ᠤᠷᠢᠶᠠᠩᠬᠠᠨ᠂ ᠤ ᠶᠤᠨᠳᠤᠨ | | ᠮᠢ᠊ ᠭᠧᠨᠳᠤᠨ ᠤ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠲᠤᠬᠠᠢ | — ᠪᠡᠷᠢᠯᠳᠤᠭᠰᠠᠨ ᠦᠩᠭᠡᠷᠡᠯᠳᠡ ᠪᠠ ᠲᠤᠷᠠᠰᠤᠮᠵᠢ ᠤᠳ | | ᠮᠢ᠊ ᠭᠧᠨᠳᠤᠨ ᠪᠤᠯ ᠤᠤᠯ ᠤᠨ ᠵᠡᠭᠦᠨ ᠬᠤᠯᠪᠤᠭᠠᠳᠦ ᠬᠤᠰᠢᠭᠤᠨ ᠤ ᠲᠤᠯᠤᠳᠤᠭᠠᠷ ᠰᠤᠮᠤᠨ ᠤ ᠬᠠᠷᠢᠶᠠᠳᠦ | ᠮᠠᠯᠴᠢᠨ ᠡᠬᠡ ᠪᠠᠳᠮ᠎ᠠ ᠠᠴᠠ 1954 ᠤᠨ ᠤ ᠬᠦᠬᠡ ᠮᠤᠷᠢᠨ ᠵᠢᠯ ᠡᠪᠦᠭᠡᠨ ᠤᠪᠤᠭ᠎ᠠ ᠬᠡᠮᠡᠬᠦ ᠭᠠᠵᠠᠷ ᠲᠦᠷᠦᠵᠠᠢ᠂ | ᠲᠡᠷᠡ ᠪᠤᠯ ᠵᠡᠭᠦᠨ ᠦᠵᠦᠮᠦᠴᠢᠨ ᠬᠤᠰᠢᠭᠤᠨ ᠤ ᠠᠯᠳᠠᠨᠬᠢᠯᠢ ᠨᠢᠭᠡᠳᠦᠯ ᠤᠨ ᠪᠠᠳᠠᠷᠠᠬᠤ ᠪᠠᠷᠢᠭᠠᠳᠠ ᠶᠢᠨ ᠮᠠᠯᠴᠢᠨ᠂ | ᠦᠵᠦᠮᠦᠴᠢᠨ ᠤ ᠨᠢᠭᠡᠨ ᠦᠶ᠎ᠡ ᠶᠢᠨ ᠠᠯᠳᠠᠷᠳᠦ ᠵᠠᠩᠭᠢᠶᠠᠳᠦ ᠪᠦᠬᠡ ᠪᠤᠯᠬᠤ ᠶᠤᠮ᠂ ᠦᠵᠦᠮᠦᠴᠢᠨ ᠮᠤᠩᠭᠤᠯ | ᠪᠦᠬᠡ ᠶᠢᠨ ᠪᠠ ᠲᠤᠮᠳᠠᠳᠦ ᠮᠠᠶ᠋ᠢᠭ ᠤᠨ ᠪᠦᠭᠡ ᠶᠢᠨ ᠮᠡᠷᠭᠡᠵᠢᠯ ᠲᠠᠢ᠂ ᠭᠠᠯ ᠠᠷᠪᠠᠨ ᠨᠠᠢᠮᠠᠳᠠᠢ ᠪᠠᠨ ᠪᠦᠭᠡ ᠶᠢᠨ | ᠰᠤᠷᠢᠶᠠᠨ ᠳᠤ ᠪᠤᠯᠪᠠᠰᠤᠷᠠᠯ ᠬᠦᠷᠳᠡᠵᠦ ᠡᠬᠢᠯᠡᠭᠡᠳ ᠤᠯᠤᠰ ᠤᠨ ᠠᠪᠤᠷᠭᠤ ᠰᠤᠳᠨᠠᠮ᠂ ᠨᠤᠲᠤᠭ ᠤᠨ ᠵᠠᠩᠭᠢᠶᠠᠳᠦ | ᠪᠦᠬᠡ ᠦᠯᠵᠡᠶᠢᠪᠠᠶᠠᠷ ᠵᠡᠷᠭᠡ ᠠᠬᠠᠮᠠᠳ ᠢᠶᠠᠷ ᠪᠠᠭᠰᠢᠯᠠᠭᠤᠯᠵᠦ ᠦᠵᠦᠮᠦᠴᠢᠨ ᠪᠦᠬᠡ ᠶᠢᠨ ᠡᠷᠳᠡᠮ ᠮᠡᠭᠡ ᠮᠡᠷᠭᠡᠵᠢᠯ ᠢ | ᠰᠤᠷᠴᠤ ᠡᠵᠡᠮᠰᠢᠨ᠂ ᠪᠦᠬᠡ ᠪᠤᠯᠬᠤ ᠶᠢᠨ ᠠᠩᠬᠠᠨ ᠤ ᠰᠠᠭᠤᠷᠢ ᠶᠢ ᠳᠠᠯᠪᠢᠭᠰᠠᠨ ᠪᠠᠶᠢᠳᠠᠭ᠂ ᠬᠤᠵᠢᠮ ᠨᠢ ᠠᠶᠢᠮᠠᠭ | ᠤᠷᠤᠨ ᠤ ᠮᠤᠩᠭᠤᠯ ᠪᠦᠬᠡ ᠪᠤᠯᠤᠨ ᠲᠤᠮᠳᠠᠳᠦ ᠮᠠᠶ᠋ᠢᠭ ᠤᠨ ᠪᠦᠬᠡ ᠶᠢᠨ ᠪᠤᠯᠪᠠᠰᠤᠷᠠᠯ ᠳᠤ ᠤᠷᠤᠯᠴᠠᠵᠦ | ᠮᠡᠷᠭᠡᠵᠢᠯ ᠢᠶᠠᠨ ᠳᠡᠭᠡᠭᠰᠢᠯᠡᠭᠦᠯᠵᠦ ᠶᠠᠪᠤᠬᠤ ᠳᠠᠭᠠᠨ ᠠᠪᠠᠭ᠎ᠠ ᠨᠤᠲᠤᠭ ᠲᠠᠢ ᠨᠢᠭᠡᠨ ᠦᠶ᠎ᠡ ᠶᠢᠨ ᠳᠠᠰᠤᠷᠬᠠᠢ ᠪᠦᠬᠡ | ᠠᠪᠤᠷᠭᠤ ᠨᠠᠶᠢᠳᠠᠨ ᠢᠶᠠᠷ ᠪᠠᠭᠰᠢᠯᠠᠭᠤᠯᠤᠭᠰᠠᠨ ᠨᠢ ᠪᠠᠰᠠ ᠨᠢᠭᠡᠨ ᠠᠵᠠ ᠲᠤᠬᠢᠶᠠᠯᠳᠤᠯ ᠪᠤᠯᠤᠭᠰᠠᠨ ᠶᠤᠮ᠂ ᠲᠡᠷᠡ | ᠬᠤᠷᠢ ᠭᠠᠷᠤᠢ ᠵᠢᠯ ᠪᠦᠭᠡ ᠶᠢᠨ ᠳᠠᠪᠴᠠᠩ ᠳᠤ ᠪᠠᠷᠢᠯᠳᠤᠨ ᠮᠤᠩᠭᠤᠯ ᠡᠷ᠎ᠡ ᠶᠢᠨ ᠬᠡᠶᠢᠮᠤᠷᠢ ᠮᠠᠨᠳᠤᠭᠤᠯᠤᠨ | ᠶᠠᠪᠤᠬᠤ ᠳᠠᠭᠠᠨ ᠤᠯᠠᠨ ᠭᠠᠵᠠᠷ ᠤᠨ ᠨᠠᠶᠢᠷ ᠤᠨ ᠱᠠᠩ ᠢ ᠬᠦᠷᠳᠡᠵᠦ᠂ ᠤᠯᠠᠨ ᠤᠷᠤᠯᠳᠤᠭᠠᠨ ᠤ ᠲᠠᠪᠴᠠᠩ ᠳᠤ | ᠠᠯᠳᠠ ᠮᠦᠩᠭᠦᠨ ᠮᠧᠲᠠᠯ ᠢᠶᠠᠷ ᠡᠩᠭᠡᠷ ᠢᠶᠠᠨ ᠮᠢᠯᠢᠶᠠᠯᠭᠠᠨ ᠶᠠᠪᠤᠭᠰᠠᠨ ᠶᠤᠮ᠂ ᠭᠠᠵᠠᠷ ᠭᠠᠵᠠᠷ ᠤᠨ ᠠᠯᠳᠠᠷ ᠨᠡᠷᠡᠳᠠᠢ | ᠬᠦᠴᠦᠳᠦ ᠪᠦᠭᠡ ᠲᠠᠢ ᠳᠠᠭᠠᠷᠠᠬᠤ ᠳᠠᠭᠠᠨ ᠠᠶᠤᠵᠦ ᠪᠠᠴᠢᠮᠳᠠᠬᠤ ᠦᠭᠡᠢ ᠬᠢᠨᠠᠮᠠᠭᠠᠢ ᠯᠠᠪᠳᠠᠭᠤᠨ ᠢᠶᠠᠷ ᠪᠠᠷᠢᠯᠳᠤᠵᠦ | ᠡᠷᠳᠡᠮ ᠮᠡᠭᠡ ᠪᠠᠨ ᠬᠢᠬᠦ ᠪᠤᠶᠤ ᠬᠦᠮᠦᠨ ᠤ ᠬᠢᠭᠰᠡᠨ ᠡᠷᠳᠡᠮ ᠢ ᠪᠤᠯᠪᠠᠰᠤᠷᠠᠩᠭᠤᠢ ᠪᠠᠷ ᠬᠠᠷᠢᠭᠤᠯᠤᠨ ᠬᠠᠶᠠᠯᠠᠵᠦ | ᠶᠠᠪᠤᠬᠤ ᠳᠠᠭᠠᠨ ᠮᠠᠰᠢ ᠤᠯᠠᠨ ᠪᠦᠬᠡ ᠶᠢᠨ ᠡᠷᠳᠡᠮ ᠮᠡᠭᠡ ᠶᠢ ᠪᠤᠯᠪᠠᠰᠤᠷᠠᠭᠤᠯᠤᠨ ᠪᠠᠶᠠᠯᠢᠭ ᠮᠡᠷᠭᠡᠵᠢᠯ ᠤᠨ | ᠲᠤᠷᠰᠢᠯᠭ᠎ᠠ ᠶᠢ ᠬᠤᠷᠠᠮᠳᠤᠭᠤᠯᠤᠭᠰᠠᠨ ᠪᠠᠶᠢᠳᠠᠭ᠃ ᠭᠧᠨᠳᠤᠨ ᠲᠠᠢ ᠨᠤᠲᠤᠭ ᠨᠢᠭᠡᠳᠡᠢ ᠤᠯᠤᠰ ᠤᠨ ᠠᠪᠤᠷᠭᠤ | ᠰᠤᠳᠨᠠᠮ ᠭᠤᠸᠠᠢ ᠲᠡᠭᠦᠨ ᠳᠤ ᠦᠨᠢᠷ ᠤᠯᠠᠨ ᠦᠵᠦᠮᠦᠴᠢᠨ ᠪᠦᠬᠡ ᠶᠢᠨ ᠤᠷ᠎ᠠ ᠮᠡᠷᠭᠡᠵᠢᠯ ᠢ ᠶᠠᠷᠢᠵᠦ ᠦᠭᠬᠦ ᠳᠤ | ᠲᠡᠷᠡ ᠴᠤ ᠳᠠᠷᠢᠬᠢᠨ ᠳᠠᠭᠠᠨ ᠬᠠᠳᠠᠩᠰᠢᠭᠤᠯᠤᠨ ᠲᠤᠭᠳᠠᠭᠠᠨ ᠠᠪᠴᠠᠢ᠂ ᠲᠡᠭᠦᠨ ᠤ ᠬᠡᠯᠡᠬᠦ ᠪᠠᠷ ᠰᠤᠳᠨᠠᠮ ᠪᠠᠭᠰᠢ ᠨᠢ | ᠦᠵᠦᠮᠦᠴᠢᠨ ᠮᠤᠩᠭᠤᠯ ᠪᠦᠬᠡ ᠶᠢᠨ ᠡᠷᠳᠡᠮ ᠮᠡᠭᠡ ᠶᠢ ᠤᠯᠠᠷᠢᠭᠤᠯᠤᠨ ᠬᠤᠪᠢᠷᠠᠭᠤᠯᠬᠤ ᠨᠢ ᠮᠠᠰᠢ ᠤᠯᠠᠨ ᠪᠠᠶᠢᠵᠦ᠂ | ᠪᠠᠷᠤᠭ 566 ᠲᠤᠭ᠎ᠠ ᠳᠤ ᠬᠦᠷᠬᠦ ᠶᠤᠮ ᠭᠡᠵᠦ ᠬᠡᠯᠡᠯ᠎ᠡ ᠭᠡᠳᠡᠭ᠂ ᠡᠶᠢᠮᠦ ᠪᠠᠷ ᠢᠶᠠᠨ ᠦᠵᠦᠮᠦᠴᠢᠨ ᠪᠦᠬᠡ ᠶᠢᠨ | ᠡᠷᠳᠡᠮ ᠮᠡᠷᠭᠡᠵᠢᠯ ᠢ ᠰᠠᠶᠢᠳᠤᠷ ᠡᠵᠡᠮᠰᠢᠴᠢᠭᠡᠪᠡᠯ ᠳᠠᠯᠡᠬᠡᠢ ᠶᠢᠨ ᠶᠠᠮᠠᠷ ᠴᠤ ᠲᠦᠷᠦᠯ ᠵᠦᠢᠯ ᠤᠨ ᠪᠦᠬᠡ ᠶᠢᠨ | ᠤᠷᠤᠯᠳᠤᠭᠠᠨ ᠤ ᠮᠡᠷᠭᠡᠵᠢᠯ ᠢ ᠰᠤᠷᠴᠤ ᠡᠵᠡᠮᠰᠢᠬᠦ ᠳᠤ ᠬᠦᠷᠦᠯᠴᠡᠭᠡ ᠲᠠᠢ ᠰᠠᠭᠤᠷᠢ ᠮᠡᠳᠡᠯᠭᠡ ᠪᠤᠯᠬᠤ ᠨᠢ ᠵᠠᠶᠢᠯᠠᠰᠢ | ᠦᠭᠡᠢ ᠶᠤᠮ | ᠭᠧᠨᠳᠤᠨ ᠭᠤᠸᠠᠢ ᠵᠠᠯᠠᠭᠤ ᠨᠠᠰᠤᠨ ᠤ 1976 ᠤᠨ ᠳᠤ ᠠᠪᠠᠭ᠎ᠠ ᠬᠤᠰᠢᠭᠤᠨ ᠤ ᠵᠢᠷᠭᠠᠯᠠᠩᠳᠦ ᠨᠢᠭᠡᠳᠦᠯ ᠤᠨ | 128 ᠪᠦᠬᠡ ᠪᠠᠷᠢᠯᠳᠤᠭᠰᠠᠨ ᠠᠷᠠᠳ ᠤᠨ ᠨᠠᠶᠢᠷ ᠲᠤ ᠲᠡᠷᠢᠭᠦᠯᠠᠨ ᠪᠦᠬᠡ ᠶᠢᠨ ᠳᠠᠪᠴᠠᠩ ᠳᠠᠬᠢ ᠠᠩᠬᠠᠨ ᠤ | ᠠᠯᠳᠠᠷ ᠢᠶᠠᠨ ᠬᠡᠶᠢᠮᠤᠷᠯᠠᠭᠰᠠᠨ ᠪᠠᠶᠢᠵᠦ ᠪᠢᠯᠠ᠂ ᠲᠤᠰ ᠨᠠᠶᠢᠷ ᠠᠴᠠ ᠳᠠᠷᠠᠭᠠᠬᠠᠨ ᠠᠪᠠᠭ᠎ᠠ ᠬᠤᠰᠢᠭᠤᠨ ᠤ | ᠡᠷᠢᠶᠡᠨᠭᠤᠪᠢ ᠨᠢᠭᠡᠳᠦᠯ ᠤᠨ ᠶᠡᠭᠡ ᠨᠠᠶᠢᠷ ᠬᠢᠬᠦ ᠶᠢ ᠰᠤᠨᠤᠰᠤᠭᠠᠳ ᠲᠡᠷᠡ ᠪᠠᠷ ᠭᠤᠷᠪᠠᠨ ᠭᠤᠤᠳᠦ ᠬᠡᠮᠡᠬᠦ ᠭᠠᠵᠠᠷ | ᠵᠤᠰᠠᠵᠦ ᠪᠠᠶᠢᠭ᠎ᠠ ᠰᠤᠳᠨᠠᠮ ᠪᠠᠭᠰᠢ ᠠᠴᠠ ᠪᠠᠨ ᠠᠪᠠᠭ᠎ᠠ ᠶᠢᠨ ᠨᠡᠷᠡᠳᠦ ᠪᠦᠬᠡᠴᠤᠳ ᠤᠨ ᠡᠷᠳᠡᠮ ᠬᠢᠴᠡ ᠶᠢ | ᠤᠶᠢᠯᠠᠭᠠᠬᠤ ᠪᠠᠷ ᠬᠦᠷᠬᠦ ᠳᠤ ᠪᠠᠭᠰᠢ ᠨᠢ ︿ᠴᠢ ᠠᠪᠠᠭ᠎ᠠ ᠶᠢᠨ ᠨᠠᠶᠢᠷ ᠲᠤ ᠬᠦᠷᠬᠦ ᠰᠠᠨᠠᠭ᠎ᠠ ᠲᠠᠢ ᠤᠤ᠂ ᠲᠡᠭᠡᠪᠡᠯ | ᠨᠠᠶᠢᠳᠠᠨ ᠲᠠᠭᠠᠷᠠᠬᠤ ᠶᠤᠮ ᠳ᠋ᠠ᠂ ᠲᠡᠷᠡ ᠪᠤᠯ ᠳᠠᠳᠠᠭ᠎ᠠ ᠡᠷᠳᠡᠮ ᠬᠢᠳᠡᠭ ᠬᠦᠮᠦᠨ᠂ ᠤᠬᠤᠷᠢᠭᠠᠳ ᠳᠠᠳᠠᠳᠠᠭ ᠪᠤᠯᠬᠤᠷ | ᠴᠢ ᠤᠬᠤᠷᠢᠭᠰᠠᠨ ᠤᠷᠤᠨ ᠳᠡᠭᠡᠷ᠎ᠡ ᠨᠢ ᠬᠦᠷᠴᠦ ᠵᠤᠭᠰᠤᠭᠠᠳ ᠪᠠᠢ﹀ ᠭᠡᠵᠦ ᠬᠡᠯᠡᠵᠠᠢ᠂ ᠡᠷᠳᠡᠨᠢᠭᠤᠪᠢ ᠶᠢᠨ | ᠨᠠᠶᠢᠷ ᠲᠤ ᠲᠡᠷᠢᠭᠦᠨ ᠳᠡᠳ᠋ ᠳᠤ ᠦᠨᠡᠬᠡᠷ ᠠᠪᠤᠷᠭᠤ ᠨᠠᠶᠢᠳᠠᠨ ᠲᠠᠢ ᠳᠠᠭᠠᠷᠠᠭᠰᠠᠨ ᠪᠠᠶᠢᠵᠠᠢ᠂ ᠤᠯᠠᠨ ᠠᠴᠠ | ᠬᠡᠳᠦᠶᠢᠳᠦᠭᠰᠡᠨ ᠦᠨᠳᠦᠷ ᠲᠤᠮᠤ ᠪᠠᠶ᠎ᠠ ᠲᠠᠢ ᠵᠢᠪᠬᠤᠭᠠᠯᠢᠭ ᠡᠷ᠎ᠡ ᠪᠠᠶᠢᠯ᠎ᠠ᠂ ᠨᠠᠶᠢᠳᠠᠨ ᠭᠤᠸᠠᠢ ᠦᠨᠡᠬᠡᠷ ᠰᠤᠳᠨᠠᠮ | ᠪᠠᠭᠰᠢ ᠶᠢᠨ ᠬᠡᠯᠡᠭᠰᠡᠨ ᠰᠢᠭ ᠤᠬᠤᠷᠢᠭᠠᠳ ᠳᠠᠳᠠᠭᠰᠠᠨ ᠳᠤ ᠭᠧᠨᠳᠤᠨ ᠴᠤ ᠳᠠᠳᠠᠭ᠎ᠠ ᠶᠢ ᠨᠢ ᠳᠠᠭᠠᠵᠦ ᠠᠯᠬᠤᠭᠰᠠᠨ | ᠪᠤᠯᠬᠤᠷ ᠲᠡᠷᠡ ᠡᠷᠳᠡᠮ ᠳᠤᠨᠢ ᠤᠶᠢᠴᠢᠭᠰᠠᠨ ᠦᠭᠡᠢ᠂ ᠳᠠᠬᠢᠭᠠᠳ ᠳᠠᠳᠠᠬᠤ ᠳᠤᠨᠢ ᠮᠦᠨ ᠠᠯᠬᠤᠵᠦ | ᠭᠠᠷᠤᠩᠭᠤᠳᠠ ᠪᠠᠨ ᠵᠦᠷᠢᠵᠦ ᠳᠠᠳᠠᠭᠰᠠᠨ ᠳᠤ ᠨᠠᠶᠢᠳᠠᠨ ᠤ ᠰᠢᠷᠢᠨ ᠵᠤᠲᠤᠭ ᠤᠨ ᠬᠠᠨᠴᠤᠢ ᠶᠢ ᠳᠠᠰᠤᠳᠠᠵᠦ | ᠬᠤᠴᠤᠷᠤᠭᠰᠠᠨ ᠪᠠᠶᠢᠪᠠ᠂ ᠨᠠᠶᠢᠳᠠᠨ ᠭᠡᠳᠡᠭ ᠬᠦᠮᠦᠨ ᠳᠤ ᠪᠠᠷᠤᠭ ᠤᠨ ᠬᠦᠮᠦᠨ ᠤ ᠵᠤᠳᠤᠭ ᠪᠠᠭᠠᠳᠠᠵᠦ᠂ ᠡᠯᠭᠦᠵᠦ | ᠪᠠᠭᠳᠠᠬᠤ ᠦᠭᠡᠢ ᠪᠤᠯᠬᠤᠷ ᠲᠡᠷᠡ ᠵᠤᠲᠤᠭ ᠢᠶᠠᠨ ᠦᠳᠡᠵᠦ ᠳᠠᠬᠢᠵᠦ ᠪᠠᠷᠢᠯᠳᠤᠭᠠᠳ ᠬᠠᠰᠢᠷ ᠪᠦᠬᠡ ᠤᠴᠢᠷ | ᠭᠧᠨᠳᠤᠨ ᠢ ᠭᠠᠨᠵᠤᠭᠠᠯᠠᠭ᠎ᠠ ᠡᠷᠳᠡᠮ ᠬᠢᠵᠦ ᠬᠠᠶᠠᠭᠠᠳ ᠲᠡᠷᠢᠭᠦᠯᠡᠭᠰᠡᠨ ᠶᠤᠮ᠃ ᠡᠨᠡ ᠪᠦᠬᠦᠨ ᠨᠢ ᠲᠡᠭᠦᠨ ᠳᠤ | ᠠᠪᠤᠷᠭᠤ ᠨᠠᠶᠢᠳᠠᠨ ᠲᠠᠢ ᠠᠩᠬ᠎ᠠ ᠪᠠᠷᠢᠯᠳᠤᠭᠰᠠᠨ ᠰᠠᠶᠢᠬᠠᠨ ᠲᠤᠷᠠᠰᠤᠮᠵᠢ ᠪᠤᠯᠤᠭᠰᠠᠨ ᠮᠦᠷᠳᠡᠭᠡᠨ ᠪᠦᠬᠡ ᠶᠢᠨ | ᠡᠷᠳᠡᠮ ᠤᠨ ᠳᠠᠯ᠎ᠠ ᠪᠠᠷ ᠡᠶᠢᠮᠦ ᠨᠢᠭᠡᠨ ᠳᠠᠰᠤᠷᠬᠠᠢ ᠪᠦᠬᠡ ᠲᠠᠢ ᠤᠴᠠᠷᠠᠵᠦ ᠬᠤᠶᠠᠷ ᠵᠦᠢᠯ ᠤᠨ ᠡᠷᠳᠡᠮ | ᠬᠢᠯᠭᠡᠭᠰᠡᠨ ᠢᠶᠠᠨ ᠤᠮᠤᠭᠰᠢᠯ ᠪᠤᠯᠭᠠᠳᠠᠭ ᠪᠦᠭᠡᠳ ᠪᠠᠰᠠ ᠨᠢᠭᠡᠨ ᠬᠢᠴᠢᠶᠡᠯ ᠬᠦᠮᠦᠵᠢᠯ ᠤᠨ ᠶᠠᠪᠤᠴᠠ ᠪᠤᠯᠭᠠᠵᠠᠢ᠃ | ᠡᠭᠦᠨ ᠢᠶᠠᠷ ᠳᠠᠮᠵᠢᠨ ᠲᠡᠭᠦᠨ ᠤ ᠤᠶᠤᠨ ᠰᠠᠨᠠᠭᠠᠨ ᠳᠤ ᠡᠷᠭᠢᠯᠳᠡ ᠭᠠᠷᠴᠤ᠂ ᠪᠦᠬᠡ ᠪᠠᠷᠢᠯᠳᠤᠬᠤ ᠳᠤ ᠵᠦᠪᠬᠡᠨ ᠬᠠᠷ᠎ᠠ | ᠴᠢᠳᠠᠯ ᠬᠡᠷᠡᠭᠯᠡᠬᠦ ᠪᠢᠰᠢ᠂ ᠪᠦᠬᠡ ᠶᠢᠨ ᠡᠷᠳᠡᠮ ᠮᠡᠷᠭᠡᠵᠢᠯ ᠢ ᠴᠡᠭᠡᠵᠢᠯᠡᠨ ᠲᠤᠭᠳᠠᠭᠠᠵᠦ᠂ ᠪᠠᠷᠢᠯᠳᠤᠭᠠᠨ ᠤ | ᠲᠤᠮᠳᠠ ᠪᠠᠨ ᠡᠷᠳᠡᠮ ᠬᠢᠬᠦ ᠪᠠ ᠡᠷᠳᠡᠮ ᠢ ᠤᠷᠪᠠᠭᠤᠯᠬᠤ ᠶᠢ ᠤᠯᠠᠨ ᠳᠠᠯ᠎ᠠ ᠪᠠᠷ ᠡᠵᠡᠮᠰᠢᠨ ᠬᠡᠷᠡᠭᠯᠡᠬᠦ ᠠᠯᠤᠰ ᠤᠨ | ᠬᠦᠰᠡᠯᠡᠩ ᠲᠠᠢ ᠪᠤᠯᠵᠦ ᠬᠠᠳᠠᠭᠤᠵᠢᠭᠰᠠᠨ ᠶᠤᠮ᠂ ᠭᠧᠨᠳᠤᠨ ᠪᠤᠯ ᠰᠡᠳᠭᠢᠯ ᠴᠠᠶᠢᠯᠭᠠᠨ᠂ ᠬᠦᠩᠭᠡᠨ ᠱᠠᠯᠠᠮᠠᠭᠠᠢ | ᠪᠠᠷᠢᠯᠳᠤᠭᠠᠨ ᠲᠠᠢ᠂ ᠪᠡᠶ᠎ᠡ ᠴᠢᠳᠠᠯ ᠲᠠᠢ ᠬᠦᠮᠦᠨ ᠠᠴᠠ ᠳᠡᠮᠡᠢ ᠲᠤᠳᠠᠬᠤ ᠦᠭᠡᠢ ᠪᠤᠯᠪᠠᠴᠤ ᠪᠠᠰᠠ ᠪᠤᠰᠤᠳ ᠠᠴᠠ | ᠳᠠᠮᠠᠢ ᠠᠬᠠᠳᠠᠭᠠᠳ ᠪᠠᠶᠢᠬᠤ ᠦᠭᠡᠢ ᠪᠠᠷᠢᠯᠳᠤᠭᠠᠨ ᠤ ᠤᠨᠴᠠᠯᠢᠭ ᠲᠠᠢ ᠶᠤᠮ᠃ | ᠪᠠᠷᠢᠯᠳᠤᠭᠠᠨ ᠤ ᠦᠪᠡᠷᠮᠢᠴᠡ ᠡᠷᠳᠡᠮ | ᠮᠢ᠊ ᠭᠧᠨᠳᠤᠨ ᠤᠯᠠᠨ ᠪᠦᠬᠡ ᠶᠢᠨ ᠰᠤᠷᠢᠶ᠎ᠡ ᠪᠤᠯᠪᠠᠰᠤᠷᠠᠯ ᠪᠤᠯᠤᠨ ᠬᠤᠶᠠᠷ ᠵᠠᠭᠤ ᠭᠠᠷᠤᠢ ᠨᠠᠶᠢᠷ ᠲᠤ | ᠪᠠᠷᠢᠯᠳᠤᠬᠤ ᠶᠠᠪᠤᠴᠠ ᠳᠠᠭᠠᠨ ᠦᠪᠡᠷ ᠤᠨ ᠭᠡᠬᠦ ᠦᠪᠡᠷᠮᠢᠴᠡ ᠤᠨᠴᠠᠯᠢᠭ ᠲᠠᠢ ᠡᠷᠳᠡᠮ ᠮᠡᠭᠡ ᠶᠢ ᠪᠤᠢ ᠪᠤᠯᠭᠠᠵᠦ᠂ | ᠦᠵᠦᠮᠦᠴᠢᠨ ᠪᠦᠬᠡ ᠶᠢᠨ ᠡᠷᠳᠡᠮ ᠤᠨ ᠳᠠᠯᠠᠢ ᠳᠤ ᠲᠤᠰᠤᠯ ᠨᠡᠮᠡᠷᠢᠯᠠᠨ᠂ ᠤᠯᠠᠮ ᠪᠠᠶᠠᠯᠢᠭᠵᠢᠭᠤᠯᠤᠨ ᠳᠡᠭᠡᠵᠢᠯᠡᠭᠰᠡᠨ | ᠪᠠᠶᠢᠭ᠎ᠠ ᠶᠤᠮ᠂ ᠳᠠᠳᠠᠭ᠎ᠠ ᠡᠷᠳᠡᠮ᠂ ᠬᠠᠶᠠᠭ᠎ᠠ ᠬᠦᠨᠳᠡᠷᠡᠭᠡ ᠡᠷᠳᠡᠮ᠂ ᠡᠯᠭᠦᠭᠡ ᠡᠷᠳᠡᠮ ᠢ ᠤᠷᠪᠠᠭᠤᠯᠬᠤ ᠵᠡᠷᠭᠡ ᠪᠤᠯ | ᠲᠡᠭᠦᠨ ᠤ ︽ᠤᠩᠭᠤᠨ ᠡᠷᠳᠡᠮ︾ ᠪᠤᠯᠬᠤ ᠶᠤᠮ᠂ ᠲᠡᠷᠡ ᠶᠡᠷᠤᠨᠢ ᠬᠦᠮᠦᠨ ᠤ ᠬᠢᠭᠰᠡᠨ ᠡᠷᠳᠡᠮ ᠢ | ᠬᠠᠷᠢᠭᠤᠯᠬᠤ ᠳᠠᠭᠠᠨ ᠭᠠᠷᠮᠠᠭᠠᠢ ᠪᠠᠶᠢᠳᠠᠭ᠃ | ᠨᠢᠭᠡ᠂ ᠳᠠᠳᠠᠭ᠎ᠠ ᠡᠷᠳᠡᠮ ᠪᠠ ᠬᠢᠬᠦ ᠶᠠᠪᠤᠴᠠ | ︵1︶᠂ ᠪᠠᠶ᠎ᠡ ᠴᠤᠭᠴᠠ ᠴᠢᠳᠠᠯ ᠬᠦᠴᠦᠨ ᠤ ᠳᠠᠯ᠎ᠠ ᠪᠠᠷ ᠦᠨᠳᠦᠷ ᠪᠤᠭᠤᠨᠢ ᠬᠦᠮᠦᠰ ᠪᠦᠷ ᠬᠢᠵᠦ ᠪᠤᠯᠬᠤ | ᠪᠦᠭᠡᠳ ᠨᠢᠷᠤᠭᠤ ᠵᠦᠭᠡᠯᠡᠨ᠂ ᠬᠦᠳᠡᠯᠭᠡᠭᠡᠨ ᠲᠦᠷᠭᠡᠨ ᠮᠦᠷᠳᠡᠭᠡᠨ ᠲᠦᠷᠪᠡᠨ ᠮᠦᠴᠢ ᠳᠡᠭᠡᠨ ᠴᠢᠳᠠᠯ ᠲᠠᠢ | ᠬᠦᠮᠦᠨ ᠳᠤ ᠲᠤᠬᠢᠷᠠᠨ᠎ᠠ᠂ | ︵2︶᠂ ᠪᠠᠷᠢᠴᠠ ᠪᠠᠷᠢᠬᠤ ᠳᠤ᠂ ᠳᠠᠯᠤᠮᠵᠢᠯᠠᠵᠦ ᠪᠠᠷᠢᠬᠤ᠂ ᠬᠠᠳᠠᠵᠦ ︵ᠬᠠᠨᠴᠤᠢ ᠠᠴᠠ ᠨᠢ︶ ᠪᠠᠷᠢᠬᠤ᠂ | ᠪᠦᠰᠡᠳᠡᠵᠦ ︵ᠨᠢᠭᠡ ᠭᠠᠷ ᠪᠦᠰᠡᠯᠡᠭᠡ ᠠᠴᠠ ᠪᠠᠷᠢᠵᠦ᠂ ᠨᠦᠭᠦᠭᠡ ᠭᠠᠷ ᠨᠢ ᠬᠠᠨᠴᠤᠢ ᠠᠴᠠ︶ ᠪᠠᠷᠢᠬᠤ᠂ ᠵᠦᠷᠢᠭᠦᠤ | ᠳᠡᠪᠡᠷᠢᠵᠦ ᠪᠠᠷᠢᠬᠤ᠂ ᠦᠷᠦᠭᠡᠰᠦᠨ ︵ᠨᠢᠭᠡ ᠭᠠᠷ ᠢᠶᠠᠷ ᠪᠠᠷᠢᠬᠤ︶ ᠬᠠᠨᠴᠤᠢ ᠠᠴᠠ ᠪᠠᠷᠢᠬᠤ ᠵᠡᠷᠭᠡ ᠪᠠᠶᠢᠳᠠᠭ᠃ | ︵3︶᠂ ᠬᠢᠬᠦ ᠡᠷᠳᠡᠮ᠄ ᠳᠠᠯᠤᠮᠵᠢᠯᠠᠵᠦ ᠪᠠᠷᠢᠪᠠᠯ ᠬᠠᠭᠤᠯᠠᠵᠦ ᠳᠠᠳᠠᠵᠦ ᠪᠤᠯᠤᠨ᠎ᠠ᠂ ᠪᠦᠰᠡᠳᠡᠵᠦ ᠪᠠᠷᠢᠪᠠᠯ | ᠤᠷᠤᠨ ᠠᠴᠠ ᠪᠠᠨ ᠵᠠᠶᠢᠯᠠᠵᠦ ᠠᠯᠬᠤᠭᠠᠳ ᠤᠷᠤᠭᠰᠢ ᠳᠠᠳᠠᠵᠦ ᠪᠤᠯᠤᠨ᠎ᠠ᠂ ᠵᠦᠷᠢᠭᠦᠤ ᠳᠡᠪᠡᠷᠢᠪᠡᠯ ᠪᠠᠶ᠎ᠠ ᠪᠠᠨ | ᠤᠬᠤᠷᠢᠨ ᠨᠢᠭᠡ ᠠᠯᠬᠤᠮ ᠵᠠᠶᠢᠯᠠᠵᠦ ᠳᠠᠳᠠᠵᠦ ᠪᠤᠯᠤᠨ᠎ᠠ᠂ ᠬᠠᠳᠠᠵᠦ ᠪᠠᠷᠢᠪᠠᠯ ᠬᠤᠶᠢᠰᠢ ᠤᠬᠤᠷᠢᠭᠰᠠᠨ ᠢᠶᠠᠨ | ᠤᠷᠤᠭᠰᠢ ᠳᠠᠳᠠᠵᠦ ᠪᠤᠯᠤᠨ᠎ᠠ᠂ ᠦᠷᠦᠭᠡᠰᠦᠨ ᠬᠠᠨᠴᠤᠢ ᠠᠴᠠ ᠪᠠᠷᠢᠪᠠᠯ ᠨᠦᠭᠦᠭᠡ ᠭᠠᠷ ᠢᠶᠠᠷ ᠢᠶᠠᠨ ᠰᠤᠭᠤ ᠶᠢ ᠨᠢ | ᠴᠤᠬᠢᠵᠦ᠂ ᠴᠤᠭᠢᠭᠰᠠᠨ ᠳᠠᠯ᠎ᠠ ᠪᠠᠷ ᠢᠶᠠᠨ ᠳᠠᠳᠠᠨ᠎ᠠ᠂ ᠡᠭᠦᠨ ᠢ ︽ᠡᠯᠢᠭᠡᠨ ᠳᠠᠳᠠᠭ᠎ᠠ︾ ᠭᠡᠳᠡᠭ᠃ | ︵4︶᠂ ᠬᠠᠷᠢᠭᠤ ᠡᠷᠳᠡᠮ᠄ ᠳᠠᠭᠠᠵᠦ ᠠᠯᠬᠤᠭᠠᠳ ᠭᠠᠷᠤᠨ᠎ᠠ᠂ | ︵5︶᠂ ᠳᠠᠪᠬᠤᠷ ᠡᠷᠳᠡᠮ᠄ ᠳᠠᠯᠤᠮᠵᠢᠯᠠᠵᠦ ᠬᠠᠭᠤᠯᠠᠭᠰᠠᠨ ᠢ ᠳᠠᠭᠠᠭᠠᠳ ᠭᠠᠷᠪᠠᠯ ᠴᠤᠬᠢᠵᠦ ᠪᠤᠯᠤᠨ᠎ᠠ ᠃ | ᠪᠦᠰᠡᠳᠡᠵᠦ ᠵᠠᠶᠢᠯᠠᠭᠰᠠᠨ ᠢ ᠳᠠᠭᠠᠭᠠᠳ ᠭᠠᠷᠪᠠᠯ ᠭᠢᠰᠭᠢᠵᠦ ᠪᠤᠯᠤᠨ᠎ᠠ᠂ ᠪᠠᠰᠠ ᠨᠦᠮᠦᠷᠢᠵᠦ ᠳᠠᠷᠤᠵᠦ ᠪᠤᠯᠤᠨ᠎ᠠ᠃ | ᠵᠦᠷᠢᠭᠦᠤ ᠳᠡᠪᠡᠷᠢᠭᠡᠳ ᠤᠷᠤᠭᠰᠢ ᠳᠠᠳᠠᠭᠰᠠᠨ ᠢ ᠳᠠᠭᠠᠭᠠᠳ ᠭᠠᠷᠪᠠᠯ ᠨᠦᠮᠦᠷᠢᠵᠦ ᠬᠢᠰᠬᠢᠵᠦ ᠪᠤᠯᠤᠨ᠎ᠠ᠂ ᠪᠠᠰᠠ | ᠰᠤᠯᠢᠵᠦ ᠬᠦᠨᠳᠡᠷᠴᠤ ᠪᠤᠯᠤᠨ᠎ᠠ᠃ ᠬᠠᠳᠠᠵᠦ ᠳᠠᠳᠠᠭᠰᠠᠨ ᠢ ᠳᠠᠭᠠᠭᠠᠳ ᠭᠠᠷᠪᠠᠯ ᠤᠷᠤᠭᠰᠢ ᠠᠯᠬᠤᠭᠠᠳ | ᠭᠠᠨᠵᠤᠭᠠᠯᠠᠵᠦ ᠪᠤᠯᠤᠨ᠎ᠠ᠃ ᠡᠯᠢᠭᠡᠨ ᠳᠠᠳᠠᠭ᠎ᠠ ᠶᠢ ᠳᠠᠭᠠᠭᠠᠳ ᠭᠠᠷᠪᠠᠯ ᠭᠢᠰᠬᠢᠵᠦ ᠪᠤᠯᠤᠨ᠎ᠠ᠂ ᠳᠡᠭᠡᠭᠡᠯᠡᠵᠦ ᠪᠤᠯᠤᠨ᠎ᠠ ᠃ | | ᠵᠢᠱᠢᠶ᠎ᠡ ᠨᠢ᠄ | ︵1︶᠂ 1976 ᠤᠨ ᠳᠤ ᠠᠪᠠᠭ᠎ᠠ ᠬᠤᠰᠢᠭ᠋ᠨ ᠤ ᠵᠢᠷᠭᠠᠯᠠᠩᠳᠦ ᠨᠢᠭᠡᠳᠦᠯ ᠤᠨ ᠨᠠᠶᠢᠷ ᠲᠤ ᠲᠤᠰ | ᠨᠤᠲᠤᠭ ᠤᠨ ᠵᠠᠩᠭᠢᠶᠠᠳᠦ ᠪᠦᠬᠡ ᠸᠠᠩᠴᠢᠨᠰᠡᠷᠡᠩ ᠢ ᠮᠢ᠊ ᠭᠧᠨᠳᠤᠨ ᠲᠠᠢ ᠲᠠᠭᠠᠷᠠᠭᠤᠯᠤᠭᠰᠠᠨ ᠪᠠᠶᠢᠵᠠᠢ᠂ | ᠸᠠᠩᠴᠢᠨᠰᠡᠷᠡᠩ ᠢᠶᠠᠷ ᠭᠧᠨᠳᠤᠨ ᠢ ᠪᠠᠷᠢᠵᠦ ᠠᠪᠤᠭᠠᠳ ᠭᠢᠰᠭᠢᠬᠦ ᠳᠤ ᠭᠧᠨᠳᠤᠨ ᠭᠤᠸᠠᠢ ᠬᠦᠯ ᠢᠶᠠᠨ ᠱᠠᠯᠠᠮᠠᠭᠠᠢ | ᠰᠤᠭᠤᠯᠤᠭᠰᠠᠨ ᠢᠶᠠᠨ ᠰᠢᠷᠦᠭᠦᠨ ᠳᠠᠳᠠᠵᠦ ᠲᠡᠭᠦᠨ ᠢ ᠬᠠᠶᠠᠭᠰᠠᠨ ᠶᠤᠮ᠂ ᠢᠩᠭᠢᠵᠦ ᠬᠠᠮᠤᠭ ᠠᠩᠬᠠᠨ ᠤ ᠨᠠᠶᠢᠷ ᠤᠨ | ᠲᠡᠷᠢᠭᠦᠨ ᠱᠠᠩ ᠲᠤᠰᠴᠤ ᠲᠡᠷᠢᠭᠦᠯᠡᠭᠰᠡᠨ ᠪᠠᠶᠢᠳᠠᠭ᠂ ᠡᠭᠦᠨ ᠢ ︽ᠬᠢᠰᠭᠢᠭᠡ ᠰᠤᠭᠤᠯᠬᠤ ᠡᠷᠳᠡᠮ︾ ᠭᠡᠳᠡᠭ ᠶᠤᠮ᠃ | ︵2︶᠂ 1977 ᠤᠨ ᠳᠤ ᠵᠡᠭᠦᠨ ᠦᠵᠦᠮᠦᠴᠢᠨ ᠬᠤᠰᠢᠭᠤᠨ ᠤ ᠠᠯᠳᠠᠨᠬᠢᠯᠢ ᠨᠢᠭᠡᠳᠦᠯ ᠭᠤᠷᠪᠠᠳᠤᠭᠠᠷ | ᠤᠳᠠᠭᠠᠨ ᠤ ᠠᠷᠠᠳ ᠤᠨ ᠨᠠᠶᠢᠷ ᠢᠶᠠᠨ ᠬᠢᠬᠦ ᠳᠤ ᠬᠦᠭᠡᠷᠴᠡᠭ ᠰᠠᠭᠠᠮᠠᠢ ᠪᠠᠷ ᠨᠤᠲᠤᠭ ᠲᠠᠢ ᠨᠡᠷᠡᠳᠦ ᠪᠦᠬᠡ ᠦᠨᠳᠦᠷ | ᠨᠠᠳᠮᠢᠳ ᠠᠷᠪᠠᠨ ᠵᠢᠷᠭᠤᠭ᠎ᠠ ᠳᠤ ᠮᠢ᠊ ᠭᠧᠨᠳᠤᠨ ᠲᠠᠢ ᠲᠠᠭᠠᠷᠠᠬᠤ ᠳᠤ᠂ ᠬᠤᠶᠠᠭᠤᠯᠠ ᠪᠠᠨ ᠵᠦᠷᠢᠭᠦᠤ | ᠲᠡᠪᠡᠷᠢᠯᠳᠦᠭᠰᠡᠨ ᠢᠶᠠᠨ ᠨᠠᠳᠮᠢᠳ ᠪᠠᠶ᠎ᠡ ᠦᠨᠳᠦᠷ ᠬᠦᠮᠦᠨ ᠭᠧᠨᠳᠤᠨ ᠢ ᠭᠢᠰᠭᠢᠬᠦ ᠳᠤ ᠲᠡᠷᠡ ᠬᠦᠯ ᠢᠶᠠᠨ | ᠰᠤᠭᠤᠯᠤᠮᠠᠭᠴᠠ ᠪᠠᠨ ᠨᠦᠢᠯᠡᠵᠦ ᠳᠠᠳᠠᠭᠠᠳ ᠬᠠᠶᠠᠭᠰᠠᠨ ᠶᠤᠮ᠂ ᠡᠭᠦᠨ ᠢ ᠦᠵᠦᠮᠦᠴᠢᠨ ᠠᠯᠳᠠᠷᠳᠦ ᠪᠦᠬᠡ ᠭᠤᠸ᠎ᠠ | ᠱᠢᠷᠤᠪ ᠤᠨ ︽ᠨᠦᠢᠯᠡᠭᠡ ᠳᠠᠳᠠᠭ᠎ᠠ︾ ᠴᠤ ᠭᠡᠳᠡᠭ᠃ | ᠬᠤᠶᠠᠷ᠂ ᠬᠠᠶᠠᠭ᠎ᠠ ᠬᠦᠨᠳᠡᠷᠡᠭᠡ ᠡᠷᠳᠡᠮ ᠪᠠ ᠬᠢᠬᠦ ᠶᠠᠪᠤᠴᠠ | ︵1︶᠂ ᠪᠡᠶ᠎ᠡ ᠴᠤᠭᠴᠠ ᠬᠦᠴᠦᠨ ᠴᠢᠳᠠᠯ ᠤᠨ ᠬᠤᠪᠢ ᠳᠤ᠂ ᠬᠦᠨᠳᠦ ᠬᠦᠩᠭᠡᠨ ᠦᠨᠳᠦᠷ ᠪᠤᠭᠤᠨᠢ ᠬᠦᠮᠦᠰ | ᠪᠦᠷ ᠪᠤᠯᠬᠤ ᠪᠦᠭᠡᠳ ᠬᠦᠳᠡᠯᠭᠡᠭᠡᠨ ᠱᠠᠯᠠᠮᠠᠭᠠᠢ᠂ ᠪᠡᠶ᠎ᠡ ᠶᠢᠨ ᠦᠶ᠎ᠡ ᠵᠦᠭᠡᠯᠡᠨ ᠤᠷᠪᠠᠴᠢᠬᠠᠨ᠂ ᠭᠠᠷ ᠤᠨ ᠬᠦᠴᠦ ᠪᠠ | ᠳᠠᠰᠢᠶᠠᠨ ᠲᠤᠯᠤᠭᠠᠢ ᠳᠠᠭᠠᠨ ᠬᠦᠴᠦ ᠲᠠᠢ ᠬᠦᠮᠦᠰ ᠲᠤ ᠲᠤᠬᠢᠷᠠᠨ᠎ᠠ᠂ | ︵2︶ ᠪᠡᠷᠢᠴᠠ ᠪᠠᠷᠢᠬᠤ᠄ ᠰᠤᠭᠤ ᠡᠯᠭᠦᠵᠦ ᠪᠠᠷᠢᠬᠤ᠂ ᠬᠦᠵᠦᠭᠦᠳᠡᠵᠦ ᠪᠠᠷᠢᠬᠤ᠂ ᠵᠠᠭᠠᠮᠳᠠᠵᠦ ᠪᠠᠷᠢᠬᠤ | ᠵᠡᠷᠭᠡ ᠪᠠᠶᠢᠳᠠᠭ᠂ ᠰᠤᠭᠤᠳᠠᠵᠦ ᠪᠠᠷᠢᠬᠤ ᠭᠡᠳᠡᠭ ᠨᠢ ᠨᠢᠭᠡ ᠭᠠᠷ ᠰᠤᠭᠤ ᠡᠯᠭᠦᠵᠦ᠂ ᠨᠦᠭᠦᠭᠡ ᠭᠠᠷ ᠨᠢ | ᠬᠠᠨᠴᠤᠢ ᠶᠢᠨ ᠦᠵᠦᠭᠦᠷ ᠪᠠᠷᠢᠬᠤ᠂ ᠬᠦᠵᠦᠭᠦᠳᠡᠵᠦ ᠪᠠᠷᠢᠬᠤ ᠭᠡᠳᠡᠭ ᠨᠢ ᠨᠦᠭᠦᠭᠡ ᠡᠳᠡᠭᠡᠳ ᠤᠨ ᠬᠦᠵᠦᠭᠦᠤ ᠶᠢ | ᠨᠢᠭᠡ ᠭᠠᠷ ᠢᠶᠠᠷ ᠪᠠᠷᠢᠵᠦ᠂ ᠨᠦᠭᠦᠭᠡ ᠭᠠᠷ ᠢᠶᠠᠷ ᠢᠶᠠᠨ ᠬᠠᠨᠴᠤᠢ ᠠᠴᠠ ᠪᠤᠶᠤ ᠰᠡᠨᠴᠢᠭᠯᠡᠵᠦ ᠪᠠᠷᠢᠬᠤ᠂ ᠵᠠᠭᠠᠮᠳᠠᠵᠦ | ᠪᠠᠷᠢᠬᠤ ᠭᠡᠳᠡᠭ ᠨᠢ ᠨᠢᠭᠡ ᠭᠠᠷ ᠢᠶᠠᠷ ᠵᠤᠲᠤᠭ ᠤᠨ ᠵᠠᠭᠠᠮ᠎ᠠ ᠠᠴᠠ ᠢᠷᠠᠵᠦ ᠪᠠᠷᠢᠬᠤ᠂ ᠨᠦᠭᠦᠭᠡ ᠭᠠᠷ ᠢᠶᠠᠷ ᠢᠶᠠᠨ | ᠬᠠᠨᠴᠤᠢ ᠶᠢᠨ ᠦᠵᠦᠭᠦᠷ ᠠᠴᠠ ᠪᠠᠷᠢᠬᠤ ᠵᠡᠷᠭᠡ ᠪᠤᠯᠤᠨ᠎ᠠ᠃ | ︵3︶ ᠬᠢᠬᠦ ᠡᠷᠳᠡᠮ᠄ ᠬᠠᠶᠠᠭ᠎ᠠ ᠬᠦᠨᠳᠡᠷᠡᠭᠡ ᠪᠤᠯᠤᠨ᠎ᠠ᠂ ᠲᠤᠰ ᠡᠷᠳᠡᠮ ᠢ ᠬᠢᠬᠦ ᠳᠤ ᠰᠤᠭᠤᠳᠠᠵᠦ ᠠᠪᠤᠪᠠᠯ | ᠨᠢᠭᠡ ᠬᠦᠯ ᠢᠶᠠᠨ ᠬᠤᠶᠢᠰᠢ ᠠᠯᠬᠤᠵᠦ᠂ ᠨᠦᠭᠦᠭᠡ ᠬᠦᠯ ᠢᠶᠠᠨ ᠠᠯᠬᠤᠮᠠᠭᠴᠠ ᠡᠰᠡᠷᠭᠦ ᠡᠳᠡᠭᠡᠳ ᠢᠶᠠᠨ ᠠᠷᠤ ᠵᠦᠭ | ᠨᠢ ᠳᠠᠳᠠᠭᠰᠠᠨ ᠢᠶᠠᠨ ᠴᠡᠭᠡᠵᠢ ᠪᠠᠨ ᠡᠷᠭᠢᠭᠡᠳ ᠬᠦᠨᠳᠡᠷᠡᠨᠡ᠂ ᠬᠦᠵᠦᠭᠦᠳᠡᠵᠦ ᠠᠪᠤᠪᠠᠯ ᠬᠤᠶᠢᠰᠢ ᠨᠢᠭᠡ ᠠᠯᠬᠤᠮ | ᠤᠬᠤᠷᠢᠵᠦ᠂ ᠨᠦᠭᠦᠭᠡ ᠬᠦᠯ ᠢᠶᠠᠨ ᠤᠷᠤᠭᠰᠢ ᠠᠯᠬᠤᠭᠰᠠᠨ ᠢᠶᠠᠨ ᠡᠰᠡᠷᠭᠦ ᠡᠳᠡᠭᠡᠳ ᠢᠶᠠᠨ ᠠᠷᠤ ᠵᠦᠭ ᠨᠢ ᠳᠠᠳᠠᠵᠦ | ᠴᠡᠭᠡᠵᠢ ᠪᠠᠨ ᠡᠷᠭᠢᠭᠡᠳ ᠬᠦᠨᠳᠡᠷᠡᠨᠡ᠂ ᠵᠠᠭᠠᠮᠳᠠᠵᠦ ᠠᠪᠤᠭᠠᠳ ᠬᠦᠨᠳᠡᠷᠡᠬᠦ ᠨᠢ ᠮᠦᠨ ᠰᠤᠭᠤ ᠡᠯᠭᠦᠬᠦ ᠬᠦᠨᠳᠡᠷᠡᠭᠡ | ᠲᠠᠢ ᠠᠳᠠᠯᠢ ᠬᠦᠳᠡᠯᠭᠡᠭᠡᠨ ᠢᠶᠠᠷ ᠶᠠᠪᠤᠭᠳᠠᠳᠠᠭ ᠶᠤᠮ᠂ | ︵4︶ ᠬᠠᠷᠢᠭᠤ ᠡᠷᠳᠡᠮ᠄ ᠬᠦᠨᠳᠡᠷᠡᠭᠦ ᠦᠶ᠎ᠡ ᠰᠦᠪᠡᠭᠡ ᠶᠢ ᠨᠢ ᠲᠤᠯᠵᠦ ᠤᠷᠤᠭᠰᠢ ᠠᠯᠬᠤᠵᠦ ᠭᠠᠷᠴᠤ | ᠪᠤᠯᠤᠨ᠎ᠠ᠃ | ᠵᠢᠱᠢᠶ᠎ᠡ᠄ | 1977 ᠤᠨ ᠳᠤ ᠪᠤᠯᠤᠭᠰᠠᠨ ᠠᠯᠳᠠᠨᠬᠢᠯᠢ ᠨᠢᠭᠡᠳᠦᠯ ᠤᠨ ᠨᠠᠶᠢᠷ ᠲᠤ ᠲᠡᠷᠢᠭᠦᠨ ᠳᠡᠳ᠋ ᠳᠤ ᠠᠯᠳᠠᠨᠬᠢᠯᠢ | ᠪᠠᠷᠢᠭᠠᠳᠠ ᠶᠢᠨ ᠨᠡᠷᠡᠳᠦ ᠪᠦᠬᠡ ᠰᠦᠩᠷᠦᠪ ᠲᠠᠢ ᠳᠠᠭᠠᠷᠠᠵᠦ ᠪᠠᠷᠢᠯᠳᠤᠬᠤ ᠳᠠᠭᠠᠨ ᠭᠧᠨᠳᠤᠨ ᠭᠤᠸᠠᠢ ᠰᠤᠭᠤ ᠶᠢ ᠨᠢ | ᠡᠯᠭᠦᠵᠦ᠂ ︽ᠬᠠᠶᠠᠭ᠎ᠠ ᠬᠦᠨᠳᠡᠷᠡᠭᠡ ᠡᠷᠳᠡᠮ︾ ᠢᠶᠠᠨ ᠬᠢᠵᠦ ᠬᠠᠶᠠᠭᠠᠳ ᠲᠡᠷᠢᠭᠦᠯᠡᠭᠰᠡᠨ ᠪᠠᠶᠢᠭ᠎ᠠ ᠶᠤᠮ᠃ | ᠭᠤᠷᠪᠠ᠂ ᠡᠯᠭᠦᠭᠡ ᠡᠷᠳᠡᠮ ᠪᠠ ᠬᠢᠬᠦ ᠶᠠᠪᠤᠴᠠ | ᠡᠯᠭᠦᠭᠡ ᠡᠷᠳᠡᠮ ᠪᠤᠯ ᠬᠤᠶᠠᠷ ᠬᠢᠴᠡ ᠲᠠᠢ ᠪᠠᠶᠢᠳᠠᠭ᠂ ᠭᠠᠳᠠᠷ ᠡᠯᠭᠦᠭᠡ ᠪᠤᠶᠤ ᠲᠤᠳᠤᠷ ᠡᠯᠭᠦᠭᠡ ᠭᠡᠵᠦ | ᠢᠯᠭᠠᠬᠤ ᠪᠦᠭᠡᠳ ᠲᠤᠲᠤᠷ ᠡᠯᠭᠦᠭᠡ ᠶᠢ ᠰᠡᠭᠡᠷ ᠡᠯᠭᠦᠭᠡ ᠭᠡᠬᠦ ᠪᠤᠶᠤ ᠫᠠᠰᠠ ᠴᠤ ᠭᠡᠳᠡᠭ ᠶᠤᠮ᠃ | ︵1︶ ᠪᠡᠶ᠎ᠡ ᠴᠢᠳᠠᠯ ᠤᠨ ᠬᠤᠪᠢ ᠳᠤ᠂ ᠰᠤᠯᠠ ᠴᠤᠭᠴᠠ ᠲᠠᠢ᠂ ᠬᠤᠶᠠᠷ ᠭᠠᠷ ᠪᠤᠶᠤ ᠳᠠᠰᠢᠶᠠᠨ | ᠲᠤᠯᠤᠭᠠᠢ ᠳᠠᠭᠠᠨ ᠴᠢᠳᠠᠯ ᠬᠦᠴᠦ ᠲᠠᠢ ᠬᠦᠮᠦᠨ ᠳᠤ ᠲᠤᠬᠢᠷᠠᠨ᠎ᠠ᠂ | ︵2︶ ᠪᠠᠷᠢᠴᠠ ᠪᠠᠷᠢᠬᠤ᠄ ᠬᠠᠨᠴᠤᠢ ᠶᠢᠨ ᠦᠵᠦᠭᠦᠷ ᠠᠴᠠ ᠪᠠᠷᠢᠬᠤ᠂ ᠵᠠᠭᠠᠮᠳᠠᠵᠦ ᠪᠠᠷᠢᠬᠤ ᠵᠡᠷᠭᠡ ᠪᠠᠶᠢᠳᠠᠭ᠂ | ᠬᠠᠨᠴᠤᠶᠢᠳᠠᠬᠤ ᠭᠡᠳᠡᠭ ᠨᠢ ᠨᠢᠭᠡ ᠭᠠᠷ ᠢᠶᠠᠷ ᠢᠶᠠᠨ ᠬᠠᠨᠴᠤᠢ ᠠᠴᠠ ᠨᠢ ᠪᠠᠷᠢᠵᠦ᠂ ᠨᠦᠭᠦᠭᠡ ᠭᠠᠷ ᠢᠶᠠᠷ ᠢᠶᠠᠨ | ᠳᠠᠯᠠᠮᠵᠢᠯᠠᠵᠦ ᠢᠷᠠᠵᠦ ᠪᠠᠷᠢᠳᠠᠭ᠂ ᠵᠠᠭᠠᠮᠳᠠᠵᠦ ᠪᠠᠷᠢᠬᠤ ᠭᠡᠳᠡᠭ ᠨᠢ ᠨᠢᠭᠡ ᠭᠠᠷ ᠢᠶᠠᠨ ᠵᠠᠭᠠᠮ᠎ᠠ ᠠᠴᠠ ᠨᠢ | ᠳᠠᠯᠠᠮᠵᠢᠯᠠᠵᠦ ᠪᠠᠷᠢᠨ ᠨᠦᠭᠦᠭᠡ ᠭᠠᠷ ᠢᠶᠠᠷ ᠢᠶᠠᠨ ᠬᠠᠨᠴᠤᠢ ᠶᠢᠨ ᠦᠵᠦᠭᠦᠷ ᠢ ᠪᠠᠷᠢᠳᠠᠭ ᠶᠤᠮ᠂ | ︵3︶ ᠡᠷᠳᠡᠮ ᠬᠢᠬᠦ᠄ ᠬᠠᠨᠴᠤᠶᠢᠳᠠᠵᠦ ᠪᠠᠷᠢᠪᠠᠯ ᠡᠯᠢᠭᠡᠯᠡᠵᠦ ᠴᠤᠬᠢᠨ᠎ᠠ᠂ ᠡᠯᠢᠭᠡᠯᠡᠵᠦ ᠴᠤᠬᠢᠬᠤ ᠳᠠᠭᠠᠨ | ᠴᠡᠭᠡᠵᠢ ᠪᠠᠨ ᠡᠷᠭᠢᠭᠰᠡᠨ ᠢᠶᠠᠨ ᠬᠦᠯ ᠢᠶᠠᠨ ᠤᠬᠤᠷᠢᠨ ᠵᠠᠶᠢᠯᠠᠵᠦ ᠡᠯᠭᠦᠭᠡ ᠡᠷᠳᠡᠮ ᠢᠶᠠᠨ ᠬᠢᠳᠡᠭ᠂ ᠵᠠᠭᠠᠮᠳᠠᠵᠦ ᠪᠠᠷᠢᠪᠠᠯ | ᠢᠷᠠᠵᠦ ᠴᠤᠬᠢᠳᠠᠭ᠂ ᠢᠷᠠᠵᠦ ᠴᠤᠬᠢᠬᠤ ᠳᠠᠭᠠᠨ ᠡᠰᠡᠷᠭᠦ ᠡᠳᠡᠭᠡᠳ ᠢᠶᠠᠨ ᠤᠷᠤᠭᠰᠢ ᠠᠯᠬᠤᠭᠠᠳ ᠦᠰᠦᠭᠡᠢ ᠠᠴᠠ ᠨᠢ | ᠴᠤᠬᠢᠵᠦ ᠡᠯᠭᠦᠭᠡ ᠡᠷᠳᠡᠮ ᠢᠶᠠᠨ ᠬᠢᠳᠡᠭ ᠶᠤᠮ᠂ | ︵4︶᠂ ᠬᠠᠷᠢᠭᠤ ᠡᠷᠳᠡᠮ᠄ ᠡᠷᠳᠡᠮ ᠬᠢᠭᠳᠡᠭᠰᠡᠨ ᠬᠦᠯ ᠢᠶᠠᠨ ᠡᠷᠭᠦᠵᠦ ᠦᠭᠭᠦᠭᠡᠳ ᠬᠤᠷᠳᠤᠨ | ᠬᠦᠳᠡᠯᠭᠡᠭᠡᠨ ᠤ ᠳᠠᠳᠠᠭ᠎ᠠ ᠬᠢᠵᠦ ᠶᠡᠭᠦᠯᠡᠳᠡᠭ᠂ | ︵5︶᠂ ᠳᠠᠪᠬᠤᠷ ᠡᠷᠳᠡᠮ᠄ ᠳᠠᠳᠠᠭ᠎ᠠ ᠡᠷᠳᠡᠮ ᠬᠢᠨ᠎ᠠ᠃ | ᠵᠢᠱᠢᠶ᠎ᠡ᠄ | ︵1︶᠂ 1982 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 1024 ᠪᠦᠬᠡ ᠲᠠᠢ ᠶᠡᠭᠡ | ᠨᠠᠶᠢᠷ ᠲᠤ ᠭᠤᠴᠢᠨ ᠬᠤᠶᠠᠷ ᠨᠤᠭᠤᠯᠠᠭᠠᠨ ᠳᠤ ᠬᠦᠯᠦᠨ ᠪᠤᠶᠢᠷ ᠠᠶᠢᠮᠠᠭ ᠤᠨ ᠠᠯᠳᠠᠷᠳᠦ ᠪᠦᠬᠡ ᠲᠦᠷᠦ ᠲᠠᠢ | ᠳᠠᠭᠠᠷᠠᠪᠠ᠂ ᠲᠦᠷᠦ ᠪᠤᠯ ᠭᠤᠷᠪᠠᠨ ᠵᠠᠭᠤ ᠭᠠᠷᠤᠢ ᠵᠢᠩ ᠤᠨ ᠬᠦᠨᠳᠦ ᠴᠤᠭᠴᠠ ᠲᠠᠢ ᠲᠤᠮᠤ ᠲᠠᠷᠭᠤᠨ ᠬᠦᠮᠦᠨ | ᠪᠠᠶᠢᠯ᠎ᠠ᠂ ᠭᠧᠨᠳᠤᠨ ᠬᠠᠨᠴᠤᠢ ᠠᠴᠠ ᠨᠢ ᠪᠠᠷᠢᠵᠦ ᠠᠪᠤᠭᠠᠳ ᠤᠷᠤᠭᠰᠢ ᠳᠠᠳᠠᠭᠰᠠᠨ ᠢᠶᠠᠨ ᠦᠰᠦᠭᠡᠢ ᠠᠴᠠ ᠨᠢ | ᠡᠯᠭᠦᠵᠦ ᠬᠠᠶᠠᠭᠰᠠᠨ ᠶᠤᠮ᠂ ᠡᠭᠦᠨ ᠢ ︽ᠦᠰᠦᠭᠡᠢ ᠡᠯᠭᠦᠭᠡ ᠡᠷᠳᠡᠮ︾ ᠭᠡᠳᠡᠭ᠃ | ︵2︶᠂ 1977 ᠤᠨ ᠳᠤ ᠠᠪᠠᠭᠠᠨᠠᠷ ᠤᠨ ᠪᠠᠶᠠᠨᠪᠤᠯᠠᠭ ᠨᠢᠭᠡᠳᠦᠯ ᠤᠨ 512 ᠪᠦᠬᠡ ᠲᠠᠢ ᠶᠡᠭᠡ ᠨᠠᠶᠢᠷ ᠤᠨ | ᠳᠡᠭᠡᠷ᠎ᠡ ᠲᠦᠷᠪᠡ ᠶᠢᠨ ᠨᠤᠭᠤᠯᠠᠭᠠᠨ ᠳᠤ ᠮᠢ᠊ ᠭᠧᠨᠳᠤᠨ ᠢᠶᠠᠷ ᠰᠢᠯᠤᠭᠤᠨ ᠴᠠᠭᠠᠨ ᠬᠤᠰᠢᠭᠤᠨ ᠤ ᠨᠡᠷᠡᠳᠦ ᠪᠦᠬᠡ | ᠠᠶᠤᠷᠰᠠᠳ ᠲᠠᠢ ᠳᠠᠭᠠᠷᠠᠬᠤ ᠳᠤ᠂ ᠠᠶᠤᠷᠰᠠᠳ ᠭᠠᠳᠠᠷ ᠡᠯᠭᠦᠭᠡ ᠡᠷᠳᠡᠮ ᠬᠢᠬᠦ ᠳᠤ ᠭᠧᠨᠳᠤᠨ ᠡᠯᠭᠦᠭᠳᠡᠭᠰᠡᠨ | ᠬᠦᠯ ᠢᠶᠠᠨ ᠤᠯᠠᠮ ᠳᠡᠭᠡᠭᠰᠢ ᠡᠷᠭᠦᠮᠡᠭᠴᠡ ᠪᠠᠨ ᠡᠷᠭᠦᠭᠰᠡᠨ ᠳᠠᠯ᠎ᠠ ᠵᠦᠭ ᠢᠶᠠᠨ ᠳᠠᠳᠠᠭᠠᠳ ᠬᠠᠶᠠᠭᠰᠠᠨ ᠶᠤᠮ᠂ | ᠡᠭᠦᠨ ᠢ ︿ᠡᠯᠭᠦᠭᠡ ᠬᠠᠷᠢᠭᠤᠯᠬᠤ ﹀ ᠡᠷᠳᠡᠮ ᠭᠡᠳᠡᠭ ᠶᠤᠮ᠃ | ᠲᠦᠷᠪᠡ᠂ ᠤᠳᠬᠤᠭ᠎ᠠ ᠡᠷᠳᠡᠮ ᠪᠠ ᠬᠢᠬᠦ ᠶᠠᠪᠤᠴᠠ | ᠤᠳᠬᠤᠭ᠎ᠠ ᠡᠷᠳᠡᠮ ᠢ ᠦᠵᠦᠮᠦᠴᠢᠨ ᠪᠦᠬᠡᠴᠤᠳ ᠦᠷᠭᠡᠨ ᠪᠦᠭᠡᠳ ᠳᠠᠳᠮᠠᠭᠠᠢ ᠬᠡᠷᠡᠭᠯᠡᠳᠡᠭ ᠪᠦᠬᠡ ᠶᠢᠨ | ᠡᠷᠳᠡᠮ ᠤᠨ ᠭᠤᠤᠯ ᠬᠢᠴᠡ ᠪᠤᠯᠬᠤ ᠶᠤᠮ᠂ ᠮᠦᠨᠴᠦ ᠤᠯᠠᠨ ᠵᠦᠢᠯ ᠢᠶᠠᠷ ᠤᠯᠠᠷᠢᠭᠤᠯᠤᠨ ᠬᠡᠷᠡᠭᠯᠡᠵᠦ ᠪᠤᠯᠳᠠᠭ᠃ | ︵1︶ ᠂ ᠭᠤᠤᠯᠳᠠᠭᠤ ᠪᠡᠶ᠎ᠡ ᠳᠡᠭᠡᠨ ᠳᠠᠩᠴᠡᠭᠦᠤ ᠬᠦᠴᠦᠳᠠᠢ᠂ ᠬᠤᠷᠳᠤᠨ ᠱᠠᠯᠠᠮᠠᠭᠠᠢ ᠬᠦᠳᠡᠯᠭᠡᠭᠡᠨ ᠲᠠᠢ ᠶᠠᠮᠠᠷ | ᠴᠤ ᠬᠦᠮᠦᠨ ᠳᠤ ᠲᠤᠬᠢᠷᠠᠳᠠᠭ᠂ | ︵2︶᠂ ᠪᠠᠷᠢᠴᠠ ᠪᠠᠷᠢᠬᠤ᠄ ᠬᠠᠳᠠᠵᠦ ︵ᠬᠠ ᠠᠴᠠ︶ ᠪᠠᠷᠢᠬᠤ᠂ ᠪᠦᠰᠡᠳᠡᠵᠦ ᠪᠠᠷᠢᠬᠤ᠂ ᠬᠦᠵᠦᠭᠦᠪᠴᠢᠯᠡᠵᠦ | ᠪᠠᠷᠢᠬᠤ᠂ ᠭᠠᠷ ᠳᠡᠪᠡᠷᠢᠵᠦ ᠪᠠᠷᠢᠬᠤ᠂ ᠳᠠᠯᠠᠪᠴᠢᠯᠠᠵᠦ ᠪᠠᠷᠢᠬᠤ᠂ ᠰᠤᠭᠤᠪᠴᠢᠯᠠᠵᠦ ᠪᠠᠷᠢᠬᠤ᠂ ᠵᠦᠷᠢᠭᠦᠤ ᠳᠡᠪᠡᠷᠢᠵᠦ | ᠪᠠᠷᠢᠬᠤ᠂ ᠵᠠᠭᠠᠮᠳᠠᠵᠦ ᠪᠠᠷᠢᠬᠤ᠂ ᠳᠠᠯ᠎ᠠ ᠪᠤᠯᠢᠶᠠᠵᠦ ᠪᠠᠷᠢᠬᠤ ᠵᠡᠷᠭᠡ ᠪᠠᠶᠢᠳᠠᠭ᠂ | ︵3︶᠂ ᠡᠷᠳᠡᠮ ᠬᠢᠬᠦ᠄ ᠬᠠᠳᠠᠵᠦ ᠪᠠᠷᠢᠪᠠᠯ ᠳᠡᠭᠡᠭᠰᠢ ᠡᠷᠭᠦᠵᠦ᠂ ᠰᠠᠭᠤᠬᠤ ᠬᠦᠴᠦᠨ ᠳᠤᠨᠢ ᠳᠠᠷᠤᠵᠦ | ᠤᠳᠬᠤᠬᠤ᠂ ᠪᠦᠰᠡᠳᠡᠵᠦ ᠪᠠᠷᠢᠪᠠᠯ ᠭᠠᠷ ᠢ ᠨᠢ ᠠᠯᠳᠠᠭᠤᠯᠤᠨ ᠳᠠᠳᠠᠵᠦ ᠪᠤᠴᠠᠭᠤᠯᠤᠨ ᠤᠳᠬᠤᠬᠤ᠂ | ᠬᠦᠵᠦᠭᠦᠪᠴᠢᠯᠡᠵᠦ ᠪᠠᠷᠢᠪᠠᠯ ᠳᠠᠳᠠᠵᠦ ᠪᠠᠶᠢᠭᠠᠳ ᠲᠦᠯᠬᠢᠬᠦ ᠳᠠᠰᠢᠷᠠᠮ ᠳᠤ ᠤᠳᠬᠤᠬᠤ᠂ ᠭᠠᠷ ᠳᠡᠪᠡᠷᠢᠵᠦ ᠪᠠᠷᠢᠪᠠᠯ | ᠡᠯᠢᠭᠡᠯᠡᠵᠦ ᠪᠠᠶᠢᠭᠠᠳ ᠤᠳᠬᠤᠬᠤ᠂ ᠳᠠᠯᠠᠪᠴᠢᠯᠠᠵᠦ ᠪᠠᠷᠢᠪᠠᠯ ᠳᠠᠳᠠᠵᠦ ᠴᠦᠮᠦᠷᠢᠵᠦ ᠢᠷᠡᠭᠰᠡᠨ ᠬᠦᠯ ᠢ ᠨᠢ | ᠤᠳᠬᠤᠬᠤ᠂ ᠰᠤᠭᠤᠪᠴᠢᠯᠠᠵᠦ ᠪᠠᠷᠢᠪᠠᠯ ᠭᠠᠷ ᠢᠶᠠᠷ ᠬᠦᠴᠦᠯᠡᠨ ᠳᠠᠷᠤᠵᠦ ᠤᠳᠬᠤᠭᠠᠳ ᠪᠠᠶ᠎ᠡ ᠪᠠᠷ ᠢᠶᠠᠨ ᠳᠠᠷᠤᠨ᠎ᠠ᠂ | ᠵᠦᠷᠢᠭᠦᠤ ᠳᠡᠪᠡᠷᠢᠵᠦ ᠪᠠᠷᠢᠪᠠᠯ ᠳᠠᠭᠠᠷᠢᠭᠰᠠᠨ ᠬᠦᠴᠦᠨ ᠢᠶᠠᠷ ᠬᠤᠷᠳᠤᠨ ᠤᠳᠬᠤᠵᠦ ᠠᠰᠯᠠᠨ ᠲᠦᠯᠬᠢᠨ᠎ᠡ᠂ | ᠵᠠᠭᠠᠮᠳᠠᠵᠦ ᠪᠠᠷᠢᠪᠠᠯ ᠲᠤᠭᠳᠤᠷᠴᠤ ᠤᠳᠬᠤᠨ᠎ᠠ᠂ ᠰᠤᠯᠠᠳᠠᠪᠠᠯ ᠳᠠᠭᠠᠵᠦ ᠲᠦᠯᠬᠢᠨ᠎ᠡ᠂ ᠳᠠᠯ᠎ᠠ ᠪᠤᠯᠢᠶᠠᠵᠦ ᠪᠠᠷᠢᠪᠠᠯ | ᠲᠤᠬᠤᠢ ᠪᠠᠨ ᠴᠡᠭᠡᠵᠢᠨ ᠳᠤ ᠳᠠᠭᠠᠷᠠᠭᠤᠯᠤᠨ ᠭᠦᠰᠢᠵᠦ ᠠᠯᠬᠤᠭᠤᠯᠤᠨ ᠤᠳᠬᠤᠨ᠎ᠠ᠃ | ︵4︶᠂ ᠬᠠᠷᠢᠭᠤ ᠡᠷᠳᠡᠮ᠄ ᠬᠠᠳᠠᠭᠰᠠᠨ ᠤᠳᠬᠤᠭ᠎ᠠ ᠶᠢ ᠤᠳᠬᠤᠭᠳᠠᠭᠰᠠᠨ ᠬᠦᠯ ᠢᠶᠠᠨ ᠵᠢᠭᠢᠵᠦ᠂ ᠡᠰᠡᠷᠭᠦ | ᠡᠳᠡᠭᠡᠳ ᠤᠨ ᠵᠤᠭᠰᠤᠭᠰᠠᠨ ᠬᠦᠯ ᠢ ᠴᠤᠬᠢᠨ᠎ᠠ᠂ ᠪᠦᠰᠡᠳᠡᠭᠰᠡᠨ ᠤᠳᠬᠤᠭ᠎ᠠ ᠶᠢ ᠶᠡᠭᠦᠯᠡᠵᠦ ᠪᠤᠯᠤᠨ᠎ᠠ᠂ | ᠬᠦᠵᠦᠭᠦᠪᠴᠢᠯᠡᠭᠰᠡᠨ ᠤᠳᠬᠤᠭ᠎ᠠ ᠶᠢ ᠰᠤᠯᠠ ᠬᠦᠯ ᠢᠶᠠᠨ ᠬᠦᠳᠡᠯᠭᠡᠬᠦ ᠦᠭᠡᠢ ᠪᠠᠶᠢᠵᠦ᠂ ᠲᠦᠯᠬᠢᠬᠦ ᠶᠢᠨ ᠳᠠᠭᠠᠤ | ᠪᠤᠰᠴᠤ ᠶᠡᠭᠦᠯᠡᠵᠦ ᠪᠤᠯᠤᠨ᠎ᠠ᠂ ᠭᠠᠷ ᠳᠡᠪᠡᠷᠢᠭᠰᠡᠨ ᠤᠳᠬᠤᠭ᠎ᠠ ᠶᠢ ᠶᠡᠭᠦᠯᠡᠵᠦ ᠪᠤᠯᠤᠨ᠎ᠠ᠂ ᠳᠠᠯᠠᠪᠴᠢᠯᠠᠵᠦ ᠪᠠᠷᠢᠭᠰᠠᠨ | ᠤᠳᠬᠤᠭ᠎ᠠ ᠶᠢ ᠴᠡᠭᠡᠵᠢ ᠪᠠᠨ ᠪᠤᠰᠬᠠᠬᠤ ᠲᠠᠢ ᠵᠡᠷᠭᠡ ᠶᠡᠭᠦᠯᠡᠨ᠎ᠡ᠂ ᠰᠤᠯᠠ ᠭᠠᠷ ᠢᠶᠠᠷ ᠰᠤᠭᠤ ᠠᠴᠠ ᠨᠢ ᠠᠯᠠᠭᠠᠳᠠᠵᠦ | ᠦᠭᠭᠦᠨ᠎ᠡ᠂ ᠰᠤᠭᠤᠪᠴᠢᠯᠠᠵᠦ ᠪᠠᠷᠢᠭᠰᠠᠨ ᠤᠳᠬᠤᠭ᠎ᠠ ᠶᠢ ᠤᠳᠬᠤᠭᠳᠠᠭᠰᠠᠨ ᠬᠦᠯ ᠢᠶᠠᠨ ᠬᠤᠷᠳᠤᠨ ᠠᠰ ᠢᠰᠭᠦᠯᠵᠦ | ᠨᠤᠮᠳᠠᠵᠦ ᠳᠠᠷᠤᠨ᠎ᠠ᠂ ᠵᠦᠷᠢᠭᠦᠤ ᠳᠡᠪᠡᠷᠢᠭᠰᠡᠨ ᠤᠳᠬᠤᠭ᠎ᠠ ᠶᠢ ᠴᠡᠭᠡᠵᠢ ᠪᠠᠨ ᠡᠷᠭᠢᠨ ᠶᠡᠭᠦᠯᠡᠵᠦ ᠪᠤᠯᠤᠨ᠎ᠠ ᠂︔︔︔ | ᠃ ︵ᠰᠤᠳᠨᠠᠮ ᠤᠨ ᠳᠠᠮᠳᠡᠭᠯᠡᠯ ᠠᠴᠠ ᠨᠠᠶᠢᠷᠠᠭᠤᠯᠪᠠ︶ | ᠵᠢᠱᠢᠶ᠎ᠡ᠄ | ︵1︶᠂ 1982 ᠤᠨ ᠳᠤ ᠪᠤᠯᠤᠭᠰᠠᠨ ᠪᠦᠬᠦ ᠤᠷᠤᠨ ᠤ ᠳᠠᠪᠤᠳᠤᠭᠠᠷ ᠤᠳᠠᠭᠠᠨ ᠤ ᠪᠠᠶ᠎ᠡ ᠳᠠᠮᠢᠷ ᠤᠨ | ᠮᠤᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠳᠡᠭᠡᠷ᠎ᠡ ᠨᠠᠢᠮᠠ ᠶᠢᠨ ᠨᠤᠭᠤᠯᠠᠭᠠᠨ ᠳᠤ ᠬᠦᠯᠦᠨ | ᠪᠤᠶᠢᠷ ᠨᠤᠲᠤᠭ ᠲᠠᠢ ᠤᠯᠤᠰ ᠤᠨ ᠠᠪᠤᠷᠭᠤ ᠭᠤᠨᠴᠤᠭᠵᠠᠪ ᠮᠢ᠊ ᠭᠧᠨᠳᠤᠨ ᠲᠠᠢ ᠳᠠᠭᠠᠷᠠᠭᠠᠳ ᠤᠳᠬᠤᠭ᠎ᠠ ᠡᠷᠳᠡᠮ | ᠬᠢᠭᠰᠡᠨ ᠳᠤ ᠭᠧᠨᠳᠤᠨ ᠱᠠᠯᠠᠮᠠᠭᠠᠢ ᠬᠦᠳᠡᠯᠭᠡᠭᠡᠨ ᠢᠶᠠᠷ ᠤᠳᠬᠤᠭ᠎ᠠ ᠶᠢ ᠨᠢ ᠲᠡᠯᠢᠵᠦ ᠶᠡᠭᠦᠯᠡᠭᠡᠳ ᠬᠠᠶᠠᠭᠰᠠᠨ ᠶᠤᠮ᠂ | ᠡᠭᠦᠨ ᠢ ︽ᠤᠳᠬᠤᠭ᠎ᠠ ᠶᠡᠭᠦᠯᠡᠬᠦ︾ ᠡᠷᠳᠡᠮ ᠭᠡᠳᠡᠭ ᠶᠤᠮ᠃ | ᠳᠠᠪᠤ᠂ ᠠᠴᠢᠶ᠎ᠠ ᠡᠷᠳᠡᠮ ᠪᠠ ᠬᠢᠬᠦ ᠶᠠᠪᠤᠴᠠ | ᠠᠴᠢᠶ᠎ᠠ ᠡᠷᠳᠡᠮ ᠪᠤᠯ ᠦᠵᠦᠮᠦᠴᠢᠨ ᠪᠦᠬᠡᠴᠤᠳ ᠤᠨ ᠦᠯᠡᠮᠵᠢ ᠬᠡᠷᠡᠭᠯᠡᠳᠡᠭ ᠦᠨᠳᠤᠰᠤᠨ ᠮᠡᠷᠭᠡᠵᠢᠯ ᠤᠨ | ᠨᠢᠭᠡ ᠪᠤᠯᠤᠨ᠎ᠠ᠂ ᠡᠨᠡ ᠨᠢ ᠮᠦᠨ ᠤᠯᠠᠨ ᠵᠦᠢᠯ ᠢᠶᠠᠷ ᠤᠯᠠᠷᠢᠵᠦ ᠬᠤᠪᠢᠷᠠᠵᠦ ᠪᠤᠯᠳᠠᠭ ᠶᠤᠮ᠂ ᠠᠴᠢᠶ᠎ᠠ ᠶᠢ ᠬᠢᠬᠦ ᠳᠤ | ᠪᠠᠰᠠ ᠳᠡᠭᠡᠷ᠎ᠡ ᠠᠴᠢᠬᠤ᠂ ᠲᠤᠤᠷ᠎ᠠ ᠠᠴᠢᠬᠤ ᠭᠡᠵᠦ ᠢᠯᠭᠠᠳᠠᠭ ᠪᠦᠭᠡᠳ ᠤᠯᠠᠨ ᠪᠠᠷᠢᠴᠠ ᠲᠠᠢ ᠪᠠᠶᠢᠳᠠᠭ ᠶᠤᠮ᠃ | ︵1︶ ᠂ ᠲᠦᠷᠪᠡᠨ ᠮᠦᠴᠡ ᠶᠢᠨ ᠴᠢᠳᠠᠯ ᠬᠦᠴᠦ ᠲᠠᠢ ᠪᠦᠭᠡᠳ ᠬᠦᠳᠡᠯᠭᠡᠭᠡᠨ ᠰᠢᠭᠤᠷᠮᠠᠭ ᠬᠦᠮᠦᠨ ᠳᠤ | ᠲᠤᠬᠢᠷᠠᠨ᠎ᠠ᠂ | ︵2︶᠂ ᠪᠠᠷᠢᠴᠠ ᠪᠠᠷᠢᠬᠤ᠄ ᠳᠠᠯᠠᠪᠴᠢᠯᠠᠵᠦ ︵ᠲᠦᠷᠪᠡᠯᠵᠢᠯᠡᠵᠦ︶ ᠪᠠᠷᠢᠬᠤ᠂ ᠪᠦᠰᠡᠳᠡᠵᠦ ᠪᠠᠷᠢᠬᠤ᠂ | ᠵᠦᠷᠢᠭᠦᠤ ᠳᠡᠪᠡᠷᠢᠵᠦ ᠪᠠᠷᠢᠬᠤ᠂ ᠬᠦᠵᠦᠭᠦᠪᠴᠢᠯᠡᠵᠦ ᠪᠠᠷᠢᠬᠤ᠂ ᠰᠤᠭᠤᠪᠴᠢᠯᠠᠵᠦ ᠪᠠᠷᠢᠬᠤ᠂ ᠬᠦᠰᠢᠵᠦ ᠪᠠᠷᠢᠬᠤ᠂ | ᠰᠤᠭᠤ ᠡᠯᠭᠦᠵᠦ ᠪᠠᠷᠢᠬᠤ᠂ ᠭᠠᠷ ᠳᠡᠪᠡᠷᠢᠵᠦ ᠪᠠᠷᠢᠬᠤ᠂ ᠵᠠᠭᠠᠮᠳᠠᠵᠦ ᠪᠠᠷᠢᠬᠤ᠂ ᠳᠡᠭᠡᠭᠦᠷ ᠪᠠᠷᠢᠬᠤ ᠵᠡᠷᠭᠡ ᠪᠠᠶᠢᠳᠠᠭ᠂ | ︵3︶᠂ ᠡᠷᠳᠡᠮ ᠬᠢᠬᠦ᠄ ᠳᠠᠯᠠᠪᠴᠢᠯᠠᠵᠦ ᠪᠠᠷᠢᠪᠠᠯ ᠳᠠᠰᠢᠶ᠎ᠠ ᠪᠠᠷ ᠢᠶᠠᠨ ᠳᠠᠪᠰᠢᠨ ᠤᠷᠤᠵᠦ ᠡᠪᠦᠳᠦᠭ ᠤᠨ | ᠦᠶ᠎ᠡ ᠶᠢᠨ ᠳᠡᠭᠡᠭᠦᠷ ᠳᠠᠯᠪᠢᠵᠦ ᠠᠴᠢᠨ᠎ᠠ᠂ ᠪᠦᠰᠡᠳᠡᠵᠦ ᠪᠠᠷᠢᠪᠠᠯ ᠭᠠᠷ ᠤᠨ ᠭᠦᠴᠦᠨ ᠢᠶᠠᠨ ᠲᠦᠪᠯᠡᠷᠡᠭᠦᠯᠦᠨ | ᠲᠤᠭᠳᠤᠷᠴᠤ᠂ ᠡᠪᠦᠳᠦᠭ ᠠᠴᠠ ᠳᠡᠭᠡᠭᠦᠷ ᠳᠠᠯᠪᠢᠵᠦ ᠠᠴᠢᠨ ᠴᠡᠭᠡᠵᠢ ᠪᠠᠨ ᠭᠦᠢᠴᠡᠳ ᠡᠷᠭᠢᠨ᠎ᠡ᠂ ᠵᠦᠷᠢᠭᠦᠤ | ᠳᠡᠪᠡᠷᠢᠪᠡᠯ ᠡᠰᠡᠷᠭᠦ ᠡᠳᠡᠭᠡᠳ ᠢᠶᠠᠨ ᠰᠤᠴᠢᠭᠠᠭᠰᠠᠨ ᠢᠶᠠᠨ ᠡᠪᠦᠳᠦᠭ ᠤᠨ ᠦᠶ᠎ᠡ ᠪᠠᠷ ᠠᠴᠢᠵᠦ ᠪᠤᠯᠤᠨ᠎ᠠ᠂ ᠪᠠᠰᠠ | ᠰᠤᠭᠤ ᠶᠢᠨ ᠲᠤᠭᠤᠤᠷ ᠪᠠᠷᠢᠭᠰᠠᠨ ᠭᠠᠷ ᠢ ᠳᠠᠰᠢᠶᠠᠨ ᠲᠤᠯᠤᠭᠠᠢ ᠶᠢᠨ ᠠᠷᠤ ᠠᠴᠠ ᠪᠤᠶᠤ ᠳᠡᠭᠡᠭᠰᠢ ᠪᠠᠨ ᠰᠣᠭᠤ ᠶᠢ | ᠡᠯᠭᠦᠮᠡᠭᠴᠡ ᠠᠴᠢᠵᠦ ᠪᠤᠯᠳᠠᠭ᠂ ᠰᠤᠭᠤᠪᠴᠢᠯᠠᠵᠦ ᠪᠠᠷᠢᠪᠠᠯ ᠤᠬᠤᠷᠢᠵᠦ ᠳᠠᠳᠠᠵᠦ ᠵᠠᠶᠢᠯᠠᠭᠠᠳ ᠤᠷᠤᠭᠰᠢ ᠪᠠᠨ | ᠳᠠᠪᠰᠢᠨ ᠡᠪᠦᠳᠦᠭ ᠳᠡᠭᠡᠭᠦᠷ ᠳᠠᠯᠪᠢᠵᠦ ᠠᠴᠢᠨ᠎ᠠ᠂ ᠬᠦᠵᠦᠭᠦᠪᠴᠢᠯᠡᠵᠦ ᠪᠠᠷᠢᠪᠠᠯ ᠬᠤᠶᠠᠷ ᠭᠠᠷ ᠤᠨ ᠪᠠᠷᠢᠴᠠ ᠪᠠᠷ | ᠴᠡᠭᠡᠵᠢ ᠶᠢ ᠨᠢ ᠬᠦᠳᠡᠯᠭᠡᠬᠦ ᠦᠭᠡᠢ ᠪᠤᠯᠭᠠᠨ᠂ ᠡᠪᠦᠳᠦᠭ ᠤᠨ ᠳᠡᠭᠡᠭᠦᠷ ᠲᠠᠯᠪᠢᠵᠦ ᠠᠴᠢᠨ᠎ᠠ᠂ ᠰᠣᠭᠤ ᠡᠯᠭᠦᠵᠦ | ᠪᠠᠷᠢᠪᠠᠯ ᠴᠡᠭᠡᠵᠢ ᠪᠠᠨ ᠵᠠᠶᠢᠯᠠᠨ᠂ ᠭᠠᠳᠠᠷ ᠳᠠᠯ᠎ᠠ ᠶᠢᠨ ᠬᠦᠯ ᠢᠶᠠᠨ ᠠᠷᠤᠨᠰᠢ ᠪᠠᠨ ᠪᠠᠭ᠎ᠠ ᠠᠯᠬᠤᠭᠠᠳ ᠡᠪᠦᠳᠦᠭ ᠪᠤᠶᠤ | ᠲᠡᠭᠦᠨ ᠠᠴᠠ ᠳᠡᠭᠡᠭᠦᠷ ᠰᠢᠭ ᠳᠠᠯᠪᠢᠵᠦ ᠠᠴᠢᠨ᠎ᠠ᠂ ᠬᠦᠰᠢᠵᠦ ᠪᠠᠷᠢᠪᠠᠯ ᠳᠠᠳᠠᠭᠰᠠᠨ ᠢᠶᠠᠨ ᠴᠡᠭᠡᠵᠢ ᠪᠠᠨ ᠭᠦᠢᠴᠡᠳ | ᠡᠷᠭᠢᠨ ᠡᠪᠦᠳᠦᠭ ᠳᠡᠭᠡᠭᠦᠷ ᠳᠠᠯᠪᠢᠵᠦ ᠠᠴᠢᠨ᠎ᠠ᠂ ᠭᠠᠷ ᠳᠡᠪᠡᠷᠢᠵᠦ ᠪᠠᠷᠢᠪᠠᠯ ᠳᠡᠭᠡᠭᠰᠢ ᠪᠠᠨ ᠰᠡᠵᠢᠵᠦ ᠬᠠᠶᠠᠭᠠᠳ | ᠭᠠᠳᠠᠷ ᠳᠠᠯ᠎ᠠ ᠶᠢᠨ ᠬᠦᠯ ᠢᠶᠠᠨ ᠠᠷᠤᠨᠰᠢ ᠪᠠᠨ ᠠᠯᠬᠤᠵᠦ ᠲᠤᠭᠤᠤᠷ ᠳᠠᠯᠪᠢᠵᠦ ᠠᠴᠢᠨ᠎ᠠ᠂ ᠳᠡᠭᠡᠭᠦᠷ ᠪᠠᠷᠢᠪᠠᠯ | ᠳᠠᠳᠠᠬᠤ ᠬᠦᠴᠦᠨ ᠢᠶᠠᠷ ᠳᠠᠰᠢᠶᠠᠨ ᠳᠡᠭᠡᠭᠦᠷ ᠳᠠᠮᠨᠠᠭᠤᠯᠵᠦ ᠠᠴᠢᠨ᠎ᠠ᠂ | ︵4︶ ᠂ ᠬᠠᠷᠢᠭᠤ ᠡᠷᠳᠡᠮ᠄ ᠳᠠᠯᠠᠪᠴᠢᠯᠠᠵᠦ ᠪᠠᠷᠢᠭᠠᠳ ᠠᠴᠢᠪᠠᠯ ᠲᠤᠲᠤᠷ᠎ᠠ ᠳᠠᠯ᠎ᠠ ᠶᠢᠨ ᠬᠦᠯ ᠢᠶᠠᠨ | ᠠᠷᠤ ᠪᠠᠷ ᠨᠢ ᠶᠠᠪᠤᠭᠤᠯᠵᠦ ᠪᠠᠶᠢᠭ᠎ᠠ ᠬᠦᠯ ᠤᠨ ᠳᠠᠬᠢᠮ ᠤᠨ ᠳᠡᠭᠡᠳᠦ ᠳᠠᠯ᠎ᠠ ᠪᠠᠷ ᠳᠠᠳᠠᠵᠦ ᠳᠠᠷᠤᠨ᠎ᠠ᠂ ᠡᠭᠦᠨ ᠢ ︿ | ᠠᠴᠢᠶ᠎ᠠ ᠬᠠᠮᠤᠬᠤ﹀ ᠭᠡᠳᠡᠭ᠂ ᠪᠠᠰᠠ ᠲᠤᠳᠤᠭᠰᠢ ᠤᠷᠤᠵᠦ ᠵᠤᠭᠰᠤᠵᠦ ᠪᠠᠶᠢᠭ᠎ᠠ ᠬᠦᠯ ᠤᠨ ᠰᠡᠭᠡᠷ ᠳᠡᠭᠡᠭᠦᠷ | ᠲᠤᠳᠤᠷ᠎ᠠ ᠳᠠᠯ᠎ᠠ ᠶᠢᠨ ᠬᠦᠯ ᠢᠶᠠᠷ ᠢᠶᠠᠨ ᠳᠡᠭᠡᠭᠡᠯᠡᠨᠡ᠂ ᠡᠭᠦᠨ ᠢ ︿ᠠᠴᠢᠶ᠎ᠠ ᠴᠢᠭᠳᠠᠯᠠᠬᠤ﹀ ᠭᠡᠳᠡᠭ᠂ ᠪᠠᠰᠠ | ᠪᠠᠶ᠎ᠡ ᠪᠠᠨ ᠲᠤᠤᠷ᠎ᠠ ᠰᠢᠭ᠋ ᠪᠠᠶᠢᠵᠦ ᠠᠴᠢᠭᠤᠯᠤᠭᠠᠳ ᠠᠴᠢᠬᠳᠠᠭᠰᠠᠨ ᠬᠦᠯ ᠢᠶᠠᠨ ᠬᠤᠶᠢᠰᠢ ᠵᠢᠭᠢᠵᠦ ᠪᠠᠶ᠎ᠡ ᠰᠤᠯᠠᠬᠠᠨ | ᠪᠤᠯᠭᠠᠵᠦ ᠰᠤᠯᠠ ᠭᠠᠷ ᠢᠶᠠᠨ ᠵᠠᠭᠠᠮ᠎ᠠ ᠠᠴᠠ ᠬᠦᠮᠦᠷᠢᠵᠦ ᠪᠠᠷᠢᠭᠠᠳ ᠤᠷᠤᠭᠰᠢ ᠪᠠᠨ ᠱᠠᠭᠠᠨ᠎ᠠ᠂ ᠡᠭᠦᠨ ᠢ ︽ᠠᠴᠢᠶ᠎ᠠ | ᠱᠠᠭᠠᠬᠤ︾ ᠭᠡᠳᠡᠭ᠃ ᠪᠦᠰᠡᠳᠡᠵᠦ ᠪᠠᠷᠢᠭᠠᠳ ᠠᠴᠢᠪᠠᠯ ᠬᠠᠮᠤᠵᠦ ᠪᠤᠯᠤᠨ᠎ᠠ᠂ ᠴᠢᠭᠳᠠᠯᠠᠵᠦ ᠪᠤᠯᠤᠨ᠎ᠠ᠂ ᠪᠠᠰᠠ | ᠪᠠᠶ᠎ᠠ ᠶᠢᠨ ᠬᠦᠨᠳᠦ ᠶᠢ ᠨᠢ ᠴᠡᠭᠡᠵᠢᠨ ᠳᠡᠭᠡᠨ ᠢᠷᠡᠭᠦᠯᠵᠦ ᠬᠤᠶᠠᠷ ᠬᠦᠯ ᠢ ᠵᠠᠶᠢᠳᠠᠩ ᠮᠤᠷᠢᠨ ᠳᠡᠭᠡᠷ᠎ᠡ ᠦᠰᠦᠷᠭᠦ ᠮᠡᠳᠦ | ᠬᠤᠶᠢᠰᠢ ᠪᠠᠨ ᠵᠢᠭᠢᠵᠦ ᠦᠰᠦᠷᠦᠭᠡᠳ ᠠᠴᠢᠭᠰᠠᠨ ᠬᠦᠯ ᠳᠤ ᠤᠨᠤᠭᠳᠠᠯ ᠦᠭᠡᠢ ᠦᠩᠭᠡᠷᠡᠵᠦ ᠭᠠᠵᠠᠷ ᠭᠢᠰᠬᠢᠪᠡᠯ | ᠠᠴᠢᠭᠰᠠᠨ ᠬᠦᠮᠦᠨ ᠨᠢ ᠬᠤᠭᠤᠰᠳᠠᠵᠦ ᠠᠶᠠᠨᠳᠠᠭᠠᠨ ᠤᠶᠢᠴᠢᠳᠠᠭ᠂ ᠡᠭᠦᠨ ᠢ ︽ᠠᠴᠢᠶ᠎ᠠ ᠭᠦᠪᠢᠵᠦ ᠳᠠᠷᠤᠬᠤ︾ | ᠭᠡᠳᠡᠭ ᠶᠤᠮ᠂︔︔︔ ︵ᠰᠤᠳᠨᠠᠮ ᠤᠨ ᠳᠠᠮᠳᠡᠭᠯᠡᠯ ᠠᠴᠠ ᠨᠠᠶᠢᠷᠠᠭᠤᠯᠪᠠ︶ | ᠵᠢᠱᠢᠶ᠎ᠡ᠄ | 1982 ᠤᠨ ᠳᠤ ᠪᠤᠯᠤᠭᠰᠠᠨ ᠤᠷᠤᠨ ᠤ ᠳᠠᠪᠤᠳᠤᠭᠠᠷ ᠤᠳᠠᠭᠠᠨ ᠤ ᠪᠡᠶ᠎ᠡ ᠳᠠᠮᠢᠷ ᠤᠨ ᠮᠤᠩᠭᠤᠯ | ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠲᠡᠷᠢᠭᠦᠨ ᠳᠡᠳ᠋ ᠳᠤ ᠬᠦᠯᠦᠨ ᠪᠤᠶᠢᠷ ᠢᠶᠠᠷ ᠨᠤᠲᠤᠭ ᠲᠠᠢ | ᠤᠯᠤᠰ ᠤᠨ ᠠᠪᠤᠷᠭᠤ ᠴᠤᠭᠪᠠᠳᠠᠷᠠᠬᠤ᠂ ᠦᠵᠦᠮᠦᠴᠢᠨ ᠤ ᠠᠯᠳᠠᠷᠳᠦ ᠪᠦᠬᠡ ᠮᠢ᠊ ᠭᠧᠨᠳᠤᠨ ᠲᠠᠢ ᠳᠠᠭᠠᠷᠠᠭᠰᠠᠨ ᠳᠤ᠂ | ᠭᠧᠨᠳᠤᠨ ᠭᠤᠸᠠᠢ ᠴᠤᠭᠪᠠᠳᠠᠷᠠᠬᠤ ᠶᠢ ᠲᠦᠷᠪᠡᠯᠵᠢᠯᠡᠵᠦ ᠪᠠᠷᠢᠭᠠᠳ ᠱᠠᠯᠠᠮᠠᠭᠠᠢ ᠬᠦᠴᠦᠨ ᠢᠶᠠᠷ ᠠᠷᠤ ᠪᠠᠷ ᠢᠶᠠᠨ ᠳᠠᠳᠠᠵᠦ | ᠭᠠᠷᠭᠠᠭᠠᠳ ︽ᠠᠴᠢᠶ᠎ᠠ ᠡᠷᠳᠡᠮ︾ ᠬᠢᠵᠦ ᠬᠠᠶᠠᠭᠠᠳ ᠠᠪᠤᠷᠭᠤᠯᠠᠭᠰᠠᠨ ᠶᠤᠮ᠃ | ᠵᠢᠷᠭᠤᠭ᠎ᠠ᠂ ᠴᠤᠬᠢᠶ᠎ᠠ ᠡᠷᠳᠡᠮ ᠪᠠ ᠬᠢᠬᠦ ᠶᠠᠪᠤᠴᠠ | ᠴᠤᠬᠢᠭ᠎ᠠ ᠡᠷᠳᠡᠮ ᠪᠤᠯ ᠦᠵᠦᠮᠦᠴᠢᠨ ᠪᠦᠬᠡᠴᠤᠳ ᠤᠨ ᠭᠤᠤᠯ ᠬᠡᠷᠡᠭᠯᠡᠳᠡᠭ ᠦᠨᠳᠤᠰᠤᠨ ᠡᠷᠳᠡᠮ ᠤᠨ ᠨᠢᠭᠡ | ᠪᠤᠯᠬᠤ ᠪᠦᠭᠡᠳ ᠤᠯᠠᠨ ᠶᠠᠩᠵᠦ ᠶᠢᠨ ᠪᠠᠷᠢᠴᠠ ᠲᠠᠢ᠂ ᠮᠦᠨᠴᠦ ᠤᠯᠠᠷᠢᠭᠤᠯᠤᠨ ᠬᠤᠪᠢᠷᠠᠭᠤᠯᠤ ᠬᠠᠷᠢᠭᠤ ᠮᠡᠭᠡ ᠬᠢᠴᠡ | ᠴᠤ ᠤᠯᠠᠨ ᠪᠠᠶᠢᠳᠠᠭ ᠶᠤᠮ᠃ | ︵1︶᠂ ᠪᠦᠬᠦ ᠪᠠᠶ᠎ᠡ ᠪᠤᠯᠤᠨ ᠭᠠᠷ ᠬᠦᠯ ᠤᠨ ᠦᠵᠦᠭᠦᠷ ᠲᠡᠭᠡᠨ ᠴᠢᠳᠠᠯ ᠲᠠᠢ ᠬᠦᠮᠦᠰ ᠲᠤ ᠲᠤᠬᠢᠷᠠᠨ᠎ᠠ᠂ | ︵2︶᠂ ᠪᠠᠷᠢᠴᠠ ᠪᠠᠷᠢᠬᠤ᠄ ᠬᠠᠳᠠᠵᠦ ︵ᠬᠠ ᠠᠴᠠ ︶ ᠪᠠᠷᠢᠬᠤ᠂ ᠪᠦᠰᠡᠳᠡᠵᠦ ᠪᠠᠷᠢᠬᠤ᠂ ᠳᠠᠯᠠᠪᠴᠢᠯᠠᠵᠦ | ︵ᠲᠦᠷᠪᠡᠯᠵᠢᠯᠡᠵᠦ︶ ᠪᠠᠷᠢᠬᠤ᠂ ᠵᠠᠭᠠᠮᠳᠠᠵᠦ ᠪᠠᠷᠢᠬᠤ᠂ ᠵᠦᠷᠢᠭᠦᠤ ᠳᠡᠪᠡᠷᠢᠵᠦ ᠪᠠᠷᠢᠬᠤ᠂ ᠭᠠᠷ ᠳᠡᠪᠡᠷᠢᠵᠦ ᠪᠠᠷᠢᠬᠤ᠂ | ᠰᠤᠭᠤᠪᠴᠢᠯᠠᠵᠦ ᠪᠠᠷᠢᠬᠤ᠂ ᠰᠡᠨᠵᠢᠯᠡᠵᠦ ᠪᠠᠷᠢᠬᠤ᠂ ᠬᠠᠨᠴᠤᠶᠢᠳᠠᠵᠦ ᠪᠠᠷᠢᠬᠤ᠂ ᠢᠷᠠᠵᠦ ᠪᠠᠷᠢᠬᠤ ᠵᠡᠷᠭᠡ ᠪᠠᠶᠢᠳᠠᠭ᠂ | ︵3︶᠂ ᠡᠷᠳᠡᠮ ᠬᠢᠬᠦ᠄ ᠬᠠᠳᠠᠵᠦ ᠪᠠᠷᠢᠪᠠᠯ ᠳᠠᠳᠠᠵᠦ ᠴᠤᠬᠢᠬᠤ᠂ ᠳᠠᠭᠠᠭᠠᠯᠭᠠᠵᠦ ᠴᠤᠬᠢᠬᠤ᠂ ᠪᠦᠳᠦᠷᠢᠭᠦᠯᠵᠦ | ᠴᠤᠬᠢᠬᠤ ᠶᠢ ᠪᠦᠷ ᠬᠢᠵᠦ ᠪᠤᠯᠤᠨ᠎ᠠ᠂ ᠪᠦᠰᠡᠳᠡᠵᠦ ᠪᠠᠷᠢᠪᠠᠯ ᠡᠰᠡᠷᠭᠦ ᠡᠳᠡᠭᠡᠳ ᠤᠨ ᠪᠠᠷᠢᠴᠠ ᠶᠢ ᠲᠤᠬᠤᠢ ᠪᠤᠶᠤ | ᠰᠣᠭᠤ ᠠᠴᠠ ᠨᠢ ᠠᠯᠠᠭᠠᠳᠠᠵᠦ ᠠᠯᠳᠠᠭᠤᠯᠤᠨ᠂ ᠪᠡᠶ᠎ᠡ ᠪᠠᠨ ᠲᠤᠭᠤᠷᠢᠭᠤᠯᠤᠨ ᠳᠠᠳᠠᠵᠦ ᠴᠤᠬᠢᠨ᠎ᠠ᠂ ᠳᠠᠭᠠᠭᠠᠯᠭᠠᠬᠤ | ᠪᠤᠶᠤ ᠪᠦᠳᠦᠷᠢᠭᠦᠯᠵᠦ ᠴᠤᠬᠢᠭᠰᠠᠨ ᠴᠤ ᠪᠤᠯᠤᠨ᠎ᠠ᠂︔︔︔︔ | ︵4︶᠂ ᠬᠠᠷᠢᠭᠤ ᠡᠷᠳᠡᠮ᠄ ᠬᠠᠳᠠᠵᠦ ᠪᠠᠷᠢᠭᠠᠳ ᠴᠤᠬᠢᠪᠠᠯ ᠡᠯᠭᠦᠭᠡ ᠤᠳᠬᠤᠭ᠎ᠠ ᠬᠢᠵᠦ ᠪᠤᠯᠤᠨ᠎ᠠ᠂ | ᠨᠦᠮᠦᠷᠢᠨ ᠳᠠᠷᠤᠵᠦ ᠪᠤᠯᠤᠨ᠎ᠠ᠂ ᠰᠤᠭᠤᠯᠵᠦ ᠴᠤᠬᠢᠵᠦ ᠪᠤᠯᠤᠨ᠎ᠠ᠂ ᠡᠯᠭᠦᠵᠦ ᠭᠠᠷᠭᠠᠭᠠᠳ ᠭᠠᠨᠵᠤᠭᠠᠯᠠᠵᠦ ᠪᠤᠯᠤᠨ᠎ᠠ᠂ | ᠪᠦᠰᠡᠳᠡᠵᠦ ᠪᠠᠷᠢᠭᠠᠳ ᠴᠤᠬᠢᠪᠠᠯ ᠱᠠᠭᠠᠮᠠᠯ ᠬᠢᠵᠦ ᠪᠤᠯᠤᠨ᠎ᠠ᠂ ᠲᠤᠰᠴᠤ ᠡᠯᠭᠦᠵᠦ ᠪᠤᠯᠤᠨ᠎ᠠ᠂ ᠰᠤᠯᠢᠵᠦ | ᠴᠤᠬᠢᠵᠦ ᠪᠤᠯᠤᠨ᠎ᠠ᠂ ᠠᠯᠬᠤᠵᠦ ᠭᠠᠷᠤᠭᠠᠳ ᠠᠴᠢᠵᠦ ᠪᠤᠯᠤᠨ᠎ᠠ᠂︔︔︔ ︵ᠰᠤᠳᠨᠠᠮ ᠤᠨ ᠳᠡᠮᠳᠡᠭᠯᠡᠯ ᠠᠴᠠ | ᠨᠠᠶᠢᠷᠠᠭᠤᠯᠪᠠ︶ | ᠵᠢᠱᠢᠶ᠎ᠡ᠄ | 1982 ᠤᠨ ᠳᠤ ᠪᠤᠯᠤᠭᠰᠠᠨ ᠤᠷᠤᠨ ᠤ ᠳᠠᠪᠤᠳᠤᠭᠠᠷ ᠤᠳᠠᠭᠠᠨ ᠤ ᠪᠠᠶ᠎ᠡ ᠳᠠᠮᠢᠷ ᠤᠨ ᠮᠤᠩᠭᠤᠯ ᠪᠦᠬᠡ ᠶᠢᠨ | ᠮᠠᠩᠯᠠᠢ ᠰᠢᠯᠭᠠᠷᠠᠭᠤᠯᠬᠤ ᠤᠷᠤᠯᠳᠤᠭᠠᠨ ᠤ ᠳᠡᠭᠡᠷ᠎ᠡ ᠲᠦᠷᠪᠡ ᠶᠢᠨ ᠨᠤᠭᠤᠯᠠᠭᠠᠨ ᠳᠤ ᠬᠦᠯᠦᠨ ᠪᠤᠶᠢᠷ ᠢᠶᠠᠷ ᠨᠤᠲᠤᠭ | ᠲᠠᠢ᠂ ᠤᠯᠤᠰ ᠤᠨ ᠠᠪᠤᠷᠭᠤ ᠪᠠᠨᠽᠠᠷᠭᠠᠨᠳᠢ ᠪᠤᠯᠤᠨ ᠦᠵᠦᠮᠦᠴᠢᠨ ᠤ ᠮᠢ᠊ ᠭᠧᠨᠳᠤᠨ ᠲᠠᠢ ᠳᠠᠭᠠᠷᠠᠪᠠ᠂ ᠪᠠᠨᠽᠠᠷᠭᠠᠨᠳᠢ | ᠬᠠᠳᠠᠵᠦ ᠪᠠᠷᠢᠬᠤ ᠳᠤ ᠭᠧᠨᠳᠤᠨ ᠢᠶᠠᠷ ᠪᠠᠷᠢᠴᠠᠨ ᠳᠤᠨᠢ ᠬᠦᠳᠦᠯᠦᠭᠡᠳ ︽ᠴᠤᠭᠢᠭ᠎ᠠ ᠡᠷᠳᠡᠮ︾ ᠬᠢᠵᠦ ᠬᠠᠶᠠᠭᠰᠠᠨ | ᠶᠤᠮ᠃ | ᠁ ᠁ ᠁ |