ᠮᠢ᠊ ᠭᠧᠨᠳᠤᠨ ᠤ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠲᠤᠬᠠᠢ
ᠨᠡᠶᠢᠲᠡᠯᠡᠭᠰᠡᠨ ᠴᠠᠭ᠄
2017/4/28
ᠤᠷᠢᠶᠠᠩᠬᠠᠨ᠂ ᠤ ᠶᠤᠨᠳᠤᠨ                      ᠮᠢ᠊ ᠭᠧᠨᠳᠤᠨ ᠤ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠲᠤᠬᠠᠢ                                     —  ᠪᠡᠷᠢᠯᠳᠤᠭᠰᠠᠨ ᠦᠩᠭᠡᠷᠡᠯᠳᠡ ᠪᠠ ᠲᠤᠷᠠᠰᠤᠮᠵᠢ ᠤᠳ          ᠮᠢ᠊  ᠭᠧᠨᠳᠤᠨ ᠪᠤᠯ ᠤᠤᠯ ᠤᠨ ᠵᠡᠭᠦᠨ ᠬᠤᠯᠪᠤᠭᠠᠳᠦ ᠬᠤᠰᠢᠭᠤᠨ ᠤ ᠲᠤᠯᠤᠳᠤᠭᠠᠷ ᠰᠤᠮᠤᠨ ᠤ ᠬᠠᠷᠢᠶᠠᠳᠦ ᠮᠠᠯᠴᠢᠨ ᠡᠬᠡ ᠪᠠᠳᠮ᠎ᠠ ᠠᠴᠠ 1954 ᠤᠨ ᠤ ᠬᠦᠬᠡ ᠮᠤᠷᠢᠨ ᠵᠢᠯ ᠡᠪᠦᠭᠡᠨ ᠤᠪᠤᠭ᠎ᠠ ᠬᠡᠮᠡᠬᠦ ᠭᠠᠵᠠᠷ ᠲᠦᠷᠦᠵᠠᠢ᠂ ᠲᠡᠷᠡ ᠪᠤᠯ ᠵᠡᠭᠦᠨ ᠦᠵᠦᠮᠦᠴᠢᠨ ᠬᠤᠰᠢᠭᠤᠨ ᠤ ᠠᠯᠳᠠᠨᠬᠢᠯᠢ ᠨᠢᠭᠡᠳᠦᠯ ᠤᠨ ᠪᠠᠳᠠᠷᠠᠬᠤ ᠪᠠᠷᠢᠭᠠᠳᠠ ᠶᠢᠨ ᠮᠠᠯᠴᠢᠨ᠂ ᠦᠵᠦᠮᠦᠴᠢᠨ ᠤ ᠨᠢᠭᠡᠨ ᠦᠶ᠎ᠡ ᠶᠢᠨ ᠠᠯᠳᠠᠷᠳᠦ ᠵᠠᠩᠭᠢᠶᠠᠳᠦ ᠪᠦᠬᠡ ᠪᠤᠯᠬᠤ ᠶᠤᠮ᠂ ᠦᠵᠦᠮᠦᠴᠢᠨ ᠮᠤᠩᠭᠤᠯ ᠪᠦᠬᠡ ᠶᠢᠨ ᠪᠠ ᠲᠤᠮᠳᠠᠳᠦ ᠮᠠᠶ᠋ᠢᠭ ᠤᠨ ᠪᠦᠭᠡ ᠶᠢᠨ ᠮᠡᠷᠭᠡᠵᠢᠯ ᠲᠠᠢ᠂ ᠭᠠᠯ ᠠᠷᠪᠠᠨ ᠨᠠᠢᠮᠠᠳᠠᠢ ᠪᠠᠨ ᠪᠦᠭᠡ ᠶᠢᠨ ᠰᠤᠷᠢᠶᠠᠨ ᠳᠤ ᠪᠤᠯᠪᠠᠰᠤᠷᠠᠯ ᠬᠦᠷᠳᠡᠵᠦ ᠡᠬᠢᠯᠡᠭᠡᠳ ᠤᠯᠤᠰ ᠤᠨ ᠠᠪᠤᠷᠭᠤ ᠰᠤᠳᠨᠠᠮ᠂ ᠨᠤᠲᠤᠭ ᠤᠨ ᠵᠠᠩᠭᠢᠶᠠᠳᠦ ᠪᠦᠬᠡ ᠦᠯᠵᠡᠶᠢᠪᠠᠶᠠᠷ ᠵᠡᠷᠭᠡ ᠠᠬᠠᠮᠠᠳ ᠢᠶᠠᠷ ᠪᠠᠭᠰᠢᠯᠠᠭᠤᠯᠵᠦ ᠦᠵᠦᠮᠦᠴᠢᠨ ᠪᠦᠬᠡ ᠶᠢᠨ ᠡᠷᠳᠡᠮ ᠮᠡᠭᠡ ᠮᠡᠷᠭᠡᠵᠢᠯ ᠢ ᠰᠤᠷᠴᠤ ᠡᠵᠡᠮᠰᠢᠨ᠂ ᠪᠦᠬᠡ ᠪᠤᠯᠬᠤ ᠶᠢᠨ ᠠᠩᠬᠠᠨ ᠤ ᠰᠠᠭᠤᠷᠢ ᠶᠢ ᠳᠠᠯᠪᠢᠭᠰᠠᠨ ᠪᠠᠶᠢᠳᠠᠭ᠂ ᠬᠤᠵᠢᠮ ᠨᠢ ᠠᠶᠢᠮᠠᠭ ᠤᠷᠤᠨ ᠤ ᠮᠤᠩᠭᠤᠯ ᠪᠦᠬᠡ ᠪᠤᠯᠤᠨ ᠲᠤᠮᠳᠠᠳᠦ ᠮᠠᠶ᠋ᠢᠭ ᠤᠨ ᠪᠦᠬᠡ ᠶᠢᠨ ᠪᠤᠯᠪᠠᠰᠤᠷᠠᠯ ᠳᠤ ᠤᠷᠤᠯᠴᠠᠵᠦ ᠮᠡᠷᠭᠡᠵᠢᠯ ᠢᠶᠠᠨ ᠳᠡᠭᠡᠭᠰᠢᠯᠡᠭᠦᠯᠵᠦ ᠶᠠᠪᠤᠬᠤ ᠳᠠᠭᠠᠨ ᠠᠪᠠᠭ᠎ᠠ ᠨᠤᠲᠤᠭ ᠲᠠᠢ ᠨᠢᠭᠡᠨ ᠦᠶ᠎ᠡ ᠶᠢᠨ ᠳᠠᠰᠤᠷᠬᠠᠢ ᠪᠦᠬᠡ ᠠᠪᠤᠷᠭᠤ ᠨᠠᠶᠢᠳᠠᠨ ᠢᠶᠠᠷ ᠪᠠᠭᠰᠢᠯᠠᠭᠤᠯᠤᠭᠰᠠᠨ ᠨᠢ ᠪᠠᠰᠠ ᠨᠢᠭᠡᠨ ᠠᠵᠠ ᠲᠤᠬᠢᠶᠠᠯᠳᠤᠯ ᠪᠤᠯᠤᠭᠰᠠᠨ ᠶᠤᠮ᠂ ᠲᠡᠷᠡ ᠬᠤᠷᠢ ᠭᠠᠷᠤᠢ ᠵᠢᠯ ᠪᠦᠭᠡ ᠶᠢᠨ ᠳᠠᠪᠴᠠᠩ ᠳᠤ ᠪᠠᠷᠢᠯᠳᠤᠨ ᠮᠤᠩᠭᠤᠯ ᠡᠷ᠎ᠡ ᠶᠢᠨ ᠬᠡᠶᠢᠮᠤᠷᠢ ᠮᠠᠨᠳᠤᠭᠤᠯᠤᠨ ᠶᠠᠪᠤᠬᠤ ᠳᠠᠭᠠᠨ ᠤᠯᠠᠨ ᠭᠠᠵᠠᠷ ᠤᠨ ᠨᠠᠶᠢᠷ ᠤᠨ ᠱᠠᠩ ᠢ ᠬᠦᠷᠳᠡᠵᠦ᠂ ᠤᠯᠠᠨ ᠤᠷᠤᠯᠳᠤᠭᠠᠨ ᠤ ᠲᠠᠪᠴᠠᠩ ᠳᠤ ᠠᠯᠳᠠ ᠮᠦᠩᠭᠦᠨ ᠮᠧᠲᠠᠯ ᠢᠶᠠᠷ ᠡᠩᠭᠡᠷ ᠢᠶᠠᠨ ᠮᠢᠯᠢᠶᠠᠯᠭᠠᠨ ᠶᠠᠪᠤᠭᠰᠠᠨ ᠶᠤᠮ᠂ ᠭᠠᠵᠠᠷ ᠭᠠᠵᠠᠷ ᠤᠨ ᠠᠯᠳᠠᠷ ᠨᠡᠷᠡᠳᠠᠢ ᠬᠦᠴᠦᠳᠦ ᠪᠦᠭᠡ ᠲᠠᠢ ᠳᠠᠭᠠᠷᠠᠬᠤ ᠳᠠᠭᠠᠨ ᠠᠶᠤᠵᠦ ᠪᠠᠴᠢᠮᠳᠠᠬᠤ ᠦᠭᠡᠢ ᠬᠢᠨᠠᠮᠠᠭᠠᠢ ᠯᠠᠪᠳᠠᠭᠤᠨ ᠢᠶᠠᠷ ᠪᠠᠷᠢᠯᠳᠤᠵᠦ ᠡᠷᠳᠡᠮ ᠮᠡᠭᠡ ᠪᠠᠨ ᠬᠢᠬᠦ ᠪᠤᠶᠤ ᠬᠦᠮᠦᠨ ᠤ ᠬᠢᠭᠰᠡᠨ ᠡᠷᠳᠡᠮ ᠢ ᠪᠤᠯᠪᠠᠰᠤᠷᠠᠩᠭᠤᠢ ᠪᠠᠷ ᠬᠠᠷᠢᠭᠤᠯᠤᠨ ᠬᠠᠶᠠᠯᠠᠵᠦ ᠶᠠᠪᠤᠬᠤ ᠳᠠᠭᠠᠨ ᠮᠠᠰᠢ ᠤᠯᠠᠨ ᠪᠦᠬᠡ ᠶᠢᠨ ᠡᠷᠳᠡᠮ ᠮᠡᠭᠡ ᠶᠢ ᠪᠤᠯᠪᠠᠰᠤᠷᠠᠭᠤᠯᠤᠨ ᠪᠠᠶᠠᠯᠢᠭ ᠮᠡᠷᠭᠡᠵᠢᠯ ᠤᠨ ᠲᠤᠷᠰᠢᠯᠭ᠎ᠠ ᠶᠢ ᠬᠤᠷᠠᠮᠳᠤᠭᠤᠯᠤᠭᠰᠠᠨ ᠪᠠᠶᠢᠳᠠᠭ᠃ ᠭᠧᠨᠳᠤᠨ ᠲᠠᠢ ᠨᠤᠲᠤᠭ ᠨᠢᠭᠡᠳᠡᠢ ᠤᠯᠤᠰ ᠤᠨ ᠠᠪᠤᠷᠭᠤ ᠰᠤᠳᠨᠠᠮ ᠭᠤᠸᠠᠢ ᠲᠡᠭᠦᠨ ᠳᠤ ᠦᠨᠢᠷ ᠤᠯᠠᠨ ᠦᠵᠦᠮᠦᠴᠢᠨ ᠪᠦᠬᠡ ᠶᠢᠨ ᠤᠷ᠎ᠠ ᠮᠡᠷᠭᠡᠵᠢᠯ ᠢ ᠶᠠᠷᠢᠵᠦ ᠦᠭᠬᠦ ᠳᠤ ᠲᠡᠷᠡ ᠴᠤ ᠳᠠᠷᠢᠬᠢᠨ ᠳᠠᠭᠠᠨ ᠬᠠᠳᠠᠩᠰᠢᠭᠤᠯᠤᠨ ᠲᠤᠭᠳᠠᠭᠠᠨ ᠠᠪᠴᠠᠢ᠂ ᠲᠡᠭᠦᠨ ᠤ ᠬᠡᠯᠡᠬᠦ ᠪᠠᠷ ᠰᠤᠳᠨᠠᠮ ᠪᠠᠭᠰᠢ ᠨᠢ ᠦᠵᠦᠮᠦᠴᠢᠨ ᠮᠤᠩᠭᠤᠯ ᠪᠦᠬᠡ ᠶᠢᠨ ᠡᠷᠳᠡᠮ ᠮᠡᠭᠡ ᠶᠢ ᠤᠯᠠᠷᠢᠭᠤᠯᠤᠨ ᠬᠤᠪᠢᠷᠠᠭᠤᠯᠬᠤ ᠨᠢ ᠮᠠᠰᠢ ᠤᠯᠠᠨ ᠪᠠᠶᠢᠵᠦ᠂ ᠪᠠᠷᠤᠭ 566 ᠲᠤᠭ᠎ᠠ ᠳᠤ ᠬᠦᠷᠬᠦ ᠶᠤᠮ ᠭᠡᠵᠦ ᠬᠡᠯᠡᠯ᠎ᠡ ᠭᠡᠳᠡᠭ᠂ ᠡᠶᠢᠮᠦ ᠪᠠᠷ ᠢᠶᠠᠨ ᠦᠵᠦᠮᠦᠴᠢᠨ ᠪᠦᠬᠡ ᠶᠢᠨ ᠡᠷᠳᠡᠮ ᠮᠡᠷᠭᠡᠵᠢᠯ ᠢ ᠰᠠᠶᠢᠳᠤᠷ ᠡᠵᠡᠮᠰᠢᠴᠢᠭᠡᠪᠡᠯ ᠳᠠᠯᠡᠬᠡᠢ ᠶᠢᠨ ᠶᠠᠮᠠᠷ ᠴᠤ ᠲᠦᠷᠦᠯ ᠵᠦᠢᠯ ᠤᠨ ᠪᠦᠬᠡ ᠶᠢᠨ ᠤᠷᠤᠯᠳᠤᠭᠠᠨ ᠤ ᠮᠡᠷᠭᠡᠵᠢᠯ ᠢ ᠰᠤᠷᠴᠤ ᠡᠵᠡᠮᠰᠢᠬᠦ ᠳᠤ ᠬᠦᠷᠦᠯᠴᠡᠭᠡ ᠲᠠᠢ ᠰᠠᠭᠤᠷᠢ ᠮᠡᠳᠡᠯᠭᠡ ᠪᠤᠯᠬᠤ ᠨᠢ ᠵᠠᠶᠢᠯᠠᠰᠢ ᠦᠭᠡᠢ ᠶᠤᠮ      ᠭᠧᠨᠳᠤᠨ ᠭᠤᠸᠠᠢ ᠵᠠᠯᠠᠭᠤ ᠨᠠᠰᠤᠨ ᠤ 1976 ᠤᠨ ᠳᠤ ᠠᠪᠠᠭ᠎ᠠ ᠬᠤᠰᠢᠭᠤᠨ ᠤ ᠵᠢᠷᠭᠠᠯᠠᠩᠳᠦ ᠨᠢᠭᠡᠳᠦᠯ ᠤᠨ 128 ᠪᠦᠬᠡ ᠪᠠᠷᠢᠯᠳᠤᠭᠰᠠᠨ ᠠᠷᠠᠳ ᠤᠨ ᠨᠠᠶᠢᠷ ᠲᠤ ᠲᠡᠷᠢᠭᠦᠯᠠᠨ ᠪᠦᠬᠡ ᠶᠢᠨ ᠳᠠᠪᠴᠠᠩ ᠳᠠᠬᠢ ᠠᠩᠬᠠᠨ ᠤ ᠠᠯᠳᠠᠷ ᠢᠶᠠᠨ ᠬᠡᠶᠢᠮᠤᠷᠯᠠᠭᠰᠠᠨ ᠪᠠᠶᠢᠵᠦ ᠪᠢᠯᠠ᠂ ᠲᠤᠰ ᠨᠠᠶᠢᠷ ᠠᠴᠠ ᠳᠠᠷᠠᠭᠠᠬᠠᠨ ᠠᠪᠠᠭ᠎ᠠ ᠬᠤᠰᠢᠭᠤᠨ ᠤ ᠡᠷᠢᠶᠡᠨᠭᠤᠪᠢ ᠨᠢᠭᠡᠳᠦᠯ ᠤᠨ ᠶᠡᠭᠡ ᠨᠠᠶᠢᠷ ᠬᠢᠬᠦ ᠶᠢ ᠰᠤᠨᠤᠰᠤᠭᠠᠳ ᠲᠡᠷᠡ ᠪᠠᠷ ᠭᠤᠷᠪᠠᠨ ᠭᠤᠤᠳᠦ ᠬᠡᠮᠡᠬᠦ ᠭᠠᠵᠠᠷ ᠵᠤᠰᠠᠵᠦ ᠪᠠᠶᠢᠭ᠎ᠠ ᠰᠤᠳᠨᠠᠮ ᠪᠠᠭᠰᠢ ᠠᠴᠠ ᠪᠠᠨ ᠠᠪᠠᠭ᠎ᠠ ᠶᠢᠨ ᠨᠡᠷᠡᠳᠦ ᠪᠦᠬᠡᠴᠤᠳ ᠤᠨ ᠡᠷᠳᠡᠮ ᠬᠢᠴᠡ ᠶᠢ ᠤᠶᠢᠯᠠᠭᠠᠬᠤ ᠪᠠᠷ ᠬᠦᠷᠬᠦ ᠳᠤ ᠪᠠᠭᠰᠢ ᠨᠢ ︿ᠴᠢ ᠠᠪᠠᠭ᠎ᠠ ᠶᠢᠨ ᠨᠠᠶᠢᠷ ᠲᠤ ᠬᠦᠷᠬᠦ ᠰᠠᠨᠠᠭ᠎ᠠ ᠲᠠᠢ ᠤᠤ᠂ ᠲᠡᠭᠡᠪᠡᠯ ᠨᠠᠶᠢᠳᠠᠨ ᠲᠠᠭᠠᠷᠠᠬᠤ ᠶᠤᠮ ᠳ᠋ᠠ᠂ ᠲᠡᠷᠡ ᠪᠤᠯ ᠳᠠᠳᠠᠭ᠎ᠠ ᠡᠷᠳᠡᠮ ᠬᠢᠳᠡᠭ ᠬᠦᠮᠦᠨ᠂ ᠤᠬᠤᠷᠢᠭᠠᠳ ᠳᠠᠳᠠᠳᠠᠭ ᠪᠤᠯᠬᠤᠷ ᠴᠢ ᠤᠬᠤᠷᠢᠭᠰᠠᠨ ᠤᠷᠤᠨ ᠳᠡᠭᠡᠷ᠎ᠡ ᠨᠢ ᠬᠦᠷᠴᠦ ᠵᠤᠭᠰᠤᠭᠠᠳ ᠪᠠᠢ﹀ ᠭᠡᠵᠦ ᠬᠡᠯᠡᠵᠠᠢ᠂ ᠡᠷᠳᠡᠨᠢᠭᠤᠪᠢ ᠶᠢᠨ ᠨᠠᠶᠢᠷ ᠲᠤ ᠲᠡᠷᠢᠭᠦᠨ ᠳᠡᠳ᠋ ᠳᠤ ᠦᠨᠡᠬᠡᠷ ᠠᠪᠤᠷᠭᠤ ᠨᠠᠶᠢᠳᠠᠨ ᠲᠠᠢ ᠳᠠᠭᠠᠷᠠᠭᠰᠠᠨ ᠪᠠᠶᠢᠵᠠᠢ᠂ ᠤᠯᠠᠨ ᠠᠴᠠ ᠬᠡᠳᠦᠶᠢᠳᠦᠭᠰᠡᠨ ᠦᠨᠳᠦᠷ ᠲᠤᠮᠤ ᠪᠠᠶ᠎ᠠ ᠲᠠᠢ ᠵᠢᠪᠬᠤᠭᠠᠯᠢᠭ ᠡᠷ᠎ᠡ ᠪᠠᠶᠢᠯ᠎ᠠ᠂ ᠨᠠᠶᠢᠳᠠᠨ ᠭᠤᠸᠠᠢ ᠦᠨᠡᠬᠡᠷ ᠰᠤᠳᠨᠠᠮ ᠪᠠᠭᠰᠢ ᠶᠢᠨ ᠬᠡᠯᠡᠭᠰᠡᠨ ᠰᠢᠭ ᠤᠬᠤᠷᠢᠭᠠᠳ ᠳᠠᠳᠠᠭᠰᠠᠨ ᠳᠤ ᠭᠧᠨᠳᠤᠨ ᠴᠤ ᠳᠠᠳᠠᠭ᠎ᠠ ᠶᠢ ᠨᠢ ᠳᠠᠭᠠᠵᠦ ᠠᠯᠬᠤᠭᠰᠠᠨ ᠪᠤᠯᠬᠤᠷ ᠲᠡᠷᠡ ᠡᠷᠳᠡᠮ ᠳᠤᠨᠢ ᠤᠶᠢᠴᠢᠭᠰᠠᠨ ᠦᠭᠡᠢ᠂ ᠳᠠᠬᠢᠭᠠᠳ ᠳᠠᠳᠠᠬᠤ ᠳᠤᠨᠢ ᠮᠦᠨ ᠠᠯᠬᠤᠵᠦ ᠭᠠᠷᠤᠩᠭᠤᠳᠠ ᠪᠠᠨ ᠵᠦᠷᠢᠵᠦ ᠳᠠᠳᠠᠭᠰᠠᠨ ᠳᠤ ᠨᠠᠶᠢᠳᠠᠨ ᠤ ᠰᠢᠷᠢᠨ ᠵᠤᠲᠤᠭ ᠤᠨ ᠬᠠᠨᠴᠤᠢ ᠶᠢ ᠳᠠᠰᠤᠳᠠᠵᠦ ᠬᠤᠴᠤᠷᠤᠭᠰᠠᠨ ᠪᠠᠶᠢᠪᠠ᠂ ᠨᠠᠶᠢᠳᠠᠨ ᠭᠡᠳᠡᠭ ᠬᠦᠮᠦᠨ ᠳᠤ ᠪᠠᠷᠤᠭ ᠤᠨ ᠬᠦᠮᠦᠨ ᠤ ᠵᠤᠳᠤᠭ ᠪᠠᠭᠠᠳᠠᠵᠦ᠂ ᠡᠯᠭᠦᠵᠦ ᠪᠠᠭᠳᠠᠬᠤ ᠦᠭᠡᠢ ᠪᠤᠯᠬᠤᠷ ᠲᠡᠷᠡ ᠵᠤᠲᠤᠭ ᠢᠶᠠᠨ ᠦᠳᠡᠵᠦ ᠳᠠᠬᠢᠵᠦ ᠪᠠᠷᠢᠯᠳᠤᠭᠠᠳ ᠬᠠᠰᠢᠷ ᠪᠦᠬᠡ ᠤᠴᠢᠷ ᠭᠧᠨᠳᠤᠨ ᠢ ᠭᠠᠨᠵᠤᠭᠠᠯᠠᠭ᠎ᠠ ᠡᠷᠳᠡᠮ ᠬᠢᠵᠦ ᠬᠠᠶᠠᠭᠠᠳ ᠲᠡᠷᠢᠭᠦᠯᠡᠭᠰᠡᠨ ᠶᠤᠮ᠃ ᠡᠨᠡ ᠪᠦᠬᠦᠨ ᠨᠢ ᠲᠡᠭᠦᠨ ᠳᠤ ᠠᠪᠤᠷᠭᠤ ᠨᠠᠶᠢᠳᠠᠨ ᠲᠠᠢ ᠠᠩᠬ᠎ᠠ ᠪᠠᠷᠢᠯᠳᠤᠭᠰᠠᠨ ᠰᠠᠶᠢᠬᠠᠨ ᠲᠤᠷᠠᠰᠤᠮᠵᠢ ᠪᠤᠯᠤᠭᠰᠠᠨ ᠮᠦᠷᠳᠡᠭᠡᠨ ᠪᠦᠬᠡ ᠶᠢᠨ ᠡᠷᠳᠡᠮ ᠤᠨ ᠳᠠᠯ᠎ᠠ ᠪᠠᠷ ᠡᠶᠢᠮᠦ ᠨᠢᠭᠡᠨ ᠳᠠᠰᠤᠷᠬᠠᠢ ᠪᠦᠬᠡ ᠲᠠᠢ ᠤᠴᠠᠷᠠᠵᠦ ᠬᠤᠶᠠᠷ ᠵᠦᠢᠯ ᠤᠨ ᠡᠷᠳᠡᠮ ᠬᠢᠯᠭᠡᠭᠰᠡᠨ ᠢᠶᠠᠨ ᠤᠮᠤᠭᠰᠢᠯ ᠪᠤᠯᠭᠠᠳᠠᠭ ᠪᠦᠭᠡᠳ ᠪᠠᠰᠠ ᠨᠢᠭᠡᠨ ᠬᠢᠴᠢᠶᠡᠯ ᠬᠦᠮᠦᠵᠢᠯ ᠤᠨ ᠶᠠᠪᠤᠴᠠ ᠪᠤᠯᠭᠠᠵᠠᠢ᠃ ᠡᠭᠦᠨ ᠢᠶᠠᠷ ᠳᠠᠮᠵᠢᠨ ᠲᠡᠭᠦᠨ ᠤ ᠤᠶᠤᠨ ᠰᠠᠨᠠᠭᠠᠨ ᠳᠤ ᠡᠷᠭᠢᠯᠳᠡ ᠭᠠᠷᠴᠤ᠂ ᠪᠦᠬᠡ ᠪᠠᠷᠢᠯᠳᠤᠬᠤ ᠳᠤ ᠵᠦᠪᠬᠡᠨ ᠬᠠᠷ᠎ᠠ ᠴᠢᠳᠠᠯ ᠬᠡᠷᠡᠭᠯᠡᠬᠦ ᠪᠢᠰᠢ᠂ ᠪᠦᠬᠡ ᠶᠢᠨ ᠡᠷᠳᠡᠮ ᠮᠡᠷᠭᠡᠵᠢᠯ ᠢ ᠴᠡᠭᠡᠵᠢᠯᠡᠨ ᠲᠤᠭᠳᠠᠭᠠᠵᠦ᠂ ᠪᠠᠷᠢᠯᠳᠤᠭᠠᠨ ᠤ ᠲᠤᠮᠳᠠ ᠪᠠᠨ ᠡᠷᠳᠡᠮ ᠬᠢᠬᠦ ᠪᠠ ᠡᠷᠳᠡᠮ ᠢ ᠤᠷᠪᠠᠭᠤᠯᠬᠤ ᠶᠢ ᠤᠯᠠᠨ ᠳᠠᠯ᠎ᠠ ᠪᠠᠷ ᠡᠵᠡᠮᠰᠢᠨ ᠬᠡᠷᠡᠭᠯᠡᠬᠦ ᠠᠯᠤᠰ ᠤᠨ ᠬᠦᠰᠡᠯᠡᠩ ᠲᠠᠢ ᠪᠤᠯᠵᠦ ᠬᠠᠳᠠᠭᠤᠵᠢᠭᠰᠠᠨ ᠶᠤᠮ᠂ ᠭᠧᠨᠳᠤᠨ ᠪᠤᠯ ᠰᠡᠳᠭᠢᠯ ᠴᠠᠶᠢᠯᠭᠠᠨ᠂ ᠬᠦᠩᠭᠡᠨ ᠱᠠᠯᠠᠮᠠᠭᠠᠢ ᠪᠠᠷᠢᠯᠳᠤᠭᠠᠨ ᠲᠠᠢ᠂ ᠪᠡᠶ᠎ᠡ ᠴᠢᠳᠠᠯ ᠲᠠᠢ ᠬᠦᠮᠦᠨ ᠠᠴᠠ ᠳᠡᠮᠡᠢ ᠲᠤᠳᠠᠬᠤ ᠦᠭᠡᠢ ᠪᠤᠯᠪᠠᠴᠤ ᠪᠠᠰᠠ ᠪᠤᠰᠤᠳ ᠠᠴᠠ ᠳᠠᠮᠠᠢ ᠠᠬᠠᠳᠠᠭᠠᠳ ᠪᠠᠶᠢᠬᠤ ᠦᠭᠡᠢ ᠪᠠᠷᠢᠯᠳᠤᠭᠠᠨ ᠤ ᠤᠨᠴᠠᠯᠢᠭ ᠲᠠᠢ ᠶᠤᠮ᠃                         ᠪᠠᠷᠢᠯᠳᠤᠭᠠᠨ ᠤ ᠦᠪᠡᠷᠮᠢᠴᠡ ᠡᠷᠳᠡᠮ      ᠮᠢ᠊  ᠭᠧᠨᠳᠤᠨ ᠤᠯᠠᠨ ᠪᠦᠬᠡ ᠶᠢᠨ ᠰᠤᠷᠢᠶ᠎ᠡ ᠪᠤᠯᠪᠠᠰᠤᠷᠠᠯ ᠪᠤᠯᠤᠨ ᠬᠤᠶᠠᠷ ᠵᠠᠭᠤ ᠭᠠᠷᠤᠢ ᠨᠠᠶᠢᠷ ᠲᠤ ᠪᠠᠷᠢᠯᠳᠤᠬᠤ ᠶᠠᠪᠤᠴᠠ ᠳᠠᠭᠠᠨ ᠦᠪᠡᠷ ᠤᠨ ᠭᠡᠬᠦ ᠦᠪᠡᠷᠮᠢᠴᠡ ᠤᠨᠴᠠᠯᠢᠭ ᠲᠠᠢ ᠡᠷᠳᠡᠮ ᠮᠡᠭᠡ ᠶᠢ ᠪᠤᠢ ᠪᠤᠯᠭᠠᠵᠦ᠂ ᠦᠵᠦᠮᠦᠴᠢᠨ ᠪᠦᠬᠡ ᠶᠢᠨ ᠡᠷᠳᠡᠮ ᠤᠨ ᠳᠠᠯᠠᠢ ᠳᠤ ᠲᠤᠰᠤᠯ ᠨᠡᠮᠡᠷᠢᠯᠠᠨ᠂ ᠤᠯᠠᠮ ᠪᠠᠶᠠᠯᠢᠭᠵᠢᠭᠤᠯᠤᠨ ᠳᠡᠭᠡᠵᠢᠯᠡᠭᠰᠡᠨ ᠪᠠᠶᠢᠭ᠎ᠠ ᠶᠤᠮ᠂ ᠳᠠᠳᠠᠭ᠎ᠠ ᠡᠷᠳᠡᠮ᠂ ᠬᠠᠶᠠᠭ᠎ᠠ ᠬᠦᠨᠳᠡᠷᠡᠭᠡ ᠡᠷᠳᠡᠮ᠂ ᠡᠯᠭᠦᠭᠡ ᠡᠷᠳᠡᠮ ᠢ ᠤᠷᠪᠠᠭᠤᠯᠬᠤ ᠵᠡᠷᠭᠡ ᠪᠤᠯ ᠲᠡᠭᠦᠨ ᠤ ︽ᠤᠩᠭᠤᠨ ᠡᠷᠳᠡᠮ︾ ᠪᠤᠯᠬᠤ ᠶᠤᠮ᠂ ᠲᠡᠷᠡ ᠶᠡᠷᠤᠨᠢ ᠬᠦᠮᠦᠨ ᠤ ᠬᠢᠭᠰᠡᠨ ᠡᠷᠳᠡᠮ ᠢ ᠬᠠᠷᠢᠭᠤᠯᠬᠤ ᠳᠠᠭᠠᠨ ᠭᠠᠷᠮᠠᠭᠠᠢ ᠪᠠᠶᠢᠳᠠᠭ᠃                       ᠨᠢᠭᠡ᠂ ᠳᠠᠳᠠᠭ᠎ᠠ ᠡᠷᠳᠡᠮ ᠪᠠ ᠬᠢᠬᠦ ᠶᠠᠪᠤᠴᠠ      ︵1︶᠂  ᠪᠠᠶ᠎ᠡ ᠴᠤᠭᠴᠠ ᠴᠢᠳᠠᠯ ᠬᠦᠴᠦᠨ ᠤ ᠳᠠᠯ᠎ᠠ ᠪᠠᠷ ᠦᠨᠳᠦᠷ ᠪᠤᠭᠤᠨᠢ ᠬᠦᠮᠦᠰ ᠪᠦᠷ ᠬᠢᠵᠦ ᠪᠤᠯᠬᠤ ᠪᠦᠭᠡᠳ ᠨᠢᠷᠤᠭᠤ ᠵᠦᠭᠡᠯᠡᠨ᠂ ᠬᠦᠳᠡᠯᠭᠡᠭᠡᠨ ᠲᠦᠷᠭᠡᠨ ᠮᠦᠷᠳᠡᠭᠡᠨ ᠲᠦᠷᠪᠡᠨ ᠮᠦᠴᠢ ᠳᠡᠭᠡᠨ ᠴᠢᠳᠠᠯ ᠲᠠᠢ ᠬᠦᠮᠦᠨ ᠳᠤ ᠲᠤᠬᠢᠷᠠᠨ᠎ᠠ᠂      ︵2︶᠂ ᠪᠠᠷᠢᠴᠠ ᠪᠠᠷᠢᠬᠤ ᠳᠤ᠂ ᠳᠠᠯᠤᠮᠵᠢᠯᠠᠵᠦ ᠪᠠᠷᠢᠬᠤ᠂ ᠬᠠᠳᠠᠵᠦ ︵ᠬᠠᠨᠴᠤᠢ ᠠᠴᠠ ᠨᠢ︶ ᠪᠠᠷᠢᠬᠤ᠂ ᠪᠦᠰᠡᠳᠡᠵᠦ ︵ᠨᠢᠭᠡ ᠭᠠᠷ ᠪᠦᠰᠡᠯᠡᠭᠡ ᠠᠴᠠ ᠪᠠᠷᠢᠵᠦ᠂ ᠨᠦᠭᠦᠭᠡ ᠭᠠᠷ ᠨᠢ ᠬᠠᠨᠴᠤᠢ ᠠᠴᠠ︶ ᠪᠠᠷᠢᠬᠤ᠂ ᠵᠦᠷᠢᠭᠦᠤ ᠳᠡᠪᠡᠷᠢᠵᠦ ᠪᠠᠷᠢᠬᠤ᠂ ᠦᠷᠦᠭᠡᠰᠦᠨ ︵ᠨᠢᠭᠡ ᠭᠠᠷ ᠢᠶᠠᠷ ᠪᠠᠷᠢᠬᠤ︶ ᠬᠠᠨᠴᠤᠢ ᠠᠴᠠ ᠪᠠᠷᠢᠬᠤ ᠵᠡᠷᠭᠡ ᠪᠠᠶᠢᠳᠠᠭ᠃      ︵3︶᠂  ᠬᠢᠬᠦ ᠡᠷᠳᠡᠮ᠄  ᠳᠠᠯᠤᠮᠵᠢᠯᠠᠵᠦ ᠪᠠᠷᠢᠪᠠᠯ ᠬᠠᠭᠤᠯᠠᠵᠦ ᠳᠠᠳᠠᠵᠦ ᠪᠤᠯᠤᠨ᠎ᠠ᠂ ᠪᠦᠰᠡᠳᠡᠵᠦ ᠪᠠᠷᠢᠪᠠᠯ ᠤᠷᠤᠨ ᠠᠴᠠ ᠪᠠᠨ ᠵᠠᠶᠢᠯᠠᠵᠦ ᠠᠯᠬᠤᠭᠠᠳ ᠤᠷᠤᠭᠰᠢ ᠳᠠᠳᠠᠵᠦ ᠪᠤᠯᠤᠨ᠎ᠠ᠂ ᠵᠦᠷᠢᠭᠦᠤ ᠳᠡᠪᠡᠷᠢᠪᠡᠯ ᠪᠠᠶ᠎ᠠ ᠪᠠᠨ ᠤᠬᠤᠷᠢᠨ ᠨᠢᠭᠡ ᠠᠯᠬᠤᠮ ᠵᠠᠶᠢᠯᠠᠵᠦ ᠳᠠᠳᠠᠵᠦ ᠪᠤᠯᠤᠨ᠎ᠠ᠂ ᠬᠠᠳᠠᠵᠦ ᠪᠠᠷᠢᠪᠠᠯ ᠬᠤᠶᠢᠰᠢ ᠤᠬᠤᠷᠢᠭᠰᠠᠨ ᠢᠶᠠᠨ ᠤᠷᠤᠭᠰᠢ ᠳᠠᠳᠠᠵᠦ ᠪᠤᠯᠤᠨ᠎ᠠ᠂ ᠦᠷᠦᠭᠡᠰᠦᠨ ᠬᠠᠨᠴᠤᠢ ᠠᠴᠠ ᠪᠠᠷᠢᠪᠠᠯ ᠨᠦᠭᠦᠭᠡ ᠭᠠᠷ ᠢᠶᠠᠷ ᠢᠶᠠᠨ ᠰᠤᠭᠤ ᠶᠢ ᠨᠢ ᠴᠤᠬᠢᠵᠦ᠂ ᠴᠤᠭᠢᠭᠰᠠᠨ ᠳᠠᠯ᠎ᠠ ᠪᠠᠷ ᠢᠶᠠᠨ ᠳᠠᠳᠠᠨ᠎ᠠ᠂ ᠡᠭᠦᠨ ᠢ ︽ᠡᠯᠢᠭᠡᠨ ᠳᠠᠳᠠᠭ᠎ᠠ︾ ᠭᠡᠳᠡᠭ᠃      ︵4︶᠂  ᠬᠠᠷᠢᠭᠤ ᠡᠷᠳᠡᠮ᠄  ᠳᠠᠭᠠᠵᠦ ᠠᠯᠬᠤᠭᠠᠳ ᠭᠠᠷᠤᠨ᠎ᠠ᠂      ︵5︶᠂  ᠳᠠᠪᠬᠤᠷ ᠡᠷᠳᠡᠮ᠄  ᠳᠠᠯᠤᠮᠵᠢᠯᠠᠵᠦ ᠬᠠᠭᠤᠯᠠᠭᠰᠠᠨ ᠢ ᠳᠠᠭᠠᠭᠠᠳ ᠭᠠᠷᠪᠠᠯ ᠴᠤᠬᠢᠵᠦ ᠪᠤᠯᠤᠨ᠎ᠠ  ᠃ ᠪᠦᠰᠡᠳᠡᠵᠦ ᠵᠠᠶᠢᠯᠠᠭᠰᠠᠨ ᠢ ᠳᠠᠭᠠᠭᠠᠳ ᠭᠠᠷᠪᠠᠯ ᠭᠢᠰᠭᠢᠵᠦ ᠪᠤᠯᠤᠨ᠎ᠠ᠂ ᠪᠠᠰᠠ ᠨᠦᠮᠦᠷᠢᠵᠦ ᠳᠠᠷᠤᠵᠦ ᠪᠤᠯᠤᠨ᠎ᠠ᠃ ᠵᠦᠷᠢᠭᠦᠤ ᠳᠡᠪᠡᠷᠢᠭᠡᠳ ᠤᠷᠤᠭᠰᠢ ᠳᠠᠳᠠᠭᠰᠠᠨ ᠢ ᠳᠠᠭᠠᠭᠠᠳ ᠭᠠᠷᠪᠠᠯ ᠨᠦᠮᠦᠷᠢᠵᠦ ᠬᠢᠰᠬᠢᠵᠦ ᠪᠤᠯᠤᠨ᠎ᠠ᠂ ᠪᠠᠰᠠ ᠰᠤᠯᠢᠵᠦ ᠬᠦᠨᠳᠡᠷᠴᠤ ᠪᠤᠯᠤᠨ᠎ᠠ᠃ ᠬᠠᠳᠠᠵᠦ ᠳᠠᠳᠠᠭᠰᠠᠨ ᠢ ᠳᠠᠭᠠᠭᠠᠳ ᠭᠠᠷᠪᠠᠯ ᠤᠷᠤᠭᠰᠢ ᠠᠯᠬᠤᠭᠠᠳ ᠭᠠᠨᠵᠤᠭᠠᠯᠠᠵᠦ ᠪᠤᠯᠤᠨ᠎ᠠ᠃ ᠡᠯᠢᠭᠡᠨ ᠳᠠᠳᠠᠭ᠎ᠠ ᠶᠢ ᠳᠠᠭᠠᠭᠠᠳ ᠭᠠᠷᠪᠠᠯ ᠭᠢᠰᠬᠢᠵᠦ ᠪᠤᠯᠤᠨ᠎ᠠ᠂ ᠳᠡᠭᠡᠭᠡᠯᠡᠵᠦ ᠪᠤᠯᠤᠨ᠎ᠠ  ᠃                        ᠵᠢᠱᠢᠶ᠎ᠡ ᠨᠢ᠄      ︵1︶᠂ 1976 ᠤᠨ ᠳᠤ ᠠᠪᠠᠭ᠎ᠠ ᠬᠤᠰᠢᠭ᠋ᠨ ᠤ ᠵᠢᠷᠭᠠᠯᠠᠩᠳᠦ ᠨᠢᠭᠡᠳᠦᠯ ᠤᠨ ᠨᠠᠶᠢᠷ ᠲᠤ ᠲᠤᠰ ᠨᠤᠲᠤᠭ ᠤᠨ ᠵᠠᠩᠭᠢᠶᠠᠳᠦ ᠪᠦᠬᠡ ᠸᠠᠩᠴᠢᠨᠰᠡᠷᠡᠩ ᠢ ᠮᠢ᠊ ᠭᠧᠨᠳᠤᠨ ᠲᠠᠢ ᠲᠠᠭᠠᠷᠠᠭᠤᠯᠤᠭᠰᠠᠨ ᠪᠠᠶᠢᠵᠠᠢ᠂ ᠸᠠᠩᠴᠢᠨᠰᠡᠷᠡᠩ ᠢᠶᠠᠷ ᠭᠧᠨᠳᠤᠨ ᠢ ᠪᠠᠷᠢᠵᠦ ᠠᠪᠤᠭᠠᠳ ᠭᠢᠰᠭᠢᠬᠦ ᠳᠤ ᠭᠧᠨᠳᠤᠨ ᠭᠤᠸᠠᠢ ᠬᠦᠯ ᠢᠶᠠᠨ ᠱᠠᠯᠠᠮᠠᠭᠠᠢ ᠰᠤᠭᠤᠯᠤᠭᠰᠠᠨ ᠢᠶᠠᠨ ᠰᠢᠷᠦᠭᠦᠨ ᠳᠠᠳᠠᠵᠦ ᠲᠡᠭᠦᠨ ᠢ ᠬᠠᠶᠠᠭᠰᠠᠨ ᠶᠤᠮ᠂ ᠢᠩᠭᠢᠵᠦ ᠬᠠᠮᠤᠭ ᠠᠩᠬᠠᠨ ᠤ ᠨᠠᠶᠢᠷ ᠤᠨ ᠲᠡᠷᠢᠭᠦᠨ ᠱᠠᠩ ᠲᠤᠰᠴᠤ ᠲᠡᠷᠢᠭᠦᠯᠡᠭᠰᠡᠨ ᠪᠠᠶᠢᠳᠠᠭ᠂ ᠡᠭᠦᠨ ᠢ ︽ᠬᠢᠰᠭᠢᠭᠡ ᠰᠤᠭᠤᠯᠬᠤ ᠡᠷᠳᠡᠮ︾ ᠭᠡᠳᠡᠭ ᠶᠤᠮ᠃      ︵2︶᠂ 1977 ᠤᠨ ᠳᠤ ᠵᠡᠭᠦᠨ ᠦᠵᠦᠮᠦᠴᠢᠨ ᠬᠤᠰᠢᠭᠤᠨ ᠤ ᠠᠯᠳᠠᠨᠬᠢᠯᠢ ᠨᠢᠭᠡᠳᠦᠯ ᠭᠤᠷᠪᠠᠳᠤᠭᠠᠷ ᠤᠳᠠᠭᠠᠨ ᠤ ᠠᠷᠠᠳ ᠤᠨ ᠨᠠᠶᠢᠷ ᠢᠶᠠᠨ ᠬᠢᠬᠦ ᠳᠤ ᠬᠦᠭᠡᠷᠴᠡᠭ ᠰᠠᠭᠠᠮᠠᠢ ᠪᠠᠷ ᠨᠤᠲᠤᠭ ᠲᠠᠢ ᠨᠡᠷᠡᠳᠦ ᠪᠦᠬᠡ ᠦᠨᠳᠦᠷ ᠨᠠᠳᠮᠢᠳ ᠠᠷᠪᠠᠨ ᠵᠢᠷᠭᠤᠭ᠎ᠠ ᠳᠤ ᠮᠢ᠊ ᠭᠧᠨᠳᠤᠨ ᠲᠠᠢ ᠲᠠᠭᠠᠷᠠᠬᠤ ᠳᠤ᠂ ᠬᠤᠶᠠᠭᠤᠯᠠ ᠪᠠᠨ ᠵᠦᠷᠢᠭᠦᠤ ᠲᠡᠪᠡᠷᠢᠯᠳᠦᠭᠰᠡᠨ ᠢᠶᠠᠨ ᠨᠠᠳᠮᠢᠳ ᠪᠠᠶ᠎ᠡ ᠦᠨᠳᠦᠷ ᠬᠦᠮᠦᠨ ᠭᠧᠨᠳᠤᠨ ᠢ ᠭᠢᠰᠭᠢᠬᠦ ᠳᠤ ᠲᠡᠷᠡ ᠬᠦᠯ ᠢᠶᠠᠨ ᠰᠤᠭᠤᠯᠤᠮᠠᠭᠴᠠ ᠪᠠᠨ ᠨᠦᠢᠯᠡᠵᠦ ᠳᠠᠳᠠᠭᠠᠳ ᠬᠠᠶᠠᠭᠰᠠᠨ ᠶᠤᠮ᠂ ᠡᠭᠦᠨ ᠢ ᠦᠵᠦᠮᠦᠴᠢᠨ ᠠᠯᠳᠠᠷᠳᠦ ᠪᠦᠬᠡ ᠭᠤᠸᠠ ᠱᠢᠷᠤᠪ ᠤᠨ ︽ᠨᠦᠢᠯᠡᠭᠡ ᠳᠠᠳᠠᠭ᠎ᠠ︾ ᠴᠤ ᠭᠡᠳᠡᠭ᠃                        ᠬᠤᠶᠠᠷ᠂ ᠬᠠᠶᠠᠭ᠎ᠠ ᠬᠦᠨᠳᠡᠷᠡᠭᠡ ᠡᠷᠳᠡᠮ ᠪᠠ ᠬᠢᠬᠦ ᠶᠠᠪᠤᠴᠠ      ︵1︶᠂ ᠪᠡᠶ᠎ᠡ ᠴᠤᠭᠴᠠ ᠬᠦᠴᠦᠨ ᠴᠢᠳᠠᠯ ᠤᠨ ᠬᠤᠪᠢ ᠳᠤ᠂ ᠬᠦᠨᠳᠦ ᠬᠦᠩᠭᠡᠨ ᠦᠨᠳᠦᠷ ᠪᠤᠭᠤᠨᠢ ᠬᠦᠮᠦᠰ ᠪᠦᠷ ᠪᠤᠯᠬᠤ ᠪᠦᠭᠡᠳ ᠬᠦᠳᠡᠯᠭᠡᠭᠡᠨ ᠱᠠᠯᠠᠮᠠᠭᠠᠢ᠂ ᠪᠡᠶ᠎ᠡ ᠶᠢᠨ ᠦᠶ᠎ᠡ ᠵᠦᠭᠡᠯᠡᠨ ᠤᠷᠪᠠᠴᠢᠬᠠᠨ᠂ ᠭᠠᠷ ᠤᠨ ᠬᠦᠴᠦ ᠪᠠ ᠳᠠᠰᠢᠶᠠᠨ ᠲᠤᠯᠤᠭᠠᠢ ᠳᠠᠭᠠᠨ ᠬᠦᠴᠦ ᠲᠠᠢ ᠬᠦᠮᠦᠰ ᠲᠤ ᠲᠤᠬᠢᠷᠠᠨ᠎ᠠ᠂      ︵2︶  ᠪᠡᠷᠢᠴᠠ ᠪᠠᠷᠢᠬᠤ᠄  ᠰᠤᠭᠤ ᠡᠯᠭᠦᠵᠦ ᠪᠠᠷᠢᠬᠤ᠂ ᠬᠦᠵᠦᠭᠦᠳᠡᠵᠦ ᠪᠠᠷᠢᠬᠤ᠂ ᠵᠠᠭᠠᠮᠳᠠᠵᠦ ᠪᠠᠷᠢᠬᠤ ᠵᠡᠷᠭᠡ ᠪᠠᠶᠢᠳᠠᠭ᠂ ᠰᠤᠭᠤᠳᠠᠵᠦ ᠪᠠᠷᠢᠬᠤ ᠭᠡᠳᠡᠭ ᠨᠢ ᠨᠢᠭᠡ ᠭᠠᠷ ᠰᠤᠭᠤ ᠡᠯᠭᠦᠵᠦ᠂ ᠨᠦᠭᠦᠭᠡ ᠭᠠᠷ ᠨᠢ ᠬᠠᠨᠴᠤᠢ ᠶᠢᠨ ᠦᠵᠦᠭᠦᠷ ᠪᠠᠷᠢᠬᠤ᠂ ᠬᠦᠵᠦᠭᠦᠳᠡᠵᠦ ᠪᠠᠷᠢᠬᠤ ᠭᠡᠳᠡᠭ ᠨᠢ ᠨᠦᠭᠦᠭᠡ ᠡᠳᠡᠭᠡᠳ ᠤᠨ ᠬᠦᠵᠦᠭᠦᠤ ᠶᠢ ᠨᠢᠭᠡ ᠭᠠᠷ ᠢᠶᠠᠷ ᠪᠠᠷᠢᠵᠦ᠂ ᠨᠦᠭᠦᠭᠡ ᠭᠠᠷ ᠢᠶᠠᠷ ᠢᠶᠠᠨ ᠬᠠᠨᠴᠤᠢ ᠠᠴᠠ ᠪᠤᠶᠤ ᠰᠡᠨᠴᠢᠭᠯᠡᠵᠦ ᠪᠠᠷᠢᠬᠤ᠂ ᠵᠠᠭᠠᠮᠳᠠᠵᠦ ᠪᠠᠷᠢᠬᠤ ᠭᠡᠳᠡᠭ ᠨᠢ ᠨᠢᠭᠡ ᠭᠠᠷ ᠢᠶᠠᠷ ᠵᠤᠲᠤᠭ ᠤᠨ ᠵᠠᠭᠠᠮ᠎ᠠ ᠠᠴᠠ ᠢᠷᠠᠵᠦ ᠪᠠᠷᠢᠬᠤ᠂ ᠨᠦᠭᠦᠭᠡ ᠭᠠᠷ ᠢᠶᠠᠷ ᠢᠶᠠᠨ ᠬᠠᠨᠴᠤᠢ ᠶᠢᠨ ᠦᠵᠦᠭᠦᠷ ᠠᠴᠠ ᠪᠠᠷᠢᠬᠤ ᠵᠡᠷᠭᠡ ᠪᠤᠯᠤᠨ᠎ᠠ᠃      ︵3︶  ᠬᠢᠬᠦ ᠡᠷᠳᠡᠮ᠄ ᠬᠠᠶᠠᠭ᠎ᠠ ᠬᠦᠨᠳᠡᠷᠡᠭᠡ ᠪᠤᠯᠤᠨ᠎ᠠ᠂ ᠲᠤᠰ ᠡᠷᠳᠡᠮ ᠢ ᠬᠢᠬᠦ ᠳᠤ ᠰᠤᠭᠤᠳᠠᠵᠦ ᠠᠪᠤᠪᠠᠯ ᠨᠢᠭᠡ ᠬᠦᠯ ᠢᠶᠠᠨ ᠬᠤᠶᠢᠰᠢ ᠠᠯᠬᠤᠵᠦ᠂ ᠨᠦᠭᠦᠭᠡ ᠬᠦᠯ ᠢᠶᠠᠨ ᠠᠯᠬᠤᠮᠠᠭᠴᠠ ᠡᠰᠡᠷᠭᠦ ᠡᠳᠡᠭᠡᠳ ᠢᠶᠠᠨ ᠠᠷᠤ ᠵᠦᠭ  ᠨᠢ ᠳᠠᠳᠠᠭᠰᠠᠨ ᠢᠶᠠᠨ ᠴᠡᠭᠡᠵᠢ ᠪᠠᠨ ᠡᠷᠭᠢᠭᠡᠳ ᠬᠦᠨᠳᠡᠷᠡᠨ᠎ᠡ᠂ ᠬᠦᠵᠦᠭᠦᠳᠡᠵᠦ ᠠᠪᠤᠪᠠᠯ ᠬᠤᠶᠢᠰᠢ ᠨᠢᠭᠡ ᠠᠯᠬᠤᠮ ᠤᠬᠤᠷᠢᠵᠦ᠂ ᠨᠦᠭᠦᠭᠡ ᠬᠦᠯ ᠢᠶᠠᠨ ᠤᠷᠤᠭᠰᠢ ᠠᠯᠬᠤᠭᠰᠠᠨ ᠢᠶᠠᠨ ᠡᠰᠡᠷᠭᠦ ᠡᠳᠡᠭᠡᠳ ᠢᠶᠠᠨ ᠠᠷᠤ ᠵᠦᠭ ᠨᠢ ᠳᠠᠳᠠᠵᠦ ᠴᠡᠭᠡᠵᠢ ᠪᠠᠨ ᠡᠷᠭᠢᠭᠡᠳ ᠬᠦᠨᠳᠡᠷᠡᠨ᠎ᠡ᠂ ᠵᠠᠭᠠᠮᠳᠠᠵᠦ ᠠᠪᠤᠭᠠᠳ ᠬᠦᠨᠳᠡᠷᠡᠬᠦ ᠨᠢ ᠮᠦᠨ ᠰᠤᠭᠤ ᠡᠯᠭᠦᠬᠦ ᠬᠦᠨᠳᠡᠷᠡᠭᠡ  ᠲᠠᠢ ᠠᠳᠠᠯᠢ ᠬᠦᠳᠡᠯᠭᠡᠭᠡᠨ ᠢᠶᠠᠷ ᠶᠠᠪᠤᠭᠳᠠᠳᠠᠭ ᠶᠤᠮ᠂      ︵4︶  ᠬᠠᠷᠢᠭᠤ ᠡᠷᠳᠡᠮ᠄ ᠬᠦᠨᠳᠡᠷᠡᠭᠦ ᠦᠶ᠎ᠡ ᠰᠦᠪᠡᠭᠡ ᠶᠢ ᠨᠢ ᠲᠤᠯᠵᠦ ᠤᠷᠤᠭᠰᠢ ᠠᠯᠬᠤᠵᠦ ᠭᠠᠷᠴᠤ ᠪᠤᠯᠤᠨ᠎ᠠ᠃                          ᠵᠢᠱᠢᠶ᠎ᠡ᠄      1977 ᠤᠨ ᠳᠤ ᠪᠤᠯᠤᠭᠰᠠᠨ ᠠᠯᠳᠠᠨᠬᠢᠯᠢ ᠨᠢᠭᠡᠳᠦᠯ ᠤᠨ ᠨᠠᠶᠢᠷ ᠲᠤ ᠲᠡᠷᠢᠭᠦᠨ ᠳᠡᠳ᠋ ᠳᠤ ᠠᠯᠳᠠᠨᠬᠢᠯᠢ ᠪᠠᠷᠢᠭᠠᠳᠠ ᠶᠢᠨ ᠨᠡᠷᠡᠳᠦ ᠪᠦᠬᠡ ᠰᠦᠩᠷᠦᠪ ᠲᠠᠢ ᠳᠠᠭᠠᠷᠠᠵᠦ ᠪᠠᠷᠢᠯᠳᠤᠬᠤ ᠳᠠᠭᠠᠨ ᠭᠧᠨᠳᠤᠨ ᠭᠤᠸᠠᠢ ᠰᠤᠭᠤ ᠶᠢ ᠨᠢ ᠡᠯᠭᠦᠵᠦ᠂ ︽ᠬᠠᠶᠠᠭ᠎ᠠ ᠬᠦᠨᠳᠡᠷᠡᠭᠡ ᠡᠷᠳᠡᠮ︾ ᠢᠶᠠᠨ ᠬᠢᠵᠦ ᠬᠠᠶᠠᠭᠠᠳ ᠲᠡᠷᠢᠭᠦᠯᠡᠭᠰᠡᠨ ᠪᠠᠶᠢᠭ᠎ᠠ ᠶᠤᠮ᠃                         ᠭᠤᠷᠪᠠ᠂ ᠡᠯᠭᠦᠭᠡ ᠡᠷᠳᠡᠮ ᠪᠠ ᠬᠢᠬᠦ ᠶᠠᠪᠤᠴᠠ      ᠡᠯᠭᠦᠭᠡ ᠡᠷᠳᠡᠮ ᠪᠤᠯ ᠬᠤᠶᠠᠷ ᠬᠢᠴᠡ ᠲᠠᠢ ᠪᠠᠶᠢᠳᠠᠭ᠂ ᠭᠠᠳᠠᠷ ᠡᠯᠭᠦᠭᠡ ᠪᠤᠶᠤ ᠲᠤᠳᠤᠷ ᠡᠯᠭᠦᠭᠡ ᠭᠡᠵᠦ ᠢᠯᠭᠠᠬᠤ ᠪᠦᠭᠡᠳ ᠲᠤᠲᠤᠷ ᠡᠯᠭᠦᠭᠡ ᠶᠢ ᠰᠡᠭᠡᠷ ᠡᠯᠭᠦᠭᠡ ᠭᠡᠬᠦ ᠪᠤᠶᠤ ᠫᠠᠰᠠ ᠴᠤ ᠭᠡᠳᠡᠭ ᠶᠤᠮ᠃      ︵1︶  ᠪᠡᠶ᠎ᠡ ᠴᠢᠳᠠᠯ ᠤᠨ ᠬᠤᠪᠢ ᠳᠤ᠂ ᠰᠤᠯᠠ ᠴᠤᠭᠴᠠ ᠲᠠᠢ᠂ ᠬᠤᠶᠠᠷ ᠭᠠᠷ ᠪᠤᠶᠤ ᠳᠠᠰᠢᠶᠠᠨ ᠲᠤᠯᠤᠭᠠᠢ ᠳᠠᠭᠠᠨ ᠴᠢᠳᠠᠯ ᠬᠦᠴᠦ ᠲᠠᠢ ᠬᠦᠮᠦᠨ ᠳᠤ ᠲᠤᠬᠢᠷᠠᠨ᠎ᠠ᠂      ︵2︶  ᠪᠠᠷᠢᠴᠠ ᠪᠠᠷᠢᠬᠤ᠄ ᠬᠠᠨᠴᠤᠢ ᠶᠢᠨ ᠦᠵᠦᠭᠦᠷ ᠠᠴᠠ ᠪᠠᠷᠢᠬᠤ᠂ ᠵᠠᠭᠠᠮᠳᠠᠵᠦ ᠪᠠᠷᠢᠬᠤ ᠵᠡᠷᠭᠡ ᠪᠠᠶᠢᠳᠠᠭ᠂ ᠬᠠᠨᠴᠤᠶᠢᠳᠠᠬᠤ ᠭᠡᠳᠡᠭ ᠨᠢ ᠨᠢᠭᠡ ᠭᠠᠷ ᠢᠶᠠᠷ ᠢᠶᠠᠨ ᠬᠠᠨᠴᠤᠢ ᠠᠴᠠ ᠨᠢ ᠪᠠᠷᠢᠵᠦ᠂ ᠨᠦᠭᠦᠭᠡ ᠭᠠᠷ ᠢᠶᠠᠷ ᠢᠶᠠᠨ ᠳᠠᠯᠠᠮᠵᠢᠯᠠᠵᠦ ᠢᠷᠠᠵᠦ ᠪᠠᠷᠢᠳᠠᠭ᠂ ᠵᠠᠭᠠᠮᠳᠠᠵᠦ ᠪᠠᠷᠢᠬᠤ ᠭᠡᠳᠡᠭ ᠨᠢ ᠨᠢᠭᠡ ᠭᠠᠷ ᠢᠶᠠᠨ ᠵᠠᠭᠠᠮ᠎ᠠ ᠠᠴᠠ ᠨᠢ ᠳᠠᠯᠠᠮᠵᠢᠯᠠᠵᠦ ᠪᠠᠷᠢᠨ ᠨᠦᠭᠦᠭᠡ ᠭᠠᠷ ᠢᠶᠠᠷ ᠢᠶᠠᠨ ᠬᠠᠨᠴᠤᠢ ᠶᠢᠨ ᠦᠵᠦᠭᠦᠷ ᠢ ᠪᠠᠷᠢᠳᠠᠭ ᠶᠤᠮ᠂      ︵3︶  ᠡᠷᠳᠡᠮ ᠬᠢᠬᠦ᠄ ᠬᠠᠨᠴᠤᠶᠢᠳᠠᠵᠦ ᠪᠠᠷᠢᠪᠠᠯ ᠡᠯᠢᠭᠡᠯᠡᠵᠦ ᠴᠤᠬᠢᠨ᠎ᠠ᠂ ᠡᠯᠢᠭᠡᠯᠡᠵᠦ ᠴᠤᠬᠢᠬᠤ ᠳᠠᠭᠠᠨ ᠴᠡᠭᠡᠵᠢ ᠪᠠᠨ ᠡᠷᠭᠢᠭᠰᠡᠨ ᠢᠶᠠᠨ ᠬᠦᠯ ᠢᠶᠠᠨ ᠤᠬᠤᠷᠢᠨ ᠵᠠᠶᠢᠯᠠᠵᠦ ᠡᠯᠭᠦᠭᠡ ᠡᠷᠳᠡᠮ ᠢᠶᠠᠨ ᠬᠢᠳᠡᠭ᠂ ᠵᠠᠭᠠᠮᠳᠠᠵᠦ ᠪᠠᠷᠢᠪᠠᠯ ᠢᠷᠠᠵᠦ ᠴᠤᠬᠢᠳᠠᠭ᠂ ᠢᠷᠠᠵᠦ ᠴᠤᠬᠢᠬᠤ ᠳᠠᠭᠠᠨ ᠡᠰᠡᠷᠭᠦ ᠡᠳᠡᠭᠡᠳ ᠢᠶᠠᠨ ᠤᠷᠤᠭᠰᠢ ᠠᠯᠬᠤᠭᠠᠳ ᠦᠰᠦᠭᠡᠢ ᠠᠴᠠ ᠨᠢ ᠴᠤᠬᠢᠵᠦ ᠡᠯᠭᠦᠭᠡ ᠡᠷᠳᠡᠮ ᠢᠶᠠᠨ ᠬᠢᠳᠡᠭ ᠶᠤᠮ᠂      ︵4︶᠂  ᠬᠠᠷᠢᠭᠤ ᠡᠷᠳᠡᠮ᠄ ᠡᠷᠳᠡᠮ ᠬᠢᠭᠳᠡᠭᠰᠡᠨ ᠬᠦᠯ ᠢᠶᠠᠨ ᠡᠷᠭᠦᠵᠦ ᠦᠭᠭᠦᠭᠡᠳ ᠬᠤᠷᠳᠤᠨ ᠬᠦᠳᠡᠯᠭᠡᠭᠡᠨ ᠤ ᠳᠠᠳᠠᠭ᠎ᠠ ᠬᠢᠵᠦ ᠶᠡᠭᠦᠯᠡᠳᠡᠭ᠂      ︵5︶᠂  ᠳᠠᠪᠬᠤᠷ ᠡᠷᠳᠡᠮ᠄ ᠳᠠᠳᠠᠭ᠎ᠠ ᠡᠷᠳᠡᠮ ᠬᠢᠨ᠎ᠠ᠃                            ᠵᠢᠱᠢᠶ᠎ᠡ᠄      ︵1︶᠂ 1982 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ 1024 ᠪᠦᠬᠡ ᠲᠠᠢ ᠶᠡᠭᠡ ᠨᠠᠶᠢᠷ ᠲᠤ ᠭᠤᠴᠢᠨ ᠬᠤᠶᠠᠷ ᠨᠤᠭᠤᠯᠠᠭᠠᠨ ᠳᠤ ᠬᠦᠯᠦᠨ ᠪᠤᠶᠢᠷ ᠠᠶᠢᠮᠠᠭ ᠤᠨ ᠠᠯᠳᠠᠷᠳᠦ ᠪᠦᠬᠡ ᠲᠦᠷᠦ ᠲᠠᠢ ᠳᠠᠭᠠᠷᠠᠪᠠ᠂ ᠲᠦᠷᠦ ᠪᠤᠯ ᠭᠤᠷᠪᠠᠨ ᠵᠠᠭᠤ ᠭᠠᠷᠤᠢ ᠵᠢᠩ ᠤᠨ ᠬᠦᠨᠳᠦ ᠴᠤᠭᠴᠠ ᠲᠠᠢ ᠲᠤᠮᠤ ᠲᠠᠷᠭᠤᠨ ᠬᠦᠮᠦᠨ ᠪᠠᠶᠢᠯ᠎ᠠ᠂ ᠭᠧᠨᠳᠤᠨ ᠬᠠᠨᠴᠤᠢ ᠠᠴᠠ ᠨᠢ ᠪᠠᠷᠢᠵᠦ ᠠᠪᠤᠭᠠᠳ ᠤᠷᠤᠭᠰᠢ ᠳᠠᠳᠠᠭᠰᠠᠨ ᠢᠶᠠᠨ ᠦᠰᠦᠭᠡᠢ ᠠᠴᠠ ᠨᠢ ᠡᠯᠭᠦᠵᠦ ᠬᠠᠶᠠᠭᠰᠠᠨ ᠶᠤᠮ᠂ ᠡᠭᠦᠨ ᠢ ︽ᠦᠰᠦᠭᠡᠢ ᠡᠯᠭᠦᠭᠡ ᠡᠷᠳᠡᠮ︾ ᠭᠡᠳᠡᠭ᠃      ︵2︶᠂ 1977 ᠤᠨ ᠳᠤ ᠠᠪᠠᠭᠠᠨᠠᠷ ᠤᠨ ᠪᠠᠶᠠᠨᠪᠤᠯᠠᠭ ᠨᠢᠭᠡᠳᠦᠯ ᠤᠨ 512 ᠪᠦᠬᠡ ᠲᠠᠢ ᠶᠡᠭᠡ ᠨᠠᠶᠢᠷ ᠤᠨ ᠳᠡᠭᠡᠷ᠎ᠡ ᠲᠦᠷᠪᠡ ᠶᠢᠨ ᠨᠤᠭᠤᠯᠠᠭᠠᠨ ᠳᠤ ᠮᠢ᠊  ᠭᠧᠨᠳᠤᠨ ᠢᠶᠠᠷ ᠰᠢᠯᠤᠭᠤᠨ ᠴᠠᠭᠠᠨ ᠬᠤᠰᠢᠭᠤᠨ ᠤ ᠨᠡᠷᠡᠳᠦ ᠪᠦᠬᠡ ᠠᠶᠤᠷᠰᠠᠳ ᠲᠠᠢ ᠳᠠᠭᠠᠷᠠᠬᠤ ᠳᠤ᠂ ᠠᠶᠤᠷᠰᠠᠳ ᠭᠠᠳᠠᠷ ᠡᠯᠭᠦᠭᠡ ᠡᠷᠳᠡᠮ ᠬᠢᠬᠦ ᠳᠤ ᠭᠧᠨᠳᠤᠨ ᠡᠯᠭᠦᠭᠳᠡᠭᠰᠡᠨ ᠬᠦᠯ ᠢᠶᠠᠨ ᠤᠯᠠᠮ ᠳᠡᠭᠡᠭᠰᠢ ᠡᠷᠭᠦᠮᠡᠭᠴᠡ ᠪᠠᠨ ᠡᠷᠭᠦᠭᠰᠡᠨ ᠳᠠᠯ᠎ᠠ ᠵᠦᠭ ᠢᠶᠠᠨ ᠳᠠᠳᠠᠭᠠᠳ ᠬᠠᠶᠠᠭᠰᠠᠨ ᠶᠤᠮ᠂ ᠡᠭᠦᠨ ᠢ ︿ᠡᠯᠭᠦᠭᠡ ᠬᠠᠷᠢᠭᠤᠯᠬᠤ  ﹀ ᠡᠷᠳᠡᠮ ᠭᠡᠳᠡᠭ ᠶᠤᠮ᠃                           ᠲᠦᠷᠪᠡ᠂ ᠤᠳᠬᠤᠭ᠎ᠠ ᠡᠷᠳᠡᠮ ᠪᠠ ᠬᠢᠬᠦ ᠶᠠᠪᠤᠴᠠ      ᠤᠳᠬᠤᠭ᠎ᠠ ᠡᠷᠳᠡᠮ ᠢ ᠦᠵᠦᠮᠦᠴᠢᠨ ᠪᠦᠬᠡᠴᠤᠳ ᠦᠷᠭᠡᠨ ᠪᠦᠭᠡᠳ ᠳᠠᠳᠮᠠᠭᠠᠢ ᠬᠡᠷᠡᠭᠯᠡᠳᠡᠭ ᠪᠦᠬᠡ ᠶᠢᠨ ᠡᠷᠳᠡᠮ ᠤᠨ ᠭᠤᠤᠯ ᠬᠢᠴᠡ ᠪᠤᠯᠬᠤ ᠶᠤᠮ᠂ ᠮᠦᠨᠴᠦ ᠤᠯᠠᠨ ᠵᠦᠢᠯ ᠢᠶᠠᠷ ᠤᠯᠠᠷᠢᠭᠤᠯᠤᠨ ᠬᠡᠷᠡᠭᠯᠡᠵᠦ ᠪᠤᠯᠳᠠᠭ᠃      ︵1︶  ᠂ ᠭᠤᠤᠯᠳᠠᠭᠤ ᠪᠡᠶ᠎ᠡ ᠳᠡᠭᠡᠨ ᠳᠠᠩᠴᠡᠭᠦᠤ ᠬᠦᠴᠦᠳᠠᠢ᠂ ᠬᠤᠷᠳᠤᠨ ᠱᠠᠯᠠᠮᠠᠭᠠᠢ ᠬᠦᠳᠡᠯᠭᠡᠭᠡᠨ ᠲᠠᠢ ᠶᠠᠮᠠᠷ ᠴᠤ ᠬᠦᠮᠦᠨ ᠳᠤ ᠲᠤᠬᠢᠷᠠᠳᠠᠭ᠂      ︵2︶᠂ ᠪᠠᠷᠢᠴᠠ ᠪᠠᠷᠢᠬᠤ᠄ ᠬᠠᠳᠠᠵᠦ ︵ᠬᠠ ᠠᠴᠠ︶ ᠪᠠᠷᠢᠬᠤ᠂ ᠪᠦᠰᠡᠳᠡᠵᠦ ᠪᠠᠷᠢᠬᠤ᠂ ᠬᠦᠵᠦᠭᠦᠪᠴᠢᠯᠡᠵᠦ ᠪᠠᠷᠢᠬᠤ᠂ ᠭᠠᠷ ᠳᠡᠪᠡᠷᠢᠵᠦ ᠪᠠᠷᠢᠬᠤ᠂ ᠳᠠᠯᠠᠪᠴᠢᠯᠠᠵᠦ ᠪᠠᠷᠢᠬᠤ᠂ ᠰᠤᠭᠤᠪᠴᠢᠯᠠᠵᠦ ᠪᠠᠷᠢᠬᠤ᠂ ᠵᠦᠷᠢᠭᠦᠤ ᠳᠡᠪᠡᠷᠢᠵᠦ ᠪᠠᠷᠢᠬᠤ᠂ ᠵᠠᠭᠠᠮᠳᠠᠵᠦ ᠪᠠᠷᠢᠬᠤ᠂ ᠳᠠᠯ᠎ᠠ ᠪᠤᠯᠢᠶᠠᠵᠦ ᠪᠠᠷᠢᠬᠤ ᠵᠡᠷᠭᠡ ᠪᠠᠶᠢᠳᠠᠭ᠂      ︵3︶᠂ ᠡᠷᠳᠡᠮ ᠬᠢᠬᠦ᠄ ᠬᠠᠳᠠᠵᠦ ᠪᠠᠷᠢᠪᠠᠯ ᠳᠡᠭᠡᠭᠰᠢ ᠡᠷᠭᠦᠵᠦ᠂ ᠰᠠᠭᠤᠬᠤ ᠬᠦᠴᠦᠨ ᠳᠤᠨᠢ ᠳᠠᠷᠤᠵᠦ ᠤᠳᠬᠤᠬᠤ᠂ ᠪᠦᠰᠡᠳᠡᠵᠦ ᠪᠠᠷᠢᠪᠠᠯ ᠭᠠᠷ ᠢ ᠨᠢ ᠠᠯᠳᠠᠭᠤᠯᠤᠨ ᠳᠠᠳᠠᠵᠦ ᠪᠤᠴᠠᠭᠤᠯᠤᠨ ᠤᠳᠬᠤᠬᠤ᠂ ᠬᠦᠵᠦᠭᠦᠪᠴᠢᠯᠡᠵᠦ ᠪᠠᠷᠢᠪᠠᠯ ᠳᠠᠳᠠᠵᠦ ᠪᠠᠶᠢᠭᠠᠳ ᠲᠦᠯᠬᠢᠬᠦ ᠳᠠᠰᠢᠷᠠᠮ ᠳᠤ ᠤᠳᠬᠤᠬᠤ᠂ ᠭᠠᠷ ᠳᠡᠪᠡᠷᠢᠵᠦ ᠪᠠᠷᠢᠪᠠᠯ ᠡᠯᠢᠭᠡᠯᠡᠵᠦ ᠪᠠᠶᠢᠭᠠᠳ ᠤᠳᠬᠤᠬᠤ᠂ ᠳᠠᠯᠠᠪᠴᠢᠯᠠᠵᠦ ᠪᠠᠷᠢᠪᠠᠯ ᠳᠠᠳᠠᠵᠦ ᠴᠦᠮᠦᠷᠢᠵᠦ ᠢᠷᠡᠭᠰᠡᠨ ᠬᠦᠯ ᠢ ᠨᠢ ᠤᠳᠬᠤᠬᠤ᠂ ᠰᠤᠭᠤᠪᠴᠢᠯᠠᠵᠦ ᠪᠠᠷᠢᠪᠠᠯ ᠭᠠᠷ ᠢᠶᠠᠷ ᠬᠦᠴᠦᠯᠡᠨ ᠳᠠᠷᠤᠵᠦ ᠤᠳᠬᠤᠭᠠᠳ ᠪᠠᠶ᠎ᠡ ᠪᠠᠷ ᠢᠶᠠᠨ ᠳᠠᠷᠤᠨ᠎ᠠ᠂ ᠵᠦᠷᠢᠭᠦᠤ ᠳᠡᠪᠡᠷᠢᠵᠦ ᠪᠠᠷᠢᠪᠠᠯ ᠳᠠᠭᠠᠷᠢᠭᠰᠠᠨ ᠬᠦᠴᠦᠨ ᠢᠶᠠᠷ ᠬᠤᠷᠳᠤᠨ ᠤᠳᠬᠤᠵᠦ ᠠᠰᠯᠠᠨ ᠲᠦᠯᠬᠢᠨ᠎ᠡ᠂ ᠵᠠᠭᠠᠮᠳᠠᠵᠦ ᠪᠠᠷᠢᠪᠠᠯ ᠲᠤᠭᠳᠤᠷᠴᠤ ᠤᠳᠬᠤᠨ᠎ᠠ᠂ ᠰᠤᠯᠠᠳᠠᠪᠠᠯ ᠳᠠᠭᠠᠵᠦ ᠲᠦᠯᠬᠢᠨ᠎ᠡ᠂ ᠳᠠᠯ᠎ᠠ ᠪᠤᠯᠢᠶᠠᠵᠦ ᠪᠠᠷᠢᠪᠠᠯ ᠲᠤᠬᠤᠢ ᠪᠠᠨ ᠴᠡᠭᠡᠵᠢᠨ ᠳᠤ ᠳᠠᠭᠠᠷᠠᠭᠤᠯᠤᠨ ᠭᠦᠰᠢᠵᠦ ᠠᠯᠬᠤᠭᠤᠯᠤᠨ ᠤᠳᠬᠤᠨ᠎ᠠ᠃      ︵4︶᠂ ᠬᠠᠷᠢᠭᠤ ᠡᠷᠳᠡᠮ᠄ ᠬᠠᠳᠠᠭᠰᠠᠨ ᠤᠳᠬᠤᠭ᠎ᠠ ᠶᠢ ᠤᠳᠬᠤᠭᠳᠠᠭᠰᠠᠨ ᠬᠦᠯ ᠢᠶᠠᠨ ᠵᠢᠭᠢᠵᠦ᠂ ᠡᠰᠡᠷᠭᠦ ᠡᠳᠡᠭᠡᠳ ᠤᠨ ᠵᠤᠭᠰᠤᠭᠰᠠᠨ ᠬᠦᠯ ᠢ ᠴᠤᠬᠢᠨ᠎ᠠ᠂ ᠪᠦᠰᠡᠳᠡᠭᠰᠡᠨ ᠤᠳᠬᠤᠭ᠎ᠠ ᠶᠢ ᠶᠡᠭᠦᠯᠡᠵᠦ ᠪᠤᠯᠤᠨ᠎ᠠ᠂ ᠬᠦᠵᠦᠭᠦᠪᠴᠢᠯᠡᠭᠰᠡᠨ ᠤᠳᠬᠤᠭ᠎ᠠ ᠶᠢ ᠰᠤᠯᠠ ᠬᠦᠯ ᠢᠶᠠᠨ ᠬᠦᠳᠡᠯᠭᠡᠬᠦ ᠦᠭᠡᠢ ᠪᠠᠶᠢᠵᠦ᠂ ᠲᠦᠯᠬᠢᠬᠦ ᠶᠢᠨ ᠳᠠᠭᠠᠤ ᠪᠤᠰᠴᠤ ᠶᠡᠭᠦᠯᠡᠵᠦ ᠪᠤᠯᠤᠨ᠎ᠠ᠂ ᠭᠠᠷ ᠳᠡᠪᠡᠷᠢᠭᠰᠡᠨ ᠤᠳᠬᠤᠭ᠎ᠠ ᠶᠢ ᠶᠡᠭᠦᠯᠡᠵᠦ ᠪᠤᠯᠤᠨ᠎ᠠ᠂ ᠳᠠᠯᠠᠪᠴᠢᠯᠠᠵᠦ ᠪᠠᠷᠢᠭᠰᠠᠨ ᠤᠳᠬᠤᠭ᠎ᠠ ᠶᠢ ᠴᠡᠭᠡᠵᠢ ᠪᠠᠨ ᠪᠤᠰᠬᠠᠬᠤ ᠲᠠᠢ ᠵᠡᠷᠭᠡ ᠶᠡᠭᠦᠯᠡᠨ᠎ᠡ᠂ ᠰᠤᠯᠠ ᠭᠠᠷ ᠢᠶᠠᠷ ᠰᠤᠭᠤ ᠠᠴᠠ ᠨᠢ ᠠᠯᠠᠭᠠᠳᠠᠵᠦ ᠦᠭᠭᠦᠨ᠎ᠡ᠂ ᠰᠤᠭᠤᠪᠴᠢᠯᠠᠵᠦ ᠪᠠᠷᠢᠭᠰᠠᠨ ᠤᠳᠬᠤᠭ᠎ᠠ ᠶᠢ ᠤᠳᠬᠤᠭᠳᠠᠭᠰᠠᠨ ᠬᠦᠯ ᠢᠶᠠᠨ ᠬᠤᠷᠳᠤᠨ ᠠᠰ ᠢᠰᠭᠦᠯᠵᠦ ᠨᠤᠮᠳᠠᠵᠦ ᠳᠠᠷᠤᠨ᠎ᠠ᠂ ᠵᠦᠷᠢᠭᠦᠤ ᠳᠡᠪᠡᠷᠢᠭᠰᠡᠨ ᠤᠳᠬᠤᠭ᠎ᠠ ᠶᠢ ᠴᠡᠭᠡᠵᠢ ᠪᠠᠨ ᠡᠷᠭᠢᠨ ᠶᠡᠭᠦᠯᠡᠵᠦ ᠪᠤᠯᠤᠨ᠎ᠠ  ᠂︔︔︔᠃ ︵ᠰᠤᠳᠨᠠᠮ ᠤᠨ ᠳᠠᠮᠳᠡᠭᠯᠡᠯ ᠠᠴᠠ ᠨᠠᠶᠢᠷᠠᠭᠤᠯᠪᠠ︶                            ᠵᠢᠱᠢᠶ᠎ᠡ᠄      ︵1︶᠂ 1982 ᠤᠨ ᠳᠤ ᠪᠤᠯᠤᠭᠰᠠᠨ ᠪᠦᠬᠦ ᠤᠷᠤᠨ ᠤ ᠳᠠᠪᠤᠳᠤᠭᠠᠷ ᠤᠳᠠᠭᠠᠨ ᠤ ᠪᠠᠶ᠎ᠡ ᠳᠠᠮᠢᠷ ᠤᠨ ᠮᠤᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠳᠡᠭᠡᠷ᠎ᠡ ᠨᠠᠢᠮᠠ ᠶᠢᠨ ᠨᠤᠭᠤᠯᠠᠭᠠᠨ ᠳᠤ ᠬᠦᠯᠦᠨ ᠪᠤᠶᠢᠷ ᠨᠤᠲᠤᠭ ᠲᠠᠢ ᠤᠯᠤᠰ ᠤᠨ ᠠᠪᠤᠷᠭᠤ ᠭᠤᠨᠴᠤᠭᠵᠠᠪ  ᠮᠢ᠊ ᠭᠧᠨᠳᠤᠨ ᠲᠠᠢ ᠳᠠᠭᠠᠷᠠᠭᠠᠳ ᠤᠳᠬᠤᠭ᠎ᠠ ᠡᠷᠳᠡᠮ ᠬᠢᠭᠰᠡᠨ ᠳᠤ ᠭᠧᠨᠳᠤᠨ ᠱᠠᠯᠠᠮᠠᠭᠠᠢ ᠬᠦᠳᠡᠯᠭᠡᠭᠡᠨ ᠢᠶᠠᠷ ᠤᠳᠬᠤᠭ᠎ᠠ ᠶᠢ ᠨᠢ ᠲᠡᠯᠢᠵᠦ ᠶᠡᠭᠦᠯᠡᠭᠡᠳ ᠬᠠᠶᠠᠭᠰᠠᠨ ᠶᠤᠮ᠂ ᠡᠭᠦᠨ ᠢ ︽ᠤᠳᠬᠤᠭ᠎ᠠ ᠶᠡᠭᠦᠯᠡᠬᠦ︾ ᠡᠷᠳᠡᠮ ᠭᠡᠳᠡᠭ ᠶᠤᠮ᠃                            ᠳᠠᠪᠤ᠂ ᠠᠴᠢᠶ᠎ᠠ ᠡᠷᠳᠡᠮ ᠪᠠ ᠬᠢᠬᠦ ᠶᠠᠪᠤᠴᠠ      ᠠᠴᠢᠶ᠎ᠠ ᠡᠷᠳᠡᠮ ᠪᠤᠯ ᠦᠵᠦᠮᠦᠴᠢᠨ ᠪᠦᠬᠡᠴᠤᠳ ᠤᠨ ᠦᠯᠡᠮᠵᠢ ᠬᠡᠷᠡᠭᠯᠡᠳᠡᠭ ᠦᠨᠳᠤᠰᠤᠨ ᠮᠡᠷᠭᠡᠵᠢᠯ ᠤᠨ ᠨᠢᠭᠡ ᠪᠤᠯᠤᠨ᠎ᠠ᠂ ᠡᠨᠡ ᠨᠢ ᠮᠦᠨ ᠤᠯᠠᠨ ᠵᠦᠢᠯ ᠢᠶᠠᠷ ᠤᠯᠠᠷᠢᠵᠦ ᠬᠤᠪᠢᠷᠠᠵᠦ ᠪᠤᠯᠳᠠᠭ ᠶᠤᠮ᠂ ᠠᠴᠢᠶ᠎ᠠ ᠶᠢ ᠬᠢᠬᠦ ᠳᠤ ᠪᠠᠰᠠ ᠳᠡᠭᠡᠷ᠎ᠡ ᠠᠴᠢᠬᠤ᠂ ᠲᠤᠤᠷ᠎ᠠ ᠠᠴᠢᠬᠤ ᠭᠡᠵᠦ ᠢᠯᠭᠠᠳᠠᠭ ᠪᠦᠭᠡᠳ ᠤᠯᠠᠨ ᠪᠠᠷᠢᠴᠠ ᠲᠠᠢ ᠪᠠᠶᠢᠳᠠᠭ ᠶᠤᠮ᠃      ︵1︶  ᠂ ᠲᠦᠷᠪᠡᠨ ᠮᠦᠴᠡ ᠶᠢᠨ ᠴᠢᠳᠠᠯ ᠬᠦᠴᠦ ᠲᠠᠢ ᠪᠦᠭᠡᠳ ᠬᠦᠳᠡᠯᠭᠡᠭᠡᠨ ᠰᠢᠭᠤᠷᠮᠠᠭ ᠬᠦᠮᠦᠨ ᠳᠤ ᠲᠤᠬᠢᠷᠠᠨ᠎ᠠ᠂      ︵2︶᠂ ᠪᠠᠷᠢᠴᠠ ᠪᠠᠷᠢᠬᠤ᠄ ᠳᠠᠯᠠᠪᠴᠢᠯᠠᠵᠦ ︵ᠲᠦᠷᠪᠡᠯᠵᠢᠯᠡᠵᠦ︶ ᠪᠠᠷᠢᠬᠤ᠂ ᠪᠦᠰᠡᠳᠡᠵᠦ ᠪᠠᠷᠢᠬᠤ᠂ ᠵᠦᠷᠢᠭᠦᠤ ᠳᠡᠪᠡᠷᠢᠵᠦ ᠪᠠᠷᠢᠬᠤ᠂ ᠬᠦᠵᠦᠭᠦᠪᠴᠢᠯᠡᠵᠦ ᠪᠠᠷᠢᠬᠤ᠂ ᠰᠤᠭᠤᠪᠴᠢᠯᠠᠵᠦ ᠪᠠᠷᠢᠬᠤ᠂ ᠬᠦᠰᠢᠵᠦ ᠪᠠᠷᠢᠬᠤ᠂ ᠰᠤᠭᠤ ᠡᠯᠭᠦᠵᠦ ᠪᠠᠷᠢᠬᠤ᠂ ᠭᠠᠷ ᠳᠡᠪᠡᠷᠢᠵᠦ ᠪᠠᠷᠢᠬᠤ᠂ ᠵᠠᠭᠠᠮᠳᠠᠵᠦ ᠪᠠᠷᠢᠬᠤ᠂ ᠳᠡᠭᠡᠭᠦᠷ ᠪᠠᠷᠢᠬᠤ ᠵᠡᠷᠭᠡ ᠪᠠᠶᠢᠳᠠᠭ᠂      ︵3︶᠂ ᠡᠷᠳᠡᠮ ᠬᠢᠬᠦ᠄ ᠳᠠᠯᠠᠪᠴᠢᠯᠠᠵᠦ ᠪᠠᠷᠢᠪᠠᠯ ᠳᠠᠰᠢᠶ᠎ᠠ ᠪᠠᠷ ᠢᠶᠠᠨ ᠳᠠᠪᠰᠢᠨ ᠤᠷᠤᠵᠦ ᠡᠪᠦᠳᠦᠭ ᠤᠨ ᠦᠶ᠎ᠡ ᠶᠢᠨ ᠳᠡᠭᠡᠭᠦᠷ ᠳᠠᠯᠪᠢᠵᠦ ᠠᠴᠢᠨ᠎ᠠ᠂ ᠪᠦᠰᠡᠳᠡᠵᠦ ᠪᠠᠷᠢᠪᠠᠯ ᠭᠠᠷ ᠤᠨ ᠭᠦᠴᠦᠨ ᠢᠶᠠᠨ ᠲᠦᠪᠯᠡᠷᠡᠭᠦᠯᠦᠨ ᠲᠤᠭᠳᠤᠷᠴᠤ᠂ ᠡᠪᠦᠳᠦᠭ ᠠᠴᠠ ᠳᠡᠭᠡᠭᠦᠷ ᠳᠠᠯᠪᠢᠵᠦ ᠠᠴᠢᠨ ᠴᠡᠭᠡᠵᠢ ᠪᠠᠨ ᠭᠦᠢᠴᠡᠳ ᠡᠷᠭᠢᠨ᠎ᠡ᠂ ᠵᠦᠷᠢᠭᠦᠤ ᠳᠡᠪᠡᠷᠢᠪᠡᠯ ᠡᠰᠡᠷᠭᠦ ᠡᠳᠡᠭᠡᠳ ᠢᠶᠠᠨ ᠰᠤᠴᠢᠭᠠᠭᠰᠠᠨ ᠢᠶᠠᠨ ᠡᠪᠦᠳᠦᠭ ᠤᠨ ᠦᠶ᠎ᠡ ᠪᠠᠷ ᠠᠴᠢᠵᠦ ᠪᠤᠯᠤᠨ᠎ᠠ᠂ ᠪᠠᠰᠠ ᠰᠤᠭᠤ ᠶᠢᠨ ᠲᠤᠭᠤᠤᠷ ᠪᠠᠷᠢᠭᠰᠠᠨ ᠭᠠᠷ ᠢ ᠳᠠᠰᠢᠶᠠᠨ ᠲᠤᠯᠤᠭᠠᠢ ᠶᠢᠨ ᠠᠷᠤ ᠠᠴᠠ ᠪᠤᠶᠤ ᠳᠡᠭᠡᠭᠰᠢ ᠪᠠᠨ ᠰᠣᠭᠤ ᠶᠢ ᠡᠯᠭᠦᠮᠡᠭᠴᠡ ᠠᠴᠢᠵᠦ ᠪᠤᠯᠳᠠᠭ᠂ ᠰᠤᠭᠤᠪᠴᠢᠯᠠᠵᠦ ᠪᠠᠷᠢᠪᠠᠯ ᠤᠬᠤᠷᠢᠵᠦ ᠳᠠᠳᠠᠵᠦ ᠵᠠᠶᠢᠯᠠᠭᠠᠳ ᠤᠷᠤᠭᠰᠢ ᠪᠠᠨ ᠳᠠᠪᠰᠢᠨ ᠡᠪᠦᠳᠦᠭ ᠳᠡᠭᠡᠭᠦᠷ ᠳᠠᠯᠪᠢᠵᠦ ᠠᠴᠢᠨ᠎ᠠ᠂ ᠬᠦᠵᠦᠭᠦᠪᠴᠢᠯᠡᠵᠦ ᠪᠠᠷᠢᠪᠠᠯ ᠬᠤᠶᠠᠷ ᠭᠠᠷ ᠤᠨ ᠪᠠᠷᠢᠴᠠ ᠪᠠᠷ ᠴᠡᠭᠡᠵᠢ ᠶᠢ ᠨᠢ ᠬᠦᠳᠡᠯᠭᠡᠬᠦ ᠦᠭᠡᠢ ᠪᠤᠯᠭᠠᠨ᠂ ᠡᠪᠦᠳᠦᠭ ᠤᠨ ᠳᠡᠭᠡᠭᠦᠷ ᠲᠠᠯᠪᠢᠵᠦ ᠠᠴᠢᠨ᠎ᠠ᠂ ᠰᠣᠭᠤ ᠡᠯᠭᠦᠵᠦ ᠪᠠᠷᠢᠪᠠᠯ ᠴᠡᠭᠡᠵᠢ ᠪᠠᠨ ᠵᠠᠶᠢᠯᠠᠨ᠂ ᠭᠠᠳᠠᠷ ᠳᠠᠯ᠎ᠠ ᠶᠢᠨ ᠬᠦᠯ ᠢᠶᠠᠨ ᠠᠷᠤᠨᠰᠢ ᠪᠠᠨ ᠪᠠᠭ᠎ᠠ ᠠᠯᠬᠤᠭᠠᠳ ᠡᠪᠦᠳᠦᠭ ᠪᠤᠶᠤ ᠲᠡᠭᠦᠨ ᠠᠴᠠ ᠳᠡᠭᠡᠭᠦᠷ ᠰᠢᠭ ᠳᠠᠯᠪᠢᠵᠦ ᠠᠴᠢᠨ᠎ᠠ᠂ ᠬᠦᠰᠢᠵᠦ ᠪᠠᠷᠢᠪᠠᠯ ᠳᠠᠳᠠᠭᠰᠠᠨ ᠢᠶᠠᠨ ᠴᠡᠭᠡᠵᠢ ᠪᠠᠨ ᠭᠦᠢᠴᠡᠳ ᠡᠷᠭᠢᠨ ᠡᠪᠦᠳᠦᠭ ᠳᠡᠭᠡᠭᠦᠷ ᠳᠠᠯᠪᠢᠵᠦ ᠠᠴᠢᠨ᠎ᠠ᠂ ᠭᠠᠷ ᠳᠡᠪᠡᠷᠢᠵᠦ ᠪᠠᠷᠢᠪᠠᠯ ᠳᠡᠭᠡᠭᠰᠢ ᠪᠠᠨ ᠰᠡᠵᠢᠵᠦ ᠬᠠᠶᠠᠭᠠᠳ ᠭᠠᠳᠠᠷ ᠳᠠᠯ᠎ᠠ ᠶᠢᠨ ᠬᠦᠯ ᠢᠶᠠᠨ ᠠᠷᠤᠨᠰᠢ ᠪᠠᠨ ᠠᠯᠬᠤᠵᠦ ᠲᠤᠭᠤᠤᠷ ᠳᠠᠯᠪᠢᠵᠦ ᠠᠴᠢᠨ᠎ᠠ᠂ ᠳᠡᠭᠡᠭᠦᠷ ᠪᠠᠷᠢᠪᠠᠯ ᠳᠠᠳᠠᠬᠤ ᠬᠦᠴᠦᠨ ᠢᠶᠠᠷ ᠳᠠᠰᠢᠶᠠᠨ ᠳᠡᠭᠡᠭᠦᠷ ᠳᠠᠮᠨᠠᠭᠤᠯᠵᠦ ᠠᠴᠢᠨ᠎ᠠ᠂      ︵4︶  ᠂ ᠬᠠᠷᠢᠭᠤ ᠡᠷᠳᠡᠮ᠄ ᠳᠠᠯᠠᠪᠴᠢᠯᠠᠵᠦ ᠪᠠᠷᠢᠭᠠᠳ ᠠᠴᠢᠪᠠᠯ ᠲᠤᠲᠤᠷ᠎ᠠ ᠳᠠᠯ᠎ᠠ ᠶᠢᠨ ᠬᠦᠯ ᠢᠶᠠᠨ ᠠᠷᠤ ᠪᠠᠷ ᠨᠢ ᠶᠠᠪᠤᠭᠤᠯᠵᠦ ᠪᠠᠶᠢᠭ᠎ᠠ ᠬᠦᠯ ᠤᠨ ᠳᠠᠬᠢᠮ ᠤᠨ ᠳᠡᠭᠡᠳᠦ ᠳᠠᠯ᠎ᠠ ᠪᠠᠷ ᠳᠠᠳᠠᠵᠦ ᠳᠠᠷᠤᠨ᠎ᠠ᠂ ᠡᠭᠦᠨ ᠢ ︿ᠠᠴᠢᠶ᠎ᠠ ᠬᠠᠮᠤᠬᠤ﹀ ᠭᠡᠳᠡᠭ᠂ ᠪᠠᠰᠠ ᠲᠤᠳᠤᠭᠰᠢ ᠤᠷᠤᠵᠦ ᠵᠤᠭᠰᠤᠵᠦ ᠪᠠᠶᠢᠭ᠎ᠠ ᠬᠦᠯ ᠤᠨ ᠰᠡᠭᠡᠷ ᠳᠡᠭᠡᠭᠦᠷ ᠲᠤᠳᠤᠷ᠎ᠠ ᠳᠠᠯ᠎ᠠ ᠶᠢᠨ ᠬᠦᠯ ᠢᠶᠠᠷ ᠢᠶᠠᠨ ᠳᠡᠭᠡᠭᠡᠯᠡᠨ᠎ᠡ᠂ ᠡᠭᠦᠨ ᠢ ︿ᠠᠴᠢᠶ᠎ᠠ ᠴᠢᠭᠳᠠᠯᠠᠬᠤ﹀ ᠭᠡᠳᠡᠭ᠂ ᠪᠠᠰᠠ ᠪᠠᠶ᠎ᠡ ᠪᠠᠨ ᠲᠤᠤᠷ᠎ᠠ ᠰᠢᠭ᠋ ᠪᠠᠶᠢᠵᠦ ᠠᠴᠢᠭᠤᠯᠤᠭᠠᠳ ᠠᠴᠢᠬᠳᠠᠭᠰᠠᠨ ᠬᠦᠯ ᠢᠶᠠᠨ  ᠬᠤᠶᠢᠰᠢ ᠵᠢᠭᠢᠵᠦ ᠪᠠᠶ᠎ᠡ ᠰᠤᠯᠠᠬᠠᠨ ᠪᠤᠯᠭᠠᠵᠦ ᠰᠤᠯᠠ ᠭᠠᠷ ᠢᠶᠠᠨ ᠵᠠᠭᠠᠮ᠎ᠠ ᠠᠴᠠ ᠬᠦᠮᠦᠷᠢᠵᠦ ᠪᠠᠷᠢᠭᠠᠳ ᠤᠷᠤᠭᠰᠢ ᠪᠠᠨ ᠱᠠᠭᠠᠨ᠎ᠠ᠂ ᠡᠭᠦᠨ ᠢ ︽ᠠᠴᠢᠶ᠎ᠠ ᠱᠠᠭᠠᠬᠤ︾ ᠭᠡᠳᠡᠭ᠃ ᠪᠦᠰᠡᠳᠡᠵᠦ ᠪᠠᠷᠢᠭᠠᠳ ᠠᠴᠢᠪᠠᠯ ᠬᠠᠮᠤᠵᠦ ᠪᠤᠯᠤᠨ᠎ᠠ᠂ ᠴᠢᠭᠳᠠᠯᠠᠵᠦ ᠪᠤᠯᠤᠨ᠎ᠠ᠂ ᠪᠠᠰᠠ ᠪᠠᠶ᠎ᠠ ᠶᠢᠨ ᠬᠦᠨᠳᠦ ᠶᠢ ᠨᠢ ᠴᠡᠭᠡᠵᠢᠨ ᠳᠡᠭᠡᠨ ᠢᠷᠡᠭᠦᠯᠵᠦ ᠬᠤᠶᠠᠷ ᠬᠦᠯ ᠢ ᠵᠠᠶᠢᠳᠠᠩ ᠮᠤᠷᠢᠨ ᠳᠡᠭᠡᠷ᠎ᠡ ᠦᠰᠦᠷᠭᠦ ᠮᠡᠳᠦ ᠬᠤᠶᠢᠰᠢ ᠪᠠᠨ ᠵᠢᠭᠢᠵᠦ ᠦᠰᠦᠷᠦᠭᠡᠳ ᠠᠴᠢᠭᠰᠠᠨ ᠬᠦᠯ ᠳᠤ ᠤᠨᠤᠭᠳᠠᠯ ᠦᠭᠡᠢ ᠦᠩᠭᠡᠷᠡᠵᠦ ᠭᠠᠵᠠᠷ ᠭᠢᠰᠬᠢᠪᠡᠯ ᠠᠴᠢᠭᠰᠠᠨ ᠬᠦᠮᠦᠨ ᠨᠢ ᠬᠤᠭᠤᠰᠳᠠᠵᠦ  ᠠᠶᠠᠨᠳᠠᠭᠠᠨ ᠤᠶᠢᠴᠢᠳᠠᠭ᠂ ᠡᠭᠦᠨ ᠢ ︽ᠠᠴᠢᠶ᠎ᠠ ᠭᠦᠪᠢᠵᠦ ᠳᠠᠷᠤᠬᠤ︾ ᠭᠡᠳᠡᠭ ᠶᠤᠮ᠂︔︔︔ ︵ᠰᠤᠳᠨᠠᠮ ᠤᠨ ᠳᠠᠮᠳᠡᠭᠯᠡᠯ ᠠᠴᠠ ᠨᠠᠶᠢᠷᠠᠭᠤᠯᠪᠠ︶                        ᠵᠢᠱᠢᠶ᠎ᠡ᠄      1982  ᠤᠨ ᠳᠤ ᠪᠤᠯᠤᠭᠰᠠᠨ ᠤᠷᠤᠨ ᠤ ᠳᠠᠪᠤᠳᠤᠭᠠᠷ ᠤᠳᠠᠭᠠᠨ ᠤ ᠪᠡᠶ᠎ᠡ ᠳᠠᠮᠢᠷ ᠤᠨ ᠮᠤᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠲᠡᠷᠢᠭᠦᠨ ᠳᠡᠳ᠋ ᠳᠤ ᠬᠦᠯᠦᠨ ᠪᠤᠶᠢᠷ ᠢᠶᠠᠷ ᠨᠤᠲᠤᠭ ᠲᠠᠢ ᠤᠯᠤᠰ ᠤᠨ ᠠᠪᠤᠷᠭᠤ ᠴᠤᠭᠪᠠᠳᠠᠷᠠᠬᠤ᠂ ᠦᠵᠦᠮᠦᠴᠢᠨ ᠤ ᠠᠯᠳᠠᠷᠳᠦ ᠪᠦᠬᠡ ᠮᠢ᠊  ᠭᠧᠨᠳᠤᠨ ᠲᠠᠢ ᠳᠠᠭᠠᠷᠠᠭᠰᠠᠨ ᠳᠤ᠂ ᠭᠧᠨᠳᠤᠨ ᠭᠤᠸᠠᠢ ᠴᠤᠭᠪᠠᠳᠠᠷᠠᠬᠤ ᠶᠢ ᠲᠦᠷᠪᠡᠯᠵᠢᠯᠡᠵᠦ ᠪᠠᠷᠢᠭᠠᠳ ᠱᠠᠯᠠᠮᠠᠭᠠᠢ ᠬᠦᠴᠦᠨ ᠢᠶᠠᠷ ᠠᠷᠤ ᠪᠠᠷ ᠢᠶᠠᠨ ᠳᠠᠳᠠᠵᠦ ᠭᠠᠷᠭᠠᠭᠠᠳ ︽ᠠᠴᠢᠶ᠎ᠠ ᠡᠷᠳᠡᠮ︾ ᠬᠢᠵᠦ ᠬᠠᠶᠠᠭᠠᠳ ᠠᠪᠤᠷᠭᠤᠯᠠᠭᠰᠠᠨ ᠶᠤᠮ᠃                     ᠵᠢᠷᠭᠤᠭ᠎ᠠ᠂ ᠴᠤᠬᠢᠶ᠎ᠠ ᠡᠷᠳᠡᠮ ᠪᠠ ᠬᠢᠬᠦ ᠶᠠᠪᠤᠴᠠ      ᠴᠤᠬᠢᠭ᠎ᠠ ᠡᠷᠳᠡᠮ ᠪᠤᠯ ᠦᠵᠦᠮᠦᠴᠢᠨ ᠪᠦᠬᠡᠴᠤᠳ ᠤᠨ ᠭᠤᠤᠯ ᠬᠡᠷᠡᠭᠯᠡᠳᠡᠭ ᠦᠨᠳᠤᠰᠤᠨ ᠡᠷᠳᠡᠮ ᠤᠨ ᠨᠢᠭᠡ ᠪᠤᠯᠬᠤ ᠪᠦᠭᠡᠳ ᠤᠯᠠᠨ ᠶᠠᠩᠵᠦ ᠶᠢᠨ ᠪᠠᠷᠢᠴᠠ ᠲᠠᠢ᠂ ᠮᠦᠨᠴᠦ ᠤᠯᠠᠷᠢᠭᠤᠯᠤᠨ ᠬᠤᠪᠢᠷᠠᠭᠤᠯᠤ ᠬᠠᠷᠢᠭᠤ ᠮᠡᠭᠡ ᠬᠢᠴᠡ ᠴᠤ ᠤᠯᠠᠨ ᠪᠠᠶᠢᠳᠠᠭ ᠶᠤᠮ᠃      ︵1︶᠂  ᠪᠦᠬᠦ ᠪᠠᠶ᠎ᠡ ᠪᠤᠯᠤᠨ ᠭᠠᠷ ᠬᠦᠯ ᠤᠨ ᠦᠵᠦᠭᠦᠷ ᠲᠡᠭᠡᠨ ᠴᠢᠳᠠᠯ ᠲᠠᠢ ᠬᠦᠮᠦᠰ ᠲᠤ ᠲᠤᠬᠢᠷᠠᠨ᠎ᠠ᠂      ︵2︶᠂  ᠪᠠᠷᠢᠴᠠ ᠪᠠᠷᠢᠬᠤ᠄  ᠬᠠᠳᠠᠵᠦ ︵ᠬᠠ ᠠᠴᠠ  ︶ ᠪᠠᠷᠢᠬᠤ᠂ ᠪᠦᠰᠡᠳᠡᠵᠦ ᠪᠠᠷᠢᠬᠤ᠂ ᠳᠠᠯᠠᠪᠴᠢᠯᠠᠵᠦ ︵ᠲᠦᠷᠪᠡᠯᠵᠢᠯᠡᠵᠦ︶  ᠪᠠᠷᠢᠬᠤ᠂ ᠵᠠᠭᠠᠮᠳᠠᠵᠦ ᠪᠠᠷᠢᠬᠤ᠂ ᠵᠦᠷᠢᠭᠦᠤ ᠳᠡᠪᠡᠷᠢᠵᠦ ᠪᠠᠷᠢᠬᠤ᠂ ᠭᠠᠷ ᠳᠡᠪᠡᠷᠢᠵᠦ ᠪᠠᠷᠢᠬᠤ᠂ ᠰᠤᠭᠤᠪᠴᠢᠯᠠᠵᠦ ᠪᠠᠷᠢᠬᠤ᠂ ᠰᠡᠨᠵᠢᠯᠡᠵᠦ ᠪᠠᠷᠢᠬᠤ᠂ ᠬᠠᠨᠴᠤᠶᠢᠳᠠᠵᠦ ᠪᠠᠷᠢᠬᠤ᠂ ᠢᠷᠠᠵᠦ ᠪᠠᠷᠢᠬᠤ ᠵᠡᠷᠭᠡ ᠪᠠᠶᠢᠳᠠᠭ᠂      ︵3︶᠂ ᠡᠷᠳᠡᠮ ᠬᠢᠬᠦ᠄ ᠬᠠᠳᠠᠵᠦ ᠪᠠᠷᠢᠪᠠᠯ ᠳᠠᠳᠠᠵᠦ ᠴᠤᠬᠢᠬᠤ᠂ ᠳᠠᠭᠠᠭᠠᠯᠭᠠᠵᠦ ᠴᠤᠬᠢᠬᠤ᠂ ᠪᠦᠳᠦᠷᠢᠭᠦᠯᠵᠦ ᠴᠤᠬᠢᠬᠤ ᠶᠢ ᠪᠦᠷ ᠬᠢᠵᠦ ᠪᠤᠯᠤᠨ᠎ᠠ᠂ ᠪᠦᠰᠡᠳᠡᠵᠦ ᠪᠠᠷᠢᠪᠠᠯ ᠡᠰᠡᠷᠭᠦ ᠡᠳᠡᠭᠡᠳ ᠤᠨ ᠪᠠᠷᠢᠴᠠ ᠶᠢ ᠲᠤᠬᠤᠢ ᠪᠤᠶᠤ ᠰᠣᠭᠤ ᠠᠴᠠ ᠨᠢ ᠠᠯᠠᠭᠠᠳᠠᠵᠦ ᠠᠯᠳᠠᠭᠤᠯᠤᠨ᠂ ᠪᠡᠶ᠎ᠡ ᠪᠠᠨ ᠲᠤᠭᠤᠷᠢᠭᠤᠯᠤᠨ ᠳᠠᠳᠠᠵᠦ ᠴᠤᠬᠢᠨ᠎ᠠ᠂ ᠳᠠᠭᠠᠭᠠᠯᠭᠠᠬᠤ ᠪᠤᠶᠤ ᠪᠦᠳᠦᠷᠢᠭᠦᠯᠵᠦ ᠴᠤᠬᠢᠭᠰᠠᠨ ᠴᠤ ᠪᠤᠯᠤᠨ᠎ᠠ᠂︔︔︔︔      ︵4︶᠂ ᠬᠠᠷᠢᠭᠤ ᠡᠷᠳᠡᠮ᠄ ᠬᠠᠳᠠᠵᠦ ᠪᠠᠷᠢᠭᠠᠳ ᠴᠤᠬᠢᠪᠠᠯ ᠡᠯᠭᠦᠭᠡ ᠤᠳᠬᠤᠭ᠎ᠠ ᠬᠢᠵᠦ ᠪᠤᠯᠤᠨ᠎ᠠ᠂ ᠨᠦᠮᠦᠷᠢᠨ ᠳᠠᠷᠤᠵᠦ ᠪᠤᠯᠤᠨ᠎ᠠ᠂ ᠰᠤᠭᠤᠯᠵᠦ ᠴᠤᠬᠢᠵᠦ ᠪᠤᠯᠤᠨ᠎ᠠ᠂ ᠡᠯᠭᠦᠵᠦ ᠭᠠᠷᠭᠠᠭᠠᠳ ᠭᠠᠨᠵᠤᠭᠠᠯᠠᠵᠦ ᠪᠤᠯᠤᠨ᠎ᠠ᠂      ᠪᠦᠰᠡᠳᠡᠵᠦ ᠪᠠᠷᠢᠭᠠᠳ ᠴᠤᠬᠢᠪᠠᠯ ᠱᠠᠭᠠᠮᠠᠯ ᠬᠢᠵᠦ ᠪᠤᠯᠤᠨ᠎ᠠ᠂ ᠲᠤᠰᠴᠤ ᠡᠯᠭᠦᠵᠦ ᠪᠤᠯᠤᠨ᠎ᠠ᠂ ᠰᠤᠯᠢᠵᠦ ᠴᠤᠬᠢᠵᠦ ᠪᠤᠯᠤᠨ᠎ᠠ᠂ ᠠᠯᠬᠤᠵᠦ ᠭᠠᠷᠤᠭᠠᠳ ᠠᠴᠢᠵᠦ ᠪᠤᠯᠤᠨ᠎ᠠ᠂︔︔︔ ︵ᠰᠤᠳᠨᠠᠮ ᠤᠨ ᠳᠡᠮᠳᠡᠭᠯᠡᠯ ᠠᠴᠠ ᠨᠠᠶᠢᠷᠠᠭᠤᠯᠪᠠ︶                        ᠵᠢᠱᠢᠶ᠎ᠡ᠄      1982 ᠤᠨ ᠳᠤ ᠪᠤᠯᠤᠭᠰᠠᠨ ᠤᠷᠤᠨ ᠤ ᠳᠠᠪᠤᠳᠤᠭᠠᠷ ᠤᠳᠠᠭᠠᠨ ᠤ ᠪᠠᠶ᠎ᠡ ᠳᠠᠮᠢᠷ ᠤᠨ ᠮᠤᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠳᠡᠭᠡᠷ᠎ᠡ ᠲᠦᠷᠪᠡ ᠶᠢᠨ ᠨᠤᠭᠤᠯᠠᠭᠠᠨ ᠳᠤ ᠬᠦᠯᠦᠨ ᠪᠤᠶᠢᠷ ᠢᠶᠠᠷ ᠨᠤᠲᠤᠭ  ᠲᠠᠢ᠂ ᠤᠯᠤᠰ ᠤᠨ ᠠᠪᠤᠷᠭᠤ ᠪᠠᠨᠽᠠᠷᠭᠠᠨᠳᠢ ᠪᠤᠯᠤᠨ ᠦᠵᠦᠮᠦᠴᠢᠨ ᠤ ᠮᠢ᠊  ᠭᠧᠨᠳᠤᠨ ᠲᠠᠢ ᠳᠠᠭᠠᠷᠠᠪᠠ᠂ ᠪᠠᠨᠽᠠᠷᠭᠠᠨᠳᠢ ᠬᠠᠳᠠᠵᠦ ᠪᠠᠷᠢᠬᠤ ᠳᠤ ᠭᠧᠨᠳᠤᠨ ᠢᠶᠠᠷ ᠪᠠᠷᠢᠴᠠᠨ ᠳᠤᠨᠢ ᠬᠦᠳᠦᠯᠦᠭᠡᠳ ︽ᠴᠤᠭᠢᠭ᠎ᠠ ᠡᠷᠳᠡᠮ︾ ᠬᠢᠵᠦ ᠬᠠᠶᠠᠭᠰᠠᠨ ᠶᠤᠮ᠃            ᠁                ᠁                   ᠁
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号