ᠤᠷᠢᠶᠠᠩᠬᠠᠨ ᠤ᠂ ᠶᠤᠨᠳᠤᠨ | ᠬᠤᠪᠢᠯᠠᠢ ᠬᠠᠭᠠᠨ ᠤ ᠴᠠᠭᠠᠨ ᠰᠦᠷᠦᠭ ᠬᠢᠭᠡᠳ ᠦᠵᠦᠮᠦᠴᠢᠨ ᠴᠠᠭᠠᠨ ᠠᠳᠤᠭᠤᠨ ᠤ ᠤᠳᠤᠮᠯᠠᠯ ᠤᠨ | ᠲᠤᠬᠠᠢ ᠰᠢᠨᠵᠢᠯᠡᠬᠦ ᠨᠢ | | | ᠠᠭᠤᠯᠭ᠎ᠠ ᠶᠢᠨ ᠲᠤᠪᠴᠢ᠄ ᠦᠵᠦᠮᠦᠴᠢᠨ ᠴᠠᠭᠠᠨ ᠠᠳᠤᠭᠤᠨ ᠤ ᠤᠳᠤᠮ ᠤᠭᠰᠠᠭ᠎ᠠ ᠶᠢ ᠰᠢᠨᠵᠢᠯᠡᠨ᠂ ᠲᠤᠰ | ᠠᠳᠤᠭᠤᠨ ᠤ ᠤᠳᠤᠮ ᠢ ᠬᠤᠪᠢᠯᠠᠢ ᠬᠠᠭᠠᠨ ᠤ ᠴᠠᠭᠠᠨ ᠰᠦᠷᠦᠭ ᠤᠨ ᠤᠳᠤᠮᠯᠠᠯ ᠠᠴᠠ ᠮᠠᠯᠵᠢᠨ ᠤᠯᠠᠷᠢᠵᠦ ᠢᠷᠡᠭᠰᠡᠨ | ᠭᠡᠵᠦ ᠦᠵᠡᠭᠰᠡᠨ ᠪᠦᠭᠡᠳ ᠡᠭᠦᠨ ᠢᠶᠠᠨ ᠠᠯᠳᠠᠨ ᠤᠷᠤᠭᠳᠠᠨ ᠤ ᠤᠭᠰᠠᠭ᠎ᠠ ᠵᠠᠯᠭᠠᠮᠵᠢ᠂ ᠲᠡᠤᠬᠡᠨ ᠮᠠᠯᠵᠢᠯᠭ᠎ᠠ ᠶᠢᠨ | ᠤᠨᠴᠠᠯᠢᠭ᠂ ᠭᠠᠵᠠᠷ ᠵᠦᠢ ᠶᠢᠨ ᠪᠠᠶᠢᠷᠢᠰᠢᠯ᠂ ᠰᠢᠳᠦᠭᠡᠨ ᠳᠠᠬᠢᠯᠭ᠎ᠠ ᠵᠡᠷᠭᠡ ᠤᠯᠠᠨ ᠲᠠᠯ᠎ᠠ ᠳᠤ ᠬᠤᠯᠪᠤᠭᠳᠠᠭᠤᠯᠤᠨ | ᠰᠢᠨᠵᠢᠯᠡᠭᠰᠡᠨ ᠢᠶᠠᠨ ᠦᠵᠦᠮᠦᠴᠢᠨ ᠠᠶᠢᠮᠠᠭ ᠢ ᠲᠡᠷᠡ ᠦᠶ᠎ᠡ ᠶᠢᠨ ᠬᠤᠪᠢᠯᠠᠢ ᠬᠠᠭᠠᠨ ᠤ ᠠᠵᠢᠯ ᠲᠦᠷᠦᠯ ᠤᠨ | ᠬᠦᠮᠦᠰ ᠤᠨ ᠤᠳᠤᠭ ᠠᠶᠢᠮᠠᠭ ᠭᠡᠵᠦ ᠦᠵᠡᠪᠡ᠃ | ᠵᠠᠩᠭᠢᠯᠭ᠎ᠠ ᠶᠢᠨ ᠦᠭᠡ᠄ ᠤᠭᠰᠠᠭ᠎ᠠ ᠵᠠᠯᠭᠠᠮᠵᠢ᠂ ᠴᠠᠭᠠᠨ ᠠᠳᠤᠭᠤᠨ ᠤ ᠤᠳᠤᠮᠯᠠᠯ᠂ ᠭᠠᠵᠠᠷ ᠵᠦᠢ ᠶᠢᠨ | ᠪᠠᠶᠢᠷᠢᠰᠢᠯ᠂ ᠱᠠᠩᠳᠤ ᠨᠡᠶᠢᠰᠯᠠᠯ | ᠦᠵᠦᠮᠦᠴᠢᠨ ᠨᠤᠲᠤᠭ ᠪᠤᠯ ᠴᠠᠭ ᠦᠶ᠎ᠡ ᠶᠢᠨ ᠤᠷᠳᠤ ᠲᠡᠤᠬᠡᠨ ᠬᠤᠭᠤᠴᠠᠭᠠᠨ ᠳᠤ ᠴᠠᠭᠠᠨ ᠠᠳᠤᠭᠤᠨ ᠤ | ᠲᠠᠯᠠᠯᠭ᠎ᠠ ᠭᠡᠰᠢᠭ ᠬᠤᠷᠢᠶᠠᠭᠰᠠᠨ᠂ ᠴᠠᠭᠠᠨ ᠠᠳᠤᠭᠤᠨ ᠤ ᠰᠤᠶᠤᠯ ᠢ ᠤᠯᠠᠮᠵᠢᠯᠠᠨ ᠬᠦᠭᠵᠢᠭᠦᠯᠦᠭᠰᠡᠨ ᠮᠠᠯᠴᠢᠨ | ᠲᠦᠮᠡᠨ ᠲᠠᠢ ᠦᠷᠭᠡᠨ ᠲᠡᠨᠢᠭᠡᠷ ᠪᠡᠯᠴᠢᠭᠡᠷ ᠤᠰᠤᠨ ᠪᠠᠶᠢᠭ᠎ᠠ ᠶᠤᠮ᠃ ᠤᠳᠤᠬᠠᠨ ᠳᠤ ᠴᠠᠭᠠᠨ ᠵᠢᠰᠦᠮ ᠤᠨ ᠠᠳᠤᠭᠤ | ᠭᠤᠤᠯᠳᠠᠢ ᠮᠠᠯᠵᠢᠳᠠᠭ ᠭᠠᠵᠠᠷ ᠤᠷᠤᠨ ᠭᠡᠪᠡᠯ ᠵᠦᠪᠬᠡᠨ ᠦᠵᠦᠮᠦᠴᠢᠨ ᠲᠠᠯ᠎ᠠ ᠨᠤᠲᠤᠭ ᠲᠤ ᠯᠡ ᠦᠯᠡᠳᠡᠨ | ᠬᠠᠳᠠᠭᠠᠯᠠᠭᠳᠠᠵᠦ ᠪᠠᠶᠢᠬᠤ ᠨᠢ ᠲᠡᠤᠬᠡᠨ ᠰᠢᠯᠳᠠᠭᠠᠨ ᠲᠠᠢ ᠭᠡᠵᠦ ᠦᠵᠡᠨ᠎ᠡ᠃ ᠬᠤᠪᠢᠯᠠᠢ ᠬᠠᠭᠠᠨ ᠤ ᠦᠶ᠎ᠡ ᠳᠤ | ᠴᠠᠭᠠᠨ ᠠᠳᠤᠭᠤᠳ ᠢ ᠶᠡᠭᠡ ᠬᠡᠮᠵᠢᠶ᠎ᠡ ᠪᠠᠷ ᠮᠠᠯᠵᠢᠵᠦ᠂ ᠵᠠᠮ ᠬᠠᠷᠢᠯᠴᠠᠭ᠎ᠠ ᠶᠢᠨ ᠴᠢᠬᠤᠯᠠ ᠪᠠᠭᠠᠵᠢ ᠬᠡᠷᠡᠭᠰᠡᠯ ᠪᠤᠯᠭᠠᠵᠦ | ᠪᠠᠶᠢᠭᠰᠠᠨ ᠢᠶᠠᠷ ᠪᠠᠷᠠᠬᠤ ᠦᠭᠡᠢ ᠠᠮᠢᠳᠤᠷᠠᠯ ᠦᠢᠯᠡᠳᠪᠦᠷᠢᠯᠡᠯ ᠳᠡᠭᠡᠨ ᠬᠦᠨᠳᠦᠳᠭᠡᠯ ᠲᠠᠢ ᠬᠡᠷᠡᠭᠯᠡᠵᠦ ᠪᠠᠶᠢᠭᠰᠠᠨ | ᠪᠠᠶᠢᠨ᠎ᠠ᠂ ᠡᠨᠡ ᠲᠤᠬᠠᠢ ᠮᠡᠷᠺᠦ ᠫᠤᠯᠦ ᠳᠡᠮᠳᠡᠭᠯᠡᠬᠦ ᠳᠡᠭᠡᠨ᠄ ︽ᠶᠡᠭᠡ ᠬᠠᠭᠠᠨ ᠤ ᠲᠦᠮᠡᠨ ᠮᠤᠷᠢ ᠬᠢᠭᠡᠳ ᠲᠦᠮᠡᠨ | ᠭᠡᠭᠦᠤ ᠲᠡᠵᠢᠭᠡᠵᠦ ᠪᠦᠬᠦᠢ ᠶᠢ ᠪᠦᠭᠦᠳᠡ ᠪᠠᠷ ᠮᠡᠳᠡᠬᠦ ᠠᠨᠤ ᠪᠤᠯᠠᠢ᠂ ᠲᠡᠭᠦᠨ ᠤ ᠴᠠᠭᠠᠨ ᠠᠨᠤ ᠴᠠᠰᠤᠨ ᠮᠡᠳᠦ᠃ | ᠴᠢᠩᠭᠢᠰ ᠬᠠᠭᠠᠨ ᠤ ᠭᠡᠷ ᠤᠨ ᠲᠦᠷᠦᠯ ᠪᠤᠯᠪᠠᠰᠤ ᠡᠨᠡ ᠭᠡᠭᠦᠤ ᠶᠢᠨ ᠰᠦ ᠶᠢ ᠰᠠᠶ᠋ᠢ ᠤᠯᠵᠦ ᠤᠤᠭᠤᠮᠤᠢ᠂ ᠁︾ | ᠭᠡᠵᠦ ᠨᠠᠷᠢᠪᠴᠢᠯᠠᠨ ᠲᠤᠷᠠᠳᠴᠠᠢ᠃ ᠴᠠᠭᠠᠨ ᠠᠳᠤᠭᠤᠨ ᠤ ᠠᠰᠢᠭ ᠰᠢᠮ᠎ᠡ ᠶᠢ ᠬᠠᠭᠠᠨ ᠤ ᠠᠮᠢᠳᠤᠷᠠᠯ ᠤᠨ ᠢᠳᠡᠭᠡᠨ | ᠤᠮᠳᠠᠭᠠᠨ ᠳᠤ ᠤᠷᠤᠭᠤᠯᠵᠦ ᠪᠠᠶᠢᠭᠰᠠᠨ ᠲᠤᠬᠠᠢ ᠪᠠᠰᠠ ︽ᠲᠡᠳᠡ ᠴᠦᠮ ᠮᠢᠬ᠎ᠠ ᠬᠢᠭᠡᠳ ᠰᠦ ᠪᠠᠷ ᠢᠳᠡᠭᠡᠨ | ᠪᠤᠯᠭᠠᠮᠤᠢ᠂ ᠁ ᠳᠡᠳᠡ ᠴᠡᠭᠡ ᠤᠤᠭᠤᠮᠤᠢ᠂ ᠮᠦᠨ ᠡᠨᠡᠬᠦ ᠴᠡᠭᠡ ᠪᠠᠨ ᠵᠠᠰᠠᠵᠦ ᠬᠢᠭᠰᠡᠨ ᠠᠨᠤ ᠮᠠᠰᠢ ᠰᠠᠶᠢᠬᠠᠨ᠂ | ᠲᠡᠭᠦᠨ ᠤ ᠴᠢᠨᠠᠷ ᠬᠢᠭᠡᠳ ᠠᠮᠳᠠ ᠠᠨᠤ ᠬᠠᠷ᠎ᠠ ᠠᠷᠢᠬᠢ ᠲᠠᠢ ᠠᠳᠠᠯᠢ︾ ᠭᠡᠵᠠᠢ᠃ ᠲᠡᠭᠡᠪᠡᠯ ᠶᠡᠭᠡ ᠮᠤᠩᠭᠤᠯ | ᠬᠠᠭᠠᠳ ᠤᠨ ᠮᠠᠨᠢ ᠲᠡᠷᠡᠬᠦ ᠤᠨᠴᠤᠭᠤᠢ ᠵᠢᠰᠦᠮ ᠤᠨ ᠮᠠᠯᠵᠢᠵᠦ ᠪᠠᠶᠢᠭᠰᠠᠨ ᠴᠠᠭᠠᠨ ᠠᠳᠤᠭᠤᠳ ᠡᠳᠦᠭᠡ ᠬᠠᠮᠢᠭ᠎ᠠ | ᠶᠡᠭᠡ ᠬᠡᠮᠵᠢᠶ᠎ᠡ ᠪᠠᠷ ᠤᠳᠤᠮᠯᠠᠨ ᠬᠦᠷᠦᠩᠭᠡᠯᠡᠭᠳᠡᠭᠰᠡᠨ ᠪᠠᠶᠢᠭ᠎ᠠ ᠪᠤᠯ ᠭᠡᠳᠡᠭ ᠠᠰᠠᠭᠤᠯᠳᠠ ᠦᠭᠭᠦᠭᠳᠡᠵᠦ ᠪᠤᠢ᠃ ᠲᠤᠰ | ᠮᠠᠳᠠᠭ ᠲᠠᠢ ᠠᠰᠠᠭᠤᠯᠳᠠ ᠳᠤ 2012 ᠤᠨ ᠤ 6 ᠰᠠᠷ᠎ᠠ ᠶᠢᠨ 28 ᠡᠳᠦᠷ ᠶᠠᠪᠤᠭᠳᠠᠭᠰᠠᠨ ᠪᠠᠷᠠᠭᠤᠨ ᠦᠵᠦᠮᠦᠴᠢᠨ | ᠬᠤᠰᠢᠭᠤᠨ ᠤ ᠴᠠᠭᠠᠨ ᠠᠳᠤᠭᠤᠨ ᠤ ᠨᠠᠶᠢᠷ ᠨᠢ ᠪᠤᠳᠠᠳᠠᠢ ᠬᠠᠷᠢᠭᠤᠯᠳᠠ ᠪᠤᠯᠤᠭᠰᠠᠨ ᠭᠡᠵᠦ ᠪᠢ ᠦᠵᠡᠨ᠎ᠡ᠃ ᠴᠠᠭᠠᠨ | ᠠᠳᠤᠭᠤᠨ ᠰᠤᠶᠤᠯ ᠢ ᠳᠡᠯᠡᠬᠡᠢ ᠳᠤ ᠭᠠᠶᠢᠬᠠᠭᠤᠯᠤᠭᠰᠠᠨ ᠡᠨᠡ ᠤᠳᠠᠭᠠᠨ ᠤ ᠨᠠᠶᠢᠷ ᠤᠨ ᠪᠦᠬᠦ ᠶᠠᠪᠤᠴᠠ ᠠᠴᠠ ᠲᠡᠷᠡ | ᠤᠯᠠᠨ ᠲᠤᠭᠠᠨ ᠤ ᠴᠠᠭᠠᠨ ᠠᠳᠤᠭᠤᠳ ᠬᠤᠨ ᠤ ᠰᠦᠷᠦᠭ ᠮᠡᠳᠦ᠂ ᠲᠤᠷᠭᠠᠨ ᠨᠤᠭᠤᠭᠠᠨ ᠲᠠᠯ᠎ᠠ ᠳᠤ ᠳᠡᠪᠬᠡᠷᠡᠯᠳᠦᠨᠡ | ᠂ ᠴᠠᠭᠠᠨ ᠮᠤᠷᠢᠨ ᠤ ᠤᠷᠤᠯᠳᠤᠭᠠᠨ᠂ ᠴᠠᠭᠠᠨ ᠦᠷᠢᠶ᠎ᠡ ᠶᠢᠨ ᠤᠷᠤᠯᠳᠤᠭᠠᠨ᠂ ᠴᠠᠭᠠᠨ ᠲᠠᠭ᠎ᠠ ᠶᠢᠨ ᠤᠷᠤᠯᠳᠤᠭᠠᠨ | ᠴᠤᠭ ᠵᠢᠪᠬᠤᠭ᠎ᠠ ᠲᠠᠢ ᠶᠠᠪᠤᠭᠳᠠᠨ᠎ᠠ᠂ ᠬᠤᠭᠤᠯᠠᠢ ᠰᠢᠷᠭᠤᠭ᠎ᠠ ᠶᠢᠨ ᠲᠤᠮᠳᠠᠭᠤᠷ ᠴᠠᠭᠠᠨ ᠠᠵᠢᠷᠭ᠎ᠠ ᠲᠠᠯ ᠪᠤᠰᠬᠠᠨ | ᠲᠠᠭᠠᠷᠢᠨ ᠲᠡᠭᠦᠯᠢᠨᠡ᠂ ᠵᠡᠯᠡᠯᠡᠭᠰᠡᠨ ᠤᠨᠠᠭ᠎ᠠ ᠰᠠᠭᠠᠭᠰᠠᠨ ᠭᠡᠭᠦᠤ ᠴᠦᠮ ᠴᠠᠭᠠᠨ ᠵᠢᠰᠦᠮ ᠢᠶᠠᠷ ᠮᠠᠯᠮᠠᠢ ᠮᠢᠯᠢᠶᠡᠨᠡ᠂ | ᠤᠨᠤᠭᠰᠠᠨ ᠮᠤᠷᠢᠳ ᠨᠢ ᠴᠠᠭᠠᠨ ᠪᠤᠶᠤ ᠴᠠᠠᠭᠠᠨ ᠰᠠᠷᠠᠯ ᠠᠮᠠᠭᠠᠢ ᠬᠦᠨᠳᠦᠷᠤᠨ ᠵᠤᠤᠵᠠᠢ ᠬᠤᠯᠪᠤᠨ ᠲᠠᠪᠬᠢᠯᠳᠤᠨᠠ᠂ | ᠴᠠᠭᠠᠨ ᠭᠡᠭᠦᠤ ᠶᠢᠨ ᠴᠡᠭᠡ ᠪᠠᠷ ᠤᠮᠳᠠ ᠬᠠᠷᠢᠭᠤᠯᠤᠨ᠎ᠠ᠂ ᠶᠠᠭᠠᠬᠢᠭᠰᠠᠨ ᠴᠤᠭ ᠵᠢᠪᠬᠤᠭᠠᠯᠢᠭ ᠴᠠᠭᠠᠨ ᠠᠳᠤᠭᠤᠨ ᠤ | ᠵᠠᠩ ᠦᠢᠯᠡ ᠶᠢᠨ ᠪᠦᠷᠢᠨ ᠲᠤᠰᠬᠠᠯ᠂ ᠲᠡᠯᠡᠬᠡᠢ ᠳᠤ ᠬᠤᠪᠤᠷᠬᠠᠨ ᠠᠮᠢᠳᠤᠷᠠᠯ ᠦᠢᠯᠡᠰ ᠤᠨ ᠲᠡᠭᠡᠳᠦ ᠲᠦᠪᠰᠢᠨ | ᠪᠤᠯᠬᠤ ᠠᠵᠠᠢ᠃ ᠲᠡᠭᠡᠪᠡᠯ ᠬᠠᠭᠤᠴᠢᠨ ᠴᠠᠬᠠᠷ ᠲᠦᠮᠡᠨ ᠤ ᠲᠤᠮᠳᠠ ᠭᠠᠭᠴᠠᠬᠦ ᠦᠵᠦᠮᠦᠴᠢᠨ ᠠᠶᠢᠮᠠᠭ ᠴᠠᠭᠠᠨ | ᠵᠢᠰᠦᠮ ᠤᠨ ᠠᠳᠤᠭᠤᠳ ᠢ ᠡᠳᠦᠭᠡ ᠳᠤᠷ ᠢᠷᠡᠳᠡᠯ᠎ᠡ ᠤᠯᠠᠮᠵᠢᠯᠠᠨ ᠮᠠᠯᠵᠢᠵᠦ ᠢᠷᠡᠭᠰᠡᠨ ᠨᠢ ᠬᠤᠪᠢᠯᠠᠢ ᠬᠠᠭᠠᠨ ᠤ | ᠠᠳᠤᠭᠤᠨ ᠤ ᠤᠳᠤᠮᠯᠠᠯ᠂ ᠤᠩᠭᠤᠨ ᠲᠤᠷᠬᠠᠯ ᠨᠤᠶᠠᠨ ᠤ ᠬᠦᠷᠦᠩᠭᠡ ᠵᠠᠯᠭᠠᠮᠵᠢᠯᠠᠭᠰᠠᠨ ᠲᠠᠢ ᠰᠢᠭᠤᠳ ᠬᠤᠯᠪᠤᠭ᠎ᠠ | ᠲᠠᠢ ᠭᠡᠵᠦ ᠦᠵᠡᠯᠳᠡᠢ᠃ ᠲᠡᠤᠬᠡ ᠳᠡᠮᠳᠡᠭᠯᠡᠯ ᠬᠢᠭᠡᠳ ᠭᠠᠵᠠᠷ ᠵᠦᠢ ᠶᠢᠨ ᠪᠠᠶᠢᠷᠢᠰᠢᠯ ᠲᠠᠢ ᠬᠤᠯᠪᠤᠨ ᠨᠢᠭᠳᠠᠯᠠᠪᠠᠯ | ᠲᠤᠤᠷᠠᠬᠢ ᠮᠡᠳᠦ ᠠᠵᠢᠭᠯᠠᠯᠳᠠ ᠬᠢᠰᠦᠭᠡᠢ᠄ | ⒈ ᠲᠡᠤᠬᠡ ᠳᠡᠮᠳᠡᠭᠯᠡᠯ ᠳᠠᠬᠢ ᠤᠪᠤᠭ ᠤᠭᠰᠠᠭ᠎ᠠ ᠶᠢᠨ ᠭᠡᠯᠬᠢᠶ᠎ᠡ ᠵᠦᠢ ᠵᠢᠴᠢ ᠲᠤᠳᠤᠷᠬᠠᠢ ᠨᠡᠶᠢᠭᠡᠮ | ᠲᠤᠰᠢᠶᠠᠯ ᠤᠨ ᠵᠠᠯᠭᠠᠮᠵᠢ ᠠᠴᠠ ᠬᠢᠨᠠᠪᠠᠰᠤ ᠤᠮᠠᠷᠠᠳᠦ ᠶᠤᠸᠠᠨ ᠤᠯᠤᠰ ᠤᠨ ᠦᠶ᠎ᠡ ᠶᠢᠨ ᠦᠵᠦᠮᠦᠴᠢᠨ ᠠᠶᠢᠮᠠᠭ ᠤᠨ | ᠠᠬᠠᠯᠠᠭᠴᠢ ᠤᠩᠭᠤᠨ ᠲᠤᠷᠬᠠᠯ ᠨᠤᠶᠠᠨ ᠪᠤᠯ ᠬᠤᠪᠢᠯᠠᠢ ᠬᠠᠭᠠᠨ ᠤ ᠤᠳᠤᠮ ᠤᠨ ᠠᠷᠪᠠᠨ ᠭᠤᠷᠪᠠᠳᠤᠭᠠᠷ ︵︽ | ᠤᠮᠠᠷᠠᠳᠤ ᠶᠤᠸᠠᠨ ᠤ ᠲᠡᠤᠬᠡ︾ ᠶᠢ ᠦᠨᠳᠤᠰᠦᠯᠡᠪᠡᠯ︶ ᠦᠶ᠎ᠡ ᠶᠢᠨ ᠠᠴᠢ ᠪᠤᠯᠬᠤ ᠶᠤᠮ᠃ ᠤᠭᠰᠠᠭ᠎ᠠ ᠵᠦᠢ ᠶᠢᠨ | ᠳᠠᠯ᠎ᠠ ᠠᠴᠠ ᠦᠵᠡᠬᠦ ᠳᠤ ᠮᠠᠷᠭᠤᠰᠢ ᠦᠭᠡᠢ ᠠᠯᠳᠠᠨ ᠤᠷᠤᠭᠳᠠᠨ ᠮᠦᠨ ᠪᠠᠶᠢᠨ᠎ᠠ᠂ ᠲᠤᠰᠢᠶᠠᠯ ᠵᠠᠯᠭᠠᠮᠵᠢ ᠶᠢᠨ | ᠲᠠᠯ᠎ᠠ ᠠᠴᠠ ᠰᠢᠨᠵᠢᠯᠡᠬᠦ ᠳᠤ ᠪᠤᠳᠢ ᠠᠯᠠᠭ ᠬᠠᠭᠠᠨ ᠪᠤᠯ ᠤᠮᠠᠷᠠᠳᠤ ᠶᠤᠸᠠᠨ ᠤᠯᠤᠰ ᠤᠨ ᠦᠶ᠎ᠡ ᠳᠠᠬᠢ ᠮᠤᠩᠭᠤᠯ ᠤᠨ | ᠶᠡᠭᠡ ᠬᠠᠭᠠᠨ ᠤ ᠭᠤᠴᠢᠨ ᠬᠤᠶᠠᠳᠤᠭᠠᠷ ᠵᠠᠯᠭᠠᠮᠵᠢᠯᠠᠭᠴᠢ ᠪᠤᠯᠬᠤ ᠪᠦᠭᠡᠳ ᠦᠵᠦᠮᠦᠴᠢᠨ ᠤ ᠤᠩᠭᠤᠨ ᠲᠤᠷᠬᠠᠯ ᠤᠨ | ᠲᠦᠷᠦᠭᠰᠡᠨ ᠡᠴᠢᠭᠡ ᠪᠤᠯᠤᠨ᠎ᠠ᠃ ᠡᠶᠢᠮᠦ ᠪᠠᠷ ᠤᠩᠭᠤᠨ ᠲᠤᠷᠬᠠᠯ ᠨᠢ ᠪᠤᠳᠢ ᠠᠯᠠᠭ ᠬᠠᠭᠠᠨ ᠤ ᠭᠤᠳᠠᠭᠠᠷ ᠬᠦᠪᠡᠭᠦᠨ | ᠪᠤᠯᠤᠭᠰᠠᠨ ᠤ ᠬᠤᠪᠢ ᠳᠤ᠂ ᠴᠠᠬᠠᠷ ᠲᠦᠮᠡᠨ ᠤ ᠦᠵᠦᠮᠦᠴᠢᠨ ᠠᠶᠢᠮᠠᠭ ᠤᠨ ᠠᠬᠠᠯᠠᠭᠴᠢ ᠪᠦᠭᠡᠳ ᠳᠡᠳ᠋ ᠮᠢᠩᠭᠠᠨ ᠤ | ᠨᠤᠶᠠᠨ ᠤ ᠲᠤᠰᠢᠶᠠᠯ ᠳᠤ ᠪᠠᠶᠢᠭᠰᠠᠨ ᠨᠢ ᠢᠯᠡᠷᠬᠡᠢ ᠪᠠᠶᠢᠨ᠎ᠠ᠃ ᠡᠨᠡ ᠨᠢ ᠠᠯᠳᠠᠨ ᠤᠷᠤᠭᠳᠠᠨ ᠤ ᠭᠡᠯᠬᠢᠶ᠎ᠡ᠂ | ᠬᠤᠪᠢᠯᠠᠢ ᠬᠠᠭᠠᠨ ᠤ ᠬᠤᠶᠢᠴᠢᠰ ᠭᠡᠳᠡᠭ ᠢ ᠮᠠᠷᠭᠤᠰᠢ ᠦᠭᠡᠢ ᠭᠡᠷᠡᠴᠢᠯᠡᠨ᠎ᠡ᠃ ᠡᠶᠢᠮᠦ ᠠᠴᠠ ᠤᠩᠭᠤᠨ ᠲᠤᠷᠬᠠᠯ | ᠨᠤᠶᠠᠨ ᠤ ᠬᠤᠪᠢ ᠳᠤ ᠨᠤᠲᠤᠭ ᠳᠡᠪᠢᠰᠭᠡᠷ ᠪᠠ ᠮᠠᠯ ᠬᠦᠷᠦᠩᠭᠡ ᠵᠠᠯᠭᠠᠮᠵᠢᠯᠠᠬᠤ ᠦᠨᠳᠦᠰᠦᠳᠡᠨ ᠤ ᠵᠠᠩ ᠵᠠᠩᠰᠢᠯ | ᠲᠠᠢ ᠪᠠᠨ ᠪᠦᠷᠢᠮᠦᠰᠦᠨ ᠨᠠᠶᠢᠴᠡᠵᠦ ᠪᠠᠶᠢᠨ᠎ᠠ᠃ | ⒉ ᠮᠠᠯ ᠠᠵᠦ ᠠᠬᠤᠢ ᠪᠠ ᠨᠡᠶᠢᠭᠡᠮ ᠴᠠᠭ ᠦᠶ᠎ᠡ ᠶᠢᠨ ᠲᠠᠯ᠎ᠠ ᠪᠠᠷ᠂ ᠪᠦᠷᠢᠨ ᠪᠤᠰᠤ ᠪᠦᠷᠢᠳᠭᠡᠯ ᠢ | ᠦᠨᠳᠦᠰᠤᠯᠡᠪᠡᠯ ᠵᠢᠷᠠᠭᠠᠳ ᠤᠨ ᠤ ᠲᠤᠮᠳᠠᠴᠢ ᠪᠠᠷ ᠦᠵᠦᠮᠦᠴᠢᠨ ᠨᠤᠲᠤᠭ ᠲᠤ ᠴᠠᠭᠠᠨ ᠠᠳᠤᠭᠤᠨ ᠤ ᠲᠤᠭ᠎ᠠ 15 | ᠲᠦᠮᠡᠨ ᠲᠤᠯᠤᠭᠠᠢ ᠳᠤ ᠬᠦᠷᠴᠤ ᠶᠡᠬᠡᠪᠡᠷ ᠦᠨᠢᠷ ᠦᠰᠪᠡ᠂ ᠡᠭᠦᠨ ᠠᠴᠠ ᠬᠤᠶᠢᠰᠢ ᠴᠠᠭᠠᠨ ᠠᠳᠤᠭᠤᠨ ᠳᠤ ︽ | ᠶᠡᠮᠡ ᠲᠠᠢ︾᠂ ︽ᠦᠨ᠎ᠡ ᠬᠦᠷᠬᠦ ᠦᠭᠡᠢ︾᠂ ︽ᠪᠡᠯᠴᠢᠭᠡᠷ ᠲᠤ ᠬᠠᠯᠠ ᠲᠠᠢ︾ ᠭᠡᠬᠦ ᠵᠡᠷᠭᠡ ᠪᠠᠷ ᠨᠢᠳᠤ ᠦᠵᠡᠵᠦ᠂ | ᠭᠠᠳᠠᠨ᠎ᠠ ᠠᠴᠠ ᠪᠠᠷᠠᠭᠠᠨ ᠵᠢᠰᠦᠮ ᠤᠨ ᠦᠷ᠎ᠡ ᠶᠢᠨ ᠮᠠᠯ ᠤᠷᠤᠭᠤᠯᠤᠨ ᠳᠠᠯᠪᠢᠬᠤ᠂ ᠰᠡᠢᠳᠪᠦᠷᠢᠯᠠᠨ ᠬᠤᠳᠠᠯᠳᠤᠪᠠᠯ | ᠴᠠᠭᠠᠨ ᠦᠩᠬᠡ ᠲᠠᠢ ᠶᠢ ᠭᠤᠤᠯᠳᠠᠭᠤᠯᠵᠦ᠂ ᠶᠡᠮᠡ ᠲᠠᠢ ᠠᠳᠤᠭᠤ ᠭᠡᠵᠦ ᠴᠠᠭᠠᠨ ᠠᠳᠤᠭᠤ ᠶᠢ ᠰᠦᠷᠦᠭ ᠢᠶᠠᠷ | ᠢᠯᠭᠠᠨ ᠠᠯᠠᠵᠦ ᠬᠤᠷᠤᠭᠠᠭᠰᠠᠭᠠᠷ ᠪᠠᠶᠢᠵᠦ᠂ ᠤᠳᠤ ᠪᠤᠯᠬᠤ ᠳᠤ ᠦᠵᠦᠮᠦᠴᠢᠨ ᠴᠠᠭᠠᠨ ᠠᠳᠤᠭᠤ ᠭᠡᠬᠦ ᠨᠡᠷ᠎ᠡ | ᠰᠤᠨᠤᠰᠳᠠᠬᠤ ᠪᠠᠨ ᠪᠤᠯᠢᠵᠦ᠂ ᠴᠦᠭᠡᠨ ᠲᠤᠭᠠᠳᠠᠨ ᠪᠤᠯᠵᠠᠢ᠃ ᠲᠡᠭᠡᠪᠡᠯ ᠤᠰᠠᠳᠮᠠᠷ ᠪᠠᠶᠢᠭ᠎ᠠ ᠴᠠᠭᠠᠨ ᠠᠳᠤᠭᠤᠨ ᠤ | ᠤᠳᠤᠮ ᠤᠭᠰᠠᠭ᠎ᠠ ᠶᠢ ᠰᠢᠨᠵᠢᠯᠡᠬᠦ ᠳᠤ᠂ ᠬᠤᠪᠢᠯᠠᠢ ᠬᠠᠭᠠᠨ ᠤ ᠬᠤᠪᠢ ᠶᠢᠨ ᠦᠮᠴᠢ ᠪᠤᠯᠬᠤ ᠠᠳᠤᠭᠤᠳ ᠨᠢ ᠴᠦᠮ | ᠴᠠᠭᠠᠨ ᠵᠢᠰᠦᠮ ᠤᠨ ᠪᠠᠶᠢᠭᠰᠠᠨ ᠭᠡᠵᠦ ︽ᠮᠠᠷᠺᠦ᠂ ᠫᠤᠯᠦ ᠶᠢᠨ ᠠᠶᠠᠯᠠᠯ ᠤᠨ ᠳᠡᠮᠳᠡᠭᠯᠡᠯ︾ ᠳᠠᠬᠢ ᠠᠬᠤᠢ | ᠲᠤᠰᠬᠠᠯ ᠢᠶᠠᠷ ᠲᠡᠭᠡᠷ᠎ᠡ ᠨᠢᠭᠡᠨᠳᠡ ᠲᠤᠳᠤᠷᠬᠠᠶᠢᠯᠠᠪᠠ᠃ ᠡᠭᠦᠨ ᠠᠴᠠ ᠦᠵᠦᠮᠦᠴᠢᠨ ᠠᠶᠢᠮᠠᠭ ᠳᠡᠭᠡᠷ᠎ᠡ ᠦᠶ᠎ᠡ ᠳᠤ | ᠬᠤᠪᠢᠯᠠᠢ ᠬᠠᠭᠠᠨ ᠤ ᠠᠳᠤᠭᠤᠨ ᠤ ᠦᠢᠯᠡᠰ ᠢ ᠡᠵᠡᠩᠨᠡᠳᠡᠭ ᠠᠳᠤᠭᠤᠴᠢᠳ ᠪᠤᠶᠤ ᠴᠠᠭᠠᠭᠴᠢ ᠭᠡᠭᠦᠳ ᠢ ᠰᠠᠭᠠᠵᠦ | ᠬᠦᠷᠦᠩᠭᠡᠯᠡᠳᠡᠭ ᠰᠠᠭᠠᠯᠢᠴᠢᠳ ᠪᠠᠶᠢᠭᠰᠠᠨ ᠠᠵᠢᠯ ᠲᠦᠷᠦᠯ ᠤᠨ ᠬᠦᠮᠦᠰ ᠪᠠᠶᠢᠪᠠᠤ ᠭᠡᠵᠦ ᠠᠵᠢᠭᠯᠠᠭᠳᠠᠨ᠎ᠠ᠃ | ᠦᠵᠦᠮᠦᠴᠢᠨ ᠴᠠᠭᠠᠨ ᠠᠳᠤᠭᠤ ᠶᠢ ᠠᠯᠳᠠᠢ ᠠᠴᠠ ᠢᠷᠡᠭᠰᠡᠨ ᠴᠤ ᠪᠤᠯᠤᠭ᠂ ᠮᠤᠩᠭᠤᠯ ᠳᠠᠶᠠᠭᠠᠷ ᠠᠴᠠ | ᠴᠤᠭᠯᠠᠭᠤᠯᠤᠭᠰᠠᠨ ᠴᠤ ᠪᠤᠯᠤᠭ ᠡᠨᠡ ᠪᠤᠯ ᠮᠤᠩᠭᠤᠯ ᠠᠳᠤᠭᠤᠨ ᠤ ᠲᠦᠷᠦᠯ ᠭᠡᠳᠡᠭ ᠢ ᠬᠠᠷᠠᠭᠤᠯᠬᠤ ᠪᠦᠭᠡᠳ | ᠴᠢᠩᠭᠢᠰ ᠪᠤᠭᠳᠠ ᠪᠤᠯᠤᠨ ᠬᠤᠪᠢᠯᠠᠢ ᠬᠠᠭᠠᠨ ᠤ ᠦᠶ᠎ᠡ ᠳᠠᠬᠢ ᠠᠳᠤᠭᠤᠨ ᠤ ᠪᠦᠷᠢᠯᠳᠦᠯ ᠢ ᠯᠡ ᠢᠯᠡᠳᠭᠡᠨ᠎ᠡ᠂ | ᠲᠡᠭᠡᠪᠡᠯ ᠲᠡᠭᠦᠨ ᠠᠴᠠ ᠨᠠᠰᠢᠬᠢ 5 — 7 ᠵᠠᠭᠤᠨ ᠵᠢᠯ ᠤᠨ ᠲᠤᠷᠰᠢᠳᠡ ᠮᠠᠯᠵᠢᠵᠦ ᠬᠠᠳᠠᠭᠠᠯᠠᠭᠰᠠᠨ ᠭᠠᠵᠠᠷ | ᠨᠤᠲᠤᠭ᠂ ᠮᠠᠯᠴᠢᠨ ᠲᠦᠮᠡᠨ ᠤ ᠦᠶ᠎ᠡ ᠤᠯᠠᠷᠢᠯ ᠢ ᠬᠡᠷᠬᠢᠨ ᠳᠠᠶᠢᠯᠪᠤᠷᠢᠯᠠᠬᠤ ᠪᠤᠢ ᠭᠡᠳᠡᠭ ᠠᠰᠠᠭᠤᠳᠠᠯ ᠦᠭᠭᠦᠭᠳᠡᠵᠦ | ᠪᠠᠶᠢᠳᠠᠭ᠂ ᠬᠤᠪᠢᠰᠤᠯ ᠤᠨ ᠤᠨᠤᠯ ᠤᠨ ᠳᠠᠯ᠎ᠠ ᠠᠴᠠ ᠦᠵᠡᠬᠦ ᠳᠤ ᠭᠡᠳ ᠲᠡᠷᠡ ᠦᠶ᠎ᠡ ᠨᠡᠶᠢᠭᠡᠮ ᠰᠢᠨᠵᠢᠯᠡᠬᠦ ᠤᠬᠠᠭᠠᠨ | ᠬᠦᠭᠵᠢᠭᠡᠳᠦᠢ ᠲᠤᠯᠠ ᠦᠷᠭᠡᠨ ᠬᠡᠪᠴᠢᠶᠠᠨ ᠤ ᠡᠭᠦᠯᠳᠡᠷ ᠤᠨ ᠦᠭᠡᠷᠡᠴᠢᠯᠡᠯᠳᠡ ᠬᠢᠬᠦ ᠪᠤᠯᠤᠯᠴᠠᠭ᠎ᠠ ᠦᠭᠡᠢ ᠮᠦᠷᠳᠡᠭᠡᠨ | ᠴᠠᠭᠠᠨ ᠠᠳᠤᠭᠤᠳ ᠨᠢ ᠴᠤ ᠬᠦᠨᠳᠦᠳᠭᠡᠯ ᠲᠠᠢ ᠪᠠᠶᠢᠭᠰᠠᠨ ᠤᠴᠢᠷ ᠲᠡᠭᠦᠨ ᠤ ᠦᠩᠭᠡ ᠵᠢᠰᠦᠮ ᠢ ᠬᠤᠪᠢᠷᠠᠭᠤᠯᠤᠨ᠂ | ᠮᠢᠬᠠᠨ ᠤ ᠠᠳᠤᠭᠤ ᠪᠤᠯᠭᠠᠬᠤ ᠰᠢᠯᠳᠠᠭᠠᠨ ᠦᠭᠡᠢ ᠶᠤᠮ᠂ ᠤᠨᠤᠪᠴᠢᠳᠠᠶᠢᠬᠠᠨ ᠬᠡᠯᠡᠪᠡᠯ ᠬᠦᠭᠵᠢᠭᠦᠯᠵᠦ ᠪᠠᠶᠢᠭᠰᠠᠨ | ᠬᠦᠨᠳᠦᠳᠭᠡᠯ ᠲᠠᠢ ᠴᠠᠭ ᠦᠶ᠎ᠡ ᠨᠢ ᠲᠠᠭᠠᠷᠠᠨ᠎ᠠ᠃ ᠡᠶᠢᠮᠦ ᠪᠠᠷ ᠴᠠᠭᠠᠨ ᠠᠳᠤᠭᠤᠳ ᠨᠢ ᠦᠵᠦᠮᠦᠴᠢᠨ ᠮᠠᠯᠴᠢᠳ ᠤᠨ | ᠮᠠᠯ ᠠᠵᠦ ᠠᠬᠤᠢ ᠶᠢᠨ ᠲᠤᠮᠳᠠᠬᠢ ᠮᠠᠯᠵᠢᠯᠯᠠᠭᠠ ᠶᠢᠨ ᠲᠡᠷᠢᠭᠦᠨ ᠴᠢᠬᠤᠯᠠ ᠪᠦᠬᠦᠢ ᠦᠢᠯᠡᠳᠪᠦᠷᠢᠯᠡᠯ ᠤᠨ ᠬᠡᠷᠡᠭᠰᠡᠯ | ᠬᠢᠭᠡᠳ ᠦᠢᠯᠡᠳᠪᠦᠷᠢᠯᠡᠯ ᠤᠨ ᠬᠦᠴᠦᠨ ᠪᠤᠯᠵᠦ ᠲᠡᠤᠬᠡ ᠶᠢᠨ ᠡᠯᠡᠭᠡ ᠶᠢ ᠲᠤᠭᠤᠯᠤᠭᠰᠠᠭᠠᠷ ᠢᠷᠡᠭᠰᠡᠨ ᠬᠤᠪᠢᠯᠠᠢ | ᠬᠠᠭᠠᠨ ᠤ ᠴᠠᠭᠠᠨ ᠠᠳᠤᠭᠤᠨ ᠤ ᠤᠳᠤᠮ ᠤᠨ ᠡᠭᠦᠯᠳᠡᠷ ᠭᠡᠵᠦ ᠦᠵᠡᠭᠦᠰᠢᠳᠠᠢ᠂ ᠭᠡᠬᠦ ᠳᠡᠭᠡᠨ ᠦᠵᠦᠮᠦᠴᠢᠨ ᠨᠤᠲᠤᠭ | ᠲᠤᠬᠠᠢ ᠶᠢᠨ ᠦᠶ᠎ᠡ ᠬᠠᠭᠠᠨ ᠤ ᠠᠳᠤᠭᠤᠨ ᠤ ᠪᠡᠯᠴᠢᠭᠡᠷ ᠪᠤᠶᠤ ᠠᠪᠠ ᠶᠢᠨ ᠭᠠᠵᠠᠷ ᠪᠠᠶᠢᠭᠰᠠᠨ ᠪᠠᠶᠢᠵᠦ ᠴᠤ ᠮᠡᠳᠡᠬᠦ | ᠶᠤᠮ᠃ | ⒊ ᠭᠠᠵᠠᠷ ᠵᠦᠢ ᠪᠠ ᠪᠡᠯᠴᠢᠭᠡᠷ ᠤᠨ ᠪᠠᠶᠢᠷᠢᠰᠢᠯ ᠤᠨ ᠲᠠᠯ᠎ᠠ ᠪᠠᠷ᠂ ᠬᠤᠪᠢᠯᠠᠢ ᠬᠠᠭᠠᠨ ᠤ ᠠᠩᠬ᠎ᠠ | ᠨᠡᠶᠢᠰᠯᠡᠭᠰᠡᠨ ᠱᠠᠩᠳᠤ ᠬᠡᠶᠢᠪᠤᠩ ᠬᠤᠳᠠ ᠪᠤᠯ ᠦᠵᠦᠮᠦᠴᠢᠨ ᠨᠤᠲᠤᠭ ᠤᠨ ᠡᠮᠦᠨ᠎ᠡ ᠵᠠᠬ᠎ᠠ ᠠᠴᠠ ᠪᠤᠳᠤᠪᠠᠯ | ᠵᠢᠷᠭᠤᠭᠠᠨ ᠵᠠᠭᠤ ᠭᠠᠷᠤᠢ ᠭᠠᠵᠠᠷ ᠵᠠᠶᠢᠳᠠᠢ ᠪᠠᠶᠢᠭ᠎ᠠ ᠤᠳᠤ ᠶᠢᠨ ᠰᠢᠯᠤᠭᠤᠨ ᠬᠦᠬᠡ ᠬᠤᠰᠢᠭᠤᠨ ᠳᠤ ᠪᠦᠬᠦᠢ | ᠬᠤᠳᠠ ᠶᠢᠨ ᠪᠠᠭᠤᠷᠢ ᠪᠠᠯᠭᠠᠰᠤ ᠪᠤᠯᠬᠤ ᠶᠤᠮ᠃ ᠡᠷᠳᠡ ᠦᠶ᠎ᠡ ᠶᠢᠨ ᠮᠤᠩᠭᠤᠯ ᠶᠡᠭᠡ ᠬᠠᠭᠠᠨ ᠤ ᠬᠠᠭᠤᠴᠢᠨ ᠴᠠᠬᠠᠷ | ᠲᠦᠮᠡᠨ ᠳᠤ ᠦᠵᠦᠮᠦᠴᠢᠨ ᠪᠤᠯ ᠨᠠᠢᠮᠠᠨ ᠤᠲᠤᠭ ᠤᠨ ᠨᠢᠭᠡ ᠨᠢ ᠪᠠᠶᠢᠪᠠ᠃ ᠱᠠᠩᠳᠤ ᠨᠡᠶᠢᠰᠯᠡᠯ ᠠᠴᠠ ᠬᠠᠮᠤᠭ | ᠤᠶᠢᠷᠠᠯᠴᠠᠭ᠎ᠠ ᠦᠷᠦᠭᠡ ᠨᠤᠲᠤᠭ ᠵᠦᠷᠢᠶ᠎ᠡ ᠪᠡᠯᠴᠢᠭᠡᠷ ᠲᠠᠢ ᠪᠠᠶᠢᠳᠠᠭ ᠦᠵᠦᠮᠦᠴᠢᠨ ᠲᠠᠯ᠎ᠠ ᠨᠢ ᠤᠯᠠᠭᠠᠢ ᠭᠤᠤᠯ ᠤᠨ | ᠤᠰᠤᠨ ᠰᠢᠰᠲ᠋ᠧᠮ ᠢ ᠪᠠᠭᠳᠠᠭᠠᠭᠰᠠᠨ ᠵᠠᠳᠠᠭᠠᠢ ᠤᠰᠤ ᠪᠡᠯᠴᠢᠭᠡᠷ ᠦᠷᠭᠡᠨ ᠠᠭᠤᠳᠠᠮ ᠪᠠᠶᠢᠳᠠᠭ ᠢᠶᠠᠷ ᠶᠡᠭᠡ ᠲᠤᠭᠠᠨ ᠤ | ᠠᠳᠤᠭᠤᠨ ᠰᠦᠷᠦᠭ ᠮᠠᠯᠵᠢᠬᠤ ᠬᠠᠮᠤᠭ ᠤᠨ ᠲᠤᠬᠢᠷᠠᠮᠵᠢᠳᠠᠢ ᠭᠠᠵᠠᠷ ᠤᠷᠤᠨ ᠪᠤᠯᠤᠨ᠎ᠠ᠃ ︽ᠮᠠᠷᠺᠦ᠂ ᠫᠤᠯᠦ ᠶᠢᠨ | ᠠᠶᠠᠯᠠᠯ ᠤᠨ ᠳᠡᠮᠳᠡᠭᠯᠡᠯ︾ ᠳᠤ ᠬᠤᠪᠢᠯᠠᠢ ᠬᠠᠭᠠᠨ ᠤ ᠠᠩ ᠠᠪᠠ ᠬᠦᠭᠡᠭᠡᠵᠦ ᠪᠠᠶᠢᠭᠰᠠᠨ ᠲᠤᠬᠠᠢ ᠳᠡᠮᠳᠡᠭᠯᠡᠬᠦ ᠳᠡᠭᠡᠨ᠄ | ︽ᠶᠡᠭᠡ ᠬᠠᠭᠠᠨ ᠠᠷᠪᠠᠨ ᠬᠤᠶᠠᠷ ᠰᠠᠷ᠎ᠠ ᠬᠢᠭᠡᠳ ᠨᠢᠭᠡ᠂ ᠬᠤᠶᠠᠷ ᠰᠠᠷ᠎ᠠ ᠳᠤ ᠬᠢᠳᠡᠨ ᠤ ᠨᠡᠶᠢᠰᠯᠡᠯ ᠬᠤᠳᠠ ᠳᠠᠭᠠᠨ | ᠰᠠᠭᠤᠮᠤᠢ᠂ ᠡᠨᠡ ᠦᠶᠡᠰ ᠲᠤ ᠲᠡᠭᠷᠢ ᠲᠦᠢᠯ ᠤᠨ ᠬᠦᠢᠳᠡᠨ ᠲᠤᠯᠠ ᠲᠠᠷᠤᠢ ᠨᠢᠭᠡᠨ ᠪᠦᠯᠦᠭ ᠠᠪᠠ ᠶᠢᠨ ᠪᠦᠯᠬᠦᠮ | ᠳᠤᠷ ᠵᠠᠷᠯᠢᠭ ᠪᠠᠭᠤᠯᠭᠠᠵᠦ᠂ ᠲᠤᠭᠤᠷᠢᠨ ᠲᠦᠴᠢᠨ ᠡᠳᠦᠷ ᠤᠨ ᠭᠠᠵᠠᠷ ᠲᠤ ᠠᠪᠠ ᠳᠠᠯᠪᠢᠮᠤᠢ︾ ᠭᠡᠵᠠᠢ᠃ ᠨᠢᠭᠡ | ᠡᠳᠦᠷ ᠤᠨ ᠭᠠᠵᠠᠷ ᠢ ᠤᠳᠤ ᠶᠢᠨ ᠵᠠᠭᠤᠨ ᠭᠠᠵᠠᠷ ᠢᠶᠠᠷ ᠪᠤᠳᠤᠪᠠᠯ ᠲᠦᠴᠢᠨ ᠡᠳᠦᠷ ᠤᠨ ᠭᠠᠵᠠᠷ ᠨᠢ ᠡᠷᠭᠢᠨ | ᠲᠤᠭᠤᠷᠢᠨ ᠲᠦᠷᠪᠡᠨ ᠮᠢᠩᠭᠠᠨ ᠭᠠᠵᠠᠷ ᠤᠨ ᠠᠭᠤᠳᠠᠮ ᠠᠪᠠ ᠶᠢᠨ ᠤᠷᠤᠨ ᠪᠤᠯᠤᠨ᠎ᠠ᠂ ᠢᠩᠭᠢᠵᠦ ᠪᠤᠳᠤᠬᠤ ᠳᠤ | ᠦᠵᠦᠮᠦᠴᠢᠨ ᠨᠤᠲᠤᠭ ᠨᠢ ᠬᠠᠭᠠᠨ ᠤ ᠬᠠᠮᠤᠭ ᠤᠨ ᠤᠶᠢᠷᠠᠯᠴᠠᠭ᠎ᠠ ᠪᠦᠬᠦᠢ ᠠᠩ ᠤᠨ ᠤᠷᠤᠨ ᠪᠤᠯᠬᠤ ᠨᠢ ᠮᠡᠳᠡᠭᠡᠵᠢ | ᠬᠡᠷᠡᠭ ᠶᠤᠮ᠃ ᠵᠦᠪᠬᠡᠨ ᠠᠩ ᠠᠩᠨᠠᠯ ᠤᠨ ᠭᠠᠵᠠᠷ ᠨᠢ ᠡᠶᠢᠮᠦ ᠠᠭᠤᠤ ᠠᠭᠤᠳᠠᠮ ᠶᠤᠮ ᠴᠢᠨᠢ ᠠᠳᠤᠭᠤᠨ ᠤ | ᠪᠡᠯᠴᠢᠭᠡᠷ ᠢᠶᠠᠨ ᠦᠵᠦᠮᠦᠴᠢᠨ ᠨᠤᠲᠤᠭ ᠲᠤ ᠮᠠᠯᠵᠢᠵᠦ ᠪᠠᠶᠢᠭᠰᠠᠨ ᠭᠡᠬᠦ ᠳᠤ ᠳᠡᠮᠡᠢ ᠪᠤᠷᠤᠭᠤᠳᠠᠬᠤ ᠶᠠᠪᠤᠳᠠᠯ ᠦᠭᠡᠢ᠃ | ᠲᠡᠭᠡᠪᠡᠯ ᠬᠤᠪᠢᠯᠠᠢ ᠬᠠᠭᠠᠨ ᠬᠢᠭᠡᠳ ᠦᠵᠦᠮᠦᠴᠢᠨ ᠠᠶᠢᠮᠠᠭ ᠨᠢ ᠶᠠᠮᠠᠷ ᠬᠠᠷᠢᠴᠠᠭ᠎ᠠ ᠬᠤᠯᠪᠤᠭᠳᠠᠯ ᠲᠠᠢ ᠪᠠᠶᠢᠭᠰᠠᠨ | ᠪᠤᠢ ᠭᠡᠪᠡᠯ ᠶᠡᠭᠡ ᠬᠠᠭᠠᠨ ᠤ ᠬᠠᠷᠢᠶᠠᠨ ᠤ ᠠᠵᠢᠯ ᠲᠦᠷᠦᠯ ᠤᠨ ᠪᠦᠯᠦᠭᠯᠡᠯ ᠤᠨ ᠠᠶᠢᠮᠠᠭ ᠶᠠᠰᠤᠳᠠᠨ ᠭᠡᠵᠦ | ᠤᠶᠢᠯᠠᠭᠠᠭᠳᠠᠨᠠ᠃ | ⒋ ᠦᠵᠦᠮᠦᠴᠢᠨ ᠳᠤ ᠴᠠᠭᠠᠨ ᠠᠳᠤᠭᠤ ᠶᠢ ᠦᠶ᠎ᠡ ᠤᠯᠠᠷᠢᠨ ᠮᠠᠯᠵᠢᠭᠰᠠᠨ ᠤ ᠴᠢᠬᠤᠯᠠ ᠰᠢᠯᠳᠠᠭᠠᠨ ᠪᠤᠯ | ᠲᠡᠭᠦᠨ ᠤ ᠰᠢᠳᠦᠭᠡᠨ ᠳᠠᠬᠢᠯᠭ᠎ᠠ ᠲᠠᠢ ᠰᠢᠭᠤᠳ ᠬᠤᠯᠪᠤᠭ᠎ᠠ ᠲᠠᠢ᠂ ᠤᠴᠢᠷ ᠨᠢ ᠦᠵᠦᠮᠦᠴᠢᠨ ᠤ ᠬᠦᠳᠡᠭᠡ ᠰᠦᠯᠳᠡ | ᠪᠤᠯ ᠴᠢᠩᠭᠢᠰ ᠬᠠᠭᠠᠨ ᠤ ᠴᠠᠭᠠᠨ ᠮᠤᠷᠢᠨ ᠬᠦᠯᠦᠭᠯᠡᠭᠰᠡᠨ ᠭᠡᠭᠡᠨ ᠰᠦᠯᠳᠡ ᠪᠠ ᠴᠠᠭᠠᠨ ᠠᠵᠢᠷᠭ᠎ᠠ ᠶᠢᠨ ᠳᠡᠯ ᠢᠶᠠᠷ | ᠭᠦᠬᠦᠯᠡᠭᠰᠡᠨ ᠲᠤᠭ ᠰᠦᠯᠳᠡ ᠲᠠᠢ ᠪᠠᠶᠢᠳᠠᠭ ᠲᠤ ᠤᠷᠤᠰᠢᠨ᠎ᠡ᠃ ᠡᠶᠢᠮᠦ ᠠᠴᠠ ᠦᠵᠦᠮᠦᠴᠢᠨᠴᠤᠳ ᠲᠤ ᠤᠶᠤᠨ | ᠰᠠᠨᠠᠭᠠᠨ ᠤ ᠲᠠᠯ᠎ᠠ ᠪᠠᠷ ᠴᠠᠭᠠᠨ ᠮᠤᠷᠢ ᠪᠤᠯ ᠮᠠᠨᠳᠤᠨ ᠳᠡᠭᠵᠢᠷᠡᠬᠦ ᠬᠡᠶᠢᠮᠦᠷᠢ ᠶᠢᠨ ᠪᠡᠯᠭᠡᠳᠡᠯ᠂ ᠮᠠᠯ ᠰᠦᠷᠦᠭ ᠢᠶᠠᠨ | ᠬᠠᠷᠢᠭᠤᠯᠬᠤ ᠤᠨᠤᠯᠭ᠎ᠠ ᠶᠢᠨ ᠪᠠᠳᠤ ᠲᠦᠰᠢᠭ ᠭᠡᠵᠦ ᠢᠮᠠᠭᠳᠠ ᠦᠵᠡᠭᠰᠡᠭᠡᠷ ᠢᠷᠡᠭᠰᠡᠨ ᠪᠦᠭᠡᠳ ᠤᠯᠠᠮᠵᠢᠯᠠᠨ | ᠤᠳᠤᠮᠰᠢᠭᠤᠯᠤᠭᠰᠠᠨ ᠶᠤᠮ᠃ ᠳᠠᠬᠢᠪᠠᠯ ᠴᠠᠭᠠᠨ ᠮᠤᠷᠢᠨ ᠤ ᠤᠨᠴᠠᠯᠢᠭ ᠪᠤᠯ ᠶᠠᠪᠤᠭ᠎ᠠ ᠰᠠᠶᠢᠳᠠᠢ ᠤᠨᠤᠯᠭ᠎ᠠ ᠳᠤ | ᠲᠠᠭᠠᠭᠠᠴᠠᠳᠠᠢ᠂ ᠠᠮᠢᠰᠬᠤᠭ᠎ᠠ ᠠᠭᠤᠳᠠᠮ ᠭᠦᠶᠦᠬᠦ ᠳᠤ ᠬᠤᠷᠳᠤᠨ ᠪᠦᠭᠡᠳ ᠲᠡᠰᠪᠦᠷᠢᠳᠡᠢ᠂ ᠬᠦᠷᠦᠰᠦ ᠨᠢᠮᠭᠡᠨ | ᠬᠦᠯᠦᠷᠡᠬᠦ ᠨᠢ ᠠᠮᠠᠷᠬᠠᠨ ᠰᠡᠪᠡᠷᠡᠬᠦ ᠨᠢ ᠲᠦᠷᠭᠡᠨ᠂ ᠲᠡᠷᠭᠤ ᠬᠦᠴᠦ ᠠᠪᠴᠤ ᠲᠡᠩᠭᠡᠷᠡᠬᠦ ᠨᠢ ᠪᠤᠰᠤᠳ ᠦᠩᠭᠡ ᠶᠢᠨ | ᠠᠳᠤᠭᠤᠨ ᠠᠴᠠ ᠡᠷᠳᠡ ᠪᠠᠶᠢᠳᠠᠭ ᠵᠡᠷᠭᠡ ᠲᠠᠯ᠎ᠠ ᠪᠠᠷ ᠢᠯᠡᠷᠡᠳᠡᠭ ᠶᠤᠮ᠃ | ⒌ ᠠᠳᠤᠭᠤᠨ ᠤ ᠵᠠᠩ ᠦᠢᠯᠡ ᠶᠢᠨ ᠲᠠᠯ᠎ᠠ ᠪᠠᠷ᠂ ᠶᠤᠸᠠᠨ ᠤᠯᠤᠰ ᠤᠨ ᠲᠦᠷᠦ ᠵᠠᠰᠠᠬᠤ ᠭᠦᠳᠦᠯᠪᠦᠷᠢ | — ︽ᠠᠷᠪᠠᠨ ᠪᠤᠶᠠᠨ ᠲᠤ ᠨᠤᠮ ᠤᠨ ᠴᠠᠭᠠᠨ ᠲᠡᠤᠬᠡ︾ ᠪᠤᠯ ᠠᠷᠪᠠᠨ ᠭᠤᠷᠪᠠᠳᠤᠭᠠᠷ ᠵᠠᠭᠤᠨ ᠤ ᠲᠡᠤᠬᠡ ᠶᠢᠨ | ᠴᠢᠬᠤᠯᠠ ᠲᠤᠯᠭᠤᠷ ᠪᠢᠴᠢᠭ ᠤᠨ ᠨᠢᠭᠡ ᠨᠢ ᠮᠦᠨ᠂ ᠲᠡᠭᠦᠨ ᠳᠤ ᠲᠡᠮᠳᠡᠭᠯᠡᠭᠰᠡᠨ ᠨᠢ᠄ ︽᠁ ᠴᠢᠩᠭᠢᠰ ᠬᠠᠭᠠᠨ | ᠶᠡᠷᠡᠨ ᠶᠢᠰᠦᠨ ᠭᠡᠭᠦᠳ ᠢᠶᠠᠨ ᠤᠶᠠᠵᠦ ᠴᠠᠭᠠᠨ ᠰᠠᠴᠤᠯᠢ ᠪᠠᠨ ᠰᠠᠴᠤᠭᠰᠠᠨ ᠢᠶᠠᠷ ᠬᠠᠪᠤᠷᠤᠨ ᠴᠠᠭᠠᠨ ᠰᠦᠷᠦᠭ ᠤᠨ | ᠬᠤᠷᠢᠮ ᠢ ᠲᠡᠷᠡ ᠡᠳᠦᠷ ᠦᠢᠯᠡᠳᠬᠦ ᠃ ᠁ ᠶᠡᠷᠡᠨ ᠶᠢᠰᠦᠨ ᠴᠠᠭᠠᠭᠴᠤᠳ ᠢᠶᠠᠨ ᠤᠭᠤᠷᠠᠭ ᠦᠷᠡᠰ | ᠭᠠᠷᠠᠭᠠᠭᠰᠠᠨ ᠢᠶᠠᠷ ᠵᠤᠨ ᠤ ᠨᠠᠭᠤᠷ ᠤᠨ ᠬᠤᠷᠢᠮ ᠢ ᠲᠡᠷᠡ ᠡᠳᠦᠷ ᠦᠢᠯᠡᠳᠬᠦ᠃ ᠁︾ ᠭᠡᠵᠦ ᠡᠵᠡᠨ ᠬᠠᠭᠠᠨ ᠤ | ᠴᠠᠭᠠᠨ ᠰᠦᠷᠦᠭ ᠤᠨ ᠲᠠᠬᠢᠯᠭ᠎ᠠ ᠬᠢᠬᠦ ᠪᠠ ᠴᠡᠭᠡ ᠬᠦᠷᠦᠩᠭᠡᠯᠡᠬᠦ ᠲᠤᠬᠠᠢ ᠵᠠᠩ ᠦᠢᠯᠡ ᠪᠠᠨ ᠨᠠᠨᠳᠢᠩᠨᠠᠨ ᠡᠷᠬᠢᠮᠯᠡᠵᠦ᠂ | ᠤᠯᠠᠮᠵᠢᠯᠠᠨ ᠵᠠᠯᠭᠠᠮᠵᠢᠯᠠᠭᠰᠠᠨ ᠢ ᠲᠤᠳᠤᠷᠬᠠᠶᠢᠯᠠᠪᠠ᠂ ᠲᠡᠭᠡᠪᠡᠯ ᠮᠢᠩᠭ᠎ᠠ ᠰᠢᠬᠠᠮ ᠵᠢᠯ ᠤᠨ ᠲᠤᠷᠰᠢ᠂ ᠬᠡᠨ ᠴᠠᠠᠭᠠᠨ | ᠠᠳᠤᠭᠤᠳ ᠢᠶᠠᠨ ᠮᠠᠯᠵᠢᠨ᠂ ᠴᠠᠭᠠᠨ ᠭᠡᠭᠦᠤ ᠪᠠᠨ ᠰᠠᠭᠠᠵᠦ ᠴᠠᠭᠠᠨ ᠰᠠᠴᠤᠯᠢ ᠪᠠᠷ ᠡᠴᠢᠭᠡ ᠲᠡᠭᠷᠢ ᠡᠬᠡ ᠭᠠᠵᠠᠷ ᠢᠶᠠᠨ | ᠲᠠᠬᠢᠵᠦ᠂ ᠴᠠᠭᠠᠨ ᠭᠡᠭᠦᠤ ᠶᠢᠨ ᠴᠡᠭᠡ ᠬᠦᠷᠦᠩᠭᠡᠯᠡᠵᠦ ᠰᠢᠮ᠎ᠡ ᠲᠡᠭᠡᠵᠢ ᠪᠠᠨ ᠡᠳᠦᠭᠡ ᠪᠤᠯᠳᠠᠯ᠎ᠠ ᠭᠦᠷᠳᠡᠭᠰᠡᠭᠡᠷ ᠢᠷᠡᠪᠡ | ︕ ᠦᠵᠦᠮᠦᠴᠢᠨ ᠠᠶᠢᠮᠠᠭ ᠯᠠ ᠡᠨᠡ ᠪᠦᠬᠦᠨ ᠤᠳᠤ ᠳᠤ ᠢᠷᠡᠳᠡᠯ᠎ᠡ ᠴᠠᠭᠠᠨ ᠤᠨᠠᠭ᠎ᠠ ᠪᠠᠨ ᠤᠶᠠᠵᠦ᠂ ᠴᠠᠭᠠᠭᠴᠢ | ᠭᠡᠭᠦᠳ ᠢᠶᠠᠨ ᠰᠠᠭᠠᠵᠦ ᠠᠰᠢᠭᠯᠠᠭᠰᠠᠭᠠᠷ ᠢᠷᠡᠭᠰᠡᠨ ᠶᠤᠮ᠂ ᠮᠢᠩᠭᠠᠨ ᠵᠢᠯ ᠪᠤᠯᠤᠭᠰᠠᠨ ᠴᠠᠭᠠᠨ ᠠᠳᠤᠭᠤᠨ ᠤ | ᠰᠤᠶᠤᠯ ᠤᠨ ᠵᠠᠩ ᠦᠢᠯᠡ ᠶᠢ ᠪᠦᠷᠢᠨ ᠬᠠᠳᠠᠭᠠᠯᠠᠭᠰᠠᠭᠠᠷ ᠢᠷᠡᠭᠰᠡᠨ ᠨᠢ ᠪᠤᠳᠠᠳᠤ ᠶᠠᠪᠤᠳᠠᠯ ᠪᠠᠷ ᠲᠡᠯᠭᠡᠭᠳᠡᠵᠦ ᠪᠠᠶᠢᠨ᠎ᠠ | ᠃ ᠴᠠᠭᠠᠨ ᠭᠡᠭᠦᠤ ᠶᠢᠨ ᠴᠡᠭᠡ ᠪᠠᠷ ᠡᠪᠡᠳᠴᠢᠨ ᠵᠠᠰᠠᠬᠤ ᠠᠨᠠᠭᠠᠬᠤ ᠮᠡᠷᠭᠡᠵᠢᠯ ᠢ ᠮᠠᠨ ᠤ ᠮᠤᠩᠭᠤᠯ ᠡᠮᠨᠡᠯᠭᠡ ᠳᠤ ᠤᠳᠤ | ᠪᠤᠯᠳᠠᠯ᠎ᠠ ᠭᠦᠢᠴᠡᠳ ᠠᠰᠢᠭᠯᠠᠭᠰᠠᠭᠠᠷ ᠪᠠᠶᠢᠭ᠎ᠠ ᠶᠤᠮ᠃ | ⒍ ᠴᠠᠭᠠᠨ ᠠᠳᠤᠭᠤᠨ ᠤ ᠬᠠᠳᠠᠭᠠᠯᠠᠯᠳᠠ ᠨᠢ ᠴᠠᠬᠠᠷ ᠠᠶᠢᠮᠠᠭ ᠤᠨ ᠴᠠᠭ ᠲᠦᠷᠦ ᠶᠢᠨ ᠤᠯᠠᠷᠢᠭᠰᠠᠨ ᠲᠡᠤᠬᠡᠨ | ᠨᠦᠬᠦᠴᠡᠯ ᠠᠴᠠ ᠰᠢᠯᠳᠠᠭᠠᠯᠠᠭᠳᠠᠨ᠎ᠠ᠃ ᠴᠠᠬᠠᠷ ᠭᠡᠬᠦ ᠪᠦᠯᠦᠭᠯᠡᠯ ᠪᠠᠶᠢᠭᠤᠯᠦᠮᠵᠢ ᠶᠢᠨ ᠲᠡᠤᠬᠡᠨ ᠡᠭᠦᠰᠦᠯ | ᠬᠤᠪᠢᠷᠠᠯ ᠠᠴᠠ ᠠᠪᠴᠤ ᠬᠡᠯᠡᠭᠰᠡᠨ ᠴᠤ ᠬᠠᠭᠠᠨ ᠤ ᠴᠠᠭᠠᠨ ᠠᠳᠤᠭᠤᠳ ᠨᠢ ᠪᠤᠰᠤᠳ ᠠᠶᠢᠮᠠᠭ ᠪᠦᠯᠦᠭ ᠢ ᠪᠤᠳᠤᠪᠠᠯ | ᠦᠵᠦᠮᠦᠴᠢᠨ ᠠᠶᠢᠮᠠᠭ ᠲᠤ ᠬᠠᠳᠠᠭᠠᠯᠠᠭᠳᠠᠨ ᠦᠯᠡᠳᠡᠬᠦ ᠨᠢ ᠬᠠᠮᠤᠭ ᠤᠨ ᠶᠡᠭᠡ ᠪᠤᠯᠤᠯᠴᠠᠭ᠎ᠠ ᠲᠠᠢ ᠶᠤᠮ᠃ | ᠴᠠᠬᠠᠷ ᠤᠨ ᠲᠡᠤᠬᠡᠨ ᠡᠭᠦᠰᠦᠯ ᠬᠤᠪᠢᠷᠠᠯ ᠢ ᠶᠡᠭᠡ ᠮᠤᠩᠭᠤᠯ ᠤᠯᠤᠰ ᠤᠨ ᠦᠶ᠎ᠡ ᠶᠢᠨ ᠴᠠᠬᠠᠷ᠂ ᠤᠮᠠᠷᠠᠳᠤ | ᠮᠤᠩᠭᠤᠯ ᠤᠨ ᠦᠶ᠎ᠡ ᠶᠢᠨ ᠴᠠᠬᠠᠷ᠂ ᠮᠠᠨᠵᠦ ᠲᠦᠷᠦ ᠶᠢᠨ ᠦᠶ᠎ᠡ ᠶᠢᠨ ᠴᠠᠬᠠᠷ ᠭᠡᠵᠦ ᠭᠤᠷᠪᠠᠨ ᠪᠦᠯᠦᠭ ᠬᠤᠪᠢᠶᠠᠨ | ᠲᠤᠪᠴᠢᠯᠠᠨ ᠵᠠᠳᠠᠯᠵᠦ ᠤᠴᠢᠷ ᠶᠠᠪᠤᠳᠠᠯ ᠢ ᠲᠤᠳᠤᠷᠬᠠᠶᠢᠯᠠᠵᠦ ᠪᠤᠯᠤᠮᠠᠷ ᠪᠠᠶᠢᠨ᠎ᠠ᠃ | ⑴ ᠴᠠᠬᠠᠷ ᠤᠨ ᠡᠭᠦᠰᠦᠯ ᠨᠢ ᠶᠠᠷᠢᠶᠠᠨ ᠦᠭᠡᠢ ᠶᠡᠭᠡ ᠮᠤᠩᠭᠤᠯ ᠤᠯᠤᠰ ᠤᠨ ᠦᠶ᠎ᠡ ᠡᠵᠡᠨ ᠴᠢᠩᠭᠢᠰ ᠤᠨ | ᠪᠡᠶ᠎ᠡ ᠬᠠᠮᠠᠭᠠᠯᠠᠬᠤ ᠪᠠ ᠠᠶᠢᠮᠠᠭ ᠪᠦᠯᠦᠭ ᠢ ᠰᠠᠬᠢᠬᠤ ᠲᠦᠪ ᠤᠨ ᠴᠡᠷᠢᠭ ᠤᠨ ᠪᠠᠶᠢᠭᠤᠯᠤᠮᠵᠢ ᠠᠴᠠ ᠢᠷᠡᠯᠳᠡᠢ᠃ | ᠴᠢᠩᠭᠢᠰ ᠬᠠᠭᠠᠨ ᠬᠡᠪᠳᠡᠭᠦᠯ᠂ ᠲᠤᠷᠭᠤᠳ᠂ ᠬᠤᠷᠴᠢᠨ ᠢ ᠬᠠᠮᠳᠤᠳᠬᠠᠨ ᠦᠷᠭᠡᠳᠭᠡᠭᠡᠳ ᠲᠦᠮᠡᠨ ᠭᠡᠰᠢᠭᠳᠡᠨ | ᠪᠤᠯᠭᠠᠵᠦ᠂ ᠴᠠᠬᠠᠷ ᠤᠨ ᠰᠠᠭᠤᠷᠢ ᠶᠢ ᠲᠠᠯᠪᠢᠭᠰᠠᠨ ᠢᠶᠠᠷ ᠶᠠᠭ ︽ᠶᠡᠭᠡ ᠰᠢᠷ᠎ᠠ ᠲᠤᠭᠤᠵᠢ︾ ᠬᠡᠮᠡᠬᠦ ᠪᠢᠴᠢᠭ ᠲᠤ | ᠦᠭᠦᠯᠡᠭᠰᠡᠨ ᠰᠢᠭ᠄ | ︽ ᠴᠠᠪᠴᠢᠬᠤ ᠢᠯᠳᠦᠨ ᠤ ᠢᠷ ᠪᠤᠯᠤᠭᠰᠠᠨ | ᠴᠠᠷᠬᠢ ᠲᠤᠬᠤᠯᠬᠠᠨ ᠤ ᠲᠠᠯ᠎ᠠ ᠪᠤᠯᠤᠭᠰᠠᠨ | ᠴᠠᠬᠠᠷ ᠲᠦᠮᠡᠨ︾ ᠪᠤᠯᠵᠦ ᠶᠠᠪᠤᠭᠰᠠᠨ ᠶᠤᠮ᠃ ᠴᠢᠩᠭᠢᠰ ᠬᠠᠭᠠᠨ ᠤ ᠦᠶ᠎ᠡ ᠶᠢᠨ ᠴᠠᠬᠠᠷ ᠤᠨ ᠬᠤᠪᠢᠷᠠᠯᠳᠠ | ᠭᠡᠪᠡᠯ ︽ᠯᠤ᠂ ᠠᠯᠳᠠᠨ ᠲᠤᠪᠴᠢ︾ ᠳᠤ ᠳᠡᠮᠳᠡᠭᠯᠡᠭᠰᠡᠨ ᠢ ᠦᠨᠳᠦᠰᠦᠯᠡᠪᠡᠯ᠂ ᠬᠠᠭᠠᠨ ᠢᠶᠠᠷ ᠴᠢᠯᠡᠭᠡᠨ ᠲᠡᠭᠡᠭᠰᠢ | ᠪᠤᠯᠤᠭᠰᠠᠨ ᠲᠤᠷ ᠶᠡᠭᠡ ᠲᠦᠷᠦ ᠶᠢ ᠰᠡᠳᠭᠢᠭᠰᠡᠨ ᠤᠳᠬᠠᠨ ᠪᠡᠷᠢ ᠰᠤᠷᠬᠠᠭᠳᠠᠨᠢ ᠳᠤ ᠄ ︽ᠪᠢ ᠴᠢᠮᠠᠶᠢ ᠪᠠᠷᠢ ᠭᠡᠵᠦ | ᠪᠤᠤ ᠬᠡᠯᠡᠰᠦ᠂ ᠪᠠᠬᠢ ᠲᠠᠶᠢᠬᠤ ᠭᠡᠰᠦ᠂ ᠰᠢᠤ ᠭᠡᠵᠦ ᠪᠤᠤ ᠬᠡᠯᠡᠶ᠎ᠡ᠂ ᠰᠤᠳᠠᠢ ᠲᠠᠶᠢᠬᠤ ᠬᠡᠮᠡᠶ᠎ᠡ︾ ᠭᠡᠵᠦ ᠴᠤᠯᠠ | ᠦᠭᠭᠦᠭᠡᠳ ᠨᠠᠢᠮᠠᠨ ᠤᠳᠤᠭ ᠴᠠᠭᠠᠷ ᠲᠦᠮᠡᠨ ᠢ ᠰᠤᠩᠭᠤᠵᠦ ᠦᠭᠴᠤ ᠰᠤᠶᠤᠷᠬᠠᠪᠠ᠃ ᠡᠭᠦᠨ ᠠᠴᠠ ᠴᠠᠬᠠᠷ ᠲᠦᠮᠡᠨ | ᠨᠢ ᠲᠤᠯᠤᠢ ᠶᠢᠨ ᠬᠤᠶᠢᠴᠢᠰ ᠲᠤ ᠬᠠᠷᠢᠶᠠᠯᠠᠭᠳᠠᠬᠤ ᠪᠤᠯᠤᠭᠰᠠᠨ ᠢ ᠬᠠᠷᠠᠭᠤᠯᠵᠦ ᠪᠠᠶᠢᠨ᠎ᠠ᠃ ᠡᠨᠡ ᠦᠶ᠎ᠡ ᠳᠤ ᠴᠢᠩᠭᠢᠰ | ᠬᠠᠭᠠᠨ ᠤ ᠴᠠᠭᠠᠨ ᠠᠳᠤᠭᠤᠳ ᠨᠢ ᠠᠳᠡ ᠠᠴᠠ ᠬᠤᠯᠠᠳᠠᠭᠠᠳᠤᠢ ᠨᠢ ᠮᠡᠳᠡᠭᠡᠵᠢ᠃ | ⑵ ᠤᠮᠠᠷᠠᠳᠤ ᠶᠤᠸᠠᠨ ᠤᠯᠤᠰ ᠤᠨ ᠦᠶ᠎ᠡ ᠳᠤ᠂ ᠴᠠᠬᠠᠷ ᠲᠦᠮᠡᠨ ᠨᠢ ︽ᠠᠯᠳᠠᠨ ᠬᠦᠷᠳᠦᠨ ᠮᠢᠩᠭᠠᠨ | ᠭᠡᠭᠡᠰᠦᠳᠦ︾ ᠬᠡᠮᠡᠬᠦ ᠪᠢᠴᠢᠭ ᠲᠤ ᠲᠤᠳᠤᠷᠬᠠᠢ ᠢᠯᠭᠠᠨ ᠴᠠᠬᠠᠷ ᠠᠶᠢᠮᠠᠭ ᠤᠨ ᠪᠦᠷᠢᠯᠳᠦᠯ ᠢ ᠨᠠᠷᠢᠨ ᠲᠤᠭᠠᠴᠠᠪᠠ | ᠡᠭᠦᠨ ᠳᠤ᠄ ︽ᠴᠠᠬᠠᠷ ᠲᠦᠮᠡᠨ ᠢᠨᠤ᠄ ᠠᠤᠬᠠᠨ᠂ ᠨᠠᠢᠮᠠᠨ᠂ ᠰᠦᠨᠢᠳ᠂ ᠦᠵᠦᠮᠤᠨ ᠦᠯᠬᠡ ᠶᠢᠨ ᠵᠡᠭᠦᠨ ᠲᠦᠷᠪᠡᠨ | ᠤᠳᠤᠭ ᠪᠤᠢ᠃ ᠵᠦᠢᠳ᠂ ᠪᠤᠷᠤᠳ᠂ ᠠᠯᠠᠭ᠂ ᠠᠯᠠᠭᠴᠢᠤᠳ ᠡᠳᠡ ᠢᠨᠤ ᠠᠷᠤ ᠶᠢᠨ ᠪᠠᠷᠠᠬᠤᠨ ᠲᠦᠷᠪᠡᠨ ᠤᠳᠤᠭ | ᠬᠡᠮᠡᠮᠤᠢ᠃︾ ᠡᠨᠡ ︽ᠦᠵᠦᠮᠦᠨ︾ ᠭᠡᠳᠡᠭ ᠨᠢ ᠲᠠᠷᠤᠢ ᠦᠵᠦᠮᠦᠴᠢᠨ ᠤᠳᠤᠭ ᠪᠤᠯᠬᠤ ᠨᠢ ᠲᠤᠳᠤᠷᠠᠵᠦ ᠪᠠᠶᠢᠨ᠎ᠠ᠃ | ᠪᠠᠳᠤᠮᠦ᠋ᠩᠬᠡ ᠲᠠᠶᠠᠨ ᠬᠠᠭᠠᠨ ᠤ ᠦᠶ᠎ᠡ ᠳᠤ ︽ᠦᠵᠦᠮᠦᠴᠢᠨ ᠤ ᠡᠯᠳᠦᠩᠭᠡ ᠪᠠᠭᠰᠢ︾ ᠭᠡᠵᠦ ︽ᠯᠤ᠂ ᠠᠯᠳᠠᠨ | ᠲᠤᠪᠴᠢ︾ ᠳᠤ ᠲᠡᠮᠳᠡᠭᠯᠡᠵᠦ ᠪᠠᠶᠢᠬᠤ ᠠᠴᠠ ᠦᠵᠡᠬᠦ ᠳᠤ ᠦᠵᠦᠮᠦᠴᠢᠨ ᠪᠤᠯ ᠴᠠᠬᠠᠷ ᠤᠨ ᠨᠢᠭᠡ ᠤᠳᠤᠭ ᠭᠡᠳᠡᠭ ᠨᠢ | ᠮᠠᠷᠭᠤᠭᠠᠨ ᠦᠭᠡᠢ ᠶᠤᠮ᠃ | ⑶ ᠮᠡᠨᠵᠦ ᠶᠢᠨ ᠦᠶ᠎ᠡ ᠶᠢᠨ ᠴᠠᠬᠠᠷ ᠤᠨ ᠲᠤᠬᠠᠢ ᠭᠡᠪᠡᠯ ᠯᠢᠭᠳᠡᠨ ᠬᠠᠭᠠᠨ ᠤ ᠦᠶ᠎ᠡ ᠠᠴᠠ ᠴᠠᠬᠠᠷ ᠲᠦᠮᠡᠨ ᠤ | ᠲᠤᠳᠤᠭᠠᠳᠤ ᠪᠦᠳᠦᠴᠡ ᠳᠤ ᠵᠠᠳᠠᠷᠠᠯ ᠭᠠᠷᠴᠤ᠂ ᠦᠵᠦᠮᠦᠴᠢᠨ᠂ ᠰᠦᠨᠢᠳ᠂ ᠬᠠᠭᠤᠴᠢᠳ ᠵᠡᠷᠬᠡ ᠠᠶᠢᠮᠠᠭ ᠤᠳᠤᠭ | ᠬᠠᠯᠬ᠎ᠠ ᠶᠢᠨ ᠰᠡᠴᠡᠨ ᠬᠠᠨ ᠱᠤᠤᠯᠢ ᠶᠢ ᠲᠦᠰᠢᠪᠡ ᠭᠡᠵᠦ ︽ᠮᠤᠩᠭᠤᠯ ᠤᠨ ᠨᠡᠬᠦᠬᠦ ᠮᠠᠯᠵᠢᠯ ᠤᠨ ᠲᠡᠮᠳᠡᠭᠯᠡᠯ︾ ᠳᠤ | ᠲᠤᠳᠤᠷᠬᠠᠶᠢᠯᠠᠵᠠᠢ᠃ ᠴᠢᠩ ᠤᠯᠤᠰ ᠤᠨ ᠦᠶ᠎ᠡ ᠳᠤ ᠡᠵᠡᠢ ᠬᠤᠩᠭᠤᠷ ᠨᠢᠭᠡ ᠪᠦᠯᠦᠭ ᠴᠠᠬᠠᠷ ᠢ ᠠᠪᠴᠤ ᠮᠠᠨᠵᠦ ᠳᠤ | ᠤᠷᠤᠵᠦ ᠦᠭᠭᠦᠭᠰᠡᠨ ᠪᠤᠯᠪᠠᠴᠤ ᠨᠢᠭᠡ ᠪᠦᠯᠦᠭ ᠨᠢ ᠤᠷᠳᠤᠰ ᠲᠤ ᠬᠤᠴᠤᠷᠤᠭᠰᠠᠨ ᠪᠠᠶᠢᠪᠠ᠂ ᠬᠤᠵᠢᠮ ᠨᠢ ᠪᠤᠷᠨᠠᠢ | ᠸᠠᠩ ᠤᠨ ᠤᠷᠪᠠᠯᠭᠠᠨ ᠢ ᠲᠠᠷᠤᠩᠭᠤᠶᠢᠯᠠᠭᠰᠠᠨ ᠤ ᠲᠠᠷᠠᠭ᠎ᠠ᠂ ᠡᠩᠬᠡ ᠠᠮᠤᠭᠤᠯᠠᠩ ᠬᠠᠭᠠᠨ ︽ᠴᠠᠬᠠᠷ ᠴᠡᠷᠢᠭ ᠡᠾᠧᠨᠠᠨ | ᠹᠦ᠋ ᠳᠤᠷ ᠤᠴᠢᠵᠦ ᠰᠠᠭᠤᠳᠤᠭᠠᠢ︾᠂ ᠴᠠᠬᠠᠷ ᠤᠨ ︽ᠬᠦᠮᠦᠨ ᠠᠮᠠ ᠶᠢᠨ ᠲᠤᠭ᠎ᠠ ᠶᠢ ᠵᠦᠪᠳᠡᠭᠴᠢ ᠶᠢᠨ ᠶᠠᠮᠤᠨ ᠤ | ᠲᠠᠩᠰᠠᠨ᠎ᠠ ᠳᠡᠮᠳᠡᠭᠯᠡᠵᠦ᠂ ᠡᠷᠦᠬᠡ ᠠᠮᠠ ᠪᠠ ᠬᠤᠶᠠᠭ ᠴᠡᠷᠢᠭ ᠢ ᠴᠦᠮ ᠢᠶᠠᠷ ᠮᠠᠨᠵᠦ ᠶᠢᠨ ᠨᠠᠢᠮᠠᠨ ᠬᠤᠰᠢᠭᠤᠨ ᠤ | ᠮᠤᠩᠭᠤᠯ ᠵᠠᠩᠬᠢ ᠳᠤ ᠬᠠᠷᠢᠶᠠᠭᠳᠠᠭᠤᠯᠵᠦ᠂ ᠴᠡᠷᠢᠭ ᠪᠤᠯᠳᠤᠭᠠᠢ︕︾ ᠬᠡᠮᠡᠨ ᠵᠠᠷᠯᠢᠭ ᠪᠠᠭᠤᠯᠭᠠᠪᠠ᠃ ᠡᠶᠢᠨᠬᠦ ᠴᠠᠬᠠᠷ | ᠠᠶᠢᠮᠠᠭ ᠤᠨ ᠨᠡᠷᠡᠶᠢᠳᠦᠯ ᠢ ᠦᠭᠡᠢ ᠪᠤᠯᠭᠠᠵᠦ᠂ ᠦᠶ᠎ᠡ ᠤᠯᠠᠮᠵᠢᠯᠠᠬᠤ ᠸᠠᠩ ᠤᠨ ᠵᠡᠷᠭᠡ ᠭᠡᠷᠬᠢᠮ ᠢ ᠬᠠᠰᠤᠵᠦ᠂ | ᠦᠪᠡᠰᠦᠪᠡᠨ ᠡᠵᠡᠨ ᠮᠡᠳᠡᠬᠦ ᠡᠷᠬᠡ ᠶᠢ ᠦᠭᠡᠶᠢᠰᠭᠡᠵᠦ᠂ ᠢ ᠵᠸᠤ ᠭᠠᠵᠠᠷ ᠢ ᠬᠤᠷᠢᠶᠠᠨ ᠠᠪᠴᠤ᠂ ︽ᠨᠤᠲᠤᠭ ᠢ | ᠰᠤᠯᠠᠯᠠᠨ ᠮᠠᠯᠵᠢᠯ ᠤᠨ ᠲᠠᠯᠠᠪᠠᠢ ᠪᠤᠯᠭᠠᠵᠦ᠂ ᠲᠤᠳᠤᠭᠠᠳᠤ ᠶᠠᠮᠤᠨ ᠪᠤᠯᠤᠨ ᠲᠠᠶᠢᠹᠦᠰᠧ ᠶᠠᠮᠤᠨ ᠳᠤ | ᠬᠠᠷᠢᠶᠠᠯᠠᠭᠤᠯᠤᠭᠰᠠᠨ ᠪᠦᠭᠡᠳ ᠠᠷᠠᠳ ᠢᠷᠭᠡᠳ ᠢ ᠰᠢᠤᠸᠠᠨ ᠬᠤᠸᠠ ︿ᠪᠠᠶᠠᠨ ᠰᠤᠮᠤ﹀ ᠳ᠋ᠠᠲ᠋ᠦ᠋ᠩ ᠤᠨ ᠭᠠᠳᠠᠨ᠎ᠠ | ᠨᠡᠭᠦᠯᠭᠡᠨ︾ ᠨᠢᠭᠡᠨ ᠭᠡᠰᠡᠭ ᠢ ᠰᠢᠨᠵᠢᠶᠠᠩ ᠤᠨ ᠬᠢᠵᠠᠭᠠᠷ ᠲᠤ ᠰᠠᠬᠢᠭᠤᠯᠤᠨ ᠰᠠᠭᠤᠯᠭᠠᠵᠦ᠂ ᠬᠠᠯᠬ᠎ᠠ᠂ ᠦᠭᠡᠯᠡᠳ᠂ | ᠪᠠᠷᠠᠭᠤ᠂ ᠬᠤᠷᠴᠢᠨ᠂ ᠬᠤᠱᠤᠳ ᠵᠡᠷᠭᠡ ᠠᠶᠢᠮᠠᠭ ᠠᠴᠠ ᠨᠢᠭᠡᠨ ᠪᠦᠯᠦᠭ ᠢ ᠬᠤᠯᠢᠵᠦ ᠤᠷᠤᠭᠤᠯᠤᠭᠠᠳ ᠮᠠᠨᠵᠦ ᠶᠢᠨ | ᠨᠠᠢᠮᠠᠨ ᠬᠤᠰᠢᠭᠤᠨ ᠤ ᠲᠦᠷᠢᠮ ᠢᠶᠠᠷ ᠴᠠᠬᠠᠷ ᠨᠠᠢᠮᠠᠨ ᠬᠤᠰᠢᠭᠤ ᠪᠤᠯᠭᠠᠨ ᠪᠠᠶᠢᠭᠤᠯᠵᠦ᠂ ᠵᠡᠭᠦᠨ ᠪᠠᠷᠠᠭᠤᠨ ᠬᠤᠶᠠᠷ | ᠭᠠᠷ ᠬᠤᠪᠢᠶᠠᠵᠠᠢ᠃ ᠭᠦᠯᠦ ᠰᠢᠷ᠎ᠠ᠂ ᠬᠦᠪᠡᠭᠡᠳᠦ ᠰᠢᠷ᠎ᠠ᠂ ᠭᠦᠯᠦ ᠤᠯᠠᠭᠠᠨ᠂ ᠬᠦᠪᠡᠭᠡᠳᠦ ᠤᠯᠠᠭᠠᠨ ᠬᠤᠰᠢᠭᠤ ᠶᠢ | ᠴᠢᠭᠤᠯᠤᠯᠳᠦ ᠬᠠᠭᠠᠯᠭ᠎ᠠ ︵张家口︶ ᠶᠢᠨ ᠭᠠᠳᠠᠨ᠎ᠠ ᠨᠤᠲᠤᠭᠯᠠᠭᠤᠯᠵᠦ᠂ ᠬᠦᠯᠦ ᠴᠠᠭᠠᠨ᠂ ᠬᠦᠪᠡᠭᠡᠳᠦ | ᠴᠠᠭᠠᠨ᠂ ᠬᠦᠯᠦ ᠬᠦᠭᠡ ᠭᠤᠷᠪᠠᠨ ᠬᠤᠰᠢᠭᠤ ᠶᠢ ᠦᠷᠦᠭᠡᠰᠦᠨ ᠴᠢᠯᠠᠭᠤᠨ ᠬᠠᠭᠠᠯᠭ᠎ᠠ ︵独石口︶ ᠶᠢᠨ | ᠭᠠᠳᠠᠨ᠎ᠠ ᠨᠤᠲᠤᠭᠯᠠᠭᠤᠯᠵᠦ᠂ ᠬᠦᠪᠡᠭᠡᠳᠦ ᠰᠢᠷ᠎ᠠ ᠬᠤᠰᠢᠭᠤ ᠶᠢ ᠱᠦᠷᠭᠡᠢ ᠬᠠᠭᠠᠯᠭ᠎ᠠ ︵杀虎口︶ ᠶᠢᠨ | ᠭᠠᠳᠠᠨ᠎ᠠ ᠰᠠᠭᠤᠯᠭᠠᠵᠠᠢ ᠬᠡᠮᠡᠨ ︽ᠮᠤᠩᠭᠤᠯ ᠤᠨ ᠲᠤᠯᠢ ᠪᠢᠴᠢᠭ︾ ᠪᠠ ︽ᠮᠠᠯᠵᠢᠯ ᠢ ᠪᠠᠶᠢᠴᠠᠭᠠᠭᠰᠠᠨ ᠳᠡᠮᠳᠡᠭᠯᠡᠯ ᠤᠨ | ᠰᠤᠷᠪᠤᠯᠵᠢ ᠳᠡᠮᠳᠡᠭᠯᠡᠯ︾ ᠳᠤ ᠨᠠᠷᠢᠪᠴᠢᠯᠠᠨ ᠪᠢᠴᠢᠵᠡᠢ᠃ | ︽ᠴᠢᠩ ᠤᠨ ᠨᠤᠶᠠᠷᠬᠠᠭᠴᠢᠳ ᠤᠨ ᠲᠠᠷᠤᠩᠭᠤᠶᠢᠯᠠᠯ ᠢ ᠡᠰᠡᠷᠭᠦᠴᠡᠨ ᠪᠤᠰᠤᠯᠴᠠᠭᠰᠠᠨ ᠴᠠᠬᠠᠷᠴᠤᠳ ᠢ | ᠲᠠᠬᠢᠨᠳᠠ ᠲᠠᠷᠤᠩᠭᠤᠶᠢᠯᠠᠨ᠂ ᠴᠡᠷᠢᠭ ᠲᠤ ᠠᠯᠪᠠᠳᠠᠨ ᠲᠠᠲᠠᠬᠤ᠂ ᠬᠢᠯᠢ ᠰᠠᠬᠢᠭᠤᠯᠬᠤ᠂ ᠬᠠᠷᠢ ᠭᠦᠷᠦᠨ ᠤ | ᠲᠦᠷᠢᠮᠡᠬᠡᠶᠢᠯᠡᠯ ᠢ ᠡᠰᠡᠷᠭᠦᠴᠡᠬᠦ ᠡᠮᠦᠨ᠎ᠡ ᠤᠳᠠᠰᠤᠨ ᠤ ᠫᠤᠤ ᠶᠢᠨ ᠪᠦᠭᠯᠡᠭᠡ ᠪᠤᠯᠭᠠᠬᠤ ᠵᠡᠷᠭᠡ ᠪᠠᠷ ᠴᠠᠬᠠᠷ ᠡᠷ᠎ᠡ ᠶᠢᠨ | ᠦᠨᠳᠦᠰᠦ ᠶᠢ ᠲᠠᠰᠤᠯᠬᠤ ᠠᠷᠭ᠎ᠠ ᠪᠤᠳᠤᠯᠭ᠎ᠠ ᠠᠪᠴᠤ᠂ ᠮᠠᠨᠵᠦ ᠠᠯᠪᠠᠨ ᠨᠤᠶᠠᠨ ᠲᠠᠢ ︽ᠴᠠᠬᠠᠷ ᠨᠠᠢᠮᠠᠨ ᠬᠤᠰᠢᠭᠤ︾ | ᠪᠤᠯᠭᠠᠨ ᠬᠤᠪᠢᠶᠠᠵᠦ ᠵᠠᠬᠢᠷᠤᠭᠰᠠᠨ ᠪᠠᠶᠢᠨ᠎ᠠ᠃ ᠨᠢᠭᠡ ᠮᠢᠩᠭ᠎ᠠ ᠲᠤᠯᠤᠭᠠᠨ ᠵᠠᠭᠤᠨ ᠤᠨ ᠤ ᠡᠮᠦᠨ᠎ᠡ ᠬᠤᠶᠢᠨ᠎ᠠ | ᠵᠠᠭᠤᠨ ᠢ ᠰᠤᠨᠳᠠᠯᠠᠭᠤᠯᠤᠨ ᠮᠤᠩᠭᠤᠯ ᠤᠨ ᠤᠯᠠᠨ ᠤᠪᠤᠭ ᠠᠶᠢᠮᠠᠭ᠂ ᠶᠠᠰᠤᠳᠠᠨ ᠤᠭᠰᠠᠭᠠᠳᠠᠨ ᠢ ᠰᠠᠯᠭᠠᠨ | ᠵᠠᠳᠠᠷᠠᠭᠤᠯᠵᠦ᠂ ᠨᠤᠲᠤᠭ ᠰᠤᠯᠢᠪᠴᠠᠭᠤᠯᠤᠨ ᠨᠡᠭᠦᠯᠭᠡᠵᠦ᠂ ᠴᠠᠬᠠᠷ ᠨᠤᠲᠤᠭ ᠲᠤ ᠦᠭᠡᠯᠡᠳ᠂ ᠬᠢᠩᠭᠠᠨ᠂ ᠬᠤᠷᠴᠢᠳ | ᠂ ᠬᠦᠭᠡ ᠨᠤᠭᠤᠳ᠂ ᠵᠦᠷᠴᠢᠳ᠂ ᠪᠠᠷᠭᠤ᠂ ᠢᠰᠦᠳ᠂ ᠰᠢᠷᠠᠭᠤᠯ᠂ ᠤᠶᠢᠷᠠᠳ᠂ ᠰᠢᠷᠦᠢ ᠭᠤᠤᠯ᠂ ᠤᠨᠠᠭᠠᠴᠢᠨ᠂ | ᠦᠵᠡᠭᠦᠳ᠂ ᠭᠤᠷᠯᠤᠰ᠂ ᠬᠤᠱᠤᠳ᠂ ᠡᠯ᠎ᠡ ᠦᠷᠳᠡᠭᠡ ᠵᠠᠮ ᠤᠨ ᠠᠯᠪᠠ ᠬᠠᠭᠠᠵᠦ ᠪᠠᠶᠢᠭᠰᠠᠨ ᠮᠤᠩᠭᠤᠯᠴᠤᠳ ᠢ | ᠪᠦᠬᠦᠯᠢ ᠰᠤᠮᠤ᠂ ᠬᠠᠭᠠᠰ ᠰᠤᠮᠤ ᠪᠠᠷ ᠴᠠᠬᠠᠷ ᠨᠠᠢᠮᠠᠨ ᠬᠤᠰᠢᠭᠤ ᠪᠦᠷᠢ ᠳᠤ ᠨᠦᠬᠦᠪᠦᠷᠢᠯᠡᠨ ᠤᠷᠤᠭᠤᠯᠵᠦ | ᠨᠤᠲᠤᠭᠯᠠᠭᠤᠯᠤᠭᠰᠠᠨ ᠪᠠᠶᠢᠨ᠎ᠠ︾ ᠭᠡᠵᠦ ᠬᠠᠳᠠᠬᠢᠨ᠂ ᠳ᠋ᠠᠩᠰᠦᠷᠦᠩᠵᠠᠪ ᠤᠨ ︽ᠴᠠᠬᠠᠷ ᠤᠨ ᠴᠠᠭᠠᠨ ᠰᠠᠴᠤᠯᠢ︾ ᠭᠡᠬᠦ | ᠨᠤᠮ ᠳᠤ ᠲᠤᠳᠤᠷᠬᠠᠶᠢᠯᠠᠪᠠ᠃ | ᠲᠡᠭᠡᠷᠡᠬᠢ ᠲᠡᠮᠳᠡᠭᠯᠡᠯ ᠠᠴᠠ ᠮᠠᠨᠵᠦ ᠬᠦᠷᠦᠨ ᠨᠢ ᠮᠤᠩᠭᠤᠯ ᠤᠨ ᠬᠠᠭᠤᠴᠢᠨ ᠴᠠᠬᠠᠷ ᠠᠶᠢᠮᠠᠭ ᠢ ᠪᠦᠷᠢᠮᠦᠰᠦᠨ | ᠪᠤᠳᠠᠷᠭᠠᠨ ᠵᠠᠳᠠᠷᠠᠭᠤᠯᠤᠭᠰᠠᠨ ᠢᠶᠠᠨ ᠬᠠᠷᠢᠨ ᠮᠠᠨᠵᠦ ᠤᠨ ᠵᠠᠰᠠᠭ ᠤᠨ ᠲᠦᠷᠬᠡᠢ ᠠᠮᠪᠠᠨ ᠲᠤᠮᠢᠯᠠᠭᠰᠠᠨ ᠦᠪᠡᠷ ᠤᠨ | ᠬᠠᠷᠢᠶᠠᠨ ᠤ ︽ᠴᠠᠬᠠᠷ ᠨᠠᠢᠮᠠᠨ ᠬᠤᠰᠢᠭᠤ︾ ᠶᠢ ᠪᠠᠶᠢᠭᠤᠯᠤᠭᠰᠠᠨ ᠢ ᠮᠡᠳᠡᠵᠦ ᠪᠤᠯᠬᠤ ᠶᠢᠨ ᠬᠠᠮᠳᠤ ᠴᠠᠬᠠᠷ ᠤᠨ | ᠬᠠᠭᠤᠴᠢᠨ ᠤᠳᠤᠭ ᠪᠤᠯᠬᠤ ᠦᠵᠦᠮᠦᠴᠢᠨ᠂ ᠰᠦᠨᠢᠳ᠂ ᠬᠠᠭᠤᠴᠢᠳ᠂ ᠭᠡᠰᠢᠭᠳᠡᠨ᠂ ᠨᠠᠢᠮᠠᠨ᠂ ᠠᠤᠬᠠᠨ ᠵᠡᠷᠭᠡ | ᠣᠳᠤᠭ ᠢ ᠬᠤᠰᠢᠭᠤ ᠪᠠᠶᠢᠭᠤᠯᠵᠦ ᠵᠠᠰᠠᠭᠯᠠᠭᠰᠠᠨ ᠭᠡᠳᠡᠭ ᠢ ᠮᠡᠳᠡᠵᠦ ᠪᠤᠯᠤᠨ᠎ᠠ᠃ ᠤᠳᠤ ᠶᠢᠨ ᠪᠢᠳᠡᠨ ᠤ ᠮᠡᠳᠡᠵᠦ | ᠪᠦᠬᠦᠢ ᠬᠠᠭᠤᠴᠢᠨ ᠴᠠᠬᠠᠷ ᠤᠨ ᠤᠳᠤᠭ ᠠᠴᠠ ᠨᠢᠭᠳᠠᠯᠠᠪᠠᠯ ᠵᠦᠪᠬᠡᠨ ᠦᠵᠦᠮᠦᠴᠢᠨ ᠤᠳᠤᠭ ᠯᠡ ᠴᠠᠭᠠᠨ | ᠠᠳᠤᠭᠤᠳ ᠢ ᠬᠠᠳᠠᠭᠠᠯᠠᠭᠰᠠᠨ ᠪᠦᠭᠡᠳ ᠤᠳᠤ ᠪᠤᠯᠳᠠᠯ᠎ᠠ ᠶᠡᠭᠡ ᠬᠡᠮᠵᠢᠶ᠎ᠡ ᠪᠠᠷ ᠮᠠᠯᠵᠢᠵᠦ ᠪᠠᠶᠢᠬᠤ ᠪᠤᠯᠤᠨ᠎ᠠ᠃ | ᠲᠡᠭᠡᠷᠡᠬᠢ ᠵᠠᠳᠠᠯᠤᠯᠳᠠ ᠠᠴᠠ ᠦᠵᠡᠪᠡᠯ ᠦᠵᠦᠮᠦᠴᠢᠨ ᠴᠠᠭᠠᠨ ᠠᠳᠤᠭᠤ ᠪᠤᠯ ᠤᠷᠤᠨ ᠨᠤᠲᠤᠭ ᠤᠨ | ᠰᠢᠯᠢᠳᠡᠭ ᠡᠭᠦᠯᠳᠡᠷ ᠤᠨ ᠮᠤᠩᠭᠤᠯ ᠠᠳᠤᠭᠤᠨ ᠤ ᠲᠦᠷᠦᠯ ᠳᠤ ᠪᠠᠭᠳᠠᠬᠤ ᠪᠦᠭᠡᠳ ᠶᠤᠸᠠᠨ ᠭᠦᠷᠦᠨ ᠤ ᠦᠶ᠎ᠡ ᠶᠢᠨ | ᠴᠠᠭᠠᠨ ᠠᠳᠤᠭᠤᠨ ᠤ ᠤᠳᠤᠮᠯᠠᠯ ᠤᠨ ᠡᠭᠦᠯᠳᠡᠷ ᠤᠨ ᠲᠦᠷᠦᠯ᠂ ᠬᠠᠭᠠᠨ ᠤ ᠠᠳᠤᠭᠤᠨ ᠤ ᠪᠡᠯᠴᠢᠭᠡᠷ ᠲᠤ ᠦᠯᠡᠳᠡᠵᠦ | ᠪᠠᠶᠢᠭ᠎ᠠ ᠦᠩᠭᠡ ᠵᠢᠰᠦᠮ ᠢᠶᠠᠷ ᠢᠶᠠᠨ ᠲᠤᠳᠤᠷᠠᠬᠠᠢ᠂ ᠤᠳᠤᠮ ᠡᠭᠦᠯᠳᠡᠷ ᠨᠢᠭᠡᠳᠡᠢ ᠠᠳᠤᠭᠤᠨ ᠰᠦᠷᠦᠭ ᠤᠨ | ᠪᠦᠯᠦᠭᠯᠡᠯ ᠮᠦᠨ ᠭᠡᠳᠡᠭ ᠰᠠᠨᠠᠯ ᠢᠶᠠᠨ ᠲᠡᠪᠰᠢᠭᠦᠯᠵᠦ ᠪᠠᠶᠢᠨ᠎ᠠ᠃ | ︵ ᠬᠠᠷ᠎ᠠ ᠯᠤᠤ ᠵᠢᠯ ᠪᠢᠴᠢᠵᠦ᠂ ᠬᠠᠷᠠᠭᠴᠢᠨ ᠮᠤᠭᠠᠢ ᠵᠢᠯ ᠵᠠᠰᠠᠪᠠ︶ |