ᠪᠠ᠊᠂ ᠭᠧᠨᠳᠤᠨ | ᠤᠷᠤᠨ ᠤ ᠠᠪᠤᠷᠭᠤ — ᠡᠷᠳᠡᠨᠢ ᠶᠢᠨ ᠨᠢᠮ᠎ᠡ | | ᠤᠷᠤᠨ ᠤ ᠠᠪᠤᠷᠭᠤ ᠡᠷᠳᠡᠨᠢ ᠶᠢᠨ ᠨᠢᠮ᠎ᠡ ᠪᠤᠯ ᠤᠯᠤᠰ ᠤᠷᠤᠨ ᠳᠠᠭᠠᠨ ᠠᠯᠳᠠᠷ ᠨᠠᠷ᠎ᠡ ᠪᠠᠨ ᠮᠠᠨᠳᠤᠭᠤᠯᠵᠦ᠂ | ᠪᠡᠶ᠎ᠡ ᠲᠠᠮᠢᠷ ᠤᠨ ᠳᠠᠪᠴᠠᠩ ᠳᠡᠭᠡᠷ᠎ᠡ ᠨᠡᠷ᠎ᠡ ᠭᠠᠷᠴᠤ᠂ ᠤᠯᠤᠰ ᠤᠨ ᠲᠡᠰ ᠤᠨ ᠰᠢᠯᠢᠳᠡᠭ ᠲᠠᠮᠢᠷᠴᠢᠨ ᠪᠤᠯᠤᠭᠰᠠᠨ ᠶᠤᠮ | ᠃ ᠲᠡᠷᠡ ᠪᠠᠷ 1941 ᠤᠨ ᠤ ᠴᠠᠭᠠᠭᠴᠢᠨ ᠮᠤᠭᠠᠢ ᠵᠢᠯ᠂ ᠤᠤᠯ ᠤᠨ ᠦᠵᠦᠮᠦᠴᠢᠨ ᠪᠠᠷᠠᠭᠤᠨ ᠬᠤᠰᠢᠭᠤᠨ ᠤ | ᠠᠤᠬᠤᠳ ᠰᠤᠮᠤᠨ ᠤ ᠪᠤᠷᠵᠢᠭᠢᠨ ᠤᠪᠤᠭᠳᠤ ᠡᠷᠳᠡᠨᠢ ᠳᠠᠶᠢᠵᠢ ᠶᠢᠨ ᠭᠤᠷᠪᠠᠳᠤᠭᠠᠷ ᠬᠦᠪᠡᠭᠦᠨ ᠪᠤᠯᠤᠨ ᠲᠦᠷᠦᠵᠠᠢ᠂ | ᠠᠶᠢᠮᠠᠭ ᠤᠰᠤᠨ ᠤ ᠬᠢᠨᠢ ᠲᠡᠭᠦᠤ ᠨᠠᠷ ᠨᠢ ᠲᠡᠭᠦᠨ ᠢ ︽ᠠᠨᠵᠠ︾ ᠭᠡᠵᠦ ᠡᠷᠭᠦᠮᠵᠢᠯᠡᠨ ᠳᠠᠭᠤᠳᠠᠳᠠᠭ᠃ | ᠨᠢᠮ᠎ᠡ ᠭᠤᠸᠠᠢ ᠠᠷᠪᠠᠨ ᠵᠢᠷᠭᠤᠭᠠᠳᠠᠢ ᠠᠴᠠ ᠡᠬᠢᠯᠡᠨ᠂ ᠪᠦᠬᠡ ᠶᠢᠨ ᠠᠪᠢᠶᠠᠰ ᠢᠶᠠᠨ ᠢᠯᠡᠷᠡᠭᠦᠯᠦᠨ᠂ ᠰᠤᠯᠠ | ᠴᠠᠭ ᠪᠠᠶᠢᠪᠠᠯ ᠬᠠᠳᠠᠭᠤᠵᠢᠯᠳᠠᠢ ᠪᠤᠯᠪᠠᠰᠤᠷᠠᠭᠰᠠᠨ ᠠᠴᠠ ᠪᠦᠬᠡ ᠶᠢᠨ ᠦᠨᠳᠤᠰᠤᠨ ᠮᠡᠷᠭᠡᠵᠢᠯ ᠢ ᠡᠵᠡᠮᠰᠢᠨ᠂ ᠨᠠᠩ ᠴᠤ | 1957 ᠤᠨ ᠤ ᠠᠶᠢᠮᠠᠭ ᠤᠨ ᠶᠡᠭᠡ ᠨᠠᠶᠢᠷ ᠤᠨ ᠬᠡᠤᠬᠡᠳ ᠤᠨ ᠪᠦᠬᠡ ᠳᠤ ᠪᠠᠷᠢᠯᠳᠤᠭᠠᠳ ᠳᠡᠳ᠋ᠯᠡᠭᠰᠡᠨ ᠠᠴᠠ ᠡᠬᠢᠯᠡᠨ | ᠤᠯᠠᠨ ᠤ ᠠᠩᠬᠠᠷᠤᠯ ᠢ ᠳᠠᠳᠠᠠᠭᠰᠠᠨ ᠪᠠᠶᠢᠳᠠᠭ᠃ ᠲᠡᠭᠦᠨ ᠤ ᠤᠯᠤᠰ ᠤᠷᠤᠨ ᠤ ᠪᠦᠬᠡ ᠶᠢᠨ ᠤᠷᠤᠯᠳᠤᠭᠠᠨ ᠳᠤ | ᠤᠷᠤᠯᠴᠠᠭᠰᠠᠨ ᠢ ᠲᠠᠮᠳᠡᠭᠯᠡᠪᠡᠯ᠄ | 1960 ᠤᠨ ᠳᠤ ᠦᠪᠦᠷ ᠮᠤᠩᠭᠤᠯ ᠤᠨ ᠪᠦᠬᠡ ᠶᠢᠨ ᠠᠩᠭᠢ ᠳᠤ ᠤᠷᠤᠵᠦ᠂ 1962 ᠤᠨ ᠳᠤ | ᠳᠡᠯᠡᠬᠡᠢ ᠶᠢᠨ ᠴᠢᠯᠦᠭᠡᠳᠦ ᠮᠠᠶ᠋ᠢᠭ ᠤᠨ ᠪᠦᠬᠡ ᠶᠢᠨ ᠤᠷᠤᠯᠳᠤᠭᠠᠨ ᠳᠤ ᠤᠷᠤᠨ ᠢᠶᠠᠨ ᠲᠦᠯᠦᠭᠡᠯᠡᠨ ᠤᠷᠤᠯᠴᠠᠵᠦ | ᠡᠬᠢᠯᠡᠪᠡ᠃ 1963 ᠤᠨ ᠤ ᠪᠡᠭᠡᠵᠢᠩ ᠳᠤ ᠪᠤᠯᠤᠭᠰᠠᠨ ᠪᠦᠬᠦ ᠤᠯᠤᠰ ᠤᠨ ᠲᠤᠮᠳᠠᠳᠤ ᠮᠠᠶ᠋ᠢᠭ ᠤᠨ ᠪᠦᠬᠡ ᠶᠢᠨ | ᠬᠦᠩᠭᠡᠨ ᠳᠡᠰ ᠤᠨ ᠤᠷᠤᠯᠳᠤᠭᠠᠨ ᠳᠤ ᠳᠡᠳ᠋ᠯᠡᠪᠡ᠃ ᠤᠷᠤᠯᠳᠤᠭᠠᠨ ᠳᠤ ᠪᠡᠭᠡᠵᠢᠩ᠂ ᠲᠢᠶᠠᠨᠵᠢᠨ᠂ ᠱᠠᠨ ᠰᠢ᠂ | ᠠᠨᠾᠦ᠋ᠢ᠂ ᠴᠢᠯᠦᠭᠡᠯᠡᠬᠦ ᠴᠡᠷᠢᠭ ᠤᠨ ᠠᠩᠭᠢ᠂ ᠡᠾᠧᠪᠸᠢ᠂ ᠦᠪᠦᠷ ᠮᠤᠩᠭᠤᠯ᠂ ᠰᠢᠨᠵᠢᠶᠠᠩ ᠵᠡᠷᠭᠡ ᠨᠠᠢᠮᠠᠨ ᠮᠤᠵᠢ | ᠬᠤᠳᠠ ᠤᠷᠤᠯᠴᠠᠪᠠ᠃ | 1964 ᠤᠨ ᠤ ᠪᠡᠭᠡᠵᠢᠩ ᠳᠤ ᠪᠤᠯᠤᠭᠰᠠᠨ ᠪᠦᠬᠦ ᠤᠯᠤᠰ ᠤᠨ ᠲᠤᠮᠳᠠᠳᠤ ᠮᠠᠶ᠋ᠢᠭ ᠤᠨ ᠪᠦᠬᠡ ᠶᠢᠨ | ᠤᠷᠤᠯᠳᠤᠭᠠᠨ ᠤ ᠬᠦᠩᠭᠡᠨ ᠳᠡᠰ ᠲᠤ ᠭᠤᠳᠠᠭᠠᠷᠯᠠᠪᠠ᠃ ᠤᠷᠤᠯᠳᠤᠭᠠᠨ ᠳᠤ ᠱᠠᠩᠬᠠᠢ᠂ ᠱᠠᠨ ᠰᠢ᠂ ᠡᠾᠧᠪᠸᠢ᠂ | ᠦᠪᠦᠷ ᠮᠤᠩᠭᠤᠯ᠂ ᠠᠨᠾᠦ᠋ᠢ᠂ ᠰᠢᠨᠵᠢᠶᠠᠩ᠂ ᠪᠡᠭᠡᠵᠢᠩ᠂ ᠲᠢᠶᠠᠨᠵᠢᠨ᠂ ᠴᠢᠯᠦᠭᠡᠯᠡᠬᠦ ᠴᠡᠷᠢᠭ ᠤᠨ ᠠᠩᠭᠢ ᠵᠡᠷᠭᠡ | ᠮᠤᠵᠢ ᠬᠤᠳᠠ ᠶᠢᠨ ᠲᠠᠮᠢᠷᠴᠢᠳ ᠤᠷᠤᠯᠴᠠᠪᠠ᠃ ᠮᠦᠨ ᠵᠢᠯ ᠤᠨ ᠲᠠᠪᠤᠳᠤᠭᠠᠷ ᠰᠠᠷ᠎ᠠ ᠳᠤ ᠪᠤᠯᠤᠭᠰᠠᠨ ᠪᠦᠬᠦ | ᠤᠯᠤᠰ ᠤᠨ ᠬᠦᠩᠭᠡᠨ ᠳᠡᠰ ᠤᠨ ᠤᠷᠤᠯᠳᠤᠭᠠᠨ ᠳᠤ ᠳᠡᠳ᠋ᠯᠡᠪᠡ ᠃ | 1965 ᠤᠨ ᠤ ᠪᠡᠭᠡᠵᠢᠩ ᠳᠤ ᠪᠤᠯᠤᠭᠰᠠᠨ ᠪᠦᠬᠦ ᠤᠯᠤᠰ ᠤᠨ ᠲᠤᠮᠳᠠᠳᠤ ᠮᠠᠶ᠋ᠢᠭ ᠤᠨ ᠬᠦᠩᠭᠡᠨ ᠳᠡᠰ ᠤᠨ | ᠤᠷᠤᠯᠳᠤᠭᠠᠨ ᠳᠤ ᠳᠡᠳ᠋ᠯᠡᠪᠡ᠃ ᠤᠷᠤᠯᠳᠤᠭᠠᠨ ᠳᠤ ᠪᠡᠭᠡᠵᠢᠩ ᠂ ᠡᠾᠧᠪᠸᠢ᠂ ᠦᠪᠦᠷ ᠮᠤᠩᠭᠤᠯ᠂ ᠰᠢᠨᠵᠢᠶᠠᠩ᠂ | ᠯᠢᠶᠤᠤᠨᠢᠩ᠂ ᠱᠠᠨ ᠰᠢ᠂ ᠡᠾᠧᠨᠠᠨ᠂ ᠲᠢᠶᠠᠨᠵᠢᠨ᠂ ᠠᠨᠾᠦ᠋ᠢ᠂ ᠴᠢᠯᠦᠭᠡᠯᠡᠬᠦ ᠴᠡᠷᠢᠭ ᠤᠨ ᠠᠩᠭᠢ ᠵᠡᠷᠭᠡ ᠮᠤᠵᠢ | ᠬᠤᠳᠠ ᠶᠢᠨ ᠲᠠᠮᠢᠷᠴᠢᠳ ᠤᠷᠤᠯᠴᠠᠪᠠ᠃ ᠮᠦᠨ ᠵᠢᠯ ᠤᠨ ᠤᠷᠤᠨ ᠤ ᠲᠤᠮᠳᠠᠳᠤ ᠮᠠᠶ᠋ᠢᠭ ᠤᠨ ᠪᠦᠬᠡ ᠶᠢᠨ | ᠤᠷᠤᠯᠳᠤᠭᠠᠨ ᠤ ᠬᠦᠩᠭᠡᠨ ᠳᠡᠰ ᠲᠤ ᠳᠡᠳ᠋ᠯᠡᠪᠡ᠃ | 1965 ᠤᠨ ᠤ ᠪᠡᠭᠡᠵᠢᠩ ᠳᠤ ᠪᠤᠯᠤᠭᠰᠠᠨ ᠪᠦᠬᠦ ᠤᠯᠤᠰ ᠤᠨ ᠬᠤᠶᠠᠳᠤᠭᠠᠷ ᠬᠤᠭᠤᠴᠠᠭᠠᠨ ᠤ ᠲᠤᠮᠳᠠᠳᠤ | ᠮᠠᠶ᠋ᠢᠭ ᠤᠨ ᠪᠦᠬᠡ ᠶᠢᠨ ᠬᠦᠩᠭᠡᠨ ᠳᠡᠰ ᠤᠨ ᠤᠷᠤᠯᠳᠤᠭᠠᠨ ᠳᠤ ᠲᠠᠪᠤᠳᠤᠭᠠᠷ ᠲᠤ ᠤᠷᠤᠪᠠ᠃ | 1970 ᠤᠨ ᠤ ᠬᠦᠬᠡᠬᠤᠳᠠ ᠳᠤ ᠪᠤᠯᠤᠭᠰᠠᠨ ᠪᠦᠬᠦ ᠤᠷᠤᠨ ᠤ ᠲᠤᠮᠳᠠᠳᠤ ᠮᠠᠶ᠋ᠢᠭ ᠤᠨ ᠮᠠᠩᠯᠠᠢ | ᠰᠢᠯᠭᠠᠷᠠᠭᠤᠯᠬᠤ ᠤᠷᠤᠯᠳᠤᠭᠠᠨ ᠤ ᠬᠦᠩᠭᠡᠨ ᠳᠡᠰ ᠲᠤ ᠲᠡᠷᠢᠭᠦᠯᠡᠪᠡ᠃ | 1971 ᠤᠨ ᠤ ᠪᠤᠭᠤᠳᠤ ᠳᠤ ᠪᠤᠯᠤᠭᠰᠠᠨ ᠤᠷᠤᠨ ᠤ ᠵᠠᠯᠠᠭᠤᠴᠤᠳ ᠤᠨ ᠲᠤᠮᠳᠠᠳᠤ ᠮᠠᠶ᠋ᠢᠭ ᠤᠨ ᠪᠦᠬᠡ ᠶᠢᠨ | ᠤᠷᠤᠯᠳᠤᠭᠠᠨ ᠤ ᠳᠡᠳ᠋ ᠬᠦᠨᠳᠤ ᠳᠡᠰ ᠲᠤ ᠲᠡᠷᠢᠭᠦᠯᠡᠪᠡ᠃ | 1973 ᠤᠨ ᠤ ᠰᠢᠯᠢ ᠶᠢᠨ ᠬᠤᠳᠠ ᠳᠤ ᠪᠤᠯᠤᠭᠰᠠᠨ ᠪᠦᠬᠦ ᠤᠷᠤᠨ ᠤ ᠲᠤᠮᠳᠠᠳᠤ ᠮᠠᠶ᠋ᠢᠭ ᠤᠨ ᠪᠦᠬᠡ ᠶᠢᠨ | ᠮᠠᠩᠯᠠᠢ ᠰᠢᠯᠭᠠᠷᠠᠭᠤᠯᠬᠤ ᠤᠷᠤᠯᠳᠤᠭᠠᠨ ᠤ 68 ᠺᠢᠯᠦᠭᠷᠠᠮ ᠤᠨ ᠳᠡᠰ ᠲᠤ ᠲᠡᠷᠢᠭᠦᠯᠡᠪᠡ᠃ | 1974 ᠤᠨ ᠤ ᠬᠦᠬᠡᠬᠤᠳᠠ ᠳᠤ ᠪᠤᠯᠤᠭᠰᠠᠨ ᠤᠷᠤᠨ ᠤ ᠲᠤᠮᠳᠠᠳᠤ ᠮᠠᠶ᠋ᠢᠭ ᠤᠨ ᠮᠠᠩᠯᠠᠢ ᠰᠢᠯᠭᠠᠷᠠᠭᠤᠯᠬᠤ | ᠤᠷᠤᠯᠳᠤᠭᠠᠨ ᠤ 74 ᠺᠢᠯᠦᠭᠷᠠᠮ ᠤᠨ ᠳᠡᠰ ᠲᠤ ᠲᠡᠷᠢᠭᠦᠯᠡᠪᠡ᠃ | 1975 ᠤᠨ ᠤ ᠰᠢᠯᠢ ᠶᠢᠨ ᠬᠤᠳᠠ ᠳᠤ ᠪᠤᠯᠤᠭᠰᠠᠨ ᠪᠦᠬᠦ ᠤᠷᠤᠨ ᠤ ᠲᠤᠮᠳᠠᠳᠤ ᠮᠠᠶ᠋ᠢᠭ ᠤᠨ ᠪᠦᠬᠡ ᠶᠢᠨ | ᠮᠠᠩᠯᠠᠢ ᠰᠢᠯᠭᠠᠷᠠᠭᠤᠯᠬᠤ ᠤᠷᠤᠯᠳᠤᠭᠠᠨ ᠤ 68 ᠺᠢᠯᠦᠭᠷᠠᠮ ᠤᠨ ᠳᠡᠰ ᠲᠤ ᠲᠡᠷᠢᠭᠦᠯᠡᠪᠡ᠃ ᠮᠦᠨ ᠵᠢᠯ ᠤᠨ ᠴᠠᠩ | ᠵᠸᠤ ᠳᠤ ᠪᠤᠯᠤᠭᠰᠠᠨ ᠪᠦᠬᠦ ᠤᠯᠤᠰ ᠤᠨ ᠲᠤᠮᠳᠠᠳᠤ ᠮᠠᠶ᠋ᠢᠭ ᠤᠨ ᠪᠦᠬᠡ ᠶᠢᠨ ᠬᠦᠩᠭᠡᠨ ᠳᠡᠰ ᠤᠨ ᠮᠠᠩᠯᠠᠢ | ᠰᠢᠯᠭᠠᠷᠠᠭᠤᠯᠬᠤ ᠤᠷᠤᠯᠳᠤᠭᠠᠨ ᠳᠤ ᠲᠡᠷᠢᠭᠦᠯᠡᠪᠡ᠃ ᠤᠷᠤᠯᠳᠤᠭᠠᠨ ᠳᠤ ᠪᠡᠭᠡᠵᠢᠩ᠂ ᠲᠢᠶᠠᠨᠵᠢᠨ᠂ ᠡᠾᠧᠪᠸᠢ᠂ | ᠦᠪᠦᠷ ᠮᠤᠩᠭᠤᠯ᠂ ᠯᠢᠶᠤᠤᠨᠢᠩ᠂ ᠱᠠᠨ ᠰᠢ ᠵᠡᠷᠭᠡ ᠮᠤᠵᠢ ᠬᠤᠳᠠ ᠶᠢᠨ ᠲᠠᠮᠢᠷᠴᠢᠳ ᠤᠷᠤᠯᠴᠠᠪᠠ᠃ | ᠬᠤᠰᠢᠭᠤ ᠨᠤᠲᠤᠭ ᠤᠨ ᠨᠠᠶᠢᠷ ᠨᠠᠭᠠᠳᠤᠮ ᠳᠤ ᠪᠠᠷᠢᠯᠳᠤᠵᠦ ᠶᠠᠪᠤᠭᠰᠠᠨ ᠢ ᠳᠡᠮᠳᠡᠭᠯᠡᠪᠡᠯ᠄ | 1964 ᠤᠨ ᠤ ᠡᠬᠡᠪᠤᠯᠠᠭ ᠮᠠᠯᠵᠢᠯ ᠤᠨ ᠳᠠᠯᠠᠪᠠᠢ ᠶᠢᠨ 256 ᠪᠦᠬᠡ ᠪᠠᠷᠢᠯᠳᠤᠭᠰᠠᠨ ᠨᠠᠶᠢᠷ ᠲᠤ ᠳᠡᠳ᠋ᠯᠡᠪᠡ᠃ | | 1964 ᠤᠨ ᠤ ᠡᠵᠢᠨᠠᠭᠤᠷ ᠨᠢᠭᠡᠳᠦᠯ ᠤᠨ 256 ᠪᠦᠬᠡ ᠲᠠᠢ ᠨᠠᠶᠢᠷ ᠲᠤ ᠲᠦᠳᠡᠭᠡᠷᠯᠡᠪᠡ᠃ | 1974 ᠤᠨ ᠤ ᠪᠠᠶᠠᠨᠬᠦᠭᠡᠪᠦᠷ ᠨᠢᠭᠡᠳᠦᠯ ᠤᠨ 256 ᠪᠦᠬᠡ ᠪᠠᠷᠢᠯᠳᠤᠭᠰᠠᠨ ᠨᠠᠶᠢᠷ ᠲᠤ ᠲᠦᠳᠡᠭᠡᠷᠯᠡᠪᠡ᠃ | ᠮᠦᠨ ᠵᠢᠯ ᠤᠨ ᠡᠵᠢᠨᠠᠭᠤᠷ ᠨᠢᠭᠡᠳᠦᠯ ᠤᠨ 256 ᠪᠦᠬᠡ ᠪᠠᠷᠢᠯᠳᠤᠭᠰᠠᠨ ᠨᠠᠶᠢᠷ ᠲᠤ ᠭᠤᠳᠠᠭᠠᠷᠯᠠᠵᠦ᠂ ᠲᠤᠮᠳᠠᠭᠤᠪᠢ | ᠨᠢᠭᠡᠳᠦᠯ ᠤᠨ 256 ᠪᠦᠬᠡ ᠲᠠᠢ ᠨᠠᠶᠢᠷ ᠲᠤ ᠲᠦᠳᠡᠭᠡᠷᠯᠡᠪᠡ᠃ ᠪᠤᠯᠠᠭ ᠨᠢᠭᠡᠳᠦᠯ ᠤᠨ 256 ᠪᠦᠬᠡ ᠪᠠᠷᠢᠯᠳᠤᠭᠰᠠᠨ | ᠨᠠᠶᠢᠷ ᠲᠤ ᠳᠡᠳ᠋ᠯᠡᠭᠰᠡᠨ ᠪᠠᠶᠢᠨ᠎ᠠ᠃ | 1982 ᠤᠨ ᠤ ᠪᠦᠬᠦ ᠠᠶᠢᠮᠠᠭ ᠤᠨ 1024 ᠪᠦᠬᠡ ᠪᠠᠷᠢᠯᠳᠤᠭᠰᠠᠨ ᠶᠡᠭᠡ ᠨᠠᠶᠢᠷ ᠲᠤ᠂ ᠨᠢᠮ᠎ᠡ ᠭᠤᠸᠠᠢ | ᠵᠤᠳᠤᠭ ᠡᠯᠭᠦᠨ ᠵᠠᠯᠠᠭᠤ ᠪᠦᠬᠡᠴᠤᠳ ᠲᠠᠢ ᠦᠵᠡᠯᠴᠡᠨ 64 ᠳᠤ ᠤᠷᠤᠭᠰᠠᠨ ᠪᠠᠶᠢᠵᠠᠢ᠃ |