ᠠᠯᠤᠬ᠎ᠠ ᠶᠢᠨ ᠪᠠᠨᠽᠠᠷ ᠤᠨ ᠦᠵᠦᠮᠦᠴᠢᠨ ᠪᠦᠭᠡ ᠶᠢᠨ ᠡᠷᠳᠡᠮ ᠮᠡᠭᠡ ᠶᠢᠨ ᠲᠤᠬᠠᠢ
ᠨᠡᠶᠢᠲᠡᠯᠡᠭᠰᠡᠨ ᠴᠠᠭ᠄
2017/4/28
ᠤᠷᠢᠶᠠᠩᠬᠠᠨ ᠤ᠂ ᠶᠤᠨᠳᠤᠨ         ᠠᠯᠤᠬ᠎ᠠ ᠶᠢᠨ ᠪᠠᠨᠽᠠᠷ ᠤᠨ ᠦᠵᠦᠮᠦᠴᠢᠨ ᠪᠦᠭᠡ ᠶᠢᠨ ᠡᠷᠳᠡᠮ ᠮᠡᠭᠡ ᠶᠢᠨ ᠲᠤᠬᠠᠢ              ᠨᠢᠬᠡ   ᠵᠠᠯᠠᠭᠤ ᠨᠠᠰᠤᠨ ᠤ ᠲᠤᠷᠠᠰᠤᠮᠵᠢ ᠪᠠ ᠡᠷᠭᠢᠴᠡᠭᠦᠯᠦᠯ      ᠠᠯᠤᠬ᠎ᠠ ᠶᠢᠨ ᠪᠠᠨᠽᠠᠷ ᠪᠤᠯ ᠤᠤᠯ ᠤᠨ ᠡᠵᠢᠨᠠᠭᠤᠷ ᠨᠢᠭᠡᠳᠦᠯ ᠤᠨ ᠤᠯᠤᠰ ᠬᠤᠪᠢ ᠬᠤᠷᠰᠢᠭᠰᠠᠨ ᠬᠠᠷᠠᠭᠠᠳᠤ ︵ᠡᠬᠡᠪᠤᠯᠠᠭ ᠲᠠᠯᠠᠪᠠᠢ︶ ᠮᠠᠯᠵᠢᠯ ᠤᠨ ᠲᠠᠯᠠᠪᠠᠢ ᠶᠢᠨ ᠬᠠᠷᠢᠶᠠᠳᠤ ᠮᠠᠯᠴᠢᠨ ᠪᠤᠷᠵᠢᠭᠢᠨ ᠤᠪᠤᠭᠳᠤ ᠠᠪᠤ ᠪᠤᠷᠤᠰ ᠤᠨ ᠠᠳᠤᠭᠤᠴᠢᠨ ᠠᠯᠤᠬ᠎ᠠ ᠪᠤᠯᠤᠨ ᠡᠬᠡ ᠰᠤᠯᠢ ᠶᠢᠨ ᠬᠦᠪᠡᠭᠦᠨ ᠦᠷ᠎ᠡ ᠨᠢ ᠪᠤᠯᠵᠦ᠂ 1958 ᠤᠨ ᠤ ᠰᠢᠷ᠎ᠠ ᠨᠤᠬᠠᠢ ᠵᠢᠯ ᠳᠤ ᠰᠢᠷ᠎ᠠ ᠨᠤᠬᠠᠶᠢᠳᠤ ᠶᠢᠨ ᠪᠤᠷᠤᠯᠵᠢ ᠬᠡᠮᠡᠬᠦ ᠭᠠᠵᠠᠷ ᠵᠠᠶᠠᠭᠠᠵᠠᠢ᠃ ᠲᠡᠷᠡ ᠪᠤᠯ ᠡᠬᠡᠪᠤᠯᠠᠭ ᠮᠠᠯᠵᠢᠯ ᠤᠨ ᠲᠠᠯᠠᠪᠠᠢ ᠶᠢᠨ ᠬᠠᠷᠠᠭᠤᠪᠢ ᠰᠠᠯᠪᠤᠷᠢ ᠲᠠᠯᠠᠪᠠᠢ ᠶᠢᠨ ᠮᠠᠯᠴᠢᠨ᠂ ᠦᠵᠦᠮᠦᠴᠢᠨ ᠤ ᠨᠢᠭᠡᠨ ᠦᠶ᠎ᠡ ᠶᠢᠨ ᠠᠯᠳᠠᠷᠳᠤ ᠪᠦᠭᠡ ᠂ ᠨᠠᠶᠠᠨ ᠨᠢᠭᠡ ᠶᠢᠨ ᠲᠤᠮᠤᠬᠠᠨ ᠱᠠᠩ ᠢ ᠲᠤᠰᠴᠤ ᠶᠠᠪᠤᠭᠰᠠᠨ ᠲᠡᠤᠬᠡ ᠲᠠᠢ ᠰᠠᠨ᠃      ᠲᠡᠷᠡ ᠬᠠᠷᠠᠬᠠᠨ ᠪᠠᠭ᠎ᠠ ᠠᠴᠠ ᠪᠠᠨ ᠪᠦᠬᠡ ᠪᠠᠷᠢᠯᠳᠤᠬᠤ ᠳᠤ ᠲᠤᠷ᠎ᠠ ᠪᠠᠭ᠋ᠠᠳᠠᠢ ᠪᠤᠯᠬᠤᠷ ᠨᠤᠲᠤᠭ ᠤᠨ ᠠᠬᠠᠮᠠᠳ ᠨᠠᠷ ᠨᠢ ᠲᠡᠭᠦᠨ ᠤ ᠪᠡᠶ᠎ᠡ ᠴᠤᠭᠴᠠ ᠲᠤᠷᠪᠢᠯᠢᠭ ᠴᠢᠳᠠᠯ ᠶᠡᠬᠡᠳᠡᠢ ᠪᠠᠷ ᠭᠠᠳᠠᠷᠯᠠᠭᠰᠠᠨ ᠴᠤ ᠪᠤᠯᠪᠠᠤ᠂ ᠶᠠᠭᠤ ᠴᠤ ᠭᠡᠰᠡᠨ ᠪᠠᠷᠢᠯᠳᠤᠬᠤ ᠠᠷᠭ᠎ᠠ ᠬᠢᠳᠡᠯ ᠢ ᠵᠢᠭᠠᠵᠦ ᠦᠭᠭᠦᠳᠡᠭ ᠪᠠᠶᠢᠵᠠᠢ᠂ ᠡᠭᠦᠨ ᠳᠤ ᠨᠠᠭᠠᠴᠤ ᠨᠠᠶᠢ᠊᠂ ᠴᠢᠮᠠᠳ ︵ᠦᠵᠦᠮᠦᠴᠢᠨ ᠤ ᠨᠡᠷᠡᠳᠦ ᠪᠦᠭᠡ︶᠂ ᠲᠦᠮᠡᠨᠪᠠᠶᠠᠷ ᠤᠨ ᠬᠢ ᠮᠠᠨᠠᠶᠢᠬᠢᠨ ᠲᠠᠢ ᠦᠷᠭᠦᠯᠵᠢ ᠠᠶᠢᠯ ᠰᠠᠭᠠᠬᠠᠯᠳᠠ ᠶᠠᠪᠤᠳᠠᠭ ᠪᠠᠶᠢᠭᠰᠠᠨ᠂ ᠪᠢ ᠲᠦᠮᠡᠨᠪᠠᠶᠠᠷ ᠠᠪᠤ ᠶᠢᠨ ᠬᠦᠤ ᠮᠠᠨᠳᠠᠷ ᠲᠠᠢ ᠦᠶ᠎ᠡ ᠬᠤᠷᠠᠭ ᠤᠨ ᠬᠡᠤᠬᠡᠳ᠂ ᠲᠤᠵᠢ ᠪᠠᠷᠢᠯᠳᠤᠵᠦ ᠵᠢᠭᠤᠷᠠᠵᠦ ᠶᠠᠪᠤᠳᠠᠭ ᠪᠤᠯᠬᠤᠷ ᠲᠦᠮᠡᠨᠪᠠᠶᠠᠷ ᠠᠪᠤ ᠨᠠᠳᠠ ᠳᠤ ᠬᠠᠮᠤᠭ ᠠᠩᠬ᠎ᠠ ᠬᠤᠮᠨᠠᠭ᠎ᠠ ᠬᠢᠬᠦ ᠦᠨᠳᠦᠰᠦᠨ ᠡᠷᠳᠡᠮ ᠮᠡᠭᠡ ᠶᠢ ᠲᠡᠷᠡ ᠦᠶ᠎ᠡ ᠳᠤ ᠵᠢᠭᠠᠵᠦ ᠦᠭᠭᠦᠭᠰᠡᠨ ᠶᠤᠮ ᠳ᠋ᠠ᠃ ᠪᠦᠬᠡ ᠬᠦᠮᠦᠨ ᠪᠤᠯᠤᠨ᠎ᠠ ᠭᠡᠵᠦ ᠮᠠᠨ ᠤ ᠦᠶ᠎ᠡ ᠶᠢᠨ ᠬᠡᠳᠦᠨ ᠨᠦᠬᠦᠳ ᠬᠤᠭᠤᠷᠤᠨᠳᠤ ᠪᠠᠨ ᠴᠤᠭᠯᠠᠷᠠᠪᠠᠯ ᠰᠠᠷᠠ ᠲᠠᠢ ᠰᠦᠨᠢ ᠶᠢᠨ ᠰᠦᠯᠡᠭᠡᠨ ᠳᠤ᠂ ᠨᠢᠭᠡᠨ ᠢᠶᠠᠨ ᠴᠤᠪᠤᠭᠤᠯᠬᠤ ᠭᠡᠵᠦ ᠴᠢᠷᠮᠠᠶᠢᠨ ᠪᠦᠬᠡ ᠶᠢᠨ ᠪᠤᠯᠪᠠᠰᠤᠷᠠᠯ ᠮᠡᠷᠭᠡᠵᠢᠯ ᠢ ᠡᠵᠡᠮᠰᠢᠬᠦ ᠪᠠᠷ ᠰᠦᠨᠢᠵᠢᠨ ᠨᠤᠤᠷᠠᠯᠳᠤᠳᠠᠭ ᠪᠠᠶᠢᠭᠰᠠᠨ᠂ ᠲᠡᠷᠡ ᠦᠶ᠎ᠡ ᠪᠦᠬᠡ ᠶᠢᠨ ᠰᠤᠷᠢᠶ᠎ᠠ ᠬᠢᠬᠦ ᠲᠤᠰᠬᠠᠢ ᠲᠠᠯᠠᠪᠤᠷ ᠭᠡᠵᠦ ᠪᠠᠶᠢᠭᠰᠠᠨ ᠦᠭᠡᠢ ᠭᠡᠵᠦ ᠪᠠᠨᠽᠠᠷ ᠭᠤᠸᠠᠢ ᠲᠤᠷᠠᠰᠤᠮᠵᠢᠯᠠᠨ ᠶᠠᠷᠢᠯ᠎ᠠ᠃      ᠪᠠᠨᠽᠠᠷ ᠶᠢᠨ ᠬᠠᠮᠤᠭ ᠤᠨ ᠠᠩᠬ᠎ᠠ ᠨᠠᠶᠢᠷ ᠲᠤ ᠤᠷᠤᠵᠦ ᠵᠤᠳᠤᠭ ᠡᠯᠭᠦᠭᠰᠡᠨ ᠨᠢ 1974 ᠤᠨ ᠤ ᠪᠠᠷᠠᠭᠤᠨ ᠦᠵᠦᠮᠦᠴᠢᠨ ᠤ ᠴᠤᠭ ᠠᠭᠤᠯᠠ ᠲᠠᠯᠠᠪᠠᠢ ᠶᠢᠨ ᠵᠤᠨ ᠤ ᠡᠬᠢ ᠪᠠᠷ ᠬᠢᠭᠰᠡᠨ ᠨᠠᠶᠢᠷ ᠪᠤᠯᠬᠤ ᠶᠤᠮ᠂ ᠠᠷᠪᠠᠨ ᠵᠢᠷᠭᠤᠭᠠᠳᠠᠢ ᠳᠠᠭᠠᠨ ᠬᠡᠤᠬᠡᠳ ᠤᠨ ᠪᠦᠬᠡ ᠳᠤ ᠤᠷᠤᠬᠤ ᠪᠠᠷ ᠨᠡᠷ᠎ᠡ ᠮᠡᠳᠡᠭᠦᠯᠬᠦ ᠳᠤ ᠤᠷᠤᠭᠤᠯᠤᠭᠰᠠᠨ ᠦᠭᠡᠢ᠂ ᠢᠩᠬᠢᠭᠡᠳ ᠲᠤᠮᠤᠴᠤᠳ ᠤᠨ ᠪᠦᠬᠡ ᠳᠤ ᠪᠠᠷᠢᠯᠳᠤᠭᠰᠠᠨ ᠪᠠᠶᠢᠵᠠᠢ᠃ ᠲᠠᠩ ᠳᠤ ᠬᠤᠤᠰᠪᠠᠶᠠᠷ ᠭᠡᠬᠦ ᠬᠦᠮᠦᠨ ᠢ ᠬᠠᠶᠠᠵᠦ ᠤᠤᠭᠠᠨ ᠪᠠᠷᠢᠯᠳᠤᠭᠠᠨ ᠢᠶᠠᠨ ᠡᠬᠢᠯᠡᠭᠦᠯᠦᠭᠰᠡᠨ ᠢᠶᠠᠷ ᠲᠡᠭᠡᠷ᠎ᠡ ᠨᠡᠢᠮᠠ ᠳᠤ ᠬᠦᠷᠴᠤ ᠨᠠᠶᠢᠷ ᠤᠨ ᠱᠠᠩ ᠢᠶᠠᠷ ᠮᠢᠯᠢᠶᠠᠯᠭᠠᠭᠰᠠᠨ ᠭᠡᠳᠡᠭ᠃ ᠲᠠᠷᠠ ᠬᠤᠰᠢᠭᠤ ᠠᠶᠢᠮᠠᠭ ᠤᠨ ᠪᠦᠬᠡ ᠶᠢᠨ ᠪᠤᠯᠪᠠᠰᠤᠷᠠᠯ ᠳᠤ ᠤᠯᠠᠨ ᠤᠳᠠᠭ᠎ᠠ ᠤᠷᠤᠯᠴᠠᠨ ᠡᠷᠳᠡᠮ ᠮᠡᠷᠭᠡᠵᠢᠯ ᠢᠶᠠᠨ ᠲᠡᠭᠡᠭᠰᠢᠯᠡᠭᠦᠯᠦᠨ ᠶᠠᠪᠤᠬᠤ ᠳᠠᠭᠠᠨ ᠤᠯᠤᠰ ᠤᠨ ᠤᠤᠭᠠᠨ ᠠᠪᠤᠷᠭᠤ ᠰᠤᠳᠨᠠᠮ ᠪᠤᠯᠤᠨ ᠠᠪᠤᠷᠭᠤ ᠨᠠᠶᠢᠳᠠᠨ ᠢᠶᠠᠷ ᠪᠠᠭᠰᠢ ᠪᠠᠷᠢᠨ᠂ ᠡᠷᠳᠡᠮ ᠤᠨ ᠪᠠᠶᠠᠯᠢᠭ ᠢ ᠡᠵᠡᠮᠰᠢᠭᠰᠡᠨ ᠢᠶᠠᠷ᠂ ᠡᠷᠳᠡᠮ ᠬᠢᠬᠦ ᠪᠠ ᠬᠢᠭᠰᠡᠨ ᠡᠷᠳᠡᠮ ᠢ ᠤᠷᠪᠠᠭᠤᠯᠬᠤ ᠤᠯᠠᠨ ᠵᠦᠢᠯ ᠤᠨ ᠤᠷ᠎ᠠ ᠮᠡᠷᠭᠡᠵᠢᠯ ᠢ ᠤᠶᠤᠨ ᠲᠠᠷᠢᠬᠢᠨ ᠳᠠᠭᠠᠨ ᠲᠤᠭᠳᠠᠭᠠᠵᠦ ᠠᠪᠳᠠᠭ ᠪᠠᠶᠢᠵᠠᠢ᠂ ᠦᠵᠦᠮᠦᠴᠢᠨ ᠤ ᠠᠯᠳᠠᠷᠳᠤ ᠪᠦᠭᠡ ᠡᠷᠬᠢᠮᠪᠠᠳᠤ ᠢᠶᠠᠷ ᠲᠡᠭᠦᠨ ᠤ ᠬᠡᠳᠦ ᠤᠳᠠᠭ᠎ᠠ ᠶᠢᠨ ᠰᠠᠶᠢᠨ ᠪᠠᠷᠢᠯᠳᠤᠭᠰᠠᠨ ᠢ ᠦᠵᠡᠭᠡᠳ᠄ ︽ᠬᠤᠵᠢᠮ ᠡᠷᠳᠡᠮ ᠬᠢᠵᠦ ᠪᠠᠷᠢᠯᠳᠤᠬᠤ ᠳᠠᠭᠠᠨ ᠬᠦᠩᠭᠡᠨ ᠬᠦᠮᠦᠨ ᠢ ᠲᠠᠷᠤᠵᠦ ᠬᠢ᠂ ᠬᠦᠨᠳᠦ ᠬᠦᠮᠦᠨ ᠢ ᠰᠤᠴᠢᠭᠠᠵᠦ ᠬᠢ︕︾ ᠭᠡᠵᠦ ᠵᠠᠬᠢᠯ᠎ᠠ ᠭᠡᠳᠡᠭ᠃ ᠶᠡᠷᠡ ᠬᠦᠷᠦᠭᠰᠡᠨ ᠬᠡᠤᠬᠡᠨ ᠪᠢᠴᠢᠭᠡᠴᠢ ᠶᠡᠭᠡ ᠨᠠᠰᠤᠳᠠᠨ ᠪᠠᠨᠽᠠᠷ ᠤᠨ ᠤᠯᠠᠨ ᠵᠢᠯ ᠤᠨ ᠪᠠᠷᠢᠯᠳᠤᠭᠠᠨ ᠤ ᠠᠮᠵᠢᠯᠳᠠ ᠶᠢ ᠦᠨᠡᠯᠡᠨ᠄ ︽ᠤᠯᠠᠨ ᠡᠷᠳᠡᠮ ᠬᠢᠴᠡᠳᠡᠢ ᠤᠷᠭᠤᠭ᠎ᠠ ᠪᠦᠬᠡ ᠶᠤᠮ︾ ᠭᠡᠵᠦ ᠬᠤᠷᠶᠠᠩᠭᠤᠶᠢᠯᠠᠭᠰᠠᠨ ᠪᠠᠶᠢᠳᠠᠭ᠂ ᠨᠤᠲᠤᠭ ᠤᠨ ᠪᠤᠭᠤᠷᠤᠯ ᠤᠳ ᠤᠨ ᠢᠷᠦᠭᠡᠯ ᠬᠠᠶᠢᠷᠠᠯᠠᠯ ᠨᠠᠳᠠ ᠳᠤ ᠰᠢᠩᠭᠡᠵᠦ᠂ ᠮᠢᠨᠤ ᠪᠠᠷᠢᠯᠳᠤᠯᠭ᠎ᠠ ᠳᠤ ᠬᠦᠴᠦᠨ ᠵᠤᠷᠢᠭᠵᠢᠭᠤᠯᠤᠯ ᠪᠤᠯᠳᠠᠭ ᠪᠠᠶᠢᠭᠰᠠᠨ ᠭᠡᠵᠦ ᠪᠠᠨᠽᠠᠷ ᠲᠤᠳᠤᠭᠠᠳᠤ ᠰᠡᠳᠭᠢᠯ ᠢᠶᠠᠨ ᠠᠭᠤᠳᠠᠯᠠᠨ ᠶᠠᠷᠢᠯ᠎ᠠ᠂ ᠢᠩᠭᠢᠭᠰᠡᠨ ᠢᠶᠠᠷ ᠬᠤᠷᠢ ᠭᠠᠷᠤᠢ ᠵᠢᠯ ᠤᠨ ᠦᠨᠢᠷ ᠦᠷᠭᠡᠨ ᠶᠡᠭᠡ ᠪᠠᠭ᠎ᠠ ᠨᠠᠶᠢᠷ ᠲᠤ ᠮᠠᠰᠢ ᠤᠯᠠᠨ ᠠᠯᠳᠠᠷᠳᠤ ᠪᠦᠭᠡ ᠪᠤᠰᠤᠭ᠎ᠠ ᠡᠷ᠎ᠡ ᠶᠢ ᠬᠠᠶᠠᠯᠠᠵᠦ ᠶᠠᠪᠤᠭᠰᠠᠨ ᠪᠦᠭᠡᠳ ᠨᠠᠶᠢᠷ ᠤᠨ ᠱᠠᠩ ᠶᠢ ᠭᠦᠷᠳᠡᠵᠦ᠂ ᠨᠠᠷ᠎ᠠ ᠠᠯᠳᠠᠷ ᠢᠶᠠᠨ ᠮᠠᠨᠳᠤᠭᠤᠯᠤᠨ ᠨᠡᠶᠢᠳᠡ ᠲᠦᠮᠡᠨ ᠤ ᠪᠠᠨ ᠰᠤᠨᠤᠷ ᠢ ᠪᠠᠶᠠᠰᠬᠠᠵᠦ ᠶᠠᠪᠤᠭᠰᠠᠨ ᠶᠤᠮ᠃      ᠲᠡᠭᠦᠨ ᠤ ᠪᠠᠷᠢᠯᠳᠤᠯᠭ᠎ᠠ ᠶᠢᠨ ᠤᠨᠴᠠᠯᠢᠭ ᠭᠡᠪᠡᠯ᠄ ᠶᠠᠮᠠᠷ ᠴᠤ ᠪᠠᠷᠢᠴᠠᠨ ᠳᠤ ᠲᠤᠬᠢᠷᠠᠭᠰᠠᠨ ᠡᠷᠳᠡᠮ ᠢ ᠬᠢᠬᠦ ᠳᠤ ᠰᠤᠷᠮᠠᠭᠠᠢ ᠪᠠᠶᠢᠳᠠᠭ᠂ ᠡᠷᠳᠡᠮ ᠮᠡᠭᠡ ᠦᠯᠠᠮᠵᠢ᠂ ᠤᠷᠪᠠᠭᠤᠯᠬᠤᠢ ᠳᠤᠷ ᠲᠠᠳᠮᠠᠭᠠᠢ᠂ ᠨᠢᠳᠦ ᠬᠢᠷᠬᠠᠢ ᠬᠦᠳᠡᠯᠭᠡᠭᠡᠨ ᠬᠤᠷᠳᠤᠨ᠂ ᠭᠠᠷ ᠬᠦᠯ ᠤᠨ ᠴᠢᠳᠠᠯ ᠲᠡᠩᠴᠡᠭᠦᠨ ᠪᠠᠶᠢᠳᠠᠭ ᠢᠶᠠᠷ ᠡᠷᠳᠡᠮ ᠮᠡᠭᠡ ᠶᠢ ᠶᠢ ᠤᠭᠰᠠᠷᠠᠭᠤᠯᠤᠨ ᠬᠢᠳᠡᠭ ᠦᠪᠡᠷᠮᠢᠴᠡ‌ᠤᠨᠴᠠᠯᠢᠭ ᠲᠠᠢ᠂ ᠡᠶᠢᠮᠦ ᠪᠠᠷ ︽ᠪᠠᠨᠽᠠᠷ ᠤᠨ ᠤᠭᠰᠠᠷᠠᠭ᠎ᠠ ᠡᠷᠳᠡᠮ︾ ᠭᠡᠵᠦ ᠠᠯᠳᠠᠷᠰᠢᠭᠰᠠᠨ᠃ ᠲᠡᠭᠦᠨ ᠤ ᠬᠡᠯᠡᠬᠦ ᠪᠠᠷ᠂ ᠪᠦᠬᠡ ᠬᠦᠮᠦᠨ ᠤ ᠭᠠᠷ ᠤᠨ ᠰᠠᠷᠠᠯ ᠮᠡᠳᠡᠷᠡᠮᠵᠢ ᠤᠨᠴᠤᠭᠤᠢ ᠬᠤᠷᠴᠠ ᠪᠠᠶᠢᠳᠠᠭ᠂ ᠡᠶᠢᠮᠦ ᠪᠠᠷ ᠨᠦᠭᠦᠭᠡ ᠡᠳᠡᠭᠡᠳ ᠤᠨ ᠭᠦᠯ ᠤᠨ ᠪᠠᠶᠢᠴᠠ ᠶᠢ ᠠᠵᠢᠭᠯᠠᠬᠤ ᠨᠢ ᠵᠠᠩᠭᠢᠯᠭ᠎ᠠ ᠪᠤᠯᠳᠠᠭ᠂ ᠨᠢᠳᠦ ᠠᠨᠢᠬᠤ ᠶᠢ ᠯᠡ ᠴᠡᠭᠡᠷᠯᠡᠳᠡᠭ ᠤᠴᠢᠷ ᠲᠠᠢ ᠭᠡᠵᠦ ᠬᠡᠯᠡᠨ᠎ᠡ᠃ ᠲᠡᠷᠡ ᠶᠠᠷᠤᠨᠢ ᠨᠠᠶᠢᠷ ᠦᠵᠡᠬᠦ ᠳᠡᠭᠡᠨ ᠪᠤᠶᠤ ᠨᠠᠶᠢᠷ ᠲᠤ ᠪᠠᠷᠢᠯᠳᠤᠬᠤ ᠳᠠᠭᠠᠨ ᠨᠡᠷᠡᠳᠦ ᠪᠦᠬᠡ ᠪᠠ ᠭᠠᠳᠠᠨ᠎ᠠ ᠠᠴᠠ ᠢᠷᠡᠭᠰᠡᠨ ᠪᠦᠬᠡᠴᠤᠳ ᠤᠨ ᠶᠠᠮᠠᠷ ᠡᠷᠳᠡᠮ ᠢ ᠭᠤᠤᠯᠳᠠᠭᠤ ᠬᠢᠵᠦ ᠪᠠᠶᠢᠬᠤ᠂ ᠠᠯᠢ ᠲᠠᠯ᠎ᠠ ᠲᠠᠢ ᠵᠡᠷᠭᠡ ᠶᠢ ᠲᠤᠭᠳᠠᠭᠠᠵᠦ ᠠᠪᠳᠠᠭ ᠪᠠ ᠲᠡᠭᠦᠨ ᠤ ᠦ ᠲᠠᠢ ᠲᠠᠯ᠎ᠠ ᠶᠢ ᠮᠠᠷᠳᠠᠯ ᠦᠭᠡᠢ ᠴᠡᠭᠡᠵᠢᠯᠡᠵᠦ ᠪᠠᠶᠢᠳᠠᠭ ᠢᠶᠠᠷ ᠬᠡᠷᠪᠡ ᠲᠡᠭᠦᠨ ᠳᠤ ᠲᠠᠭᠠᠷᠠᠯᠳᠤᠪᠠᠯ ᠲᠡᠷᠡ ᠡᠷᠳᠡᠮ ᠢ ᠨᠢ ᠬᠢᠯᠭᠡᠭᠰᠡᠨ ᠢᠶᠠᠨ ᠬᠢᠯᠪᠠᠷᠬᠠᠨ ᠤᠷᠪᠠᠭᠤᠯᠤᠨ ᠬᠠᠶᠠᠳᠠᠭ ᠵᠡᠷᠭᠡ ᠪᠠᠷᠢᠯᠳᠤᠭᠠᠨ ᠤ ᠤᠨᠴᠠᠯᠢᠭ ᠲᠠᠢ ᠪᠠᠶᠢᠳᠠᠭ ᠶᠤᠮᠰᠠᠨ᠃      ᠲᠡᠭᠦᠨ ᠤ ᠪᠠᠷᠢᠯᠳᠤᠭᠠᠨ ᠳᠤ ᠭᠤᠤᠯ ᠬᠡᠷᠡᠭᠯᠡᠳᠡᠭ ᠡᠷᠳᠡᠮ ᠮᠡᠭᠡ ᠭᠡᠪᠡᠯ᠄ ᠬᠤᠶᠠᠷ ᠲᠠᠯ᠎ᠠ ᠶᠢᠨ ᠴᠤᠬᠢᠭ᠎ᠠ᠂ ᠨᠤᠶᠢᠯᠡ ᠲᠠᠳᠠᠭ᠎ᠠ᠂ ᠡᠯᠢᠭᠡᠨ ᠲᠠᠳᠠᠭ᠎ᠠ᠂ ᠬᠦᠨᠳᠦᠷᠡᠭᠡ ᠲᠡᠭᠡᠭᠡ᠂ ᠦᠰᠭᠡᠢ ᠴᠤᠬᠢᠭ᠎ᠠ᠂ ᠠᠴᠢᠶ᠎ᠠ ᠵᠡᠷᠭᠡ ᠤᠯᠠᠨ ᠡᠷᠳᠡᠮ ᠮᠡᠭᠡ ᠶᠢ ᠤᠯᠠᠷᠢᠭᠤᠯᠤᠨ ᠬᠢᠳᠡᠭ᠂ ᠲᠡᠷᠡ ᠬᠡᠯᠡᠬᠦ ᠳᠡᠭᠡᠨ᠄ ︽ᠠᠴᠢᠶ᠎ᠠ ᠡᠷᠳᠡᠮ ᠢ ᠪᠢ ᠳᠡᠮᠡᠢ ᠬᠢᠳᠡᠭ ᠦᠭᠡᠢ᠂ ᠬᠦᠮᠦᠨ ᠭᠡᠮᠳᠦᠬᠦ ᠠᠶᠤᠯ ᠲᠠᠢ ᠪᠠᠶᠢᠳᠠᠭ᠂ ᠶᠠᠭ ᠮᠤᠬᠤᠷᠳᠠᠭᠰᠠᠨ ᠵᠠᠩᠭᠢᠯᠭ᠎ᠠ ᠶᠢᠨ ᠦᠶ᠎ᠡ ᠳᠤ ᠬᠢᠳᠡᠭ ᠰᠢᠤ︾ ᠭᠡᠵᠦ ᠪᠤᠳᠤᠯ ᠲᠠᠢ ᠴᠠᠭᠠᠬᠠᠨ ᠰᠡᠳᠭᠢᠯ ᠢᠶᠠᠷ ᠶᠠᠷᠢᠬᠤ ᠨᠢ ᠲᠤᠩ ᠵᠦᠢᠳᠡᠢ ᠰᠠᠨᠠᠭᠳᠠᠯ᠎ᠠ᠂ ᠦᠵᠦᠮᠦᠴᠢᠨ ᠪᠦᠬᠡ ᠶᠢᠨ ᠡᠷᠳᠡᠮ ᠳᠤ ᠪᠠᠰᠠ ᠪᠤᠰᠤᠳ ᠤᠨ ᠡᠷᠡᠭᠦᠯ ᠮᠡᠨᠳᠦ ᠶᠢ ᠪᠤᠳᠤᠯᠬᠢᠯᠠᠭᠰᠠᠨ ᠡᠭᠦᠳᠡᠨ ᠠᠴᠠ ᠴᠡᠭᠡᠷ ᠲᠠᠢ ᠡᠷᠳᠡᠮ ︵ᠭᠠᠷ ᠠᠴᠢᠶ᠎ᠠ᠂ ᠬᠦᠯᠳᠡᠬᠦ ᠵᠡᠷᠭᠡ︶ ᠪᠠᠶᠢᠳᠠᠭ ᠢᠶᠠᠷ ᠪᠠᠷᠠᠬᠤ ᠦᠭᠡᠢ ᠪᠦᠬᠡᠴᠤᠳ ᠨᠢ ᠭᠡᠳ ᠪᠤᠰᠤᠳ ᠤᠨ ᠪᠡᠶ᠎ᠡ ᠴᠤᠭᠴᠡ ᠶᠢ ᠬᠠᠷᠠᠭᠠᠯᠵᠠᠨ᠂ ᠠᠯᠢ ᠡᠷᠳᠡᠮ ᠨᠢ ᠦᠪᠡᠷ ᠤᠨ ᠬᠢᠴᠡ ᠳᠤᠨᠢ ᠲᠤᠬᠢᠷᠠᠬᠤ ᠡᠰᠡᠬᠦ ᠶᠢ ᠦᠵᠡᠨ ᠲᠤᠭᠳᠠᠭᠠᠳᠠᠭ ᠨᠢ ᠬᠡᠴᠢᠨᠡᠨ ᠪᠤᠯᠪᠠᠰᠤᠨ ᠶᠤᠰᠤ ᠰᠤᠷᠳᠠᠬᠤᠨ ᠠᠭᠤᠯᠠᠭᠳᠠᠬᠤ ᠠᠵᠠᠢ᠃              ᠬᠤᠶᠠᠷ   ᠪᠦᠬᠡ ᠶᠢᠨ ᠡᠷᠳᠡᠮ ᠮᠡᠭᠡ ᠶᠢᠨ ᠤᠷ᠎ᠠ ᠮᠡᠷᠭᠡᠵᠢᠯ      ᠪᠠᠨᠽᠠᠷ ᠭᠤᠸᠠᠢ ᠬᠤᠷᠢ ᠭᠠᠷᠤᠢ ᠵᠢᠯ ᠤᠨ ᠰᠤᠷᠢᠶ᠎ᠠ ᠪᠤᠯᠪᠠᠰᠤᠷᠠᠯ ᠵᠢᠴᠢ ᠬᠤᠶᠠᠷ ᠵᠠᠭᠤ ᠭᠠᠷᠤᠢ ᠨᠠᠶᠢᠷ ᠨᠠᠭᠠᠳᠤᠮ ᠳᠤ ᠪᠠᠷᠢᠯᠳᠤᠨ ᠶᠠᠪᠤᠬᠤ ᠳᠠᠭᠠᠨ᠂ ᠪᠠᠭᠰᠢ ᠶᠢᠨ ᠡᠷᠳᠡᠮ ᠮᠡᠭᠡ ᠶᠢᠨ ᠤᠨᠤᠯ ᠢ ᠦᠪᠡᠷ ᠤᠨ ᠪᠠᠷᠢᠯᠳᠤᠭᠠᠨ  ᠲᠠᠢ ᠤᠶᠠᠯᠳᠤᠭᠤᠯᠬᠤ ᠶᠢ ᠤᠨᠴᠠ ᠠᠩᠬᠠᠷᠴᠤ ᠬᠢᠭᠰᠡᠨ ᠢᠶᠠᠷ ᠦᠪᠡᠷ ᠤᠨ ᠭᠡᠬᠦ ᠪᠠᠷᠢᠯᠳᠤᠯᠭ᠎ᠠ ᠶᠢᠨ ᠤᠨᠴᠠᠯᠢᠭ ᠢ ᠪᠤᠢ ᠪᠤᠯᠭᠠᠭᠰᠠᠨ ᠪᠦᠭᠡᠳ ᠮᠤᠩᠭᠤᠯ ᠪᠦᠬᠡ ᠶᠢᠨ ᠦᠢᠯᠡᠰ ᠲᠤ ᠬᠤᠪᠢ ᠨᠡᠮᠡᠭᠦᠷᠢ ᠪᠠᠨ ᠦᠵᠡᠭᠦᠯᠦᠨ᠂ ᠬᠠᠷᠠᠮ ᠦᠭᠡᠢ ᠵᠢᠳᠭᠦᠯ ᠢᠶᠠᠨ ᠭᠠᠷᠭᠠᠵᠦ ᠶᠠᠪᠤᠭᠰᠠᠨ ᠶᠤᠮ᠃ ᠲᠡᠷᠡ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠬᠢᠴᠡ ᠶᠢᠨ ᠲᠤᠬᠠᠢ ᠲᠤᠤᠷᠠᠬᠢ ᠮᠡᠳᠦ ᠤᠨᠤᠯᠵᠢᠭᠤᠯᠤᠨ ᠲᠡᠯᠭᠡᠪᠡ᠄      ⒈ ᠨᠦᠢᠯᠡ ᠲᠠᠳᠠᠭ᠎ᠠ ᠡᠷᠳᠡᠮ ᠪᠠ ᠬᠢᠬᠦ ᠶᠠᠪᠤᠴᠠ᠄      ⑴ ᠨᠦᠢᠯᠡ ᠲᠠᠳᠠᠭ᠎ᠠ ᠶᠢ ᠪᠠᠰᠠ ᠠᠯᠠᠮᠠᠳᠠᠵᠦ ᠲᠠᠳᠠᠬᠤ ᠭᠡᠨ᠎ᠡ᠂ ᠪᠡᠶ᠎ᠡ ᠴᠤᠭᠴᠠ ᠶᠢᠨ ᠬᠦᠨᠳᠦ ᠬᠦᠩᠭᠡᠨ ᠪᠠ ᠦᠨᠳᠦᠷ ᠪᠤᠭᠤᠨᠢ ᠶᠢ ᠢᠯᠭᠠᠬᠤ ᠦᠭᠡᠢ ᠶᠠᠮᠠᠷ ᠴᠤ ᠬᠦᠮᠦᠨ ᠬᠢᠬᠦ ᠳᠤ ᠲᠤᠬᠢᠷᠠᠨ᠎ᠠ᠃      ⑵ ᠪᠠᠷᠢᠴᠠ ᠪᠠᠷᠢᠬᠤ ᠳᠤ᠄ ᠬᠤᠶᠠᠷ ᠮᠦᠷᠦ ᠶᠢ ᠰᠡᠨᠴᠢᠭᠯᠡᠵᠦ ᠪᠠᠷᠢᠬᠤ᠂ ᠦᠷᠦᠭᠡᠰᠦᠨ ᠬᠠ ᠶᠢ ᠲᠠᠷᠤᠵᠦ ᠪᠠᠷᠢᠬᠤ᠂ ᠦᠷᠦᠭᠡᠰᠦᠨ ᠬᠠᠨᠴᠤᠢ ᠠᠴᠠ ᠬᠠᠳᠠᠵᠦ ᠪᠠᠷᠢᠬᠤ᠂ ᠵᠦᠷᠢᠭᠦᠤ ᠲᠡᠪᠡᠷᠢᠬᠦ ᠵᠡᠷᠭᠡ ᠪᠦᠷ ᠪᠤᠯᠤᠨ᠎ᠠ᠃      ⑶ ᠬᠢᠬᠦ ᠡᠷᠳᠡᠮ᠄ ᠰᠡᠨᠴᠢᠭᠯᠡᠵᠦ ᠪᠠᠷᠢᠪᠠᠯ ᠠᠯᠠᠮᠠᠳᠠᠵᠦ ︵ᠮᠤᠬᠤᠷ ᠡᠪᠦᠳᠦᠭ ᠢᠶᠠᠷ ᠨᠦᠢᠯᠡᠬᠦ︶ ᠲᠠᠳᠠᠨ᠎ᠠ᠂ ᠡᠨᠡ ᠨᠢ ᠬᠦᠮᠦᠨ ᠤ ᠬᠠᠷᠢᠭᠤ ᠡᠷᠳᠡᠮ ᠬᠢᠬᠦ ᠶᠢ ᠰᠡᠷᠭᠡᠶᠢᠯᠡᠭᠰᠡᠨ ᠬᠡᠷᠡᠭ᠃ ᠡᠨᠡ ᠡᠷᠳᠡᠮ ᠨᠢ ᠲᠡᠭᠡᠷᠡᠬᠢ ᠲᠦᠷᠪᠡᠨ ᠪᠠᠷᠢᠴᠠᠨ ᠳᠤ ᠪᠦᠷ ᠲᠤᠬᠢᠷᠠᠨ᠎ᠠ᠃      ⑷ ᠬᠠᠷᠢᠭᠤ ᠡᠷᠳᠡᠮ᠄ ᠠᠯᠠᠮᠠᠳᠠᠬᠤ ᠲᠠᠳᠠᠭ᠎ᠠ ᠶᠢ ᠪᠠᠷᠠᠭᠤᠨ ᠬᠦᠯ ᠢᠶᠠᠷ ᠠᠯᠠᠮᠠᠳᠠᠪᠠᠯ ᠨᠦᠭᠦᠭᠡ ᠡᠳᠡᠭᠡᠳ ᠨᠢ ᠬᠦᠯ ᠢᠶᠠᠨ ᠤᠷᠤᠭᠰᠢ ᠠᠯᠬᠤᠵᠦ ᠭᠠᠷᠤᠨ᠎ᠠ᠃      ⒉ ᠤᠯᠠᠯᠠ ᠲᠠᠳᠠᠭ᠎ᠠ ᠡᠷᠳᠡᠮ ᠪᠠ ᠬᠢᠬᠦ ᠶᠠᠪᠤᠴᠠ᠄      ⑴ ᠬᠦᠨᠳᠤ ᠬᠦᠩᠭᠡᠨ ᠴᠤᠭᠴᠠ ᠪᠠ ᠦᠨᠳᠦᠷ ᠪᠤᠭᠤᠨᠢ ᠭᠡᠵᠦ ᠢᠯᠭᠠᠬᠤ ᠦᠭᠡᠢ ᠶᠠᠮᠠᠷ ᠴᠤ ᠬᠦᠮᠦᠨ ᠬᠢᠬᠦ ᠳᠤ ᠲᠤᠬᠢᠷᠠᠨ᠎ᠠ      ⑵ ᠪᠠᠷᠢᠴᠠ᠄ ᠪᠦᠰᠡᠳᠡᠵᠦ ᠪᠠᠷᠢᠬᠤ᠂ ᠵᠦᠷᠢᠭᠦᠤ ᠲᠡᠪᠡᠷᠢᠬᠦ᠂ ᠦᠷᠦᠭᠡᠰᠦᠨ ᠬᠠᠨᠴᠤᠢ  ᠶᠢᠨ ᠦᠵᠦᠭᠦᠷ ᠪᠤᠶᠤ ᠬᠠᠨᠴᠤᠢ ᠶᠢᠨ ᠲᠤᠳᠤᠷ᠎ᠠ ᠲᠡᠯ᠎ᠡ ᠠᠴᠠ ᠪᠠᠷᠢᠬᠤ      ⑶ ᠬᠢᠬᠦ ᠡᠷᠳᠡᠮ᠄ ᠬᠤᠶᠠᠷ ᠰᠡᠡᠴᠢᠭ ᠢ ᠲᠠᠷᠤᠵᠦ ᠠᠪᠤᠩᠭᠤᠳᠠ ᠪᠠᠨ ᠡᠪᠦᠳᠦᠭ ᠳᠡᠭᠡᠷ᠎ᠡ ᠨᠢ ᠬᠦᠯ ᠢᠶᠠᠨ ᠤᠯᠠᠯᠵᠦ ᠲᠠᠯᠪᠢᠭᠠᠳ ᠲᠠᠳᠠᠨ᠎ᠠ      ⑷ ᠠᠩᠬᠠᠷᠬᠤ ᠵᠦᠢᠯ᠄ ᠪᠤᠰᠤᠳ ᠤᠨ ᠲᠤᠶᠢᠭ ᠢ ᠭᠡᠮᠳᠦᠭᠡᠬᠦ ᠠᠶᠤᠯ ᠲᠠᠢ      ⑸ ᠬᠠᠷᠢᠭᠤ ᠡᠷᠳᠡᠮ᠄ ᠤᠯᠠᠩᠬᠢ ᠳᠠᠭᠠᠨ ᠬᠠᠷᠢᠭᠤᠯᠳᠠ ᠦᠭᠡᠢ       ⒊ ᠡᠯᠭᠦᠭᠡ ᠡᠷᠳᠡᠮ ᠪᠠ ᠬᠢᠬᠦ ᠶᠠᠪᠤᠴᠠ᠄      ⑴ ᠴᠢᠳᠠᠯ ᠪᠠᠷᠢᠴᠠ ᠠᠬᠠᠳᠠᠭᠰᠠᠨ ᠬᠦᠮᠦᠨ ᠪᠠ ᠬᠦᠳᠡᠯᠭᠡᠭᠡᠨ ᠬᠤᠷᠳᠤᠨ ᠬᠦᠮᠦᠨ ᠳᠤ ᠲᠤᠬᠢᠷᠠᠨ᠎ᠠ      ⑵ ᠪᠠᠷᠢᠴᠠ᠄ ᠰᠡᠨᠴᠢᠭᠯᠡᠵᠦ ᠪᠠᠷᠢᠬᠤ᠂ ᠦᠷᠦᠭᠡᠰᠦᠨ ᠮᠦᠷᠦ ᠠᠴᠠ ᠬᠠᠳᠠᠵᠦ ᠪᠠᠷᠢᠬᠤ᠂ ᠪᠦᠰᠡᠳᠡᠵᠦ ᠪᠠᠷᠢᠬᠤ      ⑶ ᠬᠢᠬᠦ ᠡᠷᠳᠡᠮ᠄ ᠦᠰᠭᠡᠢ ᠶᠢ ᠨᠢ ᠡᠯᠭᠦᠭᠡᠳ ᠬᠠᠵᠠᠭᠤ ᠲᠠᠯ᠎ᠠ ᠵᠦᠭ ᠨᠠᠶᠢᠷᠠᠭᠤᠯᠵᠦ ᠱᠠᠭᠠᠨ᠎ᠠ      ⑷ ᠬᠠᠷᠢᠭᠤ ᠡᠷᠳᠡᠮ᠄ ᠰᠤᠭᠤᠯᠠᠵᠦ ᠪᠤᠯᠤᠨ᠎ᠠ᠂ ᠴᠤᠬᠢᠵᠦ ᠪᠤᠯᠤᠨ᠎ᠡ᠂ ᠠᠴᠢᠵᠦ ᠪᠤᠯᠤᠨ᠎ᠠ      ⒋ ᠰᠡᠭᠡᠷ ᠤᠨ ᠲᠡᠭᠡᠭᠡ ᠡᠷᠳᠡᠮ ᠪᠠ ᠬᠢᠬᠦ ᠶᠠᠪᠤᠴᠠ      ⑴ ᠰᠡᠭᠡᠷ ᠤᠨ ᠲᠡᠭᠡᠭᠡ ᠶᠢ ᠰᠡᠭᠡᠷ ᠤᠨ ᠡᠯᠭᠦᠭᠡ ᠴᠤ ᠭᠡᠳᠡᠭ᠃ ᠪᠠᠰᠠ ᠭᠠᠶᠢᠬᠠᠯᠳᠠᠢ ᠭᠡᠬᠦ ᠪᠤᠶᠤ ᠫᠠᠯᠠ ᠭᠡᠵᠦ ᠨᠡᠷᠡᠯᠡᠬᠦ ᠴᠤ ᠪᠤᠢ᠂ ᠬᠦᠳᠡᠯᠭᠡᠭᠨ ᠱᠠᠯᠠᠮᠠᠭᠠᠢ ᠬᠦᠮᠦᠨ ᠳᠤ ᠲᠤᠬᠢᠷᠠᠨ᠎ᠠ᠃      ⑵ ᠪᠠᠷᠢᠴᠠ᠄ ᠦᠷᠦᠭᠡᠰᠦᠨ ᠬᠠᠨᠴᠤᠢ ᠶᠢᠨ ᠦᠵᠦᠭᠦᠷ ᠠᠴᠠ ᠪᠠᠷᠢᠬᠤ      ⑶ ᠬᠢᠬᠦ ᠡᠷᠳᠡᠮ᠄ ᠨᠦᠭᠦᠭᠡ ᠡᠳᠡᠭᠡᠳ ᠤᠨ ᠪᠠᠷᠠᠭᠤᠨ ᠬᠦᠯ ᠢ ᠰᠡᠭᠡᠷ ᠢᠶᠠᠷ ᠢᠶᠠᠨ ᠲᠡᠭᠡᠭᠡᠯᠡᠭᠰᠡᠨ ᠢᠶᠠᠨ ᠬᠠᠨᠴᠤᠢ ᠶᠢᠨ ᠦᠵᠦᠭᠦᠷ ᠤᠨ ᠪᠠᠷᠢᠴᠠ ᠪᠠᠨ ᠲᠠᠯᠪᠢᠩᠭᠠᠨ ᠬᠠ ᠶᠢᠨ ᠲᠤᠳᠤᠷ᠎ᠠ ᠲᠠᠯ᠎ᠠ ᠶᠢᠨ ᠪᠠᠷᠢᠴᠠ ᠪᠠᠷ ᠲᠦᠯᠬᠢᠵᠦ ᠱᠠᠭᠠᠨ᠎ᠠ      ⑷ ᠬᠠᠷᠢᠭᠤ ᠡᠷᠳᠡᠮ᠄ ᠲᠠᠭᠠᠭᠤᠯᠵᠦ ᠲᠡᠯᠡᠰᠦᠭᠡᠳ ᠬᠦᠮᠦᠷᠢᠵᠦ ᠪᠤᠯᠤᠨ᠎ᠡ      ⒌ ᠭᠦᠶᠦᠯᠭᠡᠭᠡ ᠡᠷᠳᠡᠮ ᠪᠠ ᠬᠢᠬᠦ ᠶᠠᠪᠤᠴᠠ᠄      ⑴ ᠪᠠᠷᠢᠴᠠ ᠰᠠᠶᠢᠨ ᠬᠤᠷᠳᠤᠨ ᠬᠦᠮᠦᠨ ᠳᠤ ᠲᠤᠬᠢᠷᠠᠨ᠎ᠠ      ⑵ ᠪᠠᠷᠢᠴᠠ᠄ ᠦᠷᠦᠭᠡᠰᠦᠨ ᠬᠠᠨᠴᠤᠢ ᠠᠴᠠ ᠰᠡᠨᠴᠢᠭᠯᠡᠵᠦ ᠪᠠᠷᠢᠬᠤ      ⑶ ᠬᠢᠬᠦ ᠡᠷᠳᠡᠮ᠄ ᠨᠦᠭᠦᠭᠡ ᠡᠳᠡᠭᠡᠳ ᠢᠶᠠᠨ ᠪᠠᠷᠢᠴᠠ ᠤᠯᠭᠤᠬᠤ ᠦᠭᠡᠢ ᠨᠦᠬᠦᠴᠡᠯ ᠲᠤᠤᠷ᠎ᠠ ᠦᠷᠦᠭᠡᠰᠦᠨ ᠰᠡᠡᠴᠢᠭ ᠠᠪᠴᠤ ᠭᠠᠷ ᠤᠨ ᠭᠦᠴᠦᠨ ᠢᠶᠠᠨ ᠲᠦᠪᠯᠡᠷᠡᠭᠦᠯᠦᠨ ᠲᠠᠳᠠᠵᠦ ᠭᠦᠶᠦᠯᠭᠡᠭᠰᠡᠨ ᠢᠶᠠᠨ ᠬᠦᠮᠦᠷᠢᠵᠦ ᠲᠠᠳᠠᠨ᠎ᠠ᠂ ᠬᠤᠰᠤᠵᠦ ᠪᠤᠯᠤᠨ᠎ᠠ᠂ ᠤᠳᠬᠤᠵᠦ ᠪᠤᠯᠤᠨ᠎ᠠ᠂ ᠴᠤᠬᠢᠵᠦ ᠪᠤᠯᠤᠨ᠎ᠠ᠂ ᠲᠡᠭᠡᠭᠡᠯᠡᠵᠦ ᠪᠤᠯᠤᠨ᠎ᠠ᠂ ᠰᠡᠭᠡᠷ ᠤᠨ ᠲᠡᠭᠡᠭᠡ ᠬᠢᠵᠦ ᠪᠤᠯᠤᠨ᠎ᠠ᠂ ᠡᠯᠢᠭᠡᠨ ᠲᠠᠳᠠᠭ᠎ᠠ ᠬᠢᠵᠦ ᠪᠤᠯᠤᠨ᠎ᠠ      ⑷ ᠬᠠᠷᠢᠭᠤ ᠡᠷᠳᠡᠮ᠄ ᠬᠠ ᠪᠠᠨ ᠡᠷᠭᠦᠵᠦ ᠪᠠᠷᠢᠴᠠ ᠵᠠᠳᠠᠯᠤᠭᠰᠠᠨ ᠢᠶᠠᠨ ᠲᠤᠰᠴᠤ ᠴᠤᠬᠢᠵᠦ ᠪᠤᠯᠤᠨ᠎ᠠ      ⒍ ᠡᠪᠦᠳᠦᠭ ᠤᠨᠤᠭᠤᠯᠬᠤ ᠡᠷᠳᠡᠮ ᠪᠠ ᠬᠢᠬᠦ ᠶᠠᠪᠤᠴᠠ᠄      ⑴ ᠴᠢᠳᠠᠯ ᠰᠠᠶᠢᠳᠠᠢ ᠬᠤᠷᠳᠤᠨ ᠬᠦᠮᠦᠨ ᠳᠤ ᠲᠤᠬᠢᠷᠠᠨ᠎ᠠ      ⑵ ᠪᠠᠷᠢᠴᠠ᠄ ᠲᠤᠭᠤᠤᠷ ᠲᠡᠪᠡᠷᠢᠵᠤ ᠪᠠᠷᠢᠬᠤ᠂ ᠪᠦᠰᠡᠳᠡᠵᠦ ᠪᠠᠷᠢᠬᠤ᠂ ᠵᠦᠷᠢᠭᠦᠤ ᠲᠡᠪᠡᠷᠢᠬᠦ᠂ ᠴᠢᠪᠢ ᠠᠴᠠ  ᠨᠢ ᠱᠠᠭᠠᠵᠦ ᠪᠠᠷᠢᠬᠤ      ⑶  ᠬᠢᠬᠦ ᠡᠷᠳᠡᠮ᠄ ᠨᠦᠭᠦᠭᠡ ᠡᠳᠡᠭᠡᠳ ᠢᠶᠠᠨ ᠲᠤᠭᠤᠤᠷ ᠨᠢ ᠲᠡᠪᠡᠷᠢᠮᠡᠭᠴᠡ ᠲᠡᠭᠡᠭᠰᠢ ᠡᠷᠭᠦᠵᠦ ᠡᠪᠦᠳᠦᠭ ᠢᠶᠠᠨ ᠤᠨᠤᠭᠤᠯᠤᠭᠰᠠᠨ ᠢᠶᠠᠨ ᠡᠷᠭᠢᠭᠡᠳ ᠲᠡᠳᠡᠨ᠎ᠡ᠂ ᠴᠡᠭᠡᠵᠢ ᠶᠢ ᠨᠢ ᠲᠠᠷᠤᠵᠦ ᠵᠤᠳᠤᠭ ᠤᠨ ᠬᠤᠷᠮᠤᠢ ᠠᠴᠠ ᠪᠠᠷᠢᠵᠦ ᠡᠪᠦᠳᠦᠭ ᠤᠨᠤᠭᠤᠯᠤᠨ᠎ᠠ     ⑷ ᠬᠠᠷᠢᠭᠤ ᠡᠷᠳᠡᠮ᠄ ᠬᠤᠶᠠᠷ ᠴᠢᠪᠢ ᠳᠤᠨᠢ ᠭᠤᠳᠤᠯ ᠤᠨ ᠬᠠᠮᠠᠷ ᠢᠶᠠᠨ ᠲᠠᠭᠠᠷᠠᠭᠤᠯᠵᠦ᠂ ᠠᠷᠤ ᠵᠦᠭ ᠢᠶᠠᠨ ᠲᠠᠯᠪᠢᠪᠠᠯ ᠰᠤᠭᠤᠯᠠᠵᠦ ᠪᠤᠯᠤᠨ᠎ᠠ᠂ ᠬᠠᠰᠢᠵᠦ ᠪᠤᠯᠤᠨ᠎ᠠ᠂ ᠤᠷᠤᠭᠰᠢ ᠲᠠᠯᠪᠢᠪᠠᠯ ᠭᠠᠨᠵᠤᠭᠭᠠᠯᠠᠵᠦ ᠪᠤᠯᠤᠨ᠎ᠠ᠂ ᠠᠴᠢᠵᠦ ᠪᠤᠯᠤᠨ᠎ᠠ᠂ ᠬᠦᠨᠳᠦᠷᠴᠤ ᠪᠤᠯᠤᠨᠨ᠎ᠠ᠂ ᠬᠦᠵᠦᠭᠦᠤ ᠠᠴᠢᠶ᠎ᠠ ᠬᠢᠵᠦ ᠪᠤᠯᠤᠨ᠎ᠠ᠂ ᠲᠡᠭᠡᠭᠡᠯᠡᠵᠦ ᠪᠤᠯᠤᠨ᠎ᠠ     ⒎ ᠬᠤᠮᠨᠠᠵᠦ ᠲᠠᠷᠤᠬᠤ ᠡᠷᠳᠡᠮ ᠪᠠ ᠬᠢᠬᠦ ᠶᠠᠪᠤᠴᠠ᠄     ⑴ ᠪᠡᠶ᠎ᠡ ᠠᠭᠤᠵᠢᠭᠤ ᠴᠢᠳᠠᠯ ᠲᠤᠷᠪᠢ ᠲᠠᠢ ᠬᠦᠮᠦᠨ ᠳᠤ ᠲᠤᠬᠢᠷᠠᠨ᠎ᠠ     ⑵ ᠪᠠᠷᠢᠴᠠ᠄ ᠲᠤᠭᠤᠤᠷ ᠲᠡᠪᠡᠷᠢᠬᠦ     ⑶ ᠬᠢᠬᠦ ᠡᠷᠳᠡᠮ᠄ ᠨᠦᠭᠦᠭᠡ ᠡᠳᠡᠭᠡᠳ ᠤᠨ ᠢᠶᠠᠨ ᠬᠤᠨᠴᠤᠭ ᠤᠨ ᠲᠤᠭᠤᠤᠷ ᠬᠤᠶᠠᠷ ᠭᠤᠶ᠎ᠠ ᠶᠢ ᠨᠢ ᠬᠤᠮᠨᠠᠵᠦ ᠠᠷᠤᠭᠰᠢ ᠪᠠᠨ ᠲᠠᠷᠤᠨ᠎ᠠ     ⑷ ᠬᠠᠷᠢᠭᠤ ᠡᠷᠳᠡᠮ᠄ ᠭᠠᠨᠵᠤᠭᠠᠯᠠᠵᠦ ᠪᠤᠯᠤᠨ᠎ᠠ᠂ ᠲᠤᠩᠭᠤᠷᠴᠤ ᠪᠤᠯᠤᠨ᠎ᠠ᠂ ᠰᠠᠭᠤᠵᠦ ᠲᠡᠭᠡᠭᠡᠯᠡᠵᠦ ᠪᠤᠯᠤᠨ᠎ᠠ ᠂ ᠬᠠᠪᠴᠢᠵᠦ ᠪᠤᠯᠤᠨ᠎ᠠ      ⒏ ᠡᠷᠭᠢᠭᠦᠯᠬᠦ ᠡᠷᠳᠡᠮ ᠪᠠ ᠬᠢᠬᠦ ᠶᠠᠪᠤᠴᠠ᠄      ⑴ ᠭᠠᠷ ᠲᠠᠭᠠᠨ ᠴᠢᠳᠠᠯ ᠲᠤᠷᠪᠢᠳᠠᠢ ᠬᠦᠮᠦᠨ ᠳᠤ ᠲᠤᠬᠢᠷᠠᠨ᠎ᠠ      ⑵ ᠪᠠᠷᠢᠴᠠ᠄ ᠵᠦᠷᠢᠭᠦᠤ ᠲᠡᠪᠡᠷᠢᠬᠦ᠂ ᠲᠡᠭᠡᠭᠦᠷ ᠲᠡᠪᠡᠷᠢᠬᠦ᠂ ᠲᠤᠭᠤᠤᠷ ᠲᠡᠪᠡᠷᠢᠬᠦ      ⑶ ᠬᠢᠬᠦ ᠡᠷᠳᠡᠮ᠄ ᠭᠠᠷ ᠪᠤᠶᠤ ᠴᠡᠭᠡᠵᠢᠨ ᠤ ᠬᠦᠴᠦᠨ ᠢᠶᠠᠨ ᠲᠦᠪᠯᠡᠷᠡᠭᠦᠯᠦᠨ ᠡᠷᠭᠢᠭᠦᠯᠦᠭᠰᠡᠨ ᠢᠶᠠᠨ ᠴᠡᠭᠡᠵᠢ ᠪᠠᠷ ᠢᠶᠠᠨ ᠲᠠᠷᠤᠵᠦ ᠬᠡᠪᠳᠡᠨ᠎ᠡ      ⑷ ᠬᠠᠷᠢᠭᠤ ᠡᠷᠳᠡᠮ᠄ ᠬᠠᠮᠤᠵᠦ ᠪᠤᠯᠤᠨ᠎ᠠ      ⒐ ᠨᠤᠮᠢᠳᠠᠬᠤ ᠡᠷᠳᠡᠮ ᠪᠠ ᠬᠢᠬᠦ ᠶᠠᠪᠤᠴᠠ᠄      ⑴ ᠪᠡᠶ᠎ᠡ ᠲᠡᠩᠴᠡᠭᠰᠡᠨ ᠬᠦᠮᠦᠨ ᠳᠤ ᠲᠤᠬᠢᠷᠠᠨ᠎ᠠ      ⑵ ᠪᠠᠷᠢᠴᠠ᠄ ᠬᠠᠨᠴᠤᠢ ᠶᠢᠨ ᠦᠵᠦᠭᠦᠷ ᠪᠤᠶᠤ ᠵᠤᠲᠤᠭ ᠤᠨ ᠬᠤᠷᠮᠤᠢ ᠠᠴᠠ ᠪᠠᠷᠢᠬᠤ      ⑶ ᠬᠢᠬᠦ ᠡᠷᠳᠡᠮ᠄ ᠰᠤᠭᠤᠯᠠᠵᠦ ᠨᠤᠮᠤᠳᠠᠨ᠎ᠠ᠂ ᠴᠡᠭᠡᠵᠢ ᠪᠠᠨ ᠲᠠᠷᠤᠭᠤᠯᠵᠦ ᠨᠤᠮᠤᠳᠠᠵᠦ ᠪᠤᠯᠤᠨ᠎ᠠ      ⑷ ᠬᠠᠷᠢᠭᠤ ᠡᠷᠳᠡᠮ᠄ ᠡᠷᠭᠢᠵᠦ ᠨᠤᠮᠤᠳᠠᠵᠦ ᠪᠤᠯᠤᠨ᠎ᠠ      ⒑ ᠤᠭᠰᠠᠷᠠᠭ᠎ᠠ ᠡᠷᠳᠡᠮ ᠪᠠ ᠬᠢᠬᠦ ᠶᠠᠪᠤᠴᠠ᠄      ⑴ ᠬᠦᠳᠡᠯᠭᠡᠭᠡᠨ ᠬᠤᠷᠳᠤᠨ ᠬᠦᠮᠦᠨ ᠳᠤ ᠲᠤᠬᠢᠷᠠᠨ᠎ᠠ      ⑵ ᠪᠠᠷᠢᠴᠠ᠄ ᠦᠷᠦᠭᠡᠰᠦᠨ ᠬᠠᠨᠴᠤᠢ ᠶᠢᠨ ᠦᠵᠦᠭᠦᠷ ᠠᠴᠠ ᠪᠠᠷᠢᠬᠤ      ⑶ ᠬᠢᠬᠦ ᠡᠷᠳᠡᠮ᠄ ᠡᠯᠢᠭᠡᠨ ᠲᠠᠳᠠᠭ᠎ᠠ ᠬᠢᠬᠦ ᠳᠤ ᠨᠦᠭᠦᠭᠡ ᠡᠳᠡᠭᠡᠳ ᠲᠠᠭᠠᠵᠦ ᠢᠷᠡᠨ᠎ᠡ᠂ ᠦᠭᠡᠳᠡ ᠠᠴᠠ ᠨᠢ ᠴᠤᠬᠢᠨ᠎ᠡ᠂ ᠲᠡᠷᠡ ᠠᠯᠬᠤᠵᠦ ᠭᠠᠷᠪᠠᠯ ᠬᠤᠴᠤᠷᠤᠭᠰᠠᠨ ᠬᠦᠯ ᠢ ᠤᠳᠬᠤᠭ᠎ᠠ ᠬᠢᠨ᠎ᠡ᠂ ᠲᠡᠷᠡ ᠮᠤᠯᠳᠤᠷᠴᠤ ᠭᠠᠷᠪᠠᠯ ᠲᠠᠬᠢᠨ ᠦᠰᠭᠡᠶᠢᠳᠡᠵᠦ ᠴᠤᠬᠢᠨ᠎ᠠ᠂ ᠡᠭᠦᠨ ᠢ ︽ᠪᠠᠨᠽᠠᠷ ᠤᠨ ᠤᠭᠰᠠᠷᠠᠭ᠎ᠠ ᠡᠷᠳᠡᠮ︾ ᠭᠡᠳᠡᠭ᠃      ⒒ ᠪᠠᠨᠽᠠᠷ ᠤᠨ ᠦᠪᠡᠷ ᠤᠨ ᠦᠪᠡᠷᠮᠢᠴᠡ ᠤᠷᠪᠠᠭᠤᠯᠬᠤ ᠡᠷᠳᠡᠮ ᠤᠳ      ⑴ ᠭᠢᠰᠭᠢᠭᠡ ᠪᠠ ᠡᠪᠦᠳᠦᠭ ᠤᠨᠤᠭᠤᠯᠬᠤ᠂ ᠠᠴᠢᠶ᠎ᠠ ᠵᠡᠷᠭᠡ ᠡᠷᠳᠡᠮ ᠢ ᠦᠪᠡᠷ ᠤᠨ ᠦᠪᠡᠷᠮᠢᠴᠡ ᠠᠷᠭ᠎ᠠ ᠪᠠᠷ ᠤᠷᠪᠠᠭᠤᠯᠤᠨ ᠬᠠᠷᠢᠭᠤᠯᠳᠠᠭ      ⑵ ᠬᠠᠷᠢᠭᠤ ᠡᠷᠳᠡᠮ᠄ ᠬᠢᠰᠭᠢᠭᠡ ᠶᠢ ᠲᠠᠬᠢᠮ ᠳᠠᠭᠠᠨ ᠬᠦᠯ ᠢ ᠨᠢ ᠬᠠᠪᠴᠢᠵᠦ ᠰᠠᠭᠤᠬᠤ᠂ ᠡᠪᠦᠳᠦᠭ ᠤᠨᠤᠭᠤᠯᠬᠤ ᠶᠢ ᠲᠤᠭᠤᠤᠷ ᠨᠢ ᠲᠡᠪᠡᠷᠢᠭᠡᠳ ᠲᠡᠭᠡᠭᠰᠢ ᠡᠷᠭᠦᠬᠦ ᠳᠤ ᠨᠢᠷᠤᠭᠤ ᠪᠠᠨ ᠡᠭᠦᠷᠦᠭᠡᠳ ᠭᠡᠳᠡᠰᠦ ᠪᠠᠷ ᠢᠶᠠᠨ ᠲᠡᠯᠡᠰᠦᠭᠡᠳ ᠬᠤᠶᠠᠷ ᠬᠦᠯ ᠢᠶᠠᠷ ᠢᠶᠠᠨ ᠲᠠᠬᠢᠮ ᠢᠶᠠᠷ ᠨᠢ ᠬᠠᠮᠤᠵᠦ ᠬᠡᠪᠳᠡᠬᠦ᠂ ᠡᠭᠡᠯᠵᠢ ᠶᠢᠨ ᠠᠴᠢᠶ᠎ᠠ ᠬᠢᠬᠦ ᠳᠤ ᠬᠦᠮᠦᠨ ᠲᠤᠭᠤᠤᠷ ᠨᠢ ᠲᠡᠪᠡᠷᠢᠭᠡᠳ ᠠᠴᠢᠬᠤ ᠳᠤ ᠰᠤᠭᠤᠨ ᠳᠤᠨᠢ ᠬᠦᠯ ᠢᠶᠠᠨ ᠬᠢᠭᠡᠳ ᠬᠦᠴᠦᠨ ᠢ ᠨᠢ ᠰᠢᠯᠵᠢᠭᠦᠯᠵᠦ ᠤᠷᠤᠭᠰᠢ ᠪᠠᠨ ᠬᠦᠯ ᠢᠶᠠᠨ ᠲᠡᠶᠢᠷᠦᠭᠡᠳ ᠡᠭᠡᠯᠵᠢ ᠶᠢᠨ ᠠᠴᠢᠶ᠎ᠠ ᠪᠠᠨ ᠬᠢᠳᠡᠭ᠂ ᠡᠨᠡ ᠪᠤᠯ ᠬᠠᠷᠢᠭᠤᠯᠳᠠ ᠦᠭᠡᠢ ᠪᠠᠶᠢᠳᠠᠭ᠃ ᠲᠤᠰ ᠡᠷᠳᠡᠮ ᠢᠶᠠᠷ 1984 ᠤᠨ ᠤ ᠰᠢᠯᠢᠨᠬᠤᠳᠠ ᠳᠤ ᠪᠤᠯᠤᠭᠰᠠᠨ ᠨᠢᠭᠡᠴᠡ ᠶᠢᠨ ᠤᠷᠤᠯᠳᠤᠭᠠᠨ ᠳᠤ ᠪᠠᠶᠠᠠᠰᠢᠯᠢ ᠶᠢᠨ ᠪᠠᠭᠠᠨ᠎ᠠ ᠠᠪᠤᠷᠭᠤ ᠶᠢ ᠬᠠᠶᠠᠵᠦ ᠦᠩᠭᠡᠷᠡᠭᠰᠡᠨ ᠪᠠᠶᠢᠵᠠᠢ᠃                  ᠭᠤᠷᠪᠠ   ᠪᠠᠷᠢᠯᠳᠤᠭᠠᠨ ᠤ ᠦᠩᠭᠡᠷᠡᠯᠳᠡ ᠶᠢᠨ ᠭᠡᠰᠡᠭ ᠪᠤᠰᠤᠭ ᠵᠤᠭᠤᠭ      ᠬᠠᠷᠠᠭᠴᠢᠨ ᠮᠤᠭᠠᠢ ᠵᠢᠯ ᠤᠨ ᠳᠡᠯᠭᠡᠷ ᠵᠤᠨ ᠤ ᠡᠬᠢᠨ ᠰᠠᠷ᠎ᠠ ᠳᠤ᠂ ᠪᠢ ᠳᠡᠮᠴᠤᠭ ᠤᠨ ᠬᠠᠮᠳᠤ ᠪᠠᠨᠽᠠᠷ ᠤᠨ ᠳᠤ ᠤᠴᠢᠵᠦ᠂ ᠲᠡᠭᠦᠨ ᠤ ᠪᠠᠷᠢᠯᠳᠤᠵᠦ ᠶᠠᠪᠤᠭᠰᠠᠨ ᠲᠡᠤᠬᠡᠨ ᠦᠩᠭᠡᠷᠡᠯᠳᠡ ᠶᠢᠨ ᠲᠤᠬᠠᠢ ᠬᠦᠤᠷᠨᠢᠯᠳᠤᠪᠠ ᠃ ᠪᠠᠨᠽᠠᠷ ᠪᠤᠯ ᠪᠦᠬᠡ ᠶᠢᠨ ᠮᠡᠷᠭᠡᠵᠢᠯ ᠢ ᠰᠠᠶᠢᠨ ᠮᠡᠳᠡᠳᠡᠭ᠂ ᠨᠠᠶᠢᠷ ᠲᠤ ᠲᠠᠭᠠᠷᠠᠭᠰᠠᠨ ᠨᠡᠷᠡᠳᠦ ᠪᠦᠬᠡ ᠪᠠᠨ ᠶᠠᠮᠠᠷ ᠡᠷᠳᠡᠮ ᠢᠶᠠᠷ ᠬᠠᠶᠠᠭᠰᠠᠨ᠂ ᠶᠠᠮᠠᠷ ᠡᠷᠳᠡᠮ ᠳᠤᠨᠢ ᠤᠶᠢᠴᠢᠭᠰᠠᠨ ᠢᠶᠠᠨ ᠲᠤᠳᠤᠷᠬᠠᠢ ᠴᠡᠭᠡᠵᠢᠯᠡᠵᠦ ᠪᠠᠶᠢᠳᠠᠭ ᠶᠤᠮᠰᠠᠨ᠃      ᠤᠭᠰᠠᠷᠠᠭ᠎ᠠ ᠡᠷᠳᠡᠮ ᠪᠤᠯ ᠴᠢᠨᠤ ᠰᠤᠷᠮᠠᠭᠠᠢ ᠡᠷᠳᠡᠮ᠂ ᠴᠢ ᠠᠯᠢ ᠦᠶ᠎ᠡ ᠠᠴᠠ ᠬᠦᠮᠦᠨ ᠳᠤ ᠬᠢᠵᠦ ᠡᠬᠢᠯᠡᠭᠰᠡᠨ ᠪᠤᠢ ᠭᠡᠬᠦ ᠳᠤ ᠲᠡᠷᠡ᠄ ︽1983 ᠤᠨ ᠤ ᠡᠭᠡᠪᠤᠯᠠᠭ ᠰᠤᠮᠤᠨ ᠤ 256 ᠪᠦᠬᠡ ᠪᠠᠷᠢᠯᠳᠤᠭᠰᠠᠨ ᠨᠠᠶᠢᠷ ᠲᠤ ᠠᠪᠠᠭ᠎ᠠ ᠬᠤᠰᠢᠭᠤᠨ ᠤ ᠨᠡᠷᠡᠳᠦ ᠪᠦᠭᠡ ᠠᠪᠤᠷᠭᠤ ᠮᠦᠩᠬᠡᠪᠠᠭᠠᠳᠤᠷ ᠢᠷᠡᠵᠦ ᠪᠠᠷᠢᠯᠳᠤᠭᠰᠠᠨ᠂ ᠲᠡᠷᠡ ᠶᠠᠭ ᠨᠠᠷ᠎ᠠ ᠭᠠᠷᠴᠤ ᠪᠠᠶᠢᠭᠰᠠᠨ ᠦᠶ᠎ᠡ᠂ ᠪᠠᠷᠤᠭ ᠲᠡᠷᠢᠭᠦᠨ ᠢ ᠨᠢ ᠠᠪᠬᠤ ᠪᠠᠷ ᠢᠷᠡᠭᠰᠡᠨ ᠪᠠᠶᠢᠯᠭᠦᠢ᠂ ᠳᠡᠳ᠋ ᠲᠡᠷᠢᠭᠦᠨ ᠳᠤ ᠨᠠᠳᠠ ᠲᠠᠢ ᠲᠠᠭᠠᠷᠠᠭᠰᠠᠨ᠂ ᠪᠢ ᠴᠤ ᠤᠷᠤᠵᠦ ᠢᠷᠡᠬᠦ ᠦᠶ᠎ᠡ ᠳᠤᠨᠢ ᠦᠷᠦᠭᠡᠰᠦᠨ ᠬᠠᠨᠴᠤᠢ ᠶᠢᠨ ᠦᠵᠦᠭᠦᠷ ᠠᠴᠠ ᠠᠪᠤᠭᠰᠠᠨ ᠢᠶᠠᠨ ᠤᠭᠰᠠᠷᠠᠭ᠎ᠠ ᠡᠷᠳᠡᠮ ᠢᠶᠠᠨ ᠬᠢᠵᠦ ᠬᠠᠶᠠᠭᠰᠠᠨ᠂ ᠲᠡᠷᠡ ᠨᠠᠶᠢᠷ ᠲᠤ ᠲᠡᠭᠡᠵᠦ ᠪᠢ ᠲᠡᠷᠢᠭᠦᠯᠡᠭᠰᠡᠨ ᠶᠤᠮ︾ ᠭᠡᠨ᠎ᠡ᠃ ᠪᠢ ᠵᠠᠯᠭᠠᠭᠠᠳ ᠴᠢ ᠨᠠᠳᠠ ᠳᠤ ᠨᠡᠷᠡᠳᠦ ᠠᠪᠤᠷᠭᠤ ᠶᠢ ᠶᠠᠮᠠᠷ ᠡᠷᠳᠡᠮ ᠢᠶᠠᠷ ᠬᠠᠶᠠᠭᠰᠠᠨ ᠢᠶᠠᠨ ᠭᠡᠳᠦ ᠶᠢ ᠶᠠᠷᠢᠵᠦ ᠦᠭᠬᠦ ᠶᠢ ᠬᠦᠰᠡᠭᠰᠡᠨ ᠳᠤ ᠲᠡᠷᠡ ᠢᠩᠭᠢᠵᠦ ᠶᠡᠷᠢᠶ᠎ᠡ ᠪᠠᠨ ᠡᠬᠢᠯᠡᠭᠦᠯᠪᠡ᠄      1984 ᠤᠨ ᠤ ᠪᠡᠭᠡᠵᠢᠩ ᠳᠤ ᠪᠤᠯᠤᠭᠰᠠᠨ ᠴᠦᠭᠡᠨ ᠲᠤᠭᠠᠳᠤ ᠦᠨᠳᠦᠰᠦᠳᠡᠨ ᠤ ᠶᠡᠭᠡ ᠨᠠᠶᠢᠷ ᠲᠤ ᠤᠯᠤᠰ ᠤᠨ ᠠᠪᠤᠷᠭᠤ ᠴᠠᠭᠠᠠᠵᠠᠭᠠᠨ ᠲᠠᠢ ᠲᠠᠭᠠᠷᠠᠭᠠᠳ ᠲᠡᠷᠡ ᠨᠠᠮᠠᠶᠢ ᠭᠢᠰᠭᠢᠬᠦ ᠳᠤ ᠪᠢ ᠭᠢᠰᠭᠢᠭᠡ ᠶᠢ ᠨᠢ ᠰᠤᠭᠤᠯᠤᠨ ︽ᠠᠴᠢᠶ᠎ᠠ ᠡᠷᠳᠡᠮ︾ ᠬᠢᠵᠦ ᠬᠠᠶᠠᠭᠰᠠᠨ ᠪᠦᠭᠡᠳ ᠡᠨᠡ ᠶᠡᠭᠡ ᠨᠠᠶᠢᠷ ᠲᠤ ᠲᠡᠷᠢᠭᠦᠯᠡᠭᠰᠡᠨ ᠭᠡᠵᠦ ᠲᠡᠷᠡ ᠶᠠᠷᠢᠯ᠎ᠠ᠃ ᠮᠦᠨ ᠨᠠᠶᠢᠷ ᠤᠨ ᠲᠠᠰᠢᠷᠠᠮ ᠳᠤ ᠬᠦᠯᠦᠨ ᠪᠤᠶᠢᠷ ᠤᠨ ᠭᠤᠮᠪᠤᠨᠢᠮ᠎ᠡ ᠠᠪᠤᠷᠭᠤ ᠲᠡᠷᠢᠭᠦᠯᠡᠭᠰᠡᠨ ᠪᠦᠬᠡ ᠲᠠᠢ ᠪᠠᠷᠢᠯᠳᠤᠵᠦ ᠦᠵᠡᠬᠦ ᠪᠠᠷ ᠢᠷᠡᠬᠦ ᠳᠤ ᠪᠠᠨᠽᠠᠷ ᠲᠡᠭᠦᠨ ᠢ ︽ᠰᠠᠭᠤᠭ᠎ᠠ ᠴᠤᠬᠢᠭ᠎ᠠ︾ ᠡᠷᠳᠡᠮ ᠢ ᠬᠢᠵᠦ ᠬᠠᠶᠠᠭᠰᠠᠨ ᠢᠶᠠᠨ ᠶᠠᠷᠢᠯ᠎ᠠ᠃      1987 ᠤᠨ ᠤ ᠵᠡᠭᠦᠨ ᠦᠵᠦᠮᠦᠴᠢᠨ ᠬᠤᠰᠢᠭᠤ ᠮᠠᠯᠴᠢᠳ ᠤᠨ ᠶᠡᠭᠡ ᠨᠠᠶᠢᠷ ᠢ ᠬᠢᠵᠦ 512 ᠪᠦᠭᠡ ᠪᠠᠷᠢᠯᠳᠤᠭᠤᠯᠬᠤ ᠳᠤ ᠦᠩᠳᠦ ᠶᠢᠨ ᠰᠤᠳᠤᠠᠷᠳᠡᠨᠢ ᠲᠡᠷᠢᠭᠦᠯᠡᠨ᠂ ᠪᠠᠨᠽᠠᠷ ᠭᠤᠳᠠᠭᠠᠷᠯᠠᠭᠰᠠᠨ ᠪᠠᠶᠢᠪᠠ᠂ ᠲᠤᠰ ᠤᠳᠠᠭᠠᠨ ᠤ ᠨᠠᠶᠢᠷ ᠲᠤ ᠪᠠᠨᠽᠠᠷ ᠭᠤᠸᠠᠢ ᠠᠪᠤᠷᠭᠤ ᠡᠷᠳᠡᠨᠢᠪᠠᠶᠠᠷ ᠲᠠᠢ ᠤᠨᠤ ᠲᠠᠭᠠᠷᠠᠭᠰᠠᠨ ᠳᠤ᠂ ᠲᠡᠷᠡ ᠲᠤᠳᠠᠭᠤ ᠡᠯᠭᠦᠭᠡ ᠬᠢᠭᠰᠡᠨ ᠢᠶᠠᠨ ᠡᠷᠳᠡᠨᠢᠪᠠᠶᠠᠷ ᠢ ᠬᠦᠯ ᠢᠶᠠᠨ ᠰᠤᠭᠤᠯᠤᠨ ᠠᠪᠬᠤ ᠲᠠᠢ ᠵᠡᠷᠭᠡ ᠲᠠᠭᠠᠭᠠᠳ ︽ᠦᠰᠭᠡᠢ ᠲᠡᠭᠡᠭᠡ︾ ᠬᠢᠵᠦ ᠬᠠᠶᠠᠭᠰᠠᠨ ᠶᠤᠮ᠃      ᠪᠠᠷᠠᠭᠤᠨ ᠦᠵᠦᠮᠦᠴᠢᠨ ᠬᠤᠰᠢᠭᠤᠨ ᠤ ᠪᠠᠶᠠᠠᠬᠤᠸᠠ ᠰᠤᠮᠤᠨ ᠤ 1984 ᠤᠨ ᠳᠤ ᠬᠢᠭᠰᠡᠨ 512 ᠪᠦᠬᠡ  ᠲᠠᠢ ᠶᠡᠭᠡ ᠨᠠᠶᠢᠷ ᠲᠤ 32 ᠲᠤ ᠤᠷᠤᠭᠰᠠᠨ᠂ ᠬᠠᠷᠠᠭᠠᠨᠠᠳᠤ ᠶᠢᠨ ᠰᠤᠩᠳᠠᠢ ᠭᠡᠭᠴᠢ ᠲᠤᠮᠤ ᠪᠡᠶ᠎ᠡ ᠬᠦᠨᠳᠦ ᠴᠤᠭᠴᠠ  ᠲᠠᠢ ᠬᠦᠮᠦᠨ ᠲᠠᠢ ᠲᠠᠭᠠᠷᠠᠭᠠᠳ ᠲᠡᠭᠦᠨ ᠢ ᠪᠠᠷᠢᠴᠠ ᠪᠠᠷᠢᠬᠤ ᠲᠠᠢ ᠵᠡᠷᠭᠡ ᠲᠤᠳᠠᠭᠤ ᠠᠳᠬᠤᠭᠤᠯᠤᠭᠠᠳ᠂ ᠦᠰᠭᠡᠶᠢᠳᠡᠨ ᠴᠤᠬᠢᠭᠠᠳ ᠬᠠᠶᠠᠭᠰᠠᠨ᠂ ᠶᠠᠭ ᠯᠠ ᠬᠡᠤᠬᠡᠳ ᠬᠠᠶᠠᠭᠰᠠᠨ ᠠᠴᠠ ᠠᠮᠠᠷᠬᠠᠨ ᠰᠢᠭ᠋ ᠰᠠᠨᠠᠭᠳᠠᠭᠰᠠᠨ ᠪᠠᠶᠢᠵᠠᠢ᠃      1984 ᠤᠨ ᠤ ᠰᠢᠯᠢᠠᠬᠤᠳᠠ ᠳᠤ ᠪᠤᠯᠤᠭᠰᠠᠨ ᠠᠶᠢᠮᠠᠭ ᠤᠨ ᠮᠤᠩᠭᠤᠯ ᠪᠦᠬᠡ ᠶᠢᠨ ᠨᠢᠭᠡᠴᠡ ᠶᠢᠨ ᠤᠷᠤᠯᠳᠤᠭᠠᠨ ᠳᠤ ᠠᠪᠠᠭ᠎ᠠ ᠬᠤᠰᠢᠭᠤᠨ ᠤ ᠠᠪᠤᠷᠭᠤ ᠬᠤᠳᠠᠯᠠᠪᠠᠶᠠᠷ ᠢ ᠦᠰᠭᠡᠶᠢᠳᠡᠵᠦ ᠱᠠᠭ᠎ᠠ ᠳᠡᠭᠡᠷ᠎ᠡ ᠨᠢ ᠲᠠᠷᠤᠵᠦ ᠬᠢᠰᠭᠢᠭᠡᠳ ᠠᠮᠠᠷᠬᠠᠨ ᠬᠠᠶᠠᠭᠰᠠᠨ᠂ 1,90 ᠭᠠᠷᠤᠢ ᠮᠧᠲᠷ ᠦᠨᠳᠦᠷ ᠪᠡᠶ᠎ᠡ ᠬᠦᠨᠳᠦ ᠴᠤᠭᠴᠠ ᠲᠠᠢ ᠬᠤᠳᠠᠯᠠᠪᠠᠶᠠᠷ ᠶᠢ 1,66 ᠮᠧᠲᠷ ᠬᠢᠷᠢ ᠪᠤᠭᠤᠨᠢ ᠪᠡᠶ᠎ᠡ ᠲᠠᠢ ᠪᠠᠨᠽᠠᠷ ᠬᠠᠶᠠᠨ᠎ᠠ ᠭᠡᠵᠦ ᠬᠡᠨ ᠴᠤ ᠰᠠᠨᠠᠭᠰᠠᠨ ᠦᠭᠡᠢ ᠪᠠᠶᠢᠬ᠎ᠠ᠂ ᠭᠡᠳᠡᠯ᠎ᠡ ᠪᠦᠬᠡ ᠶᠢᠨ ᠡᠷᠳᠡᠮ ᠮᠡᠭᠡ ᠶᠢ ᠡᠵᠡᠮᠰᠢᠴᠢᠭᠡᠪᠡᠯ ᠶᠠᠮᠠᠷ ᠴᠤ ᠭᠠᠶᠢᠬᠠᠮᠰᠢᠭ ᠶᠢ ᠡᠭᠦᠳᠴᠤ ᠪᠤᠯᠤᠨ᠎ᠠ ᠭᠡᠳᠡᠭ ᠢ ᠡᠭᠦᠨ ᠠᠴᠠ ᠤᠶᠢᠯᠠᠭᠠᠵᠦ ᠪᠤᠯᠤᠨ᠎ᠠ᠃      1983 ᠤᠨ ᠤ ᠰᠢᠯᠤᠭᠤᠨ ᠬᠦᠭᠡ ᠬᠤᠰᠢᠭᠤᠨ ᠤ 512 ᠪᠦᠭᠡ ᠪᠠᠷᠢᠯᠳᠤᠭᠰᠠᠨ ᠨᠠᠶᠠᠨ ᠨᠢᠭᠡ ᠶᠢᠨ ᠱᠠᠩ  ᠲᠠᠢ ᠠᠷᠠᠳ ᠤᠨ ᠶᠡᠭᠡ ᠨᠠᠶᠢᠷ ᠲᠤ ᠭᠦᠷᠴᠤ᠂ ᠠᠷᠪᠠᠨ ᠵᠢᠷᠭᠤᠭ᠎ᠠ ᠳᠤ ᠬᠦᠪᠡᠭᠡᠳᠦ ᠰᠢᠷ᠎ᠠ ᠶᠢᠨ ᠪᠢᠯᠢᠭᠪᠡᠭᠠᠳᠤᠷ ᠢ ᠦᠰᠭᠡᠢ ᠤᠳᠬᠤᠭ᠎ᠠ ᠬᠢᠵᠦ ᠬᠠᠶᠠᠭᠰᠠᠨ᠂ ᠲᠡᠭᠡᠷ᠎ᠡ ᠨᠠᠢᠮᠠ ᠳᠤ ᠤᠯᠤᠰ ᠤᠨ ᠠᠪᠤᠷᠭᠤ ᠪᠠᠷᠠᠭᠤᠨ ᠦᠵᠦᠮᠦᠴᠢᠨ ᠤ ᠡᠷᠳᠡᠨᠢᠪᠠᠶᠠᠷ ᠢ ᠬᠠᠰᠢᠶ᠎ᠠ ᠡᠷᠳᠡᠮ ᠬᠢᠵᠦ ᠰᠢᠷᠤᠶᠢᠳᠠᠭᠤᠯᠤᠨ᠂ ᠳᠡᠭᠡᠷ᠎ᠡ ᠲᠦᠷᠪᠡ ᠳᠤ ᠰᠢᠯᠤᠭᠤᠨ ᠭᠦᠬᠡ ᠶᠢᠨ ᠪᠦᠷᠢᠨᠮᠠᠨᠳᠤᠬᠤ ᠶᠢ ᠵᠡᠭᠦᠨ ᠲᠠᠯ᠎ᠠ ᠪᠠᠷ ᠪᠦᠰᠡᠳᠡᠵᠦ ᠪᠠᠷᠢᠭᠠᠳ ᠴᠤᠬᠢᠭ᠎ᠠ ᠡᠷᠳᠡᠮ ᠬᠢᠵᠦ ᠬᠦᠰᠡᠷᠳᠡᠭᠦᠯᠦᠭᠰᠡᠨ᠂ ᠲᠡᠳ᠋ ᠲᠡᠷᠢᠭᠦᠨ ᠳᠤ ᠭᠡᠰᠡᠭ ᠤᠨ ᠲᠠᠮᠪᠠ ᠲᠠᠭᠠᠷᠠᠵᠦ ᠬᠠᠶᠠᠭᠠᠳ ᠪᠠᠨᠽᠠᠷ ᠭᠤᠸᠠᠢ ᠲᠡᠷᠢᠭᠦᠯᠡᠭᠡᠳ ᠨᠠᠶᠠᠨ ᠨᠢᠭᠡ ᠶᠢᠨ ᠬᠦᠨᠳᠦ ᠱᠠᠩ ᠢ ᠲᠤᠰᠴᠤ᠂ ᠨᠤᠲᠤᠭ ᠤᠰᠤᠨ ᠳᠠᠭᠠᠨ ᠲᠤᠮᠤᠬᠠᠨ ᠢᠷᠠᠭᠤ ᠠᠯᠳᠠᠷ ᠢ ᠠᠪᠴᠢᠷᠠᠭᠰᠠᠨ ᠶᠤᠮ᠃      1983 ᠤᠨ ᠤ ᠬᠤᠰᠢᠭᠤᠨ ᠤ ᠪᠠᠨ ᠴᠠᠶᠢᠳᠠᠮ ᠤᠨ ᠪᠠᠶᠠᠨ ᠤᠪᠤᠭ᠎ᠠ ᠶᠢᠨ ᠲᠠᠬᠢᠯᠭ᠎ᠠ ᠶᠢᠨ ᠨᠠᠶᠢᠷ ᠤᠨ 128 ᠪᠦᠭᠡ ᠶᠢᠨ ᠮᠦᠷᠦᠶᠢᠴᠡᠭᠡᠨ ᠳᠤ ᠳᠡᠭᠡᠷ᠎ᠡ ᠲᠦᠷᠪᠡ ᠳᠤ ᠭᠡᠰᠡᠭ ᠤᠨ ᠲᠠᠮᠪᠠ ᠶᠢ ᠬᠢᠰᠭᠢᠭᠡ ᠡᠷᠳᠡᠮ ᠢ ᠨᠢ ᠬᠠᠷᠢᠭᠤᠯᠵᠦ ᠲᠠᠬᠢᠮ ᠳᠠᠭᠠᠨ ᠬᠠᠪᠴᠢᠵᠦ ᠤᠶᠢᠴᠢᠭᠤᠯᠤᠭᠠᠳ᠂ ᠳᠡᠳ᠋ ᠲᠡᠷᠢᠭᠦᠨ ᠳᠤ ᠪᠠᠶᠠᠠᠬᠦᠭᠡᠪᠦᠷ ᠤᠨ ᠰᠤᠭᠠᠷ ᠲᠠᠭᠠᠷᠠᠵᠦ ᠵᠡᠭᠦᠨ ᠲᠠᠯ᠎ᠠ ᠶᠢᠨ ᠡᠯᠢᠬᠡᠨ ᠲᠠᠳᠠᠭ᠎ᠠ ᠬᠢᠵᠦ ᠬᠠᠶᠠᠨ ᠲᠡᠷᠢᠭᠦᠯᠡᠭᠡᠳ ᠤᠪᠤᠭᠠᠨ ᠭᠡᠰᠢᠭ ᠭᠦᠷᠳᠡᠪᠡ᠃ ᠮᠦᠨ ᠵᠢᠯ ᠤᠨ ᠰᠢᠯᠢᠠᠬᠤᠳᠠ ᠶᠢᠨ ᠷᠠᠰᠢᠶᠠᠠᠪᠤᠯᠠᠭ ᠰᠤᠮᠤᠨ ᠤ ᠶᠡᠭᠡ ᠨᠠᠶᠢᠷ ᠬᠢᠬᠦ ᠳᠤ ᠰᠢᠯᠤᠭᠤᠨ ᠴᠠᠭᠠᠨ ᠤ ᠪᠠᠳᠤᠨᠠᠰᠤᠨ᠂ ᠠᠪᠠᠭ᠎ᠠ ᠶᠢᠨ ᠮᠦᠩᠬᠡᠪᠠᠭᠠᠳᠤᠷ᠂ ᠤᠯᠤᠰ ᠤᠨ ᠠᠪᠤᠷᠭᠤ ᠠᠶᠢᠮᠠᠭ ᠤᠨ ᠪᠦᠬᠡ ᠶᠢᠨ ᠠᠩᠬᠢ ᠶᠢᠨ ᠪᠤᠶᠠᠨᠳᠤ ᠨᠠᠷ ᠪᠠᠨᠽᠠᠷ ᠢ ᠬᠠᠶᠠᠨ᠎ᠠ ᠭᠡᠵᠦ ᠵᠦᠪᠳᠡᠯᠴᠡᠨ ᠢᠷᠡᠭᠰᠡᠨ ᠪᠠᠶᠢᠵᠠᠢ᠂ ᠢᠩᠭᠢᠭᠡᠳ 32 ᠪᠦᠬᠡ ᠦᠯᠡᠳᠡᠭᠰᠡᠨ ᠤᠷᠤᠢ ᠨᠢ ᠲᠡᠳᠡ ᠭᠤᠷᠪᠠᠭᠤᠯᠠ ᠪᠠᠨᠽᠠᠷ ᠢ ᠪᠠᠶᠠᠨ ᠤᠪᠤᠭ᠎ᠠ ᠪᠠᠨ ᠲᠠᠬᠢᠭᠠᠳ ᠢᠷᠡᠵᠦ ᠭᠡᠳ᠂ ᠬᠠᠷ᠎ᠠ ᠭᠡᠭᠡ ᠰᠢᠷ᠎ᠠ ᠭᠡᠭᠡ ᠬᠤᠶᠠᠷ ᠤᠨ ᠬᠤᠭᠤᠷᠤᠨᠳᠤ ᠪᠠᠯᠪᠠᠴᠢ ᠶᠢᠨ ᠷᠠᠰᠢᠶᠠᠨ ᠤ ᠤᠪᠤᠭ᠎ᠠ ᠳᠤ ᠬᠦᠷᠴᠤ᠂ ᠮᠢᠶᠠᠠᠪᠤᠤ ᠲᠡᠷᠢᠭᠦᠳᠡᠨ ᠢ ᠲᠠᠯᠪᠢᠭᠰᠠᠨ ᠢᠶᠠᠨ ᠪᠠᠨᠽᠠᠷ ᠢ ᠬᠠᠶᠠᠭᠤᠯᠬᠤ ᠶᠢ ᠲᠠᠭᠠᠳᠬᠠᠭᠰᠠᠨ ᠮᠦᠷᠳᠡᠭᠡᠨ ᠤᠷᠤᠭᠰᠢ ᠬᠠᠨᠳᠤᠵᠦ ᠲᠠᠬᠢᠳᠠᠭ ᠤᠪᠤᠭ᠎ᠠ ᠶᠢ ᠬᠤᠶᠢᠰᠢ ᠬᠠᠷᠠᠵᠦ ᠲᠠᠬᠢᠭᠰᠠᠨ ᠪᠠᠶᠢᠵᠠᠢ᠂ ᠡᠭᠦᠨ ᠢ ᠰᠤᠨᠤᠰᠤᠭᠰᠠᠨ ᠪᠠᠨᠽᠠᠷ ᠮᠠᠷᠭᠠᠰᠢ ᠶᠢᠨ ᠨᠠᠶᠢᠷ ᠲᠤ ᠪᠤᠳᠤᠯ ᠲᠠᠢ ᠤᠷᠤᠵᠠᠢ᠂ 32 ᠲᠤ ᠪᠤᠶᠠᠨᠳᠤ ᠶᠢ ᠰᠡᠨᠴᠢᠭᠯᠡᠵᠦ ᠬᠡᠢ ᠡᠷᠭᠦᠭᠰᠡᠨ ᠢᠶᠠᠨ ᠲᠤᠷᠤᠭᠰᠢ ᠰᠢᠷᠳᠡᠭ ᠭᠦᠪᠢᠭᠰᠡᠨ ᠮᠡᠳᠦ ᠨᠦᠳᠦᠵᠦ ᠰᠠᠭᠤᠯᠭᠠᠭᠰᠠᠨ᠂ ᠠᠷᠪᠠᠨ ᠵᠢᠷᠭᠤᠭ᠎ᠠ ᠳᠤ ᠪᠠᠳᠤᠨᠠᠰᠤᠨ ᠢ ᠪᠦᠰᠡᠳᠡᠵᠦ ᠠᠪᠤᠭᠠᠳ ᠬᠢᠰᠬᠢᠵᠦ ᠬᠠᠶᠠᠭᠠᠳ᠂ ᠳᠡᠭᠡᠷ᠎ᠡ ᠨᠡᠢᠮᠠ ᠳᠤ ᠮᠦᠩᠬᠡᠪᠠᠭᠠᠳᠤᠷ ᠢ ᠴᠤᠬᠢᠭᠠᠳ ᠤᠶᠢᠴᠢᠭᠤᠯᠤᠭᠰᠠᠨ᠂ ᠢᠩᠭᠢᠭᠡᠳ ᠭᠤᠷᠪᠠᠭᠤᠯᠠ ᠶᠢ ᠴᠤᠪᠤᠭᠤᠯᠤᠨ ᠬᠠᠶᠠᠭᠰᠠᠨ ᠢᠶᠠᠨ ᠲᠡᠳᠡᠨ ᠳᠤ᠄ ︽ᠲᠠᠨᠠᠷ ᠤᠨ ᠨᠠᠳᠠ ᠳᠤ ᠤᠶᠢᠴᠢᠵᠦ ᠪᠠᠶᠢᠬᠤ ᠴᠢᠨᠢ ᠬᠦᠮᠦᠨ ᠤ ᠤᠪᠤᠭ᠎ᠠ ᠶᠢ ᠪᠤᠷᠤᠭᠤ ᠲᠠᠯ᠎ᠠ ᠠᠴᠠ ᠨᠢ ᠬᠠᠷ᠎ᠠ ᠪᠦᠷᠦᠢ ᠰᠢᠷ᠎ᠠ ᠪᠦᠷᠦᠢ ᠶᠢᠨ ᠦᠶ᠎ᠡ ᠪᠠᠷ ᠲᠠᠬᠢᠭᠰᠠᠨ ᠳᠤ ᠪᠠᠶᠢᠨ᠎ᠠ ᠰᠢᠤ︾ ᠭᠡᠵᠦ ᠬᠤᠷᠤᠰᠬᠠᠭᠰᠠᠨ ᠭᠡᠳᠡᠭ᠃ ᠡᠨᠡ ᠤᠳᠠᠭᠠᠨ ᠤ ᠨᠠᠶᠢᠷ ᠲᠤ ᠪᠠᠨᠽᠠᠷ ᠲᠡᠷᠢᠭᠦᠯᠡᠵᠦ᠂  ᠮᠦᠨ ᠨᠢᠭᠡ ᠨᠤᠲᠤᠭ ᠤᠨ ᠨᠡᠷᠡᠳᠦ ᠪᠦᠭᠡ ᠪᠦᠬᠡᠨ᠋ᠠᠷᠳᠡᠨᠢ ᠲᠡᠳ᠋ᠯᠡᠭᠰᠡᠨ ᠪᠠᠶᠢᠵᠠᠢ᠃      1985 ᠤᠨ ᠤ ᠠᠶᠢᠮᠠᠭ ᠤᠨ ᠨᠢᠭᠡᠴᠡ ᠶᠢᠨ ᠤᠷᠤᠯᠳᠤᠭᠠᠨ ᠤ ᠲᠤᠬᠤᠮ ᠤᠨ ᠨᠠᠶᠢᠷ ᠬᠢᠵᠦ᠂ 64 ᠪᠦᠭᠡ ᠪᠠᠷᠢᠯᠳᠤᠭᠤᠯᠪᠠ᠂ ᠡᠭᠦᠨ ᠳᠤ ᠰᠤᠷᠭᠠᠭᠴᠢ ᠮᠠᠨᠳᠤᠯ᠎ᠠ ᠠᠴᠠ ᠪᠠᠨᠽᠠᠷ ᠢ ᠲᠠᠭᠤᠳᠠᠵᠦ᠄ ︽ᠴᠢ ᠦᠯᠵᠡᠶᠢᠪᠠᠶᠠᠷ ᠢ ᠶᠠᠮᠠᠷ ᠡᠷᠳᠡᠮ ᠢᠶᠠᠷ ᠬᠠᠶᠠᠨ᠎ᠠ ᠪᠤᠢ︖︾ ᠭᠡᠬᠦ ᠳᠤ ᠲᠡᠷᠡ᠄ ︽ ᠪᠢ ᠦᠯᠵᠡᠶᠢᠪᠠᠶᠠᠷ ᠢ ᠴᠤᠬᠢᠭ᠎ᠠ ᠡᠷᠳᠡᠮ ᠢᠶᠠᠷ ᠯᠡ ᠬᠠᠶᠠᠨ᠎ᠠ᠂ ᠤᠨᠳᠤᠤ ᠡᠷᠳᠡᠮ ᠬᠢᠪᠠᠯ ᠤᠶᠢᠴᠢᠭᠰᠠᠨ ᠢᠶᠠᠷ ᠪᠤᠳᠤᠴᠢᠬ᠎ᠠ︾ ᠭᠡᠰᠡᠨ ᠪᠠᠶᠢᠵᠠᠢ᠂ ᠢᠩᠭᠢᠭᠡᠳ ᠲᠠᠭᠠᠭᠤᠯᠤᠭᠴᠢ ᠠᠴᠠ ᠲᠡᠷᠡ ᠬᠤᠶᠠᠷ ᠢ ᠵᠤᠷᠢᠭᠤᠳᠠ ᠲᠠᠭᠠᠷᠠᠭᠤᠯᠵᠠᠢ᠂ ᠪᠠᠨᠽᠠᠷ ᠴᠤ ᠠᠮᠠᠯᠠᠭᠰᠠᠨ ᠶᠤᠰᠤᠭᠠᠷ ︽ᠴᠤᠬᠢᠭ᠎ᠠ ᠡᠷᠳᠡᠮ︾ ᠢᠶᠠᠷ ᠢᠶᠠᠨ ᠬᠠᠶᠠᠭᠰᠠᠨ ᠭᠡᠳᠡᠭ᠃ ᠮᠦᠨ ᠨᠠᠶᠢᠷ ᠲᠤ ᠤᠯᠤᠰ ᠤᠨ ᠠᠪᠤᠷᠭᠤ ᠠᠪᠠᠭ᠎ᠠ ᠶᠢᠨ ᠨᠡᠷᠡᠳᠦ ᠪᠦᠬᠡ ᠮᠦᠩᠬᠡᠪᠠᠭᠠᠳᠤᠷ ᠲᠠᠢ ᠲᠠᠭᠠᠷᠠᠵᠦ᠂ ᠮᠦᠩᠬᠡᠪᠠᠭᠠᠳᠤᠷ ᠪᠠᠨᠽᠠᠷ ᠢ ᠪᠦᠰᠡᠳᠡᠵᠦ ᠠᠪᠤᠭᠰᠠᠨ ᠢᠶᠠᠨ ᠡᠷᠭᠢᠭᠡᠳ ᠴᠤᠬᠢᠬᠤ ᠳᠤ ᠭᠡᠳᠡᠰᠦ ᠶᠢ ᠨᠢ ᠲᠠᠷᠤᠭᠠᠳ ᠬᠡᠢ ᠲᠤᠩᠭᠤᠷᠤᠭᠠᠳ ᠡᠷᠡᠤ ᠶᠢ ᠨᠢ ᠲᠤᠬᠤ ᠪᠠᠷ ᠢᠶᠠᠨ ᠡᠷᠭᠦᠭᠡᠳ ᠠᠷᠤ ᠵᠦᠭ ᠢᠶᠠᠨ ᠨᠤᠮᠤᠳᠠᠵᠦ ᠬᠠᠶᠠᠭᠰᠠᠨ ᠪᠠᠶᠢᠵᠠᠢ᠃      1987 ᠤᠨ ᠤ ᠤᠷᠤᠨ ᠪᠠᠶᠢᠭᠤᠯᠤᠭᠳᠠᠭᠰᠠᠨ ᠲᠦᠴᠢᠨ ᠵᠢᠯ ᠤᠨ ᠤᠢ ᠶᠢᠨ ᠶᠡᠭᠡ ᠨᠠᠶᠢᠷ ᠤᠨ ᠲᠤᠬᠤᠮ ᠤᠨ ᠨᠠᠶᠢᠷ ᠲᠤ᠂ ᠲᠠᠩ ᠡᠷᠭᠢᠭᠡᠳ ᠬᠦᠯᠦᠨ ᠪᠤᠶᠢᠷ ᠤᠨ ᠬᠠᠯᠵᠢᠨ ᠢ ᠴᠤᠬᠢᠭ᠎ᠠ ᠡᠷᠳᠡᠮ ᠬᠢᠬᠦ ᠳᠤ ᠲᠡᠷᠡ ᠰᠤᠭᠤᠯᠠᠵᠦ  ᠲᠠᠷᠤᠭᠠᠳ ᠬᠠᠶᠠᠭᠰᠠᠨ ᠶᠤᠮ᠂ ᠡᠭᠦᠨ ᠢ ︽ᠠᠴᠢᠶ᠎ᠠ ᠰᠤᠭᠤᠯᠠᠬᠤ ᠡᠷᠳᠡᠮ︾ ᠭᠡᠨ᠎ᠡ᠃      ᠲᠡᠭᠡᠷᠡᠬᠢ ᠪᠤᠯ ᠪᠠᠨᠽᠠᠷ ᠭᠤᠸᠠᠢ ᠶᠢᠨ ᠪᠦᠬᠡ ᠶᠢᠨ ᠡᠷᠳᠡᠮ ᠢᠶᠠᠨ ᠬᠢᠭᠰᠡᠨ ᠴᠦᠭᠡᠨ ᠬᠡᠳᠦᠨ ᠨᠠᠶᠢᠷ ᠤᠨ ᠵᠢᠱᠢᠶ᠎ᠠ ᠲᠡᠳᠦᠢ ᠪᠤᠯᠬᠤ ᠶᠤᠮ᠂ ᠳᠡᠭᠡᠷ᠎ᠡ ᠵᠠᠭᠤᠨ ᠤ ᠨᠠᠶᠠᠭᠠᠳ ᠤᠨ ᠳᠤ ᠲᠡᠷᠡ ᠮᠠᠨᠢ ᠤᠯᠠᠨ ᠤᠳᠠᠭᠠᠨ ᠤ ᠨᠠᠶᠢᠷ ᠲᠤ ᠤᠷᠤᠯᠴᠠᠨ ᠦᠵᠡᠭᠴᠢᠳ ᠤᠯᠠᠨ ᠢᠶᠠᠨ ᠪᠠᠶᠠᠰᠬᠠᠵᠦ ᠨᠠᠶᠢᠷᠴᠢᠨ ᠲᠦᠮᠡᠨ ᠤ ᠪᠠᠨ ᠶᠠᠷᠢᠶᠠᠨ ᠤ ᠲᠡᠭᠡᠵᠢ᠂ ᠪᠦᠭᠡ ᠶᠢᠨ ᠵᠤᠭᠤᠭ ᠪᠤᠯᠵᠦ ᠶᠠᠪᠤᠭᠰᠠᠨ ᠶᠤᠮ᠃ ᠮᠢᠨᠤ ᠡᠨᠡ ᠤᠳᠠᠭᠠᠨ ᠤ ᠰᠤᠷᠪᠤᠯᠵᠢᠯᠠᠭ᠎ᠠ ᠶᠢᠨ ᠭᠤᠤᠯ ᠵᠤᠷᠢᠯᠭ᠎ᠠ ᠪᠤᠯ ᠲᠡᠭᠦᠨ ᠤ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠲᠠᠯ᠎ᠠ ᠪᠠᠷ ᠰᠢᠰᠲ᠋ᠧᠮ ᠲᠠᠢ ᠪᠢᠴᠢᠭᠯᠡᠬᠦ ᠪᠠᠷ ᠤᠷᠤᠯᠳᠤᠭᠰᠠᠨ ᠤᠬᠠᠭᠠᠨ ᠲᠠᠢ ᠠᠴᠠ ᠪᠢᠰᠢ᠂ ᠠᠯᠳᠠᠷᠳᠤ ᠪᠦᠬᠡ ᠶᠢᠨ ᠢᠶᠠᠨ ᠲᠡᠷᠡ ᠤᠯᠠᠨ ᠨᠠᠶᠢᠷ ᠲᠤ ᠤᠷᠤᠯᠴᠠᠭᠰᠠᠨ ᠠᠮᠵᠢᠯᠳᠠ ᠶᠢ ᠪᠦᠬᠦᠨ ᠢ ᠳᠡᠮᠳᠡᠭᠯᠡᠵᠦ ᠡᠰᠡ ᠴᠢᠳᠠᠭᠰᠠᠨ ᠢᠶᠠᠨ ᠤᠩᠰᠢᠭᠴᠢ ᠤᠯᠠᠨ᠎ᠠ ᠮᠡᠳᠡᠭᠳᠡᠵᠦ᠂ ᠪᠢᠴᠢᠭᠯᠡᠯ ᠲᠤᠷᠠᠳᠬᠠᠯ ᠢᠶᠠᠨ ᠲᠡᠭᠦᠰᠭᠡᠶ᠎ᠡ︕        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号