ᠠᠷᠰᠯᠠᠨ ᠤᠪᠤᠭ᠎ᠠ
ᠨᠡᠶᠢᠲᠡᠯᠡᠭᠰᠡᠨ ᠴᠠᠭ᠄
2017/6/14
     ᠦᠵᠦᠮᠦᠴᠢᠨ ᠤ ᠠᠯᠳᠠᠨᠬᠤᠶᠠᠭᠳᠤ ᠨᠤᠶᠠᠨ ᠤ ᠦᠶ᠎ᠡ ᠳᠤ ᠨᠢᠭᠡ ᠵᠢᠯ ᠤᠯᠠᠭᠠᠢ ᠶᠢᠨ ᠭᠤᠤᠯ ᠦᠶᠡᠷᠯᠡᠨ ᠡᠭᠦᠳᠡ᠂ ᠬᠠᠳᠠᠪᠴᠢ ᠪᠠᠷ ᠬᠤᠶᠢᠰᠢ ᠤᠷᠤᠰᠴᠤ ᠬᠠᠯᠬ᠎ᠠ ᠶᠢᠨ ᠴᠢᠨ᠋ᠸ᠎ᠠ ᠭᠤᠤᠯ ᠳᠤ ᠴᠢᠳᠬᠤᠵᠠᠢ᠂ ᠡᠶᠢᠮᠦ ᠠᠴᠠ ᠦᠵᠦᠮᠦᠴᠢᠨ ᠳᠤ ᠲᠡᠷᠡ ᠨᠢᠭᠡ ᠦᠶ᠎ᠡ ᠦᠶᠡᠷ ᠤᠰᠤ ᠡᠯᠪᠡᠭᠰᠢᠨ᠂ ᠢᠯᠠᠭ᠎ᠠ ᠬᠤᠷᠤᠬᠠᠢ ᠶᠡᠬᠡᠳᠴᠤ᠂ ᠠᠳᠤᠭᠤ ᠮᠠᠯ ᠪᠦᠭᠡᠮ ᠪᠦᠯᠦᠭ ᠢᠶᠠᠷ ᠠᠯᠳᠠᠭᠳᠠᠨ᠂ ᠵᠤᠳ ᠰᠢᠭᠤᠷᠭᠠᠨ ᠬᠦᠨᠳᠦᠷᠦᠭᠡᠳ ᠵᠦᠢᠯ ᠪᠦᠷᠢ ᠶᠢᠨ ᠭᠠᠮᠰᠢᠭ ᠳᠠᠪᠬᠤᠴᠠᠨ ᠲᠡᠭᠡᠷᠡᠮ ᠬᠤᠯᠠᠭᠠᠢ ᠪᠤᠰᠴᠤ᠂ ᠠᠮᠤᠭᠤᠯᠠᠩ ᠪᠤᠰᠤ ᠪᠤᠯᠤᠭᠰᠠᠨ ᠭᠡᠨ᠎ᠡ᠂ ᠡᠭᠦᠨ ᠳᠤ ᠬᠤᠰᠢᠭᠤ ᠬᠤᠳᠠᠯᠠ ᠶᠢᠨ ᠡᠮᠦᠨ᠎ᠡ ᠠᠴᠠ ᠨᠤᠶᠠᠨ᠂ ᠲᠡᠭᠦᠤ ᠲᠦᠢᠩᠬᠡᠷ ᠡᠩᠡ ᠶᠢ ᠶᠠᠪᠤᠭᠤᠯᠵᠦ ᠯᠠᠪᠷᠤᠩ ᠬᠡᠶᠢᠳ ᠤᠨ ᠵᠠᠮᠢᠶᠠᠨᠱᠠᠳᠪᠠ ᠭᠡᠭᠡᠨ᠎ᠡ ᠳᠠᠭᠠᠳᠬᠠᠬᠤ ᠪᠠᠷ ᠪᠤᠯᠵᠠᠢ᠂ ᠭᠡᠬᠦ ᠳᠤ ᠲᠦᠢᠩᠬᠡᠷ ᠡᠩᠡ ᠦᠪᠡᠷ ᠤᠨ ᠵᠤᠬᠢᠶᠠᠭᠰᠠᠨ ︿︿ᠦᠵᠦᠮᠦᠴᠢᠨ ᠤ ᠰᠦᠯᠳᠡ ᠳᠠᠭᠤᠤ﹀﹀ ᠭᠡᠬᠦ ᠨᠠᠢᠮᠠᠨ ᠵᠦᠢᠯ ᠶᠢᠰᠦᠨ ᠪᠠᠳᠠᠭᠳᠤ ᠰᠢᠯᠦᠭ ᠢᠶᠠᠨ ᠠᠪᠠᠴᠢᠵᠦ ᠲᠡᠷᠡ ᠭᠡᠭᠡᠨ ᠳᠤ ᠡᠷᠭᠦᠨ ᠪᠠᠷᠢᠵᠠᠢ᠃ ᠭᠡᠭᠡᠨᠳᠡᠨ ᠰᠠᠶᠢᠬᠠᠨ ᠰᠢᠯᠦᠭ ᠪᠠᠶᠢᠨ᠎ᠠ ᠬᠡᠮᠡᠨ ᠦᠵᠡᠵᠦ ᠲᠠᠭᠠᠰᠢᠶᠠᠭᠠᠳ ᠴᠠᠭᠠᠰᠤᠨ ᠤ ᠠᠷᠤ ᠳᠡᠭᠡᠷ᠎ᠡ ᠨᠢ ᠨᠢᠭᠡᠨ ᠡᠷ᠎ᠡ ᠴᠠᠭᠠᠨ ᠠᠷᠰᠯᠠᠨ ᠵᠢᠷᠤᠵᠦ ᠦᠭᠭᠦᠭᠡᠳ᠄ ︿︿ᠡᠨᠡ ᠳᠠᠭᠤᠤ ᠶᠢ ᠦᠵᠦᠮᠦᠴᠢᠨᠴᠤᠳ ᠡᠳᠦᠷ ᠤᠨ ᠭᠤᠷᠪᠠ ᠳᠠᠭᠤᠯᠠᠵᠦ ᠪᠠᠶᠢᠪᠠᠰᠤ ᠰᠠᠶᠢᠨ᠂ ᠡᠨᠡ ᠵᠢᠷᠤᠭ ᠢ ᠮᠤᠯᠤᠮ ᠯᠠᠮᠠ ᠶᠢᠨ ᠭᠡᠭᠡᠨ ᠳᠤ ᠦᠭ᠂ ᠲᠡᠷᠡ ᠲᠤᠮ ᠬᠢᠪᠡᠯ ᠦᠵᠦᠮᠦᠴᠢᠨ ᠨᠤᠲᠤᠭ ᠠᠮᠤᠭᠤᠯᠠᠩ ᠳᠠᠶᠢᠪᠤᠩ ᠪᠤᠯᠴᠢᠬᠠᠨ᠎ᠠ﹀﹀ ᠭᠡᠵᠦ ᠠᠶᠢᠯᠠᠳᠤᠭᠰᠠᠨ ᠶᠤᠮ ᠭᠡᠳᠡᠭ᠃      ᠶᠠᠭ ᠲᠡᠷᠡ ᠭᠡᠭᠡᠨᠳᠡᠨ ᠤ ᠬᠡᠯᠡᠭᠰᠡᠨ ᠶᠤᠰᠤᠭᠠᠷ ᠵᠢᠷᠤᠭ ᠢ ᠮᠤᠯᠤᠮ ᠯᠠᠮᠠ ᠳᠤ ᠦᠭᠭᠦᠭᠰᠡᠨ ᠳᠤ ᠯᠠᠮᠠ ᠶᠢᠨ ᠭᠡᠭᠡᠨ᠄ ︿︿ᠠᠷᠰᠯᠠᠨ ᠰᠢᠨᠵᠢ ᠶᠢᠨ ᠯᠤᠤᠰ ᠢ ᠤᠯᠵᠦ ᠳᠠᠬᠢᠶ᠎ᠠ﹀﹀ ᠭᠡᠵᠦ ᠬᠡᠯᠡᠭᠡᠳ ᠲᠦᠢᠩᠬᠡᠷ ᠡᠩᠡ ᠶᠢ ᠳᠠᠭᠠᠭᠤᠯᠤᠨ ᠮᠤᠷᠳᠠᠵᠠᠢ᠂ ᠢᠩᠭᠢᠭᠡᠳ ᠤᠯᠠᠭᠠᠢ ᠭᠤᠤᠯ ᠤᠨ ᠬᠤᠶᠢᠳᠦ ᠬᠦᠤᠷ ᠳᠠᠬᠢ ᠬᠠᠳᠠᠳᠤ ᠠᠭᠤᠯᠠᠨ ᠳᠤ ᠢᠷᠡᠭᠡᠳ ᠤᠪᠤᠭ᠎ᠠ ᠪᠤᠰᠬᠠᠵᠦ ᠦᠴᠢᠯ ᠳᠠᠬᠢᠯᠭ᠎ᠠ ᠵᠤᠬᠢᠶᠠᠵᠦ ᠦᠭᠭᠦᠭᠡᠳ ︿︿ᠠᠷᠰᠯᠠᠨ ᠤᠪᠤᠭ᠎ᠠ﹀﹀ ᠬᠡᠮᠡᠨ ᠨᠡᠷᠡᠯᠡᠵᠦ ᠪᠢᠯᠢᠭ ᠤᠨ ᠤᠯᠠᠷᠢᠯ ᠤᠨ ᠵᠤᠨ ᠤ ᠲᠤᠮᠳᠠ ᠰᠠᠷ᠎ᠠ ᠶᠢᠨ ᠬᠤᠷᠢᠨ ᠳᠤ ᠳᠠᠬᠢᠳᠠᠭ ᠪᠤᠯᠭᠠᠵᠠᠢ᠃ ᠠᠩᠬ᠎ᠠ ᠳᠠᠬᠢᠬᠤ ᠲᠡᠷᠡ ᠡᠳᠦᠷ ᠨᠢ ᠲᠦᠢᠩᠬᠡᠷ ᠡᠩᠡ ᠪᠠᠷ ᠬᠠᠤᠯᠢ ᠶᠢᠨ ᠪᠢᠴᠢᠭ ᠳᠠᠭᠤᠳᠠᠭᠤᠯᠤᠭᠰᠠᠨ ᠶᠤᠮ ᠭᠡᠨ᠎ᠡ᠂ ᠲᠡᠷᠡ ᠪᠢᠴᠢᠭ ᠲᠡᠭᠡᠨ᠄ ︿︿ᠦᠵᠦᠮᠦᠴᠢᠨ ᠪᠠᠷᠠᠭᠤᠨ ᠬᠤᠰᠢᠭᠤᠨ ᠤ ᠬᠤᠱᠤᠢ ᠰᠡᠴᠡᠨ ᠴᠢᠨ ᠸᠠᠩ ᠤᠨ ᠬᠠᠷᠢᠶᠠᠳᠤ ᠨᠤᠲᠤᠭ ᠤᠨ ᠭᠡᠴᠡ ᠳᠠᠬᠢ ᠡᠨᠡ ᠠᠭᠤᠯᠠ ᠪᠤᠯ ᠠᠷᠰᠯᠠᠨ ᠬᠦᠯᠦᠭᠯᠡᠭᠰᠡᠨ ᠨᠤᠶᠠᠨ ᠯᠤᠤᠰ ᠲᠤᠯᠠ᠂ ᠲᠡᠭᠦᠤ ᠦᠵᠦᠮᠦᠴᠢᠨ ᠪᠡᠶᠢᠯᠡ ᠶᠢᠨ ᠬᠤᠰᠢᠭᠤᠨ ᠤ ᠠᠭᠤᠯᠠ ᠤᠰᠤᠨ ᠳᠤ ᠠᠪᠠᠭᠠᠯᠠᠬᠤ ᠦᠶ᠎ᠡ ᠲᠠᠢ ᠪᠤᠯᠬᠤᠷ ᠡᠮ᠎ᠡ ᠬᠦᠢᠰᠦ ᠪᠦᠬᠦᠢ ᠯᠤᠤᠰ ᠤᠯᠠᠭᠠᠢ ᠭᠤᠤᠯ ᠢᠶᠠᠷ ᠤᠷᠤᠰᠴᠣ ᠭᠠᠷᠴᠤ ᠪᠤᠯᠬᠤ ᠦᠭᠡᠢ᠂ ᠁﹀﹀ ᠬᠡᠮᠡᠨ ᠪᠠᠶᠢᠭᠰᠠᠨ ᠭᠡᠳᠡᠭ᠃ ᠲᠡᠭᠦᠨ ᠠᠴᠠ ᠬᠤᠶᠢᠰᠢ ᠤᠯᠠᠭᠠᠢ ᠭᠤᠤᠯ ᠳᠠᠬᠢᠵᠦ ᠶᠡᠷᠤ ᠠᠷᠰᠯᠠᠨ ᠤᠪᠤᠭᠠᠨ ᠤ ᠬᠦᠤᠷ ᠢᠶᠠᠷ ᠪᠠᠷᠠᠭᠤᠨᠰᠢ ᠭᠠᠷᠤᠭᠰᠠᠨ ᠦᠭᠡᠢ ᠰᠢᠷ᠎ᠠ ᠮᠦᠰᠦ ᠭᠡᠭᠴᠢ ᠢᠷᠡᠭᠡᠳ ᠵᠤᠭᠰᠤᠳᠠᠭ ᠪᠤᠯᠤᠭᠰᠠᠨ ᠭᠡᠨ᠎ᠡ᠃      ᠲᠡᠷᠡ ᠳᠠᠬᠢᠯᠭ᠎ᠠ ᠶᠢᠨ ᠨᠠᠶᠢᠷ ᠳᠡᠭᠡᠷ᠎ᠡ ᠯᠠᠮᠠ ᠭᠡᠭᠡᠨᠳᠡᠨ ᠠᠴᠠ ᠤᠯᠠᠨ ᠳᠤ ᠲᠦᠢᠩᠬᠡᠷ ᠡᠩᠡ ᠶᠢᠨ ᠵᠤᠬᠢᠶᠠᠭᠰᠠᠨ ᠡᠨᠡ ᠳᠠᠭᠤᠤ ᠶᠢ ᠳᠠᠭᠤᠯᠠ ᠬᠡᠮᠡᠨ ᠵᠠᠷᠯᠠᠵᠦ ᠨᠡᠷ᠎ᠡ ᠶᠢ ᠨᠢ ︿︿ᠵᠢᠷᠭᠠᠯᠠᠩᠳᠤ ᠨᠠᠢᠮᠠᠨ ᠮᠤᠷᠢᠨ ᠤ ᠳᠠᠭᠤᠤ﹀﹀ ᠭᠡᠵᠦ ᠦᠭᠡᠷᠡᠴᠢᠯᠡᠭᠰᠡᠨ ᠶᠤᠮ ᠭᠡᠨ᠎ᠡ᠃ ᠲᠦᠢᠩᠬᠡᠷ ᠡᠩᠡ ᠶᠢᠨ ᠪᠠᠭ᠎ᠠ ᠶᠢᠨ ᠨᠡᠷ᠎ᠡ ᠨᠢ ᠲᠦᠮᠡᠨᠪᠠᠶᠠᠷ ᠬᠡᠳᠡᠭ ᠪᠠᠶᠢᠵᠠᠢ᠂ ᠲᠡᠶᠢᠨ ᠬᠦ ᠲᠡᠷᠡ ᠳᠠᠭᠤᠤ ᠶᠢᠨ ᠰᠡᠭᠦᠯ ᠤᠨ ᠨᠢᠭᠡ ᠪᠠᠳᠠᠭ ᠰᠢᠯᠦᠭ ᠲᠤ᠄ ︿︿ᠮᠢᠯᠠ ᠪᠤᠭᠳᠠ ᠶᠢᠨ ᠳᠠᠭᠤᠯᠠᠯ ᠤᠨ ᠲᠦᠷᠢᠮ᠂ ᠮᠠᠷᠳᠠᠯ ᠦᠭᠡᠢ ᠲᠦᠮᠡᠨᠪᠠᠶᠠᠷ ᠤᠨ ᠡᠭᠦᠰᠭᠡᠯ ᠁﹀﹀ ᠭᠡᠵᠦ ᠪᠠᠶᠢᠳᠠᠭ ᠨᠢ ᠲᠡᠷᠡ ᠪᠠᠶᠢᠵᠠᠢ᠃                                ︵ᠯ᠊᠂ ᠠᠮᠤᠷᠮᠡᠨᠳᠦ ᠶᠢᠨ ︿︿ᠦᠵᠦᠮᠦᠴᠢᠨ ᠤᠪᠤᠭ᠎ᠠ ᠳᠠᠬᠢᠯᠭ᠎ᠠ﹀﹀ ᠬᠡᠮᠡᠬᠦ ᠨᠤᠮ ᠠᠴᠠ ᠪᠠᠭᠤᠯᠭᠠᠵᠦ ᠠᠪᠤᠪᠠ︶
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号