ᠭᠤ ᠳᠠᠪᠬᠠᠢ | ᠦᠵᠦᠮᠦᠴᠢᠨ ᠶᠡᠭᠡ ᠨᠡᠭᠦᠳᠡᠯ | | ᠠᠭᠤᠯᠭ᠎ᠠ ᠶᠢᠨ ᠳᠣᠪᠴᠢ ᠄ ᠳᠣᠰ ᠦᠭᠦᠯᠡᠯ ᠤᠨ ᠭᠤᠣᠯ ᠠᠭᠤᠯᠭ᠎ᠠ ᠨᠢ ᠭᠡᠪᠡᠯ ᠥᠪᠡᠷ ᠢ ᠢᠶᠠᠨ ︽ᠣᠢ | ᠶᠢᠨ ᠢᠷᠡᠭᠡᠳ︾ ᠠᠴᠠ ᠭᠠᠷᠣᠯ ᠲᠠᠢ ᠭᠡᠵᠤ ᠦᠵᠡᠳᠡᠭ᠃ ᠦᠵᠮᠦᠴᠢᠨ ᠠᠶᠢᠮᠠᠭ ᠤᠨ ᠬᠢᠨ ᠳᠡᠭᠡᠷ᠎ᠡ ᠦᠶ᠎ᠡ ᠳᠡᠭᠡᠨ | ᠪᠣᠯ ᠪᠠᠷᠤᠭ ᠪᠠᠶᠢᠭᠠᠯ ᠨᠠᠭᠤᠷ᠂ ᠳᠠᠩᠨᠣ᠂ ᠠᠯᠳᠠᠢ ᠬᠠᠩᠭᠠᠢ ᠪᠠᠷ ᠳᠠᠮᠵᠢᠨ᠂ ᠲᠡᠣᠬᠡᠳᠣ ᠴᠢᠨᠠᠷ ᠲᠠᠢ ︽ᠶᠡᠭᠡ ᠨᠡᠭᠦᠳᠡᠯ | ︾ ᠬᠢᠵᠤ ᠢᠷᠡᠭᠰᠡᠨ ᠭᠡᠵᠤ ᠦᠵᠡᠭᠰᠡᠨ ᠪᠠ ᠣᠳᠣᠷ ᠨᠡᠭᠦᠳᠡᠯ ᠢᠶᠠᠷ ᠢᠶᠠᠨ ᠳᠡᠭᠵᠢᠷᠡᠵᠤ᠂ ᠨᠡᠭᠦᠳᠡᠯ ᠠᠶᠠᠯᠠᠯ ᠤᠨ | ᠳᠣᠮᠳᠠ ᠪᠠᠨ ᠣᠪᠣᠭ ᠣᠭᠰᠠᠭ᠎ᠠ ᠪᠠᠨ ᠥᠷᠭᠡᠳᠬᠡᠨ ᠴᠢᠳᠠᠭᠰᠠᠨ ᠭᠡᠵᠦ ᠦᠵᠡᠭᠰᠡᠨ ᠪᠠᠶᠢᠨ᠎ᠠ᠃ ᠡᠶᠢᠨᠬᠦ ᠬᠡᠴᠢᠨᠡᠨ | ᠣᠳᠠᠭᠠᠨ ᠤ ᠨᠠᠰᠢ ᠴᠠᠰᠢ ᠶᠢᠨ ᠨᠡᠭᠦᠳᠡᠯ ᠪᠣᠶᠣ ᠠᠶᠠᠯᠠᠯ ᠪᠠᠷ ᠳᠠᠮᠵᠢᠨ ᠰᠡᠭᠦᠯᠡᠷ ᠨᠢ ᠰᠠᠶ᠋ᠢ ᠣᠳᠣ ᠶᠢᠨ ᠨᠣᠳᠤᠭ | ᠳᠠᠭᠠᠨ ᠬᠥᠯ ᠳᠣᠭᠳᠠᠨᠢᠭᠰᠠᠨ ᠭᠡᠵᠤ ᠦᠵᠡᠭᠰᠡᠨ ᠪᠠᠶᠢᠨ᠎ᠠ᠃ ︽ᠦᠵᠦᠮᠦᠴᠢᠨ︾ ᠨᠢ ᠴᠣᠬᠤᠮ ᠠᠯᠢ ᠦᠶ᠎ᠡ ᠠᠴᠠ | ᠡᠬᠢᠯᠡᠭᠰᠡᠨ ᠭᠡᠳᠡᠭ ᠨᠢ ᠲᠣᠳᠣ ᠦᠭᠡᠢ ᠪᠣᠯᠪᠠᠴᠦ ︽ ᠦᠵᠦᠮᠦᠴᠢᠨ︾ ᠬᠡᠮᠡᠬᠦ ᠨᠡᠷᠡᠶᠢᠳᠣᠯ ᠢᠶᠠᠨ | ᠰᠡᠷᠭᠦᠭᠡᠭᠰᠡᠨ ᠠᠴᠠ ᠨᠠᠭᠠᠰᠢ ᠦᠵᠦᠮᠦᠴᠢᠨ ᠠᠶᠢᠮᠠᠭ ᠨᠢ ᠰᠡᠷᠭᠦᠨ ᠮᠠᠠᠳᠠᠯᠳᠠ ᠶᠢᠨ ᠱᠠᠳᠣᠨ ᠳᠠᠭᠠᠨ ᠰᠢᠯᠵᠢᠭᠰᠡᠨ | ᠪᠦᠭᠡᠳ ᠲᠡᠣᠬᠡᠨ ᠣᠯᠠ ᠮᠥᠷ ᠠᠴᠠ ᠪᠠᠷᠣᠭᠯᠠᠪᠠᠯ ︽ᠶᠡᠭᠡ ᠨᠡᠭᠦᠳᠡᠯ︾ ᠢ ᠠᠳᠠᠭ ᠳᠠᠭᠠᠨ ᠳᠠᠪᠤ ᠠᠴᠠ ᠳᠡᠭᠡᠭᠰᠢᠬᠢ | ᠣᠳᠠᠭ᠎ᠠ ᠬᠢᠭᠰᠡᠨ ᠪᠣᠯᠣᠯᠳᠠᠢ ᠭᠡᠬᠦ ᠮᠡᠳᠣ ᠪᠠᠷ ᠦᠭᠦᠯᠡᠭᠰᠡᠨ ᠪᠠᠶᠢᠨ᠎ᠠ ᠃ | ᠵᠠᠩᠭᠢᠯᠭ᠎ᠠ ᠶᠢᠨ ᠦᠭᠡᠰ ᠄ ᠦᠵᠦᠮᠦᠴᠢᠨ ᠠᠶᠢᠮᠠᠭ ᠃ ᠲᠡᠣᠬᠡᠨᠨᠡᠭᠦᠳᠡᠯ ᠤᠨ ᠣᠯᠠ ᠮᠥᠷ ᠪᠠ | ᠰᠦᠪᠡᠭᠴᠢᠯᠡᠯᠲᠡ ᠃ | ᠦᠵᠦᠮᠦᠴᠢᠨ ᠤ ᠠᠮᠠᠨ ᠣᠯᠠᠮᠵᠢᠯᠠᠯᠲᠦ ᠲᠡᠣᠬᠡᠨ ᠳᠤ ︽ᠮᠠᠨ ᠤ ᠬᠢᠨ ᠤ ᠳᠡᠭᠡᠳᠣᠰ ᠠᠯᠲᠠᠢ ᠬᠠᠩᠭᠠᠢ ᠠᠴᠠ | ᠨᠡᠭᠦᠵᠦ ᠢᠷᠡᠭᠰᠡᠨ ᠁︾ ᠭᠡᠳᠡᠭ᠃ ᠵᠠᠷᠢᠮ ᠲᠡᠣᠬᠡᠨ ᠲᠡᠮᠳᠡᠭᠯᠡᠯ ᠠᠴᠠ ᠠᠩᠬᠠᠷᠠᠪᠠᠯ ᠦᠵᠦᠮᠦᠴᠢᠨ ᠠᠶᠢᠮᠠᠭ ᠨᠢ | ᠠᠯᠢ ᠡᠷᠲᠡᠨ ᠤ ᠨᠢᠭᠡᠨ ᠵᠢᠵᠢᠭ ︽ᠠᠶᠢᠮᠠᠭ ᠪᠦᠯᠦᠭ ︾ ᠪᠠᠶᠢᠭᠰᠠᠨ ᠮᠠᠭᠠᠳ ᠦᠭᠡᠢ ᠪᠦᠭᠡᠳ ᠢᠯᠠᠩᠭᠤᠶ᠎ᠠ | ᠮᠣᠩᠭᠤᠯ ᠤᠨ ᠲᠥᠷᠦ ᠭᠦᠷᠦᠨ ᠳᠤ ᠬᠦᠴᠣ ᠴᠢᠳᠠᠯ ᠢᠶᠠᠨ ᠡᠷᠭᠦᠵᠦ ᠶᠠᠪᠣᠭᠰᠠᠨ ᠪᠠ ᠴᠢᠩᠭᠢᠰ ᠤᠨ ᠬᠦᠪᠡᠭᠦᠳ | ᠤᠨ ᠬᠠᠷᠢᠶᠠᠨ ᠳᠤ ᠣᠷᠣᠭᠰᠠᠨ ︽ᠣᠢ ᠶᠢᠨ ᠢᠷᠭᠡᠨ ︵ᠣᠶᠢᠷᠠᠳ︶︾ ᠪᠠᠶᠢᠭᠰᠠᠨ ᠭᠡᠳᠡᠭ ᠰᠣᠳᠣᠯᠯᠤᠭᠠ ᠲᠠᠢ | ᠶᠤᠮ᠃ ᠭᠡᠪᠡᠴᠣ ᠶᠡᠭᠡ ᠮᠣᠩᠭᠤᠯ ᠤᠨ ᠲᠥᠷᠦ ᠳᠣᠭᠳᠠᠨᠢᠬᠤ ᠶᠢᠨ ᠡᠮᠦᠨ᠎ᠡ ᠬᠤᠶᠢᠨ᠎ᠡ ︽ᠣᠢ ᠶᠢᠨ ᠢᠷᠭᠡᠨ︾ ᠪᠣᠶᠣ | ᠭᠢᠷᠭᠢᠰ ᠲᠦᠮᠡᠨ ᠤ ᠬᠦᠷᠢᠶᠡᠨ ᠳᠤ ᠪᠠᠶᠢᠭᠰᠠᠨ ᠠᠴᠠ ᠪᠣᠯᠵᠤ ︽ᠪᠠᠷᠠᠭᠤᠨ ᠲᠦᠮᠡᠨ︾ ᠳᠤ ᠪᠠᠶᠢᠭᠰᠠᠨ ᠪᠣᠯᠵᠣᠰᠢ | ᠦᠭᠡᠢ ᠭᠡᠵᠤ ᠬᠦᠮᠦᠰ ᠶᠠᠷᠢᠳᠠᠭ ᠶᠤᠮ᠃ ᠮᠥᠷᠳᠡᠯ ᠠᠴᠠ ᠦᠵᠡᠪᠡᠯ ᠲᠡᠣᠬᠡᠨ ᠳᠡᠭᠡᠷ᠎ᠡ ᠮᠠᠰᠢ ᠣᠯᠠᠨ ᠣᠳᠠᠭᠠᠨ ᠤ | ︽ᠶᠡᠭᠡ ᠨᠡᠭᠦᠳᠡᠯ︾ ᠢ ᠬᠥᠭᠡᠭᠡᠵᠤ᠂ ᠲᠦᠮᠡᠨ᠂ ᠣᠳᠤᠭ᠂ ᠳᠡᠳ᠋ ᠮᠢᠩᠭᠠᠨ ᠪᠠ ᠬᠤᠰᠢᠭᠤ ᠵᠠᠬᠢᠷᠭᠠᠨ ᠢᠶᠠᠷ | ᠳᠠᠪᠰᠢᠵᠤ ᠶᠠᠪᠣᠭᠰᠠᠨ ᠪᠣᠯᠣᠯᠲᠠᠢ ᠭᠡᠵᠤ ᠪᠣᠳᠣᠭᠳᠠᠨ᠎ᠠ᠃ ᠡᠨᠡ ᠳᠣᠬᠠᠢ ᠳᠣᠣᠷᠠᠬᠢ ᠮᠡᠲᠦ ᠬᠡᠳᠣᠨ ᠲᠠᠯ᠎ᠠ ᠪᠠᠷ | ᠳᠣᠪᠴᠢᠯᠠᠨ ᠦᠭᠦᠯᠦᠰᠦᠭᠡᠢ᠃ | ᠨᠢᠭᠡ᠂ ᠵᠦᠴᠢ ᠲᠣᠯᠢ ᠶᠢᠨ ᠦᠵᠦᠮᠦᠴᠢᠨ | ᠦᠵᠦᠮᠦᠴᠢᠨ ᠪᠠᠷᠤᠭ ︽ᠣᠶᠢᠷᠠᠳ︾ ᠠᠴᠠ ᠣᠯᠪᠠᠭ᠎ᠠ ᠲᠠᠢ ᠠᠶᠢᠮᠠᠭ ᠭᠡᠵᠤ ᠮᠠᠨ ᠤ ᠠᠬᠠᠮᠠᠳ ᠦᠵᠡᠳᠡᠭ | ᠶᠤᠮ᠃ ᠡᠨᠡᠬᠦ ᠦᠵᠡᠯᠲᠡ ᠶᠢᠨ ᠭᠤᠣᠯ ᠢᠷᠡᠯᠳᠡ ᠭᠡᠪᠡᠯ ︽ᠮᠣᠩᠭᠤᠯ ᠤᠨ ᠨᠢᠭᠤᠴᠠ ᠳᠣᠪᠴᠢᠶᠠᠨ︾① ᠳᠤ ︽ ᠁ | 1207 ᠣᠨ ᠳᠤ ᠵᠦᠴᠢ ᠪᠠᠷᠠᠭᠤᠨ ᠣᠶᠢᠷᠠᠳ ᠢ ᠣᠷᠣᠭᠤᠯᠣᠨ ᠠᠪᠣᠪᠠ᠃ ᠲᠡᠭᠦᠨ ᠳᠤ ᠲᠠᠩᠨᠣ ᠣᠷᠢᠶᠠᠩᠬᠠᠢ ᠳᠤ | ᠨᠣᠳᠣᠭᠯᠠᠵᠤ ᠪᠠᠶᠢᠭᠰᠠᠨ ᠭᠢᠷᠭᠢᠰᠴᠣᠳ ᠤᠨ ᠨᠣᠶᠠᠳ ᠶᠢᠳᠢ ᠢᠨᠠᠯ ᠪᠠᠰᠠ ᠴᠠᠭᠠᠨ ᠰᠢᠩᠬᠤᠳ᠂ ᠴᠠᠭᠠᠨ ᠠᠭᠳᠠᠰ᠂ | ᠬᠠᠷ᠎ᠠ ᠪᠣᠯᠭᠠᠨ ᠠᠷᠠᠰᠣ ᠠᠪᠴᠣ ᠢᠷᠡᠨ ᠰᠠᠶᠢᠨ ᠳᠣᠷ᠎ᠠ ᠠᠴᠠ ᠪᠠᠨ ᠵᠦᠴᠢ ᠳᠤ ᠪᠠᠭᠤᠨ ᠥᠭᠴᠣ ᠁︾ | ᠬᠡᠮᠡᠭᠰᠡᠨ ᠳᠡᠮᠳᠡᠭᠯᠡᠯ ᠪᠠᠶᠢᠳᠠᠭ ᠪᠣᠯᠬᠤᠷ ᠦᠵᠦᠮᠦᠴᠢᠨ ᠤ ᠣᠷᠢᠶᠠᠩᠬᠠᠢ ᠨᠠᠷ ᠪᠣᠯ ᠲᠡᠭᠦᠨ ᠳᠤ ᠪᠠᠭᠳᠠᠵᠤ ᠪᠠᠶᠢᠭᠰᠠᠨ | ᠪᠣᠯᠵᠣᠰᠢ ᠦᠭᠡᠢ ᠭᠡᠵᠤ ᠡᠷᠳᠡᠮᠲᠡᠳ ᠶᠠᠷᠢᠵᠠᠭᠠᠳᠠᠭ ᠪᠠ ᠴᠢᠩᠭᠢᠰ ᠬᠠᠭᠠᠨ ᠳᠡᠭᠡᠭᠡᠳ ︽ᠬᠤᠳᠤᠭ᠎ᠠ ᠪᠠᠬᠢ ᠶᠢ | ᠣᠷᠢᠳᠠᠪᠡᠷ ᠪᠠᠭᠤᠨ ᠥᠭᠴᠣ ᠲᠦᠮᠡᠨ ᠣᠶᠢᠷᠠᠳ ᠢ ᠳᠠᠭᠠᠭᠤᠯᠣᠨ ᠢᠷᠡᠭᠰᠡᠨ ᠭᠡᠵᠤ ᠰᠣᠶᠣᠷᠬᠠᠨ᠂ ᠢᠨᠠᠯᠴᠢ ᠳᠤ | ᠴᠡᠴᠡᠶᠢᠬᠡᠨ ᠭᠦᠩᠵᠣ ᠶᠢ ᠥᠭᠴᠣ᠂ ᠢᠨᠠᠯᠴᠢ ᠶᠢᠨ ᠠᠬ᠎ᠠ ᠳᠤ ᠵᠦᠴᠢ ᠶᠢᠨ ᠣᠬᠢᠨ ᠬᠤᠯᠣᠶᠢᠬᠠᠨ ᠢ ᠥᠭᠭᠦᠪᠡ᠃︾ | ᠭᠡᠰᠡᠨ ᠪᠠᠶᠢᠳᠠᠭ᠃ ᠮᠥᠨᠴᠣ ︽ ᠁ ᠡᠭᠦᠨ ᠠᠴᠠ ᠡᠬᠢᠯᠡᠨ ᠣᠶᠢᠷᠠᠳ ᠨᠢ ᠴᠢᠩᠭᠢᠰ ᠬᠠᠭᠠᠨ ᠤ ᠠᠯᠳᠠᠨ | ᠣᠷᠣᠭᠳᠠᠨ ᠪᠣᠯᠵᠣ᠂ 16 ᠳ᠋ᠣᠭᠠᠷ ᠵᠠᠭᠤᠨ ᠪᠣᠯᠳᠠᠯ᠎ᠠ ᠦᠷᠭᠦᠯᠵᠢᠯᠡᠭᠰᠡᠨ ᠪᠢᠯᠡ᠃︾ ᠭᠡᠰᠡᠨ ᠰᠣᠳᠣᠯᠭᠠᠨ ᠴᠦ | ᠪᠠᠶᠢᠳᠠᠭ ᠶᠤᠮ᠃ | ᠰᠡᠭᠦᠯᠡᠷ ᠨᠢ ᠨᠣᠳᠤᠭ ᠣᠰᠣᠨ ᠤ ᠬᠤᠪᠢᠶᠠᠷᠯᠠᠯ ᠠᠴᠠ ᠪᠣᠯᠵᠤ ᠳᠡᠳᠡᠭᠡᠷ ᠠᠶᠢᠮᠠᠭ ᠪᠦᠯᠦᠭ ᠤᠳ ᠨᠢ ᠴᠢᠩᠭᠢᠰ | ᠤᠨ ᠳᠥᠷᠪᠡᠳᠣᠭᠡᠷ ᠬᠦᠪᠡᠭᠦᠨ ᠳᠣᠯᠣᠢ ᠶᠢᠨ ᠬᠠᠷᠢᠶᠠᠨ ᠳᠤ ᠣᠷᠣᠭᠰᠠᠨ ᠭᠡᠳᠡᠭ ᠦᠨᠳᠦᠰᠦᠯᠡᠯ ᠴᠦ ᠪᠠᠶᠢᠳᠠᠭ ᠶᠤᠮ᠃ | ᠳᠠᠬᠢᠭᠠᠳ ᠬᠡᠯᠡᠪᠡᠯ ︽ᠴᠢᠩᠭᠢᠰ ᠬᠠᠭᠠᠨ᠂ ᠪᠠᠭ᠎ᠠ ᠬᠦᠣ ᠳᠣᠯᠣᠢ ᠳᠠᠭᠠᠨ ᠥᠪᠡᠷ ᠤᠨ ᠭᠤᠣᠯ ᠣᠷᠳᠣᠨ ᠁ | ᠭᠡᠷ ᠤᠨ ᠬᠤᠭᠰᠢᠯ᠂ ᠭᠤᠣᠯ ᠨᠣᠳᠤᠭ ᠁︾ ᠢᠶᠠᠨ ᠥᠭᠴᠣ ᠵᠠᠬᠢᠷᠠᠭᠤᠯᠣᠭᠰᠠᠨ ᠭᠡᠳᠡᠭ ᠡᠰᠢ ᠪᠠᠷᠢᠮᠲᠡ ᠪᠣᠢ | ᠪᠦᠭᠡᠳ ᠲᠡᠷᠡᠬᠦ ︽ᠭᠤᠣᠯ ᠨᠣᠳᠤᠭ︾ ᠭᠡᠳᠡᠭ ᠨᠢ ︽ᠠᠯᠳᠠᠢ᠂ ᠬᠠᠩᠭᠠᠢ ᠶᠢᠨ ᠠᠭᠤᠯᠠ ᠨᠢᠷᠣᠭᠤᠳ ᠪᠠᠷ | ᠭᠤᠣᠯᠯᠠᠭᠰᠠᠨ ᠮᠣᠩᠭᠤᠯ ᠤᠨ ᠥᠨᠳᠦᠷᠯᠢᠭ ᠵᠢᠴᠢ ᠲᠡᠭᠦᠨ ᠤ ᠰᠠᠪᠠ ᠭᠠᠵᠠᠷ ᠁ ᠶᠡᠭᠡ ᠭᠤᠪᠢ ᠶᠢᠨ | ᠮᠣᠩᠭᠤᠯᠴᠣᠳ ᠪᠦᠷ ᠬᠠᠷᠢᠶᠠᠯᠠᠭᠳᠠᠵᠤ᠂ ᠲᠡᠭᠦᠨ ᠳᠤ ᠦᠵᠦᠮᠦᠴᠢᠨ ᠢ ᠪᠠᠭᠳᠠᠭᠠᠵᠤ ᠪᠠᠶᠢᠪᠠ᠃ ᠲᠡᠷᠡ ᠨᠢ ᠬᠤᠵᠢᠮ | ᠤᠨ ᠦᠵᠦᠮᠦᠴᠢᠨ ᠤ ᠦᠶ᠎ᠡ ᠣᠯᠠᠷᠢᠨ ᠴᠢᠩᠭᠢᠰ ᠬᠠᠭᠠᠨ᠂ ᠳᠣᠯᠣᠢ ᠶᠢᠨ ᠬᠠᠷᠢᠶ᠎ᠠ ᠵᠠᠬᠢᠷᠠᠣᠯ ᠳᠤ ᠪᠠᠶᠢᠬᠤ ᠶᠢ | ᠰᠠᠭᠤᠷᠢᠯᠠᠵᠡᠢ᠃︾ ᠭᠡᠰᠡᠨ ᠵᠠᠷᠢᠮ ᠰᠣᠳᠣᠯᠭᠠᠨ ᠴᠦ ᠪᠠᠶᠢᠳᠠᠭ᠃ ᠣᠣᠯ ᠤᠨ ᠦᠵᠦᠮᠦᠴᠢᠨ ᠪᠠᠷᠠᠭᠤᠨ ᠬᠤᠰᠢᠭᠤᠨ | ᠤ ᠸᠠᠩ ᠤᠨ ᠣᠷᠳᠣᠨ ᠠᠴᠠ ᠢᠯᠡᠷᠡᠭᠰᠡᠨ ︽ᠡᠷᠳᠡᠨᠢ ᠶᠢᠨ ᠲᠣᠨᠣᠮᠠᠯ ᠨᠡᠷᠡᠲᠦ ︵ᠦᠶ᠎ᠡ ᠵᠠᠯᠭᠠᠮᠵᠢ ᠶᠢᠨ ᠬᠦᠰᠦᠨᠦᠭᠳᠣ | ︶︾② ᠳᠤ ᠥᠪᠡᠷ ᠤᠨ ᠳᠡᠭᠡᠳᠣᠰ ᠢᠶᠠᠨ ᠴᠢᠩᠭᠢᠰ᠂ ᠳᠣᠯᠣᠢ᠂ ᠬᠤᠪᠢᠯᠠᠢ᠂ ᠪᠠᠳᠣᠮᠥᠩᠬᠡ᠂ ᠲᠥᠷᠦᠪᠣᠯᠣᠳ᠂ | ᠪᠣᠳᠢ ᠠᠯᠠᠭ ᠪᠠ ᠣᠩᠭᠤᠨ ᠳᠣᠷᠠᠯ ᠁ ︾ ᠭᠡᠬᠦᠴᠢᠯᠡᠨ ᠳᠣᠭᠠᠯᠠᠭᠰᠠᠨ ᠴᠦ ᠪᠠᠶᠢᠳᠠᠭ᠃ ᠡᠭᠦᠨ ᠤ | ᠵᠡᠷᠭᠡᠴᠡᠭᠡᠪᠡᠷ ︽ᠦᠵᠦᠮᠦᠴᠢᠨ ᠨᠢ ᠲᠦᠮᠡᠨ ᠭᠢᠷᠭᠢᠰ ᠤᠨ ᠡᠩᠨᠡᠭᠡᠨ ᠳᠤ ᠪᠠᠶᠢᠯ᠎ᠠ ᠁︾ ᠭᠡᠵᠤ ᠵᠠᠷᠢᠮ | ᠬᠦᠮᠦᠰ ᠦᠵᠡᠳᠡᠭ ᠨᠢ ᠪᠠᠰᠠ ᠵᠥᠪ ᠪᠠᠶᠢᠵᠤ ᠪᠣᠯᠬᠤ ᠶᠤᠮ᠃ ᠳᠠᠭᠤ ᠳᠤᠨᠢ ᠳᠣᠷᠠᠳᠬᠤ ᠳᠤ ᠬᠡᠳᠣᠶᠢᠪᠡᠷ | ᠦᠵᠦᠮᠦᠴᠢᠨ ᠢ ᠵᠥᠪᠬᠡᠨᠨᠢᠭᠡᠨ ︽ᠣᠳᠤᠭ︾ ᠲᠡᠳᠣᠢ ᠪᠠᠶᠢᠯ᠎ᠠ ᠭᠡᠳᠡᠭ ᠪᠣᠯᠪᠠᠴᠦ ᠦᠵᠦᠮᠦᠴᠢᠨ ᠠᠷᠠᠳ ᠤᠨ ᠠᠮᠠᠨ | ᠣᠯᠠᠮᠵᠢᠯᠠᠯ ᠳᠤ ᠶᠠᠷᠢᠶᠠᠨ ᠳᠤ ᠦᠵᠦᠮᠦᠴᠢᠨ ᠨᠣᠶᠠᠨ ᠣᠩᠭᠤᠨᠳᠣᠷᠠᠯ ᠢ ︽ᠳᠡᠳ᠋ ᠮᠢᠩᠭᠠᠨ ᠤ ᠵᠡᠷᠭᠡ ᠲᠠᠢ ᠪᠠᠶᠢᠭᠰᠠᠨ | ᠁︾ ᠭᠡᠰᠡᠨ ᠶᠠᠷᠢᠶ᠎ᠠ ᠪᠣᠯ ᠪᠠᠶᠢᠳᠠᠭ ᠶᠤᠮ᠃ ᠶᠠᠭᠤ ᠪᠣᠯᠪᠠᠴᠦ ᠴᠢᠩᠭᠢᠰ ᠬᠠᠭᠠᠨ ᠪᠦᠬᠦ ᠮᠣᠩᠭᠤᠯ ᠢ ︽ | ᠭᠤᠷᠪᠠᠨ ᠲᠦᠮᠡᠨ︾ ᠪᠣᠯᠭᠠᠨ ᠵᠠᠬᠢᠷᠣᠬᠤ ᠦᠶᠡᠰ ᠲᠤ ᠦᠵᠦᠮᠦᠴᠢᠨ ᠨᠢ ︽ᠣᠶᠢᠷᠠᠳ︾ ᠪᠣᠶᠣ ︽ᠪᠠᠷᠠᠭᠤᠨ | ᠲᠦᠮᠡᠨ︾ ᠳᠤ ᠪᠠᠭᠳᠠᠵᠣ ᠪᠠᠶᠢᠭᠰᠠᠨ ᠭᠡᠳᠡᠭ ᠨᠢ ᠣᠷᠣ ᠲᠠᠢ ᠪᠦᠭᠡᠳ ᠲᠡᠷᠡᠬᠦ ︽ᠪᠠᠷᠠᠭᠤᠨ ᠭᠠᠷ ᠤᠨ ᠲᠦᠮᠡᠨ ᠨᠢ | ᠠᠯᠳᠠᠢ ᠠᠭᠤᠯᠠ ᠶᠢ ᠳᠡᠷᠡᠯᠨᠡ ᠁︾ ᠭᠡᠰᠡᠨ ᠲᠠᠶᠢᠯᠠᠪᠦᠷᠢ ᠪᠠᠶᠢᠳᠠᠭ ᠠᠴᠠ ᠪᠣᠳᠣᠪᠠᠯ ᠦᠵᠦᠮᠦᠴᠢᠨ ᠤ | ᠠᠩᠬᠠᠳᠠᠭᠴᠢ ᠶᠡᠭᠡ ᠨᠡᠭᠦᠳᠡᠯ ᠨᠢ ᠪᠣᠯ ᠳᠠᠷᠣᠢ ᠪᠠᠶᠢᠭᠠᠯ ᠳᠠᠯᠠᠢ ᠬᠠᠪᠢ ᠠᠴᠠ ᠠᠯᠳᠠᠢ ᠣᠷᠣᠭᠤ ᠰᠢᠯᠵᠢᠭᠰᠡᠨ ᠠᠩᠬᠠᠨ | ᠤ ᠶᠡᠭᠡ ᠨᠡᠭᠦᠳᠡᠯ ᠪᠣᠯᠬᠤ ᠪᠦᠭᠡᠳ ᠲᠡᠷᠡᠬᠦ ᠴᠠᠭ ᠦᠶ᠎ᠡ ᠶᠢ ︽ᠵᠦᠴᠢ ᠳᠣᠯᠣᠢ ᠶᠢᠨ ᠦᠵᠦᠮᠦᠴᠢᠨ ︾ ᠭᠡᠵᠤ | ᠪᠣᠯᠬᠤ ᠶᠤᠮ᠃ | ᠬᠤᠶᠠᠷ᠂ ᠠᠯᠲᠠᠢ ᠬᠠᠩᠭᠠᠢ ᠶᠢᠨ ᠦᠵᠦᠮᠦᠴᠢᠨ | ᠦᠵᠦᠮᠦᠴᠢᠨ ᠠᠶᠢᠮᠠᠭ ᠢ ᠣᠣᠯ ᠨᠢ ᠠᠯᠲᠠᠢ ᠬᠠᠩᠭᠠᠢ ᠪᠠᠷ ᠨᠣᠳᠣᠭᠯᠠᠵᠤ᠂ ︽ᠪᠠᠷᠠᠭᠤᠨ ᠮᠣᠩᠭᠤᠯ︾ ᠲᠤ | ᠪᠠᠶᠢᠭᠰᠠᠨ ᠭᠡᠳᠡᠭ ᠳᠣᠬᠠᠢ ᠮᠠᠨ ᠤ ᠬᠤᠰᠢᠭᠤᠨ ᠤ ᠲᠡᠣᠬᠡ ᠰᠣᠳᠣᠯᠣᠭᠠᠴᠢ ᠫᠡ᠊᠂ ᠳᠣᠭᠠᠷ᠂ ᠨ᠊᠂ ᠲᠡᠮᠡᠴᠡᠯᠳᠣ᠂ | ᠳ᠋ᠠᠷᠠᠬᠠ ᠨᠡᠷ ᠪᠠ ᠵᠣ᠂ ᠳᠡᠮᠪᠡᠷᠢᠯ᠂ ᠨ᠊᠂ ᠪᠦᠬᠡᠬᠠᠳᠠ᠂ ᠣ᠂ ᠶᠣᠨᠳᠣᠨ ᠨᠡᠷ ᠦᠵᠡᠳᠡᠭ ᠶᠤᠮ᠃ ᠢᠯᠠᠩᠭᠤᠶ᠎ᠠ | ᠳᠡᠭᠡᠷ᠎ᠡ ᠵᠠᠭᠤᠨ ᠤ ᠨᠠᠶᠠᠭᠠᠳ ᠣᠨ ᠳᠤ ᠮᠣᠩᠭᠤᠯ ᠣᠯᠣᠰ ᠤᠨ ᠡᠷᠳᠡᠮᠲᠡᠨ ᠰ᠊᠂ ᠫᠦᠷᠦᠪᠵᠠᠪ ᠪᠢᠴᠢᠭᠰᠡᠨ ᠦᠭᠦᠯᠡᠯ | ᠳᠡᠭᠡᠨ᠄ ︽ᠨᠢᠭᠤᠴᠠ ᠳᠣᠪᠴᠢᠶᠠᠨ᠂ ᠬᠦᠬᠡ ᠰᠣᠳᠣᠷ ᠤᠨ ᠠᠯᠢ ᠠᠯᠢᠨ ᠳᠤᠨᠢ ᠴᠦ ᠭᠢᠷᠬᠢᠰ ᠲᠦᠮᠡᠨ ᠤ ᠨᠣᠶᠠᠨ | ᠪᠠ ᠮᠢᠩᠭᠠᠨ ᠤ ᠨᠣᠶᠠᠨ᠂ ᠣᠢ ᠶᠢᠨ ᠢᠷᠡᠭᠡᠳ ᠤᠨ ᠨᠣᠶᠠᠳ ᠢ ᠢᠷᠡᠭᠰᠡᠨ ᠳᠤ ᠴᠢᠩᠭᠢᠰ ᠬᠠᠭᠠᠨ ᠵᠦᠴᠢ ᠶᠢ | ᠰᠣᠶᠣᠷᠬᠠᠵᠤ ᠣᠢ ᠶᠢᠨ ᠢᠷᠡᠭᠡᠳ ᠢ ᠡᠳᠡᠭᠡᠷ ᠢᠷᠡᠭᠡᠳ ᠢ ᠴᠢᠮᠠᠳᠣ ᠥᠭᠭᠦᠶ᠎ᠡ︕ ᠭᠤᠴᠢᠨ ᠵᠢᠷᠭᠤᠭᠠᠨ ᠶᠡᠭᠡ | ᠣᠯᠣᠰ᠂ ᠳᠠᠯᠠᠨ ᠬᠤᠶᠠᠷ ᠪᠠᠭ᠎ᠠ ᠠᠶᠢᠮᠠᠭ᠃ ᠳᠣᠪᠴᠢᠶᠠᠨ ᠠᠴᠠ ᠬᠤᠶᠢᠳ᠂ ᠣᠩᠭᠤᠳ᠂ ᠶᠦᠷᠺᠡᠨ ᠮᠢᠩᠭᠠᠨ᠂ | ᠦᠵᠦᠮᠦᠴᠢᠨ ᠭᠡᠬᠦ ᠮᠡᠳᠣ ᠪᠠᠷ ᠮᠢᠩᠭᠠᠨ ᠤ ᠳᠣᠬᠠᠢ ᠳᠣᠷᠠᠳᠣᠵᠡᠢ᠃︾ ᠭᠡᠰᠡᠨ ᠰᠣᠳᠣᠯᠣᠯᠭ᠎ᠠ ᠴᠦ ᠪᠠᠶᠢᠳᠠᠭ᠃ | ᠢᠩᠭᠢᠬᠦᠯᠡᠷ ᠦᠵᠦᠮᠦᠴᠢᠨ ᠠᠶᠢᠮᠠᠭ ᠨᠢ ᠲᠡᠷᠡ ᠦᠶᠡᠰ ︽᠁ ᠳᠠᠯᠠᠨ ᠬᠤᠶᠠᠷ ᠪᠠᠭ᠎ᠠ ᠠᠶᠢᠮᠠᠭ ᠪᠣᠶᠣ ᠭᠢᠷᠭᠢᠰ᠂ | ᠣᠢ ᠶᠢᠨ ᠢᠷᠡᠭᠡᠳ ᠳᠤ ᠪᠠᠭᠳᠠᠵᠣ︾ ᠪᠠᠶᠢᠭᠠᠳ ᠰᠡᠭᠦᠯᠡᠷ ᠨᠢ ᠵᠦᠴᠢ ᠶᠢᠨ ᠬᠠᠷᠢᠶᠠᠨ ᠳᠤ ᠣᠷᠣᠵᠤ ᠢᠷᠡᠭᠰᠡᠨ | ᠭᠡᠳᠡᠭ ᠨᠢ ᠢᠯᠡᠬᠡᠨ ᠪᠠᠶᠢᠨ᠎ᠠ᠃ ᠲᠡᠷᠡ ᠮᠥᠷᠲᠡᠭᠡᠨ ᠦᠵᠦᠮᠦᠴᠢᠨ ᠨᠢ ᠠᠯᠲᠠᠢ ᠬᠠᠩᠭᠠᠢ ᠂ ᠪᠣᠭᠳᠠ ᠬᠠᠩᠭᠠᠢ᠂ | ᠪᠣᠯᠭᠠᠨ ᠬᠠᠩᠭᠠᠢ ᠢᠶᠠᠷ ᠮᠠᠯᠵᠢᠵᠣ ᠪᠠᠶᠢᠭᠰᠠᠨ ᠢ ᠭᠡᠳᠡᠭ ᠢ ᠬᠡᠨ ᠴᠦ ᠦᠭᠡᠶᠢᠰᠭᠡᠬᠦ ᠶᠢᠨ ᠠᠷᠭ᠎ᠠ ᠦᠭᠡᠢ ᠶᠤᠮ᠃ | ᠳᠣᠬᠠᠶᠢᠯᠠᠪᠠᠯ ᠦᠵᠦᠮᠦᠴᠢᠨ ᠤ ᠳᠡᠭᠡᠳᠣᠰ ᠠᠴᠠ ︽ᠠᠯᠲᠠᠢ ᠬᠠᠩᠭᠠᠢ᠂ ᠦᠵᠦᠮ ᠤᠨ ᠴᠠᠭᠠᠨ ᠠᠭᠤᠯᠠᠨ ᠠᠴᠠ | ᠨᠡᠭᠦᠵᠤ ᠢᠷᠡᠯ᠎ᠡ︾ ᠭᠡᠵᠤ ᠶᠠᠷᠢᠵᠠᠭᠠᠳᠠᠭ᠃ ︽ᠶᠡᠭᠡ ᠪᠣᠭᠳᠠ ᠪᠣᠯᠭᠠᠨ ᠬᠠᠩᠭᠠᠢ︾ ᠭᠡᠰᠡᠨ ᠬᠤᠰᠢᠭᠤᠨ ︵ | ᠦᠵᠦᠮᠦᠴᠢᠨ ᠠᠶᠢᠮᠠᠭ︶ ᠤ ᠰᠦᠯᠳᠡ ᠳᠠᠭᠤᠣ ᠪᠠᠶᠢᠳᠠᠭ᠃ ᠳᠠᠬᠢᠭᠠᠳ ᠬᠡᠯᠡᠪᠡᠯ ᠵᠡᠭᠦᠨ ᠦᠵᠦᠮᠦᠴᠢᠨ ᠬᠤᠰᠢᠭᠤ | ᠪᠠᠰᠠ 2010 ᠣᠨ ᠳᠤ ᠯᠣ᠂ ᠲᠡᠮᠦᠷ᠂ ᠣ᠂ ᠶᠣᠨᠳᠣᠨ᠂ ᠯᠾ᠊᠂ ᠪᠠᠳᠦᠮᠥᠩᠬᠡ ᠵᠡᠷᠭᠡ ᠬᠦᠮᠦᠰ ᠢᠶᠠᠷ | ᠪᠦᠷᠢᠯᠳᠦᠭᠰᠡᠨ ︽ᠣᠣᠭᠠᠯ ᠨᠣᠳᠤᠭ ᠢᠶᠠᠨ ᠬᠠᠶᠢᠨ ᠰᠣᠷᠪᠣᠯᠵᠢᠯᠠᠬᠤ ᠭᠠᠯ ᠠᠶᠠᠨ︾ ᠢ ᠵᠣᠬᠢᠶᠠᠨ ᠪᠠᠶᠢᠭᠤᠯᠵᠤ᠂ | ᠮᠣᠩᠭᠤᠯ ᠣᠯᠣᠰ ᠤᠨ ᠪᠠᠶᠠᠨ ᠥᠯᠥᠭᠡᠢ ᠠᠶᠢᠮᠠᠭ ᠢᠶᠠᠷ ᠬᠤᠶᠠᠷ ᠣᠳᠠᠭ᠎ᠠ ᠬᠦᠷᠴᠣ ᠬᠠᠶᠢᠨ ᠰᠣᠷᠪᠣᠯᠵᠢᠯᠭ᠎ᠠ ᠬᠢᠭᠰᠡᠨ | ᠪᠦᠭᠡᠳ ᠰᠣᠷᠪᠣᠯᠵᠢᠯᠠᠭᠰᠠᠨ ᠤ ᠳ᠋ᠦᠩ ᠳᠤ ᠳᠡᠳᠡᠭᠡᠷ ᠦᠵᠦᠮᠦᠴᠢᠨ ᠤ ᠳᠡᠭᠡᠳᠣᠰ ᠤᠨ ᠬᠡᠯᠡᠳᠡᠭ ᠳᠣᠮᠤᠭ ᠤᠨ ︽ | ᠬᠤᠨᠢ ᠮᠠᠶᠢᠯᠠᠭᠴᠢ᠂ ᠳᠥᠷᠥᠭᠡ ᠬᠠᠩᠭᠢᠨᠠᠭᠴᠢ᠂ ᠴᠠᠭᠠᠨ ᠠᠭᠤᠯᠠ ᠁ ᠵᠡᠷᠭᠡ ᠳᠠᠭᠤᠣ ᠴᠣᠣ ᠲᠠᠢ ᠠᠭᠤᠯᠠ | ᠣᠰᠣ ᠨᠢ ᠮᠥᠨ ᠣᠣᠯ ᠤᠨ ᠨᠡᠷ᠎ᠡ ᠳᠣᠮᠢᠶ᠎ᠠ ᠪᠠᠷ ᠢᠶᠠᠨ ᠪᠠᠶᠢᠭᠰᠠᠭᠠᠷ ᠪᠠᠶᠢᠨ᠎ᠠ︾ ᠭᠡᠵᠦ ᠲᠣᠳᠣᠯᠠᠭᠰᠠᠨ ᠪᠠᠶᠢᠨ᠎ᠠ᠃ | ᠢᠩᠭᠢᠬᠦᠯᠡᠷ ︽ᠠᠯᠳᠠᠢ︾ ᠪᠣᠯ ᠨᠠᠭᠠᠲᠦ ᠵᠠᠬ᠎ᠠ ᠲᠠᠭᠠᠨ ᠦᠵᠦᠮᠦᠴᠢᠨ ᠤ ᠮᠠᠯᠵᠢᠯ ᠤᠨ ᠣᠣᠭᠠᠨ ᠨᠣᠲᠤᠭ ᠪᠣᠯᠬᠤᠷ | ᠲᠡᠷᠡ ᠦᠶ᠎ᠡ ᠶᠢ ᠬᠤᠶᠠᠳᠣᠭᠠᠷ ᠣᠳᠠᠭᠠᠨ ᠤ ᠶᠡᠭᠡ ᠨᠡᠭᠦᠳᠡᠯ ᠭᠡᠬᠦ ᠪᠣᠶᠣ ︽ᠠᠯᠳᠠᠢ ᠬᠠᠩᠭᠠᠢ ᠶᠢᠨ ᠦᠵᠦᠮᠦᠴᠢᠨ︾ | ᠭᠡᠬᠦ ᠳᠤ ᠪᠣᠯᠣᠮᠠᠷ ᠪᠠᠶᠢᠨ᠎ᠠ ᠃ | ᠭᠤᠷᠪᠠ᠂ ᠳᠠᠶᠠᠨ ᠬᠠᠭᠠᠨ ᠤ ᠦᠵᠦᠮᠦᠴᠢᠨ | ᠪᠠᠳᠣᠮᠥᠩᠬᠡ ᠳᠠᠶᠠᠨ ᠬᠠᠭᠠᠨ ᠪᠣᠯ ᠦᠵᠦᠮᠦᠴᠢᠨ ᠤ ᠳᠡᠭᠡᠳᠣᠰ ᠪᠣᠯᠬᠤ ᠨᠢ ᠮᠠᠷᠭᠤᠭᠠᠨ ᠦᠭᠡᠢ ᠶᠤᠮ᠃ | ᠪᠢᠴᠢᠭ ᠲᠡᠮᠳᠡᠭᠯᠡᠯ ᠠᠴᠠ ᠦᠵᠡᠪᠡᠯ 1480 ᠣᠨ ᠤ ᠲᠥᠯᠥᠪ ᠲᠤ ︽ᠳᠠᠶᠠᠨ ᠬᠠᠭᠠᠨ ᠪᠣᠶᠣ ᠲᠡᠭᠦᠨ ᠤ ᠠᠬᠠᠮᠠᠳ | ᠬᠦᠪᠡᠭᠦᠨ ᠲᠥᠷᠦᠪᠣᠯᠣᠳ ᠤᠨ ᠳᠠᠭᠠᠭᠤᠯᠭ᠎ᠠ ᠪᠠᠷ ᠁︾ ᠦᠵᠦᠮᠦᠴᠢᠨ ᠠᠶᠢᠮᠠᠭ ᠨᠢ ᠠᠯᠲᠠᠢ ᠬᠠᠩᠭᠠᠢ ᠠᠴᠠ | ᠰᠠᠯᠣᠵᠣ᠂ ᠠᠭᠠᠵᠢᠮ ᠢᠶᠠᠷ ᠡᠮᠦᠨᠡᠰᠢᠯᠡᠨ᠂ ᠪᠠᠷᠣᠭᠯᠠᠪᠠᠯ ᠭᠠᠯᠠᠪ ᠱᠠᠩᠬᠤ ᠶᠢᠨ ᠭᠤᠪᠢ ᠶᠢ ᠲᠣᠭᠤᠯᠣᠨ᠂ ᠰᠢᠨᠵᠢᠶᠠᠩ᠂ | ᠬᠦᠬᠡᠨᠠᠭᠤᠷ᠂ ᠳᠠᠯᠠᠨ ᠬᠠᠷ᠎ᠠ ᠶᠢᠨ ᠠᠷᠣ ᠪᠠᠷ ᠠᠶᠠᠯᠠᠨ ᠵᠡᠭᠦᠨᠰᠢᠯᠡᠵᠦ᠂ ᠠᠯᠣᠰ ᠬᠤᠯᠠ ᠶᠢᠨ ᠠᠶᠠᠯᠠᠯ ᠨᠡᠭᠦᠳᠡᠯ | ᠬᠢᠵᠤ ᠶᠠᠪᠣᠭᠰᠠᠭᠠᠷ ︽ᠭᠤᠪᠢ ᠶᠢᠨ ᠡᠮᠦᠨᠡᠳᠣ︾ ᠳᠤ ᠨᠡᠭᠦᠵᠦ ᠢᠷᠡᠨ᠂ ᠣᠳᠣ ᠶᠢᠨ ᠪᠠᠶᠢᠭ᠎ᠠ ᠨᠣᠳᠤᠭ ᠢ | ᠰᠣᠩᠭᠤᠨ ᠰᠠᠭᠤᠭᠰᠠᠨ ᠪᠣᠯᠣᠯᠳᠠᠢ ᠭᠡᠵᠤ ᠬᠦᠮᠦᠰ ᠦᠵᠡᠳᠡᠭ ᠶᠤᠮ᠃ ᠣᠴᠢᠷ ᠨᠢ ︽ᠠᠯᠲᠠᠨ ᠳᠣᠪᠴᠢ︾ ᠵᠡᠷᠭᠡ | ᠨᠣᠮ ᠰᠣᠳᠣᠷ ᠲᠤ ︽ ᠁ 1510 ᠣᠨ ᠳᠤ ᠳᠠᠶᠠᠨ ᠬᠠᠭᠠᠨ᠂ ᠪᠠᠷᠠᠭᠤᠨ ᠲᠦᠮᠡᠨ ᠢ ᠳᠠᠶᠢᠯᠠᠬᠤ ᠳᠤ ᠁ | ᠦᠵᠦᠮᠦᠴᠢᠨ ᠡᠯᠳᠦᠩᠭᠡ ᠪᠠᠭᠰᠢ ᠲᠥᠯᠥᠭᠡ ᠦᠵᠡᠨ᠂ ᠳᠠᠷᠣᠯᠭ᠎ᠠ ᠬᠢᠨ ᠥᠭᠴᠣ ᠪᠠᠶᠢᠭᠰᠠᠨ ᠁︾ ᠭᠡᠰᠡᠨ | ᠪᠠᠷᠢᠮᠲᠠ ᠪᠠᠶᠢᠳᠠᠭ ᠳᠤ ᠣᠷᠣᠰᠢᠨ᠎ᠠ᠃ ᠶᠠᠭ ᠲᠡᠷᠡ ᠦᠶᠡᠰ ᠢ ︽ᠳᠠᠶᠠᠨ ᠬᠠᠭᠠᠨ ᠤ ᠨᠣᠶᠠᠷᠬᠠᠯ ᠤᠨ ᠲᠥᠪ ᠨᠢ | ᠴᠠᠬᠠᠷ ᠲᠤ ᠪᠠᠶᠢᠭᠰᠠᠨ ᠠᠴᠠ ᠪᠠᠨ ᠣᠷᠳᠣᠰ ᠳᠡᠰᠢ ᠨᠡᠭᠦᠯᠭᠡᠪᠡ ᠁︾ ᠭᠡᠰᠡᠨ ᠦᠭᠡ ᠪᠠᠶᠢᠳᠠᠭ ᠠᠴᠠ ᠪᠣᠳᠣᠪᠠᠯ | ᠦᠵᠦᠮᠦᠴᠢᠨ ᠨᠢ ᠲᠡᠷᠡ ᠴᠠᠭ ᠲᠤ ︽ ᠵᠡᠭᠦᠨ ︵ᠴᠠᠬᠠᠷ ︶ ᠲᠦᠮᠡᠨ︾ ᠤ ᠳᠣᠳᠣᠷ᠎ᠠ ᠪᠠᠭᠳᠠᠵᠤ ᠪᠠᠶᠢᠭᠰᠠᠨ | ᠭᠡᠵᠦ ᠦᠵᠡᠨ᠎ᠡ᠃ ᠡᠶᠢᠮᠣ ᠠᠴᠠ ᠲᠡᠷᠡ ᠴᠠᠭ ᠢ ᠭᠤᠷᠪᠠᠳᠣᠭᠠᠷ ᠣᠳᠠᠭᠠᠨ ᠤ ᠶᠡᠭᠡ ᠨᠡᠭᠦᠳᠡᠯ ᠪᠣᠶᠣ ︽ᠳᠠᠶᠠᠨ | ᠬᠠᠭᠠᠨ ᠤ ᠦᠵᠦᠮᠦᠴᠢᠨ︾ ᠪᠠᠶᠢᠵᠡᠢ ᠭᠡᠵᠦ ᠦᠵᠡᠨ᠎ᠡ᠃ | ᠳᠥᠷᠪᠡ᠂ ᠪᠣᠳᠢ ᠠᠯᠠᠭ ᠤᠨ ᠦᠵᠦᠮᠦᠴᠢᠨ | ᠲᠡᠣᠬᠡ ᠶᠢᠨ ᠪᠠᠷᠢᠮᠳᠠ ᠠᠴᠠ ᠦᠵᠡᠪᠡᠯ ︽ ᠪᠣᠳᠢ ᠠᠯᠠᠭ ᠬᠠᠭᠠᠨ︾ ᠤ ᠦᠶᠡᠰ ᠪᠣᠯᠬᠤ ᠳᠤ ᠦᠵᠦᠮᠦᠴᠢᠨ | ᠨᠢ ᠬᠡᠯᠡᠯᠭᠡᠨ ᠦᠭᠡᠢ ︽ᠲᠥᠪ ᠲᠦᠮᠡᠨ︾ ᠪᠣᠶᠣ ︽ᠴᠠᠬᠠᠷ ᠲᠦᠮᠡᠨ︾ ᠤ ᠳᠣᠳᠣᠷᠠᠬᠢ ᠨᠢᠭᠡᠨ ︽ᠣᠳᠤᠭ ︵ | ᠬᠤᠰᠢᠭᠤ︶︾ ᠤᠨ ᠵᠣᠬᠢᠶᠠᠨ ᠪᠠᠶᠢᠭᠤᠯᠣᠯᠳᠠ ᠪᠣᠯᠴᠢᠬᠠᠭᠰᠠᠨ ᠪᠣᠯᠣᠯᠳᠠᠢ ᠭᠡᠵᠤ ᠪᠣᠳᠣᠨ᠎ᠠ᠃ ᠣᠴᠢᠷ ᠨᠢ ᠲᠡᠮᠳᠡᠭᠯᠡᠯ | ᠳᠤ ︽ᠪᠣᠳᠢ ᠠᠯᠠᠭ ᠬᠠᠭᠠᠨ᠂ ᠪᠢᠯᠢᠭ ᠤᠨ ᠣᠯᠠᠷᠢᠯ ᠤᠨ ᠬᠤᠨᠢᠨ ᠵᠢᠯ ᠤᠨ ᠳᠣᠯᠣᠭᠠᠨ ᠰᠠᠷᠡᠶᠢᠨ ᠠᠷᠪᠠᠨ᠎ᠠ ︵ | ᠠᠷᠭ᠎ᠠ ᠶᠢᠨ ᠣᠯᠠᠷᠢᠯ ᠤᠨ 1547 ᠣᠨ︶᠂ ᠵᠣᠲᠠᠯᠠᠩ ᠥᠨᠳᠥᠷ ︵ ᠥᠨᠥᠳᠣᠷ ᠤᠨ ᠮᠣᠩᠭᠤᠯ ᠣᠯᠣᠰ ᠤᠨ | ᠰᠦᠬᠡᠪᠠᠭᠠᠳᠣᠷ ᠠᠶᠢᠮᠠᠭ ᠤᠨ ᠵᠣᠲᠠᠯ ᠬᠠᠨ ᠮᠥᠨ ᠪᠣᠯᠪᠠᠣ︶ ᠤᠨ ᠡᠩᠭᠡᠷ ᠲᠤ ᠨᠠᠰᠣ ᠪᠠᠷᠠᠪᠠ︾ ᠭᠡᠰᠡᠨ ᠪᠠᠶᠢᠳᠠᠭ | ᠠᠴᠠ ᠦᠵᠡᠪᠡᠯ᠂ ᠪᠣᠳᠢ ᠠᠯᠠᠭ ᠤᠨ ᠦᠶᠡᠰ ᠦᠵᠦᠮᠦᠴᠢᠨ ᠨᠢ ᠪᠠᠷᠤᠭ ᠣᠳᠣ ᠶᠢᠨ ᠡᠨᠡᠬᠦ ᠨᠣᠳᠤᠭ ᠳᠠᠭᠠᠨ | ᠰᠠᠭᠤᠵᠤ ᠪᠠᠶᠢᠭᠰᠠᠨ ᠪᠣᠯᠣᠯᠳᠠᠢ ᠭᠡᠵᠤ ᠳᠥᠰᠥᠪᠯᠡᠵᠦ ᠪᠣᠯᠣᠨ᠎ᠠ᠃ ᠣᠴᠢᠷ ᠨᠢ ︽ᠪᠣᠳᠢ ᠠᠯᠠᠭ︾ ᠤᠨ ᠬᠤᠪᠢᠳᠠᠨ | ᠥᠮᠴᠢᠯᠡᠵᠤ ᠪᠠᠶᠢᠭᠰᠠᠨ ︽ᠳᠠᠪᠣᠨ ᠶᠡᠭᠡ ᠬᠠᠷᠢᠶᠠᠳᠣ ᠨᠣᠳᠤᠭ︾ ᠭᠡᠳᠡᠭ ᠳᠤᠨᠢ ᠣᠳᠣ ᠶᠢᠨ ᠮᠣᠩᠭᠤᠯ ᠣᠯᠣᠰ ᠤᠨ | ᠰᠦᠬᠡᠪᠡᠭᠠᠳᠣᠷ ᠠᠶᠢᠮᠠᠭ ᠤᠨ ︽ᠵᠣᠳᠠᠯ ᠬᠠᠨ︾ ᠠᠴᠠ ᠡᠮᠦᠨᠡᠰᠢ ᠪᠠᠨ᠂ ᠣᠣᠯ ᠤᠨ ᠰᠢᠯᠢ ᠶᠢᠨ ᠭᠤᠣᠯ᠂ ᠵᠣᠣ | ᠣᠳᠠ ᠠᠶᠢᠮᠠᠭ᠂ ᠵᠢᠷᠢᠮ ᠠᠶᠢᠮᠠᠭ ᠤᠨ ᠬᠤᠶᠢᠳᠣ ᠵᠠᠬ᠎ᠠ ᠬᠦᠷᠲᠡᠯ᠎ᠡ ᠬᠢ ᠥᠷᠭᠡᠨ ᠬᠡᠪᠴᠢᠶᠡᠨ ᠤ ᠨᠣᠳᠤᠭ ᠴᠦᠮ | ᠪᠠᠭᠳᠠᠵᠤ ᠪᠠᠶᠢᠭᠰᠠᠨ ᠭᠡᠵᠤ ᠡᠷᠳᠡᠮᠲᠡᠳ ᠦᠵᠡᠳᠡᠭ ᠪᠠᠶᠢᠨ᠎ᠠ ᠃ ᠳᠡᠭᠡᠪᠡᠯ ᠦᠵᠦᠮᠦᠴᠢᠨ ᠨᠢ ᠬᠡᠯᠡᠯᠭᠡᠨ ᠦᠭᠡᠢ | ᠲᠡᠭᠦᠨ ᠳᠤ ᠪᠠᠭᠳᠠᠵᠤ ᠪᠠᠶᠢᠭᠰᠠᠨ ᠶᠤᠮ᠃ ᠥᠭᠡᠷ᠎ᠡ ᠪᠠᠷ ᠬᠡᠯᠡᠪᠡᠯ ᠲᠡᠷᠡ ᠦᠶᠡᠰ ᠪᠣᠯ ᠳᠠᠷᠣᠢ ᠦᠵᠦᠮᠦᠴᠢᠨ ᠨᠢ | ᠯᠢᠭᠳᠡᠨ ᠬᠠᠭᠠᠨ᠂ ᠲᠦᠮᠡᠨ ᠵᠠᠰᠠᠭᠳᠣ ᠬᠠᠭᠠᠨ ᠤ ᠵᠠᠬᠢᠷᠣᠯᠳᠠ ᠪᠠᠷ ︽ᠡᠮᠦᠨᠡᠰᠢ ᠳᠠᠶᠢᠯᠠᠨ ᠣᠮᠠᠷᠠᠰᠢ ᠪᠠᠶᠢᠯᠳᠣᠵᠤ︾ | ᠪᠠᠶᠢᠭᠰᠠᠨ ᠴᠠᠭ ᠬᠤᠭᠤᠴᠠᠭ᠎ᠠ ᠪᠠᠶᠢᠭᠰᠠᠨ ᠪᠣᠶᠣ ᠳᠠᠶᠢᠨ ᠪᠠᠶᠢᠯᠳᠣᠭᠠᠨ ᠤ ᠠᠷᠣ ᠲᠠᠯ᠎ᠠ ᠶᠢ ᠬᠠᠩᠭᠠᠭᠴᠢ ᠪᠠᠶᠢᠭᠰᠠᠨ | ᠴᠠᠭ ᠦᠶ᠎ᠡ ᠪᠣᠯᠣᠯᠳᠠᠢ ᠭᠡᠵᠤ ᠦᠵᠡᠨ᠎ᠡ᠃ ᠮᠥᠨᠴᠣ ᠲᠦᠷᠦᠭᠦᠴᠦᠳ ᠢᠶᠠᠨ ᠲᠠᠭᠠᠨ᠂ ᠠᠷᠣ ᠥᠪᠥᠷ ᠵᠡᠭᠦᠨ | ᠪᠠᠷᠠᠭᠤᠨ ᠢᠶᠠᠷ ᠰᠡᠯᠭᠦᠨ ᠨᠡᠭᠦᠵᠤ᠂ ᠠᠶᠢᠮᠠᠭ ᠣᠳᠤᠭ ᠪᠠ ᠨᠣᠳᠤᠭ ᠣᠰᠣ ᠪᠠᠨ ᠬᠠᠮᠠᠭᠠᠯᠠᠵᠤ ᠪᠠᠶᠢᠭᠰᠠᠨ ᠴᠠᠭ ᠦᠶ᠎ᠡ | ᠪᠣᠯᠬᠤᠷ ᠲᠡᠷᠡ ᠴᠠᠭ ᠦᠶ᠎ᠡ ᠶᠢ ᠳᠥᠷᠪᠡᠳᠣᠭᠡᠷ ᠣᠳᠠᠭᠠᠨ ᠤ ᠶᠡᠭᠡ ᠨᠡᠭᠦᠳᠡᠯ ᠭᠡᠬᠦ ᠨᠢ ᠵᠥᠪ ᠪᠦᠭᠡᠳ ︽ᠪᠣᠳᠢ | ᠠᠯᠭ ᠤᠨ ᠦᠵᠦᠮᠦᠴᠢᠨ︾ ᠭᠡᠬᠦ ᠳᠤ ᠪᠣᠯᠣᠨ᠎ᠠ ᠭᠡᠵᠦ ᠪᠣᠳᠣᠨ᠎ᠠ᠃ | ᠲᠠᠪᠤ᠂ ᠣᠩᠭᠤᠨᠳᠣᠷᠠᠯ ᠤᠨ ᠦᠵᠦᠮᠦᠴᠢᠨ | ︽ᠪᠣᠳᠢ ᠠᠯᠠᠭ ᠬᠠᠭᠠᠨ︾ ᠤ ᠬᠦᠪᠡᠭᠦᠨ ︽ᠣᠩᠭᠤᠨᠳᠣᠷᠠᠯ ︾ ᠤᠨ ᠦᠶᠡᠰ ᠳᠤ ᠦᠵᠦᠮᠦᠴᠢᠨ ᠠᠶᠢᠮᠠᠭ | ᠨᠢ ᠮᠢᠩᠭᠠᠨ ᠤ ᠵᠣᠬᠢᠶᠠᠨ ᠪᠠᠶᠢᠭᠤᠯᠣᠯᠲᠠ ᠪᠠᠶᠢᠭᠰᠠᠨ ᠭᠡᠵᠤ ᠦᠵᠡᠨ᠎ᠡ᠃ ᠠᠶᠠᠭᠦᠶᠢᠳᠡᠪᠡᠯ ᠠᠯᠢ ᠡᠷᠲᠡ ᠠᠴᠠ ︽ | ᠦᠵᠦᠮᠦᠴᠢᠨ︾ ᠠᠶᠢᠮᠠᠭ ᠭᠡᠵᠦ ᠪᠠᠶᠢᠭᠰᠠᠨ ᠴᠦ ᠪᠣᠯᠵᠣᠰᠢ ᠦᠭᠡᠢ ᠶᠤᠮ᠃ ᠨᠥᠬᠦᠷ ᠪᠦᠬᠡᠬᠠᠳᠠᠨ ᠶᠢᠨ ᠬᠡᠯᠡᠬᠦ | ᠪᠠᠷ᠄ ︽ᠡᠾᠡᠷᠢᠰᠲ᠋ᠣᠰ ᠤᠨ ᠱᠠᠰᠢᠨ ᠤ ︽ᠠᠷᠢᠭᠤᠨ ᠨᠣᠮ ︾ ᠳᠠᠬᠢ ︽ ᠦᠵᠡᠮᠡᠷ︾ ᠭᠡᠰᠡᠨ ᠦᠭᠡ ᠪᠠᠶᠢᠭ᠎ᠠ | ᠶᠢ ︽ᠦᠵᠦᠮᠦᠴᠢᠨ︾ ᠭᠡᠰᠡᠨ ᠦᠭᠡ ᠪᠣᠯᠪᠠᠣ ᠭᠡᠮᠡᠨ ᠴᠢᠨᠳᠠᠮᠣᠨᠢ ᠠᠪᠣᠭᠠᠢ ᠰᠣᠳᠣᠯᠠᠪᠠ ᠁︾ ᠭᠡᠰᠡᠨ | ᠪᠠᠶᠢᠳᠠᠭ ᠢ ᠪᠠᠰᠠ ᠠᠩᠬᠠᠷᠠᠬᠤ ᠴᠢᠬᠤᠯᠠ ᠲᠠᠢ ᠪᠠᠶᠢᠨ᠎ᠠ᠃ ᠮᠣᠩᠭᠤᠯ ᠣᠯᠣᠰ ᠤᠨ ᠡᠷᠳᠡᠮᠲᠡᠨ ᠫᠦᠷᠦᠪᠵᠠᠪ ᠤᠨ ︽ | ᠬᠤᠳᠣᠭᠤᠶᠢᠳ ᠤᠨ ᠣᠭᠰᠠᠭ᠎ᠠ ᠭᠠᠷᠣᠯ ᠪᠠ ᠲᠡᠣᠬᠡ ᠶᠢᠨ ᠠᠰᠠᠭᠤᠳᠠᠯ︾ ᠭᠡᠳᠡᠭ ᠦᠭᠦᠯᠡᠯ ᠳᠡᠭᠡᠨ᠄ ︽ ᠴᠢᠩᠭᠢᠰ | ᠬᠠᠭᠠᠨ ᠮᠣᠩᠭᠤᠯ ᠤᠨ ᠬᠠᠭᠠᠠᠲᠦ ᠲᠥᠷᠦ ᠶᠢ ᠪᠠᠶᠢᠭᠤᠯᠣᠭᠰᠠᠨ 1206 ᠣᠨ ᠤ ᠲᠥᠷᠦ ᠶᠢᠨ ᠶᠡᠭᠡ ᠶᠣᠰᠣᠯᠠᠯ | ᠳᠤ ᠣᠷᠣᠯᠴᠠᠭᠰᠠᠨ ᠭᠤᠴᠢᠨ ᠵᠢᠷᠭᠤᠭᠠᠨ ᠣᠯᠣᠰ᠂ ᠳᠠᠯᠠᠨ ᠬᠤᠶᠠᠷ ᠠᠶᠢᠮᠠᠭ ᠤᠳ ᠤᠨ ᠲᠣᠳᠣᠷ᠎ᠠ ᠦᠵᠦᠮᠦᠴᠢᠨ | ᠮᠢᠩᠭᠠᠨ ᠁︾ ᠭᠡᠮᠡᠨ ᠳᠣᠷᠠᠳᠣᠭᠰᠠᠨ ᠪᠠᠶᠢᠪᠠ᠃ ᠣᠩᠭᠤᠨᠳᠣᠷᠠᠯ ᠪᠣᠯ ᠮᠥᠨᠴᠣ ᠴᠣᠷ ᠤᠨ ᠭᠠᠭᠴᠠ ᠦᠰᠦᠭ | ᠲᠡᠮᠳᠡᠭᠯᠡᠯ ᠪᠦᠬᠦᠢ ᠦᠵᠦᠮᠦᠴᠢᠨ ᠤ ᠠᠬᠠᠯᠠᠭᠴᠢ ᠨᠣᠶᠠᠨ ᠪᠣᠯᠣᠨ᠎ᠠ᠃ ᠴᠢᠩ ᠣᠯᠣᠰ ᠤᠨ ︽ᠢᠯᠡᠳᠭᠡᠯ ᠱᠠᠰᠢᠲᠠᠷ︾ | ᠭᠡᠳᠡᠭ ᠲᠤ ︽ ᠁ ᠣᠩᠭᠤᠨᠳᠣᠷᠠᠯ ᠥᠪᠡᠷ ᠤᠨ ᠬᠠᠷᠢᠶᠠᠳᠣ ᠪᠠᠨ ᠦᠵᠦᠮᠦᠴᠢᠨ ᠬᠡᠮᠡᠨ ᠨᠡᠷᠡᠶᠢᠣᠪᠡᠢ᠃︾ | ᠭᠡᠰᠡᠨ ᠠᠴᠠ ᠪᠣᠳᠣᠪᠠᠯ ᠣᠩᠭᠤᠨᠳᠣᠷᠠᠯ ᠤᠨ ᠦᠶ᠎ᠡ ᠳᠤ ᠦᠵᠦᠮᠦᠴᠢᠨ ᠨᠢᠭᠡᠨᠳᠡ ᠪᠡᠶ᠎ᠡ ᠪᠠᠨ ᠳᠠᠭᠠᠭᠠᠭᠰᠠᠨ ᠠᠶᠢᠮᠠᠭ | ᠪᠠᠶᠢᠪᠠ ᠭᠡᠳᠡᠭ ᠨᠢ ᠢᠯᠡᠷᠬᠡᠢ ᠪᠠᠶᠢᠨ᠎ᠠ᠃ ᠲᠡᠶᠢᠨᠬᠦ ᠣᠩᠭᠤᠨᠳᠣᠷᠠᠯ ᠤᠨ ᠡᠵᠢᠮᠰᠢᠯ ᠤᠨ ᠴᠠᠭ ᠬᠤᠭᠤᠴᠠᠭᠠᠨ ᠳᠤ | ᠪᠠᠰᠠᠨ ᠨᠢᠭᠡᠨ ᠣᠳᠠᠭᠠᠨ ᠤ ᠶᠡᠭᠡ ᠨᠡᠭᠦᠳᠡᠯ ᠬᠢᠭᠰᠡᠨ ᠣᠯᠠ ᠮᠥᠷ ᠪᠣᠢ᠃ ᠲᠡᠷᠡ ᠨᠢ ᠳᠠᠷᠣᠢ ᠨᠡᠶᠢᠳᠡ ᠶᠢᠨ ᠣᠨ | ᠳᠣᠭᠠᠯᠠᠯ ᠤᠨ 1623 ᠣᠨ ᠤ ᠲᠥᠯᠥᠪ ᠳᠤ ᠣᠩᠭᠤᠨᠳᠣᠷᠠᠯ ᠪᠣᠶᠣ ᠲᠡᠭᠦᠨ ᠤ ᠬᠦᠣ ᠳᠣᠷᠵᠢ ᠰᠡᠴᠡᠨ ᠤ | ᠳᠠᠭᠠᠭᠤᠯᠭ᠎ᠠ ᠪᠠᠷ ᠦᠵᠦᠮᠦᠴᠢᠨ ᠨᠢ ᠳᠣᠬᠠᠢ ᠶᠢᠨ ᠦᠶ᠎ᠡ ᠶᠢᠨ ︽ᠴᠠᠬᠠᠷ︾ ᠬᠠᠷᠢᠶᠠᠨ ᠠᠴᠠ ᠰᠠᠯᠵᠦ᠂ | ᠲᠠᠪᠣᠳᠣᠭᠠᠷ ᠣᠳᠠᠭᠠᠨ ᠤ ᠶᠡᠭᠡ ᠨᠡᠭᠦᠳᠡᠯ ᠢᠶᠠᠨ ᠬᠢᠵᠤ᠂ ᠳᠣᠬᠠᠢ ᠶᠢᠨ ᠦᠶ᠎ᠡ ᠶᠢᠨ ︽ ᠰᠠᠳᠣᠨ︾ — | ᠮᠣᠩᠭᠤᠯ ᠣᠯᠣᠰ ᠤᠨ ᠱᠣᠯᠣᠢ ᠰᠡᠴᠡᠨ ᠬᠠᠨ ︵ ᠠᠶᠢᠮᠠᠭ︶ ᠢ ᠳᠦᠰᠢᠨ ︽ᠠᠷᠣ ᠬᠠᠩᠭᠠᠢ ᠪᠠᠷ ᠮᠠᠯᠵᠢᠪᠠ︾ | ᠭᠡᠳᠡᠭ ᠶᠤᠮ᠃ ᠰᠡᠭᠦᠯᠡᠷ ᠨᠢ ᠪᠠᠷᠤᠭ 1635 ᠣᠨ ᠤ ᠲᠥᠯᠥᠪ ᠲᠤ ᠳᠠᠶᠢᠴᠢᠩ ᠭᠦᠷᠦᠨ ᠳᠤ ᠲᠠᠭᠠᠨ᠂ ᠪᠣᠴᠠᠨ | ᠨᠡᠭᠦᠵᠤ ᠢᠷᠡᠭᠡᠳ ᠂ ᠣᠣᠯ ᠤᠨ ᠰᠠᠭᠤᠵᠤ ᠪᠠᠶᠢᠭᠰᠠᠨ ᠨᠣᠳᠤᠭ ᠣᠰᠣ ᠪᠠᠨ ᠡᠵᠢᠯᠡᠨ ᠰᠠᠭᠤᠵᠡᠢ᠃ ᠲᠡᠶᠢᠮᠣ | ᠪᠣᠯᠬᠤᠷ ᠲᠡᠷᠡ ᠴᠠᠭ ᠦᠶ᠎ᠡ ᠶᠢ ᠦᠵᠦᠮᠦᠴᠢᠨ ᠤ ᠲᠠᠪᠣᠳᠣᠭᠠᠷ ᠣᠳᠠᠭᠠᠨ ᠤ ᠶᠡᠭᠡ ᠨᠡᠭᠦᠳᠡᠯ ᠭᠡᠬᠦ ᠪᠣᠶᠣ ︽ | ᠣᠩᠭᠤᠳᠣᠷᠠᠯ ᠤᠨ ᠦᠵᠦᠮᠦᠴᠢᠨ ︾ ᠭᠡᠬᠦ ᠳᠤ ᠪᠣᠯᠬᠤ ᠶᠤᠮ᠃ | ᠵᠢᠷᠭᠤᠭ᠎ᠠ᠂ ᠥᠨᠥᠳᠣᠷ ᠤᠨ ᠦᠵᠦᠮᠦᠴᠢᠨ | ᠵᠢᠷᠭᠤᠭᠠᠳᠣᠭᠠᠷ ᠣᠳᠠᠭᠠᠨ ᠤ ᠶᠡᠭᠡ ᠨᠡᠭᠦᠲᠡᠯ ᠨᠢ ᠳᠠᠷᠣᠢ 1945 ᠣᠨ ᠳᠤ ᠳᠡᠯᠡᠬᠡᠢ ᠶᠢᠨ ᠬᠤᠶᠠᠳᠣᠭᠠᠷ | ᠶᠡᠭᠡ ᠳᠠᠶᠢᠨ ᠤ ᠦᠶᠡᠰ ᠲᠤ ᠣᠣᠯ ᠤᠨ ᠦᠵᠦᠮᠦᠴᠢᠨ ᠵᠡᠭᠦᠨ ᠭᠠᠷᠠᠣᠨ ᠬᠤᠰᠢᠭᠤᠨ ᠤ ᠶᠡᠬᠡᠩᠬᠢ ᠠᠶᠢᠯ ᠡᠷᠦᠬᠡ | ᠤᠳ ᠨᠢ ᠳᠣᠷᠵᠢ ᠸᠠᠩ ᠤᠨ ᠳᠠᠭᠠᠭᠤᠯᠭ᠎ᠠ ᠪᠠᠷ ᠮᠣᠩᠭᠤᠯ ᠣᠯᠣᠰ ᠳᠤ ᠨᠡᠭᠦᠨ ᠣᠷᠣᠵᠤ ᠨᠣᠳᠣᠭᠯᠠᠭᠰᠠᠨ ᠪᠠ ᠮᠥᠨ | ᠣᠣᠯ ᠤᠨ ᠦᠵᠦᠮᠦᠴᠢᠨ ᠪᠠᠷᠠᠭᠤᠨ ᠬᠤᠰᠢᠭᠤᠨ ᠤ ᠪᠠᠰᠠ ᠨᠢᠭᠡ ᠬᠡᠰᠡᠭ ᠠᠶᠢᠯ ᠡᠷᠦᠬᠡ ᠤᠳ ᠴᠦ ᠮᠥᠨ ᠮᠣᠩᠭᠤᠯ | ᠣᠯᠣᠰ ᠲᠤ ᠨᠡᠭᠦᠨ ᠬᠦᠷᠴᠣ ᠨᠣᠳᠣᠭᠰᠢᠪᠠ᠃ ᠲᠡᠭᠡᠭᠡᠳ ᠨᠣᠳᠤᠭ ᠲᠠᠭᠠᠨ ᠦᠯᠳᠡᠭᠰᠡᠨ ᠦᠵᠦᠮᠦᠴᠢᠨ ᠵᠡᠭᠦᠨ | ᠭᠠᠷᠠᠣᠨ ᠬᠤᠰᠢᠭᠤᠨ ᠤ ᠭᠡᠰᠡᠭ ᠪᠦᠯᠦᠭ ᠠᠶᠢᠯ ᠤᠳ ᠪᠠ ᠦᠵᠦᠮᠦᠴᠢᠨ ᠪᠠᠷᠠᠭᠤᠨ ᠭᠠᠷᠠᠣᠨ ᠬᠤᠰᠢᠭᠤᠨ ᠤ ᠨᠢᠭᠡ | ᠪᠦᠯᠦᠭ ᠠᠶᠢᠯ ᠡᠷᠦᠬᠡ ᠨᠢ ᠪᠦᠭᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠬᠠᠷᠢᠶ᠎ᠠ᠂ ᠰᠢᠯᠢ ᠶᠢᠨ ᠭᠤᠣᠯ ᠠᠶᠢᠮᠠᠭ ᠤᠨ ︽ᠵᠡᠭᠦᠨ ᠬᠤᠯᠪᠣᠭᠠᠳᠣ ᠬᠤᠰᠢᠭᠤ︾ | ᠭᠡᠮᠡᠨ ᠨᠡᠷᠡᠶᠢᠳᠴᠣ ᠪᠠᠶᠢᠭᠰᠠᠨ ᠢᠶᠠᠨ ᠳᠠᠬᠢᠭᠠᠳ ᠳᠡᠭᠡᠷ᠎ᠡ ᠵᠠᠭᠤᠨ ᠤ ᠳᠠᠪᠢᠭᠠᠳ ᠣᠨ ᠪᠣᠯᠬᠤ ᠳᠤ ᠥᠪᠣᠷ ᠮᠣᠩᠭᠤᠯ | ᠤᠨ ᠰᠢᠯᠢ ᠶᠢᠨ ᠭᠤᠣᠯ ᠠᠶᠢᠮᠠᠭ ᠳᠤ ᠵᠠᠭᠦᠨ ᠪᠠᠷᠠᠭᠤᠨ ᠬᠤᠶᠠᠷ ᠦᠵᠦᠮᠦᠴᠢᠨ ᠬᠤᠰᠢᠭᠤ ᠪᠣᠯᠭᠠᠨ ᠬᠤᠪᠢᠶᠠᠵᠤ᠂ | ᠣᠳᠣ ᠪᠣᠯᠬᠤ ᠳᠤ ᠨᠢᠭᠡᠨᠳᠡ ᠵᠠᠭᠤᠨ ᠢ ᠰᠣᠨᠳᠠᠯᠠᠭᠰᠠᠨ ᠲᠡᠣᠬᠡ ᠲᠠᠢ ᠪᠣᠯᠵᠡᠢ᠃ ᠲᠡᠳᠡᠨᠡᠷ ᠬᠠᠮᠢᠭ᠎ᠠ ᠪᠠᠶᠢᠭᠰᠠᠨ ᠴᠦ | ᠮᠥᠨᠬᠦ ︽ᠦᠵᠦᠮᠦᠴᠢᠨ︾ ᠬᠡᠮᠡᠬᠦ ᠨᠡᠷ᠎ᠡ ᠲᠤᠭ ᠢᠶᠠᠨ ᠳᠡᠭᠡᠵᠢᠯᠡᠵᠤ ᠶᠠᠪᠣᠨ᠎ᠠ᠃ ᠡᠨᠡ ᠪᠣᠯ ᠮᠥᠨᠴᠣ ᠲᠡᠣᠬᠡᠨ | ᠳᠡᠭᠡᠷᠡᠬᠢ ᠶᠡᠭᠡ ᠨᠡᠭᠦᠳᠡᠯ ᠪᠣᠯᠬᠤᠷ ᠲᠡᠭᠦᠨ ᠢ ᠵᠢᠷᠭᠤᠭᠠᠳᠣᠭᠠᠷ ᠣᠳᠠᠭᠠᠨ ᠤ ᠶᠡᠭᠡ ᠨᠡᠭᠦᠳᠡᠯ ᠭᠡᠬᠦ ᠪᠣᠶᠣ ︽ | ᠥᠨᠥᠳᠣᠷ ᠤᠨ ᠦᠵᠦᠮᠦᠴᠢᠨ ︾ ᠭᠡᠵᠤ ᠬᠡᠯᠡᠵᠤ ᠪᠣᠯᠣᠨ᠎ᠠ᠃ | ᠮᠢᠨᠣ ᠡᠳᠡᠭᠡᠷ ᠰᠦᠪᠡᠭᠴᠢᠯᠡᠯᠳᠡ ᠪᠣᠯ ᠨᠠᠳᠠᠳᠣ ᠣᠯᠳᠠᠵᠦ ᠪᠦᠬᠦᠢ ᠮᠠᠲᠷᠢᠶᠠᠯ ᠢᠶᠠᠨ ᠦᠨᠳᠦᠰᠦᠯᠡᠨ᠂ | ᠲᠡᠣᠬᠡᠨ ︽ᠶᠡᠭᠡ ᠨᠡᠭᠦᠳᠡᠯ︾ ᠪᠠ ᠵᠠᠮ ᠱᠣᠭᠤᠮ ᠢ ᠪᠠᠷᠣᠭᠯᠠᠭᠰᠠᠨ ᠳᠡᠳᠣᠢ ᠪᠣᠯᠬᠤᠷ ᠲᠡᠶᠢᠮᠣ ᠣᠨᠣᠪᠴᠢᠲᠠᠢ ᠪᠢᠰᠢ | ᠪᠠᠶᠢᠵᠤ ᠮᠡᠳᠡᠨ᠎ᠡ᠃ ᠳᠦᠭᠦᠮ ᠢᠶᠠᠷ ᠬᠡᠯᠡᠪᠡᠯ ︽ᠦᠵᠦᠮᠦᠴᠢᠨ︾ ᠭᠡᠳᠡᠭ ᠠᠶᠢᠮᠠᠭ ᠤᠨ ᠲᠦᠷᠦᠭᠦᠴᠣᠳ ᠪᠣᠯ ᠶᠡᠷᠦ | ᠠᠴᠠ ᠬᠠᠭᠠᠨ ᠲᠠᠶᠢᠵᠢ ᠢᠵᠡᠭᠤᠷ ᠲᠠᠢ᠂ ᠪᠣᠷᠵᠢᠬᠢᠨ ᠣᠪᠣᠭ ᠤᠨ ᠨᠣᠶᠠᠳ ᠪᠠᠶᠢᠭᠰᠠᠨ ᠪᠠ ᠵᠠᠭᠤ ᠭᠠᠷᠣᠢ ᠣᠪᠣᠭ | ᠣᠭᠰᠠᠭ᠎ᠠ ᠶᠢ ᠬᠠᠮᠣᠷᠣᠭᠰᠠᠨ ᠶᠡᠬᠡᠬᠡᠨ ᠠᠶᠢᠮᠠᠭ ᠪᠣᠯᠣᠭᠰᠠᠨ ᠪᠠᠶᠢᠳᠠᠯ ᠲᠠᠢ ᠪᠦᠭᠡᠳ ︽ᠪᠠᠶᠢᠭᠠᠯ ᠳᠠᠯᠠᠢ︾ ᠶᠢᠨ | ᠬᠦᠪᠡᠭᠡᠨ ᠤ ᠠᠩᠴᠢᠨ ᠭᠥᠷᠥᠭᠡᠴᠢᠨ ᠪᠣᠶᠣ ᠡᠰᠡᠭᠦᠯ᠎ᠡ ︽ᠣᠢ ᠶᠢᠨ ᠢᠷᠭᠡᠨ︾ ᠪᠠᠶᠢᠪᠠ ᠭᠡᠳᠡᠭ ᠢ ᠢᠲᠡᠭᠡᠵᠦ | ᠪᠣᠯᠣᠮᠠᠷ ᠪᠠᠶᠢᠨ᠎ᠠ ᠃ ᠳᠡᠭᠡᠷᠡᠬᠢ ᠶᠠᠪᠣᠴᠠ ᠶᠢ ᠪᠠᠷᠣᠭᠴᠠᠯᠠᠪᠠᠯ ᠦᠵᠦᠮᠦᠴᠢᠨ ᠨᠢ ᠠᠯᠳᠠᠢ ᠬᠠᠩᠭᠠᠢ ᠪᠠᠷ ᠬᠤᠯᠬᠢᠨ | ᠨᠡᠭᠦᠵᠦ᠂ ᠪᠠᠷᠠᠰ ᠬᠥᠯ᠂ ᠰᠢᠨᠵᠢᠶᠠᠩ ᠂ ᠬᠦᠬᠡᠨᠠᠭᠤᠷ ᠪᠠᠷ ᠡᠮᠦᠨᠡᠰᠢᠯᠡᠨ᠂ ︽ᠮᠣᠨᠢ ᠠᠭᠤᠯᠠᠨ︾ ᠤᠨ ᠠᠷᠣ | ᠥᠪᠣᠷ ᠢᠶᠠᠷ ᠠᠶᠠᠯᠠᠨ ᠨᠡᠭᠦᠵᠤ᠂ ᠣᠳᠣ ᠶᠢᠨ ︽ᠨᠣᠳᠤᠭ ᠣᠰᠣ︾ ᠶᠢ ᠰᠣᠩᠭᠤᠭᠰᠠᠨ ᠪᠠᠶᠢᠬ᠎ᠠ ᠭᠡᠵᠤ ᠦᠵᠡᠵᠦ | ᠪᠠᠶᠢᠭ᠎ᠠ ᠪᠦᠭᠡᠳ ᠳᠠᠶᠢᠨ ᠳᠠᠵᠢᠨ ᠤ ᠦᠢᠮᠡᠭᠡᠨ ᠠᠴᠠ ᠵᠠᠶᠢᠯᠠᠵᠤ᠂ ᠬᠠᠯᠬ᠎ᠠ ᠶᠢᠨ ᠠᠷᠣ ᠬᠠᠩᠭᠠᠢ ᠪᠠᠷ ᠬᠦᠷᠴᠣ᠂ | ᠨᠢᠭᠡ ᠦᠶ᠎ᠡ ᠮᠠᠯᠵᠢᠨ ᠰᠠᠭᠤᠭᠰᠠᠨ ᠭᠡᠳᠡᠭ ᠪᠣᠶᠣ ᠴᠢᠩ ᠣᠯᠣᠰ ᠤᠨ ᠦᠶ᠎ᠡ ᠳᠤ ᠳᠠᠬᠢᠭᠠᠳ ᠪᠣᠴᠠᠨ ᠨᠡᠭᠦᠵᠤ᠂ | ᠬᠠᠭᠤᠴᠢᠨ ᠨᠣᠳᠤᠭ ᠳᠠᠭᠠᠨ ᠬᠦᠷᠦᠭᠰᠡᠨ ᠭᠡᠳᠡᠭ ᠶᠤᠮ᠃ ᠮᠥᠨᠴᠣ ᠳᠡᠯᠡᠬᠡᠢ ᠶᠢᠨ ᠬᠤᠶᠠᠳᠣᠭᠠᠷ ᠶᠡᠭᠡ ᠳᠠᠶᠢᠨ ᠤ | ᠦᠶ᠎ᠡ ᠳᠤ ᠦᠵᠦᠮᠦᠴᠢᠨ ᠤ ᠨᠢᠭᠡ ᠪᠦᠯᠦᠭ ᠨᠢ ᠮᠣᠩᠭᠤᠯ ᠣᠯᠣᠰ ᠤᠨ ᠳᠣᠷᠣᠨᠠᠳᠣ ᠠᠶᠢᠮᠠᠭ᠂ ᠰᠦᠬᠡᠪᠠᠭᠠᠳᠣᠷ | ᠠᠶᠢᠮᠠᠭ ᠪᠠᠷ ᠬᠦᠷᠴᠦ ᠨᠣᠳᠣᠭᠰᠢᠨ ᠰᠠᠭᠤᠭᠰᠠᠨ ᠭᠡᠳᠡᠭ ᠶᠤᠮ᠃ ᠳᠣᠬᠠᠶᠢᠯᠠᠪᠠᠯ ᠡᠨᠡᠬᠦ ᠲᠡᠣᠬᠡᠨ ᠴᠠᠭ ᠬᠤᠭᠤᠴᠠᠭᠠᠨ | ᠳᠤ ᠦᠵᠦᠮᠦᠴᠢᠨ ᠠᠶᠢᠮᠠᠭ ᠨᠢ ︽ᠯᠢᠭᠳᠡᠨ ᠬᠤᠳᠣᠭᠳᠣ ᠬᠠᠭᠠᠨ︾ ᠪᠠ ︽ᠲᠦᠮᠡᠡ ᠵᠠᠰᠠᠭᠳᠣ ᠬᠠᠭᠠᠨ︾ ᠢ ᠲᠠᠭᠠᠨ | ᠂ ᠣᠮᠠᠷᠠᠰᠢ ᠵᠠᠶᠢᠯᠠᠨ ᠡᠮᠦᠨᠡᠰᠢ ᠨᠡᠭᠦᠨ ᠴᠢᠨᠠᠭᠰᠢᠯᠠᠪᠠᠯ ᠬᠢᠲᠠᠳ ᠣᠷᠣᠨ ᠤ ᠯᠢᠶᠣᠳᠦᠩ ᠣᠯᠳᠣᠷᠠᠭ ᠬᠦᠷᠲᠡᠯ᠎ᠡ | ᠪᠠᠶᠢᠯᠳᠣᠵᠤ ᠶᠠᠪᠣᠭᠰᠠᠠ ᠲᠡᠣᠬᠡ ᠲᠠᠢ ᠪᠣᠯᠬᠤᠷ ᠦᠵᠦᠮᠦᠴᠢᠨ ᠠᠶᠢᠮᠠᠭ ᠤᠨ ᠶᠡᠭᠡ ᠨᠡᠭᠦᠳᠡᠯ ᠪᠣᠯ ᠳᠠᠭᠤᠣ ᠲᠠᠢ ᠴᠣᠣ | ᠲᠠᠢ ᠮᠥᠷᠲᠡᠭᠡᠨ ᠨᠡᠭᠦᠬᠦ ᠳᠣᠰᠣᠮ ᠢᠶᠠᠨ ᠬᠥᠭᠵᠢᠨ ᠳᠡᠭᠵᠢᠷᠡᠭᠰᠡᠨ ᠵᠡᠷᠭᠡ ᠣᠠᠴᠠᠯᠢᠭ ᠲᠠᠢ ᠶᠡᠭᠡ ᠨᠡᠭᠦᠳᠡᠯ ᠶᠤᠮ᠃ | ᠠᠰᠢᠭᠯᠠᠭᠰᠠᠨ ᠨᠣᠮ ᠤᠳ᠄ | ① ᠮᠠᠠᠰᠠᠩ ᠤᠨ ᠲᠠᠯᠠᠪᠣᠷᠢᠯᠠᠭᠰᠠᠨ ︽ᠮᠣᠩᠭᠤᠯ ᠨᠢᠭᠤᠴᠠ ᠳᠣᠪᠴᠢᠶᠠᠨ︾᠂ | ② ᠷᠠᠰᠢᠫᠣᠩᠰᠤᠭ ᠤᠨ ︽ᠪᠣᠯᠣᠷ ᠡᠷᠢᠬᠡ︾᠂ | ③ ᠪᠣᠯᠠᠭ ᠨᠠᠷ ᠤᠨ ᠬᠠᠷᠭᠠᠭᠤᠯᠣᠭᠰᠠᠨ ︽ ᠬᠣ᠂ ᠠᠯᠳᠠᠨ ᠳᠣᠪᠴᠢ ︾᠂ | ④ ᠲᠦᠪᠳᠦᠨ ᠳᠡᠮᠡᠪᠡᠷᠢᠯ ᠨᠡᠷ ᠤᠨ ︽ᠴᠢᠩ ᠣᠯᠣᠰ ᠤᠨ ᠦᠶ᠎ᠡ ᠶᠢᠨ ᠦᠵᠦᠮᠦᠴᠢᠨ ᠵᠡᠭᠦᠨ | ᠬᠤᠰᠢᠭᠤ︾᠂᠃ | ⑤ ᠪᠠᠷᠠᠭᠤᠨ ᠦᠵᠦᠮᠦᠴᠢᠨ ᠤ ︽ᠪᠠᠷᠠᠭᠤᠨ ᠦᠵᠦᠮᠦᠴᠢᠨ ᠬᠤᠰᠢᠭᠤᠨ ᠤ ᠲᠡᠣᠬᠡ ᠶᠢᠨ ᠡᠮᠬᠢᠳᠭᠡᠯ | ︵3︶︾᠂ | ⑥ ᠨᠠᠮᠰᠠᠷᠠᠢ ᠶᠢᠨ ︽ᠳᠠᠶᠢᠴᠢᠩ ᠣᠯᠣᠰ ᠤᠨ ᠦᠶ᠎ᠡ ᠶᠢᠨ ᠮᠣᠩᠭᠤᠯ ᠤᠨ ᠲᠡᠣᠬᠡ︾᠂ | ⑦ ᠵᠡᠭᠦᠨ ᠦᠵᠦᠮᠦᠴᠢᠨ ᠤ ︽ᠡᠵᠢᠨᠠᠭᠤᠷ ᠰᠡᠳᠭᠦᠯ ︵2006᠂ 2︶︾ ᠂ | ⑧ ᠪᠣᠣ ᠶᠢᠨ ᠵᠣ᠋ ᠨᠡᠷ ᠤᠨ ︽ᠬᠠᠯᠬ᠎ᠠ ᠳᠣᠪᠴᠢᠶᠠᠨ ︵ᠳᠣᠣᠷᠠᠳᠣ︶︾ ᠂ | ⑨ ︽ᠪᠦᠭᠦᠳᠡ ᠨᠡᠶᠢᠷᠠᠮᠳᠠᠬᠤ ᠮᠣᠩᠭᠤᠯ ᠣᠯᠣᠰ ᠤᠨ ᠲᠡᠣᠬᠡ Ⅰ︵ᠳᠣᠣᠷᠠᠳᠣ︶︾ ᠃ | | |