ᠦᠵᠦᠮᠦᠴᠢᠨ ᠠᠳᠤᠭᠤᠨ ᠳᠠᠬᠢ ᠵᠠᠭᠠᠯ ᠵᠢᠰᠦᠮ ᠤᠨ ᠲᠤᠬᠠᠢ
ᠨᠡᠶᠢᠲᠡᠯᠡᠭᠰᠡᠨ ᠴᠠᠭ᠄
2017/4/24
ᠤᠷᠢᠶᠠᠩᠬᠠᠨ ᠤ᠂ ᠶᠤᠨᠳᠤᠨ                         ᠦᠵᠦᠮᠦᠴᠢᠨ ᠠᠳᠤᠭᠤᠨ ᠳᠠᠬᠢ ᠵᠠᠭᠠᠯ ᠵᠢᠰᠦᠮ ᠤᠨ ᠲᠤᠬᠠᠢ      ᠦᠵᠦᠮᠦᠴᠢᠨ ᠠᠳᠤᠭᠤᠨ ᠤ ᠦᠩᠭᠡ ᠵᠢᠰᠦᠮ ᠳᠤ ᠪᠡᠯᠭᠡᠳᠡᠯ ᠤᠨ ᠦᠩᠭᠡ ᠵᠢᠰᠦᠮ ᠤᠯᠠᠨ ᠲᠠᠯ᠎ᠠ ᠪᠠᠷ ᠢᠯᠡᠷᠡᠳᠡᠭ ᠨᠡᠶᠢᠳᠡ ᠶᠢᠨ ᠰᠢᠨᠵᠢ ᠤᠨᠴᠠᠯᠢᠭ ᠲᠠᠢ ᠶᠤᠮ᠃ ᠡᠭᠦᠨ ᠳᠤ ᠠᠳᠤᠭᠤᠨ ᠤ ᠵᠠᠭᠠᠯ ᠵᠢᠰᠦᠮ ᠪᠤᠯ ᠬᠦᠮᠦᠰ ᠤᠨ ᠠᠩᠬᠠᠷᠤᠯ ᠢ ᠶᠡᠬᠡᠳᠡ ᠲᠠᠳᠠᠵᠦ᠂ ᠮᠠᠯᠴᠢᠳ ᠵᠠᠭᠠᠯ ᠲᠠᠢ ᠠᠳᠤᠭᠤ ᠶᠢ ᠠᠳᠤᠭᠤ ᠦᠰᠬᠦ ᠪᠡᠯᠭᠡ ᠰᠢᠨᠵᠢᠳᠠᠢ ᠭᠡᠵᠦ ᠦᠵᠡᠳᠡᠭ ᠶᠤᠮ᠃ ᠵᠡᠭᠦᠨ ᠦᠵᠦᠮᠦᠴᠢᠨ ᠬᠤᠰᠢᠭᠤᠨ ᠤ ᠪᠠᠶᠠᠠᠵᠢᠯᠠᠭ᠎ᠠ ᠭᠠᠴᠠᠭ᠎ᠠ ᠶᠢᠨ ᠠᠳᠤᠭᠤᠨ ᠰᠦᠷᠦᠭ ᠨᠢ ᠵᠠᠭᠠᠯ ᠲᠠᠢ ᠠᠳᠤᠭᠤ ᠶᠢ ᠦᠷᠡᠵᠢᠭᠦᠯᠦᠨ ᠦᠰᠭᠡᠵᠦ ᠪᠠᠶᠢᠭ᠎ᠠ ᠲᠠᠷᠬᠠᠨ ᠤᠷᠤᠨ ᠭᠡᠵᠦ ᠦᠵᠡᠯᠳᠡᠢ᠂ ᠠᠳᠡ ᠪᠢ ᠠᠬᠠᠮᠠᠳ ᠮᠠᠯᠴᠢᠨ ᠰᠢᠷᠠᠨᠤᠳ ᠤᠪᠤᠭᠳᠤ ᠤᠷᠳᠤᠨᠠᠰᠤᠳᠤ ᠶᠢᠨ ᠰᠢᠷᠡᠮᠦᠨ ᠭᠤᠸᠠᠢ ᠲᠠᠢ ᠶᠠᠷᠢᠯᠴᠠᠵᠦ᠂ ᠠᠳᠤᠭᠤᠨ ᠤ ᠵᠠᠭᠠᠯ ᠵᠢᠰᠦᠮ ᠤᠨ ᠨᠠᠷᠢᠨ ᠢᠯᠭᠠᠯ ᠢ ᠲᠤᠲᠤᠷᠠᠭᠤᠯᠤᠭᠰᠠᠨ ᠳᠠᠭᠠᠨ ᠪᠠᠭ᠋ᠠᠳᠤᠵᠦ ᠤᠯᠠᠨ ᠲᠠᠢ ᠬᠤᠪᠢᠶᠠᠯᠴᠠᠬᠤ ᠳᠤ ᠤᠷᠮᠠᠳᠠᠢ ᠪᠠᠶᠢᠨ᠎ᠠ᠃ ᠤᠷᠢᠳᠠᠪᠠᠷ ᠪᠢᠳᠡ ᠵᠠᠭᠠᠯ ᠵᠢᠰᠦᠮ ᠤᠨ ᠲᠤᠬᠠᠢ ᠲᠤᠮᠤᠭ᠂ ᠤᠯᠠᠮᠵᠢᠯᠠᠯᠳᠤ ᠬᠠᠭᠤᠴᠢ ᠬᠦᠦᠷᠨᠢᠭᠡ᠂ ᠤᠳᠤᠬᠢ ᠪᠠᠶᠢᠳᠠᠯ ᠵᠡᠷᠭᠡ ᠲᠠᠯ᠎ᠠ ᠪᠠᠷ ᠬᠤᠷᠢᠶᠠᠩᠭᠤᠶᠢᠯᠠᠨ ᠲᠦᠭᠦᠮ ᠦᠬᠦᠯᠡᠰᠦᠭᠡᠢ᠄                ᠨᠢᠭᠡ᠂ ᠵᠠᠭᠠᠯ ᠵᠢᠰᠦᠮ ᠤᠨ ᠲᠤᠬᠠᠢ ᠦᠵᠦᠮᠦᠴᠢᠨ ᠲᠤᠮᠤᠭ ᠲᠤ᠄      ᠡᠷᠳᠡ ᠤᠷᠢᠳᠦ ᠴᠠᠭ ᠲᠤ᠂ ᠪᠤᠭᠳᠠ ᠴᠢᠩᠭᠢᠰ ᠤᠨ ᠬᠤᠶᠠᠷ ᠵᠠᠭᠠᠯ ᠬᠡᠨᠳᠠᠢ ᠬᠠᠨ ᠪᠤᠷᠬᠠᠨ ᠬᠠᠯᠳᠣᠨ ᠠᠴᠠ ᠪᠡᠯᠴᠢᠭᠡᠷ ᠤᠨ ᠰᠣᠷᠭᠤᠭ ᠣᠰᠣᠨ ᠤ ᠲᠤᠩᠭᠠᠯᠠᠭ ᠢ ᠲᠠᠭᠠᠨ ᠶᠠᠪᠤᠭᠰᠠᠭᠠᠷ ᠡᠪᠡᠰᠣᠳᠣ ᠲᠠᠯ᠎ᠠ ᠪᠠᠷ ᠢᠷᠡᠵᠦ᠂ ᠤᠯᠠᠭᠠᠢ ᠭᠤᠤᠯ ᠤᠨ ᠣᠷᠣᠰᠬᠠᠯ ᠠᠴᠠ ᠤᠮᠳᠠᠯᠠᠨ᠂ ᠴᠠᠪᠴᠢᠷ ᠤᠨ ᠪᠡᠯᠴᠢᠭᠡᠷ ᠲᠤ ᠲᠠᠰᠣᠭᠰᠡᠨ ᠪᠠᠶᠢᠵᠡᠢ᠃ ᠨᠢᠭᠡᠨ ᠡᠳᠦᠷ ᠶᠡᠭᠡ ᠵᠠᠭᠠᠯ ᠨᠢ ᠡᠬᠡ ᠨᠤᠳᠤᠭ ᠡᠯᠢᠭᠡᠨ ᠰᠦᠷᠦᠭ ᠢᠶᠠᠨ ᠰᠠᠨᠠᠭᠠᠯᠵᠠᠵᠦ ᠪᠤᠴᠠᠬᠤ ᠭᠡᠰᠡᠨ ᠳᠤ ᠲᠡᠭᠦᠤ ᠵᠠᠭᠠᠯ ᠨᠢ᠄ ︽ᠤᠯᠠᠭᠠᠢ  ᠶᠢᠨ ᠭᠤᠷᠪᠠᠨ ᠤᠷᠣᠰᠬᠠᠯ  ᠤᠨ ᠣᠰᠣ ᠨᠢ ᠶᠠᠭᠠᠬᠢᠭᠰᠡᠨ ᠲᠤᠩᠭᠠᠯᠠᠭ ᠪᠤᠢ᠂ ᠤᠡᠭᠭᠤᠨ ᠭᠤᠷᠪᠠᠨ ᠴᠠᠪᠴᠢᠷ ᠤᠨ ᠡᠪᠡᠰᠦ ᠨᠢ ᠶᠠᠭᠠᠬᠢᠭᠰᠡᠨ ᠰᠣᠷᠭᠤᠭ ᠪᠤᠢ︕︾ ᠭᠡᠵᠦ ᠲᠠᠳᠠᠭᠠᠯᠵᠠᠭᠰᠡᠨ ᠢᠶᠠᠷ ᠶᠡᠭᠡ ᠵᠠᠭᠠᠯ ᠨᠢ ᠲᠡᠭᠦᠤ ᠪᠠᠨ ᠬᠦᠯᠢᠶᠡᠵᠦ᠂ ᠲᠡᠭᠦᠤ ᠵᠠᠭᠠᠯ ᠨᠢ ᠤᠯᠠᠭᠠᠢ ᠭᠤᠤᠯ ᠢ ᠰᠢᠷᠳᠡᠭᠰᠡᠨ ᠲᠦᠷᠬᠦ  ᠪᠠᠷ ᠬᠡᠷᠦᠬᠡ ᠬᠤᠶᠠᠷ ᠬᠠᠳᠠ ᠪᠤᠯᠤᠨ ᠬᠤᠪᠢᠯᠣᠭᠰᠡᠨ ᠨᠢ ᠲᠡᠷᠡ ᠶᠣᠮ ᠭᠡᠨ᠎ᠡ᠂ ᠡᠵᠡᠨ ᠤ ᠬᠤᠶᠠᠷ ᠵᠠᠭᠠᠯ ᠠᠳᠡ ᠨᠤᠳᠤᠭᠰᠢᠭᠰᠡᠨ  ᠢᠶᠠᠷ ᠦᠵᠦᠮᠦᠴᠢᠨ ᠨᠤᠳᠤᠭ ᠲᠤ ᠵᠠᠭᠠᠯ ᠵᠢᠰᠦᠮ ᠤᠨ ᠠᠳᠣᠭᠤ ᠤᠯᠠᠨ ᠭᠠᠷᠳᠠᠭ ᠪᠠ ᠠᠳᠤᠭᠤᠨ ᠰᠦᠷᠦᠭ ᠦᠨᠢᠷ ᠦᠰᠦᠯᠳᠠ ᠲᠠᠢ ᠪᠠᠶᠢᠳᠠᠭ ᠨᠢ ᠲᠡᠭᠦᠨ ᠠᠴᠠ ᠪᠤᠯᠤᠭᠰᠠᠨ ᠭᠡᠳᠡᠭ᠃ ᠡᠨᠡ ᠬᠡᠷᠦᠭᠡ ᠬᠠᠳᠠ ᠡᠳᠦᠭᠡ ᠪᠠᠶᠠᠠᠭᠤᠪᠢ ᠭᠠᠴᠠᠭ᠎ᠠ ᠶᠢᠨ ᠨᠤᠲᠤᠭ ᠲᠤ ᠪᠠᠶᠢᠬᠤ ᠪᠦᠭᠡᠳ ᠯᠠᠮᠠ ᠶᠢᠨ ᠬᠦᠷᠢᠶ᠎ᠡ ᠠᠴᠠ ᠵᠡᠭᠦᠨ ᠤᠷᠤᠭᠰᠢ ᠭᠤᠴᠢᠨ ᠭᠠᠵᠠᠷ ᠤᠨ ᠵᠠᠶᠢᠳᠠᠢ ᠳᠤ ᠪᠤᠢ᠃      ᠵᠠᠭᠠᠯ ᠭᠡᠳᠡᠭ ᠪᠤᠯ ᠠᠳᠤᠭᠤᠨ ᠤ ᠨᠢᠭᠡ ᠵᠦᠢᠯ ᠤᠨ ᠵᠢᠰᠦᠮ ᠤᠨ ᠬᠡᠯᠪᠡᠷᠢ ᠪᠠ ᠲᠠᠭᠤᠳᠠᠯᠭ᠎ᠠ ᠪᠤᠯᠤᠨ᠎ᠠ᠂ ᠵᠠᠭᠠᠯ ᠳᠡᠮᠳᠡᠭ ᠨᠢ ᠰᠠᠷᠠᠯ ᠮᠤᠷᠢᠨ ᠳᠤ ᠭᠤᠤᠯᠳᠠᠭᠤ ᠭᠠᠷᠳᠠᠭ ᠪᠦᠭᠡᠳ ᠮᠤᠨᠳᠠᠭᠠᠨ ᠠᠴᠠ ᠲᠤᠷᠤᠭᠰᠢ ᠬᠤᠶᠠᠷ ᠲᠠᠯᠤ ᠪᠠᠨ ᠲᠠᠭᠠᠭᠰᠠᠨ ᠬᠦᠨᠳᠡᠯᠡᠨ ᠪᠤᠶᠤ ᠡᠯᠳᠡᠪ ᠬᠡᠯᠪᠡᠷᠢ ᠶᠢᠨ ᠵᠢᠷᠤᠭᠠᠰᠤ ᠮᠡᠳᠦ ᠪᠠᠶᠢᠵᠦ᠂ ᠲᠡᠭᠡᠷ᠎ᠡ ᠠᠴᠠ ᠪᠠᠨ ᠲᠤᠷᠤᠭᠰᠢ ᠪᠠᠨ ᠵᠢᠷᠤᠭᠠᠰᠤ ᠪᠤᠶᠤ ᠬᠡ ᠨᠢ ᠪᠠᠭᠠᠰᠴᠦ ᠨᠠᠷᠢᠰᠤᠨ᠎ᠠ᠂ ᠬᠠᠷ᠎ᠠ ᠭᠤᠤᠯ ᠲᠠᠢ ᠬᠤᠯᠠ ᠪᠤᠶᠤ ᠬᠤᠸᠠ ᠰᠠᠷᠠᠯ ᠮᠤᠷᠢᠨ ᠳᠤ ᠡᠯᠪᠡᠭ ᠬᠠᠷᠠᠭᠳᠠᠳᠠᠭ᠂ ᠴᠠᠭᠠᠨ ᠰᠠᠷᠠᠯ ᠮᠤᠷᠢᠨ ᠳᠤ ᠢᠯᠡᠷᠡᠬᠦ ᠨᠢ ᠬᠠᠷᠢᠨ ᠨᠢ ᠬᠤᠪᠤᠷ ᠪᠠᠶᠢᠳᠠᠭ᠂ ᠡᠶᠢᠮᠦᠷᠬᠦ ᠵᠠᠭᠠᠯ ᠲᠠᠢ ᠮᠤᠷᠢ ᠶᠢ ᠲᠡᠭᠷᠢ ᠶᠢᠨ ᠰᠡᠳᠡᠷᠳᠦ ᠬᠦᠯᠦᠭ ᠬᠡᠮᠡᠨ ᠪᠡᠯᠭᠡᠰᠢᠶᠡᠵᠦ ᠶᠠᠷᠢᠳᠠᠭ ᠰᠠᠨ᠂ ᠡᠶᠢᠮᠦᠷᠬᠦ ᠲᠡᠭᠷᠢ ᠶᠢᠨ ᠰᠡᠳᠡᠷᠳᠤ ᠮᠤᠷᠢ ᠭᠠᠷᠪᠠᠯ ᠠᠳᠤᠭᠤ ᠦᠰᠦᠨ᠎ᠡ ᠭᠡᠳᠡᠭ ᠶᠤᠮ᠃                ᠬᠤᠶᠠᠷ᠂ ᠵᠠᠭᠠᠯ ᠵᠢᠰᠦᠮ ᠤᠨ ᠬᠠᠭᠤᠴᠢ ᠬᠦᠷᠨᠢᠭᠡ      ᠦᠵᠦᠮᠦᠴᠢᠨ ᠠᠳᠤᠭᠤᠨ ᠳᠤ ᠵᠠᠭᠠᠯ ᠵᠢᠰᠦᠮ ᠨᠢ ᠲᠠᠰᠤᠷᠠᠯ ᠦᠭᠡᠢ ᠢᠯᠡᠷᠡᠳᠡᠭ ᠢᠶᠠᠷ ᠦᠯᠦ ᠪᠠᠷᠠᠮ ᠡᠨᠡᠬᠦ ᠦᠯᠵᠡᠢ ᠪᠡᠯᠭᠡ ᠪᠠᠷ ᠠᠳᠤᠭᠤᠳ ᠨᠢ ᠴᠦ ᠶᠡᠭᠡ ᠦᠰᠳᠡᠭ ᠪᠠᠶᠢᠭᠰᠠᠨ ᠶᠤᠮ ᠪᠠᠶᠢᠨ᠎ᠠ᠂ ᠲᠡᠤᠬᠡ ᠲᠡᠮᠳᠡᠭᠯᠡᠯ ᠬᠢᠭᠡᠳ ᠬᠠᠭᠤᠴᠢ ᠶᠠᠷᠢᠶ᠎ᠠ ᠠᠴᠠ ᠦᠵᠡᠭᠰᠡᠨ ᠴᠤ ᠡᠳᠡᠭᠡᠷ ᠤᠴᠢᠷ ᠦᠨᠡᠮᠰᠢᠭᠦᠰᠢᠳᠡᠢ ᠪᠠᠶᠢᠨ᠎ᠠ᠃      ⑴ ︽ᠲᠦᠮᠡᠨ ᠴᠠᠭᠠᠨ ᠠᠳᠣᠭᠤ ᠲᠠᠢ ᠪᠠᠶᠠᠨ ᠰᠧᠭᠮᠢᠳ︾ ᠭᠡᠬᠦ ᠬᠠᠭᠤᠴᠢ ᠶᠠᠷᠢᠶᠠᠨ ᠳᠤ᠄      ᠤᠷᠢᠳᠦ ᠦᠵᠦᠮᠦᠴᠢᠨ ᠪᠡᠶᠢᠯᠡ ᠶᠢᠨ ᠬᠤᠰᠢᠭᠤᠨ ᠤ ᠲᠦᠮᠡᠨ ᠴᠠᠭᠠᠨ ᠠᠳᠣᠭᠤ ᠲᠠᠢ ᠪᠠᠶᠠᠨ ᠰᠧᠭᠮᠢᠳ ᠤᠨ ᠭᠡᠳᠡᠭ ᠠᠶᠢᠯ ᠪᠠᠶᠢᠵᠡᠢ᠃ ᠰᠧᠭᠮᠢᠳ ᠢ ᠭᠤᠷᠪᠠᠨ ᠴᠡᠩᠭᠡᠯᠳᠠᠢ ᠬᠠᠪᠢ ᠪᠠᠷ ᠶᠠᠪᠤᠵᠦ ᠪᠠᠶᠢᠳᠠᠯ᠎ᠠ᠂ ᠡᠮᠦᠨ᠎ᠡ ᠨᠢ ᠠᠯᠳᠠᠨ ᠤᠨᠠᠭ᠎ᠠ ᠶᠠᠪᠤᠵᠦ ᠪᠠᠶᠢᠭᠠᠳ ᠭᠠᠭᠴᠠ ᠬᠤᠮᠤᠤᠯ ᠤᠨᠠᠭᠠᠳ ᠬᠦᠶᠦᠵᠦ ᠤᠳᠤᠭᠰᠡᠨ ᠪᠠᠶᠢᠵᠡᠢ᠃ ᠲᠡᠷᠡ ᠬᠤᠮᠤᠤᠯ ᠢ ᠠᠪᠴᠢᠷᠠᠵᠦ ᠲᠠᠯᠠᠯᠠᠭᠠᠨ ᠳᠠᠭᠠᠨ ᠲᠠᠬᠢᠭᠰᠡᠨ ᠢᠶᠠᠷ ᠡᠳᠡᠨ ᠤ ᠠᠳᠣᠭᠤ ᠨᠢ ᠶᠡᠭᠡ ᠦᠰᠦᠭᠰᠡᠨ ᠭᠡᠳᠡᠭ᠃ ᠭᠡᠪᠡᠴᠤ ᠲᠡᠷᠡ ᠤᠨᠠᠭ᠎ᠠ ᠭᠠᠭᠴᠠ ᠬᠤᠮᠤᠤᠯ ᠤᠨᠠᠭᠠᠭᠰᠡᠨ ᠢᠶᠠᠷ ᠰᠧᠭᠮᠢᠳ ᠤᠨ ᠨᠢᠭᠡ ᠯᠡ ᠦᠶ᠎ᠡ ᠳᠤ ᠠᠳᠣᠭᠤ ᠪᠠᠷ ᠵᠤᠵᠠᠭᠠᠨ ᠪᠤᠯᠤᠭᠰᠡᠨ ᠭᠡᠨ᠎ᠡ᠃      ᠰᠧᠭᠮᠢᠳ ᠤᠨ ᠠᠳᠣᠭᠤᠨ ᠳᠤ ᠵᠠᠭᠠᠯ ᠲᠠᠢ ᠰᠠᠷᠠᠯ ᠵᠢᠰᠦᠮ ᠤᠨ ᠬᠤᠶᠠᠷ ᠡᠷᠳᠡᠨᠢ ᠶᠢᠨ ᠬᠦᠯᠦᠭ ᠢᠯᠡᠷᠡᠭᠰᠡᠨ ᠶᠤᠮ ᠭᠡᠨ᠎ᠡ᠃ ᠰᠧᠭᠮᠢᠳ ᠤᠨ ᠳᠤ ᠠᠳᠣᠭᠤᠴᠢᠨ ᠪᠠᠶᠢᠭᠰᠡᠨ ᠨᠢᠭᠡ ᠬᠦᠮᠦᠨ᠂ ᠮᠠᠨᠵᠦ ᠶᠢᠨ ᠬᠠᠭᠠᠨ ᠤ ᠵᠠᠷᠯᠢᠭ ᠢᠶᠠᠷ ᠦᠵᠦᠮᠦᠴᠢᠨ ᠤ ᠲᠦᠮᠡᠨ ᠴᠠᠭᠠᠨ ᠠᠳᠣᠭᠤ ᠲᠠᠢ ᠰᠧᠭᠮᠢᠳ ᠪᠠᠶᠠᠨ ᠤ ᠰᠦᠷᠦᠭ ᠠᠴᠠ ᠵᠠᠭᠠᠯ ᠲᠠᠢ ᠡᠷᠳᠡᠨᠢ ᠶᠢᠨ ᠬᠦᠯᠦᠭ ᠢ ᠰᠢᠨᠵᠢᠵᠦ ᠤᠯᠤᠭᠠᠳ ᠪᠤᠴᠠᠬᠤ ᠳᠠᠭᠠᠨ ᠪᠡᠭᠡᠵᠢᠩ ᠳᠤ ᠬᠠᠭᠠᠰᠬᠠᠨ ᠡᠳᠦᠷ ᠶᠠᠪᠤᠭᠠᠳ ᠬᠦᠷᠴᠤ ᠬᠠᠭᠠᠨ  ᠳᠤ ᠡᠷᠭᠦᠭᠰᠡᠨ ᠭᠡᠳᠡᠭ᠂ ᠨᠦᠬᠦᠭᠡ ᠨᠢᠭᠡ ᠵᠠᠭᠠᠯ ᠲᠠᠢ ᠰᠠᠷᠠᠯ ᠮᠤᠷᠢ ᠨᠢ ᠴᠢᠨ᠋ᠸ᠎ᠠ ᠳᠤ ᠢᠳᠡᠭᠳᠡᠭᠰᠡᠨ ᠭᠡᠯᠴᠡᠳᠡᠭ ᠪᠢᠯᠡ᠃      ᠰᠧᠭᠮᠢᠳ ᠤᠨ ᠠᠳᠣᠭᠤ ᠶᠡᠭᠡ ᠦᠰᠴᠤ ᠲᠦᠮᠡ ᠭᠦᠷᠥᠭᠰᠡᠨ ᠴᠢᠨᠢ ᠬᠤᠶᠠᠷ ᠪᠣᠭᠳᠠ ᠶᠢᠨ ᠠᠷᠣ ᠠᠴᠠ ᠰᠧᠶᠡᠯᠵᠢ ᠶᠢᠨ ᠭᠤᠤᠯ ᠵᠦᠭ ᠴᠣᠪᠣᠵᠣ ᠣᠰᠣ ᠣᠣᠭᠤᠵᠣ ᠪᠠᠶᠢᠰᠠᠭᠠᠷ ᠪᠣᠭᠳᠠ ᠶᠢᠨ ᠣᠷᠣᠢ ᠣᠨᠢ ᠭᠠᠷᠴᠣ᠂ ᠬᠤᠶᠠᠷ ᠪᠣᠭᠳᠠ ᠭᠡᠬᠦ ᠪᠣᠯᠣᠭᠰᠠᠨ ᠭᠡᠳᠡᠭ᠃ ᠭᠤᠶᠤᠨ ᠤ ᠠᠷᠤ ᠶᠢᠨ ᠭᠤᠤ ︵ᠪᠠᠰᠠ ᠭᠠᠯ ᠡᠩᠭᠡᠷ ᠭᠡᠳᠡᠭ︶ ᠳᠤ ᠭᠠᠷᠤᠭᠰᠡᠨ ᠤᠨᠠᠭ᠎ᠠ ᠪᠤᠯ ᠰᠠᠶᠢᠨ ᠮᠤᠷᠢ ᠪᠤᠯᠳᠠᠭ ᠶᠤᠮ ᠭᠡᠨ᠎ᠡ᠃ ᠨᠢᠭᠡ ᠡᠳᠦᠷ ᠰᠧᠭᠮᠢᠳ ᠤᠨ ᠬᠢ ᠠᠳᠣᠭᠤᠨ  ᠳᠠᠭᠠᠨ ᠰᠠᠶᠢᠨ ᠮᠤᠷᠢ ᠲᠦᠷᠦᠭᠦᠯᠦᠨ᠎ᠡ ᠭᠡᠵᠦ ᠡᠨᠡᠬᠦ ᠭᠤᠤ ᠳᠤ ᠠᠳᠣᠭᠤ ᠪᠠᠨ ᠡᠳᠦᠷ ᠰᠦᠨᠢ ᠬᠤᠶᠡᠷ ᠬᠤᠷᠢᠭᠠᠳ ᠭᠡᠭᠦᠳ ᠨᠢ ᠤᠨᠠᠭᠠᠯᠠᠭᠰᠡᠨ ᠦᠭᠡᠢ ᠪᠤᠯᠬᠤᠷ ᠤᠰᠤᠨ ᠵᠦᠭ ᠲᠠᠯᠪᠢᠳᠠᠭ ᠶᠤᠮ ᠪᠠᠶᠢᠨ᠎ᠠ᠃ ᠭᠤᠤ ᠠᠴᠠ ᠭᠠᠷᠤᠭᠰᠠᠨ ᠡᠨᠡᠤᠭᠡᠨ ᠬᠤᠭᠤᠷᠤᠨᠳᠤ ᠭᠤᠷᠪᠠᠨ ᠵᠠᠭᠤ ᠭᠠᠷᠤᠢ ᠭᠡᠭᠦᠦ ᠤᠨᠠᠭᠠᠯᠠᠭᠰᠡᠨ ᠪᠠᠶᠢᠵᠠᠢ᠃ ᠭᠡᠳᠡᠯ᠎ᠡ ᠭᠤᠶᠤᠨ ᠤ ᠠᠷᠤ ᠶᠢᠨ ᠭᠤᠤ ᠶᠢᠨ ᠲᠤᠤᠷᠠᠳᠣ ᠠᠮᠠᠨ ᠳᠤ ᠨᠢᠭᠡ ᠯᠡ ᠬᠡᠬᠦᠦ ᠤᠨ᠋ᠨᠭᠠᠯᠠᠵᠦ ᠬᠤᠴᠤᠷᠤᠭᠰᠠᠨ ᠶᠤᠮ ᠭᠡᠨ᠎ᠡ᠂ ᠱᠤᠳᠣᠩ ᠪᠤᠭᠤᠷᠤᠯ ᠤᠨᠠᠭ᠎ᠠ ᠭᠠᠷᠤᠭᠰᠡᠨ ᠨᠢ ᠬᠤᠵᠢᠮ ᠨᠢ ᠶᠡᠭᠡᠯ᠎ᠡ ᠨᠠᠷᠡᠳᠡᠢ ᠭᠦᠶᠦᠳᠡᠭ ᠮᠤᠷᠢ ᠪᠤᠯᠤᠭᠰᠡᠨ ᠬᠡᠯᠴᠡᠳᠡᠭ᠃      ⑵ ︽ᠵᠢᠪᠬᠤᠭᠠᠳᠤ ᠠᠳᠤᠭᠤᠴᠢᠨ ᠯᠾᠠᠰᠦ᠋ᠷᠦᠩᠵᠠᠪ︾ ᠭᠡᠬᠦ ᠦᠬᠦᠯᠡᠯ ᠳᠤ᠄      ᠮᠠᠨᠳᠤᠬᠤᠪᠤᠯᠠᠭ ᠮᠠᠯᠵᠢᠯ ᠤᠨ ᠲᠠᠯᠠᠪᠠᠢ ᠶᠢᠨ ᠲᠤᠰᠤᠨᠨᠠᠭᠤᠷ ᠪᠠᠷᠢᠭᠠᠳᠠ ᠶᠢᠨ ᠠᠳᠤᠭᠤᠴᠢᠨ ᠯᠾᠠᠰᠦ᠋ᠷᠦᠩᠵᠠᠪ ᠢᠶᠠᠷ ᠬᠠᠮᠳᠤ ᠨᠠᠶᠢᠳᠠ ᠶᠢᠨ ᠠᠳᠤᠭᠤᠨ ᠰᠦᠷᠦᠭ ᠢ ᠠᠷᠠᠴᠢᠯᠠᠨ ᠮᠠᠯᠵᠢᠵᠦ᠂ ᠠᠳᠤᠭᠤᠨ ᠰᠦᠷᠦᠭ ᠢᠶᠠᠨ ᠮᠢᠩᠭ᠎ᠠ ᠶᠢᠨ ᠲᠤᠭ᠎ᠠ ᠶᠢ ᠲᠠᠪᠠᠭᠤᠯᠤᠨ ᠦᠰᠭᠡᠵᠦ ᠶᠠᠪᠤᠵᠠᠢ᠂ ᠲᠡᠭᠦᠨ ᠤ ᠲᠤᠷᠠᠰᠬᠤ ᠪᠠᠷ᠂ ᠮᠢᠩᠭᠠᠨ ᠴᠠᠭᠠᠨ ᠰᠦᠷᠦᠭ ᠠᠴᠠ ᠨᠢ ᠤᠨᠴᠤᠭᠤᠢ ᠳᠡᠮᠳᠡᠭ ᠲᠠᠢ ᠬᠤᠶᠠᠷ ᠵᠠᠭᠠᠯ ᠰᠠᠷᠡᠯ ᠤᠨᠠᠭ᠎ᠠ ᠢᠯᠡᠷᠡᠭᠰᠡᠨ ᠶᠤᠮ ᠭᠡᠨ᠎ᠡ᠂ ᠦᠵᠦᠮᠦᠴᠢᠨ ᠪᠤᠭᠤᠷᠤᠯ ᠤᠳ ᠡᠭᠦᠨ ᠢ ᠡᠵᠡᠨ ᠴᠢᠩᠭᠢᠰ ᠤᠨ ᠬᠤᠶᠠᠷ ᠵᠠᠭᠠᠯ ᠤᠨ ᠪᠦᠷᠢᠯᠸ᠎ᠠ᠂ ᠡᠶᠢᠮᠦᠷᠬᠦ ᠵᠠᠭᠠᠯ ᠲᠠᠢ ᠮᠤᠷᠢ ᠶᠢ ᠲᠡᠭᠷᠢ ᠶᠢᠨ ᠰᠡᠳᠡᠷᠳᠦ ᠬᠦᠯᠦᠭ ᠬᠡᠮᠡᠨ ᠪᠡᠯᠭᠡᠰᠢᠶᠡᠵᠦ ᠶᠠᠷᠢᠳᠠᠭ ᠰᠠᠨ᠂ ᠡᠨᠡᠬᠦ ᠵᠦᠩᠨᠠᠯ ᠪᠡᠯᠭᠡᠳᠡᠯ ᠢᠶᠠᠷ ᠨᠢᠭᠡ ᠶᠢ ᠨᠢ ᠨᠠᠶᠢᠷ ᠤᠨ ᠲᠡᠷᠢᠭᠦᠨ ᠪᠦᠭᠡ ᠡᠷᠢᠶᠡᠠᠭᠤᠪᠢ ᠶᠢᠨ ᠴᠢᠮᠠᠳ ᠤᠨ ᠱᠠᠩᠨᠠᠯ ᠳᠤ ᠬᠦᠷᠭᠡᠭᠰᠡᠨ ᠪᠦᠭᠡᠳ ᠨᠦᠭᠦᠭᠡ ᠨᠢᠭᠡ ᠶᠢ ᠨᠢ ᠲᠡᠭᠦᠤ ᠪᠤᠶᠠᠨᠴᠤᠭᠳᠤ ᠨᠢ ᠬᠠᠶᠢᠷᠠᠯᠠᠨ ᠮᠤᠷᠢ ᠬᠢᠵᠦ ᠤᠨᠤᠯ᠎ᠠ ᠭᠡᠳᠡᠭ᠃                ᠭᠤᠷᠪᠠ᠂ ᠵᠢᠯᠠᠭ᠎ᠠ ᠶᠢᠨ ᠨᠤᠲᠤᠭ ᠳᠠᠬᠢ ᠵᠠᠭᠠᠯᠳᠤ ᠠᠳᠤᠭᠤᠳ      ᠵᠡᠭᠦᠨ ᠦᠵᠦᠮᠦᠴᠢᠨ ᠤ ᠪᠠᠶᠠᠠᠵᠢᠯᠠᠭ᠎ᠠ ᠭᠠᠴᠠᠭᠠᠨ ᠤ ᠰᠢᠷᠠᠨᠤᠤᠳ ᠤᠪᠤᠭᠳᠤ ᠤᠷᠳᠤᠨᠠᠰᠤᠳᠤ ᠶᠢᠨ ᠰᠢᠷᠠᠮᠤᠨ ᠭᠤᠸᠠᠢ ᠶᠢᠨ ᠬᠤᠸᠠ ᠬᠤᠯᠠ ᠵᠢᠰᠦᠮ ᠤᠨ ᠠᠳᠤᠭᠤᠳ ᠲᠠᠢ ᠪᠠᠶᠢᠵᠦ᠂ ᠵᠠᠭᠠᠯ ᠵᠢᠰᠦᠮ ᠲᠠᠢ ᠨᠢ ᠤᠯᠠᠩᠬᠢ ᠲᠤᠭ᠎ᠠ ᠶᠢ ᠡᠵᠡᠯᠡᠨ᠎ᠡ᠂ ᠵᠠᠭᠠᠯ ᠳᠤ ᠲᠠᠪᠤᠨ ᠵᠦᠢᠯ ᠤᠨ ᠵᠢᠰᠦᠮ ᠪᠤᠢ᠂ ᠡᠭᠦᠨ ᠳᠤ ᠰᠡᠳᠡᠷ ᠵᠠᠭᠠᠯ᠂ ᠰᠢᠪᠠᠭᠤᠨ ᠵᠠᠭᠠᠯ ᠂ ᠰᠠᠭᠯᠠᠭᠠᠷ ᠵᠠᠭᠠᠯ᠂ ᠡᠭᠦᠯᠡᠨ ᠵᠠᠭᠠᠯ᠂ ᠤᠳᠤᠨ ᠵᠠᠭᠠᠯ ᠭᠡᠵᠦ ᠢᠯᠭᠠᠨ᠎ᠠ᠂ ᠡᠶᠢᠮᠦᠷᠬᠦ ᠵᠠᠭᠠᠯ ᠵᠢᠰᠦᠮ ᠤᠨ ᠠᠳᠤᠭᠤᠳ ᠤᠨ ᠡᠪᠦᠳᠦᠭ ᠪᠤᠷᠪᠢ ᠶᠢ ᠨᠢ ᠲᠠᠭᠠᠭᠠᠳ ᠪᠠᠷᠰ ᠤᠨ ᠡᠷᠢᠶᠡᠨ ᠬᠡ ᠭᠠᠷᠳᠠᠭ ᠵᠢᠮ᠎ᠡ ᠲᠠᠢ᠃      ᠰᠡᠳᠡᠷ ᠵᠠᠭᠠᠯ — ᠮᠤᠨᠳᠠᠭᠠᠨ ᠠᠴᠠ ᠬᠤᠶᠠᠷ ᠲᠠᠯ᠎ᠠ ᠳᠠᠭᠠᠨ ᠪᠠᠭᠤᠭᠰᠠᠨ ᠰᠤᠳᠠᠯ ᠲᠡᠮᠳᠡᠭ ᠬᠡᠯᠡᠨ᠎ᠡ      ᠰᠢᠪᠠᠭᠤᠨ ᠵᠠᠭᠠᠯ — ᠬᠦᠵᠦᠭᠦᠨ ᠵᠦᠭ ᠨᠢᠭᠡ ᠰᠠᠯᠠᠭ᠎ᠠ᠂ ᠲᠠᠯᠤ ᠪᠠᠨ ᠲᠠᠭᠠᠭᠰᠠᠨ ᠬᠤᠶᠠᠷ ᠰᠠᠯᠠᠭ᠎ᠠ ᠰᠤᠳᠠᠯ ᠪᠠᠶᠢᠵᠦ᠂ ᠶᠠᠭ ᠯᠡ ᠰᠢᠪᠠᠭᠤᠨ ᠤ ᠬᠦᠯ ᠰᠢᠭ ᠲᠡᠮᠳᠡᠭ ᠶᠢ ᠬᠡᠯᠡᠨ᠎ᠡ      ᠰᠠᠭᠯᠠᠭᠠᠷ ᠵᠠᠭᠠᠯ — ᠲᠤᠤᠷ᠎ᠠ ᠠᠴᠠ ᠲᠡᠭᠡᠭᠰᠢ ᠪᠠᠨ ᠮᠤᠳᠤᠨ ᠤ ᠨᠠᠮᠠᠭ᠎ᠠ ᠮᠡᠳᠦ ᠰᠠᠷᠪᠠᠭᠠᠷ ᠰᠢᠭ᠋ ᠲᠡᠮᠳᠡᠭ  ᠲᠠᠢ ᠶᠢ ᠬᠡᠯᠡᠨ᠎ᠡ      ᠡᠭᠦᠯᠡᠨ ᠵᠠᠭᠠᠯ — ᠲᠡᠭᠡᠭᠦᠷ ᠢᠶᠠᠨ ᠪᠦᠯᠦᠭ ᠪᠦᠯᠦᠭ ᠢᠶᠠᠷ ᠡᠭᠦᠯᠡ ᠮᠡᠳᠦ ᠮᠤᠰᠬᠢᠷᠠᠭᠰᠠᠨ ᠬᠡᠯᠪᠡᠷᠢ ᠲᠠᠢ ᠲᠡᠮᠳᠡᠭ ᠶᠢ ᠬᠡᠯᠡᠨ᠎ᠡ      ᠤᠳᠤᠨ ᠵᠠᠭᠠᠯ —  ᠮᠤᠨᠳᠠᠭᠠᠨ ᠠᠴᠠ ᠲᠤᠷᠤᠭᠰᠢ ᠭᠡᠰᠡᠭ ᠭᠡᠰᠡᠭ ᠪᠤᠳᠠᠷᠠᠭᠰᠠᠨ ᠮᠠᠶ᠋ᠢᠭ ᠤᠨ ᠲᠤᠰᠤᠯ ᠰᠢᠭ᠋ ᠲᠡᠮᠳᠡᠭ ᠢ ᠬᠡᠯᠡᠨ᠎ᠡ ᠭᠡᠵᠦ ᠠᠳᠤᠭᠤᠴᠢᠨ ᠰᠢᠷᠡᠮᠦᠨ ᠲᠠᠶᠢᠯᠪᠤᠷᠢᠯᠠᠨ᠎ᠠ᠃      ᠰᠢᠷᠡᠮᠦᠨ ᠤ ᠬᠡᠯᠡᠬᠦ ᠪᠠᠷ᠂ ᠮᠠᠨ ᠤ ᠠᠳᠤᠭᠤ ᠪᠤᠯ ᠷᠤᠯᠮ᠎ᠠ ᠵᠠᠩᠬᠢ ᠶᠢᠨ ᠠᠳᠤᠭᠤᠨ ᠤ ᠤᠳᠤᠮ ᠪᠤᠯᠬᠤ ᠶᠤᠮ᠃ ᠮᠠᠯ ᠪᠡᠯᠴᠢᠭᠡᠷ ᠬᠤᠪᠢᠶᠠᠬᠤ ᠦᠶ᠎ᠡ ᠳᠤ ᠨᠠᠳᠠ ᠳᠤ ᠵᠠᠭᠠᠯ ᠠᠵᠢᠷᠭ᠎ᠠ ᠲᠠᠢ ᠠᠳᠤᠭᠤᠳ ᠬᠤᠪᠢᠶᠠᠭᠳᠠᠭᠰᠠᠨ ᠳ᠋ᠠ  ᠂ ᠢᠩᠭᠢᠭᠡᠳ ᠪᠢ ᠵᠠᠭᠠᠯ ᠠᠳᠤᠭᠤᠨ ᠤ ᠡᠵᠡᠨ ᠪᠤᠯᠵᠦ ᠴᠢᠳᠠᠭᠰᠠᠨ ᠶᠤᠮ᠃ ᠪᠠᠰᠠ ᠨᠢᠭᠡᠨ ᠵᠦᠢᠯ ᠤᠨ ᠵᠤᠯ ᠵᠠᠪᠰᠢᠶᠠᠨ ᠪᠤᠯᠬᠤ ᠳᠠᠭᠠᠨ ᠲᠠᠭᠠᠷᠠᠨ᠎ᠠ᠃ ᠤᠶᠢᠷ᠎ᠠ ᠶᠢᠨ ᠭᠠᠩ ᠤᠨ ᠵᠢᠯ ᠤᠳ ᠲᠤ᠂ ᠨᠤᠲᠤᠭ ᠪᠡᠯᠴᠢᠭᠡᠷ ᠤᠨ ᠴᠢᠬᠤᠯᠠᠴᠢᠯᠭ᠎ᠠ ᠪᠠᠷ ᠪᠢ ᠠᠷᠭ᠎ᠠ ᠦᠭᠡᠢ ᠪᠤᠯᠬᠤ ᠳᠠᠭᠠᠨ ᠠᠳᠤᠭᠤ ᠪᠠᠨ ᠠᠵᠢᠷᠭ᠎ᠠ ᠪᠠᠷ ᠨᠢ ᠬᠤᠳᠠᠯᠳᠤᠨ ᠴᠦᠭᠡᠷᠡᠭᠦᠯᠦᠭᠰᠡᠨ ᠶᠤᠮ᠂ ᠬᠠᠶᠢᠷᠠᠯᠠᠯ᠎ᠠ ᠭᠡᠳ ᠶᠠᠮᠠᠷ ᠲᠤᠰᠠ᠂ ᠪᠡᠯᠴᠢᠭᠡᠷ ᠦᠭᠡᠢ ᠶᠤᠮ ᠴᠢᠨᠢ᠂ ᠡᠷᠳᠡᠨᠢ ᠮᠡᠳᠦ ᠡᠯᠳᠡᠪ ᠵᠦᠢᠯ ᠤᠨ ᠰᠠᠶᠢᠬᠠᠨ ᠵᠠᠭᠠᠯ ᠲᠠᠢ ᠠᠳᠤᠭᠤᠳ ᠢᠶᠠᠨ ᠢᠩᠭᠢᠭᠡᠳ ᠯᠠ ᠴᠦᠭᠡᠷᠡᠭᠦᠯᠴᠢᠭᠡᠯ᠎ᠡ ᠰᠢᠳᠡ᠃      ᠡᠨᠡ ᠠᠳᠤᠭᠤᠨ ᠤ ᠲᠡᠤᠬᠡᠨ ᠦᠩᠭᠡᠷᠡᠯᠳᠡ ᠠᠴᠠ ᠲᠦᠬᠦᠮ ᠶᠠᠷᠢᠭᠠᠳ ᠦᠭᠭᠦᠨ᠎ᠡ ᠤᠤ ᠭᠡᠬᠦ ᠳᠤ ᠲᠡᠷᠡ ᠢᠩᠭᠢᠵᠦ ᠶᠠᠷᠢᠯ᠎ᠠ᠄      ᠷᠤᠯᠮ᠎ᠠ ᠵᠠᠩᠬᠢ ᠪᠤᠯ ᠮᠠᠨ ᠤ ᠪᠠᠷᠢᠭᠠᠳᠠ ᠶᠢᠨ ᠬᠦᠮᠦᠨ᠂ ᠵᠠᠭᠠᠯ ᠠᠳᠤᠭᠤᠳ ᠢᠶᠠᠷ ᠨᠡᠷ᠎ᠡ ᠲᠠᠢ ᠴᠤ ᠠᠶᠢᠯ ᠶᠠᠪᠤᠭᠰᠠᠨ ᠶᠤᠮ᠃ 1950 ‍ᠭᠠᠳ ᠤᠨ ᠤ ᠡᠬᠢ ᠪᠠᠷ ᠡᠳᠡᠨᠡᠶᠢᠬᠢᠨ ᠬᠤᠸᠠ ᠬᠤᠯᠠ ᠬᠤᠶᠠᠷ ᠵᠠᠭᠠᠯ ᠲᠠᠢ ᠠᠵᠢᠷᠭ᠎ᠠ ᠠᠳᠤᠭᠤᠳ ᠨᠢ ᠢᠯᠠᠭᠠᠷᠬᠠᠨ ᠰᠠᠯᠬᠢᠳᠠᠵᠦ᠂ ᠬᠠᠯᠬ᠎ᠠ ᠳᠤ ᠭᠦᠶᠦᠵᠦ ᠤᠷᠤᠭᠰᠠᠨ ᠢᠶᠠᠷ ᠠᠯᠳᠠᠵᠦ ᠶᠠᠪᠤᠭᠤᠯᠤᠭᠰᠠᠨ ᠪᠠᠶᠢᠵᠠᠢ᠃ ᠲᠠᠷᠠᠭ᠎ᠠ ᠨᠠᠮᠤᠷ ᠨᠢ ᠬᠠᠯᠬ᠎ᠠ ᠶᠢᠨ ᠬᠠᠷ᠎ᠠ ᠠᠳᠤᠭᠤ ᠤᠷᠤᠵᠦ ᠢᠷᠡᠬᠦ ᠦᠶ᠎ᠡ ᠳᠤ ᠬᠤᠸᠠ ᠠᠵᠢᠷᠭ᠎ᠠ ᠨᠢ ᠲᠠᠯ ᠢ ᠨᠢ ᠠᠪᠤᠴᠢᠭᠰᠠᠨ ᠬᠦᠭᠡᠭᠡᠭᠳᠡᠨ ᠤᠷᠤᠵᠦ ᠢᠷᠡᠵᠡᠢ᠃ ᠡᠵᠡᠨ ᠵᠢᠭᠠᠬᠠᠨ ᠪᠠᠳᠤ ᠨᠢ ᠠᠳᠤᠭᠤᠨ ᠤ ᠲᠤᠲᠤᠷ᠎ᠠ ᠠᠴᠠ ᠦᠵᠡᠮᠡᠭᠴᠡ ᠲᠠᠨᠢᠭᠰᠠᠨ ᠢᠶᠠᠷ ᠬᠢᠯᠢ ᠶᠢᠨ ᠴᠡᠷᠢᠭ ᠤᠨ ᠲᠤᠷᠵᠢᠵᠠᠪ ᠭᠡᠬᠦ ᠲᠠᠷᠤᠭ᠎ᠠ ᠳᠤ ᠬᠡᠯᠡᠵᠦ ᠠᠪᠤᠭᠠᠳ ᠬᠤᠴᠦᠷᠴᠠᠢ᠂ ᠰᠡᠭᠦᠯᠡᠷ ᠨᠢ ᠲᠡᠷᠡ ᠠᠵᠢᠷᠭ᠎ᠠ ᠶᠢ ᠲᠠᠯ ᠢ ᠨᠢ ᠠᠪᠤᠭᠰᠠᠨ ᠢᠶᠠᠷ ︽ᠯᠠᠮᠠ ᠠᠵᠢᠷᠭ᠎ᠠ︾ ᠭᠡᠵᠦ ᠨᠡᠷᠡᠯᠡᠬᠦ ᠪᠤᠯᠵᠠᠢ᠃ ᠮᠠᠯ ᠬᠤᠪᠢᠶᠠᠬᠤ ᠳᠤ᠂ ᠡᠨᠡ ᠯᠠᠮᠠ ᠠᠵᠢᠷᠭ᠎ᠠ ᠶᠢᠨ ᠤᠳᠤᠮ ᠨᠢ ᠨᠠᠳᠠ ᠳᠤ ᠢᠷᠡᠭᠰᠡᠨ ᠢᠶᠠᠷ ᠬᠤᠶᠠᠷ ᠠᠵᠢᠷᠭ᠎ᠠ ᠠᠳᠤᠭᠤ ᠲᠠᠢ ᠪᠤᠯᠵᠠᠢ᠂ ᠡᠭᠦᠨ ᠳᠤ ᠬᠤᠷᠢ ᠭᠠᠷᠤᠢ ᠨᠢ ᠵᠠᠭᠠᠯ ᠲᠠᠢ ᠠᠳᠤᠭᠤᠳ ᠪᠤᠯᠤᠭᠰᠠᠨ ᠶᠤᠮ᠃      ᠵᠢᠷᠠᠭᠠᠳ ᠤᠨ ᠤ ᠡᠬᠢᠨ ᠳᠤ᠂ ᠯᠠᠮᠠ ᠠᠵᠢᠷᠭ᠎ᠠ ᠨᠢ ᠤᠯᠠᠩᠬᠢ ᠨᠢ ᠪᠦᠷ ᠬᠤᠸᠠ ᠬᠤᠯᠠᠭᠴᠢ ᠬᠡᠭᠦᠳ ᠲᠠᠢ ᠪᠠᠶᠢᠭᠰᠠᠨ᠂ ᠡᠭᠦᠨ ᠠᠴᠠ ᠬᠤᠶᠠᠷ ᠴᠠᠭᠠᠨ ᠰᠠᠷᠠᠯ ᠵᠠᠭᠠᠯ ᠲᠠᠢ ᠡᠷ᠎ᠡ ᠤᠨᠠᠭ᠎ᠠ ᠭᠠᠷᠤᠭᠰᠠᠨ᠂ ᠬᠤᠶᠠᠭᠤᠯᠠ ᠴᠡᠷᠢᠭ ᠤᠨ ᠠᠭᠳᠠᠨ ᠳᠤ ᠶᠠᠪᠤᠭᠰᠠᠨ᠂ ᠲᠠᠯᠠᠭᠠᠳ ᠤᠨ ᠤ ᠡᠬᠢ ᠪᠠᠷ ᠪᠠᠰᠠ ᠬᠤᠶᠠᠷ ᠴᠠᠭᠠᠨ ᠰᠠᠷᠠᠯ ᠵᠠᠭᠠᠯ ᠲᠠᠢ ᠤᠨᠠᠭ᠎ᠠ ᠭᠠᠷᠤᠭᠰᠠᠨ᠂ ᠬᠠᠮᠳᠤ ᠨᠡᠶᠢᠳᠡ ᠪᠠᠶᠢᠭᠰᠠᠨ ᠢᠶᠠᠷ ᠬᠦᠮᠦᠨ ᠤ ᠤᠨᠤᠭᠠᠨ ᠳᠤ ᠲᠤᠬᠢᠷᠠᠭᠤᠯᠤᠭᠳᠠᠨ ᠡᠳ᠋ᠯᠡᠭᠳᠡᠭᠰᠡᠨ ᠶᠤᠮ᠃ ᠡᠭᠦᠨ ᠤ ᠨᠢᠭᠡ ᠰᠠᠷᠠᠯ ᠨᠢ ᠴᠢᠮᠡᠳ ᠤᠨ ᠤᠨᠤᠭᠠᠨ ᠳᠤ ᠪᠠᠶᠢᠭᠠᠳ᠂ ᠴᠢᠮᠡᠳ ᠭᠤᠸᠠᠢ ᠤᠶᠠᠵᠦ ᠰᠠᠭᠠᠮᠠᠢ ᠶᠢᠨ ᠲᠦᠮᠡᠨ ᠦᠬᠡᠷ ᠤᠨ ᠨᠠᠶᠢᠷ ᠤᠨ ᠡᠮᠡᠭᠡᠯᠳᠦ ᠮᠤᠷᠢᠨ ᠤ ᠤᠷᠤᠯᠳᠤᠭᠠᠨ ᠤ ᠲᠡᠷᠢᠭᠦᠨ ᠱᠠᠩ ᠢ ᠲᠤᠰᠴᠤ ᠪᠠᠶᠢᠭᠰᠠᠨ᠂ 1994 ᠤᠨ ᠤ ᠡᠵᠢᠨᠠᠭᠤᠷ ᠰᠤᠮᠤᠨ ᠤ ᠶᠡᠭᠡ ᠨᠠᠶᠢᠷ ᠲᠤ᠂ ᠪᠢᠯᠢᠭᠳᠦ ᠶᠢᠨ ᠬᠤᠩᠭᠤᠷ᠂ ᠰᠤᠮᠢᠶ᠎ᠠ ᠶᠢᠨ ᠬᠤᠸᠠ ᠬᠤᠶᠠᠭᠤᠯᠠ ︵ᠵᠠᠭᠠᠯ ᠠᠳᠤᠭᠤᠨ ᠤ ᠤᠳᠤᠮ︶ ᠠᠯᠤᠰ ᠤᠨ ᠮᠤᠷᠢᠨ ᠤ ᠤᠷᠤᠯᠳᠤᠭᠠᠨ ᠳᠤ ᠲᠡᠷᠢᠭᠦᠨ ᠳᠡᠳ᠋ ᠶᠢ ᠨᠢ ᠠᠪᠴᠤ ᠪᠠᠶᠢᠭᠰᠠᠨ ᠶᠤᠮ᠂ ᠬᠤᠶᠠᠭᠤᠯᠠ ᠪᠠᠨ ᠵᠠᠭᠠᠯ ᠲᠠᠢ ᠮᠤᠷᠢ ᠪᠤᠯᠤᠨ᠎ᠠ᠂ ᠷᠤᠯᠮ᠎ᠠ ᠶᠢᠨ ᠳᠤ ᠪᠠᠰᠠ ᠨᠢᠭᠡᠨ ᠮᠤᠯᠭᠤᠷ ᠬᠤᠯᠠ ᠭᠡᠳᠡᠭ ᠶᠡᠭᠡ ᠭᠦᠶᠦᠳᠡᠭ ᠮᠤᠷᠢ ᠪᠠᠶᠢᠭᠰᠠᠨ᠂ ᠲᠡᠭᠦᠨ ᠤ ᠬᠦᠪᠡᠭᠦᠨ ᠲᠠᠪᠢᠠ ᠬᠡᠳᠦᠨ ᠤᠨ ᠤ ᠠᠶᠢᠮᠠᠭ ᠤᠨ ᠶᠡᠭᠡ ᠨᠠᠶᠢᠷ ᠲᠤ ᠲᠠᠯᠪᠢᠭᠠᠳ ᠲᠡᠳ᠋ᠯᠡᠵᠦ ᠪᠠᠶᠢᠭᠰᠠᠨ ᠲᠡᠤᠬᠡ ᠲᠠᠢ ᠶᠤᠮ᠂ ᠡᠭᠦᠨ ᠠᠴᠠ ᠡᠨᠡ ᠵᠠᠭᠠᠯ  ᠲᠠᠢ ᠠᠳᠤᠭᠤᠳ ᠨᠢ ᠶᠡᠭᠡ ᠬᠤᠷᠳᠤᠨ ᠬᠦᠯᠦᠭ ᠤᠨ ᠰᠢᠨᠳᠠᠰᠤ ᠲᠠᠢ᠂ ᠰᠠᠶᠢᠨ ᠤᠳᠤᠮ ᠤᠨ ᠠᠳᠤᠭᠤᠳ ᠭᠡᠵᠦ ᠬᠡᠯᠡᠵᠦ ᠪᠤᠯᠤᠨ᠎ᠠ᠃ ᠲᠠᠯᠠᠭᠠᠳ ᠤᠨ ᠳᠤ ᠪᠠᠶᠠᠷᠮᠠᠩᠨᠠᠢ ᠶᠢᠨ ᠵᠠᠭᠠᠯᠳᠤ ᠬᠤᠸᠠ ᠭᠡᠬᠦ ᠠᠵᠢᠷᠭ᠎ᠠ ᠶᠢᠨ ᠬᠡᠷᠡᠩᠬᠡᠳᠦ ᠬᠠᠷᠠᠭᠴᠢ ᠭᠡᠭᠦᠤ ᠠᠴᠠ ᠰᠢᠪᠠᠭᠤᠨ ᠵᠠᠭᠠᠯ ᠲᠠᠢ ᠢᠬᠡᠷ᠎ᠡ ᠤᠨᠠᠭ᠎ᠠ ᠭᠠᠷᠤᠭᠰᠠᠨ ᠳᠤ ᠪ᠊᠂ ᠷᠠᠰᠢ ᠭᠡᠳᠡᠭ ᠬᠦᠮᠦᠨ ᠤᠰᠤᠯ ᠭᠠᠷᠬᠤ ᠠᠴᠠ ᠰᠡᠷᠭᠡᠶᠢᠯᠡᠨ ᠭᠠᠳᠠᠨ᠎ᠠ ᠪᠠᠨ ᠠᠪᠠᠴᠢᠨ ᠲᠤᠯᠤᠭ᠎ᠠ ᠬᠤᠨᠤᠭ ᠠᠷᠭᠠᠮᠵᠢᠭᠠᠳ ᠭᠤᠶᠠᠨ ᠳᠤᠨᠢ ᠭᠠᠷᠬᠠᠨ ᠲᠠᠮᠠᠭ᠎ᠠ ᠲᠠᠷᠤᠭᠠᠳ ᠠᠳᠤᠭᠤᠨ ᠳᠤ ᠨᠡᠶᠢᠯᠡᠭᠦᠯᠦᠨ ᠲᠠᠯᠪᠢᠭᠰᠠᠨ ᠰᠦᠨᠢ ᠨᠢ ᠢᠬᠡᠷ᠎ᠡ ᠤᠨᠠᠭ᠎ᠠ ᠶᠢ ᠬᠤᠶᠠᠭᠤᠯᠠ ᠶᠢ ᠴᠢᠨ᠋ᠸ᠎ᠠ ᠢᠳᠡᠭᠰᠡᠨ ᠶᠤᠮ ᠭᠡᠨ᠎ᠡ᠂ ᠲᠡᠭᠡᠭᠡᠳ ᠠᠳᠤᠭᠤᠴᠢᠳ ᠲᠡᠷᠡ ᠬᠠᠷᠠᠭᠴᠢ ᠭᠡᠭᠦᠤ ᠪᠠᠨ ᠬᠠᠶᠢᠷᠠᠯᠠᠨ ᠵᠦᠨᠤᠳ᠋ᠨᠭᠡᠵᠦ ᠦᠭᠦᠭᠦᠯᠦᠭᠰᠡᠨ ᠪᠠᠶᠢᠵᠠᠢ᠃ ᠰᠢᠷᠡᠮᠤᠨ ᠪᠤᠯ ᠤᠤᠯ ᠤᠨ ᠦᠵᠦᠮᠦᠴᠢᠨ ᠪᠠᠷᠠᠭᠤᠨ ᠭᠠᠷᠤᠨ ᠬᠤᠰᠢᠭᠤᠨ ᠤ ᠵᠢᠷᠭᠤᠭᠠᠨ ᠲᠠᠶᠢᠵᠢ ᠶᠢᠨ ᠬᠠᠷᠢᠶᠡᠳᠤ ᠰᠢᠷᠠᠨᠤᠳ ᠤᠪᠤᠭᠳᠤ ᠮᠠᠯᠴᠢᠨ ᠠᠶᠢᠯ ᠳᠤ 1949 ᠤᠨ ᠳᠤ ᠵᠠᠶᠠᠭᠠᠵᠠᠢ᠃ ᠲᠡᠷᠡ ᠭᠠᠴᠠᠭ᠎ᠠ ᠰᠤᠮᠤ ᠱᠠᠳᠤᠨ ᠤ ᠬᠦᠳᠡᠯᠮᠦᠷᠢ ᠶᠢᠨ ᠵᠢᠱᠢᠶᠡᠴᠢ ᠪᠠᠷ ᠤᠯᠠᠨᠳᠠ ᠰᠤᠩᠭᠤᠭᠳᠠᠵᠦ᠂ 1993᠂ 1996 ᠤᠨ ᠳᠤ ᠲᠤᠰ ᠲᠤᠰ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠶᠡᠭᠡ ᠨᠠᠶᠢᠷ ᠤᠨ ︽ᠬᠦᠳᠡᠯᠮᠦᠷᠢ ᠶᠢᠨ ᠵᠢᠱᠢᠶᠡᠴᠢ︾ ᠪᠠᠷ ᠦᠨᠡᠯᠡᠭᠳᠡᠨ ᠴᠤᠯᠠᠯᠠᠭᠳᠠᠵᠦ᠂ ᠠᠶᠢᠯ ᠡᠷᠦᠬᠡ ᠪᠠᠨ ︽ᠮᠢᠩᠭᠠᠳᠤ ᠶᠢᠨ ᠡᠷᠦᠬᠡ︾ ᠪᠤᠯᠭᠠᠵᠦ᠂ ᠠᠮᠢᠳᠤᠷᠠᠯ ᠦᠢᠯᠡᠰ ᠢᠶᠠᠨ ᠲᠤᠬᠢᠳᠡᠢ ᠡᠵᠡᠩᠨᠡᠨ ᠶᠠᠪᠤᠭᠰᠠᠨ ᠢᠶᠠᠷ ᠠᠷᠠᠳ ᠮᠠᠯᠴᠢᠳ ᠲᠠᠭᠠᠨ ᠬᠦᠷᠢᠶᠡᠯᠡᠯ ᠲᠠᠢ᠂ ᠠᠷᠠᠳ ᠤᠨ ᠲᠦᠷᠦ ᠳᠡᠭᠡᠨ ᠰᠠᠶᠢᠰᠢᠶᠠᠯ  ᠲᠠᠢ ᠨᠢᠭᠡᠨ ᠪᠠᠶᠢᠵᠦ ᠪᠢᠯᠡ᠃ ᠤᠳᠤ ᠰᠢᠷᠡᠮᠦᠨ ᠭᠤᠸᠠᠢ ᠶᠢᠨ ᠠᠳᠤᠭᠤ ᠨᠢ ᠴᠤ ᠲᠠᠬᠢᠨ ᠦᠰᠴᠤ ᠲᠠᠪᠢᠭᠠᠳ ᠲᠤᠭᠠᠨ ᠤ ᠬᠤᠶᠠᠷ ᠠᠵᠢᠷᠭ᠎ᠠ ᠠᠳᠤᠭᠤᠳ ᠪᠠᠶᠢᠬᠤ ᠪᠠ ᠡᠭᠦᠨ ᠳᠤ ᠵᠠᠭᠠᠯ ᠲᠠᠢ ᠠᠳᠤᠭᠤᠳ ᠨᠢ ᠤᠯᠠᠩᠬᠢ ᠲᠤᠭ᠎ᠠ ᠶᠢ ᠡᠵᠡᠯᠡᠨ᠎ᠡ᠂ ᠵᠠᠭᠠᠯ ᠲᠠᠢ ᠠᠳᠤᠭᠤᠳ ᠨᠢ ᠪᠤᠰᠤᠳ ᠡᠷᠦᠬᠡ ᠳᠤ ᠴᠤ ᠤᠯᠠᠰᠢᠷᠠᠵᠦ ᠪᠠᠶᠢᠨ᠎ᠠ᠂ ᠡᠭᠦᠨ ᠠᠴᠠ ᠤᠰᠠᠳᠤᠮᠠᠷ ᠪᠤᠯᠤᠭᠰᠠᠨ ᠵᠠᠭᠠᠯ ᠲᠠᠢ ᠠᠳᠤᠭᠤ ᠶᠢᠨ ᠤᠭᠰᠠᠭ᠎ᠠ ᠤᠳᠤᠮ ᠮᠦᠨ ᠦᠵᠦᠮᠦᠴᠢᠨ ᠨᠤᠲᠤᠭ ᠲᠤ ᠬᠠᠳᠠᠭᠠᠯᠠᠭᠳᠠᠵᠦ ᠪᠠᠶᠢᠬᠤ ᠪᠦᠭᠡᠳ ᠲᠠᠬᠢᠨ ᠠᠮᠢᠯᠠᠯ ᠤᠨ ᠬᠦᠴᠦᠨ ᠢᠶᠠᠨ ᠤᠯᠵᠦ ᠪᠠᠶᠢᠨ᠎ᠠ ᠭᠡᠰᠡᠨ ᠢ ᠬᠠᠷᠠᠭᠤᠯᠵᠦ ᠪᠠᠶᠢᠨ᠎ᠠ᠃ ᠡᠶᠢᠮᠦ ᠪᠠᠷ ᠪᠠᠶᠠᠠᠵᠢᠯᠠᠭ᠎ᠠ ᠭᠠᠴᠠᠭ᠎ᠠ ᠶᠢ ︽ᠲᠡᠭᠷᠢ ᠶᠢᠨ ᠰᠡᠳᠡᠷᠳᠦ — ᠵᠠᠭᠠᠯᠳᠦ ᠠᠳᠤᠭᠤᠨ ᠤ ᠦᠯᠦᠭᠡᠢ︾ ᠭᠡᠵᠦ ᠨᠡᠷᠡᠶᠢᠳᠴᠦ ᠪᠤᠯᠬᠤ ᠪᠦᠭᠡᠳ ᠡᠯ᠎ᠡ ᠱᠠᠳᠤᠨ ᠤ ᠠᠳᠤᠭᠤᠨ ᠰᠤᠶᠤᠯ ᠤᠨ ᠨᠡᠶᠢᠭᠡᠮᠯᠢᠭ ᠨᠢ ᠡᠶᠢᠮᠦᠷᠬᠦ ᠤᠨᠴᠤᠭᠤᠢ ᠵᠢᠰᠦᠮ ᠤᠨ ᠰᠢᠯᠢᠳᠡᠭ ᠡᠭᠦᠯᠳᠡᠷ ᠤᠨ ᠠᠳᠤᠭᠤ ᠶᠢ ᠬᠠᠮᠠᠭᠠᠯᠠᠬᠤ ᠴᠢᠬᠤᠯᠠ ᠪᠦᠬᠦᠢ ᠠᠷᠭ᠎ᠠ ᠬᠡᠮᠵᠢᠶ᠎ᠡ ᠪᠠ ᠬᠠᠷᠠᠭᠠᠯᠵᠠᠯᠠᠯ ᠢ ᠦᠵᠡᠭᠦᠯᠪᠡᠯ ᠵᠤᠬᠢᠨ᠎ᠡ᠃                                    ᠬᠦᠬᠡᠭᠴᠢᠨ ᠬᠤᠨᠢᠨ ᠵᠢᠯ ᠤᠨ  ᠵᠤᠨ᠎ᠠ᠂ ᠤᠯᠢᠶᠠᠰᠢᠲᠠᠢ ᠳᠤ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号