ᠪᠠᠷᠭᠤᠴᠣᠳ᠂ ᠠ᠊ ᠬᠦᠭᠵᠢᠯᠳᠣ | | | ᠭᠠᠮᠠᠯᠠ ᠶᠢᠨ ᠲᠣᠪᠴᠢ ᠨᠠᠮᠳᠠᠷ | | ᠭᠠᠮᠠᠯᠠ 1879 ︵ᠰᠢᠷᠠᠭᠴᠢᠨ ᠲᠠᠤᠯᠠᠢ ᠵᠢᠯ︶ ᠤᠨ ᠳᠤ ᠰᠢᠯᠢ ᠶᠢᠨ ᠭᠤᠤᠯ ᠤᠨ ᠴᠢᠭᠤᠯᠭᠠᠨ ᠤ | ᠦᠵᠦᠮᠦᠴᠢᠨ ᠵᠡᠭᠦᠨ ᠬᠤᠰᠢᠭᠤᠨ ᠤ ᠡᠩᠡ ᠶᠢᠨ ᠰᠤᠮᠤᠨ ᠤ ︵ᠤᠳᠤ ᠶᠢᠨ ᠭᠠᠬᠢᠯ ᠰᠤᠮᠤᠨ ᠤ ᠬᠠᠳᠠᠳᠤ ᠭᠠᠴᠠᠭ᠎ᠠ︶ | ᠬᠤᠶᠠᠷ ᠪᠤᠮᠪᠠᠳᠤ ᠬᠡᠮᠡᠬᠦ ᠭᠠᠵᠠᠷ ᠳᠦᠷᠦᠵᠡᠢ᠃ ᠭᠠᠮᠠᠯᠠ ᠶᠢᠨ ᠡᠴᠢᠭᠡ ᠨᠢ ᠳᠡᠭᠦᠨ ᠢ ᠶᠢᠰᠤᠨ ᠨᠠᠰᠤᠳᠠᠢ ᠳᠤᠨᠢ | ᠬᠤᠰᠢᠭᠤ ᠵᠠᠬᠢᠷᠤᠭᠴᠢ ᠯᠤᠪᠰᠠᠩᠳᠤᠩᠷᠤᠪ ᠤᠨ ᠭᠡᠷ ᠤᠨ ᠱᠠᠪᠢ ᠪᠤᠯᠭᠠᠵᠦ ᠪᠢᠴᠢᠭ ᠰᠤᠷᠭᠠᠵᠦ ᠡᠬᠢᠯᠡᠭᠰᠡᠨ ᠠᠴᠠ | ᠪᠤᠰᠤᠳ ᠠᠴᠠ ᠬᠡᠳᠤᠷᠬᠡᠢ ᠤᠢ ᠪᠢᠯᠢᠭ᠂ ᠰᠡᠴᠡᠨ ᠰᠡᠷᠭᠦᠯᠡᠩ ᠤᠶᠤᠨ ᠢᠶᠠᠷ ᠢᠶᠠᠨ ᠪᠢᠴᠢᠭ ᠰᠤᠶᠤᠯ ᠢ ᠰᠢᠮᠳᠠᠨ | ᠰᠤᠷᠴᠤ᠂ ᠤᠯᠠᠨ ᠨᠤᠮ ᠳᠡᠪᠳᠡᠷ ᠤᠩᠰᠢᠨ ᠳᠤᠭᠤᠯᠵᠦ᠂ ᠠᠷᠠᠳ ᠤᠨ ᠠᠮᠠᠨ ᠦᠯᠢᠭᠡᠷ᠂ ᠬᠤᠯᠪᠤᠭ᠎ᠠ ᠰᠢᠯᠦᠭ ᠤᠨ | ᠰᠢᠳᠢᠳᠤ ᠰᠢᠮ᠎ᠡ ᠶᠢ ᠬᠦᠷᠳᠡᠵᠦ᠂ ᠪᠠᠭ᠎ᠠ ᠵᠠᠯᠠᠭᠤ ᠨᠠᠰᠤᠨ ᠠᠴᠠ ᠪᠠᠨ ᠢᠷᠠᠭᠤ ᠨᠠᠶᠢᠷᠠᠭ ᠲᠤ ᠠᠪᠢᠶᠠᠰᠤᠯᠢᠭ | ᠴᠢᠳᠠᠮᠠᠭᠠᠢ ᠪᠤᠯᠵᠠᠢ᠃ | ᠭᠠᠮᠠᠯᠠ 16 ᠨᠠᠰᠤᠳᠠᠢ ᠳᠠᠭᠠᠨ ᠬᠤᠰᠢᠭᠤ ᠶᠠᠮᠤᠨ ᠤ ᠰᠤᠷᠬᠤ ᠪᠢᠴᠢᠭᠡᠴᠢ ᠪᠤᠯᠵᠦ᠂ ᠳᠠᠷᠠᠭ᠎ᠠ ᠪᠠᠷ ᠨᠢ | ᠳᠤᠰᠠᠯᠠᠬᠤ ᠪᠢᠴᠢᠭᠡᠴᠢ᠂ ᠵᠢᠩᠬᠢᠨᠢ ᠪᠢᠴᠢᠭᠡᠴᠢ ᠶᠢᠨ ᠠᠵᠢᠯ ᠢ ᠠᠷᠪᠠᠭᠠᠳ ᠵᠢᠯ ᠬᠢᠵᠠᠢ᠃ ᠡᠨᠡ ᠨᠢ ᠶᠠᠭ | ᠦᠵᠦᠮᠦᠴᠢᠨ ᠵᠡᠭᠦᠨ ᠭᠠᠷᠤᠨ ᠬᠤᠰᠢᠭᠤᠨ ᠤ ᠵᠠᠰᠠᠭ ᠳᠦᠷᠦ ᠶᠢᠨ ᠡᠷᠳᠡᠨᠢ ᠪᠡᠶᠢᠯᠡ ᠠᠷᠪᠠᠳᠤᠭᠠᠷ ᠦᠶ᠎ᠡ ᠶᠢᠨ | ᠶᠦᠯᠵᠢᠯᠨᠤᠷᠪᠤ ᠵᠢᠶᠦ᠋ᠨ ᠸᠠᠩ᠂ ᠠᠷᠪᠠᠨ ᠨᠢᠭᠡᠳᠦᠭᠡᠷ ᠦᠶ᠎ᠡ ᠶᠢᠨ ᠵᠢᠷᠭᠠᠯᠠᠩ ᠵᠢᠶᠦ᠋ᠨ ᠸᠠᠩ ᠤᠨ ᠦᠶ᠎ᠡ ᠪᠠᠶᠢᠵᠠᠢ᠃ | ᠬᠤᠰᠢᠭᠤ ᠵᠠᠰᠠᠭ ᠵᠢᠷᠭᠠᠯᠠᠩ ᠵᠢᠶᠦ᠋ᠨ ᠸᠠᠩ ᠲᠡᠭᠦᠨ ᠤ ᠡᠷᠳᠡᠮ ᠴᠢᠳᠠᠪᠤᠷᠢ ᠶᠢ ᠰᠢᠯᠭᠠᠨ ᠦᠵᠡᠵᠦ᠂ ᠬᠤᠵᠢᠮ | ᠬᠤᠰᠢᠭᠤ ᠨᠤᠳᠤᠭ᠂ ᠬᠤᠳᠠᠯᠠ ᠤᠯᠠᠨ ᠳᠤ ᠳᠤᠰᠠᠳᠠᠢ ᠠᠵᠢᠯ ᠬᠢᠵᠦ ᠴᠢᠳᠠᠬᠤ ᠬᠦᠮᠦᠨ ᠬᠡᠮᠡᠨ ᠳᠤᠭᠤᠵᠦ | ᠬᠦᠨᠳᠦᠳᠭᠡᠨ ᠬᠡᠷᠡᠭᠯᠡᠵᠡᠢ᠃ 26 ᠨᠠᠰᠤᠨ ᠳᠤᠨᠢ ᠰᠠᠭᠤᠳᠠᠯ ᠤᠨ ᠳᠦᠰᠢᠮᠡᠯ ᠪᠤᠯᠭᠠᠵᠦ᠂ ᠪᠦᠬᠦ ᠬᠤᠰᠢᠭᠤᠨ ᠤ | ᠳᠠᠩᠰᠠ ᠪᠢᠴᠢᠭ ᠢ ᠬᠠᠮᠢᠶᠠᠷᠠᠬᠤ ᠠᠵᠢᠯ ᠢ ᠡᠷᠬᠢᠯᠡᠭᠦᠯᠵᠠᠢ᠃ 31 ᠨᠠᠰᠤᠨ ᠳᠤᠨᠢ ᠳᠠᠪᠤᠨ ᠰᠤᠮᠤᠨ ᠤ ᠵᠠᠯᠠᠨ ᠤ | ᠳᠤᠰᠢᠶᠠᠯ ᠳᠤ ᠳᠡᠪᠰᠢᠭᠦᠯᠵᠠᠢ᠃ 33 ᠨᠠᠰᠤᠨ ᠳᠤᠨᠢ ᠬᠤᠰᠢᠭᠤᠨ ᠤ ᠴᠡᠷᠢᠭ ᠤᠨ ᠮᠠᠶᠢᠷᠡᠨ ᠢᠶᠠᠷ ᠳᠡᠪᠰᠢᠭᠦᠯᠵᠠᠢ᠃ | ᠳᠤᠬᠠᠢ ᠶᠢᠨ ᠦᠶ᠎ᠠ ᠳᠤ ᠴᠠᠭ ᠳᠦᠷᠦ ᠰᠠᠮᠠᠭᠤᠷᠠᠨ᠂ ᠳᠡᠭᠡᠷᠡᠮ ᠬᠤᠯᠠᠭᠠᠢ ᠤᠯᠠᠰᠢᠷᠠᠨ᠂ ᠬᠤᠰᠢᠭᠤ ᠠᠮᠤᠷ ᠳᠠᠶᠢᠪᠤᠩ | ᠦᠭᠡᠢ ᠪᠠᠶᠢᠳᠠᠯ ᠳᠤᠤᠷ᠎ᠠ᠂ ᠬᠤᠰᠢᠭᠤ ᠵᠠᠰᠠᠭ ᠵᠢᠷᠭᠠᠯᠠᠩ ᠵᠢᠶᠦ᠋ᠨ ᠸᠠᠩ ᠠᠴᠠ ᠶᠧᠰᠢ ᠮᠡᠶᠢᠷᠠᠨ᠂ ᠭᠠᠮᠠᠯᠠ ᠮᠡᠶᠢᠷᠠᠨ ᠢ | ᠳᠤᠮᠢᠯᠠᠵᠦ᠂ ᠴᠢᠩ ᠤᠯᠤᠰ ᠤᠨ ᠡᠵᠡᠨ ᠵᠤᠷᠭᠠᠨ ᠢᠶᠠᠷ ᠵᠦᠪᠰᠢᠶᠡᠷᠡᠭᠦᠯᠦᠨ᠂ ᠲᠢᠶᠠᠨᠵᠢᠨ ᠬᠤᠳᠠ ᠶᠢᠨ ᠢ ᠰᠢᠶᠠᠨ | ᠬᠡᠮᠡᠬᠦ ᠫᠦᠰᠡᠨ ᠠᠴᠠ ᠭᠤᠷᠪᠠᠨ ᠵᠠᠭᠤᠨ ᠫᠤᠤ ᠵᠡᠪᠰᠡᠭ ᠬᠤᠳᠠᠯᠳᠤᠨ ᠠᠪᠴᠦ ᠢᠷᠡᠭᠡᠳ ᠬᠤᠰᠢᠭᠤ ᠳᠤᠳᠤᠷᠠᠬᠢ | ᠵᠠᠯᠠᠭᠤ ᠢᠳᠡᠷᠴᠤᠳ ᠠᠴᠠ ᠴᠡᠷᠢᠭ ᠲᠤ ᠳᠠᠳᠠᠵᠦ᠂ ᠵᠠᠩᠵᠤᠨ ᠴᠡᠷᠢᠭ᠂ ᠵᠠᠩᠬᠢ ᠶᠢᠨ ᠴᠡᠷᠢᠭ᠂ ᠭᠦᠨᠳᠦ ᠶᠢᠨ ᠴᠡᠷᠢᠭ | ᠂ ᠮᠦᠰᠦᠳᠦ ᠤᠨ ᠴᠡᠷᠢᠭ᠂ ᠮᠠᠩᠬᠠᠨ ᠴᠡᠷᠢᠭ᠂ ᠬᠦᠰᠢᠭᠦᠷ ᠴᠡᠷᠢᠭ ᠬᠡᠬᠦ ᠵᠢᠷᠭᠤᠭᠠᠨ ᠰᠠᠭᠤᠷᠢ ᠶᠢᠨ ᠴᠡᠷᠢᠭ ᠪᠠ | ᠤᠷᠳᠤᠨ ᠴᠡᠷᠢᠭ᠂ ᠭᠠᠴᠠᠭ᠎ᠠ ᠬᠤᠢ ᠶᠢᠨ ᠴᠡᠷᠢᠭ ᠬᠡᠬᠦ ᠨᠠᠢᠮᠠᠨ ᠰᠠᠭᠤᠷᠢ ᠴᠡᠷᠢᠭ ᠢ ᠵᠤᠬᠢᠶᠠᠨ ᠪᠠᠶᠢᠭᠤᠯᠵᠦ᠂ ᠭᠠᠮᠠᠯᠠ | ᠪᠠᠷ ᠪᠦᠬᠦ ᠴᠡᠷᠢᠭ ᠢ ᠬᠠᠮᠢᠶᠠᠷᠠᠭᠤᠯᠤᠨ ᠰᠤᠷᠭᠠᠭᠤᠯᠢᠯ ᠪᠤᠯᠪᠠᠰᠤᠷᠠᠯ ᠬᠢᠯᠭᠡᠵᠡᠢ᠃ ᠦᠵᠦᠮᠦᠴᠢᠨ ᠴᠡᠷᠢᠭ ᠤᠨ ᠳᠤᠭ᠂ | ᠴᠡᠷᠢᠭ ᠤᠨ ᠡᠮᠤᠰᠬᠡᠯ ᠢ ᠮᠦᠨ ᠭᠠᠮᠠᠯᠠ ᠳᠦᠰᠦᠪᠯᠡᠨ ᠬᠢᠭᠰᠡᠨ ᠭᠡᠳᠡᠭ᠃ ᠡᠨᠡ ᠦᠶ᠎ᠡ ᠠᠴᠠ ᠦᠵᠦᠮᠦᠴᠢᠨ ᠴᠡᠷᠢᠭ | ᠤᠨ ᠺᠤᠮᠠᠨᠳᠠᠯᠠᠭᠴᠢ ᠪᠤᠯᠵᠦ᠂ ᠤᠯᠠᠨ ᠤᠳᠠᠭ᠎ᠠ ᠨᠠᠢᠮᠠᠨ ᠰᠠᠭᠤᠷᠢ ᠶᠢᠨ ᠴᠡᠷᠢᠭ ᠢ ᠳᠠᠶᠢᠴᠢᠯᠠᠨ ᠶᠡᠭᠡ ᠪᠠᠭ᠎ᠠ | ᠳᠤᠯᠤᠯᠳᠤᠭᠠᠨ ᠳᠤ ᠪᠠᠭᠠᠳᠤᠷᠯᠠᠨ ᠪᠠᠶᠢᠯᠳᠤᠵᠤ᠂ ᠨᠤᠳᠤᠭ ᠤᠰᠤ᠂ ᠬᠦᠮᠦᠨ ᠠᠷᠠᠳ ᠲᠠᠭᠠᠨ ᠳᠤᠯᠭᠠᠷᠠᠭᠰᠠᠨ ᠠᠶᠤᠯ | ᠳᠦᠭᠰᠢᠭᠦᠷᠢ ᠶᠢ ᠵᠠᠶᠢᠯᠠᠭᠤᠯᠵᠦ ᠶᠠᠪᠣᠭᠰᠠᠨ ᠢᠶᠠᠷ ᠦᠵᠦᠮᠦᠴᠢᠨ ᠵᠡᠭᠦᠨ ᠭᠠᠷᠤᠨ ᠬᠤᠰᠢᠭᠤᠨ ᠤ ᠨᠠᠢᠮᠠᠨ ᠰᠠᠭᠤᠷᠢ | ᠶᠢᠨ ᠴᠡᠷᠢᠭ ᠬᠡᠮᠡᠨ ᠨᠢᠭᠡᠨ ᠦᠶ᠎ᠡ ᠠᠯᠳᠠᠷᠰᠢᠵᠦ ᠪᠠᠶᠢᠵᠠᠢ᠃ | ᠳᠡᠭᠦᠨ ᠤ ︽ᠦᠵᠦᠮᠦᠴᠢᠨ ᠴᠡᠷᠢᠭ ᠤᠨ ᠮᠠᠭᠳᠠᠭᠠᠯ︾᠂ ︽ᠳᠤᠭ ᠤᠨ ᠳᠠᠭᠠᠳᠬᠠᠯ︾᠂ ︽ᠳᠤᠭ ᠤᠨ | ᠨᠠᠶᠢᠷ ᠤᠨ ᠰᠠᠷᠬᠤᠳ ᠤᠨ ᠢᠷᠤᠭᠡᠯ︾ ᠵᠡᠷᠭᠡ ᠨᠢ ᠡᠨᠡ ᠦᠶ᠎ᠡ ᠳᠤ ᠵᠤᠬᠢᠶᠠᠭᠳᠠᠭᠰᠠᠨ ᠭᠡᠳᠡᠭ᠃ 39 ᠨᠠᠰᠤᠨ | ᠳᠠᠭᠠᠨ ᠬᠤᠰᠢᠭᠤ ᠵᠠᠬᠢᠷᠤᠭᠴᠢ ᠪᠤᠯᠵᠦ 44 ᠨᠠᠰᠤᠨ ᠳᠠᠭᠠᠨ ᠬᠤᠰᠢᠭᠤ ᠵᠠᠬᠢᠷᠤᠭᠴᠢ ᠶᠢᠨ ᠳᠤᠰᠢᠶᠠᠯ ᠠᠴᠠ | ᠤᠭᠴᠷᠠᠭᠳᠠᠭᠰᠠᠨ ᠪᠠᠶᠢᠨ᠎ᠠ᠃ ᠰᠡᠭᠦᠯᠡᠷ ᠨᠢ ᠰᠢᠯᠢ ᠶᠢᠨ ᠭᠤᠤᠯ ᠤᠨ ᠴᠢᠭᠤᠯᠭᠠᠨ ᠳ᠋ᠠ ᠸᠠᠩ ᠤᠨ ᠵᠠᠷᠯᠢᠭ ᠶᠤᠰᠤᠭᠠᠷ | ᠬᠠᠶᠢᠷ᠎ᠠ ᠶᠢᠨ ᠵᠠᠬᠢᠷᠤᠭᠴᠢ ᠶᠢᠨ ᠵᠡᠷᠭᠡ ᠤᠯᠭᠤᠵᠦ᠂ ᠬᠤᠰᠢᠭᠤ ᠶᠠᠮᠤᠨ ᠳᠠᠬᠢ ᠵᠢᠱᠢᠶ᠎ᠠ ᠡᠷᠬᠢᠯᠡᠬᠦ ᠳᠦᠰᠢᠮᠡᠯ ᠢᠶᠠᠷ | ᠦᠷᠭᠦᠯᠵᠢ ᠰᠠᠭᠤᠳᠠᠯ ᠳᠤ ᠰᠠᠭᠤᠵᠤ ᠴᠢᠬᠤᠯᠠ ᠶᠡᠭᠡ ᠤᠴᠢᠷ ᠶᠠᠪᠤᠳᠠᠯ ᠢ ᠴᠠᠭ ᠳᠤᠬᠠᠢ ᠳᠤᠨᠢ ᠵᠠᠰᠠᠭ ᠨᠤᠶᠠᠳ ᠲᠤ | ᠮᠡᠳᠡᠭᠦᠯᠬᠦ ᠠᠯᠪᠠ ᠠᠵᠢᠯ ᠢ ᠬᠢᠵᠦ ᠶᠠᠪᠤᠵᠠᠢ᠃ ᠡᠨᠡᠬᠦ ᠴᠠᠭ ᠦᠶ᠎ᠡ ᠨᠢ ᠶᠠᠭ ᠠᠷᠪᠠᠨ ᠬᠤᠶᠠᠳᠤᠭᠠᠷ ᠦᠶ᠎ᠠ ᠶᠢᠨ | ᠵᠢᠶᠦ᠋ᠨ ᠸᠠᠩ ᠭᠤᠮᠪᠣᠰᠦ᠋ᠷᠦᠩ ᠤᠨ ᠦᠶ᠎ᠡ ᠪᠤᠯᠤᠨ᠎ᠠ᠃ ᠳᠡᠭᠦᠨ ᠤ ︽ᠰᠢᠪᠰᠢᠭ ᠪᠠ ᠳᠠᠯᠠᠭᠠᠷ︾᠂ ︽ᠡᠳᠦᠷ | ᠤᠨ ᠤᠷᠳᠤ ᠶᠢ ᠦᠩᠭᠡᠷᠡᠭᠡᠬᠦ ᠳᠤ︾᠂ ︽ᠴᠠᠭ ᠤᠯᠠᠷᠢᠯ︾ ᠵᠡᠷᠭᠡ ᠰᠢᠯᠦᠭ ᠨᠢ ᠡᠨᠡ ᠴᠠᠭ ᠦᠶ᠎ᠡ ᠳᠤ | ᠵᠤᠬᠢᠶᠠᠭᠳᠠᠭᠰᠠᠨ ᠭᠡᠳᠡᠭ᠃ | ᠳᠡᠷᠡ ᠪᠠᠰᠠ ᠬᠤᠰᠢᠭᠤ ᠨᠤᠳᠤᠭ ᠤᠨ ᠢᠶᠠᠨ ᠡᠮᠤᠨ᠎ᠠ ᠠᠴᠠ ᠤᠯᠠᠨ ᠤᠳᠠᠭ᠎ᠠ ᠬᠠᠳᠠᠭᠤ ᠰᠢᠷᠦᠭᠦᠨ᠂ ᠨᠠᠷᠢᠨ | ᠪᠤᠳᠤᠯᠢᠶᠠᠨ ᠲᠠᠢ ᠠᠯᠪᠠ᠂ ᠠᠴᠢᠨ ᠳᠤ ᠤᠴᠢᠷ ᠶᠠᠪᠤᠳᠠᠯ ᠢ ᠵᠦᠢ ᠵᠤᠬᠢᠰᠳᠠᠢ ᠰᠢᠢᠳᠪᠤᠷᠢᠯᠡᠭᠰᠠᠨ ᠪᠠ ᠳᠠᠮᠠᠭᠠᠨ | ᠪᠢᠴᠢᠭ᠂ ᠡᠷᠭᠦᠯᠳᠠ ᠪᠢᠴᠢᠭ ᠤᠳ ᠢ ᠮᠡᠳᠡᠭᠦᠯᠦᠨ ᠳᠡᠪᠰᠢᠭᠦᠯᠵᠦ᠂ ᠬᠤᠰᠢᠭᠤ ᠨᠤᠳᠤᠭ ᠪᠠ ᠴᠢᠨᠠᠭᠰᠢᠯᠠᠪᠠᠯ ᠰᠢᠯᠢ | ᠶᠢᠨ ᠭᠤᠤᠯ ᠤᠨ ᠴᠢᠭᠤᠯᠭᠠᠨ ᠤ ᠤᠷᠤᠰᠢᠨ ᠳᠤᠭᠳᠠᠨᠢᠬᠤ ᠠᠰᠠᠭᠤᠳᠠᠯ ᠳᠤ ᠴᠦ ᠵᠦᠪ ᠬᠠᠷᠢᠭᠤᠯᠳᠠ ᠦᠭᠴᠦ | ᠶᠠᠪᠤᠭᠰᠠ ᠢᠶᠠᠷ ︽ᠳᠡᠮᠤᠷ ᠰᠤᠮᠤ︾ ᠬᠡᠮᠡᠨ ᠠᠯᠳᠠᠷᠰᠢᠭᠰᠠᠨ ᠪᠢᠴᠢᠭ ᠤᠨ ᠡᠷᠳᠡᠮᠳᠡᠨ ᠪᠠᠶᠢᠪᠠ᠃ ᠵᠢᠱᠢᠶᠠᠯᠡᠪᠡᠯ᠄ | ᠨᠢᠭᠡ᠂ ᠴᠢᠩ ᠤᠯᠤᠰ ᠤᠨ ᠡᠵᠡᠨ ᠵᠤᠷᠭᠠᠨ ᠠᠴᠠ 1909 ᠤᠨ ᠳᠤ ᠰᠢᠯᠢ ᠶᠢᠨ ᠭᠤᠤᠯ ᠤᠨ ᠴᠢᠭᠤᠯᠭᠠᠨ | ᠳᠤ ᠵᠠᠷᠯᠢᠭ ᠢᠷᠡᠭᠦᠯᠵᠦ᠄ ︽ᠳᠠᠨ ᠤ ᠰᠦᠮ᠎ᠡ ᠬᠡᠶᠢᠳ ᠳᠤ ᠳᠦᠳᠡᠢ ᠯᠠᠮᠠ ᠠᠴᠠ ᠢᠯᠡᠭᠦᠦ ᠯᠠᠮᠠ ᠪᠠᠶᠢᠨ᠎ᠠ ᠤᠤ︖ | ᠦᠭᠡᠢ ᠤᠤ︖ ᠭᠡᠷᠪᠡ ᠪᠠᠶᠢᠪᠠᠯ ᠡᠵᠡᠨ ᠤ ᠡᠷ᠎ᠡ ᠴᠠᠭᠠᠨ ᠬᠤᠶᠠᠭ ᠢ ᠬᠡᠨ ᠡᠵᠡᠨ ᠮᠡᠳᠡᠵᠦ ᠯᠠᠮᠠ ᠪᠤᠯᠭᠠᠪᠠ᠂ ᠡᠨᠡ | ᠪᠣᠯ ᠤᠯᠤᠰ ᠳᠦᠷᠦ ᠶᠢᠨ ᠡᠩᠬᠡ ᠳᠠᠶᠢᠪᠤᠩ ᠢ ᠬᠠᠮᠠᠭᠠᠯᠠᠬᠤ ᠶᠠᠪᠤᠳᠠᠯ ᠢ ᠡᠪᠳᠡᠭᠰᠠᠨ ᠬᠡᠷᠡᠭ ᠪᠤᠯᠬᠤ ᠳᠤᠯᠠ ᠤᠯᠤᠰ | ᠳᠦᠷᠦ ᠶᠢ ᠬᠠᠷᠰᠢᠯᠠᠭᠰᠠᠨ ᠶᠠᠯᠠᠳᠤ ᠤᠴᠢᠷ ᠢᠶᠠᠨ ᠳᠤᠳᠤᠷᠬᠠᠢ ᠮᠡᠳᠡᠭᠦᠯ︾ ᠭᠡᠵᠠᠢ᠃ ᠡᠭᠦᠨ ᠢ ᠰᠢᠯᠢ ᠶᠢᠨ ᠭᠤᠤᠯ | ᠤᠨ ᠴᠢᠭᠤᠯᠭᠠᠨ ᠤ ᠠᠷᠪᠠᠨ ᠬᠤᠰᠢᠭᠤ ᠵᠦᠪᠳᠡᠯᠴᠡᠨ ᠡᠨᠡᠬᠦ ᠳᠦᠭᠰᠢᠭᠦᠷᠢᠳᠡᠢ ᠪᠠᠶᠢᠳᠠᠯ ᠢ ᠳᠠᠶᠢᠯᠠᠬᠤ ᠪᠠᠷ | ᠦᠵᠦᠮᠦᠴᠢᠨ ᠤ ᠭᠠᠮᠠᠯᠠ ᠪᠠᠷ ᠡᠷᠭᠦᠯᠳᠡ ᠶᠢᠨ ᠪᠢᠴᠢᠭ ᠳᠡᠪᠰᠢᠭᠦᠯᠦᠯᠪᠡ᠃ ᠴᠢᠩ ᠤᠯᠤᠰ ᠤᠨ ᠡᠵᠡᠨ ᠵᠤᠷᠭᠠᠨ | ᠠᠴᠠ ᠳᠤᠰ ᠪᠢᠴᠢᠭ ᠲᠤ ᠬᠠᠷᠢᠭᠤ ᠢᠷᠡᠭᠦᠯᠦᠭᠰᠠᠨ ᠦᠭᠡᠢ ᠪᠦᠭᠡᠳ ᠰᠢᠯᠢ ᠶᠢᠨ ᠭᠤᠤᠯ ᠤᠨ ᠴᠢᠭᠤᠯᠭᠠᠨ ᠠᠴᠠ | ᠳᠠᠬᠢᠨ ᠬᠡᠷᠡᠭ ᠨᠡᠬᠡᠭᠰᠠᠨ ᠦᠭᠡᠢ ᠦᠩᠭᠡᠷᠡᠭᠡᠵᠡᠢ᠃ | ᠬᠤᠶᠠᠷ᠂ 1911 ᠤᠨ ᠤ ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠤᠨ ᠦᠶᠡᠰ ᠭᠠᠳᠠᠭᠠᠳᠤ ᠮᠤᠩᠭᠤᠯ | ᠤᠨ ᠬᠠᠭᠠᠨᠳᠤ ᠳᠦᠷᠦ ᠠᠴᠠ ᠰᠢᠯᠢ ᠶᠢᠨ ᠭᠤᠤᠯ ᠤᠨ ᠴᠢᠭᠤᠯᠭᠠᠨ ᠢ ᠳᠠᠭᠠᠭᠤᠯᠵᠦ ᠠᠪᠬᠤ ᠶᠢ ᠱᠠᠭᠠᠷᠳᠠᠭᠰᠠᠨ ᠳᠤ | ᠭᠠᠮᠠᠯᠠ ᠦᠵᠦᠮᠦᠴᠢᠨ ᠵᠡᠭᠦᠨ ᠭᠠᠷᠤᠨ ᠬᠤᠰᠢᠭᠤ ᠪᠠᠨ ᠳᠦᠯᠦᠭᠡᠯᠡᠨ ᠡᠷᠭᠦᠯᠳᠡ ᠪᠢᠴᠢᠭ ᠳᠡᠪᠰᠢᠭᠦᠯᠦᠭᠰᠡᠨ ᠢ | ᠴᠢᠭᠤᠯᠭᠠᠨ ᠤ ᠬᠤᠷᠠᠯ ᠢᠶᠠᠷ ᠵᠦᠪᠳᠡᠯᠴᠡᠭᠡᠳ᠂ ᠭᠠᠮᠠᠯᠠ ᠶᠢᠨ ᠪᠢᠴᠢᠭᠰᠡᠨ ᠡᠷᠭᠦᠯᠳᠡ ᠶᠢᠨ ᠪᠢᠴᠢᠭ ᠢ ᠰᠠᠨᠠᠯ ᠨᠢᠭᠡᠳᠡᠢ | ᠪᠠᠳᠤᠯᠠᠨ᠂ ᠰᠡᠶᠢᠷᠡᠭᠦᠯᠦᠨ ᠠᠪᠴᠦ ᠳ᠋ᠠ ᠶᠢᠨ ᠳᠠᠮᠠᠭ᠎ᠠ ᠳᠠᠷᠤᠨ ᠭᠠᠳᠠᠭᠠᠳᠤ ᠮᠤᠩᠭᠤᠯ ᠤᠨ ᠬᠠᠭᠠᠨᠳᠤ | ᠬᠦᠷᠭᠡᠭᠦᠯᠦᠭᠰᠠᠨ ᠠᠴᠠ ᠭᠠᠳᠠᠭᠠᠳᠤ ᠮᠤᠩᠭᠤᠯ ᠤᠨ ᠱᠠᠭᠠᠷᠳᠠᠯᠭ᠎ᠠ ᠳᠡᠪᠴᠢᠭᠳᠡᠨ᠂ ᠰᠢᠯᠢ ᠶᠢᠨ ᠭᠤᠤᠯ ᠤᠨ ᠠᠷᠪᠠᠨ | ᠬᠤᠰᠢᠭᠤ ᠨᠤᠳᠤᠭ ᠤᠷᠤᠨ ᠠᠴᠠ ᠪᠠᠨ ᠦᠯᠦ ᠬᠠᠭᠠᠴᠠᠨ ᠤᠷᠤᠰᠢᠨ ᠳᠤᠭᠳᠠᠨᠢᠵᠦ ᠴᠢᠳᠠᠭᠰᠠᠨ ᠪᠠᠶᠢᠨ᠎ᠠ᠃ | | ᠭᠤᠷᠪᠠ᠂ ᠳᠤᠮᠳᠠᠳᠤ ᠢᠷᠭᠡᠨ ᠤᠯᠤᠰ ᠤᠨ ᠠᠷᠪᠠᠨ ᠳᠠᠪᠤᠳᠤᠭᠠᠷ ᠤᠨ ︵1926 ᠤᠨ︶ ᠤ ᠨᠠᠮᠤᠷ | ᠳᠡᠤᠬᠡᠨ ᠳᠤ ᠨᠡᠷᠡᠳᠡᠢ ︽ᠶᠦᠯᠵᠢᠯ ᠤᠨ ᠠᠴᠢᠨ︾ ᠤ ᠰᠢᠭᠦᠨ ᠳᠠᠰᠤᠯᠠᠯᠳᠠ ᠳᠤ ᠳᠤᠰᠠᠯᠠᠭᠴᠢ ᠸᠠᠩᠴᠢᠨᠰᠦ᠋ᠷᠦᠩ | ᠲᠠᠢ ᠬᠠᠮᠳᠦ ᠭᠠᠮᠠᠯᠠ ᠤᠷᠤᠯᠴᠠᠭᠰᠠᠨ ᠪᠠᠶᠢᠨ᠎ᠠ᠃ ᠪᠠᠰᠠ ᠨᠢᠭᠡ ᠤᠳᠠᠭ᠎ᠠ ᠬᠠᠯᠬ᠎ᠠ ᠶᠢᠨ ᠨᠢᠭᠡᠨ ᠬᠤᠰᠢᠭᠤ ᠲᠠᠢ | ᠨᠤᠳᠤᠭ ᠤᠨ ᠠᠴᠢᠨ ᠬᠢᠵᠦ ᠤᠷᠠᠨ ᠠᠷᠭ᠎ᠠ ᠪᠠᠷ ᠠᠴᠢᠨ ᠠᠪᠤᠭᠰᠠᠠ ᠭᠡᠳᠡᠭ᠃ | ᠭᠠᠮᠠᠯᠠ ᠦᠪᠡᠷ ᠤᠨ ᠦᠨᠳᠦᠰᠦᠳᠡᠨ ᠤ ᠪᠠᠨ ᠳᠡᠤᠬᠡ ᠱᠠᠰᠳᠢᠷ ᠢ ᠰᠠᠶᠢᠨ ᠮᠡᠳᠡᠬᠦ ᠠᠴᠠ ᠭᠠᠳᠠᠨ᠎ᠠ᠂ ᠬᠢᠳᠠᠳ | ᠦᠨᠳᠦᠰᠦᠳᠡᠨ ᠤ ᠠᠯᠳᠠᠷᠳᠤ ᠷᠤᠮᠠᠨ ᠳᠤᠭᠤᠵᠢ ᠶᠢ ᠤᠩᠰᠢᠵᠦ ᠨᠡᠪᠳᠡᠷᠡᠭᠰᠠᠨ ᠪᠦᠭᠡᠳ ᠪᠤᠷᠬᠠᠨ ᠱᠠᠰᠢᠨ ᠤ ᠨᠤᠮ | ᠰᠤᠳᠤᠷ ᠤᠨ ᠶᠤᠰᠤ ᠶᠢ ᠴᠦ ᠰᠠᠶᠢᠨ ᠮᠡᠳᠡᠳᠡᠭ ᠠᠵᠠᠢ᠃ ᠡᠨᠡ ᠨᠢ ᠳᠡᠭᠦᠨ ᠤ ︽ᠤᠩᠭᠤᠨ ᠴᠠᠭᠠᠨ ᠰᠤᠮᠤᠨ ᠤ | ᠮᠠᠭᠳᠠᠭᠠᠯ︾᠂ ︽ᠬᠤᠭᠤᠷᠴᠢᠨ ᠴᠤᠭᠤᠷᠴᠢᠨ ᠤ ᠳᠤᠬᠠᠢ︾᠂ ︽ᠰᠤᠷ ᠤᠨ ᠬᠤᠯᠪᠤᠭ᠎ᠠ︾᠂ ︽ᠠᠯᠳᠠᠨ | ᠳᠠᠯᠠᠯᠭ᠎ᠠ ᠶᠢᠨ ᠮᠠᠭᠳᠠᠭᠠᠯ︾ ᠵᠡᠷᠭᠡ ᠳᠤ ᠢᠯᠡ ᠳᠤᠳᠤᠷᠬᠠᠢ ᠬᠠᠷᠠᠭᠳᠠᠵᠦ ᠪᠠᠶᠢᠨ᠎ᠠ᠃ | ᠮᠤᠩᠭᠤᠯ ᠤᠯᠤᠰ ᠤᠨ ᠠᠯᠳᠠᠷᠳᠤ ᠡᠷᠳᠡᠮᠳᠡᠨ ᠴ᠊ · ᠲᠠᠮᠳᠢᠨᠰᠦ᠋ᠷᠦᠩ ᠳᠡᠭᠦᠨ ᠤ ︽ᠨᠠᠶᠢᠷ ᠤᠨ ᠪᠦᠬᠡ︾ | ᠬᠡᠳᠡᠭ ᠰᠢᠯᠦᠭ ᠢ ᠨᠢ ︽ᠮᠤᠩᠭᠤᠯ ᠤᠷᠠᠨ ᠵᠤᠬᠢᠶᠠᠯ ᠤᠨ ᠳᠡᠭᠡᠵᠢ ᠵᠠᠭᠤᠨ ᠪᠢᠯᠢᠭ ᠤᠷᠤᠰᠢᠪᠠᠢ︾ ᠬᠡᠮᠡᠬᠦ ᠨᠤᠮ ᠳᠤ | ᠤᠷᠤᠭᠤᠯᠠᠨ ᠨᠡᠶᠢᠳᠡᠯᠡᠭᠰᠠᠨ ᠪᠠᠶᠢᠨ᠎ᠠ᠃ | — ︵ᠮᠣᠩᠭᠤᠯ ᠰᠣᠳᠣᠯᠣᠯ ᠤᠨ ᠰᠤᠷᠠᠭ ᠵᠠᠩᠬᠢ︶ ᠠᠴᠠ |