ᠤᠯᠤᠰ ᠤᠨ ᠠᠪᠤᠷᠭᠤ — ᠦᠯᠵᠡᠶᠢᠪᠠᠭᠠᠳᠤᠷ ᠤᠨ ᠰᠤᠳᠨᠠᠮ
ᠨᠡᠶᠢᠲᠡᠯᠡᠭᠰᠡᠨ ᠴᠠᠭ᠄
2017/4/28
ᠤᠷᠢᠶᠠᠩᠬᠠᠨ ᠤ᠂ ᠶᠤᠨᠳᠤᠨ                   ᠤᠯᠤᠰ ᠤᠨ ᠠᠪᠤᠷᠭᠤ — ᠦᠯᠵᠡᠶᠢᠪᠠᠭᠠᠳᠤᠷ ᠤᠨ ᠰᠤᠳᠨᠠᠮ                ᠤᠤᠯ ᠤᠨ ᠦᠵᠦᠮᠦᠴᠢᠨ ᠪᠠᠷᠠᠭᠤᠨ ᠬᠤᠰᠢᠭᠤᠨ ᠤ ᠬᠦᠷᠢᠶ᠎ᠡ ᠰᠦᠮ᠎ᠡ ᠶᠢᠨ ᠭᠡᠭᠡᠨ ᠭᠤᠷᠪᠠᠨ ᠬᠤᠷᠢᠨ ᠤ ᠪᠦᠭᠡᠨᠡᠷ ᠬᠤᠷᠢᠨ ᠤ ᠪᠠᠶᠠᠨ ᠤᠪᠤᠭ᠎ᠠ — ᠤᠯᠠᠨ ᠬᠦᠭᠡᠪᠦᠷ ᠢᠶᠠᠷ ᠨᠤᠲᠤᠭ ᠲᠠᠢ ᠤᠷᠢᠶᠡᠩᠬᠠᠨ ᠤᠪᠤᠭᠳᠤ ᠪᠦᠭᠡᠨᠡᠷ ᠠᠶᠢᠮᠠᠭ ᠤᠨ ᠦᠯᠵᠡᠶᠢᠪᠠᠭᠠᠳᠤᠷ ᠤᠨ ᠰᠤᠳᠨᠠᠮ ᠪᠤᠯ ᠭᠠᠯ ᠵᠠᠯᠠᠭᠤ ᠨᠠᠰᠤᠨ ᠳᠠᠭᠠᠨ ᠪᠦᠬᠡ ᠶᠢᠨ ᠲᠠᠪᠴᠠᠩ ᠳᠡᠭᠡᠷ᠎ᠡ ᠤᠯᠤᠰ ᠤᠷᠤᠨ ᠳᠠᠭᠠᠨ ᠨᠡᠷ᠎ᠡ ᠪᠠᠨ ᠮᠠᠨᠳᠤᠭᠤᠯᠵᠦ ᠶᠠᠪᠤᠭᠰᠠᠨ ᠴᠤᠤᠳᠠᠢ ᠪᠦᠬᠡᠴᠢᠨ ᠶᠠᠪᠤᠵᠠᠢ᠃  ᠲᠡᠷᠡ 1932 ᠤᠨ ᠤ ᠬᠠᠷ᠎ᠠ ᠪᠡᠴᠢᠨ ᠵᠢᠯ ᠪᠦᠭᠡᠨᠡᠷ ᠠᠶᠢᠮᠠᠭ ᠤᠨ ᠨᠢᠭᠡᠨ ᠨᠡᠯᠢᠶᠡᠳ ᠪᠠᠶᠠᠯᠢᠭ ᠠᠶᠢᠯ ᠪᠤᠯᠬᠤ ᠦᠯᠵᠡᠶᠢᠪᠠᠭᠠᠳᠤᠷ ᠤᠨ ᠬᠤᠶᠠᠳᠤᠭᠠᠷ ᠬᠦᠪᠡᠭᠦᠨ ᠪᠤᠯᠤᠨ ᠵᠠᠶᠠᠭᠠᠵᠠᠢ᠃ ᠠᠷᠪᠠᠨ ᠬᠡᠳᠦᠳᠡᠢ ᠳᠡᠭᠡᠨ ᠬᠦᠷᠢᠶ᠎ᠡ ᠰᠦᠮ᠎ᠡ ᠳᠤ ᠯᠠᠮᠠ ᠪᠤᠯᠵᠦ ᠱᠠᠪᠢᠯᠠᠭᠰᠠᠨ ᠢᠶᠠᠨ ᠴᠢᠯᠦᠭᠡᠯᠡᠭᠳᠡᠭᠰᠡᠨ ᠤ ᠲᠠᠷᠠᠭ᠎ᠠ ᠬᠠᠷ᠎ᠠ ᠪᠤᠯᠤᠭᠰᠠᠨ ᠶᠤᠮ᠃ 1956 ᠤᠨ ᠳᠤ ᠬᠦᠬᠡᠬᠤᠳᠠ ᠳᠤ ᠤᠷᠤᠨ ᠤ ᠪᠡᠶ᠎ᠡ ᠲᠠᠮᠢᠷ ᠤᠨ ᠠᠩᠭᠢ ᠳᠤ ᠤᠷᠤᠯᠴᠠᠭᠰᠠᠨ ᠪᠦᠭᠡᠳ 1965 ᠤᠨ ᠳᠤ ᠭᠡᠷ ᠪᠦᠯᠢ ᠶᠢᠨ ᠨᠦᠬᠦᠴᠡᠯ ᠠᠴᠠ ᠪᠤᠯᠵᠦ ᠠᠯᠳᠠᠠᠬᠢᠯᠢ ᠨᠢᠭᠡᠳᠦᠯ ᠤᠨ ᠪᠠᠳᠠᠷᠠᠬᠤ ᠪᠠᠷᠢᠭᠠᠳᠠ ᠳᠠᠭᠠᠨ ᠪᠤᠴᠠᠵᠦ ᠢᠷᠡᠭᠰᠡᠨ ᠶᠤᠮ᠃      ᠠᠪᠤᠷᠭᠤ ᠰᠤᠳᠨᠠᠮ ᠢ ᠨᠤᠲᠤᠭ ᠤᠰᠤᠨ ᠤ ᠲᠡᠭᠦᠤ ᠨᠠᠷ ᠨᠢ ︽ᠦᠨᠳᠦᠷ ᠠᠮ᠎ᠠ︾ ᠭᠡᠵᠦ ᠬᠦᠨᠳᠤᠯᠡᠨ ᠳᠠᠭᠤᠳᠠᠳᠠᠭ ᠶᠤᠮ᠃ ᠲᠡᠷᠡ ᠬᠠᠷᠠᠬᠠᠨ ᠪᠠᠭ᠎ᠠ ᠠᠴᠠ ᠪᠠᠨ ᠪᠡᠶ᠎ᠡ ᠶᠢᠨ ᠲᠠᠮᠢᠷ ᠤᠨ ᠬᠦᠳᠡᠯᠭᠡᠭᠡᠨ ᠳᠤ ᠲᠤᠷ᠎ᠠ ᠪᠠᠬ᠎ᠠ  ᠲᠠᠢ ᠪᠠᠶᠢᠵᠦ᠂ ᠬᠤᠷᠢᠨ ᠬᠡᠳᠦᠨ ᠨᠠᠰᠤᠨ ᠠᠴᠠ ᠪᠠᠨ ᠪᠦᠬᠡ ᠪᠠᠷᠢᠯᠳᠤᠬᠤ᠂ ᠰᠠᠭᠰᠤᠨ ᠪᠦᠮᠪᠦᠭᠡ ᠨᠠᠭᠠᠳᠬᠤ᠂ ᠰᠢᠳᠠᠷ ᠳᠠᠯᠪᠢᠬᠤ ᠵᠡᠷᠭᠡ ᠳᠤ ᠨᠡᠷ᠎ᠡ ᠭᠠᠷᠤᠭᠰᠠᠨ ᠶᠤᠮ᠃ ᠢᠯᠠᠩᠭᠤᠶ᠎ᠠ ᠮᠤᠩᠭᠤᠯ ᠪᠦᠬᠡ ᠪᠤᠶᠤ ᠲᠤᠮᠳᠠᠳᠤ ᠮᠠᠶ᠋ᠢᠭ ᠤᠨ ᠪᠦᠬᠡ ᠶᠢᠨ ᠮᠡᠷᠭᠡᠵᠢᠯ ᠢ ᠡᠵᠡᠮᠰᠢᠭᠰᠡᠨ ᠢᠶᠠᠷ ᠤᠯᠤᠰ ᠤᠷᠤᠨ ᠠᠶᠢᠮᠠᠭ ᠲᠠᠭᠠᠨ ᠨᠡᠷ᠎ᠡ ᠭᠠᠷᠤᠭᠰᠠᠨ ᠠᠯᠳᠠᠷᠳᠤ ᠪᠦᠬᠡ ᠪᠤᠯᠤᠭᠰᠠᠨ ᠶᠤᠮ᠃ ᠡᠭᠦᠨ ᠢᠶᠠᠷ ᠪᠠᠷᠠᠬᠤ ᠦᠭᠡᠢ ᠵᠢᠷᠠᠭᠠᠳ ᠤᠨ ᠪᠤᠯᠬᠤ ᠳᠤ ᠲᠤᠮᠳᠠᠳᠤ ᠮᠠᠶ᠋ᠢᠭ ᠤᠨ ᠪᠦᠭᠡ ᠶᠢᠨ 17 ᠨᠡᠷ᠎ᠡ ᠤᠯᠤᠰ ᠤᠨ ᠠᠪᠤᠷᠭᠤ ᠶᠢᠨ ᠨᠢᠭᠡ ᠨᠢ ᠪᠤᠯᠤᠭᠰᠠᠨ ᠪᠠᠶᠢᠳᠠᠭ᠃ ᠲᠡᠭᠦᠨ ᠤ ᠪᠦᠬᠡ ᠶᠢᠨ ᠮᠡᠷᠭᠡᠵᠢᠯ ᠤᠨ ᠤᠨᠴᠠᠯᠢᠭ ᠪᠤᠯ ᠪᠦᠬᠡ ᠶᠢᠨ ᠡᠷᠳᠡᠮ ᠬᠢᠬᠦ᠂ ᠡᠷᠳᠡᠮ ᠶᠡᠭᠦᠯᠡᠵᠦ ᠬᠠᠷᠢᠭᠤᠯᠬᠤ ᠪᠠ ᠪᠦᠬᠡ ᠲᠠᠭᠠᠷᠠᠭᠤᠯᠬᠤ ᠵᠡᠷᠭᠡ ᠳᠤ ᠴᠠᠭᠠᠷᠠᠭᠰᠠᠨ ᠪᠠᠶᠢᠳᠠᠭ᠃ ᠡᠶᠢᠮᠦ ᠪᠠᠷ ᠵᠢᠷᠠᠭᠠᠳ ᠤᠨ ᠤ ᠡᠬᠢᠨ ᠳᠤ ᠱᠠᠨᠰᠢ ᠮᠤᠵᠢ ᠳᠤ ᠪᠦᠬᠡ ᠶᠢᠨ ᠪᠠᠭᠰᠢ ᠪᠠᠷ ᠵᠠᠯᠠᠭᠳᠠᠵᠦ ᠶᠠᠪᠤᠭᠰᠠᠨ ᠲᠡᠤᠬᠡ ᠲᠠᠢ ᠶᠤᠮ᠃      ᠰᠤᠶᠤᠯ ᠤᠨ ᠬᠤᠪᠢᠰᠬᠠᠯ ᠤᠨ ᠰᠠᠮᠠᠭᠤᠷᠠᠯ ᠤᠨ ᠦᠶ᠎ᠡ᠂ ᠶᠡᠭᠡ ᠪᠦᠬᠡ ᠮᠠᠨᠢ ︽ᠤᠯᠠᠭᠠᠨᠬᠦᠤ ᠶᠢᠨ ᠠᠪᠤᠷᠭᠤ ᠪᠦᠬᠡᠴᠢᠨ︾᠂ ︽ᠪᠠᠶᠠᠨ ᠮᠠᠯᠴᠢᠨ︾ ᠭᠡᠵᠦ ᠴᠤᠬᠢᠭᠳᠠᠨ᠂ ᠬᠢᠯᠢᠰ ᠢᠶᠠᠷ ᠬᠠᠯᠠ ᠲᠠᠮᠤ ᠠᠮᠰᠠᠵᠦ ᠦᠩᠭᠡᠷᠡᠵᠠᠢ  ᠃ ᠲᠠᠯᠠᠭᠠᠳ ᠤᠨ ᠳᠤ ᠲᠦᠴᠢᠭᠡᠳ ᠨᠠᠰᠤᠨ ᠳᠠᠭᠠᠨ ᠬᠡᠳᠦ ᠤᠳᠠᠭᠠᠨ ᠤ ᠶᠡᠭᠡ ᠪᠠᠭ᠎ᠠ ᠨᠠᠶᠢᠷ ᠲᠤ ᠰᠠᠶᠢᠨ ᠪᠠᠷᠢᠯᠳᠤᠵᠦ ᠶᠠᠪᠤᠭᠰᠠᠨ ᠶᠤᠮ᠃ ᠬᠤᠵᠢᠮ ᠨᠢ ᠠᠶᠢᠮᠠᠭ ᠪᠠ ᠦᠵᠦᠮᠦᠴᠢᠨ ᠬᠤᠶᠠᠷ ᠬᠤᠰᠢᠭᠤᠨ ᠳᠤ ᠨᠠᠶᠢᠷ ᠬᠢᠬᠦ ᠪᠦᠷᠢ ᠠᠪᠤᠷᠭᠤ ᠰᠤᠳᠨᠠᠮ ᠢ ᠪᠦᠬᠡ ᠶᠢᠨ ᠪᠠᠭᠰᠢ ᠪᠠᠷ ᠵᠠᠯᠠᠳᠠᠭ ᠪᠠᠶᠢᠭᠰᠠᠨ᠂ ᠲᠡᠷᠡ ᠬᠦᠷᠦᠭᠰᠡᠨ ᠨᠠᠶᠢᠷ ᠲᠤ ᠦᠵᠦᠮᠦᠴᠢᠨ ᠪᠦᠬᠡᠴᠤᠳ ᠲᠡᠷᠢᠭᠦᠨ ᠳᠡᠳ᠋ ᠢ ᠠᠯᠳᠠᠳᠠᠭ ᠦᠭᠡᠢ ᠪᠦᠭᠡᠳ ᠭᠠᠳᠠᠨ᠎ᠠ ᠶᠢᠨ ᠨᠡᠷ᠎ᠡ ᠴᠤᠤᠳᠠᠢ ᠪᠦᠬᠡᠴᠤᠳ ᠢ ᠤᠨᠴᠠᠯᠢᠭ ᠳᠤᠨᠢ ᠲᠤᠬᠢᠷᠡᠭᠤᠯᠤᠨ ᠤᠶᠢᠴᠢᠭᠤᠯᠳᠠᠭ ᠪᠠᠶᠢᠵᠠᠢ᠃      ᠠᠪᠤᠷᠭᠤ ᠰᠤᠳᠨᠠᠮ ᠪᠤᠯ ᠤᠯᠤᠰ ᠤᠨ ᠨᠡᠷ᠎ᠡ ᠠᠯᠳᠠᠷᠳᠤ ᠲᠠᠮᠢᠷᠴᠢᠨ ᠪᠦᠭᠡᠳ ᠨᠤᠲᠤᠭ ᠤᠷᠤᠨ ᠤ ᠪᠠᠶ᠎ᠡ ᠲᠠᠮᠢᠷ ᠤᠨ ᠦᠢᠯᠡᠰ ᠤᠨ ᠵᠢᠳᠭᠦᠯᠳᠡᠨ ᠮᠦᠨ᠃ ᠲᠡᠷᠡ ᠦᠵᠦᠮᠦᠴᠢᠨ ᠪᠦᠭᠡ ᠶᠢᠨ ᠡᠷᠳᠡᠮ ᠮᠡᠷᠭᠡᠵᠢᠯ ᠢ ᠤᠨᠤᠯᠵᠢᠭᠤᠯᠤᠨ ᠳᠡᠭᠡᠭᠰᠢᠯᠡᠭᠦᠯᠵᠦ᠂ ᠪᠠᠶᠠᠯᠢᠭᠵᠢᠭᠤᠯᠤᠨ ᠭᠦᠭᠵᠢᠭᠦᠯᠦᠭᠰᠡᠨ ᠶᠤᠮ᠃ ᠲᠡᠷᠡ ᠫᠡ᠊ ᠲᠡᠮᠦᠷ ᠤᠨ ᠬᠠᠮᠳᠤ ︽ᠦᠵᠦᠮᠦᠴᠢᠨ ᠪᠦᠬᠡ︾ ᠭᠡᠬᠦ ᠨᠤᠮ ᠢ ᠨᠤᠤᠷᠬᠠᠯᠠᠨ ᠪᠢᠴᠢᠵᠦ᠂ ᠨᠤᠮ ᠳᠠᠭᠠᠨ ᠦᠵᠦᠮᠦᠴᠢᠨ ᠪᠦᠬᠡ ᠶᠢᠨ ᠭᠤᠷᠪᠠᠨ ᠵᠠᠭᠤ ᠭᠠᠷᠤᠢ ᠰᠠᠭᠤᠷᠢ ᠡᠷᠳᠡᠮ ᠬᠢᠴᠡ ᠶᠢ ᠦᠭᠦᠯᠡᠭᠰᠡᠨ ᠨᠢ ᠬᠤᠪᠤᠷ ᠨᠠᠨᠳᠢᠨ ᠦᠪ ᠬᠦᠷᠦᠩᠭᠡ ᠪᠤᠯᠬᠤ ᠪᠦᠭᠡᠳ ᠲᠡᠷᠡ ᠪᠠᠰᠠ ᠦᠵᠦᠮᠦᠴᠢᠨ ᠮᠤᠩᠭᠤᠯ ᠪᠦᠬᠡ ᠶᠢᠨ ᠰᠠᠭᠤᠷᠢ ᠡᠷᠳᠡᠮ ᠪᠠ ᠡᠷᠳᠡᠮ ᠶᠡᠭᠦᠯᠡᠬᠦ ᠠᠷᠭ᠎ᠠ ᠮᠡᠷᠭᠡᠵᠢᠯ ᠨᠢ 550 ᠵᠦᠢᠯ ᠪᠠᠶᠢᠳᠠᠭ ᠭᠡᠵᠦ ᠰᠤᠳᠤᠯᠤᠭᠰᠠᠨ ᠢ ᠦᠨᠡᠯᠡᠭᠦᠰᠢᠳᠠᠢ ᠪᠠᠶᠢᠳᠠᠭ᠃ ᠲᠡᠷᠡ ᠮᠦᠷᠳᠡᠭᠡᠨ ᠪᠠᠰᠠ ᠮᠤᠩᠭᠤᠯ ᠪᠦᠬᠡ ᠶᠢᠨ ᠲᠡᠤᠬᠡ ᠪᠠ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠲᠤᠬᠠᠢ ᠲᠤᠰᠬᠠᠢ ᠰᠤᠳᠤᠯᠭᠠᠨ ᠬᠢᠭᠰᠡᠨ ᠨᠢ ᠮᠤᠩᠭᠤᠯ ᠪᠦᠬᠡ ᠶᠢ ᠰᠤᠳᠤᠯᠬᠤ ᠠᠩᠬᠠᠨ ᠤ ᠰᠠᠭᠤᠷᠢ ᠶᠢ ᠲᠠᠯᠪᠢᠵᠦ᠂ ᠪᠡᠶ᠎ᠡ ᠲᠠᠮᠢᠷ ᠪᠦᠬᠡ ᠶᠢᠨ ᠦᠢᠯᠡᠰ ᠲᠤ ᠤᠶᠤᠨ ᠤᠬᠠᠭᠠᠨ ᠬᠦᠴᠦᠨ ᠴᠢᠳᠠᠯ ᠢᠶᠠᠨ ᠦᠵᠡᠭᠦᠯᠵᠦ ᠶᠠᠪᠤᠵᠠᠢ᠃     ᠰᠤᠳᠨᠠᠮ ᠪᠤᠯ ᠨᠡᠷ᠎ᠡ ᠬᠦᠨᠳᠤᠳᠠᠢ ᠬᠦᠮᠦᠨ ᠪᠤᠯᠤᠭᠰᠠᠨ ᠤ ᠬᠤᠪᠢ ᠳᠤ᠂ 1981 ᠤᠨ ᠠᠴᠠ ᠨᠠᠰᠢ ᠵᠡᠭᠦᠨ ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ᠂ ᠰᠢᠯᠢ ᠶᠢᠨ ᠭᠤᠤᠯ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ᠂ ᠵᠡᠭᠦᠨ ᠦᠵᠦᠮᠦᠴᠢᠨ ᠬᠤᠰᠢᠭᠤᠨ ᠤ ᠰᠤᠶᠤᠯ ᠲᠡᠤᠬᠡ ᠶᠢᠨ ᠨᠡᠶᠢᠭᠡᠮᠯᠢᠭ ᠤᠨ ᠡᠷᠬᠢᠯᠡᠭᠴᠢ ᠭᠡᠰᠢᠭᠦᠨ ᠵᠡᠷᠭᠡ ᠨᠡᠶᠢᠭᠡᠮ ᠤᠨ ᠡᠭᠦᠷᠭᠡ ᠲᠤᠰᠢᠶᠠᠯ ᠢ ᠬᠠᠷᠢᠭᠤᠴᠠᠵᠦ᠂ ᠨᠡᠶᠢᠭᠡᠮᠯᠢᠭ ᠢ ᠡᠭᠦᠰᠭᠡᠨ ᠪᠠᠶᠢᠭᠤᠯᠤᠭᠴᠢ ᠶᠢᠨ ᠨᠢᠭᠡᠨ ᠪᠠᠶᠢᠵᠦ᠂ ᠦᠵᠦᠮᠦᠴᠢᠨ ᠤ ᠪᠠᠨ ᠰᠤᠶᠤᠯ ᠲᠡᠤᠬᠡ ᠶᠢᠨ ᠦᠢᠯᠡᠰ ᠲᠤ ᠤᠶᠤᠨ ᠵᠢᠳᠭᠦᠯ ᠢᠶᠠᠨ ᠭᠠᠷᠭᠠᠭᠰᠠᠨ ᠢ ᠠᠳᠡ ᠲᠤᠷᠠᠳᠤᠭᠤᠰᠢᠳᠠᠢ ᠶᠤᠮ᠃      ᠠᠪᠤᠷᠭᠤ ᠰᠤᠳᠨᠠᠮ ᠤᠨ ᠵᠠᠯᠠᠭᠤ ᠰᠠᠶᠢᠬᠠᠨ ᠨᠠᠰᠤᠨ ᠳᠠᠭᠠᠨ ᠬᠢᠯᠠᠷᠠᠭᠤᠯᠵᠦ ᠶᠠᠪᠤᠭᠰᠠᠨ ᠲᠡᠤᠬᠡ ᠠᠴᠠ ᠲᠤᠪᠴᠢᠯᠠᠨ ᠳᠡᠮᠳᠡᠭᠯᠡᠶ᠎ᠡ᠄      ᠤᠯᠤᠰ ᠤᠨ ᠲᠠᠰ ᠤᠨ ᠪᠠ ᠤᠷᠤᠨ ᠤ ᠲᠡᠰ ᠤᠨ ᠤᠷᠤᠯᠳᠤᠭᠠᠨ ᠳᠤ᠄      1956 ᠤᠨ ᠤ ᠪᠡᠭᠡᠵᠢᠩ ᠳᠤ ᠪᠤᠯᠤᠭᠰᠠᠨ ᠪᠦᠬᠦ ᠤᠯᠤᠰ ᠤᠨ ᠲᠤᠮᠳᠠᠳᠤ ᠮᠠᠶ᠋ᠢᠭ ᠤᠨ ᠪᠦᠬᠡ ᠶᠢᠨ ᠠᠪᠤᠷᠭᠤ ᠰᠢᠯᠭᠠᠷᠠᠭᠤᠯᠬᠤ ᠠᠩᠬᠠᠳᠤᠭᠠᠷ ᠤᠷᠤᠯᠳᠤᠭᠠᠨ ᠳᠤ 87 ᠺᠢᠯᠦᠭᠷᠠᠮ ᠠᠴᠠ ᠳᠡᠭᠡᠭᠰᠢ ᠲᠠᠰ ᠤᠨ ᠪᠠᠷᠢᠯᠳᠤᠭᠠᠨ ᠳᠤ ᠲᠡᠷᠢᠭᠦᠯᠡᠵᠦ᠂ ᠤᠯᠤᠰ ᠤᠨ ᠠᠪᠤᠷᠭᠤ ᠪᠤᠯᠵᠦ ᠠᠯᠳᠠᠨ ᠮᠧᠲ᠋ᠠᠯ ᠲᠤᠰᠴᠤ᠂ ᠨᠤᠲᠤᠭ ᠤᠷᠤᠨ ᠳᠠᠭᠠᠨ ᠠᠩᠬ᠎ᠠ ᠤᠳᠠᠭᠠᠨ ᠤ ᠢᠷᠠᠭᠤ ᠠᠯᠳᠠᠷ ᠢ ᠡᠭᠦᠳᠦᠭᠰᠡᠨ ᠶᠤᠮ᠃ ᠲᠤᠰ ᠤᠷᠤᠯᠳᠤᠭᠠᠨ ᠳᠤ ᠬᠠᠮᠳᠤ ᠶᠠᠪᠤᠭᠰᠠᠨ ᠨᠢᠭᠡ ᠨᠤᠲᠤᠭ  ᠲᠠᠢ᠂ ᠨᠡᠷ᠎ᠡ ᠠᠯᠳᠠᠷᠳᠤ ᠬᠦᠮᠦᠨ ᠪᠦᠭᠡᠳ ᠤᠷᠢᠶᠠᠩᠬᠠᠨ ᠤᠪᠤᠭᠳᠤ ᠬᠡᠤᠬᠡᠨ ᠤ ᠡᠷᠬᠢᠮᠪᠠᠳᠤ 87  ᠺᠢᠯᠦᠭᠷᠠᠮ ᠠᠴᠠ ᠳᠡᠭᠡᠭᠰᠢ ᠳᠡᠳ᠋ ᠬᠦᠨᠳᠤ ᠲᠠᠰ ᠳᠤ ᠲᠦᠷᠪᠡ ᠳᠤ ᠤᠷᠤᠵᠦ᠂ ᠤᠯᠤᠰ ᠤᠨ ᠨᠢᠭᠡᠳᠦᠭᠡᠷ ᠲᠡᠰ ᠤᠨ ᠰᠢᠯᠢᠳᠡᠭ ᠲᠠᠮᠢᠷᠴᠢᠨ ᠴᠤᠯᠠ ᠤᠯᠤᠭᠰᠠᠨ ᠢ ᠲᠠᠭᠠᠯᠳᠤᠭᠤᠯᠤᠨ ᠳᠡᠮᠳᠡᠭᠯᠡᠪᠡ᠃      1956 ᠤᠨ ᠤ 6 ᠰᠠᠷ᠎ᠠ ᠳᠤ᠂ ᠬᠦᠬᠡᠬᠤᠳᠠ ᠳᠤ ᠬᠢᠭᠰᠡᠨ ᠤᠷᠤᠨ ᠤ ᠮᠤᠩᠭᠤᠯ ᠪᠦᠭᠡ ᠵᠢᠨ‌‍ᠰᠢᠯᠢᠳᠡᠭ 64 ᠪᠦᠬᠡ ᠪᠠᠷᠢᠯᠳᠤᠭᠤᠯᠤᠭᠰᠠᠨ ᠤᠷᠤᠯᠳᠤᠭᠠᠨ ᠳᠤ᠂ ᠦ᠊᠂ ᠰᠤᠳᠨᠠᠮ ᠠᠪᠤᠷᠭᠤᠯᠠᠵᠦ᠂ ᠠᠯᠳᠠᠨ ᠮᠧᠲ᠋ᠠᠯ ᠢᠶᠠᠷ ᠱᠠᠩᠨᠠᠭᠳᠠᠨ᠂ ᠰᠢᠯᠤᠭᠤᠨ ᠴᠠᠭᠠᠨ ᠬᠤᠰᠢᠭᠤᠨ ᠤ ᠠᠭᠸᠠᠨᠳᠠᠮᠪᠠ ᠳᠡᠳ᠋ᠯᠡᠪᠡ᠃      ᠭᠤᠷᠪᠠᠨ ᠲᠠᠰ ᠬᠤᠪᠢᠶᠠᠨ ᠪᠠᠷᠢᠯᠳᠤᠭᠰᠠᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠲᠤᠮᠳᠠ ᠲᠠᠰ ᠤᠨ ᠪᠠᠷᠢᠯᠳᠤᠭᠠᠨ ᠳᠤ ᠪᠦᠮᠪᠦᠭᠡ ᠢᠳᠡᠮ ᠲᠡᠷᠢᠭᠦᠯᠡᠵᠦ᠂ ᠦᠯᠵᠡᠶᠢᠪᠠᠭᠠᠳᠤᠷ ᠤᠨ ᠰᠤᠳᠨᠠᠮ ᠳᠡᠳ᠋ᠯᠡᠭᠰᠡᠨ ᠶᠤᠮ᠃ 1960 ᠤᠨ ᠤ 6 ᠰᠠᠷ᠎ᠠ ᠳᠤ ᠦᠪᠡᠷᠳᠡᠭᠡᠨ ᠵᠠᠰᠠᠬᠤ ᠤᠷᠤᠨ ᠤ ᠰᠤᠶᠤᠯ ᠰᠤᠷᠭᠠᠨ ᠬᠦᠮᠦᠵᠢᠯ ᠤᠨ ᠠᠷᠠᠳ ᠤᠨ ᠪᠠᠭᠠᠳᠤᠷᠴᠤᠳ ᠤᠨ ᠬᠤᠷᠠᠯ ᠳᠤ ᠰᠤᠩᠭᠤᠬᠳᠠᠨ ᠤᠷᠤᠯᠴᠠᠵᠦ᠂ ᠠᠯᠳᠠᠨ ᠮᠧᠲ᠋ᠠᠯ ᠢᠷᠠᠭᠤ ᠠᠯᠳᠠᠷ ᠤᠨ ᠦᠨᠡᠮᠯᠡᠯ ᠢᠶᠠᠷ ᠬᠦᠬᠢᠭᠦᠯᠦᠭᠳᠡᠨ ᠱᠠᠩᠨᠠᠭᠳᠠᠭᠰᠠᠨ ᠢ ᠤᠨᠴᠤᠭᠤᠶᠢᠯᠠᠨ ᠳᠡᠮᠳᠡᠭᠯᠡᠯ᠎ᠠ᠃      1963 ᠤᠨ ᠤ ᠵᠤᠨ᠂ ᠵᠡᠭᠦᠨ ᠦᠵᠦᠮᠦᠴᠢᠨ ᠬᠤᠰᠢᠭᠤ ᠠᠷᠠᠳ ᠤᠨ ᠶᠡᠭᠡ ᠨᠠᠶᠢᠷ ᠢᠶᠠᠨ ᠬᠢᠵᠦ᠂ 512 ᠪᠦᠬᠡ ᠶᠢᠨ ᠲᠡᠮᠡᠴᠡᠭᠡᠨ ᠳᠤ ᠰᠤᠳᠨᠠᠮ ᠭᠤᠸᠠᠢ ᠳᠡᠭᠡᠷ᠎ᠡ ᠨᠠᠢᠮᠠ ᠳᠤ ᠤᠷᠤᠭᠰᠠᠨ ᠪᠢᠯᠡ᠃      1972 ᠤᠨ ᠤ 7 ᠰᠠᠷ᠎ᠠ ᠳᠤ ᠪᠤᠯᠤᠭᠰᠠᠨ ᠠᠯᠳᠠᠨᠬᠢᠯᠢ ᠨᠢᠭᠡᠳᠦᠯ ᠤᠨ ᠬᠤᠶᠠᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠬᠢᠵᠦ᠂ 128 ᠨᠡᠷ᠎ᠡ ᠪᠦᠬᠡ ᠪᠠᠷᠢᠯᠳᠤᠭᠤᠯᠤᠭᠠᠳ᠂ ᠲᠦᠴᠢᠨ ᠨᠠᠰᠤᠳᠠᠢ ᠠᠪᠤᠷᠭᠤ ᠰᠤᠳᠨᠠᠮ ᠲᠡᠷᠢᠭᠦᠯᠡᠵᠦ᠂ ᠪᠠᠶᠠᠨᠬᠠᠩᠭᠠᠢ ᠪᠠᠷᠢᠭᠠᠳᠠ ᠶᠢᠨ ᠦᠨᠳᠦᠷ ᠳᠠᠪᠬᠠᠢ ᠳᠡᠳ᠋ᠯᠡᠪᠡ᠃ ᠮᠦᠨ ᠵᠢᠯ ᠤᠨ ᠨᠠᠢᠮᠠᠨ ᠰᠠᠷ᠎ᠠ ᠳᠤ ᠰᠢᠯᠤᠭᠤᠨ ᠬᠦᠬᠡ ᠬᠤᠰᠢᠭᠤ ᠶᠡᠭᠡ ᠨᠠᠶᠢᠷ ᠬᠢᠵᠦ᠂ 512 ᠪᠦᠬᠡ ᠪᠠᠷᠢᠯᠳᠤᠭᠤᠯᠤᠭᠰᠠᠨ ᠳᠤ ᠰᠤᠳᠨᠠᠮ ᠭᠤᠸᠠᠢ ᠳᠡᠭᠡᠷ᠎ᠡ ᠨᠡᠢᠮᠠ ᠳᠤ ᠤᠷᠤᠵᠠᠢ᠃      1973 ᠤᠨ ᠤ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠶᠡᠭᠡ ᠨᠠᠶᠢᠷ ᠢᠶᠠᠨ ᠬᠢᠵᠦ᠂ 512 ᠪᠦᠬᠡ ᠪᠠᠷᠢᠯᠳᠤᠭᠤᠯᠤᠭᠰᠠᠨ ᠳᠤ ᠲᠡᠷᠡ ᠴᠤ᠋ ᠵᠢᠷᠭᠠᠯ ᠳᠤ ᠪᠠᠭᠤᠵᠦ ᠦᠭᠭᠦᠭᠡᠳ ᠳᠡᠭᠡᠷ᠎ᠡ ᠨᠡᠢᠮᠠ ᠳᠤ ᠤᠷᠤᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号