳᠡᠭᠡᠨ ᠮᠤᠩᠭᠤᠯ ᠪᠢᠴᠢᠭ ᠵᠢᠭᠠᠬᠤ ᠰᠤᠷᠭᠠᠭᠤᠯᠢ ᠪᠠᠶᠢᠭᠤᠯᠵᠦ᠂ ᠤᠯᠠᠨ ᠵᠠᠯᠠᠭᠤ ᠯᠠᠮᠠ ᠨᠠᠷ ᠲᠤ | ᠰᠤᠶᠤᠯ ᠪᠢᠴᠢᠭ ᠡᠵᠡᠮᠰᠢᠭᠦᠯᠵᠠᠢ᠂ ᠤᠯᠤᠰ ᠠᠴᠠ ᠲᠤᠯᠤᠭᠠᠳᠠ ᠪᠠᠭ᠎ᠠ ᠰᠤᠷᠭᠠᠭᠤᠯᠢ ᠶᠢ ᠪᠠᠶᠢᠭᠤᠯᠬᠤ ᠳᠤ ᠦᠪᠡᠷ ᠤᠨ | ᠤᠷᠳᠤᠨ ᠪᠠ ᠭᠡᠭᠡᠨ ᠰᠠᠩ ᠢᠶᠠᠨ ᠡᠷᠭᠦᠵᠦ᠂ ᠪᠠᠶᠢᠷᠢ ᠶᠢᠨ ᠭᠡᠷ ᠬᠢᠴᠢᠶᠡᠯ ᠤᠨ ᠲᠢᠩᠬᠢᠮ ᠦᠭᠡᠢ ᠠᠰᠠᠭᠤᠳᠠᠯ ᠢ | ᠳᠠᠰᠤᠯᠠᠨ ᠦᠭᠭᠦᠭᠰᠡᠨ ᠪᠠ ᠨᠢᠭᠡ ᠪᠦᠯᠦᠭ ᠡᠷᠳᠡᠮ ᠲᠠᠢ ᠯᠠᠮᠠ ᠨᠠᠷ ᠢ ᠭᠠᠷᠭᠠᠵᠦ᠂ ᠰᠤᠷᠭᠠᠭᠤᠯᠢ ᠪᠠᠶᠢᠭᠤᠯᠬᠤ | ᠠᠵᠢᠯ ᠳᠤ ᠬᠠᠪᠰᠤᠷᠠᠭᠤᠯᠤᠨ ᠬᠤᠪᠢ ᠨᠡᠮᠡᠭᠦᠷᠢ ᠪᠠᠨ ᠵᠤᠷᠢᠭᠤᠯᠤᠭᠰᠠᠨ ᠶᠤᠮ᠃ | | | | | | | | | | | | |