ᠤᠷᠢᠶᠠᠩᠬᠠᠨ ᠤ᠂ ᠶᠤᠨᠳᠤᠨ | ᠦᠵᠦᠮᠦᠴᠢᠨ ᠤ ᠡᠷᠳᠡᠨᠢ ᠶᠢᠨ ᠰᠢᠷᠭ᠎ᠠ ᠠᠳᠤᠭᠤᠨ ᠤ ᠤᠨᠴᠠᠯᠢᠭ ᠪᠠ ᠪᠡᠯᠭᠡ | ᠰᠢᠨᠵᠢ | [ ᠠᠭᠤᠯᠭ᠎ᠠ ᠶᠢᠨ ᠲᠤᠪᠴᠢ ]᠄ ᠲᠤᠰ ᠦᠭᠦᠯᠡᠯ ᠳᠤ ᠦᠵᠦᠮᠦᠴᠢᠨ ᠠᠳᠤᠭᠤᠨ ᠤ ᠲᠤᠲᠤᠷᠠᠬᠢ ᠰᠢᠷᠭ᠎ᠠ | ᠦᠩᠭᠡ ᠵᠢᠰᠦᠮ ᠤᠨ ᠠᠳᠤᠭᠤ ᠶᠢ ᠭᠤᠤᠯᠴᠢᠯᠠᠨ ᠵᠠᠳᠠᠯᠵᠦ᠂ ᠰᠢᠷᠭ᠎ᠠ ᠦᠩᠭᠡ ᠵᠢᠰᠦᠮ ᠤᠨ ᠠᠳᠤᠭᠤ ᠨᠢ | ᠦᠵᠦᠮᠦᠴᠢᠨ ᠤ ᠬᠤᠶᠢᠳᠦ ᠪᠡᠶ᠎ᠡ ᠶᠢᠨ ᠠᠳᠤᠭᠤᠨ ᠤ ᠲᠤᠭᠠᠨ ᠤ ᠵᠤᠬᠢᠬᠤ ᠬᠠᠷᠢᠴᠠᠯ ᠢ ᠡᠵᠡᠯᠡᠨ ᠪᠠᠶᠢᠬᠤ | ᠰᠢᠯᠳᠠᠭᠠᠨ ᠠᠴᠠ ᠪᠤᠯᠵᠦ ᠵᠤᠬᠢᠬᠤ ᠠᠵᠢᠭᠯᠠᠯᠳᠠ ᠶᠢ ᠬᠢᠵᠦ᠂ ᠰᠢᠷᠭ᠎ᠠ ᠠᠳᠤᠭᠤᠨ ᠤ ᠲᠡᠤᠬᠡ ᠭᠠᠷᠪᠠᠯᠢ᠂ ᠤᠭᠰᠠᠭ᠎ᠠ | ᠤᠳᠤᠮᠯᠠᠯ᠂ ᠵᠢᠰᠦᠮ ᠤᠨ ᠤᠨᠴᠠᠯᠢᠭ ᠪᠠ ᠪᠡᠯᠭᠡᠳᠡᠯ ᠤᠨ ᠰᠢᠨᠵᠢ᠂ ᠵᠠᠩ ᠵᠠᠩᠰᠢᠯ ᠵᠡᠷᠭᠡ ᠲᠠᠯ᠎ᠠ ᠪᠠᠷ ᠲᠤᠲᠤᠷᠬᠠᠶᠢᠯᠠᠵᠦ | ᠂ ᠡᠨᠡ ᠨᠢ ᠦᠵᠦᠮᠦᠴᠢᠨ ᠠᠳᠤᠭᠤᠨ ᠤ ᠪᠠᠰᠠ ᠨᠢᠭᠡᠨ ᠤᠨᠴᠤᠭᠤᠢ ᠵᠢᠰᠦᠮ ᠤᠨ ᠰᠢᠨᠵᠢ ᠲᠡᠮᠳᠡᠭ ᠪᠠ ᠰᠢᠯᠢᠳᠡᠭ | ᠡᠭᠦᠯᠳᠡᠷ ᠤᠨ ᠠᠳᠤᠭᠤ ᠪᠤᠯᠬᠤ ᠦᠵᠯᠡᠳᠡ ᠪᠠᠨ ᠲᠠᠪᠰᠢᠭᠦᠯᠵᠡᠢ᠃ | [ ᠵᠠᠩᠬᠢᠯᠭ᠎ᠠ ᠶᠢᠨ ᠦᠭᠡ ] ᠄ ᠦᠵᠦᠮᠦᠴᠢᠨᠴᠦᠳ᠂ ᠰᠢᠷᠭ᠎ᠠ ᠦᠩᠭᠡ ᠵᠢᠰᠦᠮ ᠤᠨ ᠠᠳᠤᠭᠤ᠂ ᠪᠡᠯᠭᠡᠰᠢᠶᠡᠯ | ᠵᠠᠩ ᠦᠢᠯᠡ | ᠦᠵᠦᠮᠦᠴᠢᠨ ᠨᠤᠲᠤᠭ ᠪᠤᠯ ᠠᠳᠤᠭᠤᠨ ᠰᠤᠶᠤᠯ ᠢ ᠭᠦᠭᠵᠢᠭᠦᠯᠦᠭᠰᠡᠨ ᠲᠠᠷᠬᠠᠨ ᠤᠷᠤᠨ ᠪᠦᠭᠡᠳ | ᠦᠵᠦᠮᠦᠴᠢᠨ ᠮᠠᠯᠴᠢᠳ ᠪᠤᠯ ᠦᠨᠢᠷ ᠪᠠᠶᠠᠯᠢᠭ ᠠᠳᠤᠭᠤᠨ ᠰᠤᠶᠤᠯ ᠢ ᠡᠭᠦᠳᠦᠨ ᠪᠦᠳᠦᠭᠡᠭᠰᠡᠨ ᠦᠨᠢ ᠤᠳᠠᠭᠠᠨ | ᠦᠶ᠎ᠡ ᠤᠯᠠᠷᠢᠭᠰᠠᠨ ᠲᠡᠤᠬᠡ ᠰᠤᠶᠤᠯ ᠲᠠᠢ ᠪᠢᠯᠡ᠃ ᠦᠵᠦᠮᠦᠴᠢᠨᠴᠤᠳ ᠪᠡᠯᠴᠢᠭᠡᠷ ᠤᠨ ᠠᠮᠢ ᠠᠬᠤᠢ ᠶᠢᠨ ᠰᠤᠶᠤᠯ | — ᠨᠡᠭᠦᠳᠡᠯ ᠮᠠᠯᠵᠢᠯ ᠢ ᠬᠢᠭᠰᠡᠨ ᠬᠡᠳᠦᠨ ᠮᠢᠩᠭᠠᠨ ᠵᠢᠯ ᠤᠨ ᠲᠡᠤᠬᠡᠨ ᠶᠠᠪᠤᠴᠠ ᠳᠠᠭᠠᠨ ᠮᠤᠷᠢ ᠶᠢ ᠭᠡᠷᠰᠢᠭᠦᠯᠦᠨ | ᠡᠳ᠋ᠯᠡᠬᠦ ᠪᠤᠯᠭᠠᠭᠰᠠᠨ ᠮᠦᠷᠳᠡᠭᠡᠨ ᠮᠤᠷᠢᠨ ᠤ ᠬᠤᠷᠴᠠ ᠰᠤᠷᠭᠤᠭ ᠴᠢᠨᠠᠷ᠂ ᠬᠤᠷᠳᠤᠨ ᠲᠠᠳᠮᠠᠭᠠᠢ ᠭᠦᠶᠦᠳᠡᠯ | ᠴᠢᠳᠠᠪᠬᠢ ᠶᠢ ᠳᠠᠨᠢᠵᠦ ᠮᠡᠳᠡᠷᠡᠨ᠂ ᠵᠠᠮ ᠬᠠᠷᠢᠯᠴᠠᠭ᠎ᠠ ᠬᠢᠭᠡᠳ ᠮᠠᠯᠵᠢᠬᠤ ᠦᠢᠯᠡᠳᠪᠦᠷᠢᠯᠡᠯ ᠠᠮᠢᠳᠤᠷᠠᠯ ᠳᠠᠭᠠᠨ | ᠲᠠᠳᠮᠠᠭᠠᠢ ᠠᠰᠢᠭᠯᠠᠭᠰᠠᠭᠠᠷ ᠢᠷᠡᠭᠰᠡᠨ ᠮᠦᠷᠳᠡᠭᠡᠨ ᠮᠠᠰᠢ ᠤᠯᠠᠨ ᠠᠳᠤᠭᠤᠨ ᠤ ᠵᠠᠩ ᠦᠢᠯᠡ ᠶᠢᠨ ᠰᠤᠶᠤᠯ ᠢ | ᠡᠭᠦᠳᠦᠭᠰᠡᠨ ᠪᠠᠶᠢᠭ᠎ᠠ ᠶᠤᠮ᠃ | ᠨᠢᠭᠡ ᠰᠢᠷᠭ᠎ᠠ ᠠᠳᠤᠭᠤᠨ ᠤ ᠪᠡᠶ᠎ᠡ ᠭᠠᠷᠪᠠᠯᠢ ᠬᠢᠭᠡᠳ ᠵᠢᠰᠦᠮ ᠤᠨ ᠤᠨᠴᠠᠯᠢᠭ | ᠦᠵᠦᠮᠦᠴᠢᠨ ᠠᠳᠣᠭᠤᠨ ᠤ ᠪᠡᠶ᠎ᠡ ᠶᠢᠨ ᠬᠡᠯᠪᠡᠷᠢ ᠲᠦᠷᠬᠦ ᠶᠢᠨ ᠲᠠᠯ᠎ᠠ ᠪᠠᠷ ᠬᠡᠯᠡᠪᠡᠯ ᠬᠡᠬᠡᠨᠴᠢᠷ ᠭᠤᠶᠤᠮᠰᠤᠭ | ᠲᠤᠮᠳᠠ ᠬᠡᠪ ᠤᠨ ᠪᠡᠶ᠎ᠡ ᠲᠠᠢ᠂ ᠲᠤᠯᠤᠭᠠᠢ ᠲᠡᠭᠡᠷᠡᠳᠠᠢ ᠵᠢᠪᠬᠤᠭᠠᠯᠢᠭ᠂ ᠬᠦᠵᠦᠭᠦᠦ ᠰᠡᠭᠡᠷ ᠦᠨᠳᠦᠷ᠂ ᠨᠢᠷᠤᠭᠤ ᠵᠤᠤ | ᠨᠢ ᠣᠷᠳᠣ ᠪᠦᠭᠡᠷᠡᠩᠬᠡᠢ ᠪᠦᠭᠡᠳ ᠦᠷᠭᠡᠨ᠂ ᠪᠡᠶ᠎ᠡ ᠲᠡᠩᠴᠠᠭᠦᠤ᠂ ᠴᠠᠭᠡᠵᠢ ᠦᠷᠭᠡᠨ ᠲᠦᠷᠪᠡᠨ ᠮᠦᠴᠢ ᠨᠢ | ᠢᠳᠡᠷᠯᠢᠭ᠂ ᠪᠤᠯᠴᠢᠩ ᠴᠢᠩᠭ᠎ᠠ ᠪᠠᠶᠢᠳᠠᠭ᠃ | ᠦᠵᠦᠮᠦᠴᠢᠨ ᠠᠳᠤᠭᠤᠨ ᠤ ᠤᠨᠴᠠᠯᠢᠭ ᠢ ︽ᠮᠤᠩᠭᠤᠯ ᠵᠠᠩ ᠤᠶᠢᠯᠠ ᠶᠢᠨ ᠨᠡᠪᠳᠡᠷᠬᠡᠢ ᠲᠤᠯᠢ︾ ᠳᠤ᠂ | ᠦᠵᠦᠮᠦᠴᠢᠨ ᠠᠳᠤᠭᠤᠨ ᠤ ᠪᠤᠰᠣᠳ ᠮᠣᠩᠭᠤᠯ ᠠᠳᠤᠭᠤᠨ ᠠᠴᠠ ᠬᠡᠯᠪᠡᠷᠢ ᠲᠦᠷᠰᠦ ᠪᠠᠷ ᠢᠶᠠᠨ ᠢᠯᠭᠠᠭᠳᠠᠬᠤ ᠲᠠᠯ᠎ᠠ | ᠭᠡᠪᠡᠯ ᠲᠤᠯᠤᠭᠠᠢ ᠬᠦᠵᠦᠭᠦᠦ ᠨᠢ ᠴᠠᠪᠡᠷ ᠪᠦᠭᠡᠳ ᠬᠦᠡᠭᠭᠡᠨ᠂ ᠪᠡᠶ᠎ᠡ ᠨᠢ ᠪᠦᠳᠦᠭᠦᠨ ᠲᠤᠷᠪᠢᠯᠢᠭ᠂ ᠴᠤᠭᠴᠠ ᠨᠢ | ᠲᠡᠩᠴᠡᠭᠦᠨ᠂ ᠲᠦᠷᠪᠡᠨ ᠮᠦᠴᠢ ᠨᠢ ᠰᠢᠷᠪᠦᠰᠦᠯᠢᠭ ᠮᠦᠷᠳᠡᠭᠡᠨ ᠬᠦᠴᠦᠳᠠᠢ᠂ ᠲᠠᠯ ᠰᠡᠭᠦᠯ ᠨᠢ ᠵᠤᠵᠠᠭᠠᠨ | ᠪᠠᠶᠢᠳᠠᠭ ᠳᠤ ᠤᠷᠤᠰᠢᠨ᠎ᠠ ᠭᠡᠵᠡᠢ᠃ ᠲᠡᠭᠡᠪᠡᠯ ᠡᠭᠦᠨ ᠠᠴᠠ ᠭᠠᠳᠠᠨ᠎ᠠ ᠦᠵᠦᠮᠦᠴᠢᠨ ᠠᠳᠣᠭᠤᠨ ᠤ ᠦᠡᠭᠭᠡ ᠵᠢᠰᠦᠮ | ᠪᠠ ᠲᠠᠭᠠᠭᠠᠴᠠ ᠴᠢᠳᠠᠯ ᠠᠴᠠ ᠨᠢ ᠦᠵᠡᠪᠡᠯ ᠶᠡᠬᠡᠨᠭᠬᠢ ᠨᠢ ᠴᠠᠭᠠᠨ ᠪᠤᠶᠤ ᠰᠢᠷᠭ᠎ᠠ ᠵᠢᠰᠦᠮ ᠤᠨ ᠪᠠᠶᠢᠳᠠᠭ ᠪᠦᠭᠡᠳ | ᠬᠠᠷᠠᠩᠭᠤᠢ ᠰᠦᠨᠢ ᠠᠯᠤᠰ ᠠᠴᠠ ᠴᠠᠶᠢᠷᠠᠨ ᠦᠵᠡᠭᠳᠡᠳᠡᠭ᠃ ᠦᠵᠦᠮᠦᠴᠢᠨ ᠠᠳᠤᠭᠤᠨ ᠤ ᠬᠦᠷᠦᠰᠦ ᠨᠢ ᠨᠢᠮᠭᠡᠨ᠂ | ᠬᠦᠯᠦᠷᠡᠵᠦ ᠬᠠᠳᠠᠬᠤ ᠨᠢ ᠠᠮᠠᠷᠬᠠᠨ᠂ ᠠᠮᠢᠰᠬᠤᠭ᠎ᠠ ᠠᠭᠤᠵᠢᠮ ᠭᠦᠶᠦᠳᠡᠯ ᠰᠠᠶᠢᠳᠠᠢ᠂ ᠬᠦᠬᠡᠬᠡᠵᠦ ᠲᠠᠷᠭᠤᠯᠬᠤ ᠨᠢ | ᠲᠦᠷᠭᠡᠨ᠂ ᠶᠠᠪᠤᠭ᠎ᠠ ᠰᠠᠶᠢᠳᠠᠢ᠂ ᠨᠠᠷᠠᠨ ᠳᠤ ᠲᠠᠭᠠᠭᠠᠴᠠᠳᠠᠢ ᠵᠡᠷᠭᠡ ᠲᠠᠯ᠎ᠠ ᠪᠠᠷ ᠪᠤᠰᠤᠳ ᠲᠦᠷᠦᠯ ᠤᠨ | ᠠᠳᠤᠭᠤᠨ ᠠᠴᠠ ᠤᠨᠴᠠᠯᠢᠭ ᠲᠠᠢ ᠪᠠᠶᠢᠳᠠᠭ᠃ ᠲᠡᠷᠡ ᠨᠢ ᠪᠡᠯᠴᠢᠭᠡᠷ ᠤᠨ ᠮᠠᠯᠵᠢᠯᠠᠭ᠎ᠠ ᠶᠢᠨ ᠬᠠᠳᠠᠭᠤᠬᠠᠨ | ᠨᠦᠭᠦᠴᠠᠯ ᠳᠤ ᠪᠤᠶᠢᠵᠢᠭᠰᠡᠨ ᠪᠤᠯᠬᠤᠷ ᠪᠠᠶᠢᠭᠠᠯᠢ ᠶᠢᠨ ᠤᠷᠴᠢᠨ ᠤ ᠡᠯᠳᠡᠪ ᠮᠠᠭᠤ ᠤᠷᠴᠢᠨ ᠪᠠ ᠠᠭᠤᠷ | ᠠᠮᠢᠰᠬᠤᠯ ᠤᠨ ᠬᠤᠪᠢᠷᠠᠯᠳᠠ ᠳᠤ ᠵᠤᠬᠢᠴᠠᠵᠦ ᠴᠢᠳᠠᠳᠠᠭ ᠢᠶᠠᠷ ᠢᠶᠠᠨ ᠨᠡᠷᠡᠳᠠᠢ ᠪᠠᠶᠢᠳᠠᠭ ᠪᠢᠯᠡ᠃ | ᠦᠵᠦᠮᠦᠴᠢᠨ ᠠᠳᠤᠭᠤᠨ ᠤ ᠪᠠᠰᠠ ᠨᠢᠭᠡᠨ ᠵᠢᠰᠦᠮ ᠤᠨ ᠤᠨᠴᠠᠯᠢᠭ ᠪᠤᠯ ᠪᠡᠯᠭᠡ ᠲᠡᠮᠪᠡᠷᠡᠢ ᠲᠠᠢ ᠠᠳᠤᠭᠤᠨ | ᠵᠢᠰᠦᠮ ᠪᠠᠶᠠᠯᠢᠭ ᠠᠭᠤᠯᠠᠭᠳᠠᠵᠦ ᠪᠠᠶᠢᠳᠠᠭ᠂ ᠵᠢᠱᠢᠶᠡᠯᠡᠪᠡᠯ᠄ ᠨᠠᠢᠮᠠᠨ ᠰᠢᠷᠭ᠎ᠠ ᠶᠢᠨ ᠦᠩᠭᠡ ᠵᠢᠰᠦᠮ᠂ ᠵᠢᠷᠭᠠᠯᠠᠩᠳᠤ | ᠨᠠᠢᠮᠠᠨ ᠮᠤᠷᠢᠨ ᠤ ᠦᠩᠭᠡ ᠵᠢᠰᠦᠮ᠂ ᠪᠢᠯᠢᠭ ᠤᠨ ᠭᠡᠭᠡᠷ ᠶᠢᠨ ᠦᠩᠬᠡ ᠵᠢᠰᠦᠮ᠂ ᠽᠠᠨᠳᠠᠨ ᠬᠦᠷᠡᠩ ᠤᠨ ᠦᠩᠭᠡ | ᠵᠢᠰᠦᠮ᠂ ᠭᠠᠩᠭᠠᠨ ᠬᠠᠷ᠎ᠠ ᠶᠢᠨ ᠦᠩᠭᠡ ᠵᠢᠰᠦᠮ᠂ ᠬᠤᠶᠠᠷ ᠵᠠᠭᠠᠯ ᠤᠨ ᠦᠩᠭᠡ ᠵᠢᠰᠦᠮ ᠵᠡᠷᠭᠡ ᠪᠠᠶᠢᠳᠠᠭ᠃ ᠰᠢᠷᠭ᠎ᠠ | ᠦᠩᠭᠡ ᠵᠢᠰᠦᠮ ᠤᠨ ᠠᠳᠤᠭᠤᠳ ᠪᠤᠯ ᠦᠵᠦᠮᠦᠴᠢᠨ ᠤ ᠬᠤᠶᠢᠳᠦ ᠪᠡᠶ᠎ᠡ ᠪᠠᠷ ᠵᠤᠬᠢᠬᠤ ᠬᠠᠷᠢᠴᠠᠯ ᠢ ᠡᠵᠡᠯᠡᠬᠦ ᠪᠦᠭᠡᠳ | ᠦᠢᠯᠡᠳᠪᠦᠷᠢᠯᠡᠯ ᠠᠮᠢᠳᠤᠷᠠᠯ ᠤᠨ ᠡᠳ᠋ᠯᠡᠭᠡᠨ ᠳᠤ ᠬᠡᠷᠡᠭᠯᠡᠭᠳᠡᠭᠡᠳ ᠤᠨ ᠤᠳᠠᠭᠰᠠᠨ᠂ ᠮᠤᠩᠭᠤᠯ ᠠᠳᠤᠭᠤᠨ ᠤ | ᠲᠦᠷᠦᠯ ᠳᠤ ᠲᠤᠭᠠᠴᠠᠭᠳᠠᠬᠤ ᠰᠢᠯᠢᠳᠡᠭ ᠡᠭᠦᠯᠳᠡᠷ ᠤᠨ ᠮᠠᠯ ᠲᠡᠵᠢᠭᠡᠪᠦᠷᠢ ᠪᠤᠯᠬᠤ ᠶᠤᠮ᠃ ᠦᠵᠦᠮᠦᠴᠢᠨᠴᠦᠳ | ᠰᠢᠷᠭ᠎ᠠ ᠠᠳᠤᠭᠤ ᠪᠠᠨ ︽ᠴᠢᠩᠭᠢᠰ ᠤᠨ ᠰᠢᠷᠭ᠎ᠠ︾ ᠭᠡᠬᠦ ᠪᠤᠶᠤ ︽ᠴᠢᠩᠭᠢᠰ ᠬᠠᠭᠠᠨ ᠤ ᠠᠳᠤᠭᠤᠨ ᠤ ᠤᠳᠤᠮᠯᠠᠯ︾ | ᠭᠡᠵᠦ ᠬᠡᠯᠡᠯᠴᠡᠨ᠂ ᠪᠡᠯᠭᠡᠳᠡᠯ ᠤᠨ ᠡᠷᠬᠢᠮ ᠳᠤ ᠦᠵᠡᠳᠡᠭ ᠶᠤᠮᠰᠠᠨ᠃ ᠤᠳᠤ ᠵᠡᠭᠦᠨ ᠦᠵᠦᠮᠦᠴᠢᠨ ᠬᠤᠰᠢᠭᠤᠨ ᠳᠤ | ᠰᠢᠷᠭ᠎ᠠ ᠦᠩᠭᠡ ᠵᠢᠰᠦᠮ ᠤᠨ ᠠᠳᠤᠭᠤᠳ ᠤᠨ ᠲᠤᠭ᠎ᠠ ᠤᠯᠠᠰᠢᠷᠠᠨ᠂ ᠪᠦᠬᠦ ᠠᠳᠤᠭᠤᠨ ᠤ ᠦᠩᠭᠡ ᠵᠢᠰᠦᠮ ᠤᠨ | ᠤᠯᠠᠨ ᠲᠤᠭ᠎ᠠ ᠶᠢ ᠡᠵᠡᠯᠡᠬᠦ ᠪᠤᠯᠤᠭᠰᠠᠨ ᠨᠢ ᠪᠠᠰᠠᠴᠦ ᠭᠠᠶᠢᠬᠠᠯᠳᠠᠢ ᠮᠦᠷᠳᠡᠭᠡᠨ ᠲᠡᠤᠬᠡᠨ ᠰᠢᠯᠳᠠᠭᠠᠨ ᠲᠠᠢ ᠭᠡᠵᠦ ᠪᠢ | ᠦᠵᠡᠨ᠎ᠡ᠃ ᠰᠢᠷᠭ᠎ᠠ ᠦᠩᠬᠡ ᠨᠢ ᠶᠡᠷᠦᠩᠬᠡᠢ ᠲᠠᠭᠤᠳᠠᠯᠭ᠎ᠠ ᠪᠤᠯᠤᠭᠰᠠᠨ ᠤ ᠬᠤᠪᠢ ᠳᠤ ᠲᠤᠤᠷᠠᠬᠢ ᠮᠡᠳᠦ ᠵᠢᠰᠦᠮ ᠤᠨ | ᠢᠯᠭᠠᠯ ᠢᠯᠡᠷᠡᠵᠦ ᠪᠠᠶᠢᠨ᠎ᠠ᠃ ᠰᠢᠷᠭ᠎ᠠ ᠭᠡᠳᠡᠭ ᠨᠢ ᠦᠵᠦᠮᠦᠴᠢᠨ ᠤ ᠠᠳᠤᠭᠤᠨ ᠤ ᠵᠢᠰᠦᠮ ᠳᠤ ᠬᠡᠷᠡᠭᠯᠡᠳᠡᠭ ᠨᠡᠷ᠎ᠡ | ᠦᠭᠡᠰ ᠪᠤᠯᠤᠨ᠎ᠠ᠂ ᠰᠢᠷ᠎ᠠ ᠦᠩᠬᠡ ᠠᠴᠠ ᠡᠰᠢ ᠠᠪᠤᠭᠰᠠᠨ ᠰᠢᠩᠭᠡᠷᠡᠭᠰᠡᠨ ᠭᠦᠢᠪᠳᠤᠷ ᠪᠤᠯᠤᠭᠰᠠᠨ ᠰᠢᠷᠭᠠᠯ ᠦᠩᠭᠡ | ᠭᠡᠬᠦ ᠤᠳᠬ᠎ᠠ ᠲᠠᠢ᠂ ᠠᠳᠤᠭᠤᠨ ᠤ ᠰᠢᠷᠭ᠎ᠠ ᠦᠩᠭᠡ ᠨᠢ ᠵᠢᠰᠦᠮ ᠤᠨ ᠬᠤᠪᠢᠷᠠᠯ ᠠᠴᠠ ᠪᠤᠯᠵᠦ ᠤᠯᠠᠨ ᠲᠠᠯ᠎ᠠ ᠪᠠᠷ | ᠲᠡᠯᠭᠡᠷᠡᠩᠭᠦᠢ ᠨᠡᠷᠡᠰ ᠪᠤᠯᠤᠨ ᠲᠠᠭᠤᠳᠠᠭᠳᠠᠨ ᠢᠯᠡᠷᠡᠳᠡᠭ᠃ ᠵᠢᠱᠢᠶᠡᠯᠡᠪᠡᠯ᠄ | ᠠᠳᠤᠭᠤᠨ ᠤ ᠰᠢᠷᠭ᠎ᠠ ᠵᠢᠰᠦᠮ — ᠶᠡᠷᠦᠩᠬᠡᠢ ᠳᠡᠭᠡᠨ ᠪᠦᠬᠦ ᠴᠤᠭᠴᠠ ᠶᠢᠨ ᠦᠰᠦᠨ ᠤ ᠰᠤᠷ ᠨᠢ ᠰᠢᠷᠭ᠎ᠠ | ᠦᠩᠬᠡ ᠲᠠᠢ᠂ ᠤᠭ ᠨᠢ ᠴᠠᠭᠠᠨ᠂ ᠤᠯᠠᠩᠬᠢ ᠳᠠᠭᠠᠨ ᠰᠤᠭᠤ ᠴᠢᠪᠢ ᠢᠶᠠᠷ ᠴᠠᠶᠢᠯᠠᠩ ᠪᠠᠶᠢᠳᠠᠭ ᠵᠢᠰᠦᠮ ᠢ ᠬᠡᠯᠡᠨ᠎ᠡ᠃ | ᠰᠢᠷᠭ᠎ᠠ ᠵᠢᠰᠦᠮ ᠳᠤ᠂ ᠤᠯᠠᠭᠠᠨ ᠰᠢᠷᠭ᠎ᠠ᠂ ᠴᠠᠭᠠᠨ ᠰᠢᠷᠭ᠎ᠠ᠂ ᠬᠤᠯᠤᠰᠤᠨ ᠰᠢᠷᠭ᠎ᠠ᠂ ᠬᠤᠩᠭᠤᠷ ᠰᠢᠷᠭ᠎ᠠ᠂ | ᠬᠠᠯᠢᠭᠤᠨ ᠰᠢᠷᠭ᠎ᠠ᠂ ᠰᠢᠷᠭ᠎ᠠ ᠴᠤᠬᠤᠷ᠂ ᠰᠠᠷᠠᠳᠠᠢ ᠰᠢᠷᠭ᠎ᠠ ᠭᠡᠬᠦ ᠮᠡᠳᠦ ᠪᠠᠷ ᠢᠯᠭᠠᠨ᠎ᠠ᠃ | ᠴᠠᠭᠠᠨ ᠰᠢᠷᠭ᠎ᠠ ᠵᠢᠰᠦᠮ — ᠦᠰᠦᠨ ᠤ ᠤᠭ ᠨᠢ ᠴᠠᠭᠠᠨ᠂ ᠰᠤᠷ ᠨᠢ ᠬᠦᠶᠦᠬᠡᠨ ᠰᠢᠷ᠎ᠠ᠂ ᠴᠠᠭᠠᠪᠳᠤᠷ | ᠬᠢᠯᠪᠠᠭ᠎ᠠ ᠲᠠᠢ ᠲᠡᠯ ᠰᠡᠭᠦᠯ ᠨᠢ ᠭᠦᠨ ᠰᠢᠷᠠᠪᠳᠤᠷ ᠪᠤᠯᠬᠤ ᠵᠢᠰᠦᠮ ᠢ ᠨᠡᠷᠡᠯᠡᠳᠡᠭ᠃ | ᠤᠯᠠᠭᠠᠨ ᠰᠢᠷᠭ᠎ᠠ ᠵᠢᠰᠦᠮ — ᠪᠦᠬᠦ ᠪᠡᠶ᠎ᠡ ᠶᠢᠨ ᠦᠰᠦ ᠨᠢ ᠰᠢᠷᠭᠠᠯ᠂ ᠰᠤᠷ ᠬᠢᠭᠡᠳ ᠦᠰᠦᠨ ᠤ | ᠦᠵᠦᠭᠦᠷ ᠨᠢ ᠨᠡᠯᠢᠶᠡᠳ ᠤᠯᠠᠪᠤᠷᠳᠠᠭᠤ ᠪᠤᠯᠬᠤᠷ ᠤᠯᠠᠭᠠᠨ ᠬᠢᠯᠪᠠᠭ᠎ᠠ ᠬᠠᠷᠠᠭᠳᠠᠳᠠᠭ ᠵᠢᠰᠦᠮ ᠢ ᠬᠡᠯᠡᠳᠡᠭ᠃ | ᠬᠤᠯᠤᠰᠤᠨ ᠰᠢᠷᠭ᠎ᠠ ᠵᠢᠰᠦᠮ — ᠬᠤᠯᠤᠰᠤᠨ ᠤ ᠦᠩᠬᠡ ᠮᠡᠳᠦ ᠰᠢᠷᠭᠠᠯ ᠵᠢᠰᠦᠮ᠂ ᠵᠢᠰᠦᠮ ᠤᠨ ᠰᠢᠨᠵᠢ | ᠨᠢ ᠴᠠᠭᠠᠨ ᠰᠢᠷᠭ᠎ᠠ ᠵᠢᠰᠦᠮ ᠲᠠᠢ ᠠᠳᠠᠯᠢ᠃ | ᠬᠤᠩᠭᠤᠷ ᠰᠢᠷᠭ᠎ᠠ ᠵᠢᠰᠦᠮ — ᠴᠠᠭᠠᠨ ᠰᠢᠷᠭ᠎ᠠ ᠲᠠᠢ ᠤᠶᠢᠷᠠᠯᠴᠠᠭ᠎ᠠ ᠵᠢᠰᠦᠮ ᠪᠤᠯᠪᠠᠴᠤ ᠲᠡᠭᠦᠨ ᠠᠴᠠ | ᠪᠠᠭ᠎ᠠ ᠬᠦᠨ ᠬᠤᠸᠠ ᠰᠢᠷᠭ᠎ᠠ ᠵᠢᠰᠦᠮ ᠶᠢ ᠬᠡᠯᠡᠳᠡᠭ᠃ | ᠬᠠᠯᠢᠭᠤᠨ ᠰᠢᠷᠭ᠎ᠠ ᠵᠢᠰᠦᠮ — ᠪᠦᠬᠦ ᠪᠡᠶ᠎ᠡ ᠨᠢ ᠰᠢᠷᠭᠠᠯ ᠪᠤᠯᠪᠠᠴᠤ ᠦᠰᠦ ᠰᠤᠷ ᠤᠨ ᠲᠤᠮᠳᠠ ᠠᠴᠠ | ᠬᠦᠬᠡᠪᠳᠦᠷ ᠴᠡᠭᠡᠨ ᠦᠩᠬᠡ ᠬᠢᠯᠪᠠᠭᠠᠳᠠᠨ ᠬᠠᠷᠠᠭᠳᠠᠬᠤ ᠵᠢᠰᠦᠮ ᠢ ᠨᠡᠷᠡᠯᠡᠳᠡᠭ᠃ | ᠰᠢᠷᠭ᠎ᠠ ᠴᠤᠬᠤᠷ ᠵᠢᠰᠦᠮ — ᠪᠦᠬᠦ ᠪᠡᠶ᠎ᠡ ᠨᠢ ᠰᠢᠷᠭ᠎ᠠ ᠦᠩᠭᠡ ᠶᠢᠨ ᠲᠡᠭᠡᠷ᠎ᠡ ᠴᠠᠭᠠᠨ ᠦᠩᠭᠡ ᠶᠢᠨ ᠲᠤᠮᠤ | ᠲᠤᠯᠪᠤ ᠴᠤᠬᠤᠷᠯᠠᠨ ᠲᠠᠷᠬᠠᠬᠬᠤ ᠵᠢᠰᠦᠮ᠂ ᠡᠰᠡᠪᠡᠯ ᠴᠠᠭᠠᠨ ᠲᠡᠭᠡᠷ᠎ᠡ ᠰᠢᠷᠭ᠎ᠠ ᠲᠤᠯᠪᠤ ᠲᠦᠬᠡᠭᠰᠡᠨ ᠦᠩᠭᠡ ᠵᠢᠰᠦᠮ ᠢ | ᠬᠡᠯᠡᠨ᠎ᠡ᠂ ᠰᠢᠷ᠎ᠠ ᠴᠤᠬᠤᠷ ᠢ ᠪᠠᠰᠠ ᠪᠤᠭᠤᠨ ᠴᠤᠬᠤᠷ ᠴᠤ ᠭᠡᠳᠡᠭ᠃ | ᠰᠠᠷᠠᠳᠠᠢ ᠰᠢᠷᠭ᠎ᠠ ᠵᠢᠰᠦᠮ — ᠲᠡᠭᠡᠷᠡᠬᠢ ᠤᠯᠠᠨ ᠰᠢᠷᠭᠠᠯ ᠵᠢᠰᠦᠮ ᠤᠨ ᠪᠡᠶ᠎ᠡ ᠴᠤᠭᠴᠠ ᠲᠠᠢ ᠪᠦᠭᠡᠳ | ᠮᠠᠩᠨᠠᠢ ᠲᠡᠭᠡᠷ᠎ᠡ ᠪᠠᠨ ᠵᠢᠵᠢᠭ ᠴᠠᠭᠠᠨ ᠦᠰᠦ ᠲᠠᠢ ᠵᠢᠰᠦᠮ᠂ ᠴᠠᠭᠠᠨ ᠦᠰᠦᠨ ᠤ ᠲᠤᠯᠪᠤ ᠶᠢᠨ ᠬᠡᠯᠪᠡᠷᠢ ᠨᠢ ᠠᠳᠠᠯᠢ | ᠦᠭᠡᠢ ᠠᠴᠠ ᠪᠤᠯᠵᠦ᠂ ᠲᠦᠭᠦᠷᠢᠭ ᠰᠠᠷ᠎ᠠ᠂ ᠬᠠᠪᠢᠷᠭᠠᠨ ᠰᠠᠷ᠎ᠠ᠂ ᠲᠠᠯ᠎ᠠ ᠰᠠᠷ᠎ᠠ ᠲᠠᠢ ᠰᠢᠷᠭ᠎ᠠ ᠭᠡᠬᠦ ᠮᠡᠳᠦᠴᠢᠯᠡᠨ | ᠬᠡᠯᠡᠳᠡᠭ᠃ | ᠬᠤᠸᠠ ᠵᠢᠰᠦᠮ — ᠵᠢᠩᠬᠢᠨᠢ ᠪᠤᠰᠤ ᠲᠠᠩ ᠵᠢᠰᠦᠮ᠂ ᠤᠭ ᠦᠰᠦ ᠨᠢ ᠴᠠᠭᠠᠪᠳᠤᠷ ᠰᠢᠷᠭᠠᠯ᠂ ᠪᠦᠬᠦ | ᠪᠡᠶ᠎ᠡ ᠶᠢᠨ ᠦᠩᠭᠡ ᠲᠠᠢ ᠪᠠᠨ ᠠᠳᠠᠯᠢᠪᠳᠤᠷ ᠪᠦᠭᠡᠳ ᠵᠤ ᠨᠢᠷᠤᠭᠤᠨ ᠭᠤᠤᠯ ᠢᠶᠠᠨ ᠲᠠᠭᠠᠵᠦ ᠬᠦᠨ ᠤᠯᠠᠪᠤᠷ ᠰᠤᠳᠠᠯ | ᠲᠠᠢ ᠪᠠᠶᠢᠳᠠᠭ᠃ ᠲᠤᠰ ᠦᠩᠭᠡ ᠪᠤᠯ ᠦᠳᠡᠯᠦᠭᠰᠡᠨ ᠴᠤ ᠱᠠᠯᠵᠢ ᠰᠠᠭᠤᠬᠤ ᠪᠠ ᠴᠠᠶᠢᠷᠠᠨ ᠬᠤᠪᠢᠷᠠᠬᠤ ᠦᠵᠡᠭᠳᠡᠯ | ᠭᠠᠷᠳᠠᠭ ᠦᠭᠡᠢ ᠶᠤᠮ᠂ ᠬᠤᠸᠠ ᠵᠢᠰᠦᠮ ᠢ ᠪᠠᠰᠠ ᠤᠯᠠᠭᠠᠨ ᠬᠤᠸᠠ᠂ ᠴᠠᠭᠠᠨ ᠬᠤᠸᠠ ᠭᠡᠵᠦ ᠢᠯᠭᠠᠳᠠᠭ᠂ ᠴᠠᠭᠠᠨ | ᠬᠤᠸᠠ ᠶᠢ ᠬᠤᠩᠭᠤᠷ ᠴᠤ ᠭᠡᠵᠦ ᠬᠡᠯᠡᠳᠡᠭ᠃ | ᠬᠤᠯᠠ ᠰᠠᠷᠠᠯ ᠵᠢᠰᠦᠮ — ᠪᠦᠬᠦ ᠪᠡᠶ᠎ᠡ ᠨᠢ ᠤᠳᠤᠭᠰᠠᠨ ᠨᠡᠬᠡᠢ ᠲᠡᠪᠡᠯ ᠤᠨ ᠦᠩᠭᠡ ᠰᠢᠭ ᠰᠢᠷ᠎ᠠ ᠬᠤᠯᠠ | ᠪᠠᠶᠢᠵᠦ᠂ ᠲᠠᠯ ᠰᠡᠭᠦᠯ ᠨᠢ ᠬᠠᠷ᠎ᠠ᠂ ᠨᠢᠷᠤᠭᠤᠨ ᠭᠤᠤᠯ ᠢᠶᠠᠷ ᠢᠶᠠᠨ ᠬᠠᠷ᠎ᠠ ᠰᠤᠳᠠᠯ ᠲᠠᠢ ᠵᠢᠩᠬᠢᠨᠢ ᠪᠤᠰᠤ ᠲᠠᠩ | ᠵᠢᠰᠦᠮ᠂ ᠵᠠᠷᠢᠮ ᠨᠢ ᠪᠠᠰᠠ ᠲᠠᠯᠤᠨ ᠳᠠᠭᠠᠨ ᠵᠢᠭᠠᠯ ᠲᠠᠢ ᠪᠠᠶᠢᠳᠠᠭ ᠪᠠ ᠪᠠᠰᠠ ᠵᠠᠷᠢᠮ ᠨᠢ ᠡᠪᠦᠳᠦᠭ ᠠᠴᠠ ᠪᠠᠨ | ᠲᠤᠷᠤᠭᠰᠢ ᠬᠠᠷ᠎ᠠ ᠪᠤᠶᠤ ᠬᠠᠷ᠎ᠠ ᠡᠷᠢᠶᠡᠨ ᠪᠠᠶᠢᠳᠠᠭ᠃ ᠦᠵᠦᠮᠦᠴᠢᠨᠴᠦᠳ᠂ ᠤᠳᠠᠭᠠᠨ ᠤᠨ ᠤ ᠲᠡᠤᠬᠡᠨ ᠮᠠᠯᠵᠢᠯ ᠤᠨ | ᠶᠠᠪᠤᠴᠠ ᠳᠠᠭᠠᠨ ᠮᠠᠰᠢ ᠤᠯᠠᠨ ᠠᠳᠤᠭᠤᠨ ᠤ ᠵᠢᠰᠦᠮ ᠨᠡᠷᠡᠯᠡᠨ ᠲᠠᠭᠤᠳᠠᠳᠠᠭ ᠪᠦᠭᠡᠳ ᠵᠢᠰᠦᠮ ᠳᠡᠭᠡᠨ ᠵᠤᠬᠢᠴᠠᠭᠤᠯᠤᠨ | ᠪᠡᠶ᠎ᠡ ᠲᠦᠯᠦᠪ ᠪᠤᠶᠤ ᠦᠢᠯᠡ ᠬᠦᠳᠡᠯᠭᠡᠭᠡᠨ ᠤ ᠰᠢᠨᠵᠢ ᠪᠠᠷ ᠨᠢ ᠲᠤᠳᠤᠳᠬᠠᠨ ᠨᠡᠷᠡᠯᠡᠳᠡᠭ᠂ ᠵᠢᠱᠢᠶᠡᠯᠡᠪᠡᠯ᠄ ᠬᠤᠷᠳᠤᠨ | ᠰᠢᠷᠭ᠎ᠠ᠂ ᠢᠮᠡᠳᠦ ᠰᠢᠷᠭ᠎ᠠ᠂ ᠵᠢᠷᠤᠭ᠎ᠠ ᠰᠢᠷᠭ᠎ᠠ᠂ ᠬᠤᠨᠢᠨ ᠤ ᠬᠤᠩᠭᠤᠷ ᠁ ᠭᠡᠬᠦ ᠮᠡᠳᠦ᠃ | ᠬᠤᠶᠠᠷ ᠡᠷᠳᠡᠨᠢ ᠶᠢᠨ ᠰᠢᠷᠭ᠎ᠠ ᠮᠤᠷᠢᠨ ᠤ ᠪᠡᠯᠭᠡ ᠰᠢᠨᠵᠢ ᠬᠢᠭᠡᠳ ᠲᠡᠤᠬᠡ ᠲᠡᠮᠳᠡᠭᠯᠡᠯ | ᠪᠡᠯᠭᠡᠳᠡᠯ ᠤᠨ ᠲᠠᠯ᠎ᠠ ᠠᠴᠠ ᠦᠵᠡᠪᠡᠯ᠄ | ᠮᠤᠩᠭᠤᠯᠴᠦᠳ ᠪᠦᠬᠡ ᠮᠦᠷᠭᠦᠯ ᠤᠨ ᠦᠶ᠎ᠡ ᠠᠴᠠ ᠰᠢᠷ᠎ᠠ ᠦᠩᠭᠡ ᠶᠢ ᠠᠷᠭ᠎ᠠ ᠪᠢᠯᠢᠭ ᠤᠨ ᠲᠠᠪᠤᠨ | ᠦᠩᠭᠡᠨ ᠳᠤ ᠤᠷᠤᠭᠤᠯᠵᠦ ᠡᠷᠬᠢᠮᠨᠡᠨ ᠬᠦᠨᠳᠦᠳᠭᠡᠳᠡᠭ ᠪᠦᠭᠡᠳ ᠭᠠᠵᠠᠷ ᠤᠨ ᠬᠦᠷᠦᠰᠦ ᠰᠢᠷᠦᠢ ᠶᠢ ᠰᠢᠷ᠎ᠠ | ᠦᠩᠭᠡ ᠪᠠᠷ ᠵᠦᠢᠷᠯᠡᠵᠦ᠂ ᠡᠨᠡᠬᠦ ᠰᠢᠮᠡᠯᠢᠭ ᠬᠦᠷᠦᠰᠦᠨ ᠠᠴᠠ ᠲᠦᠮᠡᠨ ᠪᠤᠳᠠᠰ ᠠᠮᠢᠯᠠᠨ᠎ᠠ ᠭᠡᠵᠦ ᠦᠵᠡᠳᠡᠭ᠃ ᠪᠦᠬᠡ | ᠮᠦᠷᠭᠦᠯ ᠤᠨ ᠬᠡᠷᠡᠭᠯᠡᠳᠡᠭ ᠲᠠᠪᠤᠨ ᠦᠩᠭᠡ ᠶᠢᠨ ᠵᠠᠯᠮ᠎ᠠ ᠳᠤ ᠰᠢᠷ᠎ᠠ ᠦᠩᠬᠡ ᠶᠢ ᠤᠷᠤᠭᠤᠯᠤᠭᠰᠠᠨ ᠨᠢ ᠠᠷᠭ᠎ᠠ | ᠪᠢᠯᠢᠭ ᠤᠨ ᠶᠤᠰᠤᠨ ᠤ ᠴᠢᠬᠤᠯᠠ ᠲᠦᠯᠦᠭᠡᠯᠡᠯ ᠤᠨ ᠪᠡᠯᠭᠡᠳᠡᠯ ᠪᠤᠯᠵᠦ ᠲᠠᠭᠠᠷᠠᠨ᠎ᠠ᠃ ᠰᠢᠷ᠎ᠠ ᠦᠩᠭᠡ ᠲᠠᠢ ᠠᠯᠳᠠ ᠶᠢ | ᠡᠷᠬᠢᠮ ᠴᠤᠬᠠᠭ ᠡᠳ᠋ ᠢᠶᠠᠷ ᠦᠵᠡᠵᠦ᠂ ᠪᠠᠰᠠ ᠨᠠᠷᠠᠨ ᠤ ᠭᠡᠷᠡᠯ ᠢ ᠰᠢᠵᠢᠷ ᠠᠯᠳᠠ ᠪᠠᠷ ᠵᠦᠢᠷᠯᠡᠳᠡᠭ ᠪᠠᠶᠢᠪᠠ᠃ ᠡᠵᠡᠨ | ᠪᠤᠭᠳᠠ ᠴᠢᠩᠭᠢᠰ ᠬᠠᠭᠠᠨ ᠤ ᠨᠡᠢᠮᠠᠨ ᠴᠠᠭᠠᠨ ᠤᠷᠳᠤᠨ ᠤ ᠲᠤᠲᠤᠷ᠎ᠠ ︽ᠵᠢᠯᠤᠭᠤᠨ ᠴᠠᠭᠠᠨ ᠤᠷᠳᠤ︾ ᠭᠡᠵᠦ | ᠪᠠᠶᠢᠵᠦ᠂ ᠤᠷᠳᠤᠨ ᠤ ᠰᠢᠳᠦᠭᠡᠨ ᠳᠤ ᠴᠢᠩᠭᠢᠰ ᠬᠠᠭᠠᠨ ᠤ ᠬᠤᠶᠠᠷ ᠰᠢᠷᠭ᠎ᠠ ᠮᠤᠷᠢᠨ ᠳᠤ ᠲᠤᠬᠤᠳᠠᠭ ᠬᠤᠶᠠᠷ ᠡᠮᠡᠭᠡᠯ | ᠪᠤᠯᠤᠨ ᠵᠢᠯᠤᠭᠤ ᠬᠠᠵᠠᠭᠠᠷ ᠨᠢ ᠪᠤᠢ᠂ ᠵᠢᠯᠤᠭᠤᠨ ᠴᠠᠭᠠᠨ ᠤᠷᠳᠤᠨ ᠪᠠ ᠬᠤᠶᠠᠷ ᠵᠢᠯᠤᠭᠤᠨ ᠰᠢᠷᠭ᠎ᠠ ᠮᠤᠷᠢ ᠶᠢ | ᠲᠠᠷᠬᠠᠳ ᠤᠨ ᠲᠡᠭᠡᠳᠦ ᠵᠢᠯᠤᠭᠤᠴᠢᠨ᠂ ᠲᠤᠤᠷᠠᠳᠦ ᠵᠢᠯᠤᠭᠤᠴᠢᠨ ᠭᠡᠵᠦ ᠬᠤᠶᠠᠷ ᠵᠢᠯᠤᠭᠤᠴᠢᠨ ᠬᠡᠰᠢᠭᠳᠡᠨ ᠰᠠᠬᠢᠵᠦ | ᠬᠠᠮᠠᠭᠠᠯᠠᠳᠠᠭ᠃ ᠲᠠᠬᠢᠯᠭ᠎ᠠ ᠳᠤ ᠲᠠᠷᠬᠠᠳ ᠤᠨ ᠵᠢᠯᠤᠭᠤᠴᠢᠨ ᠭᠡᠰᠢᠭ ᠤᠨ ᠬᠢᠨ ᠬᠤᠶᠠᠷ ᠵᠢᠯᠤᠭᠤᠨ ᠰᠢᠷᠭ᠎ᠠ | ᠮᠤᠷᠢ ᠪᠠᠨ ᠪᠠᠷᠢᠵᠦ᠂ ᠨᠤᠭᠳᠤ ᠬᠠᠵᠠᠭᠠᠷ ᠲᠠᠢ ᠡᠮᠡᠭᠡᠯ ᠲᠤᠬᠤᠨ᠂ ᠠᠯᠳᠠᠨ ᠤᠷᠳᠤᠨ ᠤ ᠡᠮᠦᠨ᠎ᠡ ᠮᠤᠷᠢᠨ ᠤ | ᠨᠢᠷᠤᠭᠤᠨ ᠲᠡᠭᠡᠷ᠎ᠡ ᠨᠢ ᠬᠦᠮᠦᠨ ᠤᠨᠤᠵᠦ ᠪᠠᠶᠢᠭ᠎ᠠ ᠠᠳᠠᠯᠢ ᠭᠠᠨᠵᠤᠭ᠎ᠠ ᠲᠦᠷᠦᠬᠡ ᠶᠢ ᠨᠢ ᠲᠤᠷᠤᠭᠰᠢ ᠪᠠᠭᠤᠯᠭᠠᠨ | ᠲᠠᠯᠪᠢᠵᠦ᠂ ᠴᠠᠭᠠᠨ ᠢᠰᠡᠭᠡᠢ ᠲᠡᠭᠡᠷ᠎ᠡ ᠵᠢᠭᠯᠡᠨ ᠵᠤᠭᠰᠤᠭᠠᠳᠠᠭ᠃ ᠬᠤᠶᠠᠷ ᠵᠢᠯᠤᠭᠤᠨ ᠰᠢᠷᠭ᠎ᠠ ᠪᠤᠯ ᠬᠠᠭᠠᠨ | ᠬᠠᠳᠤᠨ ᠤ ᠰᠦᠯᠳᠡ ᠶᠢᠨ ᠤᠨᠠᠭ᠎ᠠ ᠮᠦᠨ᠃ ᠲᠡᠶᠢᠮᠦ ᠠᠴᠠ ᠬᠤᠶᠠᠷ ᠵᠢᠯᠤᠭᠤᠨ ᠰᠢᠷᠭ᠎ᠠ ᠳᠤ ᠵᠢᠯᠤᠭᠤ ᠵᠢᠭᠯᠡᠭᠰᠡᠨ ᠤ | ᠲᠠᠷᠠᠭ᠎ᠠ ᠶᠡᠭᠡ ᠲᠠᠶᠢᠯᠭ᠎ᠠ ᠬᠢᠳᠡᠭ ᠭᠡᠵᠦ ᠲᠡᠤᠬᠡ ᠲᠡᠮᠳᠡᠭᠯᠡᠯ ᠳᠤ ᠪᠢᠴᠢᠭᠳᠡᠵᠡᠢ᠃ ᠡᠵᠡᠨ ᠪᠤᠭᠳᠠ ᠶᠢᠨ ᠰᠢᠷᠭ᠎ᠠ ᠨᠢ | ᠢᠩᠭᠢᠵᠦ ᠮᠤᠩᠭᠤᠯᠴᠦᠳ ᠤᠨ ᠰᠢᠳᠦᠯᠭᠡ ᠪᠢᠰᠢᠷᠡᠯ ᠳᠤ ᠲᠡᠭᠡᠵᠢᠯᠡᠭᠳᠡᠵᠦ᠂ ᠠᠮᠤᠷ ᠠᠮᠤᠭᠤᠯᠠᠩ ᠠᠵᠦ ᠲᠦᠷᠦᠬᠦ ᠶᠢᠨ | ᠪᠡᠯᠭᠡᠳᠡᠯ ᠵᠦᠩᠨᠡᠯ ᠪᠤᠯᠤᠭᠰᠠᠨ ᠶᠤᠮ᠃ | ᠪᠤᠷᠬᠠᠨ ᠰᠢᠳᠦᠯᠭᠡ ᠮᠤᠩᠭᠤᠯ ᠤᠷᠤᠨ ᠳᠤ ᠲᠡᠯᠭᠡᠷᠡᠭᠰᠡᠨ ᠠᠴᠠ ᠬᠤᠶᠢᠰᠢ ᠰᠢᠷ᠎ᠠ ᠦᠩᠬᠡ ᠨᠢ ᠱᠠᠰᠢᠨ ᠤ | ᠦᠩᠬᠡ ᠶᠢ ᠲᠦᠯᠦᠭᠡᠯᠡᠬᠦ ᠪᠤᠯᠤᠭᠰᠠᠨ ᠢᠶᠠᠷ ᠡᠨᠡᠬᠦ ᠪᠤᠷᠬᠠᠨ ᠤ ᠱᠠᠰᠢᠨ ᠢ ᠰᠢᠳᠦᠭᠴᠢᠳ ᠨᠢ ᠰᠢᠷ᠎ᠠ ᠬᠤᠪᠴᠠᠰᠦ | ᠡᠮᠦᠰᠳᠡᠭ ᠪᠤᠯᠵᠦ᠂ ᠰᠢᠷ᠎ᠠ ᠦᠩᠬᠡ ᠶᠢ ᠡᠷᠬᠢᠮ ᠳᠤ ᠦᠵᠡᠬᠦ ᠪᠤᠯᠤᠭᠰᠠᠨ ᠠᠴᠠ ︽ᠰᠢᠷ᠎ᠠ ᠶᠢᠨ ᠱᠠᠰᠢᠨ︾ ᠴᠤ | ᠭᠡᠳᠡᠭ ᠪᠠᠶᠢᠨ᠎ᠠ᠃ ᠡᠶᠢᠮᠦ ᠪᠠᠷ ᠮᠤᠩᠭᠤᠯᠴᠦᠳ ᠰᠢᠷ᠎ᠠ ᠬᠠᠳᠠᠭ ᠢ ᠦᠨᠳᠦᠷ ᠨᠠᠰᠤᠳᠠᠨ ᠪᠤᠶᠤ ᠶᠡᠬᠡᠰ ᠨᠤᠶᠠᠳ᠂ | ᠭᠡᠭᠡᠨ ᠢᠵᠠᠭᠤᠷᠳᠠᠨ ᠳᠤ ᠪᠡᠯᠭᠡ ᠪᠤᠯᠭᠠᠨ ᠬᠦᠨᠳᠦᠳᠭᠡᠯ ᠲᠡᠪᠰᠢᠭᠦᠯᠳᠡᠭ ᠤᠴᠢᠷ ᠲᠠᠢ᠃ ᠬᠤᠪᠢᠯᠠᠢ ᠬᠠᠭᠠᠨ ᠤ | ᠦᠶ᠎ᠡ ᠳᠤ᠂ ᠤᠷᠳᠤᠰ ᠤᠨ ᠲᠠᠷᠬᠠᠳ ᠶᠠᠰᠤᠳᠠᠨ ᠳᠤ ᠴᠢᠩᠭᠢᠰ ᠤᠨ ᠨᠠᠢᠮᠠᠨ ᠴᠠᠭᠠᠨ ᠤᠷᠳᠤ ᠶᠢ ᠲᠠᠬᠢᠬᠤ ᠵᠠᠷᠯᠢᠭ | ᠪᠠᠭᠤᠯᠭᠠᠬᠤ ᠳᠠᠭᠠᠨ ᠰᠢᠷ᠎ᠠ ᠴᠠᠭᠠᠰᠤᠨ ᠲᠡᠭᠡᠷ᠎ᠡ ᠪᠢᠴᠢᠭᠰᠡᠨ ᠠᠴᠠ ᠲᠡᠨᠳᠡ ᠲᠠᠪᠤᠨ ᠵᠠᠭᠤᠨ ᠡᠷᠦᠬᠡ ︽ᠰᠢᠷ᠎ᠠ | ᠲᠠᠷᠬᠠᠳ︾ ᠲᠠᠶᠢᠯᠭ᠎ᠠ ᠶᠢᠨ ᠦᠢᠯᠡ ᠶᠢ ᠭᠦᠢᠴᠡᠳᠭᠡᠭᠰᠡᠨ ᠭᠡᠳᠡᠭ᠃ ᠡᠷᠳᠡ ᠦᠶ᠎ᠡ ᠶᠢᠨ ᠮᠤᠩᠭᠤᠯᠴᠦᠳ ᠠᠯᠢ | ᠨᠢᠭᠡᠨ ᠭᠠᠵᠠᠷ ᠤᠷᠤᠨ ᠢ ᠨᠤᠲᠤᠭ ᠪᠠᠭᠤᠴᠠ ᠪᠠᠨ ᠪᠤᠯᠭᠠᠬᠤ ᠭᠡᠪᠡᠯ ᠰᠢᠷ᠎ᠠ ᠦᠩᠭᠡ ᠶᠢᠨ ᠲᠡᠭᠡᠰᠦ ᠪᠠᠷ ᠭᠠᠳᠠᠰᠤᠯᠠᠨ | ᠲᠠᠯᠪᠢᠳᠠᠭ ᠵᠢᠷᠤᠮ ᠲᠠᠢ ᠪᠠᠶᠢᠯ᠎ᠠ ᠭᠡᠳᠡᠭ᠃ ᠡᠶᠢᠮᠦ ᠠᠴᠠ ᠰᠢᠷ᠎ᠠ ᠪᠤᠶᠤ ᠰᠢᠷᠭᠠᠯ ᠦᠩᠭᠡ ᠨᠢ ᠲᠡᠤᠬᠡᠨ ᠠᠴᠠ | ᠠᠪᠤᠭᠠᠳ ᠬᠦᠨᠳᠦᠳᠭᠡᠯ ᠤᠨ ᠦᠩᠭᠡᠨ ᠳᠤ ᠲᠡᠭᠡᠳᠦᠯᠡᠭᠳᠡᠵᠦ ᠪᠠᠶᠢᠳᠠᠭ ᠢᠶᠠᠷ ᠰᠢᠷᠭ᠎ᠠ ᠵᠢᠰᠦᠮ ᠤᠨ ᠮᠤᠷᠢᠳ ᠴᠤ | ᠪᠡᠯᠭᠡᠳᠡᠯ ᠤᠨ ᠲᠡᠭᠡᠳᠦ ᠳᠤ ᠤᠷᠤᠳᠠᠭ ᠪᠤᠯᠵᠠᠢ᠃ 13 ᠳ᠋ᠤᠭᠠᠷ ᠵᠠᠭᠤᠨ ᠤ ᠦᠶ᠎ᠡ ᠳᠤ ᠴᠢᠩᠭᠢᠰ ᠬᠠᠭᠠᠨ ᠤ ᠨᠠᠢᠮᠠᠨ | ᠰᠢᠷᠭ᠎ᠠ ᠮᠤᠷᠢ ᠶᠢ ᠶᠡᠬᠡᠳᠡ ᠪᠡᠯᠭᠡᠰᠢᠶᠡᠨ ᠬᠡᠯᠡᠯᠴᠡᠬᠦ ᠪᠦᠭᠡᠳ ᠲᠡᠷᠡ ᠨᠠᠢᠮᠠᠨ ᠰᠢᠷᠭ᠎ᠠ ᠶᠢ ᠦᠵᠦᠮᠦᠴᠢᠨᠴᠦᠳ ︽ | ᠡᠷᠳᠡᠨᠢ ᠶᠢᠨ ᠨᠠᠢᠮᠠᠨ ᠰᠢᠷᠭ᠎ᠠ︾ ᠭᠡᠵᠦ ᠬᠦᠨᠳᠦᠯᠡᠨ ᠲᠡᠭᠡᠳᠦᠯᠡᠵᠦ᠂ ᠶᠡᠬᠡᠰ ᠤᠨ ᠪᠡᠯᠡᠭ ᠤᠨ ᠲᠡᠷᠢᠭᠦᠨ ᠳᠤ | ᠲᠤᠭᠠᠴᠠᠭᠳᠠᠳᠠᠭ ᠪᠠᠶᠢᠵᠠᠢ᠃ | ᠲᠡᠤᠬᠡ ᠲᠤᠮᠤᠭ ᠤᠨ ᠲᠠᠯ᠎ᠠ ᠠᠴᠠ ᠨᠢ ᠰᠢᠨᠵᠢᠪᠡᠯ᠄ | ⑴ ︽ᠮᠤᠩᠭᠤᠯ ᠤᠨ ᠨᠢᠭᠤᠴᠠ ᠲᠤᠪᠴᠢᠶᠠᠨ︾ ᠳᠠᠬᠢ ᠰᠢᠷᠭ᠎ᠠ ᠵᠢᠰᠦᠮ ᠤᠨ ᠮᠤᠷᠢᠳ ᠠᠴᠠ ᠲᠡᠮᠳᠡᠭᠯᠡᠪᠡᠯ | ᠂ ᠭᠡᠷ ᠤᠨ ᠲᠡᠷᠭᠡᠳᠡ ᠪᠠᠨ ᠢᠳᠡᠰᠢᠯᠡᠵᠦ ᠪᠠᠶᠢᠭᠰᠡᠨ ᠨᠠᠢᠮᠠᠨ ᠰᠢᠷᠭ᠎ᠠ ᠮᠤᠷᠢᠳ ᠢ ᠭᠡᠨᠡᠳᠳᠠ ᠲᠡᠭᠡᠷᠡᠮ ᠲᠤᠭᠤᠵᠦ | ᠶᠠᠪᠤᠭᠰᠡᠨ ᠳᠤ ᠲᠡᠮᠦᠵᠢᠨ ᠨᠠᠷ ᠶᠠᠪᠠᠭᠠᠨ ᠬᠤᠴᠤᠷᠪᠠ᠃ ᠪᠡᠯᠭᠦᠳᠠᠢ᠂ ᠤᠭᠤᠳᠤᠷ ᠬᠤᠨᠭ᠍ᠭᠤᠷ ᠮᠤᠷᠢ ᠪᠠᠨ ᠤᠨᠤᠵᠦ | ᠲᠠᠷᠪᠠᠭ᠎ᠠ ᠠᠩᠨᠠᠷᠠ ᠶᠠᠪᠤᠭᠠᠳ ᠨᠠᠷᠠ ᠰᠢᠩᠭᠡᠭᠰᠡᠨ ᠬᠤᠶᠢᠨ᠎ᠠ ᠢᠷᠡᠪᠡ᠃ ᠲᠡᠮᠦᠵᠢᠨ ᠦᠪᠡᠷᠳᠡᠭᠡᠨ ᠤᠭᠤᠳᠤᠷ | ᠬᠤᠩᠭᠤᠷ ᠢ ᠤᠨᠤᠭᠠᠳ ᠰᠢᠷᠭ᠎ᠠ ᠠᠭᠳᠠ ᠶᠢ ᠡᠪᠡᠰᠦᠨ ᠤ ᠨᠠᠯᠤᠷᠬᠠᠢ ᠪᠠᠷ ᠨᠡᠬᠡᠭᠡᠳ ᠭᠤᠷᠪᠠᠨ ᠬᠤᠨᠤᠭ ᠶᠠᠪᠤᠬᠤ | ᠵᠠᠭᠤᠷ᠎ᠠ ᠪᠤᠭᠤᠷᠴᠤ ᠶᠢᠨ ᠬᠡᠭᠦᠣ ᠰᠠᠭᠠᠵᠦ ᠪᠠᠶᠢᠬᠤ ᠲᠠᠢ ᠲᠠᠭᠠᠷᠢᠯᠳᠣᠪᠠ᠃ ᠲᠡᠮᠦᠵᠢᠨ ᠲᠡᠭᠦᠨ ᠠᠴᠠ ᠨᠠᠢᠮᠠᠨ | ᠰᠢᠷᠭ᠎ᠠ ᠪᠠᠨ ᠰᠤᠷᠠᠭᠯᠠᠬᠤ ᠳᠤ ᠲᠡᠷᠡ ᠪᠠᠷ ᠦᠷᠯᠦᠭᠡ ᠨᠠᠷᠠᠨ ᠤ ᠦᠶ᠎ᠡ ᠪᠠᠷ ᠡᠨᠡᠭᠦᠷ ᠬᠦᠭᠡᠭᠡᠵᠦ ᠭᠠᠷᠤᠭᠰᠠᠨ ᠢ | ᠲᠤᠭᠤᠯᠭᠠᠨᠪᠠ᠃ ᠪᠤᠭᠤᠷᠴᠣ᠂ ᠲᠡᠮᠦᠵᠢᠨ ᠤ ᠤᠭᠤᠳᠤᠷ ᠬᠤᠩᠭᠤᠷ ᠢ ᠲᠠᠯᠪᠢᠭᠤᠯᠵᠦ᠂ ᠤᠷᠤᠭ ᠰᠢᠩᠬᠤᠯᠠ | ᠮᠤᠷᠢ ᠪᠠᠨ ᠶᠡᠭᠦᠯᠡᠵᠦ ᠦᠭᠭᠦᠭᠡᠳ ᠦᠪᠡᠷᠳᠡᠭᠡᠨ ᠬᠤᠷᠳᠣᠨ ᠬᠤᠸᠠ ᠪᠠᠨ ᠤᠨᠤᠵᠦ ᠬᠠᠮᠵᠢᠯᠴᠢᠨ ᠪᠠᠰᠠ ᠭᠤᠷᠪᠠ | ᠬᠤᠨᠤᠭ ᠨᠡᠬᠡᠬᠡᠪᠡ᠂ ᠢᠩᠭᠢᠭᠡᠳ ᠪᠤᠭᠤᠷᠴᠦ᠂ ᠲᠡᠮᠦᠵᠢᠨ ᠢ ᠬᠠᠪᠰᠤᠷᠴᠦ ᠲᠡᠭᠡᠷᠡᠮ ᠤᠨ ᠲᠡᠨᠳᠡ ᠠᠴᠠ ᠨᠠᠢᠮᠠᠨ | ᠰᠢᠷᠭ᠎ᠠ ᠶᠢ ᠨᠢ ᠪᠤᠴᠠᠭᠠᠨ ᠠᠪᠴᠢᠷᠠᠭᠰᠡᠨ ᠮᠦᠷᠳᠡᠭᠡᠨ ᠲᠡᠯᠢᠶᠡ ᠬᠤᠷᠠᠭ᠎ᠠ ᠶᠢᠨ ᠬᠦᠨᠡᠰᠦ ᠪᠡᠯᠡᠳᠭᠡᠵᠦ | ᠶᠠᠪᠤᠭᠤᠯᠤᠭᠰᠠᠨ᠂ ᠢᠩᠭᠢᠵᠦ ᠠᠶᠤᠯ ᠢ ᠰᠦᠷᠴᠦ ᠠᠨᠳᠠ ᠪᠤᠯᠤᠯᠴᠠᠭᠰᠡᠨ᠂ ᠬᠤᠵᠢᠮ ᠨᠢ ᠪᠤᠭᠤᠷᠴᠤ ᠪᠦᠭᠳᠦᠷ | ᠬᠤᠨᠭ᠍ᠭᠤᠷ ᠢᠶᠠᠨ ᠤᠨᠤᠵᠦ᠂ ᠪᠣᠷᠤ ᠦᠷᠮᠦᠭ ᠢᠶᠠᠨ ᠪᠦᠭᠳᠦᠷᠢᠭᠡᠳ ᠲᠡᠮᠦᠵᠢᠨ ᠤ ᠳᠤ ᠢᠷᠡᠵᠦ᠂ ᠶᠡᠭᠡ ᠤᠶᠢᠯᠡᠰ | ᠲᠤᠨᠢ ᠤᠶᠢᠯᠡᠴᠢᠯᠡᠭᠰᠡᠨ ᠭᠡᠬᠦ ᠰᠠᠶᠢᠬᠠᠨ ᠲᠤᠷᠠᠳᠬᠠᠯ ᠢ ᠪᠢᠴᠢᠭᠯᠡᠭᠰᠡᠨ ᠪᠠᠶᠢᠳᠠᠭ᠃ ᠨᠠᠢᠮᠠᠨ ᠰᠢᠷᠭ᠎ᠠ᠂ ᠤᠭᠤᠳᠤᠷ | ᠬᠤᠩᠭᠤᠷ᠂ ᠤᠷᠤᠭ ᠰᠢᠩᠬᠤᠯᠠ᠂ ᠬᠤᠷᠳᠤᠨ ᠬᠤᠸᠠ ᠵᠡᠷᠭᠡ ᠠᠳᠤᠭᠤᠨ ᠤ ᠦᠩᠭᠡ ᠵᠢᠰᠦᠮ ᠢᠶᠠᠷ ᠲᠤᠬᠠᠢ ᠶᠢᠨ | ᠦᠶ᠎ᠡ ᠲᠡᠮᠦᠵᠢᠨ ᠤ ᠠᠳᠤᠭᠤ ᠪᠤᠶᠤ ᠪᠤᠭᠤᠷᠴᠦ ᠶᠢᠨ ᠠᠳᠤᠭᠤᠳ ᠨᠢ ᠰᠢᠷᠭ᠎ᠠ ᠵᠢᠰᠦᠮ ᠤᠨ ᠠᠳᠤᠭᠤᠳ ᠤᠯᠠᠨᠳᠠᠢ | ᠪᠠᠶᠢᠭᠰᠠᠨ ᠭᠡᠳᠡᠭ ᠢ ᠬᠠᠷᠠᠭᠤᠯᠵᠦ ᠪᠠᠶᠢᠨ᠎ᠠ᠃ | ⑵ ︽ᠮᠤᠩᠭᠤᠯ ᠤᠨ ᠨᠢᠭᠤᠴᠠ ᠲᠤᠪᠴᠢᠶᠠᠨ︾ ᠤ 147 ᠳ᠋ᠤᠭᠠᠷ ᠵᠤᠷᠪᠤᠰ ᠲᠤ᠄ ︽ᠪᠠᠰᠠ ᠴᠢᠩᠬᠢᠰ | ᠬᠠᠭᠠᠨ ᠦᠭᠦᠯᠡᠷᠦᠨ᠄ ︿ᠭᠦᠢᠳᠡᠨ ᠬᠡᠮᠡᠬᠦ ᠭᠠᠵᠠᠷᠡ ᠤᠷᠤᠭᠰᠢᠯᠠᠬᠤ ᠤᠬᠤᠷᠢᠬᠤ ᠵᠡᠷᠭᠡ ᠪᠠᠷ ᠪᠠᠶᠢᠯᠳᠤᠵᠦ ᠪᠠᠶᠢᠬᠤ ᠳᠤ | ᠠᠭᠤᠯᠠᠨ ᠲᠡᠭᠡᠷ᠎ᠡ ᠠᠴᠠ ᠬᠠᠷᠪᠤᠵᠦ᠂ ᠮᠢᠨᠤ ᠪᠠᠶᠢᠯᠳᠤᠭᠠᠨ ᠤ ᠠᠮᠠ ᠴᠠᠭᠠᠨ ᠬᠤᠯᠠ ᠮᠤᠷᠢᠨ ᠤ ᠠᠮᠠᠨ ᠬᠦᠵᠦᠭᠦᠤ ᠶᠢ | ᠬᠡᠨ ᠰᠢᠷᠬᠠᠳᠤᠭᠤᠯᠤᠭᠰᠠᠨ ᠪᠤᠢ︖﹀ ᠬᠡᠮᠡᠪᠡᠰᠦ᠂ ᠲᠡᠷᠡ ᠦᠭᠡ ᠶᠢ ᠰᠤᠨᠤᠰᠴᠦ ᠵᠡᠪᠡ ᠦᠭᠦᠯᠡᠷᠦᠨ᠄ ︿ᠠᠭᠤᠯᠠᠨ | ᠲᠡᠭᠡᠷ᠎ᠡ ᠠᠴᠠ ᠬᠠᠷᠪᠤᠭᠰᠠᠨ ᠬᠦᠮᠦᠨ ᠪᠢ ᠪᠢᠯᠡ﹀ ᠬᠡᠮᠡᠪᠡ ᠁ ᠴᠢᠩᠭᠢᠰ ᠬᠠᠭᠠᠨ ᠦᠭᠦᠯᠡᠷᠦᠨ᠄ ︿ | ᠲᠠᠶᠢᠰᠦᠨ ᠤ ᠬᠦᠮᠦᠨ ᠲᠠᠶᠢᠰᠤᠩᠨᠠᠵᠦ ᠬᠤᠤᠷᠯᠠᠵᠦ ᠶᠠᠪᠤᠭᠰᠠᠨ ᠢᠶᠠᠨ ᠨᠢᠭᠤᠵᠦ ᠬᠤᠳᠠᠯ ᠬᠡᠯᠡᠬᠦ ᠪᠦᠯᠦᠭᠡ᠃ ᠭᠡᠳᠡᠯ᠎ᠡ | ᠴᠢ ᠲᠠᠶᠢᠰᠤᠩᠨᠠᠵᠦ ᠬᠤᠤᠷᠯᠠᠭᠰᠠᠨ ᠢᠶᠠᠨ ᠨᠢᠭᠤᠬᠤ ᠦᠭᠡᠢ ᠰᠢᠳᠤᠷᠭᠤ ᠬᠡᠯᠡᠵᠦ ᠪᠠᠶᠢᠮᠤᠢ᠃ ᠡᠶᠢᠮᠦ ᠬᠦᠮᠦᠨ ᠲᠠᠢ | ᠨᠦᠬᠦᠷᠯᠡᠵᠦ ᠪᠤᠯᠤᠮᠤᠢ᠃ ᠴᠢ ᠵᠢᠷᠭᠤᠭᠠᠳᠠᠢ ᠨᠡᠷ᠎ᠡ ᠶᠢ ᠬᠠᠯᠠᠵᠦ ᠪᠠᠶᠢᠯᠳᠤᠭᠠᠨ ᠤ ᠠᠮᠠ ᠴᠠᠭᠠᠨ ᠬᠤᠯᠠ ᠮᠤᠷᠢᠨ ᠤ | ᠮᠢᠨᠢ ᠬᠦᠵᠦᠭᠦᠤ ᠶᠢ ᠵᠡᠪᠡ ᠪᠠᠷ ᠬᠠᠷᠪᠤᠭᠰᠠᠨ ᠤ ᠲᠤᠯᠠ ᠵᠡᠪᠡ ᠭᠡᠵᠦ ᠨᠠᠷᠠ ᠦᠭᠭᠦᠶ᠎ᠡ᠃ ᠮᠢᠨᠤ ᠲᠡᠷᠭᠡᠳᠡ ᠵᠡᠪᠡ ᠮᠡᠳᠦ | ᠬᠠᠮᠠᠭᠠᠯᠠᠵᠦ ᠶᠠᠪᠤ﹀ ᠬᠡᠮᠡᠨ ᠵᠠᠷᠯᠢᠭ ᠪᠤᠯᠪᠠ᠃ ᠲᠠᠶᠢᠴᠢᠭᠤᠳ ᠠᠴᠠ ᠵᠡᠪᠡ ᠶᠢᠨ ᠨᠦᠬᠦᠷᠯᠡᠵᠦ ᠢᠷᠡᠭᠰᠡᠨ ᠶᠤᠰᠤᠨ | ᠡᠶᠢᠮᠦ ᠪᠦᠯᠦᠭᠡ︾ ᠭᠡᠵᠦ ᠲᠡᠮᠳᠡᠭᠯᠡᠵᠦ ᠪᠤᠢ᠃ | ︽ᠬᠦᠬᠡ ᠰᠤᠳᠤᠷ ᠤᠨ ᠬᠤᠷᠢᠶᠠᠩᠭᠤᠢ ᠲᠤᠪᠴᠢᠶᠠᠨ︾ ᠬᠡᠮᠡᠬᠦ ᠨᠤᠮ ᠳᠤ ᠴᠢᠩᠭᠢᠰ ᠬᠠᠭᠠᠨ ᠤ | ᠲᠠᠶᠢᠴᠢᠭᠤᠳ ᠢ ᠲᠦᠪᠰᠢᠳᠭᠡᠬᠦ ︽ᠭᠦᠢᠳᠡᠨ ᠤ ᠪᠠᠶᠢᠯᠳᠤᠭᠠᠨ︾ ᠤ ᠲᠤᠬᠠᠢ ᠲᠡᠮᠳᠡᠭᠯᠡᠬᠦ ᠳᠡᠭᠡᠨ᠄ ︽ᠪᠤᠭᠤᠷᠴᠦ | ᠰᠠᠮᠠᠭᠤᠨ ᠴᠡᠷᠢᠭ ᠤᠨ ᠲᠤᠮᠳᠠᠭᠤᠷ ᠲᠠᠶᠢᠽᠦ ᠶᠢ ᠡᠷᠢᠵᠦ ᠶᠠᠪᠤᠳᠠᠯ᠎ᠠ ᠲᠠᠶᠢᠽᠦ ᠳ᠋ᠠᠷᠬᠢ ᠬᠤᠩᠭᠤᠷ ᠮᠤᠷᠢ ᠲᠠᠢ ᠪᠠᠨ | ᠨᠦᠬᠡᠨ ᠳᠤ ᠤᠨᠠᠭᠰᠠᠨ ᠪᠠᠶᠢᠵᠠᠢ᠂ ᠪᠤᠭᠤᠷᠴᠦ ᠲᠠᠶᠢᠽᠦ ᠶᠢ ᠲᠦᠰᠢᠨ ᠨᠦᠬᠡᠨ ᠤ ᠬᠦᠪᠡᠭᠡᠨ ᠳᠤ ᠭᠠᠷᠬᠤ ᠳᠤ ᠳ᠋ᠠᠷᠬᠢ | ᠬᠤᠩᠭᠤᠷ ᠮᠤᠷᠢ ᠮᠦᠨ ᠲᠡᠪᠭᠡᠷᠤᠨ ᠭᠠᠷᠴᠤ ᠢᠷᠡᠭᠰᠡᠨ ᠳᠤ ᠲᠠᠶᠢᠽᠦ ᠶᠢ ᠮᠤᠷᠢᠨ ᠳᠤ ᠤᠨᠤᠭᠤᠯᠵᠦ ᠦᠪᠡᠷ ᠢᠶᠠᠨ | ᠶᠠᠪᠠᠭᠠᠯᠠᠨ ᠲᠦᠰᠢᠵᠦ ᠢᠷᠡᠬᠦ ᠳᠤ ᠵᠠᠯᠮ᠎ᠠ ᠲᠠᠢ ᠤᠴᠠᠷᠠᠪᠠ᠃ ᠴᠡᠷᠢᠭ ᠤᠨ ᠬᠦᠷᠢᠶ᠎ᠡ ᠯᠠᠶᠢᠬᠠᠳ ᠤᠨ ᠴᠡᠷᠢᠭ ᠲᠤ | ᠡᠪᠳᠡᠭᠳᠡᠭᠰᠡᠨ ᠲᠤᠯᠠ ᠵᠠᠯᠮ᠎ᠠ ᠨᠢᠭᠡᠨ ᠬᠠᠰᠠᠭ ᠲᠡᠷᠭᠡ ᠤᠯᠵᠦ ᠢᠷᠡᠨ ᠲᠠᠶᠢᠽᠦ ᠶᠢ ᠬᠡᠪᠳᠡᠭᠦᠯᠪᠡ᠃ ᠲᠠᠶᠢᠽᠦ ᠶᠢᠨ | ᠵᠡᠪᠡ ᠶᠢᠨ ᠰᠢᠷᠬ᠎ᠠ ᠳᠤ ᠴᠢᠰᠦ ᠪᠦᠭᠯᠡᠷᠡᠵᠦ ᠲᠤᠲᠤᠷ᠎ᠠ ᠪᠠᠯᠠᠷᠠᠬᠤ ᠳᠤ ᠵᠠᠯᠮ᠎ᠠ ᠵᠢᠪᠡᠳᠦ ᠴᠢᠰᠦ ᠶᠢ ᠠᠮᠠ ᠪᠠᠷ ᠰᠤᠷᠤᠨ | ᠠᠪᠴᠦ᠂ ᠪᠤᠭᠤᠷᠴᠦ ᠲᠠᠪᠠᠯ ᠤᠨ ᠡᠩᠭᠡᠷ ᠢ ᠤᠷᠠᠵᠦ ᠰᠢᠷᠬ᠎ᠠ ᠶᠢ ᠪᠤᠭᠤᠪᠠ᠂ ᠲᠠᠶᠢᠽᠦ ᠤᠮᠳᠠᠭᠠᠰᠴᠤ ᠪᠠᠶᠢᠨ᠎ᠠ | ᠭᠡᠰᠡᠨ ᠳᠤ ᠵᠠᠯᠮ᠎ᠠ ᠰᠡᠴᠡᠨ ᠪᠦᠬᠡ ᠶᠢᠨ ᠴᠡᠷᠢᠭ ᠤᠨ ᠬᠦᠷᠢᠶᠡᠨ ᠳᠤ ᠤᠷᠤᠵᠦ ᠲᠠᠷᠠᠭ ᠤᠯᠵᠦ ᠢᠷᠡᠳᠡᠯ᠎ᠡ | ᠮᠤᠬᠤᠯᠠᠢ ᠶᠢᠨ ᠴᠡᠷᠢᠭ ᠡᠵᠡᠨ ᠢ ᠡᠷᠢᠭᠰᠡᠭᠡᠷ ᠢᠷᠡᠪᠡ︾ ᠭᠡᠵᠦ ᠡᠵᠡᠨ ᠬᠠᠭᠠᠨ ᠤ ᠪᠠᠶᠢᠯᠳᠤᠭᠠᠨ ᠳᠤ ᠤᠨᠤᠭᠰᠠᠨ | ᠬᠦᠯᠦᠭ ᠤᠳ ᠵᠢᠰᠦᠮ ᠢᠶᠠᠷ ᠢᠯᠡᠷᠡᠨ ᠭᠠᠷᠴᠤ ᠪᠠᠶᠢᠳᠠᠭ᠃ | ⑶ ᠰᠦᠪᠡᠭᠡᠳᠡᠢ ᠪᠠ ᠰᠢᠷᠭᠠᠯ ᠮᠤᠷᠢ᠃ ᠸ᠊᠂ ᠶᠠᠨᠴᠸᠧᠢᠼᠺᠢ ᠶᠢᠨ ︽ᠪᠠᠳᠤ ᠬᠠᠭᠠᠨ︾ ᠭᠡᠬᠦ ᠷᠤᠮᠠᠨ ᠳᠤ | ᠶᠡᠭᠡ ᠪᠠᠭᠠᠳᠤᠷ ᠰᠦᠪᠡᠭᠡᠳᠡᠢ ᠶᠢᠨ ᠦᠷᠦᠨ᠎ᠡ ᠶᠢ ᠲᠦᠪᠰᠢᠳᠭᠡᠬᠦ ᠲᠠᠶᠢᠯᠠᠨ ᠲᠠᠭᠠᠭᠤᠯᠤᠯᠳᠠ ᠪᠠᠨ ᠬᠢᠬᠦ ᠳᠤ ᠰᠢᠷᠭᠠᠯ | ᠮᠤᠷᠢ ᠲᠠᠢ ᠶᠠᠪᠤᠭᠰᠠᠨ ᠲᠤᠬᠠᠢ ᠲᠡᠮᠳᠡᠭᠯᠡᠭᠰᠡᠨ ᠬᠠᠷᠠᠭᠳᠠᠨ᠎ᠠ᠃ ᠡᠨᠡ ᠬᠦ ᠠᠶᠠᠨ ᠲᠠᠶᠢᠨ ᠢ ᠴᠢᠩᠭᠢᠰ ᠬᠠᠭᠠᠨ ᠤ ᠠᠴᠢ | ᠬᠦᠪᠡᠭᠦᠨ ᠪᠠᠳᠤ ᠬᠠᠭᠠᠨ ᠤᠳᠤᠷᠢᠳᠤᠨ ᠵᠡᠭᠦᠨ ᠡᠸᠦ᠋ᠷᠦᠫᠠ ᠶᠢ ᠡᠵᠡᠯᠡᠨ ᠲᠠᠭᠠᠭᠤᠯᠤᠭᠰᠠᠨ ᠲᠤᠮᠤᠬᠠᠨ ᠦᠢᠯᠡ | ᠶᠠᠪᠤᠳᠠᠯ ᠢ ᠠᠷᠪᠠ ᠭᠠᠷᠤᠢ ᠵᠢᠯ ᠤᠨ ᠮᠠᠰᠢ ᠬᠠᠳᠠᠭᠤᠵᠢᠯᠳᠠᠢ ᠲᠡᠮᠡᠴᠡᠯ ᠬᠢᠭᠰᠡᠨ ᠪᠠᠶᠢᠭ᠎ᠠ ᠶᠤᠮ᠃ ᠡᠨᠡᠬᠦ ᠠᠯᠳᠠᠷᠳᠦ | ᠲᠠᠶᠢᠯᠠᠨ ᠲᠠᠭᠠᠭᠤᠯᠤᠯᠳᠠ ᠳᠤ ᠺᠢᠫᠴᠠᠺ ᠶᠢᠨ ᠲᠠᠯ᠎ᠠ᠂ ᠪᠤᠯᠭᠠᠷᠢ ᠬᠠᠭᠠᠨᠳᠤ ᠤᠯᠤᠰ᠂ ᠷᠶᠠᠽᠠᠨ ᠸᠠᠩᠳᠦ ᠤᠯᠤᠰ᠂ | ᠤᠷᠤᠰ ᠤᠯᠤᠰ ᠢ ᠬᠠᠮᠤᠷᠠᠭᠰᠠᠨ ᠦᠷᠭᠡᠨ ᠶᠡᠭᠡ ᠨᠤᠲᠤᠭ ᠲᠡᠪᠢᠰᠭᠡᠷ ᠢ ᠦᠷᠭᠡᠳᠭᠡᠨ ᠡᠵᠡᠯᠡᠵᠦ᠂ ᠠᠯᠳᠠᠨ ᠤᠷᠳᠤᠳᠤ | ᠬᠠᠭᠠᠨᠳᠦ ᠤᠯᠤᠰ ᠢ ᠡᠸᠦ᠋ᠷᠦᠫᠠ ᠲᠢᠪ ᠤᠨ ᠦᠷᠦᠴᠡᠨ ᠳᠤ ᠪᠠᠶᠢᠭᠤᠯᠤᠭᠰᠠᠨ ᠭᠠᠶᠢᠬᠠᠮᠰᠢᠭ ᠢ ᠡᠭᠦᠳᠴᠠᠢ᠃ | ᠰᠦᠪᠡᠭᠡᠳᠡᠢ ᠪᠠᠭᠠᠳᠤᠷ᠂ ᠪᠤᠷᠤᠯᠳᠠᠢ ᠪᠠᠭᠠᠳᠤᠷ ᠨᠠᠷ ᠪᠠᠳᠤ ᠬᠠᠭᠠᠨ ᠤ ᠴᠡᠷᠢᠭ ᠤᠨ ᠶᠠᠪᠤᠳᠠᠯ ᠤᠨ ᠵᠦᠪᠯᠡᠭᠴᠢ | ᠂ ᠮᠤᠩᠭᠤᠯ ᠴᠡᠷᠢᠭ ᠤᠨ ᠬᠤᠰᠢᠭᠤᠴᠢ ᠪᠤᠯᠵᠦ᠂ ᠤᠯᠠᠨ ᠶᠡᠭᠡ ᠲᠠᠶᠢᠨ ᠪᠠᠶᠢᠯᠳᠤᠭᠠᠨ ᠢ ᠠᠷᠭ᠎ᠠ ᠤᠬᠠᠭᠠᠨ ᠭᠠᠷᠭᠠᠵᠦ | ᠢᠯᠠᠯᠳᠠ ᠳᠤ ᠬᠦᠷᠭᠡᠵᠦ ᠪᠠᠶᠢᠭᠰᠠᠨ ᠶᠤᠮ᠃ ᠰᠦᠪᠡᠭᠡᠳᠡᠢ ᠪᠠᠭᠠᠳᠤᠷ ᠪᠤᠯ ᠴᠡᠷᠢᠭ ᠲᠠᠶᠢᠨ ᠤ ᠡᠷᠳᠡᠮᠳᠡᠨ ᠪᠦᠭᠡᠳ | ᠤᠷᠢᠶᠠᠩᠬᠠᠨ ᠤ ᠵᠠᠯᠮ᠎ᠠ ᠵᠠᠩᠵᠤᠨ ᠲᠠᠢ ᠤᠳᠤᠮ ᠤᠭᠰᠠᠭ᠎ᠠ ᠨᠢᠭᠡᠳᠡᠢ ᠬᠦᠮᠦᠨ ᠪᠠᠶᠢᠵᠦ᠂ ᠶᠡᠭᠡ ᠮᠤᠩᠭᠤᠯ ᠭᠦᠷᠦᠨ ᠢ | ᠪᠠᠶᠢᠭᠤᠯᠤᠭᠰᠠᠨ ᠴᠢᠩᠭᠢᠰ ᠬᠠᠭᠠᠨ ᠤ ᠦᠷᠯᠦᠭ ᠭᠠᠪᠢᠶᠠᠳᠠᠨ ᠤ ᠨᠢᠭᠡ ᠪᠤᠯᠬᠤ ᠶᠤᠮ᠃ | ᠶᠡᠭᠡ ᠪᠠᠭᠠᠳᠤᠷ ᠰᠦᠪᠡᠭᠡᠳᠡᠢ ᠮᠠᠨᠢ ᠨᠢᠭᠡᠨ ᠰᠢᠷᠭ᠎ᠠ ᠵᠢᠰᠦᠮ ᠤᠨ ᠮᠤᠷᠢ ᠲᠠᠢ ᠪᠠᠶᠢᠵᠦ᠂ ᠲᠠᠶᠢᠨ ᠪᠠᠶᠢᠯᠳᠤᠭᠠᠨ | ᠬᠢᠬᠦ ᠪᠦᠷᠢ ᠲᠡᠷᠡ᠂ ᠰᠢᠷᠭᠠᠯ ᠮᠤᠷᠢ ᠪᠠᠨ ᠪᠡᠯᠭᠡᠰᠢᠶᠡᠵᠦ᠂ ᠲᠠᠶᠢᠨ ᠤ ᠬᠦᠯᠦᠭ ᠪᠤᠯᠭᠠᠨ ᠤᠨᠤᠵᠦ ᠤᠯᠠᠨ | ᠤᠳᠠᠭ᠎ᠠ ᠶᠢᠨ ᠵᠢᠭᠤᠷᠠᠯᠳᠤᠭᠰᠠᠨ ᠪᠠᠶᠢᠯᠳᠤᠭᠠᠨ ᠳᠤ ᠢᠯᠠᠯᠳᠠ ᠤᠯᠵᠦ ᠪᠠᠶᠢᠭᠰᠠᠨ ᠪᠠ ᠰᠢᠷᠭᠠᠯ ᠮᠤᠷᠢ ᠨᠢ ᠴᠤ ᠤᠯᠠᠨ | ᠤᠳᠠᠭ᠎ᠠ ᠬᠠᠨᠢ ᠪᠤᠯᠤᠯᠴᠠᠨ ᠠᠮᠢ ᠪᠡᠶ᠎ᠡ ᠶᠢ ᠨᠢ ᠠᠪᠤᠷᠠᠵᠦ ᠦᠩᠭᠡᠷᠡᠭᠰᠡᠨ ᠪᠠᠶᠢᠵᠠᠢ᠃ ᠡᠶᠢᠮᠦ ᠪᠠᠷ ᠲᠡᠷᠡ ᠰᠢᠷᠭᠠᠯ | ᠮᠤᠷᠢ ᠪᠠᠨ ᠠᠮᠢ ᠠᠴᠠ ᠪᠠᠨ ᠢᠯᠡᠭᠦᠤ ᠬᠠᠶᠢᠷᠠᠯᠠᠵᠦ ᠶᠠᠪᠤᠳᠠᠭ ᠶᠤᠮ ᠭᠡᠨ᠎ᠡ᠃ ᠢᠵᠢᠯ ᠮᠦᠷᠡᠨ ᠤ ᠬᠦᠪᠡᠭᠡ ᠲᠠᠭᠠᠤ | ᠤᠷᠤᠨ ᠪᠠ ᠸᠯᠳᠢᠮᠢᠷ᠂ ᠮᠤᠰᠺᠧᠨ ᠵᠡᠷᠭᠡ ᠬᠤᠳᠠ ᠶᠢ ᠡᠵᠡᠯᠡᠭᠡᠳ ᠲᠠᠬᠢᠨ ᠪᠠᠷᠠᠭᠤᠨᠰᠢᠯᠡᠵᠦ ᠨᠤᠸ᠋ᠭᠤᠷᠤᠳ᠋ ᠬᠤᠳᠠ ᠶᠢ | ᠡᠵᠡᠯᠡᠬᠦ ᠪᠠᠷ ᠮᠤᠷᠳᠠᠵᠠᠢ᠃ ᠡᠨᠡ ᠲᠠᠶᠢᠨ ᠳᠤ ᠰᠦᠪᠡᠭᠡᠳᠡᠢ ᠪᠠᠭᠠᠳᠤᠷ ᠰᠢᠷᠭᠠᠯ ᠮᠤᠷᠢ ᠪᠠᠨ ᠤᠨᠤᠵᠦ ᠤᠷᠤᠯᠴᠠᠭᠰᠠᠨ | ᠪᠠᠶᠢᠪᠠ᠂ ᠰᠢᠲ᠋ᠢ ᠭᠤᠤᠯ ᠤᠨ ᠨᠠᠮᠤᠭᠳᠤ ᠲᠠᠯ᠎ᠠ ᠭᠡᠭᠴᠢ ᠭᠠᠵᠠᠷ ᠲᠠᠭᠠᠷᠠᠵᠠᠢ᠂ ᠶᠠᠭ ᠬᠠᠪᠤᠷ ᠴᠠᠰᠦ ᠮᠦᠰᠦ ᠬᠠᠶᠢᠯᠬᠤ | ᠦᠶ᠎ᠡ ᠲᠠᠭᠠᠷᠠᠭᠰᠠᠨ ᠲᠠᠢ ᠨᠠᠮᠤᠭ ᠤᠨ ᠬᠦᠷᠦᠰᠦ ᠴᠤ ᠭᠡᠰᠦᠭᠰᠡᠨ ᠢᠶᠠᠷ ᠬᠦᠮᠦᠨ ᠮᠠᠯ ᠲᠤᠭᠤᠯᠬᠤ ᠳᠤ ᠴᠦᠮᠦᠷᠡᠨ | ᠰᠢᠪᠠᠷᠳᠠᠭᠠᠳ ᠮᠠᠰᠢ ᠶᠡᠭᠡ ᠠᠶᠤᠯᠳᠠᠢ ᠪᠠᠶᠢᠵᠠᠢ᠃ ᠡᠨᠡ ᠲᠤᠬᠠᠢ ︽ᠪᠠᠳᠤ ᠬᠠᠭᠠᠨ︾ ᠭᠡᠬᠦ ᠵᠤᠬᠢᠶᠠᠯ ᠳᠤ᠄ | ︽ ᠁ ᠰᠢᠷᠭᠠᠯ ᠮᠤᠷᠢ ᠨᠢ ᠡᠪᠦᠳᠦᠭ ᠲᠡᠭᠡᠨ ᠬᠦᠷᠳᠡᠯ᠎ᠡ ᠴᠠᠰᠤᠨ ᠳᠤ ᠰᠢᠭᠢᠳᠴᠦ ᠪᠤᠯᠭᠤᠮᠵᠢᠳᠡᠢ ᠪᠠᠷ | ᠠᠯᠬᠤᠯᠠᠨ᠎ᠠ᠃ ᠁ ᠰᠦᠪᠡᠭᠡᠳᠡᠢ ᠪᠠᠭᠠᠳᠤᠷ ᠤᠨ ᠮᠤᠷᠢ ᠨᠢ ᠲᠠᠬᠢᠨ ᠨᠢᠭᠡᠨ ᠠᠯᠬᠤᠮ ᠤᠷᠤᠭᠰᠢ ᠪᠠᠨ ᠬᠢᠰᠭᠢᠭᠡᠳ | ᠭᠡᠨᠡᠳᠳᠡ ᠪᠠᠰᠠ ᠴᠦᠮᠦᠷᠡᠵᠦ ᠤᠷᠤᠪᠠ᠂ ᠰᠦᠪᠡᠭᠡᠳᠡᠢ ᠪᠠᠭᠠᠳᠤᠷ ᠮᠤᠷᠢᠨ ᠠᠴᠠ ᠪᠠᠨ ᠪᠠᠭᠤᠬᠤ ᠶᠢ ᠡᠷᠡᠮᠡᠯᠵᠡᠯᠡᠵᠦ᠂ | ᠭᠡᠳᠡᠷᠬᠦ ᠪᠠᠨ ᠨᠠᠯᠠᠵᠦ ᠢᠷᠡᠮᠡᠭᠴᠡ ᠮᠦᠰᠦ ᠨᠢ ᠬᠠᠭᠠᠷᠠᠵᠦ ᠮᠤᠷᠢ ᠨᠢ ᠲᠦᠷᠭᠡᠨ ᠢᠶᠠᠷ ᠲᠤᠷᠤᠭᠰᠢ ᠵᠢᠪᠪᠦᠵᠦ | ᠬᠦᠯ ᠢᠶᠠᠷ ᠢᠶᠠᠨ ᠴᠠᠪᠴᠢᠯᠠᠨ ᠴᠤᠬᠢᠯᠠᠬᠤ ᠪᠤᠯᠪᠠᠴᠤ ᠤᠯᠠᠮ ᠢᠶᠠᠷ ᠰᠢᠭᠢᠳᠴᠤ ᠤᠷᠤᠪᠠ︾ ᠭᠡᠪᠡ᠃ ᠮᠤᠩᠭᠤᠯ | ᠴᠡᠷᠢᠭ ᠤᠳ ᠬᠦᠴᠦᠯᠡᠨ ᠴᠠᠯᠮ᠎ᠠ ᠤᠷᠬᠢᠵᠦ ᠪᠠᠭᠠᠳᠤᠷ ᠡᠵᠡᠨ ᠢᠶᠠᠨ ᠠᠷᠠᠢ ᠭᠡᠵᠦ ᠠᠪᠤᠷᠠᠵᠠᠢ᠃ ᠡᠭᠦᠨ ᠳᠤ | ᠰᠦᠪᠡᠭᠡᠳᠡᠢ᠄ ︽ᠮᠤᠷᠢ ᠶᠢ ᠠᠪᠤᠷᠠᠬᠤ ᠬᠡᠷᠡᠭᠳᠡᠢ᠂ ᠮᠢᠨᠤ ᠰᠢᠷᠭᠠᠯ ᠮᠤᠷᠢ ᠶᠢ ᠮᠢᠨᠢ ᠠᠪᠤᠷᠠᠭᠳᠤᠨ︾ ᠭᠡᠵᠦ | ᠪᠡᠶ᠎ᠡ ᠶᠢᠨ ᠢᠶᠠᠨ ᠡᠪᠡᠷᠰᠢᠶᠡᠯ ᠢ ᠤᠭᠳᠤᠬᠠᠨ ᠴᠤ ᠪᠤᠳᠤᠬᠤ ᠦᠭᠡᠢ᠂ ᠮᠤᠷᠢ ᠪᠠᠨ ᠠᠪᠤᠷᠠᠬᠤ ᠶᠢ ᠯᠡ ᠰᠡᠳᠭᠢᠵᠦ | ᠪᠠᠶᠢᠪᠠ᠃ ︽ᠲᠡᠭᠦᠨ ᠤ ᠰᠢᠷᠭᠠᠯ ᠮᠤᠷᠢ ᠨᠢ ᠬᠦᠵᠦᠭᠦᠨ ᠳᠡᠭᠡᠨ ᠬᠦᠷᠳᠡᠯ᠎ᠡ ᠵᠢᠪᠪᠦᠵᠦ᠂ ᠲᠤᠯᠤᠭᠠᠢ ᠨᠢ ᠲᠦᠩᠭᠡᠵᠢ | ᠨᠠᠮᠤᠭ ᠲᠡᠭᠡᠷ᠎ᠡ ᠴᠤᠬᠤᠶᠢᠵᠦ ᠪᠠᠶᠢᠭᠠᠳ ᠬᠡᠳᠦ ᠲᠤᠷᠬᠢᠨ ᠬᠦᠮᠦᠨ ᠬᠠᠰᠬᠢᠷᠬᠤ ᠮᠡᠳᠦ ᠠᠶᠤᠮᠰᠢᠭᠳᠠᠢ ᠲᠠᠭᠤ ᠪᠠᠷ | ᠢᠨᠴᠠᠭᠠᠭᠠᠳ ᠁ ᠦᠵᠡᠭᠳᠡᠬᠦ ᠦᠭᠡᠢ ᠪᠤᠯᠵᠠᠢ︾᠂ ︽ᠮᠤᠩᠭᠤᠯᠴᠦᠳ ᠰᠢᠪᠠᠷ ᠪᠤᠯᠤᠭᠰᠠᠨ ᠰᠦᠪᠡᠭᠡᠳᠡᠢ | ᠪᠠᠭᠠᠳᠤᠷ ᠢ ᠠᠷᠠᠶᠢᠭᠡᠵᠦ ᠪᠠᠷᠢᠵᠦ ᠪᠠᠶᠢᠨ᠎ᠠ᠂ ᠲᠡᠷᠡ ᠮᠤᠷᠢᠨ ᠲᠡᠰᠢ ᠪᠠᠨ ᠲᠠᠪᠰᠢᠯᠠᠨ ᠬᠠᠰᠬᠢᠷᠬᠤ ᠨᠢ᠄ ︿ᠰᠢᠷᠭᠠᠯ | ᠮᠢᠨᠢ᠂ ᠴᠢ ᠨᠠᠮᠠᠶᠢ ᠬᠡᠵᠢᠶ᠎ᠡ ᠢᠮᠠᠭᠳᠠ ᠠᠶᠤᠯ ᠠᠴᠠ ᠭᠠᠷᠭᠠᠵᠦ ᠠᠪᠳᠠᠭ ᠪᠢᠯᠡ︕ ᠴᠢ ᠦᠷᠭᠦᠯᠵᠢ ᠰᠡᠴᠡᠨ ᠮᠡᠷᠭᠡᠨ | ᠵᠦᠪᠯᠡᠬᠦ ᠮᠢᠨᠢ ᠪᠠᠶᠢᠭᠰᠠᠨ ᠪᠢᠯᠡ︕ ᠪᠢ ᠶᠠᠭᠠᠬᠢᠵᠦ ᠴᠢᠮᠠᠶᠢ ᠦᠭᠡᠢ ᠪᠠᠷ ᠬᠤᠴᠤᠷᠬᠤ ᠪᠢᠯᠡ︕﹀ ᠭᠡᠪᠡ︾᠂ | ᠲᠡᠷᠡ ᠰᠢᠷᠭᠠᠯ ᠮᠤᠷᠢᠨ ᠤ ᠪᠠᠨ ᠲᠦᠯᠦᠬᠡ ᠶᠡᠬᠡᠳᠡ ᠡᠮᠭᠡᠨᠢᠭᠰᠡᠨ ᠪᠠᠶᠢᠪᠠ᠃ | ᠲᠦᠮᠡᠨ ᠴᠡᠷᠢᠭ ᠤᠨ ᠲᠦᠷᠦᠭᠦᠤ ᠵᠠᠩᠵᠤᠨ ᠨᠢᠭᠡᠨ ᠮᠤᠷᠢ ᠢᠶᠠᠷ ᠲᠤᠳᠠᠬᠤ ᠴᠤ ᠪᠢᠰᠢ᠂ ᠭᠡᠳᠡᠯ᠎ᠡ ᠮᠤᠩᠭᠤᠯ | ᠬᠦᠮᠦᠨ ᠮᠤᠷᠢ ᠬᠤᠶᠠᠷ ᠪᠤᠯ ᠬᠠᠳᠠᠭᠤ ᠰᠢᠷᠦᠭᠦᠨ ᠲᠠᠶᠢᠨ ᠪᠠᠶᠢᠯᠳᠤᠭᠠᠨ ᠤ ᠤᠯᠠᠨ ᠲᠠᠪᠳᠠᠯᠳᠠ ᠶᠢᠨ ᠤᠷᠴᠢᠨ ᠳᠤ | ᠢᠩᠭᠢᠵᠦ ᠬᠠᠶᠢᠷ᠎ᠠ ᠰᠡᠳᠭᠢᠯᠭᠡ ᠪᠢᠯᠬᠠᠮ᠎ᠠ ᠬᠤᠪᠢ ᠵᠠᠶᠠᠭ᠎ᠠ ᠪᠠᠨ ᠬᠠᠮᠳᠤᠳᠬᠠᠵᠦ ᠶᠠᠪᠤᠭᠰᠠᠨ ᠢ ᠬᠠᠷᠠᠭᠤᠯᠵᠠᠢ᠃ | ᠮᠤᠩᠭᠤᠯ ᠬᠦᠮᠦᠨ ᠯᠠ ᠰᠠᠶ᠋ᠢ ᠮᠤᠷᠢ ᠪᠠᠨ ᠬᠠᠶᠢᠷᠠᠯᠠᠵᠦ᠂ ᠮᠤᠷᠢ ᠪᠠᠨ ᠭᠠᠮᠨᠠᠵᠦ᠂ ᠮᠤᠷᠢ ᠲᠠᠢ ᠪᠠᠨ ᠢᠵᠢᠯᠰᠢᠵᠦ | ᠶᠠᠪᠤᠳᠠᠭ ᠶᠤᠮ ᠰᠢᠤ︕ ᠲᠡᠭᠷᠢ ᠯᠡ ᠰᠠᠶ᠋ᠢ ᠬᠦᠬᠡ ᠲᠤᠯᠪᠤᠳᠠᠨ ᠳᠤ ᠮᠤᠩᠭᠤᠯ ᠮᠤᠷᠢ ᠶᠢ ᠦᠷᠦᠰᠢᠶᠡᠨ | ᠬᠠᠶᠢᠷᠠᠯᠠᠭᠰᠠᠨ ᠪᠠᠶᠢᠬ᠎ᠠ᠂ ᠡᠶᠢᠮᠦ ᠪᠠᠷ ᠲᠡᠭᠷᠢ ᠶᠢᠨ ᠤᠨᠤᠭ᠎ᠠ ᠭᠡᠵᠦ ᠬᠡᠯᠡᠳᠡᠭ ᠨᠢ ᠴᠤ ᠲᠡᠷᠡ ᠪᠠᠶᠢᠬᠤ ᠶᠤᠮ ᠤᠤ ᠳ᠋ᠠ᠃ | | ᠁ ᠁ ᠁ | ᠴᠢᠩᠭᠢᠰ ᠬᠠᠭᠠᠨ ᠵᠢᠴᠢ ᠲᠡᠭᠦᠨ ᠤ ᠦᠷᠯᠦᠭ ᠵᠠᠩᠵᠤᠨ ᠨᠠᠷ ᠤᠨ ᠰᠢᠷᠭ᠎ᠠ ᠮᠤᠷᠢ ᠤᠨᠤᠵᠦ ᠪᠠᠶᠢᠭᠰᠠᠨ ᠲᠤᠬᠠᠢ | ᠲᠠᠭᠤᠤ ᠶᠢ ᠠᠳᠡ ᠰᠤᠨᠢᠷᠬᠠᠭᠤᠯᠬᠤ ᠳᠤ ᠲᠠᠭᠠᠳᠠᠢ ᠪᠠᠶᠢᠨ᠎ᠠ᠃ ᠡᠵᠡᠨ ᠪᠤᠭᠳᠠ ᠴᠢᠩᠭᠢᠰ ᠬᠠᠭᠠᠨ ᠶᠡᠭᠡ ᠴᠡᠷᠢᠭ ᠢᠶᠠᠨ | ᠲᠠᠭᠠᠭᠤᠯᠵᠦ᠂ ᠪᠠᠷᠠᠭᠤᠨ ᠭᠠᠵᠠᠷ ᠲᠦᠪᠰᠢᠳᠭᠡᠭᠡᠳ ᠠᠶᠠᠨ ᠲᠠᠶᠢᠨ ᠠᠴᠠ ᠪᠤᠴᠠᠬᠤ ᠵᠠᠮ ᠳᠠᠭᠠᠨ ᠰᠤᠨᠳᠠᠭᠠᠯᠠᠩ ᠬᠡᠮᠡᠬᠦ | ᠤᠰᠤᠨ ᠲᠤᠩᠭᠠᠯᠠᠭ ᠪᠡᠯᠴᠢᠭᠡᠷ ᠰᠠᠬᠤᠯᠠᠭ ᠨᠤᠲᠤᠭ ᠲᠤ ᠰᠠᠭᠠᠳᠠᠵᠦ᠂ ᠠᠶᠠᠨ ᠤ ᠵᠦᠳᠡᠷᠡᠯ ᠶᠦᠭᠡᠨ ᠲᠠᠶᠢᠯᠵᠦ᠂ | ᠲᠠᠶᠢᠨ ᠤ ᠢᠯᠠᠯᠳᠠ ᠶᠤᠭᠠᠨ ᠪᠡᠯᠭᠡᠳᠡᠭᠰᠡᠨ ᠶᠡᠭᠡ ᠨᠠᠶᠢᠷ ᠨᠠᠭᠠᠳᠤᠮ ᠡᠭᠦᠰᠭᠡᠨ ᠴᠡᠩᠭᠡᠬᠦ ᠳᠤ ᠤᠷᠢᠶᠠᠩᠬᠠᠢ ᠠᠶᠢᠮᠠᠭ ᠤᠨ | ᠬᠢᠨ ᠶᠡᠭᠡ ᠬᠠᠭᠠᠨ ᠪᠠ ᠡᠵᠡᠨᠳᠦ ᠲᠦᠷᠦ᠂ ᠡᠷᠡᠯᠬᠡᠭ ᠲᠠᠶᠢᠴᠢᠳ ᠢᠶᠠᠨ ᠬᠦᠨᠳᠦᠳᠭᠡᠨ ᠤᠭᠳᠤᠵᠦ᠂ ᠨᠢᠭᠡᠨ | ᠲᠦᠷᠦ ᠶᠢᠨ ᠲᠠᠭᠤᠤ ᠶᠢ ᠵᠤᠬᠢᠶᠠᠨ ᠲᠠᠭᠤᠯᠠᠭᠰᠠᠨ ᠤ ᠲᠡᠭᠡᠷ᠎ᠡ ᠲᠦᠷᠦ ᠲᠦᠪᠰᠢᠨ ᠲᠦᠮᠡᠨ ᠠᠮᠤᠭᠤᠯᠠᠩ ᠪᠠᠶᠢᠬᠤ ᠶᠢ | ᠵᠦᠩᠨᠡᠭᠰᠡᠨ ᠤᠯᠠᠮᠵᠢᠯᠠᠯ ᠲᠤᠮᠤᠭ ᠪᠠᠶᠢᠳᠠᠭ ᠰᠠᠨ᠃ ᠤᠷᠢᠶᠠᠩᠬᠠᠶᠢᠴᠦᠳ ᠤᠨ ᠲᠡᠷᠡ ᠲᠠᠭᠤᠤ ᠶᠢᠨ ᠦᠬᠡ ᠠᠨᠤ᠄ | ᠬᠤᠶᠢᠪᠢ ᠲᠤᠮᠳᠠ ᠨᠢ ᠲᠤᠰᠬᠠᠭᠰᠠᠨ | ᠬᠤᠷᠳᠤᠨ ᠰᠢᠷᠭ᠎ᠠ ᠮᠤᠷᠢ ᠨᠢ | ᠬᠤᠪᠢᠯᠭᠠᠨ ᠢᠵᠠᠭᠤᠷᠳᠦ ᠴᠢᠩᠭᠢᠰ ᠲᠡᠭᠡᠨ | ᠲᠠᠩᠰᠢᠭ ᠮᠠᠨᠳᠤᠯ ᠢᠶᠠᠨ ᠡᠷᠭᠦᠶ᠎ᠡ︕ | ᠴᠢᠭᠳᠠ ᠲᠤᠮᠳᠠ ᠨᠢ ᠲᠠᠰᠬᠠᠭᠰᠠᠨ | ᠴᠡᠮᠴᠡᠭᠡᠷ ᠰᠠᠷᠠᠯ ᠮᠤᠷᠢ ᠨᠢ | ᠴᠢᠩᠭᠢᠰ ᠢᠵᠠᠭᠤᠷᠳᠦ ᠠᠬ᠎ᠠ ᠲᠠᠢ ᠪᠠᠨ | ᠨᠤᠮ ᠤᠨ ᠶᠤᠰᠤᠭᠠᠷ ᠨᠠᠶᠢᠷᠯᠠᠶ᠎ᠠ︕ | ᠵᠡᠯᠡᠨ ᠲᠤᠮᠳᠠ ᠨᠢ ᠲᠠᠰᠬᠠᠭᠰᠠᠨ | ᠵᠡᠷᠯᠢᠭᠬᠡᠨ ᠬᠠᠯᠢᠭᠤᠨ ᠮᠤᠷᠢ ᠨᠢ | ᠵᠡᠯᠮ᠎ᠡ ᠢᠵᠠᠭᠤᠷᠳᠦ ᠠᠬ᠎ᠠ ᠨᠠᠷ ᠲᠠᠢ ᠪᠠᠨ | ᠨᠤᠮ ᠤᠨ ᠶᠤᠰᠤᠭᠠᠷ ᠨᠠᠶᠢᠷᠯᠠᠶ᠎ᠠ︕ | ᠰᠤᠶᠢᠯᠳᠡ ᠲᠤᠮᠳᠠ ᠨᠢ ᠲᠠᠰᠬᠠᠭᠰᠠᠨ | ᠰᠠᠶᠢᠬᠠᠨ ᠬᠤᠩᠭᠤᠷ ᠮᠤᠷᠢ ᠨᠢ | ᠰᠦᠪᠡᠭᠡᠳᠡᠢ ᠢᠵᠠᠭᠤᠷᠳᠦ ᠠᠬ᠎ᠠ ᠨᠠᠷ ᠲᠠᠢ ᠪᠠᠨ | ᠨᠤᠮ ᠤᠨ ᠶᠤᠰᠤᠭᠠᠷ ᠨᠠᠶᠢᠷᠯᠠᠶ᠎ᠠ︕ | ⑷ ︽ᠮᠠᠨᠠᠨ ᠪᠤᠳᠠᠩ︾ ᠭᠡᠬᠦ ᠲᠤᠤᠵᠢᠰ ᠤᠨ ᠵᠤᠬᠢᠶᠠᠯ ᠳᠤ ᠭᠠᠯᠳᠠᠨ ᠪᠤᠱᠤᠭᠳᠤ ᠬᠠᠭᠠᠨ ᠤ ᠡᠳ᠋ᠯᠡᠵᠦ | ᠪᠠᠶᠢᠭᠰᠠᠨ ᠮᠤᠷᠢᠨ ᠤ ᠲᠤᠬᠠᠢ ᠲᠡᠮᠳᠡᠭᠯᠡᠬᠦ ᠳᠡᠭᠡᠨ᠄ ︽ᠭᠠᠯᠳᠠᠨ ︿ᠠᠯᠳᠠᠨ ᠰᠢᠷᠭ᠎ᠠ﹀᠂ ︿ᠰᠤᠭᠤ ᠭᠡᠭᠡᠷ﹀ ᠭᠡᠳᠡᠭ | ᠬᠤᠶᠠᠷ ᠬᠤᠷᠳᠤᠨ ᠮᠤᠷᠢ ᠲᠠᠢ ᠪᠢᠯᠡ᠃ ᠲᠡᠭᠦᠨ ᠤ ᠨᠢᠭᠡ ᠶᠢ ᠠᠯᠳᠠᠢ ᠶᠢᠨ ᠴᠢᠨᠳᠠᠭᠠᠰᠤ᠂ ᠨᠦᠭᠦᠭᠡ ᠶᠢ ᠲᠠᠬᠢ ᠶᠢᠨ | ᠰᠢᠷ᠎ᠠ ᠨᠢᠷᠤᠭᠤᠨ ᠳᠤ ᠪᠠᠶᠢᠭᠰᠠᠨ ᠬᠠᠯᠬ᠎ᠠ ᠶᠢᠨ ᠵᠠᠰᠠᠭᠳᠤ ᠬᠠᠨ ᠤ ᠲᠦᠮᠡᠨ ᠰᠦᠷᠦᠭ ᠲᠤᠲᠤᠷ᠎ᠠ ᠠᠴᠠ ᠰᠢᠯᠢᠵᠦ | ᠠᠪᠤᠭᠰᠠᠨ ᠪᠠᠶᠢᠪᠠ᠂ ᠬᠤᠯᠠᠨ ᠤ ᠠᠵᠢᠷᠭ᠎ᠠ ᠶᠢᠨ ᠦᠷ᠎ᠡ ᠭᠡᠵᠦ ᠰᠢᠨᠵᠢᠭᠳᠡᠭᠰᠡᠨ ᠠᠯᠳᠠᠨ ᠰᠢᠷᠭ᠎ᠠ ᠪᠠᠨ ᠭᠠᠯᠳᠠᠨ | ᠲᠠᠶᠢᠨ ᠳᠤ ᠤᠨᠤᠳᠠᠭ᠂ ᠰᠤᠭᠤ ᠭᠡᠭᠡᠷ ᠢ ᠪᠠᠨ ᠠᠩ ᠳᠤ ᠤᠨᠤᠳᠠᠭ ᠨᠢ ᠤᠴᠢᠷ ᠲᠠᠢ᠃ ᠠᠯᠳᠠᠨ ᠰᠢᠷᠭ᠎ᠠ ᠨᠢ | ᠬᠤᠷᠳᠤᠨ ᠠᠳᠠᠯ᠎ᠠ ᠬᠤᠶᠠᠷ ᠦᠷᠳᠡᠭᠡ ᠭᠠᠵᠠᠷ ᠵᠢᠯᠤᠭᠤ ᠲᠠᠳᠠᠯ ᠦᠭᠡᠢ ᠲᠠᠪᠬᠢᠬᠤ ᠳᠠᠭᠠᠨ ᠡᠴᠡᠵᠦ ᠵᠤᠭᠰᠤᠳᠠᠭ | ᠦᠭᠡᠢ︾ ᠭᠡᠰᠡᠨ ᠪᠠᠶᠢᠨ᠎ᠠ᠃ | ᠭᠠᠯᠳᠠᠨ ᠪᠤᠱᠤᠭᠳᠤ ᠬᠠᠭᠠᠨ 1690 ᠤᠨ ᠳᠤ ᠦᠵᠦᠮᠦᠴᠢᠨ ᠤ ᠤᠯᠠᠭᠠᠢ ᠰᠧᠶᠡᠯᠵᠢ ᠶᠢᠨ ᠤᠷᠤᠰᠬᠠᠯ | ᠲᠠᠭᠠᠤ ᠬᠢᠭᠰᠡᠨ ᠮᠠᠨᠵᠦ ᠶᠢᠨ ᠡᠰᠡᠷᠬᠦ ᠲᠠᠶᠢᠨ ᠤ ᠡᠬᠢᠨ ᠤ ᠪᠠᠶᠢᠯᠳᠤᠭᠠᠨ ᠳᠤ ᠴᠡᠷᠢᠭ ᠤᠨ ᠢᠶᠠᠨ ᠲᠦᠷᠦᠭᠦᠴᠢ ᠶᠢᠨ | ᠡᠩᠨᠡᠭᠡᠨ ᠳᠤ ᠠᠯᠳᠠᠨ ᠰᠢᠷᠭ᠎ᠠ ᠮᠤᠷᠢ ᠪᠠᠨ ᠤᠨᠤᠵᠦ ᠢᠯᠳᠦᠨ ᠲᠠᠯ᠎ᠠᠶᠢᠨ ᠲᠠᠪᠬᠢᠵᠦ᠄ ︽ᠤᠷᠤᠭᠰᠢᠯᠠᠭᠠᠳ ᠪᠠᠢ︕ | ᠦᠬᠢᠷᠡ ᠴᠢᠷᠠᠶᠢᠳᠦ ᠮᠠᠨᠵᠦ ᠶᠢᠨ ᠴᠡᠷᠢᠭ ᠲᠤ ᠰᠡᠭᠡᠭᠡ ᠪᠤᠤ ᠤᠯᠭᠤ︾ ᠭᠡᠵᠦ ᠤᠷᠠᠶᠢᠯᠠᠨ ᠵᠢᠯᠤᠭᠤᠳᠴᠦ ᠲᠠᠶᠢᠨ ᠤ | ᠢᠯᠡᠯᠳᠡ ᠶᠢ ᠤᠯᠤᠭᠰᠠᠨ ᠪᠠᠶᠢᠨ᠎ᠠ᠂ ᠠᠷᠪᠠ ᠬᠤᠨᠤᠭ ᠨᠡᠭᠡᠮᠵᠢᠯᠡᠭᠰᠡᠨ ᠲᠠᠶᠢᠨ ᠢᠶᠠᠷ ᠮᠠᠨᠵᠦ ᠶᠢᠨ ᠠᠮᠪᠠᠨ ᠠᠷᠨᠠᠢ ᠶᠢᠨ | ᠴᠡᠷᠢᠭ ᠨᠢ ᠤᠳᠠᠭ᠎ᠠ ᠲᠠᠷᠠᠭ᠎ᠠ ᠢᠯᠠᠭᠳᠠᠨ ᠰᠢᠷ᠎ᠠ ᠮᠦᠷᠡᠨ ᠤ ᠬᠠᠪᠢ ᠬᠦᠷᠳᠡᠯ᠎ᠡ ᠬᠦᠭᠡᠭᠡᠳ ᠲᠠᠶᠢᠨ ᠤ ᠠᠰᠢᠭ ᠶᠡᠭᠡᠳᠡ | ᠤᠯᠵᠠᠯᠠᠭᠰᠠᠨ ᠪᠠᠶᠢᠪᠠ᠃ | ⑸ ᠡᠷᠳᠡ ᠴᠠᠭ ᠲᠤ᠂ ᠪᠤᠭᠳᠠ ᠴᠢᠩᠭᠢᠰ ᠤᠨ ᠬᠤᠶᠠᠷ ᠵᠠᠭᠠᠯ ᠬᠡᠨᠳᠠᠢ ᠬᠠᠨ ᠪᠤᠷᠬᠠᠨ ᠬᠠᠯᠳᠣᠨ ᠠᠴᠠ | ᠪᠡᠯᠴᠢᠭᠡᠷ ᠤᠨ ᠰᠣᠷᠭᠤᠭ ᠣᠰᠣᠨ ᠤ ᠲᠤᠩᠭᠠᠯᠠᠭ ᠢ ᠲᠠᠭᠠᠨ ᠶᠠᠪᠤᠭᠰᠠᠭᠠᠷ ᠡᠪᠡᠰᠣᠳᠣ ᠲᠠᠯ᠎ᠠ ᠪᠠᠷ ᠢᠷᠡᠵᠦ᠂ ᠤᠯᠠᠭᠠᠢ | ᠭᠤᠤᠯ ᠤᠨ ᠣᠷᠣᠰᠬᠠᠯ ᠠᠴᠠ ᠤᠮᠳᠠᠯᠠᠨ᠂ ᠴᠠᠪᠴᠢᠷ ᠤᠨ ᠪᠡᠯᠴᠢᠭᠡᠷ ᠲᠤ ᠲᠠᠰᠣᠭᠰᠡᠨ ᠪᠠᠶᠢᠵᠡᠢ᠃ ᠨᠢᠭᠡᠨ ᠡᠳᠦᠷ | ᠶᠡᠭᠡ ᠵᠠᠭᠠᠯ ᠨᠢ ᠡᠬᠡ ᠨᠤᠳᠤᠭ ᠡᠯᠢᠭᠡᠨ ᠰᠦᠷᠦᠭ ᠢᠶᠠᠨ ᠰᠠᠨᠠᠭᠠᠯᠵᠠᠵᠦ ᠪᠤᠴᠠᠬᠤ ᠭᠡᠰᠡᠨ ᠳᠤ ᠲᠡᠭᠦᠤ ᠵᠠᠭᠠᠯ ᠨᠢ ︽ | ᠤᠯᠠᠭᠠᠢ ᠶᠢᠨ ᠭᠤᠷᠪᠠᠨ ᠤᠷᠣᠰᠬᠠᠯ ᠤᠨ ᠣᠰᠣ ᠨᠢ ᠶᠠᠭᠠᠬᠢᠭᠰᠡᠨ ᠲᠤᠩᠭᠠᠯᠠᠭ ᠪᠤᠢ᠂ ᠤᠡᠭᠭᠤᠨ ᠭᠤᠷᠪᠠᠨ | ᠴᠠᠪᠴᠢᠷ ᠤᠨ ᠡᠪᠡᠰᠦ ᠨᠢ ᠶᠠᠭᠠᠬᠢᠭᠰᠡᠨ ᠰᠣᠷᠭᠤᠭ ᠪᠤᠢ︾ ᠭᠡᠵᠦ ᠲᠠᠳᠠᠭᠠᠯᠵᠠᠭᠰᠡᠨ ᠢᠶᠠᠷ ᠶᠡᠭᠡ ᠵᠠᠭᠠᠯ ᠨᠢ | ᠲᠡᠭᠦᠤ ᠪᠠᠨ ᠬᠦᠯᠢᠶᠡᠵᠦ᠂ ᠲᠡᠭᠦᠤ ᠵᠠᠭᠠᠯ ᠨᠢ ᠤᠯᠠᠭᠠᠢ ᠭᠤᠤᠯ ᠢ ᠰᠢᠷᠳᠡᠭᠰᠡᠨ ᠲᠦᠷᠬᠦ ᠪᠠᠷ ᠬᠡᠷᠦᠬᠡ ᠬᠤᠶᠠᠷ ᠬᠠᠳᠠ | ᠪᠤᠯᠤᠨ ᠬᠤᠪᠢᠯᠣᠭᠰᠡᠨ ᠨᠢ ᠲᠡᠷᠡ ᠶᠣᠮ ᠭᠡᠨ᠎ᠡ᠂ ᠡᠵᠡᠨ ᠤ ᠬᠤᠶᠠᠷ ᠵᠠᠭᠠᠯ ᠠᠳᠡ ᠨᠤᠳᠤᠭᠰᠢᠭᠰᠡᠨ ᠢᠶᠠᠷ | ᠦᠵᠦᠮᠦᠴᠢᠨ ᠨᠤᠳᠤᠭ ᠲᠤ ᠴᠠᠭᠠᠨ ᠵᠢᠰᠦᠮ ᠤᠨ ᠠᠳᠣᠭᠤ ᠤᠯᠠᠨ ᠪᠠᠶᠢᠳᠠᠭ ᠪᠠ ᠦᠨᠢᠷ ᠦᠰᠦᠯᠳᠠ ᠲᠠᠢ ᠪᠠᠶᠢᠳᠠᠭ | ᠨᠢ ᠲᠡᠭᠦᠨ ᠠᠴᠠ ᠪᠤᠯᠤᠭᠰᠠᠨ ᠭᠡᠳᠡᠭ᠃ | ᠵᠠᠭᠠᠯ ᠭᠡᠳᠡᠭ ᠪᠤᠯ ᠠᠳᠤᠭᠤᠨ ᠤ ᠨᠢᠭᠡ ᠵᠦᠢᠯ ᠤᠨ ᠵᠢᠰᠦᠮ ᠤᠨ ᠬᠡᠯᠪᠡᠷᠢ ᠪᠠ ᠲᠠᠭᠤᠳᠠᠯᠭ᠎ᠠ ᠪᠤᠯᠤᠨ᠎ᠠ᠂ | ᠵᠠᠭᠠᠯ ᠳᠡᠮᠳᠡᠭ ᠨᠢ ᠰᠠᠭᠠᠷᠠᠯ ᠮᠤᠷᠢᠨ ᠳᠤ ᠭᠤᠤᠯᠳᠠᠭᠤ ᠭᠠᠷᠳᠠᠭ ᠪᠦᠭᠡᠳ ᠬᠤᠶᠠᠷ ᠲᠠᠯᠤ ᠶᠢ ᠨᠢ ᠲᠠᠭᠠᠭᠰᠠᠨ | ᠬᠦᠨᠳᠡᠯᠡᠨ ᠵᠢᠷᠤᠭᠠᠰᠤ ᠪᠤᠶᠤ ᠨᠠᠪᠴᠢᠨ ᠬᠡ ᠮᠡᠳᠦ ᠪᠠᠶᠢᠵᠦ᠂ ᠲᠡᠭᠡᠷ᠎ᠡ ᠠᠴᠠ ᠪᠠᠨ ᠲᠤᠷᠤᠭᠰᠢ ᠪᠠᠨ ᠬᠡ ᠨᠢ | ᠪᠠᠭᠠᠰᠤᠵᠦ ᠨᠠᠷᠢᠰᠤᠨ᠎ᠠ᠂ ᠬᠠᠷ᠎ᠠ ᠭᠤᠤᠯ ᠲᠠᠢ ᠬᠤᠯᠠ ᠰᠠᠷᠠᠯ ᠮᠤᠷᠢᠨ ᠳᠤ ᠡᠯᠪᠡᠭ ᠬᠠᠷᠠᠭᠳᠠᠳᠠᠭ᠂ ᠴᠠᠭᠠᠨ ᠰᠠᠷᠠᠯ | ᠮᠤᠷᠢᠨ ᠳᠤ ᠬᠠᠷᠢᠨ ᠭᠠᠷᠬᠤ ᠨᠢ ᠬᠤᠪᠤᠷ ᠪᠠᠶᠢᠳᠠᠭ᠂ ᠡᠶᠢᠮᠦᠷᠬᠦ ᠵᠠᠭᠠᠯ ᠲᠠᠢ ᠮᠤᠷᠢ ᠶᠢ ᠲᠡᠭᠷᠢ ᠶᠢᠨ ᠰᠡᠳᠡᠷᠳᠦ ᠬᠦᠯᠦᠭ | ᠬᠡᠮᠡᠨ ᠪᠡᠯᠭᠡᠰᠢᠶᠡᠵᠦ ᠶᠠᠷᠢᠳᠠᠭ ᠰᠠᠨ᠂ ᠡᠶᠢᠮᠦᠷᠬᠦ ᠲᠡᠭᠷᠢ ᠶᠢᠨ ᠰᠡᠳᠡᠷᠳᠤ ᠮᠤᠷᠢ ᠭᠠᠷᠪᠠᠯ ᠠᠳᠤᠭᠤ ᠦᠰᠦᠨ᠎ᠡ ᠭᠡᠳᠡᠭ | ᠶᠤᠮ᠃ | ᠲᠡᠭᠡᠷᠡᠬᠢ ᠲᠡᠤᠬᠡᠨ ᠲᠡᠮᠳᠡᠭᠯᠡᠯ ᠠᠴᠠ ᠪᠢᠳᠡ ᠡᠷᠳᠡᠨ ᠦᠶ᠎ᠡ ᠠᠴᠠ ᠮᠤᠩᠭᠤᠯ ᠬᠠᠭᠠᠨ ᠡᠵᠡᠨ ᠤ | ᠪᠠᠶᠢᠯᠳᠤᠭᠠᠨ ᠳᠤ ᠤᠨᠤᠵᠦ ᠡᠳ᠋ᠯᠡᠳᠡᠭ ᠠᠵᠢᠨᠠᠢ ᠬᠦᠯᠦᠭ ᠤᠳ ᠨᠢ ᠰᠢᠷᠭ᠎ᠠ ᠪᠤᠶᠤ ᠬᠤᠸᠠ ᠵᠢᠰᠦᠮ ᠢᠶᠠᠷ ᠢᠯᠡᠷᠡᠵᠦ᠂ | ᠲᠠᠶᠢᠨ ᠪᠠᠶᠢᠯᠳᠤᠭᠠᠨ ᠤ ᠢᠯᠡᠯᠳᠡ ᠤᠯᠬᠤ ᠶᠢ ᠪᠡᠯᠭᠡᠰᠢᠶᠡᠭᠰᠡᠨ ᠠᠭᠤᠯᠭ᠎ᠠ ᠠᠭᠤᠯᠠᠭᠳᠠᠵᠦ ᠪᠠᠶᠢᠬᠤ ᠶᠢ ᠲᠠᠮ | ᠲᠤᠰᠬᠠᠵᠦ ᠪᠠᠶᠢᠬᠤ ᠶᠤᠮ᠃ ᠳ᠋ᠠᠷᠬᠢ ᠬᠤᠩᠭᠤᠷ ᠮᠤᠷᠢ ᠪᠠᠨ ᠤᠨᠤᠭᠰᠠᠨ ᠴᠢᠩᠭᠢᠰ ᠬᠠᠭᠠᠨ ᠤ ᠭᠦᠢᠳᠡᠨ ᠤ | ᠪᠠᠶᠢᠯᠳᠤᠭᠠᠨ ᠪᠠ ᠠᠯᠳᠠᠨ ᠰᠢᠷᠭ᠎ᠠ ᠮᠤᠷᠢ ᠪᠠᠨ ᠤᠨᠤᠭᠰᠠᠨ ᠭᠠᠯᠳᠤᠨ ᠪᠤᠱᠤᠭᠳᠤ ᠬᠠᠭᠠᠨ ᠤ ᠦᠵᠦᠮᠦᠴᠢᠨ ᠤ | ᠤᠯᠠᠭᠠᠢ ᠶᠢᠨ ᠭᠤᠤᠯ ᠤᠨ ᠪᠠᠶᠢᠯᠳᠤᠭᠠᠨ ᠨᠢ ᠴᠦᠮ ᠢᠯᠠᠯᠳᠠ ᠳᠤ ᠬᠦᠷᠦᠭᠰᠡᠨ ᠪᠠᠶᠢᠭ᠎ᠠ ᠶᠤᠮ᠃ ᠶᠡᠭᠡ ᠡᠷᠳᠡ | ᠦᠶ᠎ᠡ ᠠᠴᠠ ᠠᠯᠳᠠᠢ — ᠬᠠᠩᠭᠠᠢ — ᠬᠡᠨᠳᠢ ᠨᠢᠷᠤᠭᠤ ᠪᠠᠷ ᠠᠵᠦ ᠲᠦᠷᠦᠵᠦ ᠪᠠᠶᠢᠭᠰᠠᠨ ᠮᠤᠩᠭᠤᠯᠴᠦᠳ ᠨᠢ | ᠰᠢᠷᠭ᠎ᠠ ᠵᠢᠰᠦᠮ ᠤᠨ ᠠᠳᠤᠭᠤᠳ ᠤᠯᠠᠨᠳᠠᠢ ᠪᠠᠶᠢᠭᠰᠠᠨ ᠭᠡᠵᠦ ᠦᠵᠡᠵᠦ ᠪᠤᠯᠬᠤ ᠪᠦᠭᠡᠳ ᠴᠢᠩᠭᠢᠰ ᠬᠠᠭᠠᠨ ᠤ | ᠠᠳᠤᠭᠤ ᠶᠢᠨ ᠤᠳᠤᠮ ᠰᠢᠷᠭ᠎ᠠ ᠵᠢᠰᠦᠮ ᠲᠠᠢ ᠪᠠᠶᠢᠭᠰᠠᠨ ᠭᠡᠳᠡᠭ ᠢ ᠴᠤ ᠪᠠᠳᠤᠯᠠᠵᠦ ᠪᠤᠯᠤᠨ᠎ᠠ᠃ ᠮᠤᠩᠭᠤᠯ ᠰᠢᠷᠭ᠎ᠠ | ᠠᠳᠤᠭᠤᠨ ᠤ ᠤᠳᠤᠮᠯᠠᠯ ᠤᠨ ᠲᠠᠯ᠎ᠠ ᠪᠠᠷ ᠭᠡᠳ ︽ᠬᠤᠯᠠᠨ ᠤ ᠠᠵᠢᠷᠭ᠎ᠠ ᠶᠢᠨ ᠦᠷ᠎ᠡ ᠭᠡᠵᠦ ᠰᠢᠨᠵᠢᠭᠳᠡᠭᠰᠡᠨ ᠠᠯᠳᠠᠨ | ᠰᠢᠷᠭ᠎ᠠ︾ ᠭᠡᠳᠡᠭ ᠠᠴᠠ ᠤᠶᠢᠯᠠᠭᠠᠵᠦ ᠪᠤᠯᠬᠤ ᠪᠦᠭᠡᠳ ᠮᠤᠩᠭᠤᠯ ᠠᠳᠤᠭᠤᠨ ᠤ ᠰᠢᠷᠭ᠎ᠠ ᠵᠢᠰᠦᠮ ᠤᠨ ᠠᠳᠤᠭᠤ ᠨᠢ | ᠬᠤᠯᠠᠨ ᠤ ᠰᠦᠷᠦᠭ ᠲᠠᠢ ᠴᠢᠰᠦᠨ ᠲᠦᠷᠦᠯ ᠤᠨ ᠤᠯᠪᠠᠭ᠎ᠠ ᠲᠠᠢ ᠪᠠᠶᠢᠬᠤ ᠶᠢ ᠰᠢᠨᠵᠢᠯᠡᠨ ᠢᠯᠡᠷᠡᠭᠦᠯᠦᠭᠰᠡᠨ ᠪᠠᠶᠢᠪᠠ᠂ | ᠡᠨᠡ ᠨᠢ ᠮᠤᠩᠭᠤᠯ ᠠᠳᠤᠭᠤᠨ ᠤ ᠨᠢᠭᠡ ᠪᠦᠯᠦᠭ ᠨᠢ ᠰᠢᠷᠭ᠎ᠠ ᠵᠢᠰᠦᠮ ᠪᠤᠯᠤᠨ ᠦᠩᠭᠡ ᠵᠢᠰᠦᠮ ᠢᠶᠠᠨ ᠬᠠᠳᠠᠭᠠᠯᠠᠵᠦ | ᠤᠳᠤᠮᠰᠢᠭᠰᠠᠨ ᠤ ᠰᠢᠯᠳᠠᠭᠠᠨ ᠪᠠᠶᠢᠵᠦ ᠮᠡᠳᠡᠨ᠎ᠡ᠃ | ᠦᠵᠦᠮᠦᠴᠢᠨ ᠮᠤᠩᠭᠤᠯᠴᠦᠳ᠂ ᠴᠢᠩᠭᠢᠰ ᠪᠤᠭᠳᠠ ᠪᠤᠶᠤ ᠲᠡᠭᠦᠨ ᠤ ᠬᠤᠶᠢᠴᠢᠰ ᠵᠠᠯᠭᠠᠮᠵᠢᠯᠠᠭᠴᠢ ᠮᠤᠩᠭᠤᠯ | ᠬᠠᠭᠠᠳ ᠤᠨ ᠦᠶ᠎ᠡ ᠤᠯᠠᠷᠢᠭᠰᠠᠨ ᠰᠢᠭᠤᠳ ᠨᠤᠶᠠᠷᠬᠠᠯ ᠢ ᠬᠦᠯᠢᠶᠡᠭᠰᠡᠨ ᠪᠠ ᠲᠡᠳᠡᠨ ᠤ ᠮᠤᠨᠳᠠᠭ ᠲᠤᠮᠤ ᠮᠠᠯ | ᠬᠦᠷᠦᠩᠭᠡ ᠶᠢ ᠬᠠᠳᠠᠭᠠᠯᠠᠭᠰᠠᠨ ᠠᠴᠠ ᠪᠤᠯᠵᠦ ᠲᠠᠳᠬᠠᠯᠵᠢᠭᠰᠠᠨ ᠠᠴᠠ ᠭᠡᠬᠦ ᠤᠤ᠂ ᠶᠡᠭᠡ ᠬᠠᠭᠠᠨ ᠤ ᠦᠢᠯᠡ | ᠶᠠᠪᠤᠳᠠᠯ ᠢ ᠤᠯᠠᠨᠳᠠ ᠲᠤᠷᠠᠰᠤᠨ ᠤᠯᠠᠮᠵᠢᠯᠠᠬᠤ ᠪᠠ ᠴᠢᠨᠠᠭᠰᠢᠯᠠᠪᠠᠯ ᠠᠭᠤᠯᠠ ᠤᠰᠤᠨ ᠳᠠᠭᠠᠨ ᠨᠡᠷᠡᠰᠢᠭᠦᠯᠦᠨ | ᠰᠢᠩᠭᠡᠭᠡᠭᠰᠡᠨ ᠪᠠᠶᠢᠳᠠᠭ᠂ ᠡᠭᠦᠨ ᠳᠤ ᠦᠵᠦᠮᠦᠴᠢᠨ ᠤ ᠬᠡᠷᠦᠭᠡ ᠬᠤᠶᠠᠷ ᠬᠠᠳᠠ᠂ ᠨᠤᠶᠠᠨ ᠠᠭᠤᠯᠠ᠂ ᠠᠵᠢᠷᠭᠠᠳᠤ | ᠠᠭᠤᠯᠠ᠂ ᠰᠡᠭᠦᠯᠡᠩᠬᠠᠷᠠᠭᠠᠳᠤ᠂ ᠬᠦᠪᠴᠢᠨ ᠭᠤᠪᠢ ᠁ ᠭᠡᠬᠦ ᠵᠡᠷᠭᠡ ᠭᠠᠵᠠᠷ ᠲᠤ ᠴᠢᠩᠭᠢᠰ ᠬᠠᠭᠠᠨ ᠤ | ᠮᠤᠷᠢ ᠪᠠᠨ ᠠᠯᠳᠠᠵᠦ ᠡᠷᠢᠭᠰᠡᠨ ᠪᠡ ᠨᠡᠷ᠎ᠡ ᠬᠠᠶᠢᠷᠠᠯᠠᠭᠰᠠᠨ ᠦᠯᠢᠭᠡᠷ ᠲᠤᠮᠤᠭ ᠤᠳᠤ ᠪᠤᠯᠳᠠᠯ᠎ᠠ ᠤᠯᠠᠮᠵᠢᠯᠠᠭᠰᠠᠭᠠᠷ | ᠪᠠᠶᠢᠭ᠎ᠠ ᠪᠦᠭᠡᠳ ᠠᠭᠤᠯᠠ ᠤᠰᠤᠨ ᠤ ᠨᠠᠷᠠ ᠪᠤᠯᠤᠨ ᠮᠦᠩᠭᠡᠷᠡᠭᠰᠡᠨ ᠶᠤᠮ᠂ ᠡᠭᠦᠨ ᠲᠠᠢ ᠠᠳᠠᠯᠢ ᠴᠢᠩᠭᠢᠰ | ᠬᠠᠭᠠᠨ ᠤ ᠨᠠᠢᠮᠠᠨ ᠰᠢᠷᠭ᠎ᠠ ᠪᠤᠯᠤᠨ ᠬᠤᠶᠠᠷ ᠵᠠᠭᠠᠯ ᠤᠨ ᠤᠳᠤᠮ ᠴᠤ ᠬᠠᠳᠠᠭᠠᠯᠠᠭᠰᠠᠨ ᠮᠠᠯᠴᠢᠨ ᠲᠦᠮᠡᠨ ᠳᠡᠭᠡᠨ | ᠮᠦᠨ ᠦᠶ᠎ᠡ ᠤᠯᠠᠷᠢᠬᠤ ᠶᠢᠨ ᠦᠨᠢᠳᠡ ᠶᠢᠨ ᠬᠦᠷᠦᠩᠭᠡ ᠪᠤᠯᠵᠦ ᠦᠵᠦᠮᠦᠴᠢᠨ ᠨᠤᠲᠤᠭ ᠲᠤ ᠤᠳᠤᠮᠵᠢᠭᠰᠡᠨ ᠭᠡᠵᠦ | ᠬᠡᠯᠡᠵᠦ ᠪᠦᠷᠢᠨ ᠪᠤᠯᠬᠤ ᠶᠤᠮ᠃ | ᠭᠤᠷᠪᠠ ᠰᠢᠷᠭ᠎ᠠ ᠠᠳᠤᠭᠤ ᠪᠠ ᠦᠵᠦᠮᠦᠴᠢᠨ ᠤ ᠵᠠᠩ ᠦᠢᠯᠡ ᠳᠠᠬᠢ ᠠᠭᠤᠰᠤᠯᠴᠠᠯ | ᠵᠠᠩ ᠦᠢᠯᠡ ᠶᠢᠨ ᠲᠠᠯ᠎ᠠ ᠠᠴᠠ ᠨᠢ ᠰᠢᠨᠵᠢᠯᠡᠪᠡᠯ᠄ | ᠮᠤᠷᠢᠨ ᠤ ᠵᠢᠰᠦᠮ ᠢᠶᠠᠷ ᠤᠪᠤᠭᠯᠠᠭᠰᠠᠨ — ᠦᠵᠦᠮᠦᠴᠢᠨ ᠤ ᠰᠢᠷᠭ᠎ᠠ ᠮᠤᠷᠢᠳᠠᠨ ᠤᠪᠤᠭ ᠤᠨ ᠲᠤᠬᠠᠢ | ᠶᠠᠷᠢᠶᠠᠨ ᠳᠤ ᠡᠷᠳᠡ ᠦᠶ᠎ᠡ᠂ ᠡᠨᠡᠬᠦ ᠠᠶᠢᠮᠠᠭ ᠤᠨ ᠲᠡᠭᠡᠳᠦᠰ ᠨᠢ ᠴᠢᠩᠭᠢᠰ ᠬᠠᠭᠠᠨ ᠤ ᠰᠢᠳᠠᠷ ᠬᠠᠮᠠᠭᠠᠯᠠᠭᠴᠢ | ᠪᠠᠶᠢᠭᠰᠡᠨ ᠶᠤᠮ ᠭᠡᠨ᠎ᠡ᠃ ᠨᠢᠭᠡᠨ ᠤᠳᠠᠭ᠎ᠠ ᠶᠢᠨ ᠬᠤᠳᠠ ᠡᠵᠡᠯᠡᠬᠦ ᠪᠠᠶᠢᠯᠳᠣᠭᠠᠨ ᠳᠤ ᠮᠣᠩᠭᠤᠯ ᠴᠡᠷᠢᠭ ᠤᠳ | ᠶᠡᠬᠡᠯ᠎ᠡ ᠢᠯᠠᠭᠳᠠᠵᠦ᠂ ᠭᠠᠭᠴᠠᠬᠠᠨ ᠰᠢᠷᠭ᠎ᠠ ᠠᠵᠢᠷᠭ᠎ᠠ ᠲᠠᠢ ᠨᠢᠭᠡᠨ ᠪᠦᠰᠡᠭᠦᠢ ᠮᠤᠷᠢᠨ ᠤ ᠪᠠᠨ ᠬᠦᠶᠦᠳᠡᠯ ᠤᠨ | ᠬᠤᠷᠳᠦ ᠪᠠᠷ ᠠᠮᠢ ᠮᠡᠨᠳᠦ ᠭᠠᠷᠤᠭᠰᠠᠨ ᠪᠠᠶᠢᠵᠠᠢ᠃ ᠡᠶᠢᠮᠦ ᠠᠴᠠ ᠬᠤᠵᠢᠮ ᠨᠢ ᠡᠨᠡᠬᠦ ᠪᠦᠰᠡᠭᠦᠢ ᠶᠢᠨ ᠬᠤᠶᠢᠴᠢᠰ ᠨᠢ | ︽ᠰᠢᠷᠭ᠎ᠠ ᠮᠤᠷᠢᠳᠠᠨ︾᠂ ᠪᠤᠶᠤ ︽ᠰᠢᠷᠭ᠎ᠠ ᠠᠵᠢᠷᠭᠠᠳᠠᠨ︾ ᠤᠪᠤᠭ ᠲᠠᠢ ᠪᠤᠯᠤᠯ᠎ᠠ ᠬᠡᠳᠡᠭ᠃ ᠰᠢᠷᠭ᠎ᠠ ᠠᠵᠢᠷᠭ᠎ᠠ᠂ | ᠰᠢᠷᠭ᠎ᠠ ᠮᠤᠷᠢᠳᠡᠨ ᠪᠤᠯ ᠪᠠᠶᠠᠭᠤᠳ ᠤᠨ ᠰᠠᠯᠪᠤᠷᠢ ᠤᠪᠤᠭ ᠪᠤᠯᠤᠨ᠎ᠠ᠂ ᠲᠡᠳᠡ ᠦᠪᠡᠷᠰᠡᠳ ᠢ ᠪᠠᠨ ᠪᠠᠷᠠᠭᠤᠨ ᠭᠠᠷ | ᠪᠠᠶᠠᠭᠤᠳ — ᠰᠢᠷᠭ᠎ᠠ ᠮᠤᠷᠢᠳᠡᠨ ᠭᠡᠯᠴᠡᠳᠡᠭ᠂ ᠯᠣᠮᠪᠤᠷᠢᠨᠴᠢᠨ ᠤ ︽ᠮᠤᠩᠭᠤᠯ ᠪᠤᠷᠢᠶᠠᠳ ᠤᠨ ᠲᠡᠤᠬᠡ︾ ᠭᠡᠬᠦ | ᠨᠤᠮ ᠳᠤ ᠰᠢᠷᠭ᠎ᠠ ᠵᠡᠭᠡᠷᠳᠡ ᠠᠵᠢᠷᠭᠠᠳᠠᠨ ᠤᠪᠤᠭ ᠭᠠᠷᠳᠠᠭ ᠭᠡᠵᠦ ᠲᠡᠮᠳᠡᠭᠯᠡᠵᠡᠢ᠃ | ᠠᠵᠢᠷᠭᠠᠳᠣ — ᠪᠠᠶᠠᠨᠬᠦᠭᠡᠪᠦᠷ᠂ ᠪᠤᠯᠠᠭ ᠬᠤᠶᠠᠷ ᠨᠢᠭᠡᠳᠦᠯ ᠤᠨ ᠨᠤᠳᠤᠭ ᠤᠨ ᠵᠠᠭᠠᠭ ᠲᠤ ᠤᠷᠤᠢ | ᠲᠡᠭᠡᠷ᠎ᠡ ᠪᠠᠨ ᠮᠠᠩᠬ᠎ᠠ ᠲᠠᠢ᠂ ᠡᠩᠭᠡᠷ ᠲᠡᠭᠡᠨ ᠪᠤᠯᠠᠭ ᠲᠠᠢ ᠠᠭᠤᠯᠠ ᠶᠢ ᠠᠵᠢᠷᠭᠠᠳᠣ ᠭᠡᠳᠡᠭ᠂ ᠣᠷᠢᠳᠦ ᠴᠢᠩᠭᠢᠰ | ᠬᠠᠭᠠᠨ ᠡᠨᠡ ᠠᠭᠤᠯᠠ ᠶᠢ ᠵᠡᠭᠦᠨ ᠬᠤᠶᠢᠰᠢ ᠪᠠᠨ ᠬᠠᠷᠠᠭᠠᠳ ᠦᠤᠷᠰᠡᠵᠦ ᠪᠠᠶᠢᠭ᠎ᠠ ᠠᠵᠢᠷᠭ᠎ᠠ ᠶᠢᠨ ᠰᠢᠨᠵᠢ ᠲᠠᠢ ᠭᠡᠮᠡᠨ | ︽ᠠᠵᠢᠷᠭᠠᠳᠦ︾ ᠭᠡᠵᠦ ᠨᠡᠷ᠎ᠡ ᠬᠠᠶᠢᠷᠯᠠᠭᠰᠡᠨ ᠪᠦᠭᠡᠳ ᠠᠳᠣᠭᠤ ᠶᠡᠭᠡ ᠦᠰᠬᠦ ᠭᠠᠵᠠᠷ᠂ ᠠᠵᠢᠷᠭᠠᠳᠦ ᠶᠢᠨ | ᠣᠷᠣᠢ ᠳᠠᠬᠢ ᠮᠠᠩᠬ᠎ᠠ ᠠᠷᠤ ᠤᠷᠤᠭᠤ ᠪᠠᠨ ᠪᠠᠭᠤᠵᠦ᠂ ᠰᠢᠷᠢᠬᠢ ᠶᠢᠨ ᠬᠦᠨᠳᠠᠢ ᠶᠢᠨ ᠮᠠᠩᠬ᠎ᠠ ᠲᠠᠢ ᠨᠡᠶᠢᠯᠡᠪᠡᠯ᠂ | ᠠᠵᠢᠷᠭᠠᠳᠣ ᠶᠢᠨ ᠠᠷᠤ ᠳᠤ ᠲᠦᠮᠡᠨ ᠠᠭᠳᠠ ᠶᠢᠨ ᠲᠤᠭᠤᠰᠣ ᠲᠠᠰᠣᠷᠠᠬᠤ ᠦᠭᠡᠢ ᠪᠤᠯᠤᠨ᠎ᠠ ᠭᠡᠵᠦ ᠪᠡᠯᠭᠡᠰᠢᠶᠡᠭᠰᠡᠨ | ᠭᠡᠳᠡᠭ᠃ ᠠᠯᠳᠠᠨ ᠨᠠᠮᠤᠷ ᠤᠨ ᠰᠢᠷᠭᠠᠯ ᠦᠩᠭᠡ ᠪᠤᠯᠬᠤ ᠳᠤ ᠠᠵᠢᠷᠭᠠᠳᠤ ᠠᠭᠤᠯᠠ ᠮᠠᠨᠢ ᠶᠠᠭ ᠯᠡ ᠵᠡᠭᠦᠨ | ᠬᠤᠶᠢᠰᠢ ᠪᠠᠨ ᠬᠠᠷᠠᠨ ᠦᠤᠷᠰᠡᠵᠦ ᠪᠠᠶᠢᠭ᠎ᠠ ᠰᠢᠷᠭ᠎ᠠ ᠠᠵᠢᠷᠭ᠎ᠠ ᠰᠢᠭ᠋ ᠬᠠᠷᠠᠭᠳᠠᠵᠦ ᠪᠠᠶᠢᠳᠠᠭ ᠨᠢ ᠪᠠᠰᠠ ᠭᠠᠶᠢᠬᠠᠰᠢ | ᠲᠦᠷᠦᠭᠳᠡᠭᠦᠯᠦᠨ᠎ᠡ᠃ ᠦᠨᠡᠭᠡᠷ 1980 ᠤᠨ ᠳᠤ ᠪᠠᠶᠠᠨᠬᠦᠭᠡᠪᠦᠷ ᠨᠢᠭᠡᠳᠦᠯ ᠤᠨ ᠠᠳᠣᠭᠤ ᠲᠦᠮᠡᠨ ᠲᠤᠯᠤᠭᠠᠢ ᠳᠤ | ᠬᠦᠷᠴᠣ᠂ ︽ᠲᠦᠮᠡᠨ ᠠᠭᠳᠠ ᠶᠢᠨ ᠨᠠᠶᠢᠷ︾ ᠢᠶᠠᠨ ᠬᠢᠭᠰᠡᠨ ᠪᠠᠶᠢᠵᠦ ᠪᠢᠯᠡ᠃ | ᠪᠤᠯᠠᠭ ᠨᠤᠷ᠎ᠠ ᠶᠢᠨ ᠨᠠᠢᠮᠡᠨ ᠰᠢᠷᠭ᠎ᠠ ᠬᠠᠶᠢᠷᠬᠠᠨ — ᠤᠤᠯ ᠤᠨ ᠪᠤᠯᠠᠭ ᠰᠤᠮᠤᠨ ᠤ ᠤᠶᠢᠷ᠎ᠠ ᠬᠠᠪᠢ ᠳᠤ | ᠨᠤᠳᠤᠭᠰᠢᠨ ᠰᠠᠭᠤᠵᠦ ᠪᠠᠶᠢᠭᠰᠠᠨ ᠤᠤᠭᠠᠯ ᠮᠠᠯᠴᠢᠳ ᠮᠠᠨᠢ ᠨᠤᠲᠤᠭ ᠤᠰᠤᠨ ᠤ ᠪᠡᠯᠭᠡᠳᠡᠯ ᠪᠤᠯᠭᠠᠨ ᠰᠢᠷᠭ᠎ᠠ | ᠮᠤᠷᠢᠨ ᠢᠶᠠᠷ ᠢᠶᠠᠨ ᠨᠡᠷᠡᠯᠡᠵᠦ᠂ ᠲᠤᠮᠤᠭᠯᠠᠨ ᠶᠠᠷᠢᠯᠴᠠᠳᠠᠭ ᠪᠠᠶᠢᠪᠠ᠂ ᠡᠭᠦᠨ ᠤ ᠲᠤᠬᠠᠢ ᠪᠤᠯᠠᠭ ᠨᠤᠷ᠎ᠠ ᠪᠠᠷ ᠨᠤᠲᠤᠭᠳᠠᠢ | ᠪᠤᠶᠠᠨᠳᠤ ᠭᠤᠸᠠᠢ ᠶᠢᠨ ︽ᠪᠤᠯᠠᠭ ᠤᠨ ᠨᠠᠢᠮᠠᠨ ᠬᠠᠶᠢᠷᠬᠠᠨ︾ ᠬᠡᠮᠡᠬᠦ ᠨᠠᠶᠢᠷᠠᠭᠯᠠᠯ ᠢ ᠰᠤᠨᠢᠷᠬᠠᠭᠤᠯᠰᠤᠭᠠᠢ᠄ | ᠡᠪᠦᠭᠡ ᠲᠡᠭᠡᠳᠦ ᠶᠢᠨ ᠦᠮᠴᠢ ᠶᠤᠮ ᠪᠤᠯᠬᠤᠷ ᠲᠡᠶᠢᠮᠦ ᠤᠤ | ᠦᠵᠦᠮᠦᠴᠢᠨ ᠨᠤᠲᠤᠭ ᠲᠤ ᠴᠤᠤ ᠲᠠᠢ ᠭᠠᠵᠠᠷ ᠦᠯᠡᠮᠵᠢ | ᠦᠰᠴᠤ ᠲᠦᠷᠦᠭᠰᠡᠨ ᠪᠤᠯᠠᠭ ᠨᠤᠷ᠎ᠠ ᠢᠶᠠᠷ ᠬᠡᠯᠡᠬᠦ ᠳᠤ | ᠦᠯᠢᠭᠡᠷ ᠲᠤᠮᠤᠭ ᠲᠠᠭᠤᠤ ᠲᠠᠢ ᠭᠠᠵᠠᠷ ᠤᠯᠠᠨ ᠴᠤ ᠪᠤᠢ | ᠬᠠᠭᠠᠨ ᠪᠤᠭᠳᠠ ᠶᠢᠨ ᠠᠪᠠ ᠬᠤᠮᠤᠷᠠᠭᠠ ᠶᠢᠨ ᠲᠤᠮᠤᠭ ᠲᠠᠢ | ᠬᠠᠶᠢᠷᠬᠠᠨ ᠠᠪᠠᠶᠢᠯᠠᠩ ᠳᠤ ᠪᠢᠰᠢᠷᠠᠨ ᠪᠢᠰᠢᠷᠠᠨ ᠬᠦᠷᠳᠡᠭ ᠰᠠᠨ | ᠬᠠᠳ ᠨᠤᠶᠠᠳ ᠤᠨ ᠴᠠᠳᠢᠭ ᠰᠢᠩᠭᠡᠭᠰᠡᠨ ᠬᠠᠭᠤᠳᠠᠰᠤ ᠲᠠᠢ | ᠬᠤᠳᠤᠭ ᠲᠠᠷᠠᠰᠤᠳᠠᠢ ᠶᠢ ᠵᠢᠯ ᠵᠢᠯ ᠲᠠᠬᠢᠳᠠᠭ ᠪᠤᠢ | ᠮᠠᠨᠳᠠᠯᠳᠦ ᠪᠦᠳᠦᠭᠦᠨ ᠤ ᠱᠤᠪᠬᠤ ᠱᠤᠪᠬᠤ ᠪᠠᠷ᠎ᠠ ᠶᠢ | ᠮᠤᠨᠳᠠᠭ ᠲᠤᠭᠰᠢᠨ ︽ᠤᠩᠭᠤᠨ ᠰᠢᠷᠭ᠎ᠠ︾ ᠭᠡᠳᠡᠭ ᠶᠤᠮ | ᠮᠠᠨᠢᠳᠦ ᠶᠢᠨ ᠤᠪᠤᠭᠠᠨ ᠤ ᠰᠦᠮᠡᠨ ᠰᠦᠮᠡᠨ ᠵᠡᠷᠭᠡᠯᠭᠡᠨ ᠢ | ︽ᠮᠠᠩᠬᠠᠷ ᠰᠢᠷᠭ᠎ᠠ︾ ᠭᠡᠵᠦ ᠠᠬᠠᠰ ᠵᠠᠬᠠᠰ ᠬᠠᠭᠤᠴᠢᠯᠠᠳᠠᠭ ᠶᠤᠮ | ᠬᠢᠩᠭ᠎ᠠ ᠦᠨᠳᠦᠷ ᠠᠵᠢᠷᠭᠠᠳᠤ ᠤᠪᠤᠭ᠎ᠠ ᠶᠢᠨ ᠤᠷᠤᠢ ᠶᠢ | ᠬᠠᠮᠪᠤ ᠴᠤᠷᠵᠢ ᠶᠢᠨ ︽ᠨᠤᠮᠤᠬᠠᠨ ᠰᠢᠷᠭ᠎ᠠ︾ ᠭᠡᠯᠴᠡᠳᠡᠭ ᠶᠤᠮ | ᠬᠠᠪᠴᠢᠯ ᠤᠨ ᠪᠦᠳᠦᠭᠦᠨ ᠤ ᠦᠨᠳᠦᠷ ᠪᠤᠭᠤᠨᠢ ᠬᠢᠷ᠎ᠠ ᠶᠢ | ᠬᠠᠳᠤᠷᠢᠶ᠎ᠠ ᠰᠠᠶᠢᠪᠤᠷ ᠲᠤ ︽ᠵᠢᠷᠤᠭ᠎ᠠ ᠰᠢᠷᠭ᠎ᠠ︾ ᠬᠡᠳᠡᠭ ᠶᠤᠮ | ᠪᠤᠷᠤᠯᠵᠢᠨ ᠤᠪᠤᠭᠠᠳᠤ ᠶᠢᠨ ᠡᠯᠡᠷ ᠪᠠᠯᠠᠷ ᠪᠠᠷ᠎ᠠ ᠶᠢ | ᠪᠤᠰᠤᠭ᠎ᠠ ᠲᠤᠭᠤᠰᠤ ᠲᠠᠢ ︽ᠪᠤᠰᠢᠭᠤᠨ ᠰᠢᠷᠭ᠎ᠠ︾ ᠭᠡᠳᠡᠭ ᠶᠤᠮ | ᠪᠠᠭ᠎ᠠ ᠶᠡᠭᠡ ᠬᠤᠶᠠᠷ ᠤᠪᠤᠭᠳᠤ ᠶᠢ ᠨᠡᠶᠢᠯᠡᠭᠦᠯᠦᠭᠡᠳ | ᠪᠤᠯᠠᠭ ᠨᠤᠲᠤᠭ ᠤᠨ ᠨᠠᠢᠮᠠᠨ ᠬᠠᠶᠢᠷᠬᠠᠨ ᠭᠡᠳᠡᠭ ᠶᠤᠮ᠃ ᠁ ᠭᠡᠵᠦ ᠤᠯᠠᠨ ᠰᠢᠷᠭ᠎ᠠ | ᠠᠳᠤᠭᠤᠳ ᠤᠨ ᠢᠶᠠᠨ ᠵᠢᠰᠦᠮ ᠰᠢᠨᠵᠢ ᠪᠠᠷ ᠠᠭᠤᠯᠠ ᠬᠠᠶᠢᠷᠬᠠᠨ ᠢᠶᠠᠨ ᠲᠦᠷᠰᠦᠯᠡᠨ ᠠᠷᠠᠳ ᠤᠯᠠᠨ ᠤ ᠪᠠᠨ ᠲᠤᠮᠳᠠ | ᠮᠦᠩᠬᠡᠯᠡᠨ ᠰᠢᠩᠭᠡᠭᠡᠵᠦ ᠦᠯᠡᠳᠡᠭᠡᠭᠰᠡᠨ ᠪᠢᠯᠡ᠃ | ᠠᠳᠣᠭᠤᠨ ᠣᠪᠣᠭ᠎ᠠ — ᠪᠠᠷᠠᠭᠤᠨ ᠦᠵᠦᠮᠦᠴᠢᠨ ᠬᠤᠰᠢᠭᠤᠨ ᠤ ᠤᠤᠯ ᠤᠨ ᠷᠠᠰᠢᠶᠠᠨᠪᠣᠯᠠᠭ ᠰᠣᠮᠣᠨ ᠤ | ᠨᠣᠳᠤᠭ ᠳᠠᠬᠢ ᠪᠦᠷᠬᠦᠭᠡᠰᠦᠳᠣ ᠶᠢᠨ ᠬᠤᠭᠤᠯᠡᠢ ᠭᠡᠮᠡᠬᠦ ᠭᠠᠵᠠᠷ ᠤᠨ ᠪᠠᠷᠠᠭᠤᠨ ᠲᠡᠭᠡᠷ᠎ᠡ ᠬᠡᠶᠢᠮᠦᠷᠢ ᠰᠡᠷᠭᠦᠭᠡᠨ | ᠲᠠᠬᠢᠭᠳᠠᠵᠦ ᠪᠠᠶᠢᠳᠠᠭ᠂ ᠦᠵᠦᠮᠦᠴᠢᠨ ᠮᠠᠯᠴᠢᠳ᠂ ᠡᠷᠳᠡ ᠠᠴᠠ ᠠᠳᠣᠭᠤ ᠮᠠᠯ ᠤᠨ ᠢᠶᠠᠨ ᠦᠰᠦᠯᠳᠠ ᠶᠢ ᠡᠨᠡ | ᠣᠪᠣᠭᠠᠨ ᠳᠤ ᠲᠠᠭᠠᠳᠬᠠᠳᠠᠭ ᠪᠦᠬᠡ ᠮᠦᠷᠭᠦᠯ ᠤᠨ ᠲᠠᠬᠢᠯᠭ᠎ᠠ ᠶᠢᠨ ᠶᠤᠰᠣ ᠲᠠᠢ ᠪᠠᠶᠢᠭᠰᠡᠨ ᠢᠶᠠᠨ ᠬᠤᠵᠢᠮ ᠨᠢ | ᠤᠯᠠᠭᠠᠨ ᠬᠠᠭᠠᠯᠭ᠎ᠠ ᠰᠦᠮ᠎ᠡ ᠠᠴᠠ ᠯᠠᠮᠠ ᠵᠠᠯᠠᠵᠦ ᠰᠠᠩ ᠣᠡᠭᠰᠢᠭᠤᠯᠳᠠᠭ ᠠᠴᠠ ᠰᠢᠷ᠎ᠠ ᠶᠢᠨ ᠱᠠᠰᠢᠨ ᠤ ᠶᠤᠰᠣᠨ | ᠳᠤᠷ ᠤᠯᠠᠷᠢᠵᠦ ᠶᠡᠷᠤᠩᠬᠡᠶᠢᠯᠡᠭᠰᠡᠨ ᠲᠠᠭᠠᠳᠬᠠᠯ ᠬᠢᠬᠦ ᠪᠤᠯᠤᠭᠰᠡᠨ ᠪᠠᠶᠢᠨ᠎ᠠ᠃ ᠠᠳᠡᠬᠢ ᠮᠠᠯᠴᠢᠳ᠂ ᠠᠳᠣᠭᠤᠨ | ᠤᠪᠤᠭ᠎ᠠ ᠪᠠᠨ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠶᠢᠨ ᠠᠷᠪᠠᠨ ᠵᠢᠷᠭᠤᠭᠠᠨ ᠤ ᠡᠳᠦᠷ ᠤᠨ | ᠦᠷᠯᠦᠭᠡ ᠡᠷᠳᠡ ᠲᠠᠬᠢᠯᠭ᠎ᠠ ᠡᠷᠭᠦᠭᠰᠡᠭᠡᠷ ᠪᠤᠢ᠃ | ᠬᠤᠸᠠ ᠰᠠᠷᠠᠯ ᠮᠤᠷᠢ ᠤᠡᠭᠭᠤᠯᠠᠬᠤ ᠵᠠᠩᠰᠢᠯ — ᠦᠵᠦᠮᠦᠴᠢᠨ ᠤ ᠤᠯᠠᠭᠠᠨ ᠬᠠᠭᠠᠯᠭ᠎ᠠ ᠰᠦᠮ᠎ᠡ ᠠᠴᠠ | ᠬᠤᠸᠠ ᠰᠠᠷᠠᠯ ᠮᠤᠷᠢ ᠶᠢ ᠤᠡᠭᠭᠤᠯᠠᠨ ᠰᠡᠳᠠᠷᠯᠡᠳᠡᠭ ᠵᠠᠩᠰᠢᠯ ᠲᠠᠢ ᠪᠠᠶᠢᠵᠡᠢ᠃ ᠡᠨᠡᠬᠦ ᠰᠦᠮ᠎ᠡ ᠶᠢᠨ ᠭᠤᠤᠯ ᠰᠢᠳᠦᠭᠡᠨ | ᠪᠤᠯᠬᠤ ᠭᠤᠮᠪᠤ ᠪᠤᠷᠬᠠᠨ ᠨᠢ ᠬᠤᠸᠠ ᠰᠠᠷᠠᠯ ᠮᠣᠷᠢ ᠬᠦᠯᠦᠭᠯᠡᠳᠡᠭ ᠠᠴᠠ ᠡᠨᠡ ᠰᠦᠮ᠎ᠡ ᠪᠠ ᠤᠶᠢᠷ᠎ᠠ ᠬᠠᠪᠢ ᠶᠢᠨ | ᠮᠠᠯᠴᠢᠳ ᠲᠤᠰ ᠤᠪᠤᠭᠠᠨ ᠳᠤ ᠬᠤᠸᠠ ᠮᠤᠷᠢ ᠰᠡᠳᠡᠷᠯᠡᠨ ᠣᠡᠭᠭᠤᠯᠠᠳᠠᠭ ᠪᠤᠯᠵᠡᠢ᠃ ᠡᠭᠦᠨ ᠢᠶᠠᠷ ᠪᠤᠷᠬᠠᠨ ᠤ | ᠲᠠᠭᠠᠰᠢᠶᠠᠯ ᠢ ᠤᠯᠵᠦ᠂ ᠠᠶᠢᠯ ᠡᠷᠦᠬᠡ ᠶᠢᠨ ᠬᠡᠶᠢᠮᠦᠷᠢ ᠶᠢ ᠰᠡᠷᠭᠦᠭᠡᠳᠡᠭ ᠤᠴᠢᠷ ᠲᠠᠢ᠃ | ᠲᠡᠭᠡᠷᠡᠬᠢ ᠵᠠᠩ ᠦᠢᠯᠡ ᠠᠴᠠ ᠪᠢᠳᠡ ᠦᠵᠦᠮᠦᠴᠢᠨᠴᠦᠳ᠂ ᠰᠢᠷᠭ᠎ᠠ ᠮᠤᠷᠢ ᠪᠠᠷ ᠢᠶᠠᠨ ᠤᠪᠤᠭᠯᠠᠬᠤ᠂ | ᠬᠤᠩᠭᠤᠷ ᠰᠢᠷᠭ᠎ᠠ ᠮᠤᠷᠢ ᠪᠠᠨ ᠤᠪᠤᠭ᠎ᠠ ᠯᠤᠤᠰ ᠲᠠᠭᠠᠨ ᠰᠡᠳᠡᠷᠯᠡᠨ ᠤᠩᠭᠤᠯᠠᠬᠤ᠂ ᠠᠭᠤᠯᠠ ᠬᠠᠶᠢᠷᠬᠠᠨ ᠢᠶᠠᠨ | ᠲᠦᠷᠰᠦᠯᠡᠨ ᠨᠡᠷᠡᠯᠡᠬᠦ᠂ ᠲᠤᠰᠬᠠᠢ ᠤᠪᠤᠭ᠎ᠠ ᠪᠤᠰᠬᠠᠨ ᠠᠳᠤᠭᠤᠨ ᠰᠦᠷᠦᠭ ᠢᠶᠠᠨ ᠲᠠᠭᠠᠳᠬᠠᠬᠤ ᠵᠡᠷᠭᠡ ᠵᠠᠩ ᠦᠢᠯᠡ | ᠨᠢ ︽ᠮᠤᠩᠭᠤᠯ ᠬᠦᠮᠦᠨ ᠪᠡᠯᠬᠡ ᠪᠠᠷ︾ ᠭᠡᠳᠡᠭᠴᠢᠯᠡᠨ ᠰᠢᠷᠭ᠎ᠠ ᠮᠤᠷᠢ ᠪᠤᠶᠤ ᠪᠤᠰᠤᠳ ᠴᠠᠭᠠᠨ ᠮᠤᠷᠢ | ᠲᠡᠷᠢᠭᠦᠳᠡᠨ ᠢᠶᠠᠨ ᠬᠦᠨᠳᠦᠳᠭᠡᠨ ᠲᠡᠭᠡᠳᠦᠯᠡᠵᠦ ᠢᠷᠡᠭᠰᠡᠨ ᠨᠢ ᠨᠢᠭᠡᠨᠳᠡ ᠠᠮᠢᠳᠤᠷᠠᠯ ᠦᠢᠯᠡᠳᠪᠦᠷᠢᠯᠡᠯ ᠤᠨ ᠵᠠᠩ | ᠲᠠᠳᠬᠠᠯ ᠵᠠᠩ ᠵᠠᠩᠰᠢᠯ ᠳᠤᠨᠢ ᠭᠦᠨ ᠰᠢᠩᠭᠡᠭᠰᠡᠨ ᠢ ᠭᠦᠢᠴᠡᠳ ᠬᠠᠷᠠᠭᠤᠯᠵᠦ ᠪᠤᠢ᠃ | ᠲᠠᠭᠤᠤ ᠳᠤ ᠮᠦᠩᠬᠡᠷᠡᠬᠦ ᠰᠢᠷᠭ᠎ᠠ ᠠᠳᠤᠭᠤᠳ᠄ | ᠦᠵᠦᠮᠦᠴᠢᠨ ᠠᠷᠠᠳ ᠤᠨ ᠤᠷᠳᠤ ᠶᠢᠨ ᠲᠠᠭᠤᠤ ᠳᠤ ᠰᠢᠷᠭ᠎ᠠ ᠮᠤᠷᠢᠨ ᠤ ᠢᠳᠡᠷᠡᠭᠦᠨ ᠵᠢᠪᠬᠤᠭ᠎ᠠ ᠠᠷᠳᠠᠭ | ᠭᠦᠶᠦᠳᠡᠯ ᠢᠶᠠᠷ ᠢᠶᠠᠨ ᠵᠠᠮ ᠬᠠᠷᠢᠯᠴᠠᠭ᠎ᠠ ᠪᠤᠶᠤ ᠠᠮᠢᠳᠤᠷᠠᠯ ᠦᠢᠯᠡᠳᠪᠦᠷᠢᠯᠡᠯ ᠤᠨ ᠦᠢᠯᠡ ᠶᠠᠪᠤᠳᠠᠯ ᠳᠤ | ᠦᠢᠯᠡᠴᠢᠯᠡᠭᠦᠯᠵᠦ ᠪᠠᠶᠢᠭᠰᠠᠨ ᠢ ᠡᠭᠡᠰᠢᠭ ᠠᠶᠠᠰ ᠲᠠᠭᠠᠨ ᠤᠶᠠᠩᠭᠠᠯᠠᠨ ᠦᠯᠡᠳᠡᠭᠡᠭᠰᠡᠨ ᠪᠠᠶᠢᠳᠠᠭ᠂ ᠵᠢᠱᠢᠶᠡᠯᠡᠪᠡᠯ | ᠦᠵᠦᠮᠦᠴᠢᠨ ᠤ ᠠᠬᠠᠮᠠᠳ ᠤᠷᠠᠯᠢᠭᠴᠢᠨ ᠰᠠᠩᠵᠠᠢ ᠭᠤᠸᠠᠢ ᠶᠢᠨ ᠴᠤᠭᠯᠠᠭᠤᠯᠤᠭᠰᠠᠨ ︽ᠦᠵᠦᠮᠦᠴᠢᠨ ᠠᠷᠠᠳ ᠤᠨ | ᠲᠠᠭᠤᠤ︾ ᠶᠢᠨ ᠲᠡᠭᠦᠪᠦᠷᠢ ᠳᠤ᠄ | ︽ᠰᠢᠵᠢᠷ ᠪᠤᠭᠳᠠ ᠶᠢᠨ ᠰᠢᠯᠢ︾ ᠭᠡᠬᠦ ᠠᠯᠳᠠᠷᠳᠤ ᠲᠠᠭᠤᠤ ᠶᠢᠨ ᠦᠭᠡᠨ ᠳᠤ᠄ | ᠁ | ᠠᠭᠢ ᠶᠢᠨ ᠦᠨᠳᠦᠷ ᠲᠠᠪᠠᠭ᠎ᠠ ᠶᠢ | ᠠᠯᠢᠶ᠎ᠠ ᠰᠢᠷᠭ᠎ᠠ ᠪᠠᠷ ᠢᠶᠠᠨ ᠲᠠᠪᠠᠭᠤᠯᠤᠶᠠ | ᠠᠴᠢᠳᠠᠢ ᠪᠤᠭᠤᠷᠤᠯ ᠡᠵᠢ ᠳᠡᠭᠡᠨ | ᠦᠷᠯᠦᠭᠡ ᠶᠢᠨ ᠡᠷᠳᠡ ᠪᠠᠷ ᠵᠤᠯᠭᠠᠶ᠎ᠠ︕ | ᠬᠦᠪ ᠤᠨ ᠦᠨᠳᠦᠷ ᠲᠠᠪᠠᠭ᠎ᠠ ᠶᠢ | ᠬᠦᠨᠳᠦᠷᠦᠭᠡ ᠰᠢᠷᠭ᠎ᠠ ᠪᠠᠷ ᠢᠶᠠᠨ ᠲᠠᠪᠠᠭᠤᠯᠤᠶᠠ | ᠬᠦᠭᠰᠢᠨ ᠪᠤᠭᠤᠷᠤᠯ ᠡᠵᠢ ᠳᠡᠭᠡᠨ | ᠮᠤᠷᠳᠠᠵᠦ ᠯᠡ ᠬᠦᠷᠦᠭᠡᠳ ᠵᠤᠯᠭᠠᠶ᠎ᠠ ᠁ | ︽ᠴᠢᠪᠴᠢᠭᠡᠷ ᠬᠤᠷᠳᠤᠨ ᠰᠢᠷᠭ᠎ᠠ︾ ᠭᠡᠬᠦ ᠤᠷᠳᠤ ᠶᠢᠨ ᠲᠠᠭᠤᠤ ᠶᠢᠨ ᠦᠭᠡᠨ ᠳᠤ᠄ | ᠴᠢᠪᠴᠢᠭᠡᠷ ᠬᠤᠷᠳᠤᠨ ᠰᠢᠷᠭ᠎ᠠ ᠪᠠᠷ ᠢᠶᠠᠨ | ᠴᠠᠪᠴᠢᠯᠠᠩᠬᠠᠨ ᠲᠡᠮᠡᠤᠯᠡᠮᠡᠨ ᠠᠶᠢᠰᠦᠢ ᠳ᠋ᠠ | ᠵᠢᠯ ᠰᠠᠷ᠎ᠠ ᠶᠢᠨ ᠢᠶᠠᠨ ᠡᠬᠢᠨ ᠳᠡᠭᠡᠨ | ᠵᠢᠭᠳᠡᠯᠡᠩᠬᠡᠨ ᠰᠠᠭᠤᠮᠠᠨ ᠨᠠᠶᠢᠷᠯᠠᠶ᠎ᠠ︕ ᠁ | ᠭᠡᠵᠦ ᠵᠢᠯ ᠴᠠᠭᠠᠨ ᠰᠠᠷ᠎ᠠ ᠶᠢᠨ ᠵᠤᠯᠭᠠᠯᠳᠠ ᠬᠢᠬᠦ ᠳᠡᠭᠡᠨ ᠠᠯᠢᠶ᠎ᠠ ᠰᠢᠷᠭ᠎ᠠ ᠪᠤᠶᠤ ᠬᠤᠷᠳᠤᠨ ᠰᠢᠷᠭ᠎ᠠ | ᠮᠤᠷᠢ ᠪᠠᠨ ᠤᠨᠤᠵᠦ ᠰᠠᠶᠢᠬᠠᠨ ᠪᠤᠭᠤᠷᠤᠯ ᠨᠠᠰᠤᠳᠠᠳ ᠲᠠᠭᠠᠨ ᠰᠠᠭᠠᠳᠠᠯ ᠦᠭᠡᠢ ᠬᠦᠷᠴᠦ ᠦᠨᠦᠰᠦᠭᠦᠯᠡᠨ ᠵᠤᠯᠭᠠᠳᠠᠭ | ᠬᠦᠳᠡᠭᠡ ᠰᠢᠯᠢ ᠶᠢᠨ ᠬᠦᠨᠳᠦᠳᠭᠡᠯ ᠠᠴᠢᠯᠠᠯ ᠢ ᠢᠯᠡᠷᠡᠭᠦᠯᠦᠭᠰᠡᠨ ᠪᠠᠶᠢᠳᠠᠭ᠃ | ︽ᠦᠰᠦᠭᠡᠢ ᠴᠠᠭᠠᠨ ᠰᠢᠷᠭ᠎ᠠ︾᠂ ︽ᠰᠦᠢᠬᠡ ᠢᠮ ᠲᠠᠢ ᠰᠢᠷᠭ᠎ᠠ︾᠂ ︽ᠵᠠᠮ ᠳᠤ ᠵᠢᠭᠠᠬᠠᠨ ᠰᠢᠷᠭ᠎ᠠ︾ | ᠂ ︽ᠬᠠᠶᠢᠯᠠᠰᠤᠨ ᠬᠠᠶᠢᠯᠠᠰᠤᠨ ᠰᠢᠷᠭ᠎ᠠ︾᠂ ︽ᠵᠢᠭᠠᠬᠠᠨ ᠰᠢᠷᠭ᠎ᠠ︾ ᠵᠡᠷᠭᠡ ᠤᠷᠳᠤ ᠶᠢᠨ ᠲᠠᠭᠤᠤ ᠨᠢ ᠮᠠᠰᠢ ᠤᠯᠠᠨ | ᠰᠢᠷᠭ᠎ᠠ ᠮᠤᠷᠢᠨ ᠤ ᠪᠠᠨ ᠤᠨᠴᠠᠯᠢᠭ ᠰᠢᠨᠵᠢ ᠶᠢ ᠦᠬᠦᠯᠡᠨ᠂ ᠲᠡᠭᠦᠨ ᠢᠶᠠᠷ ᠢᠶᠠᠨ ᠦᠢᠯᠡ ᠶᠠᠪᠤᠳᠠᠯ ᠤᠨ ᠦᠨᠡᠨ ᠮᠦᠷ ᠢ | ᠢᠯᠡᠷᠡᠭᠦᠯᠳᠡᠭ᠂ ᠵᠢᠱᠢᠶᠡᠯᠡᠪᠡᠯ᠄ ︽ᠬᠠᠶᠢᠯᠠᠰᠤᠨ ᠬᠠᠶᠢᠯᠠᠰᠤᠨ ᠰᠢᠷᠭ᠎ᠠ︾ ᠪᠠᠨ ᠬᠠᠩᠭᠠᠢ ᠶᠢᠨ ᠨᠠᠭᠤᠷ ᠲᠤ | ᠤᠰᠤᠯᠠᠭᠰᠠᠨ ᠢᠶᠠᠨ᠂ ᠬᠠᠮᠤᠭ ᠲᠡᠭᠡᠳᠦ ᠪᠤᠭᠳᠠ ᠶᠢᠨ ᠬᠠᠮᠪᠤ ᠶᠢᠨ ᠰᠢᠷᠡᠭᠡᠨ᠎ᠡ ᠵᠠᠯᠠᠬᠤ ᠶᠤᠰᠤᠯᠠᠯ ᠳᠤ ᠤᠷᠤᠯᠴᠠᠭᠰᠠᠨ | ᠪᠠᠶᠢᠬᠤ ᠳᠤ᠂ ︽ᠵᠠᠮ ᠳᠤ ᠵᠢᠭᠠᠬᠠᠨ ᠰᠢᠷᠭ᠎ᠠ︾ ᠪᠠᠷ ᠢᠶᠠᠨ ᠵᠠᠮ ᠤᠨ ᠠᠶ᠎ᠠ ᠶᠢ ᠲᠠᠭᠠᠭᠤᠯᠤᠨ᠂ ᠬᠦᠮᠦᠨ ᠤ | ᠭᠠᠵᠠᠷ ᠲᠤ ᠠᠯᠤᠰ ᠮᠤᠷᠳᠠᠭᠰᠠᠨ ᠬᠡᠤᠬᠡᠨ ᠦᠷ᠎ᠡ ᠪᠠᠨ ᠡᠷᠭᠢᠵᠦ ᠪᠠᠶᠢᠨ᠎ᠠ᠂ ᠰᠦᠷᠦᠭ ᠠᠳᠤᠭᠤᠨ ᠤ ᠲᠡᠭᠡᠳᠦ ︽ | ᠰᠦᠢᠬᠡ ᠢᠮ ᠲᠠᠢ ᠰᠢᠷᠭ᠎ᠠ︾ ᠪᠠ ᠲᠤᠮᠤᠭ᠎ᠠ ᠨᠢ ᠮᠠᠭᠤᠬᠠᠢ ᠲᠠᠰᠤᠷᠠᠳᠠᠭ ︽ᠵᠢᠭᠠᠬᠠᠨ ᠰᠢᠷᠭ᠎ᠠ︾ ᠵᠡᠷᠭᠡ | ᠬᠦᠯᠦᠭ ᠢᠶᠠᠨ ᠤᠨᠤᠵᠦ᠂ ᠠᠶᠠᠯᠠᠭᠠᠳ ᠭᠠᠷᠤᠭᠰᠠᠨ ᠠᠴᠢᠶ᠎ᠠ ᠨᠢ ᠠᠴᠢᠨ ᠤ ᠠᠷᠤ ᠪᠠᠷ ᠴᠢᠭᠯᠡᠬᠦ ᠳᠤ ᠠᠯᠢᠶ᠎ᠠ | ᠬᠤᠩᠭᠤᠷ ᠠᠮᠠᠷᠠᠭ ᠲᠠᠢ ᠪᠠᠨ ᠠᠴᠢᠶᠠᠨ ᠤ ᠲᠦᠷᠦᠭᠦᠤ ᠪᠠᠷ ᠠᠭᠤᠯᠵᠠᠬᠤ ᠶᠢᠨ ᠪᠤᠯᠵᠤᠭ᠎ᠠ ᠶᠢ ᠲᠤᠭᠳᠠᠭᠰᠠᠨ ᠪᠠᠶᠢᠳᠠᠭ | ᠃ ︽ᠵᠢᠷᠭᠠᠯᠠᠩᠳᠦ ᠨᠠᠢᠮᠠᠨ ᠮᠤᠷᠢ︾ ᠭᠡᠬᠦ ᠤᠷᠳᠤ ᠶᠢᠨ ᠲᠠᠭᠤᠤ ᠳᠤ ᠦᠵᠦᠮᠦᠴᠢᠨ ᠤ ᠠᠳᠤᠭᠤᠨ ᠳᠤ ᠪᠠᠶᠢᠳᠠᠭ | ᠨᠠᠢᠮᠠᠨ ᠵᠢᠰᠦᠮ ᠤᠨ ᠪᠡᠯᠭᠡᠳᠦ ᠦᠩᠭᠡ ᠶᠢ ᠬᠤᠷᠢᠶᠠᠩᠭᠤᠶᠢᠯᠠᠨ ᠮᠠᠭᠳᠠᠨ ᠲᠠᠭᠤᠯᠠᠭᠰᠠᠨ ᠪᠠᠶᠢᠪᠠ᠂ ᠡᠭᠦᠨ ᠳᠤ ᠰᠢᠷᠭ᠎ᠠ | ᠬᠤᠩᠭᠤᠷ ᠮᠤᠷᠢᠨ ᠤ ᠲᠤᠬᠠᠢ᠄ | ᠁ | ᠴᠢᠬᠢᠷᠠᠭ ᠪᠠᠳᠤ ᠲᠡᠯᠡᠬᠡᠢ ᠳ᠋ᠠᠬᠢᠨ ᠳᠤᠷ | ᠴᠢᠳᠠᠮᠠᠭᠠᠢ ᠠᠯᠳᠠᠷ ᠨᠢ ᠲᠦᠭᠡᠮᠡᠯ ᠲᠠᠭᠤᠷᠢᠰᠤᠭᠰᠠᠨ | ᠴᠢᠨᠠᠷ ᠬᠡᠪ ᠵᠦᠢᠯ ᠤᠨ ᠪᠠᠷᠢᠯᠳᠤᠯᠭ᠎ᠠ ᠲᠠᠢ | ᠴᠢᠭᠤᠯᠭᠠᠨ ᠨᠤᠮᠤᠬᠠᠨ ᠬᠤᠩᠭᠤᠷ ᠮᠤᠷᠢᠨ ᠤ ᠰᠦᠯᠳᠡ ᠡ ᠁ ᠭᠡᠵᠦ ᠲᠠᠭᠤᠯᠠᠭᠳᠠᠨ ᠤᠯᠠᠮᠵᠢᠯᠠᠭᠳᠠᠵᠠᠢ | ᠃ ︽ᠪᠤᠷᠤ ᠪᠤᠷᠤ ᠪᠢᠯᠵᠤᠤᠬᠠᠢ︾ ᠭᠡᠬᠦ ᠲᠡᠤᠬᠡᠨ ᠲᠠᠭᠤᠤ ᠳᠤ᠄ | ᠵᠧ ᠬᠦ᠋ ᠶᠧ ᠁ | ᠬᠤᠶᠠᠷ ᠰᠦᠨᠢ ᠳᠤᠨᠢ ᠭᠡᠳᠡᠭᠡᠳ | ᠬᠤᠶᠢᠳᠦ ᠯᠡ ᠰᠦᠨᠢ ᠳᠤᠨᠢ ᠬᠦᠭᠡᠭᠡᠯ᠎ᠡ | ᠭᠤᠴᠢᠨ ᠭᠤᠷᠪᠠᠨ ᠰᠢᠷᠭ᠎ᠠ ᠠᠴᠠ | ᠭᠤᠷᠪᠠ ᠠᠴᠠ ᠪᠤᠰᠤᠳ ᠨᠢ ᠵᠢᠷᠤᠭ᠎ᠠ ᠰᠢᠤ ᠁ ᠭᠡᠵᠦ ᠪᠠᠰᠠ ᠦᠵᠦᠮᠦᠴᠢᠨ ᠨᠤᠲᠤᠭ ᠲᠤ | ᠲᠠᠭᠤᠯᠠᠭᠳᠠᠨᠠ᠃ | ᠲᠡᠬᠡᠷᠡᠬᠢ ᠠᠷᠠᠳ ᠤᠨ ᠤᠷᠳᠤ ᠲᠠᠭᠤᠤ ᠶᠢᠨ ᠤᠳᠬ᠎ᠠ ᠠᠴᠠ ᠰᠢᠨᠵᠢᠯᠡᠪᠡᠯ ᠦᠵᠦᠮᠦᠴᠢᠨ ᠮᠤᠩᠭᠤᠯᠴᠦᠳ | ᠤᠯᠠᠩᠬᠢ ᠳᠠᠭᠠᠨ ᠴᠠᠭᠠᠨ ᠰᠠᠷ᠎ᠠ ᠶᠢᠨ ᠰᠢᠨᠡᠳ ᠲᠤ ᠬᠦᠯᠦᠭᠯᠡᠬᠦ ᠬᠦᠯᠦᠭ ᠤᠳ ᠨᠢ ᠰᠢᠷᠭ᠎ᠠ ᠦᠩᠭᠡ ᠵᠢᠰᠦᠮ ᠤᠨ | ᠮᠤᠷᠢᠳ ᠢ ᠪᠡᠯᠭᠡᠰᠢᠶᠡᠨ ᠤᠨᠤᠵᠦ ᠪᠠᠶᠢᠳᠠᠭ ᠢ ᠢᠯᠡᠳᠭᠡᠬᠦ ᠮᠦᠷᠳᠡᠭᠡᠨ ᠰᠢᠷᠭ᠎ᠠ ᠠᠳᠤᠭᠤ ᠠᠶᠢᠯ ᠡᠷᠦᠬᠡ ᠳᠤ ᠲᠦᠭᠡᠮᠡᠯ | ᠡᠳ᠋ᠯᠡᠭᠳᠡᠵᠦ ᠪᠠᠶᠢᠭᠰᠠᠨ ᠢ ᠲᠤᠲᠤᠷᠬᠠᠶᠢᠯᠠᠵᠦ ᠪᠠᠶᠢᠨ᠎ᠠ᠂ ︽ᠰᠢᠵᠢᠷ ᠪᠤᠭᠳᠠ ᠶᠢᠨ ᠰᠢᠯᠢ︾ ᠶᠢᠨ ᠠᠯᠢᠶ᠎ᠠ ᠰᠢᠷᠭ᠎ᠠ | ᠪᠤᠯᠤᠨ ︽ᠴᠢᠪᠴᠡᠭᠡᠷ ᠬᠤᠷᠳᠤᠨ ᠰᠢᠷᠭ᠎ᠠ︾ ᠶᠢᠨ ᠬᠤᠷᠳᠤᠨ ᠰᠢᠷᠭ᠎ᠠ ᠶᠢᠨ ᠲᠦᠷᠢ ᠲᠦᠷᠬᠦ ᠪᠤᠯ ᠨᠢᠳᠦᠨ ᠳᠤ | ᠦᠵᠡᠭᠳᠡᠮ᠎ᠡ ᠵᠢᠷᠤᠭᠯᠠᠭᠰᠠᠨ ᠰᠠᠷ᠎ᠠ ᠰᠢᠨ᠎ᠡ ᠶᠢᠨ ᠲᠠᠭᠤᠤ ᠪᠤᠯᠬᠤ ᠪᠦᠭᠡᠳ ᠵᠠᠪᠠᠯ ᠰᠢᠷᠭ᠎ᠠ ᠮᠤᠷᠢᠳ ᠢᠶᠠᠨ ᠤᠨᠤᠵᠦ | ᠨᠠᠰᠤᠳᠠᠨ ᠪᠤᠭᠤᠷᠤᠯ ᠳᠠᠭᠠᠨ ᠵᠤᠯᠭᠠᠬᠤ᠂ ᠠᠶᠢᠯ ᠬᠦᠷᠰᠢ ᠳᠡᠭᠡᠨ ᠪᠠᠭᠤᠵᠦ ᠰᠢᠨᠠᠯᠠᠨ᠂ ᠵᠢᠭᠳᠡᠯᠡᠩᠬᠡᠨ ᠰᠠᠭᠤᠮᠠᠨ | ᠨᠠᠶᠢᠷᠯᠠᠵᠦ ᠪᠠᠶᠢᠳᠠᠭ ᠵᠠᠩᠰᠢᠯ ᠲᠠᠢ ᠪᠠᠶᠢᠵᠠᠢ᠃ ᠡᠨᠡ ᠨᠢ ᠮᠦᠨᠴᠦ ᠲᠡᠭᠡᠷ᠎ᠡ ᠨᠢᠭᠳᠠᠯᠠᠭᠰᠠᠨ ᠮᠤᠩᠭᠤᠯ ᠬᠠᠭᠠᠳ ᠤᠨ | ᠲᠠᠶᠢᠨ ᠪᠠᠶᠢᠯᠳᠤᠭᠠᠨ ᠤ ᠦᠶ᠎ᠡ ᠳᠤ ᠰᠢᠷᠭ᠎ᠠ ᠮᠤᠷᠢᠳ ᠢᠶᠠᠨ ᠤᠨᠤᠵᠦ ᠢᠯᠡᠯᠡᠳᠡ ᠶᠢ ᠪᠡᠯᠭᠡᠳᠡᠭᠰᠡᠨ ᠲᠠᠢ ᠪᠡᠯᠬᠡᠳᠡᠯ ᠤᠨ | ᠵᠦᠩᠨᠡᠯ ᠨᠢ ᠨᠢᠭᠡᠳᠦᠯᠳᠡᠢ ᠪᠠᠶᠢᠨ᠎ᠠ᠂ ᠪᠦᠷ ᠯᠠ ᠪᠠᠶᠢᠯᠳᠤᠭᠠᠨ ᠤ ᠢᠯᠡᠯᠳᠡ ᠪᠠᠷ ᠠᠮᠤᠷ ᠲᠠᠶᠢᠪᠤᠩ ᠪᠤᠯᠭᠠᠬᠤ ᠪᠠ | ᠲᠠᠶᠢᠪᠤᠩ ᠦᠶ᠎ᠡ ᠳᠤ ᠡᠩᠭᠡ ᠵᠢᠷᠭᠠᠯᠳᠠᠢ ᠪᠠᠷ ᠠᠮᠢᠳᠤᠷᠠᠯ ᠢᠶᠠᠨ ᠦᠷᠭᠦᠯᠵᠢᠯᠡᠭᠦᠯᠬᠦ ᠶᠢ ᠵᠦᠩᠨᠡᠭᠰᠡᠨ ᠪᠠᠶᠢᠭ᠎ᠠ ᠭᠡᠳᠡᠭ | ᠨᠢ ᠢᠯᠡᠷᠬᠡᠢ᠃ ᠡᠶᠢᠮᠦ ᠪᠠᠷ ᠰᠢᠷᠭ᠎ᠠ ᠮᠤᠷᠢᠳ ᠨᠢ ᠶᠡᠷᠦᠩᠬᠡᠢ ᠤᠳᠬ᠎ᠠ ᠪᠠᠷ ᠢᠶᠠᠨ ᠦᠢᠯᠡ ᠶᠠᠪᠤᠳᠠᠯ ᠤᠨ ᠢᠯᠭᠤᠮ | ᠪᠦᠳᠦᠬᠦ ᠳᠤ ᠬᠡᠷᠡᠭᠯᠡᠬᠦ ᠤᠨᠤᠭ᠎ᠠ ᠬᠦᠯᠦᠭ ᠢᠶᠠᠨ ᠪᠤᠯᠭᠠᠵᠦ ᠪᠠᠶᠢᠭᠰᠠᠨ ᠵᠠᠩ ᠦᠢᠯᠡ ᠭᠡᠵᠦ ᠦᠵᠡᠯᠳᠡᠢ᠃ ᠡᠨᠡ ᠨᠢ ︽ | ᠵᠢᠷᠭᠠᠯᠠᠩᠳᠤ ᠨᠠᠢᠮᠠᠨ ᠮᠤᠷᠢ︾ ᠤᠨ ᠲᠤᠲᠤᠷᠠᠬᠢ ︽ᠴᠢᠨᠠᠷ ᠬᠡᠪ ᠵᠦᠢᠯ ᠤᠨ ᠪᠠᠷᠢᠯᠳᠤᠯᠭ᠎ᠠ ᠲᠠᠢ᠂ ᠴᠢᠭᠤᠯᠭᠠᠨ | ᠨᠤᠮᠤᠬᠠᠨ ᠬᠤᠩᠭᠤᠷ ᠮᠤᠷᠢᠨ ᠤ ᠰᠦᠯᠳᠡ ᠡ ︾ ᠭᠡᠬᠦ ᠲᠠᠭᠤᠯᠠᠯᠭ᠎ᠠ ᠲᠠᠢ ᠪᠦᠷᠢᠨ ᠨᠡᠶᠢᠴᠡᠵᠦ᠂ ᠠᠮᠠᠷᠠᠭ | ᠬᠤᠩᠭᠤᠷ ᠢᠶᠠᠨ ᠡᠷᠢᠵᠦ ᠠᠶᠢᠯ ᠡᠷᠦᠬᠡ ᠪᠤᠰᠬᠠᠬᠤ᠂ ᠬᠠᠷᠢ ᠳᠤ ᠮᠤᠷᠳᠠᠭᠰᠠᠨ ᠬᠡᠤᠬᠡᠨ ᠦᠷ᠎ᠡ ᠪᠠᠨ ᠡᠷᠬᠢᠵᠦ | ᠰᠠᠨᠠᠬᠤ ᠶᠢᠨ ᠵᠢᠷᠭᠠᠯ ᠢᠶᠠᠨ ᠪᠦᠳᠦᠭᠡᠬᠦ ᠳᠤ ᠪᠦᠷ ᠯᠡ ᠵᠢᠪᠬᠤᠭᠠᠳᠤ ᠰᠢᠷᠭ᠎ᠠ ᠮᠤᠷᠢ ᠪᠠᠨ ᠤᠨᠤᠵᠦ ᠦᠢᠯᠡ | ᠶᠠᠪᠤᠳᠠᠯ ᠢᠶᠠᠨ ᠭᠦᠢᠴᠡᠳᠭᠡᠳᠡᠭ ᠠᠵᠠᠢ᠃ |