ᠦᠵᠦᠮᠦᠴᠢᠨ ᠤ ᠲᠡᠦᠬᠡ ᠰᠣᠶᠤᠯ ᠤᠨ ᠬᠦᠭᠵᠢᠯᠳᠡ ᠬᠢᠭᠡᠳ ᠲᠡᠭᠦᠨ ᠤ ᠨᠤᠳᠤᠭ ᠤᠷᠤᠨ ᠤ ᠵᠢᠳᠭᠦᠯᠳᠡᠳ
ᠨᠡᠶᠢᠲᠡᠯᠡᠭᠰᠡᠨ ᠴᠠᠭ᠄
2017/4/24
ᠤᠷᠢᠶᠠᠩᠬᠠᠨ ᠤ᠂ ᠶᠤᠨᠳᠤᠨ                 ᠦᠵᠦᠮᠦᠴᠢᠨ ᠤ ᠲᠡᠦᠬᠡ ᠰᠣᠶᠤᠯ ᠤᠨ ᠬᠦᠭᠵᠢᠯᠳᠡ ᠬᠢᠭᠡᠳ ᠲᠡᠭᠦᠨ ᠤ ᠨᠤᠳᠤᠭ ᠤᠷᠤᠨ ᠤ ᠵᠢᠳᠭᠦᠯᠳᠡᠳ ᠤᠨ ᠳᠣᠬᠠᠢ      ᠣᠷᠳᠣ ᠣᠳᠠᠭᠠᠨ ᠲᠡᠦᠬᠡ ᠶᠢᠨ ᠬᠦᠭᠵᠢᠯ ᠤᠨ ᠶᠠᠪᠤᠴᠠ ᠳᠤ᠂ ᠦᠵᠦᠮᠦᠴᠢᠨ ᠳᠤ ᠮᠠᠰᠢ ᠤᠯᠠᠨ ᠲᠡᠦᠬᠡ ᠰᠣᠶᠣᠯ ᠤᠨ ᠭᠠᠷᠮᠠᠭᠠᠢ ᠮᠡᠷᠭᠡᠳ᠂ ᠰᠣᠶᠣᠯ ᠤᠨ ᠵᠢᠳᠭᠦᠯᠳᠡᠳ ᠢᠯᠡᠷᠡᠨ ᠭᠠᠷᠴᠣ ᠮᠤᠩᠭᠤᠯ ᠰᠣᠶᠣᠯ ᠤᠨ ᠦᠪ ᠳᠡᠭᠡᠨ ᠶᠡᠬᠡᠬᠡᠨ ᠬᠦᠷᠦᠩᠭᠡ ᠨᠡᠮᠡᠷᠢᠯᠡᠵᠦ᠂ ᠲᠡᠦᠬᠡᠨ ᠬᠠᠭᠤᠳᠠᠰᠤᠨ ᠳᠤ ᠨᠡᠷ᠎ᠡ ᠪᠠᠨ ᠮᠦᠡᠭᠬᠡᠯᠡᠭᠰᠡᠨ ᠰᠠᠶᠢᠬᠠᠨ ᠤᠯᠠᠮᠵᠢᠯᠠᠯ ᠲᠠᠢ ᠶᠤᠮ  ᠃ ᠦᠵᠦᠮᠦᠴᠢᠨᠴᠣᠳ ᠨᠢ ᠤᠢ ᠪᠢᠯᠢᠭ ᠤᠶᠤᠨ ᠤᠬᠠᠭᠠᠨ ᠬᠤᠷᠴᠠᠯᠢᠭ᠂ ᠲᠡᠦᠬᠡ ᠰᠣᠶᠣᠯ ᠳᠠᠭᠠᠨ ᠶᠡᠷᠦ ᠪᠤᠰᠤ ᠶᠢᠨ ᠬᠠᠶᠢᠷᠠᠳᠠᠢ᠂ ᠦᠪᠡᠷ ᠤᠨ ᠤᠨᠴᠠᠯᠢᠭ ᠪᠦᠬᠦᠢ  ᠵᠠᠩ ᠦᠢᠯᠡ᠂ ᠲᠡᠦᠬᠡ ᠪᠠᠨ ᠶᠠᠷᠢᠵᠦ ᠰᠠᠨᠠᠭᠠᠯᠵᠠᠬᠤ ᠳᠣᠷᠠᠳᠠᠢ ᠠᠷᠡᠳ ᠲᠦᠮᠡᠨ ᠲᠠᠢ ᠪᠢᠯᠡ᠃      ᠦᠵᠦᠮᠦᠴᠢᠨ ᠳᠡᠭᠡᠳᠦᠰ ᠤᠨ ᠦᠪᠯᠡᠨ ᠦᠯᠡᠳᠡᠭᠡᠭᠰᠡᠨ ᠰᠣᠶᠣᠯ ᠡᠷᠳᠡᠨᠢ ᠶᠢᠨ ᠬᠡᠯᠬᠢᠶᠡᠰᠦ ᠪᠤᠯᠬᠤ ᠲᠡᠦᠬᠡᠨ ᠵᠣᠬᠢᠶᠠᠯ ᠤᠳ ᠢ ᠰᠣᠨᠢᠷᠬᠠᠨ ᠦᠵᠡᠬᠦ ᠪᠦᠷᠢ ᠨᠠᠳᠠ ᠳᠤ ᠶᠡᠭᠡ ᠤᠮᠤᠭᠰᠢᠯ ᠲᠦᠷᠦᠭᠳᠡᠭᠦᠯᠳᠡᠭ ᠪᠦᠭᠡᠳ ᠶᠠᠷᠢᠬᠤ ᠳᠤ ᠤᠷᠮ᠎ᠠ ᠲᠠᠢ᠂ ᠪᠢᠴᠢᠬᠦ ᠳᠤ ᠵᠤᠷᠢᠭ ᠲᠠᠢ᠂ ᠤᠯᠠᠨᠮᠵᠢᠯᠠᠬᠤ ᠳᠤ ᠤᠴᠢᠷᠳᠠᠢ᠂ ᠦᠪᠯᠡᠬᠦ ᠳᠤ ᠬᠦᠷᠦᠩᠭᠡ ᠲᠠᠢ ᠪᠤᠯᠳᠠᠭ ᠶᠣᠮᠰᠠᠨ᠃ ᠮᠠᠨ ᠤ  ᠦᠵᠦᠮᠦᠴᠢᠨ ᠤ ᠠᠬᠠᠮᠠᠳ ᠨᠢᠭᠡᠨ ᠦᠶ᠎ᠡ ᠶᠢᠨ ᠬᠢᠨ ᠲᠡᠭᠡᠳᠦᠰ ᠤᠨ ᠢᠶᠠᠨ ᠤᠶᠤᠨ ᠤ ᠳᠡᠭᠡᠵᠢ ᠳᠤ ᠰᠢᠳᠦᠵᠦ ᠲᠡᠭᠦᠨ ᠢᠶᠠᠷ ᠰᠠᠭᠤᠷᠢᠯᠠᠵᠦ᠂ ᠲᠡᠦᠬᠡ ᠰᠣᠶᠣᠯ ᠤᠨ ᠢᠶᠠᠨ ᠬᠠᠭᠤᠳᠠᠰᠣᠨ ᠳᠤ ᠮᠠᠰᠢ ᠤᠯᠠᠨ ᠠᠯᠳᠠᠨ ᠬᠠᠭᠤᠳᠠᠰᠤ ᠨᠡᠮᠡᠷᠢᠯᠡᠨ᠂ ︿︿ᠦᠵᠦᠮᠦᠴᠢᠨ ᠲᠡᠦᠬᠡ ᠰᠣᠶᠣᠯ  ﹀﹀ ᠤᠨ ᠤᠶᠤᠨ ᠤ ᠡᠷᠳᠡᠨᠢᠰ ᠤᠨ ᠰᠣᠪᠤᠷᠭ᠎ᠠ ᠶᠢ ᠪᠤᠰᠬᠠᠬᠤ ᠳᠤ ᠡᠷᠬᠢᠮ ᠬᠤᠪᠢ ᠨᠡᠮᠡᠭᠦᠷᠢ ᠪᠠᠨ ᠦᠵᠦᠭᠦᠯᠦᠭᠰᠡᠭᠡᠷ ᠢᠷᠡᠵᠠᠢ᠃ ᠡᠨᠡᠬᠦ ᠰᠣᠶᠣᠯ ᠡᠷᠳᠡᠨᠢᠰ ᠤᠨ ᠰᠣᠪᠤᠷᠭ᠎ᠠ ᠶᠢ ᠬᠡᠷᠬᠢᠨ ᠪᠤᠰᠬᠠᠭᠰᠠᠨ ᠪᠤᠢ ᠭᠡᠪᠡᠯ ᠤᠯᠳᠦᠢ ᠮᠢᠨᠦ ᠴᠡᠭᠡᠵᠢᠯᠡᠵᠦ ᠪᠠᠶᠢᠬᠤ ᠪᠠᠷ ᠲᠡᠦᠬᠡᠨ ᠠᠴᠠ ᠴᠠᠭ ᠦᠶ᠎ᠡ ᠶᠢᠨ ᠡᠷᠳᠡᠮᠳᠡᠳ ᠪᠠ ᠲᠡᠭᠦᠨ ᠤ ᠪᠦᠳᠦᠭᠡᠯ ᠲᠠᠢ ᠳᠠᠨᠢᠯᠴᠠᠵᠦ ᠳᠣᠷᠠᠰᠣᠨ ᠰᠠᠨᠠᠭᠠᠯᠵᠠᠮᠠᠷ ᠪᠠᠶᠢᠨ᠎ᠠ᠃                            ᠨᠢᠭᠡ᠂ ᠤᠷᠴᠢᠨ ᠦᠶ᠎ᠡ ᠶᠢᠨ ᠰᠣᠶᠣᠯ ᠤᠨ ᠰᠠᠭᠤᠷᠢᠯᠠᠭᠴᠢᠳ      ⑴ 17 ᠳ᠋ᠣᠭᠠᠷ ᠵᠠᠭᠤᠨ ᠤ ᠬᠦᠮᠦᠨ᠂ 18 ᠳ᠋ᠣᠭᠠᠷ ᠵᠠᠭᠤᠨ ᠤ ᠪᠦᠳᠦᠭᠡᠯ      ᠮᠠᠨᠵᠤ ᠴᠢᠩ ᠤᠯᠤᠰ ᠤᠨ ᠦᠶ᠎ᠡ ᠶᠢᠨ ᠪᠡᠭᠡᠵᠢᠩ ᠳᠠᠬᠢ ᠲᠠᠩᠭᠤᠳ ᠪᠢᠴᠢᠭ ᠤᠨ ᠰᠣᠷᠭᠠᠭᠤᠯᠢ ᠶᠢᠨ ᠪᠦᠭᠦᠳᠡ ᠶᠢ ᠵᠠᠬᠢᠷᠤᠭᠴᠢ ᠰᠠᠶᠢᠳ᠂ ᠠᠯᠳᠠᠷᠳᠦ ᠲᠡᠦᠬᠡᠴᠢᠨ ᠪᠦᠭᠡᠳ ᠲᠤᠯᠢᠴᠢ᠂  ᠳᠦᠷᠪᠡᠨ ᠬᠡᠯᠡᠳᠦ ᠬᠡᠯᠡ ᠰᠢᠨᠵᠢᠯᠡᠯ ᠤᠨ ᠡᠷᠳᠡᠮᠳᠡᠨ ᠦᠵᠦᠮᠦᠴᠢᠨ ᠬᠦᠩ ᠭᠤᠮᠪᠤᠵᠠᠪ ᠬᠢᠭᠡᠳ ᠲᠡᠭᠦᠨ ᠤ ᠪᠦᠳᠦᠭᠡᠯ ︽ᠭᠠᠩᠭ᠎ᠠ ᠶᠢᠨ ᠤᠷᠤᠰᠬᠠᠯ︾᠂ ︽ᠮᠡᠷᠭᠡᠳ ᠭᠠᠷᠬᠤ ᠶᠢᠨ ᠤᠷᠤᠨ︾᠂ ︽ᠵᠠᠨᠠᠭ ᠤᠷᠤᠨ ᠳᠤ ᠪᠤᠷᠬᠠᠨ ᠱᠠᠰᠢᠨ ᠳᠡᠯᠭᠡᠷᠡᠭᠰᠡᠨ ᠲᠡᠦᠬᠡ︾᠂ ︽ᠲᠦᠪᠡᠳ ᠬᠡᠯᠡ ᠶᠢ ᠬᠢᠯᠪᠠᠷ ᠰᠣᠷᠬᠤ ᠪᠢᠴᠢᠭ︾ ᠵᠡᠷᠭᠡ ᠤᠯᠠᠨ ᠪᠦᠳᠦᠭᠡᠯ      ᠦᠵᠦᠮᠦᠴᠢᠨ ᠮᠤᠯᠤᠮ ᠯᠠᠮᠠ ᠶᠢᠨ ᠭᠡᠭᠡᠨ᠂ ᠰᠢᠷ᠎ᠠ ᠶᠢᠨ ᠱᠠᠰᠢᠨ ᠤ ᠨᠤᠮᠯᠠᠭᠴᠢ ᠪᠦᠭᠡᠳ ᠬᠡᠯᠡ ᠰᠢᠨᠵᠢᠯᠡᠯ ᠤᠨ ᠡᠷᠳᠡᠮᠳᠡᠨ ᠳᠠᠨᠼᠠᠨᠷᠠᠭᠸ᠎ᠠ  ᠬᠢᠭᠡᠳ ᠲᠡᠭᠦᠨ ᠤ ᠪᠦᠳᠦᠭᠡᠯ ︽ᠤᠭᠳᠠᠷᠭᠤᠢ ᠶᠢᠨ ᠮᠠᠨᠢ︾      ᠦᠵᠦᠮᠦᠴᠢᠨ ᠢᠨᠵᠠᠭᠠᠨ ᠰᠦᠮ᠎ᠡ ᠶᠢᠨ ᠭᠡᠭᠡᠨ᠂ ᠲᠡᠦᠬᠡ ᠶᠢᠨ ᠡᠷᠳᠡᠮᠳᠡᠨ ᠳ᠋ᠠᠷᠮ᠎ᠠ ᠭᠦᠦᠰᠢ ᠬᠢᠭᠡᠳ ᠲᠡᠭᠦᠨ ᠤ ᠪᠦᠳᠦᠭᠡᠯ ︽ᠠᠯᠳᠠᠨ ᠬᠦᠷᠳᠦᠨ ᠮᠢᠩᠭᠠᠨ ᠬᠡᠭᠡᠰᠦᠳᠦ︾      ᠦᠵᠦᠮᠦᠴᠢᠨ ᠪᠡᠶᠢᠯᠡ ᠶᠢᠨ ᠬᠤᠰᠢᠭᠤᠨ ᠤ ᠭᠠᠬᠢᠯ ᠰᠦᠮ᠎ᠡ ᠶᠢᠨ ᠪᠠᠷᠠᠭᠤᠨ ᠬᠠᠮᠪᠤ ᠯᠠᠮᠠ ᠪᠦᠭᠡᠳ ᠠᠯᠳᠠᠷᠳᠦ ᠲᠡᠦᠬᠡᠴᠢ ᠯᠤᠪᠰᠠᠩᠳᠠᠨᠵᠢᠨ ᠬᠢᠭᠡᠳ ᠲᠡᠭᠦᠨ ᠤ ︽ᠠᠯᠳᠠᠨ ᠲᠤᠪᠴᠢ︾      ᠳᠡᠭᠡᠷᠡᠬᠢ ᠡᠷᠳᠡᠮᠳᠡᠳ ᠤᠨ ᠡᠳᠡᠭᠡᠷ ᠵᠤᠬᠢᠶᠠᠯ ᠪᠦᠳᠦᠭᠡᠯ ᠨᠢ ᠤᠳᠤᠬᠢ ᠳᠡᠯᠡᠬᠡᠢ ᠶᠢᠨ ᠮᠤᠩᠭᠤᠯ ᠰᠤᠳᠤᠯᠳᠯ ᠳᠤ ᠭᠤᠤᠯ ᠰᠢᠨᠵᠢᠯᠡᠭᠡᠨ ᠤ ᠲᠤᠯᠭᠤᠷ ᠪᠢᠴᠢᠭ ᠢᠶᠠᠷ ᠦᠨᠡᠯᠡᠭᠳᠡᠨ ᠬᠡᠷᠡᠭᠯᠡᠭᠳᠡᠵᠦ ᠪᠠᠶᠢᠨ᠎ᠠ᠂ ᠡᠳᠡᠭᠡᠷ ᠦᠵᠦᠮᠦᠴᠢᠨ ᠤ ᠳᠡᠭᠡᠳᠦ ᠦᠶ᠎ᠡ ᠶᠢᠨ ᠡᠷᠳᠡᠮᠳᠡᠳ ᠬᠢᠭᠡᠳ ᠠᠪᠤᠷᠭᠤ ᠪᠦᠳᠦᠭᠡᠯ ᠢ ᠳᠠᠨᠢᠯᠴᠠᠭᠤᠯᠤᠨ ᠳᠣᠳᠣᠷᠠᠭᠤᠯᠤᠭᠰᠠᠨ ᠳᠠᠷᠬᠠᠳ ᠪᠤᠯ ᠴᠣᠶᠢᠵᠢ᠂ ᠫᠠ᠊  ᠳᠤᠭᠠᠷ᠂ ᠭᠤ  ᠷᠠᠭᠸ᠎ᠠ᠂ ᠳ᠋᠊  ᠨᠠᠷᠠᠨᠴᠡᠴᠡᠭ ︵ᠮᠤᠩᠭᠤᠯ ᠤᠯᠤᠰ︶ ᠵᠡᠷᠭᠡ ᠡᠷᠳᠡᠮᠳᠡᠨ ᠰᠤᠳᠤᠯᠭᠠᠳᠠᠨ ᠪᠤᠯᠬᠤ ᠪᠦᠭᠡᠳ ᠳᠡᠳᠡᠨ ᠤ ᠤᠶᠤᠨ ᠤᠬᠠᠭᠠᠨ ᠬᠦᠴᠦ ᠬᠦᠯᠦᠰᠦ ᠪᠦᠷᠢᠨ ᠰᠢᠩᠭᠡᠵᠦ ᠪᠠᠶᠢᠬᠤ ᠶᠢ ᠪᠢᠳᠡ ᠳᠡᠭᠡᠳᠦ ᠬᠡᠮᠵᠢᠶᠡᠨ ᠳᠤ ᠦᠨᠡᠯᠡᠬᠦ ᠶᠤᠰᠤᠳᠠᠢ᠃      ⑵ 19 ᠳ᠋ᠤᠭᠡᠷ ᠵᠠᠭᠤᠨ ᠤ ᠬᠦᠮᠦᠨ 20 ᠳ᠋ᠤᠭᠠᠷ ᠵᠠᠭᠤᠨ ᠤ ᠪᠦᠲᠦᠭᠡᠯ      ᠦᠵᠦᠮᠦᠴᠢᠨ ᠤ ᠤᠪᠤᠭᠠᠳᠦ ᠭᠡᠭᠡᠨ ᠰᠦᠮ᠎ᠡ ᠶᠢᠨ ᠮᠡᠷᠭᠡᠨ ᠭᠦᠦᠰᠢ᠂ ᠰᠤᠷᠭᠠᠯ ᠰᠢᠯᠦᠭᠴᠢ ᠯᠤᠪᠰᠠᠩᠳᠠᠨᠵᠢᠨ ᠬᠢᠭᠡᠳ ᠲᠡᠭᠦᠨ ᠤ ︽ᠭᠡᠭᠡᠨ ᠪᠤᠯᠤᠷ ᠡᠷᠢᠬᠡ︾      ᠦᠵᠦᠮᠦᠴᠢᠨ ᠤ ᠠᠯᠳᠠᠷᠳᠦ ᠢᠷᠠᠭᠤ ᠨᠠᠶᠢᠷᠠᠭᠴᠢ᠂ ᠰᠤᠶᠤᠯ ᠤᠨ ᠵᠢᠳᠭᠦᠯᠳᠡᠨ ᠲᠦᠢᠩᠺᠡᠷ ᠡᠩᠡ ᠬᠢᠭᠡᠳ ᠲᠡᠭᠦᠨ ᠤ ︽ᠰᠠᠶᠢᠬᠠᠨ ᠦᠭᠡᠰ ᠤᠨ ᠰᠣᠷᠭᠠᠯ︾᠂ ︽ᠬᠡᠦᠬᠡᠳ ᠤᠨ ᠰᠤᠷᠭᠠᠯ︾᠂ ᠤᠨᠢᠰᠤᠭ᠎ᠠ ᠳᠠᠭᠠᠪᠤᠷᠢ᠂ ᠳᠠᠭᠤᠦ  ᠰᠢᠯᠦᠭ ᠤᠨ ᠤᠯᠠᠨ ᠪᠦᠳᠦᠭᠡᠯ      ᠦᠵᠦᠮᠦᠴᠢᠨ ᠪᠡᠶᠢᠯᠡ ᠶᠢᠨ ᠬᠤᠰᠢᠭᠤᠨ ᠤ ᠵᠠᠬᠢᠷᠤᠭᠴᠢ᠂ ᠠᠬᠤᠶᠢᠴᠢ ᠦᠵᠡᠯ ᠤᠨ ᠢᠷᠠᠭᠤ ᠨᠠᠶᠢᠷᠠᠭᠴᠢ ᠭᠠᠮᠠᠯᠠ ᠬᠢᠭᠡᠳ ᠲᠡᠭᠦᠨ ᠤ ︽ᠲᠤᠭ ᠤᠨ ᠳᠠᠭᠠᠳᠬᠠᠯ︾᠂ ︽ᠨᠠᠶᠢᠷ ᠤᠨ ᠬᠤᠯᠪᠤᠭ᠎ᠠ︾᠂ ︽ᠲᠠᠩ ᠤᠯᠤᠰ ᠤᠨ ᠦᠯᠢᠭᠡᠷ ᠤᠨ ᠲᠤᠪᠴᠢᠶ᠎ᠠ︾᠂ ︽ᠰᠤᠷ ᠤᠨ ᠬᠤᠯᠪᠤᠭ᠎ᠠ︾᠂ ︽ᠦᠯᠢᠭᠡᠷ ᠤᠨ ᠲᠤᠪᠴᠢᠶ᠎ᠠ︾ ᠵᠡᠷᠭᠡ ᠤᠯᠠᠨ ᠪᠦᠳᠦᠭᠡᠯ      ᠦᠵᠦᠮᠦᠴᠢᠨ ᠤ ᠬᠦᠷᠢᠶ᠎ᠡ ᠭᠡᠭᠡᠨ ᠤ ᠴᠣᠷᠵᠢ ᠶᠢᠨ ᠰᠦᠮ᠎ᠡ ᠶᠢᠨ ᠰᠣᠳᠣᠷᠴᠢ᠂ ᠯᠠᠮᠠᠳᠠᠨ ᠠᠪᠢᠳ ᠤᠨ ᠰᠧᠪᠡᠭᠵᠠᠪ ᠬᠢᠭᠡᠳ ᠲᠡᠭᠦᠨ ᠤ ︽ᠠᠭᠤᠯᠠ ᠶᠢᠨ ᠴᠣᠷᠵᠢ ᠹᠯᠠᠮ᠎ᠠ ᠯᠤᠪᠰᠠᠩᠳᠠᠨᠵᠢᠨ ᠤ ᠴᠠᠳᠢᠭ︾      ᠳᠡᠭᠡᠷᠡᠬᠢ ᠡᠷᠳᠡᠮᠳᠡᠳ ᠤᠨ ᠵᠤᠬᠢᠶᠠᠯ ᠪᠦᠳᠦᠭᠡᠯ ᠨᠢ ᠮᠤᠩᠭᠤᠯ ᠰᠣᠳᠣᠯᠣᠯ ᠤᠨ ᠴᠢᠬᠤᠯᠠ ᠮᠠᠲ᠋ᠧᠷᠢᠶᠠᠯ ᠢᠶᠠᠷ ᠬᠡᠷᠡᠭᠯᠡᠭᠳᠡᠵᠦ ᠪᠠᠶᠢᠬᠤ ᠪᠦᠭᠡᠳ ᠠᠷᠠᠳ ᠲᠦᠮᠡᠨ ᠤ ᠪᠠᠨ ᠳᠤᠮᠳᠠ ᠤᠯᠠᠮᠵᠢᠯᠠᠭᠳᠠᠭᠰᠠᠭᠠᠷ ᠪᠠᠶᠢᠭ᠎ᠠ ᠶᠤᠮ᠂ ᠡᠳᠡᠭᠡᠷ ᠦᠵᠦᠮᠦᠴᠢᠨ ᠤ ᠳᠡᠭᠡᠳᠦ ᠦᠶ᠎ᠡ ᠶᠢᠨ ᠪᠢᠴᠢᠭ ᠤᠨ ᠮᠡᠷᠭᠡᠳ ᠬᠢᠭᠡᠳ ᠵᠤᠬᠢᠶᠠᠯ ᠪᠦᠳᠦᠭᠡᠯ ᠢ ᠳᠠᠨᠢᠯᠴᠠᠭᠤᠯᠤᠨ ᠳᠣᠳᠣᠷᠠᠭᠤᠯᠤᠭᠰᠠᠨ ᠳᠠᠷᠬᠠᠳ ᠪᠤᠯ ᠫᠡ᠊ ᠳᠣᠭᠠᠷ᠂ ᠵᠢ᠊  ᠳᠣᠷᠵᠢ᠂ ᠳ᠋᠊  ᠴᠡᠷᠡᠩᠰᠤᠳᠨᠠᠮ ︵ᠮᠤᠩᠭᠤᠯ ᠤᠯᠤᠰ︶᠂ ᠡᠷᠳᠡᠨᠢᠬᠠᠳᠠ᠂ ᠵᠤ  ᠳᠡᠮᠪᠡᠷᠡᠯ᠂ ᠠ᠊  ᠫᠤᠩᠰᠤᠭ  ᠵᠡᠷᠭᠡ ᠡᠷᠳᠡᠮᠳᠡᠨ ᠰᠣᠳᠣᠯᠭᠠᠳᠠᠳ ᠪᠤᠯᠬᠤ ᠪᠦᠭᠡᠳ ᠳᠡᠳᠡᠨ ᠤ ᠤᠶᠤᠨ ᠤ ᠳᠠᠮᠢᠷ ᠢᠶᠠᠨ ᠵᠤᠷᠢᠭᠤᠯᠤᠭᠰᠠᠨ ᠢ ᠪᠢᠳᠡ ᠵᠦᠪ ᠢᠶᠠᠷ ᠦᠨᠡᠯᠡᠬᠦ ᠶᠤᠰᠤᠳᠠᠢ ᠪᠠᠶᠢᠭ᠎ᠠ ᠶᠤᠮ᠃        ⑶  ᠰᠢᠨ᠎ᠡ ᠳᠣᠮᠳᠠᠳᠦ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠶᠢᠨ ᠬᠦᠮᠦᠨ ᠬᠢᠭᠡᠳ ᠳᠡᠳᠡᠨ ᠤ ᠪᠦᠳᠦᠭᠡᠯ      ᠰᠤᠷᠭᠠᠨ ᠬᠦᠮᠦᠵᠢᠯ ᠤᠨ ᠤᠬᠠᠭᠠᠨᠳᠠᠨ᠂ ᠲᠤᠯᠢᠴᠢ ᠪᠦᠭᠡᠳ ᠬᠡᠯᠡ ᠰᠢᠨᠵᠢᠯᠡᠯ ᠤᠨ ᠡᠷᠳᠡᠮᠳᠡᠨ᠂ ᠵᠡᠭᠦᠨ ᠦᠵᠦᠮᠦᠴᠢᠨ ᠬᠤᠰᠢᠭᠤᠨ ᠤ ᠭᠢᠯᠢᠵᠢᠨᠳᠠᠢ ᠬᠢᠭᠡᠳ ᠲᠡᠭᠦᠨ ᠤ ︽ᠮᠤᠩᠭᠤᠯ ᠬᠡᠯᠡ ᠶᠢ ᠬᠢᠯᠪᠠᠷ ᠳᠦᠷᠭᠡᠨ ᠰᠤᠷᠬᠤ ᠠᠷᠭ᠎ᠠ︾᠂ ︽ᠮᠤᠩᠭᠤᠯ ᠬᠡᠯᠡ ᠵᠦᠢ︾᠂ ︽ᠮᠤᠩᠭᠤᠯ ᠦᠭᠡᠰ ᠤᠨ ᠲᠤᠯᠢ︾᠂ ︽ᠮᠤᠩᠭᠤᠯ ᠬᠢᠳᠡᠳ ᠦᠭᠡᠰ ᠤᠨ ᠲᠤᠯᠢ︾᠂ ︽ᠲᠦᠮᠡᠨ ᠦᠰᠦᠭ ᠤᠨ ᠲᠠᠶᠢᠯᠪᠣᠷᠢ︾᠂ ︽ᠮᠤᠩᠭᠤᠯ ᠲᠦᠪᠡᠳ ᠬᠠᠪᠰᠣᠷᠭᠠᠭᠰᠠᠨ ᠡᠮ ᠤᠨ ᠵᠣᠷ ᠤᠨ ᠡᠮᠬᠢᠳᠭᠡᠯ︾ ᠵᠡᠷᠬᠡ ᠤᠯᠠᠨ ᠪᠦᠲᠦᠭᠡᠯ      ᠦᠪᠦᠷ ᠮᠤᠩᠭᠤᠯ ᠤᠨ ᠮᠤᠩᠭᠤᠯ ᠬᠡᠯᠡ ᠪᠢᠴᠢᠭ ᠤᠨ ᠲᠡᠦᠬᠡ ᠰᠣᠳᠣᠯᠬᠤ ᠭᠠᠵᠠᠷ ᠤᠨ ᠨᠤᠮ ᠪᠢᠴᠢᠭ ᠤᠨ ᠤᠤᠭᠠᠨ ᠡᠷᠳᠡᠮᠳᠡᠨ᠂ ᠲᠡᠦᠬᠡᠴᠢ ᠪᠦᠭᠡᠳ ᠡᠷᠳᠡᠨ ᠤ ᠪᠢᠴᠢᠭ ᠰᠣᠳᠣᠷ ᠤᠨ ᠬᠡᠪ ᠪᠤᠯᠤᠨ ᠬᠠᠭᠤᠯᠤᠮᠠᠯ ᠤᠨ ᠵᠦᠢᠯᠡᠰ ᠢ ᠬᠢᠨᠠᠨ ᠲᠤᠭᠳᠠᠭᠠᠬᠤ ᠮᠡᠷᠭᠡᠵᠢᠯᠳᠡᠨ᠂ ᠪᠠᠷᠠᠭᠤᠨ ᠦᠵᠦᠮᠦᠴᠢᠨ ᠨᠤᠲᠤᠭᠳᠠᠢ ᠮᠡᠷᠭᠡᠨᠪᠠᠭᠠᠳᠣᠷ ᠬᠢᠭᠡᠳ ᠲᠡᠭᠦᠨ ᠤ ︽ᠮᠡᠷᠭᠡᠨᠪᠠᠭᠠᠳᠣᠷ ᠤᠨ ᠴᠠᠭᠠᠨ ᠲᠡᠦᠬᠡ︾᠂ ︽ᠮᠡᠷᠭᠡᠨᠪᠠᠭᠠᠳᠣᠷ ᠤᠨ ᠡᠷᠳᠡᠨᠢ ᠶᠢᠨ ᠲᠤᠪᠴᠢ︾      ᠳᠡᠭᠡᠷᠡᠬᠢ ᠡᠷᠳᠡᠮᠳᠡᠨ ᠨᠠᠷ ᠢ  ᠪᠤ  ᠬᠦᠭᠵᠢᠯ᠂ ᠠ᠊  ᠫᠤᠩᠰᠤᠭ ᠪᠤᠯᠤᠨ ᠰᠡᠴᠡᠨᠬᠦᠤ ᠨᠠᠷ ᠲᠠᠨᠢᠯᠴᠠᠭᠤᠯᠤᠨ ᠳᠣᠳᠣᠷᠠᠭᠤᠯᠤᠭᠰᠠᠨ ᠢ ᠦᠨᠡᠯᠡᠨ ᠲᠡᠮᠳᠡᠭᠯᠡᠭᠦᠰᠢᠳᠠᠢ ᠶᠤᠮ᠃        ᠡᠷᠳᠡ ᠦᠶ᠎ᠡ ᠶᠢᠨ ᠰᠣᠶᠣᠯ ᠤᠨ ᠰᠠᠭᠤᠷᠢᠯᠠᠭᠴᠢᠳ ᠤᠨ ᠪᠦᠯᠦᠭ ᠠᠴᠠ ᠦᠵᠦᠮᠦᠴᠢᠨ ᠲᠡᠦᠬᠡ ᠰᠣᠶᠣᠯ ᠨᠢ ᠲᠦᠷᠪᠡᠨ ᠵᠠᠭᠤᠨ ᠵᠢᠯ ᠤᠨ ᠲᠡᠦᠬᠡ ᠲᠠᠢ ᠪᠤᠯᠤᠭᠰᠠᠨ ᠪᠠ ᠤᠯᠠᠩᠬᠢ ᠪᠦᠳᠦᠭᠡᠯ ᠨᠢ ᠯᠠᠮᠠ ᠬᠤᠸᠠᠷᠠᠭ ᠬᠦᠮᠦᠰ ᠡᠵᠡᠯᠡᠵᠦ ᠪᠠᠶᠢᠭᠰᠠᠨ ᠢ ᠮᠡᠳᠡᠵᠤ ᠪᠤᠯᠣᠨ᠎ᠠ᠂ ᠡᠭᠦᠨ ᠠᠴᠠ ᠠᠵᠢᠭᠯᠠᠪᠠᠯ ᠦᠵᠦᠮᠦᠴᠢᠨ ᠤ ᠡᠳᠡᠭᠡᠷ ᠲᠡᠦᠬᠡ ᠶᠢᠨ ᠡᠷᠳᠡᠮᠳᠡᠳ ᠲᠡᠷᠡ ᠦᠶ᠎ᠡ ᠶᠢᠨ ᠤᠯᠤᠰ ᠲᠦᠷᠦ ᠶᠢᠨ ᠨᠤᠶᠠᠷᠬᠠᠯ ᠬᠢᠭᠡᠳ ᠰᠢᠷ᠎ᠠ ᠶᠢᠨ ᠱᠠᠰᠢᠨ ᠤ ᠨᠦᠯᠦᠭᠡᠯᠡᠯ ᠨᠢ ᠮᠤᠩᠭᠤᠯ ᠦᠨᠳᠦᠰᠦᠳᠡᠨ ᠤ ᠤᠷᠤᠰᠢᠨ ᠳᠤᠭᠳᠠᠨᠢᠯ ᠳᠤ ᠲᠤᠶᠢᠯ ᠶᠡᠭᠡ ᠰᠦᠷᠳᠡᠭᠦᠯᠦᠯ ᠪᠤᠯᠵᠤ ᠪᠠᠶᠢᠭᠰᠠᠨ ᠢ ᠦᠵᠡᠨ ᠭᠠᠷᠴᠤ ᠦᠪᠡᠷ ᠤᠨ ᠦᠨᠳᠦᠰᠦᠳᠡᠨ ᠤ ᠪᠠᠨ ᠠᠪᠤᠷᠭᠤ ᠲᠡᠦᠬᠡ ᠶᠢ ᠪᠢᠴᠢᠭ ᠰᠣᠳᠣᠷ ᠲᠤ ᠲᠡᠮᠳᠡᠭᠯᠡᠨ ᠦᠯᠡᠳᠡᠭᠡᠬᠦ ᠪᠠᠷ ᠳᠠᠮᠵᠢᠨ᠂ ᠦᠨᠳᠦᠰᠦᠳᠡᠨ ᠢᠶᠠᠨ ᠠᠪᠤᠷᠠᠬᠤ᠂ ᠲᠡᠦᠬᠡ ᠰᠣᠶᠣᠯ ᠢᠶᠠᠨ ᠠᠪᠤᠷᠠᠬᠤ ᠡᠷᠢᠯ ᠬᠦᠰᠡᠯ ᠢ ᠰᠢᠩᠭᠡᠭᠡᠵᠦ᠂ ᠬᠤᠶᠢᠴᠢ ᠦᠶ᠎ᠡ ᠳᠡᠭᠡᠨ ᠵᠠᠬᠢᠭᠰᠠᠨ ᠪᠠᠶᠢᠭ᠎ᠠ ᠶᠤᠮ᠃ ᠳᠠᠬᠢᠪᠠᠯ ᠦᠵᠦᠮᠦᠴᠢᠨ ᠭᠡᠳᠡᠭ ᠡᠨᠡᠬᠦ ᠭᠠᠵᠠᠷ ᠠᠴᠠ ᠲᠡᠦᠬᠡᠨ ᠳᠤ ᠤᠯᠠᠨ ᠡᠷᠳᠡᠮᠳᠡᠨ ᠮᠡᠷᠭᠡᠳ ᠭᠠᠷᠤᠭᠰᠠᠨ ᠢ ᠲᠣᠰᠬᠠᠵᠤ ᠪᠠᠶᠢᠬᠤ ᠪᠦᠭᠡᠳ ᠪᠠᠰᠠ ᠢᠯᠡᠷᠡᠭᠡᠳᠦᠢ ᠲᠡᠦᠬᠡᠨ ᠬᠦᠮᠦᠨ ᠪᠣᠯᠣᠨ ᠪᠦᠳᠦᠭᠡᠯ ᠤᠯᠠᠨ ᠪᠠᠶᠢᠨ᠎ᠠ ᠭᠡᠳᠡᠭ ᠢ ᠴᠣ᠋ ᠤᠶᠢᠯᠠᠭᠠᠬᠤ ᠬᠡᠷᠡᠭᠳᠡᠢ᠃      ᠲᠦᠷᠦ ᠶᠢᠨ ᠱᠠᠩᠨᠠᠯᠳᠦ ᠠᠯᠳᠠᠷᠳᠦ ᠤᠷᠠᠨ ᠵᠤᠬᠢᠶᠠᠯᠴᠢ᠂ ᠦᠪᠦᠷ ᠮᠤᠩᠭᠤᠯ ᠤᠨ ᠤᠳᠬ᠎ᠠ ᠵᠤᠬᠢᠶᠠᠯ ᠤᠨ ᠤᠷᠴᠢᠭᠤᠯᠤᠭᠴᠢ᠂ ᠦᠵᠦᠮᠦᠴᠢᠨ ᠨᠤᠳᠤᠭᠳᠠᠢ ᠪ᠊  ᠤᠰᠤᠷ ᠪᠤᠯᠤᠨ ᠲᠡᠭᠦᠨ ᠤ ︽ᠬᠦᠳᠡᠭᠡ ᠶᠢᠨ ᠰᠠᠶᠢᠬᠠᠨ︾᠂ ︽ᠨᠠᠮᠤᠷ ᠤᠨ ᠰᠠᠶᠢᠬᠠᠨ︾᠂ ︽ᠪᠠ᠊ ᠤᠰᠤᠷ ᠤᠨ ᠰᠢᠯᠦᠭ ᠤᠨ ᠰᠣᠩᠭᠤᠮᠠᠯ︾᠂ ︽ᠨᠠᠪᠴᠢᠨ ᠨᠤᠭᠤᠭᠠᠨ ᠴᠦᠷᠬᠦᠯᠡᠭᠡ︾ ᠪᠤᠯᠤᠨ ︽ᠭᠢᠯᠡᠯᠵᠠᠭᠰᠠᠨ ᠤᠯᠠᠭᠠᠨ ᠤᠳᠤ︾᠂ ︽ᠰᠢᠱᠠ ᠠᠷᠠᠯ ᠤᠨ ᠦᠬᠢᠳ ᠬᠦᠪᠡᠭᠦᠳ︾᠂ ︽ᠭᠤᠯᠳᠣᠾᠪᠡᠾ ᠶᠢᠨ ᠲᠠᠭᠠᠮᠠᠭᠯᠠᠯ︾᠂ ︽ᠭᠡᠷ ᠪᠦᠯᠢ ᠶᠢᠨ ᠬᠦᠮᠦᠵᠢᠯ ᠤᠨ ᠤᠷᠠᠯᠢᠭ︾᠂ ︽ᠮᠤᠷᠢᠳᠦ ᠴᠡᠷᠢᠭ ᠤᠨ ᠳᠠᠭᠤᠯᠠᠯ︾᠂ ︽ᠮᠠᠯᠴᠢᠨᠬᠦᠤ ᠶᠢᠨ ᠦᠭᠦᠯᠡᠯᠭᠡ ᠶᠢᠨ ᠰᠣᠩᠭᠤᠮᠠᠯ︾ ᠵᠡᠷᠭᠡ ᠤᠷᠴᠢᠭᠤᠯᠭ᠎ᠠ ᠶᠢᠨ ᠪᠦᠳᠦᠭᠡᠯ      ᠤᠳᠤ ᠦᠶ᠎ᠡ ᠶᠢᠨ ᠮᠤᠩᠭᠤᠯ ᠦᠨᠳᠦᠰᠦᠳᠡᠨ ᠤ ᠤᠯᠤᠰ ᠤᠨ ᠨᠢᠭᠡᠳᠦᠭᠡᠷ ᠳᠡᠰ ᠤᠨ ᠬᠦᠭᠵᠢᠮ ᠤᠨ ᠵᠤᠬᠢᠶᠠᠯᠴᠢ᠂ ᠦᠵᠦᠮᠦᠴᠢᠨ ᠨᠤᠳᠤᠭ ᠤᠨ ᠤᠷᠠᠯᠢᠭᠴᠢᠨ ᠡᠯᠳᠡᠩᠭᠡ ᠬᠢᠭᠡᠳ ᠲᠡᠭᠦᠨ ᠤ ︽ᠰᠧ ᠡᠯᠳᠡᠩᠭᠡ ᠶᠢᠨ ᠳᠠᠭᠤᠤ ᠶᠢᠨ ᠰᠣᠩᠭᠤᠮᠠᠯ︾᠂ ︽ᠦᠵᠦᠮᠦᠴᠢᠨ ᠪᠦᠰᠡᠭᠦᠢ ᠶᠢᠨ ᠳᠠᠭᠤᠯᠠᠯ︾᠂ ︽ᠡᠵᠢ ᠨᠠᠭᠤᠷ︾᠂ ︽ᠦᠵᠡᠰᠭᠦᠯᠡᠩᠳᠦ ᠰᠠᠶᠢᠬᠠᠨ ᠦᠵᠦᠮᠦᠴᠢᠨ ᠨᠤᠲᠤᠭ︾ ᠵᠡᠷᠭᠡ 400 ᠭᠠᠷᠤᠢ ᠳᠠᠭᠤᠤ ᠬᠦᠭᠵᠢᠮ ᠤᠨ ᠪᠦᠳᠦᠭᠡᠯ      ᠪᠢᠳᠡ ᠡᠳᠡᠭᠡᠷ ᠠᠯᠳᠠᠷᠳᠦ ᠵᠢᠳᠭᠦᠯᠳᠡᠳ ᠤᠨ ᠢᠶᠠᠨ ᠠᠪᠤᠷᠭᠤ ᠪᠦᠳᠦᠭᠡᠯ ᠢ ᠦᠪᠯᠡᠨ ᠳᠡᠭᠡᠳᠦᠯᠡᠵᠦ᠂ ᠨᠠᠨᠳᠢᠩᠨᠠᠨ ᠬᠠᠶᠢᠷᠠᠯᠠᠵᠦ᠂ ᠲᠡᠦᠬᠡ ᠰᠣᠶᠣᠯ ᠢᠶᠠᠨ ᠮᠠᠨᠳᠣᠭᠤᠯᠵᠦ ᠠᠭᠤᠤ ᠦᠢᠯᠡᠰ ᠢ ᠨᠢ ᠵᠠᠯᠭᠠᠮᠵᠢᠯᠠᠨ ᠬᠦᠭᠵᠢᠭᠦᠯᠬᠦ ᠶᠤᠰᠤᠳᠡᠢ ᠪᠠᠶᠢᠭ᠎ᠠ ᠶᠤᠮ᠂ ᠳᠡᠭᠡᠳᠦ ᠶᠢᠨ ᠮᠠᠨᠢ ᠦᠨ᠎ᠡ ᠦᠷᠳᠡᠭ ᠪᠦᠬᠦᠢ ᠵᠤᠬᠢᠶᠠᠯ ᠪᠦᠳᠦᠭᠡᠯ ᠨᠢ ᠦᠵᠦᠮᠦᠴᠢᠨ ᠤ ᠲᠡᠦᠬᠡ ᠰᠣᠶᠣᠯ ᠤᠨ ᠠᠷᠢᠭᠤᠨ ᠭᠠᠯ ᠪᠤᠯᠤᠨ ᠲᠦᠷᠡᠯᠵᠢᠵᠦ᠂ ᠦᠵᠦᠮᠦᠴᠢᠨ ᠤ ᠭᠡᠷᠡᠯ ᠭᠢᠯᠪᠠᠭ᠎ᠠ ᠪᠤᠯᠵᠦ ᠬᠡᠵᠢᠶᠡᠳᠡ ᠭᠡᠶᠢᠭᠦᠯᠬᠦ ᠶᠤᠮ᠃                               ᠬᠤᠶᠠᠷ  ᠤᠶᠢᠷ᠎ᠠ ᠦᠶ᠎ᠡ ᠶᠢᠨ ᠰᠣᠶᠣᠯ ᠤᠨ ᠵᠠᠯᠭᠠᠮᠵᠢᠯᠠᠭᠴᠢᠳ      ᠦᠵᠦᠮᠦᠴᠢᠨ ᠳᠤ ᠠᠪᠴᠣ ᠬᠡᠯᠡᠪᠡᠯ᠂ ᠳᠡᠭᠡᠷ᠎ᠡ ᠵᠠᠭᠤᠨ ᠤ ᠳᠣᠮᠳᠠᠴᠢ ᠪᠠᠷ ᠶᠠᠫᠤᠨ ᠤ ᠳᠦᠷᠢᠮᠡᠬᠡᠶᠢᠯᠡᠯ ᠪᠠ ᠤᠷᠤᠰ ᠴᠡᠷᠢᠭ ᠤᠨ ᠲᠦᠪᠰᠢᠳᠭᠡᠯ ᠳᠤ ᠮᠠᠰᠢ ᠣᠯᠠᠨ ᠲᠡᠦᠬᠡᠨ ᠪᠢᠴᠢᠭ ᠮᠠᠲ᠋ᠧᠷᠢᠶᠠᠯ᠂ ᠲᠤᠷᠠᠰᠬᠠᠯᠳᠦ ᠵᠦᠢᠯᠡᠰ ᠡᠪᠳᠡᠭᠳᠡᠨ᠂ ᠤᠷᠬᠢᠭᠳᠠᠨ ᠭᠡᠭᠡᠭᠳᠡᠵᠦ ᠨᠡᠩ ᠢᠯᠠᠩᠭᠤᠶ᠎ᠠ ᠰᠣᠶᠣᠯ ᠤᠨ ᠬᠤᠪᠢᠰᠬᠠᠯ ᠤᠨ ᠰᠠᠮᠠᠭᠤᠷᠠᠯ ᠨᠢ ᠦᠵᠦᠮᠦᠴᠢᠨ ᠳᠦᠮᠡᠨ ᠳᠤ ᠤᠶᠤᠨ ᠰᠠᠨᠠᠭᠠᠨ ᠤ ᠰᠢᠨᠠᠯᠭᠠᠯᠠᠯ ᠪᠡᠶ᠎ᠡ ᠮᠠᠬᠠᠪᠤᠳ ‍ᠣᠨ‌‍ᠲ᠋ᠠᠷᠴᠢᠯᠭᠠᠯᠠᠯ ᠢ ᠠᠪᠴᠢᠷᠠᠵᠦ ᠦᠭᠭᠦᠭᠰᠡᠨ ᠢᠶᠠᠷ ᠪᠠᠷᠠᠬᠤ ᠦᠭᠡᠢ ᠦᠨᠳᠦᠰᠦᠳᠡᠨ ᠤ  ᠤᠬᠢ ᠰᠠᠶᠢᠨ ᠰᠣᠶᠣᠯ ᠤᠨ ᠦᠪ  ᠬᠦᠷᠦᠩᠭᠡ ᠵᠠᠩ ᠦᠢᠯᠡ ᠶᠢ ᠲᠠᠮᠳᠣᠭᠯᠠᠭᠰᠠᠨ ᠬᠠᠷᠠᠰᠠᠯᠳᠦ ᠪᠠᠶᠢᠳᠠᠯ ᠢ ᠪᠤᠢ ᠪᠤᠯᠭᠠᠭᠰᠠᠨ ᠪᠠᠶᠢᠳᠠᠭ᠂ ᠡᠳᠡᠭᠡᠷ ᠨᠢ ᠲᠡᠦᠬᠡ ᠶᠢᠨ ᠭᠤᠳᠤᠮᠰᠢᠭᠳᠦ ᠶᠠᠪᠤᠳᠠᠯ ᠪᠤᠯᠬᠤ ᠶᠤᠮ᠃      ᠨᠠᠮ ᠤᠨ ︽ᠠᠷᠪᠠᠨ ᠨᠢᠭᠡᠳᠦᠭᠡᠷ ᠤᠳᠠᠭᠠᠨ ᠤ ᠭᠤᠷᠪᠠᠳᠤᠭᠠᠷ ᠪᠦᠭᠦᠳᠡ ᠬᠤᠷᠠᠯ︾ ᠠᠴᠠ ᠨᠠᠰᠢᠬᠢ ᠭᠤᠴᠢᠨ ᠵᠢᠯ ᠤᠨ ᠳᠣᠷᠰᠢ ᠦᠵᠦᠮᠦᠴᠢᠨ ᠤ ᠲᠡᠦᠬᠡ ᠰᠣᠶᠣᠯ ᠤᠨ ᠦᠢᠯᠡᠰ ᠳᠠᠬᠢᠨ‌ᠠᠮᠢᠯᠠᠯ ᠢᠶᠠᠨ ᠤᠯᠵᠦ᠂ ᠰᠡᠷᠭᠦᠭᠡᠭᠳᠡᠬᠦ  —  ᠪᠦᠷᠢᠯᠳᠦᠬᠦ — ᠬᠦᠭᠵᠢᠬᠦ ᠶᠠᠪᠤᠴᠠ ᠳᠠᠭᠠᠨ ᠤᠷᠤᠭᠰᠠᠨ ᠪᠠᠶᠢᠨ᠎ᠠ  ᠂ ᠡᠨᠡ ᠪᠤᠯ ᠳᠤᠷᠠᠳᠤᠭᠤᠰᠢᠳᠠᠢ᠂ ᠪᠠᠶᠠᠷᠯᠠᠭᠤᠰᠢᠳᠠᠢ ᠶᠠᠪᠤᠳᠠᠯ ᠪᠤᠯᠤᠨ᠎ᠠ᠃      ⑴ ᠰᠣᠶᠣᠯ ᠤᠨ ᠰᠡᠷᠭᠦᠭᠡᠨ ᠮᠠᠨᠳᠣᠯᠳᠠ ᠶᠢᠨ ᠳᠣᠮᠳᠠᠬᠢ ᠵᠢᠳᠭᠦᠯᠳᠡᠳ      ᠦᠵᠦᠮᠦᠴᠢᠨ ᠤ ᠰᠣᠶᠣᠯ ᠤᠨ ᠰᠡᠷᠭᠦᠯᠳᠡ ᠶᠢᠨ ᠶᠠᠪᠤᠴᠠ ᠠᠴᠠ ᠠᠵᠢᠭᠯᠠᠪᠠᠯ᠂ ᠳᠡᠭᠡᠷ᠎ᠡ ᠵᠠᠭᠤᠨ ᠤ ᠨᠠᠶᠠᠭᠠᠳ ᠤᠨ ᠠᠴᠠ ᠡᠬᠢᠯᠡᠵᠦ᠂ ᠨᠢᠭᠡ ᠪᠦᠯᠦᠭ ᠨᠤᠲᠤᠭ ᠤᠨ ᠠᠬᠠᠮᠠᠳ ᠦᠶ᠎ᠡ ᠶᠢᠨ ᠬᠢᠨ ᠬᠦᠳᠡᠯᠦᠯᠴᠡᠵᠦ᠂ ᠠᠪᠢᠶᠠᠰ ᠪᠢᠯᠢᠭ ᠢᠶᠠᠨ ᠪᠠᠳᠠᠷᠠᠭᠤᠯᠤᠨ᠂ ᠵᠤᠬᠢᠶᠠᠯ ᠪᠦᠳᠦᠭᠡᠯ ᠲᠤᠭᠤᠷᠪᠢᠬᠤ᠂ ᠴᠣᠭᠯᠠᠭᠠᠯᠤᠨ ᠡᠮᠬᠢᠳᠭᠡᠬᠦ᠂ ᠬᠡᠪᠯᠡᠨ ᠨᠡᠶᠢᠳᠡᠯᠡᠬᠦ ᠵᠡᠷᠭᠡ ᠠᠵᠢᠯ ᠢ ᠱᠠᠯᠠᠪᠳᠠᠨ ᠬᠢᠵᠦ᠂ ᠦᠪᠡᠷ ᠤᠨ ᠪᠡᠶ᠎ᠡ ᠪᠠᠷ ᠢᠶᠠᠨ ᠤᠷᠤᠯᠴᠠᠨ᠂ ᠦᠵᠦᠮᠦᠴᠢᠨ ᠰᠣᠶᠣᠯ ᠤᠨ ᠰᠡᠷᠭᠦᠯᠳᠡ‌‍ᠶᠢᠨ ᠠᠩᠬᠠᠨ ᠤ ᠲᠠᠷᠬᠠᠳ ᠪᠤᠯᠪᠠ᠂ ᠡᠳᠡᠭᠡᠷ ᠬᠦᠮᠦᠰ ᠲᠤ ᠫ᠊ ᠳᠤᠭᠠᠷ᠂ ᠨᠠ᠊ ᠳᠡᠮᠡᠴᠡᠯᠳᠦ᠂ ᠳ᠋ᠠᠷᠬ᠎ᠠ᠂ ᠫᠠ᠊ ᠲᠡᠮᠦᠷ᠂ ᠸ᠊ ᠨᠠᠮᠵᠢᠯᠰᠦᠷᠦᠩ᠂ ᠲᠤ᠋ ᠷᠠᠭᠸ᠎ᠠ᠂ ᠪᠸ᠊ ᠵᠠᠳᠠᠮᠪᠠ᠂ ᠦ᠊ ᠳᠠᠮᠢᠷᠠᠨ᠂ ᠰᠢ᠊ ᡀᠠᠮᠦ᠂ ᠭᠤ ᠷᠠᠭᠸ᠎ᠠ᠂ ᠯ᠊ ᠠᠮᠤᠷᠮᠡᠨᠳᠦ᠂ ᠪᠧ ᠤᠳᠬᠠᠨ᠂ ᠰᠠᠩᠵᠠᠢ᠂ ᡀ᠊ ᠳᠤᠭᠠᠷᠰᠦᠷᠦᠩ᠂ ᠵᠢ᠊ ᠠᠯᠳᠠᠨᠭᠡᠷᠡᠯ᠂ ᠠ᠊ ᠫᠤᠩᠰᠤᠭ᠂ ᠪᠤ ᠬᠦᠭᠵᠢᠯ᠂ ᠨ᠊ ᠪᠦᠬᠡᠬᠠᠳᠠ᠂ ᠭᠤ ᠳᠠᠪᠬᠠᠢ᠂ ᠵᠢ᠊ ᠪᠠᠳᠦ᠂ ᠲ᠊ ᡀᠠᠮᠤᠵᠠᠪ᠂ ᠵᠢ᠊ ᠴᠢᠯᠠᠭᠤᠨ᠋ᠠ᠋ᠷᠰᠯᠠᠨ ᠨᠠᠷ ᠢ  ᠳᠣᠷᠠᠳᠤᠯᠳᠠᠢ᠃      ᠵᠡᠭᠦᠨ ᠦᠵᠦᠮᠦᠴᠢᠨ ᠤ ᠰᠣᠶᠣᠯ ᠲᠡᠦᠬᠡ ᠶᠢᠨ ᠦᠷᠨᠢᠯᠳᠡ ᠨᠢ ᠳᠣᠤᠷᠠᠬᠢ ᠭᠤᠷᠪᠠᠨ ᠵᠤᠬᠢᠶᠠᠨ ᠪᠠᠶᠢᠭᠤᠯᠤᠯᠳᠠ ᠶᠢᠨ ᠬᠡᠯᠪᠡᠷᠢ ᠪᠠᠷ ᠶᠠᠪᠤᠭᠳᠠᠵᠦ ᠢᠷᠡᠵᠠᠢ᠃      ᠫᠠ᠊ ᠳᠣᠭᠠᠷ ᠨᠠᠶᠠᠭᠠᠳ ᠤᠨ ᠤ ᠡᠬᠢ ᠪᠠᠷ ᠬᠤᠰᠢᠭᠤ ᠰᠣᠶᠣᠯ ᠤᠨ ᠲᠤᠪᠴᠢᠶᠠᠨ ᠳᠤ  ᠪᠠᠶᠢᠬᠤ ᠳᠠᠭᠠᠨ ︽ᠠᠯᠳᠠᠨ ᠳᠤᠰᠤᠯ︾ ᠬᠡᠮᠡᠬᠦ ᠳᠣᠳᠣᠭᠠᠳᠣ ᠰᠡᠳᠭᠦᠯ ᠢ ᠰᠡᠳᠤᠨ ᠡᠷᠬᠢᠯᠡᠭᠰᠡᠨ ᠢᠶᠠᠷ ᠳᠡᠷᠡ ᠨᠢ ᠦᠵᠦᠮᠦᠴᠢᠨ ᠲᠡᠦᠬᠡ  ᠵᠠᠩ ᠦᠢᠯᠡ᠂ ᠢᠷᠠᠭᠤ ᠨᠠᠶᠢᠷᠠᠭ᠂ ᠤᠷᠠᠨ ᠵᠤᠬᠢᠶᠠᠯ ᠤᠨ ᠪᠦᠳᠦᠭᠡᠯ ᠤᠨ ᠬᠤᠷᠢᠶᠠᠩᠭᠤᠢ ᠪᠤᠯᠵᠤ᠂ ᠨᠡᠶᠢᠭᠡᠮ ᠨᠡᠶᠢᠳᠡ᠂  ᠤᠩᠰᠢᠭᠴᠢ ᠤᠯᠠᠨ ᠤ ᠪᠠᠭ᠋ᠠᠷᠤᠯ ᠬᠦᠷᠢᠶᠡᠯᠡᠯ ᠢ ᠤᠯᠪᠠ᠂ ᠡᠨᠡ ᠨᠢ ᠦᠵᠦᠮᠦᠴᠢᠨ ᠲᠡᠦᠬᠡ ᠰᠣᠶᠣᠯ ᠤᠨ ᠬᠠᠷᠭᠤᠢ ᠶᠢ ᠵᠤᠷᠠᠶᠢᠯᠭᠠᠭᠰᠡᠨ ᠤᠤᠭᠠᠨ ᠠᠴᠢᠶ᠎ᠠ ᠬᠦᠰᠬᠡ ᠪᠤᠯᠵᠠᠢ᠂ ᠡᠨᠡᠬᠦ ᠰᠡᠳᠭᠦᠯ ᠨᠢ ᠤᠳᠤ ᠤᠷᠤᠨ ᠤ ᠬᠡᠪᠯᠡᠯ ᠤᠨ ᠡᠷᠬᠡ ᠲᠠᠢ᠂ ᠲᠡᠦᠬᠡ ᠤᠷᠠᠨ ᠵᠤᠬᠢᠶᠠᠯ ᠤᠨ ᠲᠤᠰᠬᠠᠢ ᠰᠡᠳᠭᠦᠯ — ︽ᠡᠵᠢ ᠨᠠᠭᠤᠷ︾ ᠪᠤᠯᠤᠨ ᠪᠤᠵᠠᠭᠠᠶᠢᠷᠠᠭᠠᠳ 38 ᠳ᠋ᠤᠭᠠᠷ ᠬᠤᠭᠤᠴᠠᠭ᠎ᠠ ᠪᠠᠨ ᠬᠡᠪᠯᠡᠭᠦᠯᠵᠦ᠂ ᠦᠵᠦᠮᠦᠴᠢᠨ ᠤᠷᠤᠨ ᠨᠤᠲᠤᠭ ᠤᠨ ᠲᠡᠦᠬᠡ ᠰᠣᠶᠣᠯ ᠤᠨ ᠠᠯᠳᠠᠨ ᠰᠠᠯᠠᠭ᠎ᠠ ᠪᠤᠯᠵᠦ ᠬᠤᠰᠢᠭᠤ ᠡᠳ᠋ ᠤᠨ ᠵᠠᠰᠠᠭ ᠠᠴᠠ ᠬᠤᠷ᠎ᠠ ᠷᠠᠰᠢᠶᠠᠨ ᠢ ᠨᠢ ᠢᠪᠡᠭᠡᠵᠦ᠂ ᠤᠳᠤ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠦᠨᠳᠦᠰᠦᠳᠡᠨ ᠤ ᠬᠡᠷᠡᠭ ᠡᠷᠬᠢᠯᠡᠬᠦ ᠲᠤᠪᠴᠢᠶᠠᠨ‌ᠡᠴᠡ ᠡᠷᠬᠢᠯᠡᠨ ᠨᠠᠶᠢᠷᠠᠭᠤᠯᠵᠤ ᠪᠤᠢ  ᠃ ᠬᠤᠰᠢᠭᠤ ᠤᠯᠤᠰ ᠲᠦᠷᠦ ᠶᠢᠨ ᠵᠦᠪᠯᠡᠯᠭᠡᠨ ᠠᠴᠠ ᠫᠠ᠊ ᠳᠣᠭᠠᠷ ᠤᠨ ᠠᠷᠪᠠ ᠭᠠᠷᠤᠢ ᠨᠤᠮ ᠪᠢᠴᠢᠭ ᠢ ᠲᠤᠰᠬᠠᠢ ᠬᠡᠪᠯᠡᠯ ᠢᠶᠠᠷ ᠬᠡᠪᠯᠡᠭᠦᠯᠦᠨ ᠳᠠᠷᠬᠠᠭᠰᠠᠨ ᠪᠠᠶᠢᠪᠠ᠃      ᠨᠠ᠊ ᠳᠠᠮᠡᠴᠡᠯᠳᠦ ᠨᠠᠷ ᠤᠨ 1986 ᠤᠨ ᠳᠤ ᠵᠤᠬᠢᠶᠠᠨ ᠪᠠᠶᠢᠭᠤᠯᠤᠭᠰᠠᠨ ︽ᠦᠵᠦᠮᠦᠴᠢᠨ ᠰᠣᠶᠣᠯ  ᠲᠡᠦᠬᠡ ᠶᠢᠨ ᠨᠡᠶᠢᠭᠡᠮᠯᠢᠭ︾ ᠨᠢ ᠦᠵᠦᠮᠦᠴᠢᠨ ᠰᠣᠶᠣᠯ ᠳᠠᠭᠠᠨ ᠬᠠᠶᠢᠷᠠᠳᠠᠢ ᠬᠦᠮᠦᠰ ᠢ ᠤᠷᠢᠶᠠᠯᠠᠨ  ᠳᠠᠭᠤᠳᠠᠵᠤ᠂  ᠲᠡᠦᠬᠡ ᠰᠤᠶᠤᠯ ᠤᠨ ᠴᠦᠷᠬᠦᠯᠡᠭᠡᠰᠦ ᠶᠢ ᠦᠷᠭᠡᠳᠭᠡᠨ ᠪᠤᠵᠠᠭᠠᠶᠢᠷᠠᠭᠤᠯᠤᠭᠰᠠᠨ ᠢᠷᠠᠭᠤ ᠬᠠᠭᠤᠳᠠᠰᠣ ᠶᠢ ᠪᠢᠴᠢᠭᠯᠡᠭᠰᠡᠨ ᠶᠤᠮ᠂ ᠨᠠᠶᠢᠷᠠᠭᠤᠯᠤᠨ ᠡᠮᠬᠢᠳᠭᠡᠨ ᠲᠢᠭᠯᠡᠬᠦ ᠠᠵᠢᠯ ᠳᠤ ᠨ᠊ ᠪᠦᠬᠡᠬᠠᠳᠠ ᠶᠢᠨ ᠤᠶᠤᠨ ᠤ ᠵᠢᠳᠭᠦᠯ ᠪᠦᠷᠢᠨ ᠰᠢᠩᠭᠡᠵᠤ ᠪᠠᠶᠢᠬᠤ ᠶᠢ ᠠᠳᠡ ᠦᠨᠡᠯᠡᠭᠦᠰᠢᠳᠠᠢ ᠶᠤᠮ᠂ ᠰᠤᠶᠤᠯ ᠲᠡᠦᠬᠡ ᠶᠢᠨ ᠨᠡᠶᠢᠭᠡᠮᠯᠢᠭ ᠤᠨ ᠬᠡᠳᠦᠨ ᠦᠶ᠎ᠡ ᠶᠢᠨ ᠬᠠᠮᠳᠤ ᠶᠢᠨ ᠴᠢᠷᠮᠠᠶᠢᠯᠭ᠎ᠠ ᠪᠠᠷ ᠦᠨᠤ ᠪᠤᠯᠬᠤ ᠳᠤ 200 ᠭᠠᠷᠤᠢ ᠨᠡᠶᠢᠭᠡᠮᠯᠢᠭ ᠤᠨ ᠭᠡᠰᠢᠭᠦᠨ ᠲᠠᠢ ᠪᠠ  ᠳᠤᠰᠬᠠᠢ ᠨᠤᠮ ᠤᠨ ᠬᠠᠳᠠᠭᠠᠯᠠᠮᠵᠢ ᠶᠢᠨ ᠦᠷᠦᠬᠡ ᠲᠠᠢ ᠪᠤᠯᠤᠭᠰᠠ ᠪᠠᠶᠢᠨ᠎ᠠ᠃      ᠭᠤ ᠳᠠᠪᠬᠠᠢ ᠶᠢᠨ 1985 ᠤᠨ ᠳᠤ ᠰᠠᠨᠠᠭᠠᠴᠢᠯᠠᠨ ᠪᠠᠶᠢᠭᠤᠯᠤᠭᠰᠠᠨ ︽ᠮᠤᠩᠭᠤᠯ ᠡᠮ ᠡᠮᠨᠡᠯᠭᠡ ᠶᠢᠨ ᠡᠷᠳᠡᠮ ᠰᠢᠨᠵᠢᠯᠡᠭᠡᠨ ᠤ ᠨᠡᠶᠢᠭᠡᠮᠯᠢᠭ︾ ᠨᠢ ︽ᠠᠷᠤᠷ᠎ᠠ ᠶᠢᠨ ᠨᠠᠪᠴᠢᠰ︾ ᠬᠡᠮᠡᠬᠦ ᠰᠡᠳᠭᠦᠯ ᠢᠶᠠᠷ ᠮᠠᠰᠢ ᠤᠯᠠᠨ ᠮᠤᠩᠭᠤᠯ ᠠᠨᠠᠭᠠᠬᠤ ᠤᠬᠠᠭᠠᠨ ᠤ ᠰᠤᠳᠤᠯᠭᠠᠨ ᠤ ᠦᠷᠳᠡᠭ ᠪᠦᠬᠦᠢ ᠦᠭᠦᠯᠡᠯ ᠢ 1——5 ᠳ᠋ᠤᠭᠠᠷ ᠬᠤᠭᠤᠴᠠᠭ᠎ᠠ ᠨᠠᠶᠢᠷᠠᠭᠤᠯᠤᠨ ᠬᠡᠪᠯᠡᠭᠦᠯᠦᠭᠰᠡᠨ ᠪᠦᠭᠡᠳ ᠲᠡᠭᠦᠨ ᠤ ᠡᠷᠬᠢᠯᠡᠭᠡ ᠪᠠᠷ ︽ᠮᠤᠩᠭᠤᠯ ᠡᠮᠳᠦ ᠪᠤᠳᠠᠰ ᠤᠨ ᠳᠣᠪᠴᠢᠶ᠎ᠠ︾ ᠶᠢ ᠨᠠᠶᠢᠷᠠᠭᠤᠯᠤᠨ ᠡᠮᠬᠢᠳᠭᠡᠵᠦ᠂ 10 ᠮᠤᠵᠢ ᠤᠷᠤᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠨᠢᠭᠡᠳᠦᠭᠡᠷ ᠳᠡᠰ ᠤᠨ ᠱᠠᠩᠨᠠᠯ ᠢ ᠤᠯᠪᠠ᠃      ᠡᠳᠡᠭᠡᠷ ᠭᠤᠷᠪᠠᠨ ᠵᠢᠳᠭᠦᠯᠳᠡᠨ ᠤ ᠬᠠᠮᠳᠦ ᠶᠢᠨ ᠤᠨᠴᠠᠯᠢᠭ ᠪᠤᠯ ᠦᠪᠡᠷᠳᠡᠭᠡᠨ ᠪᠦᠳᠦᠭᠡᠯ ᠲᠠᠢ ᠪᠠᠷ ᠪᠠᠷᠠᠬᠤ ᠦᠭᠡᠢ ᠬᠠᠮᠤᠭ ᠴᠢᠬᠤᠯᠠ ᠨᠢ ᠨᠢᠭᠡᠴᠡ ᠪᠠ ᠤᠯᠠᠨ ᠢᠶᠠᠨ ᠳᠠᠶᠢᠴᠢᠯᠠᠨ ᠵᠦᠪ ᠢᠶᠠᠷ ᠵᠢᠯᠤᠭᠤᠳᠤᠨ᠂ ᠮᠦᠬᠦᠨ ᠰᠦᠨᠦᠵᠦ ᠪᠠᠶᠢᠭ᠎ᠠ ᠲᠡᠦᠬᠡ ᠰᠣᠶᠣᠯ ᠢᠶᠠᠨ ᠠᠪᠤᠷᠠᠵᠤ᠂ ᠬᠠᠮᠳᠦ ᠶᠢᠨ ᠦᠪ ᠰᠣᠶᠣᠯ ᠢᠶᠠᠨ ᠨᠠᠨᠳᠢᠩᠨᠠᠨ ᠬᠦᠷᠦᠩᠭᠡᠯᠡᠭᠰᠡᠨ ᠳᠤ ᠪᠠᠶᠢᠬᠤ ᠶᠤᠮ᠃      ᠨᠠᠶᠠᠭᠠᠳ ᠤᠨ ᠤ ᠡᠬᠢ ᠪᠠᠷ᠂ ᠫ᠊ ᠲᠡᠮᠦᠷ ᠤᠨ ᠤᠯᠤᠰ ᠤᠨ ᠳᠡᠰ ᠤᠨ ᠱᠠᠩᠨᠠᠯ ᠤᠯᠤᠭᠰᠠᠨ ᠪᠦᠳᠦᠭᠡᠯ ︽ᠦᠵᠦᠮᠦᠴᠢᠨ ᠬᠤᠨᠢ︾ ᠨᠢ ᠤᠯᠤᠰ ᠤᠷᠤᠨ ᠤ ᠮᠠᠯ ᠠᠵᠤ ᠠᠬᠤᠢ ᠶᠢᠨ ᠰᠤᠳᠤᠯᠭᠠᠨ ᠳᠤ  ᠬᠦᠨᠳᠦᠳᠭᠡᠭᠳᠡᠨ ᠬᠡᠷᠡᠭᠯᠡᠭᠳᠡᠵᠦ᠂ ᠦᠵᠦᠮᠦᠴᠢᠨ ᠬᠤᠨᠢᠨ ᠤ ᠨᠡᠷᠡᠳᠦ ᠲᠡᠮᠳᠡᠭ ᠡᠭᠦᠳᠬᠦ ᠳᠤ ᠤᠨᠤᠯ ᠤᠨ ᠡᠰᠢ ᠪᠠᠷᠢᠮᠳᠠ ᠪᠤᠯᠪᠠ᠂ ᠦᠵᠦᠮᠦᠴᠢᠨ ᠳᠤ ᠠᠪᠴᠣ ᠬᠡᠯᠡᠪᠡᠯ ᠮᠠᠯ ᠠᠵᠤ ᠠᠬᠤᠢ ᠶᠢᠨ ᠲᠠᠯ᠎ᠠ ᠪᠠᠷ ᠬᠢ ᠠᠩᠬᠠᠨ ᠤ ᠤᠨᠤᠯᠵᠢᠭᠰᠠᠨ ᠰᠢᠨᠵᠢᠯᠡᠭᠡᠨ ᠤ ᠦᠷᠳᠡᠭ ᠪᠦᠬᠦᠢ ᠨᠤᠮ ᠪᠤᠯᠬᠤ ᠶᠤᠮ᠃      ᠦᠵᠦᠮᠦᠴᠢᠨ ᠤ ᠲᠡᠦᠬᠡ ᠰᠤᠶᠤᠯ ᠤᠨ ᠰᠡᠷᠭᠦᠯᠳᠡ ᠶᠢᠨ ᠦᠢᠯᠡᠰ ᠲᠤ ᠲᠤᠪᠤᠶᠢᠮ᠎ᠠ ᠬᠤᠪᠢ ᠨᠡᠮᠡᠭᠦᠷᠢ ᠦᠵᠡᠭᠦᠯᠦᠭᠰᠡᠨ ᠨᠤᠳᠤᠭ ᠤᠨ ᠡᠷᠳᠡᠮᠳᠡᠳ ᠰᠤᠳᠤᠯᠭᠠᠳᠠᠣᠨ ᠢ ᠲᠡᠮᠳᠡᠭᠯᠡᠪᠡᠯ  ᠄      ᠦᠵᠦᠮᠦᠴᠢᠨ ᠤ ᠠᠯᠳᠠᠷᠳᠦ ᠵᠤᠬᠢᠶᠠᠯᠴᠢ᠂ ᠲᠦᠪᠡᠳᠴᠢ ᠤᠷᠴᠢᠭᠤᠯᠤᠭᠴᠢ᠂ ᠢᠷᠠᠭᠤ ᠨᠠᠶᠢᠷᠠᠭᠤᠯᠤᠭᠴᠢ᠂ ᠲᠡᠦᠬᠡ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠫᠡ᠊ ᠳᠣᠭᠠᠷ ᠬᠢᠭᠡᠳ ᠲᠡᠭᠦᠨ ᠤ ︽ᠪᠠᠶᠠᠷᠳᠦ ᠵᠢᠷᠦᠬᠡᠨ ᠤ ᠴᠣᠬᠢᠯᠭ᠎ᠠ︾᠂ ︽ᠵᠤᠯ ᠵᠢᠷᠭᠠᠯᠳᠦ ᠠᠭᠤᠯᠵᠠᠯᠳᠠ︾᠂ ︽ᠮᠤᠩᠭᠤᠯ ᠭᠡᠷ ᠤᠨ ᠰᠣᠶᠣᠯ︾᠂ ︽ᠦᠵᠦᠮᠦᠴᠢᠨ ᠲᠡᠦᠬᠡ ᠶᠢᠨ ᠪᠠᠷᠢᠮᠳᠠ ᠪᠢᠴᠢᠭ ᠤᠳ︾  ᠂ ︽ᠮᠤᠩᠭᠤᠯ ᠤᠳᠤᠨ ᠵᠢᠷᠤᠬᠠᠢ ᠶᠢᠨ ᠱᠠᠰᠳᠢᠷ︾᠂ ︽ᠦᠵᠦᠮᠦᠴᠢᠨ ᠮᠤᠯᠤᠮ ᠯᠠᠮᠠ ᠶᠢᠨ ᠨᠠᠮᠳᠠᠷ︾᠂ ︽ᠦᠵᠦᠮᠦᠴᠢᠨ ᠠᠷᠠᠳ ᠤᠨ ᠪᠢᠯᠢᠭ︾᠂ ︽ᠰᠡᠯᠡᠭᠦᠤ ᠬᠦᠮᠦᠨ ᠤ ᠢᠯᠡᠭᠦᠤ ᠪᠤᠳᠤᠯ︾᠂ ︽ᠽᠠᠩᠶᠠᠩᠵᠠᠮᠰᠤ ᠶᠢᠨ ᠬᠦᠷ ᠲᠠᠭᠤᠯᠠᠯ︾᠂ ︽ᠴᠠᠭᠠᠨ ᠦᠵᠦᠮ ᠤᠨ ᠳᠠᠭᠤᠯᠠᠯ︾᠂ ︽ᠫ᠊ ᠳᠣᠭᠠᠷ᠂  ᠭᠤ ᠷᠠᠰᠢᠵᠠᠪ ᠤᠨ ᠰᠢᠯᠦᠭ ᠤᠨ ᠰᠣᠩᠭᠤᠮᠠᠯ︾᠂ ︽ᠨᠢᠭᠤᠴᠠ ᠳᠠᠷᠨᠢ ᠮᠠᠰᠢᠳᠠ ᠳᠡᠯᠭᠡᠷᠡᠭᠰᠡᠨ ᠬᠡᠶᠢᠳ︾ ᠂ ︽ᠴᠠᠭᠠᠨ ᠯᠠᠪᠠᠢ ᠶᠢᠨ ᠡᠭᠡᠰᠢᠭ︾᠂ ︽ᠤᠷᠢᠯᠭ᠎ᠠ ᠶᠢᠨ ᠪᠢᠴᠢᠭ︾᠂ ︽ᠪᠠᠭᠠᠳᠤᠷ ᠨᠠᠷᠠᠮ᠎ᠠ︾ ᠵᠡᠷᠭᠡ ᠪᠦᠳᠦᠭᠡᠯ ᠪᠠ ᠤᠷᠴᠢᠭᠤᠯᠤᠭᠰᠠᠨ ᠪᠦᠳᠦᠭᠡᠯ      ᠦᠵᠦᠮᠦᠴᠢᠨ ᠰᠣᠶᠣᠯ ᠲᠡᠦᠬᠡ ᠶᠢᠨ ᠦᠢᠯᠡᠰ ᠤᠨ ᠬᠤᠰᠢᠭᠤᠴᠢ᠂ ᠢᠷᠠᠭᠤ ᠨᠠᠶᠢᠷᠠᠭᠴᠢ᠂ ᠤᠤᠭᠠᠨ ᠲᠡᠦᠬᠡ ᠰᠣᠶᠣᠯ ᠤᠨ ᠵᠢᠳᠭᠦᠯᠳᠡᠨ᠂  ᠵᠡᠭᠦᠨ ᠦᠵᠦᠮᠦᠴᠢᠨ ᠬᠤᠰᠢᠭᠤᠨ ᠤ ᠨᠠ᠊ ᠲᠡᠮᠡᠴᠡᠯᠳᠦ ᠬᠢᠭᠡᠳ ᠲᠡᠭᠦᠨ ᠤ ︽ᠨᠤᠳᠤᠭ ᠲᠠᠭᠠᠨ ᠡᠷᠭᠦᠬᠦ ᠤᠶᠠᠩᠭ᠎ᠠ︾᠂ ︽ᠠᠷᠠᠳ ᠤᠨ ᠢᠷᠠᠭᠤ ᠨᠠᠶᠢᠷᠠᠭᠴᠢ ᠪᠢᠯᠢᠭ ᠤᠨ ᠳᠡᠮᠦᠷ︾᠂ ︽ᠦᠵᠦᠮᠦᠴᠢᠨ ᠠᠷᠠᠳ ᠤᠨ ᠵᠦᠢᠷ ᠰᠡᠴᠡᠨ ᠦᠭᠡᠰ︾᠂ ︽ᠦᠵᠦᠮᠦᠴᠢᠨ ᠠᠷᠠᠳ ᠤᠨ ᠠᠮᠠᠨ ᠨᠠᠶᠢᠷᠠᠭ ᠤᠨ ᠰᠠᠩ︾ ᠂ ︽ᠦᠵᠦᠮᠦᠴᠢᠨ ᠤ ᠤᠨᠢᠰᠤᠭ᠎ᠠ ᠲᠠᠭᠠᠪᠤᠷᠢ ᠶᠢᠨ ᠴᠢᠭᠤᠯᠭᠠᠨ︾᠂ ︽ᠦᠵᠦᠮᠦᠴᠢᠨ ᠨᠠᠶᠢᠷᠠᠭ ᠤᠨ ᠦᠨᠦᠳᠦᠷ︾      ᠦᠵᠦᠮᠦᠴᠢᠨ ᠤ ᠠᠯᠳᠠᠷᠲᠦ ᠲᠠᠯ᠎ᠠ ᠨᠤᠲᠤᠭ ᠤᠨ ᠡᠷᠳᠡᠮᠳᠡᠨ᠂ ᠲᠡᠦᠬᠡ ᠰᠤᠶᠤᠯ ᠤᠨ ᠵᠢᠳᠭᠦᠨᠳᠡᠨ᠂ ᠪᠠᠷᠠᠭᠤᠨ ᠦᠵᠦᠮᠦᠴᠢᠨ ᠬᠤᠰᠢᠭᠤᠨ ᠤ ᠭᠤ ᠷᠠᠭᠸ᠎ᠠ ᠬᠢᠭᠡᠳ ᠲᠡᠭᠦᠨ ᠤ ︽ᠦᠵᠦᠮᠦᠴᠢᠨ ᠮᠤᠩᠭᠤᠯ ᠭᠡᠷ︾᠂ ︽ᠰᠠᠷᠠᠨ ᠳᠠᠭᠡᠷ᠎ᠡ ᠪᠠᠷᠢᠬᠤ ᠮᠤᠩᠭᠤᠯ ᠭᠡᠷ︾᠂ ︽ᠦᠵᠦᠮᠦᠴᠢᠨ ᠮᠤᠩᠭᠤᠯᠴᠣᠳ︾᠂ ︽ᠭᠤ ᠷᠠᠭᠸ᠎ᠠ ᠶᠢᠨ ᠡᠷᠳᠡᠮ ᠰᠢᠨᠵᠢᠯᠡᠭᠡᠨ ᠤ ᠦᠭᠦᠯᠡᠯ ᠤᠳ︾᠂ ︽ᠦᠵᠦᠮᠦᠴᠢᠨ ᠤ ᠡᠳ᠋᠂ ᠰᠣᠶᠣᠯ᠂ ᠵᠠᠩᠰᠢᠯ︾᠂  ︽ᠠᠯᠬᠤᠭᠰᠠᠨ ᠮᠦᠷ ᠢ  ᠨᠢ ᠪᠠᠷᠠᠯᠠᠬᠤ ᠳᠤ ᠠᠤᠭ᠎ᠠ ᠭᠠᠪᠢᠶ᠎ᠠ ᠨᠢ ᠳᠡᠮᠳᠡᠭᠯᠡᠭᠦᠰᠢᠳᠠᠢ︾      ᠦᠵᠦᠮᠦᠴᠢᠨ ᠤ ᠵᠠᠩ ᠦᠢᠯᠡ ᠰᠣᠳᠣᠯᠣᠭᠴᠢ᠂ ᠮᠠᠯ ᠠᠵᠤ ᠠᠬᠤᠢ ᠶᠢᠨ ᠰᠣᠳᠣᠯᠭᠠᠳᠠᠨ᠂ ᠵᠡᠭᠦᠨ ᠦᠵᠦᠮᠦᠴᠢᠨ ᠬᠤᠰᠢᠭᠤᠨ ᠤ ᡀ᠊ ᠳᠣᠭᠠᠷᠰᠦᠷᠦᠩ ᠬᠢᠭᠡᠳ ᠲᠡᠭᠦᠨ ᠤ ︽ᠦᠵᠦᠮᠦᠴᠢᠨ ᠠᠷᠠᠳ ᠤᠨ ᠣᠯᠠᠮᠵᠢᠯᠠᠯᠳᠦ ᠵᠠᠩ ᠳᠠᠳᠬᠠᠯ︾᠂ ︽ᠠᠳᠣᠭᠤᠨ ᠤ ᠠᠷᠠᠴᠢᠯᠠᠭ᠎ᠠ︾᠂ ︽ᠦᠬᠡᠷ ᠠᠷᠠᠴᠢᠯᠠᠭᠰᠠᠨ ᠳᠣᠷᠰᠢᠯᠭ᠎ᠠ︾᠂ ︽ᠦᠵᠦᠮᠦᠴᠢᠨ ᠤ ᠠᠮᠠᠨ ᠢᠷᠠᠭᠤ ᠨᠠᠶᠢᠷᠠᠭᠴᠢᠳ︾᠂ ︽ᠪᠡᠶᠢᠯᠡ ᠶᠢᠨ ᠶᠤᠨᠳᠠᠢ︾      ᠦᠵᠦᠮᠦᠴᠢᠨ ᠤ ᠲᠡᠦᠬᠡ ᠰᠣᠶᠣᠯ ᠤᠨ ᠵᠢᠳᠭᠦᠯᠳᠡᠨ᠂ ᠢᠷᠠᠭᠤ ᠨᠠᠶᠢᠷᠠᠭᠴᠢ᠂ ᠵᠡᠭᠦᠨ ᠦᠵᠦᠮᠦᠴᠢᠨ ᠬᠤᠰᠢᠭᠤᠨ ᠤ ᠠᠯᠳᠠᠷᠳᠦ ᠮᠠᠯᠴᠢᠨ ᠵᠤᠬᠢᠶᠠᠯᠴᠢ ᠦ᠊ ᠲᠠᠮᠢᠷᠠᠨ ᠬᠢᠭᠡᠳ ᠲᠡᠭᠦᠨ ᠤ ︽ᠢᠷᠦᠭᠡᠯᠳᠦ ᠴᠠᠭᠠᠨ ᠮᠤᠩᠭᠤᠯ ᠭᠡᠷ︾᠂ ︽ᠦᠵᠦᠮᠦᠴᠢᠨ ᠠᠷᠠᠳ ᠤᠨ ᠬᠠᠭᠤᠴᠢ ᠶᠠᠷᠢᠶ᠎ᠠ︾᠂ ︽ᠬᠦᠷᠢᠶᠡᠳᠦ ᠨᠠᠭᠤᠷ ᠤᠨ ᠤᠶᠠᠩᠭ᠎ᠠ︾᠂ ︽ᠦᠵᠦᠮᠦᠴᠢᠨ ᠠᠷᠠᠳ ᠤᠨ ᠰᠣᠶᠣᠯ ᠤᠨ ᠣᠪᠤᠭ᠎ᠠ︾᠂ ︽ᠳᠡᠮᠴᠡᠭ ᠮᠡᠶᠢᠷᠡᠨ ᠤ ᠳᠤᠯᠭ᠎ᠠ︾᠂  ︽ᠦᠵᠦᠮᠦᠴᠢᠨ  ᠳᠠᠬᠢ ᠤᠯᠠᠭᠠᠨ ᠤ ᠱᠠᠰᠢᠨᠳᠡᠨ ᠤ ᠤᠯᠠ ᠮᠦᠷ︾      ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠳ᠋ᠠᠷᠠᠬ᠎ᠠ ᠬᠢᠭᠡᠳ ᠲᠡᠭᠦᠨ ᠤ ︽ᠦᠵᠦᠮᠦᠴᠢᠨ ᠲᠡᠦᠬᠡ ᠶᠢᠨ ᠲᠡᠮᠳᠡᠭᠯᠡᠯ︾᠂  ︽ᠭᠠᠮᠠᠯᠠ ᠶᠢᠨ ᠰᠢᠯᠦᠭ ᠤᠨ ᠲᠡᠭᠦᠪᠦᠷᠢ︾᠂ ︽ᠦᠵᠦᠮᠦᠴᠢᠨ ᠤ ᠡᠷᠡᠮᠡᠭᠡᠢ ᠰᠣᠳᠣᠨ ᠪᠦᠰᠡᠭᠦᠶᠢᠴᠣᠳ︾      ᠦᠵᠦᠮᠦᠴᠢᠨ ᠤ ᠢᠷᠠᠭᠤ ᠨᠠᠶᠢᠷᠠᠭᠴᠢ ᠪᠦᠭᠡᠳ‌ᠤᠷᠴᠢᠭᠤᠯᠤᠭᠴᠢ᠂ ᠲᠡᠦᠬᠡ ᠰᠣᠶᠣᠯ ᠤᠨ ᠵᠢᠳᠭᠦᠯᠳᠡᠨ ᠵᠢ᠊ ᠠᠯᠳᠠᠨᠭᠡᠷᠡᠯ ᠬᠢᠭᠡᠳ ᠲᠡᠭᠦᠨ ᠤ ︽ᠲᠠᠯ᠎ᠠ ᠨᠤᠲᠤᠭ ᠤᠨ ᠪᠠᠭᠠᠳᠤᠷ ᠬᠦᠮᠦᠰ︾ ᠭᠡᠬᠦ ᠨᠤᠮ ᠪᠠ ︽ᠡᠬᠡ ᠤᠷᠤᠨ ᠮᠢᠨᠢ︾᠂ ︽ᠰᠡᠳᠭᠢᠯ ᠤᠨ ᠴᠠᠭᠠᠨ ᠬᠠᠳᠠᠭ︾ ᠵᠡᠷᠭᠡ ᠵᠠᠭᠤ ᠭᠠᠷᠤᠢ ᠰᠢᠯᠦᠭ᠂ ︽ᠬᠠᠩᠭᠠᠢ ᠶᠢᠨ ᠭᠡᠰᠢᠭ︾᠂ ︽ᠡᠷ᠎ᠡ ᠴᠡᠷᠢᠭ ‍ᠣᠨ‌‍ᠰᠡᠳᠭᠢᠯ︾᠂ ︽ᠰᠤᠬᠤᠷ ᠳᠠᠰᠢᠭᠤᠷ︾ ᠵᠡᠷᠭᠡ ᠨᠠᠶᠠᠭᠠᠳ ᠦᠭᠦᠯᠡᠯᠭᠡ      ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠰᠣᠶᠣᠯ ᠤᠨ ᠵᠢᠳᠭᠦᠯᠳᠡᠨ ᠪᠠᠷᠠᠭᠤᠨ ᠦᠵᠦᠮᠦᠴᠢᠨ ᠬᠤᠰᠢᠭᠤᠨ ᠤ ᠯ᠊ ᠠᠮᠤᠷᠮᠡᠨᠳᠦ ᠬᠢᠭᠡᠳ ᠲᠡᠭᠦᠨ ᠤ ︽ᠦᠵᠦᠮᠦᠴᠢᠨ ᠤ ᠵᠠᠩ ᠳᠠᠳᠬᠠᠯ︾᠂  ︽ᠦᠵᠦᠮᠦᠴᠢᠨ ᠤ ᠤᠪᠤᠭ᠎ᠠ ᠳᠠᠬᠢᠯᠭ᠎ᠠ︾᠂ ︽ᠦᠵᠦᠮᠦᠴᠢᠨ ᠬᠤᠷᠢᠮ ᠤᠨ ᠶᠤᠰᠣᠨ︾᠂ ︽ᠮᠤᠩᠭᠤᠯ ᠨᠤᠬᠠᠢ︾᠂ ︽ᠦᠵᠦᠮᠦᠴᠢᠨ ᠰᠦᠮ᠎ᠡ ᠬᠡᠶᠢᠳ ᠤᠨ ᠲᠤᠶᠢᠮᠦ︾᠂ ︽ᠦᠵᠦᠮᠦᠴᠢᠨ ᠠᠪᠢᠶ᠎ᠠ ᠵᠦᠢ᠂ ᠠᠮᠠᠨ ᠠᠶᠠᠯᠠᠭᠤ︾      ᠦᠵᠦᠮᠦᠴᠢᠨ ᠤᠷᠳᠤ ᠶᠢᠨ ᠳᠠᠭᠤᠤ ᠶᠢᠨ ᠤᠯᠠᠮᠵᠢᠯᠠᠭᠴᠢ᠂ ᠨᠠᠷᠠᠳᠦ ᠬᠦᠭᠵᠢᠮ ᠤᠨ ᠵᠤᠬᠢᠶᠠᠯᠴᠢ᠂ ᠠᠯᠳᠠᠷᠳᠦ ᠮᠤᠷᠢᠨ ᠬᠤᠭᠤᠷᠴᠢᠨ ᠵᠡᠭᠦᠨ ᠦᠵᠦᠮᠦᠴᠢᠨ ᠬᠤᠰᠢᠭᠤᠨ ᠤ ᠰᠠᠩᠵᠠᠢ ᠬᠢᠭᠡᠳ ᠲᠡᠭᠦᠨ ᠤ  ︽ᠦᠵᠦᠮᠦᠴᠢᠨ ᠠᠷᠠᠳ ᠤᠨ ᠲᠠᠭᠤᠤ︾᠂ ︽ᠦᠪᠦᠷ ᠮᠤᠩᠭᠤᠯ ᠤᠨ ᠠᠷᠠᠳ ᠤᠨ ᠳᠠᠭᠤᠤ ᠶᠢᠨ ᠴᠤᠪᠤᠷᠠᠯ︾ ᠵᠡᠷᠭᠡ ᠨᠤᠮ ᠪᠠ ︽ᠳᠦᠭᠦᠷᠡᠩᠵᠠᠭᠠᠨ︾ ᠵᠡᠷᠭᠡ ᠠᠷᠪᠠ ᠭᠠᠷᠤᠢ ᠳᠠᠭᠤᠯᠠᠯᠳᠦ ᠵᠦᠴᠦᠭᠡ ᠶᠢᠨ ᠠᠶᠠᠯᠠᠭᠤ᠂    ︽ᠮᠤᠩᠭᠤᠯ ᠬᠦᠮᠦᠨ ᠤ ᠠᠯᠳᠠᠷ︾᠂ ︽ᠤᠮᠠᠷᠠᠳᠦ ᠬᠢᠯᠢ ᠶᠢᠨ ᠮᠠᠭᠳᠠᠭᠠᠯ︾ ᠵᠡᠷᠭᠡ ᠵᠠᠭᠤ ᠰᠢᠬᠠᠮ ᠳᠠᠭᠤᠤ      ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠢᠷᠠᠭᠤ ᠨᠠᠶᠢᠷᠠᠭᠴᠢ᠂ ᠰᠣᠶᠣᠯ ᠤᠨ ᠵᠢᠳᠭᠦᠯᠳᠡᠨ᠂ ᠪᠠᠷᠠᠭᠤᠨ ᠦᠵᠦᠮᠦᠴᠢᠨ ᠬᠤᠰᠢᠭᠤᠨ ᠤ ᠪᠠᠯᠨᠤᠳ ᠪᠠ᠊᠂ ᠤᠳᠬᠤᠨ ᠬᠢᠭᠡᠳ ᠲᠡᠭᠦᠨ ᠤ  ︽ᠲᠤᠮᠤᠭᠳᠦ ᠪᠤᠭᠤᠷᠤᠯ ᠬᠤᠷᠸ᠎ᠠ︾᠂ ︽ᠬᠤᠱᠤᠢ ᠰᠡᠴᠡᠨ ᠴᠢᠨ ᠸᠠᠩ ᠰᠣᠳᠨᠠᠮᠷᠠᠪᠳᠠᠨ ᠬᠢᠭᠡᠳ ᠪᠠᠷᠠᠭᠤᠨ ᠦᠵᠦᠮᠦᠴᠢᠨ ᠬᠤᠰᠢᠭᠤ︾᠂ ︽ᠰᠣᠷᠭᠤᠭ ᠴᠡᠴᠡᠭ ᠤᠨ ᠮᠦᠰᠢᠶᠡᠯ︾᠂ ︽ᠪᠠᠯᠨᠤᠳ ᠤᠨ ᠭᠤᠷᠪᠠᠨ ᠠᠮᠠᠨ ᠨᠠᠶᠢᠷᠠᠭᠴᠢ︾᠂ ︽ᠦᠵᠦᠮᠦᠴᠢᠨ ᠠᠷᠠᠳ ᠤᠨ ᠠᠬᠠᠷ ᠵᠠᠬᠠᠷ  ᠳᠠᠭᠤᠤ ᠨᠤᠭᠤᠳ︾      ᠦᠵᠦᠮᠦᠴᠢᠨ ᠤ ᠲᠡᠦᠬᠡ  ᠵᠠᠩ ᠦᠢᠯᠡ ᠶᠢᠨ ᠤᠯᠠᠮᠵᠢᠯᠠᠭᠴᠢ᠂ ᠢᠷᠠᠭᠤ ᠨᠠᠶᠢᠷᠠᠭᠴᠢ᠂ ᠮᠠᠯᠴᠢᠨ ᠵᠤᠬᠢᠶᠠᠯᠴᠢ᠂ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠸ᠊  ᠂ ᠨᠠᠮᠵᠢᠯᠰᠦᠷᠦᠩ ᠬᠢᠭᠡᠳ ᠲᠡᠭᠦᠨ ᠤ ︽ᠭᠠᠩ ᠡᠷᠳᠡᠨᠢ ᠶᠢᠨ ᠳᠣᠯᠭ᠎ᠠ︾᠂ ︽ᠦᠵᠦᠮᠦᠴᠢᠨ ᠪᠦᠰᠡᠭᠦᠶᠢᠴᠣᠳ ᠤᠨ ᠠᠮᠠᠨ ᠨᠠᠶᠢᠷᠠᠭ ᠤᠨ ᠳᠡᠭᠡᠵᠢᠰ︾᠂ ︽ᠦᠵᠦᠮᠦᠴᠢᠨ ᠠᠮᠠᠨ ᠢᠷᠠᠭᠤ ᠨᠠᠶᠢᠷᠠᠭᠴᠢᠳ︾᠂ ︽ᠰᠠᠩ ᠳᠠᠬᠢᠯᠭ᠎ᠠ ᠶᠢᠨ ᠴᠢᠭᠤᠯᠭᠠᠨ︾᠂ ︽ᠦᠵᠦᠮᠦᠴᠢᠨ ᠪᠡᠶᠢᠯᠡ ᠶᠢᠨ ᠭᠠᠪᠵᠤ ᠯᠠᠮᠡ︾      ᠦᠵᠦᠮᠦᠴᠢᠨ ᠤ ᠲᠡᠦᠬᠡ ᠰᠣᠶᠣᠯ ᠤᠨ ᠤᠯᠠᠮᠵᠢᠯᠠᠭᠴᠢ᠂ ᠵᠠᠩ ᠦᠢᠯᠡ ᠰᠣᠳᠣᠯᠭᠠᠴᠢ᠂ ᠪᠠᠷᠠᠭᠤᠨ ᠦᠵᠦᠮᠦᠴᠢᠨ ᠬᠤᠰᠢᠭᠤᠨ ᠤ ᠨᠠ᠊ ᠳᠠᠮᠢᠷᠠᠨᠵᠠᠪ ᠬᠢᠭᠡᠳ ᠲᠡᠭᠦᠨ ᠤ ︽ᠦᠵᠦᠮᠦᠴᠢᠨ ᠰᠣᠶᠣᠯ ᠲᠡᠦᠬᠡ  ᠶᠢᠨ ᠳᠠᠭᠦᠪᠦᠷᠢ ᠳᠠᠮᠳᠡᠭᠯᠡᠯ︾᠂ ︽ᠬᠠᠷᠠᠭᠠᠳᠦ ᠰᠣᠮᠣᠨ ᠤ ᠲᠡᠦᠬᠡ ᠳᠡᠮᠳᠡᠭᠯᠡᠯ︾᠂ ᠲᠡᠷᠡ 2005 ᠤᠨ ᠳᠤ ᠦᠵᠦᠮᠦᠴᠢᠨ ᠤ ᠰᠦᠯᠳᠡ ᠶᠢᠨ ᠲᠠᠬᠢᠯᠭ᠎ᠠ ᠶᠢᠨ ᠵᠠᠩ ᠦᠢᠯᠡ ᠶᠢ ᠪᠠᠷᠠᠭᠤᠨ ᠦᠵᠦᠮᠦᠴᠢᠨ ᠬᠤᠰᠢᠭᠤᠨ ᠳᠠᠭᠠᠨ ᠰᠡᠷᠭᠦᠭᠡᠪᠡ᠃      ᠦᠵᠦᠮᠦᠴᠢᠨ ᠤ ᠲᠡᠦᠬᠡ ᠵᠠᠩ ᠦᠢᠯᠡ ᠶᠢ ᠤᠯᠠᠮᠵᠢᠯᠠᠭᠴᠢ᠂ ᠮᠠᠯᠴᠢᠨ ᠵᠤᠬᠢᠶᠠᠯᠴᠢ᠂ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠪᠸ᠊ ᠵᠠᠳᠠᠮᠪᠠ ᠬᠢᠭᠡᠳ ᠲᠡᠭᠦᠨ ᠤ ︽ᠦᠵᠦᠮᠦᠴᠢᠨ ᠠᠮᠠᠨ ᠦᠯᠢᠭᠡᠷ ᠤᠨ ᠴᠢᠭᠤᠯᠭᠠᠨ︾᠂ ︽ᠦᠵᠦᠮᠦᠴᠢᠨ ᠤᠨᠢᠰᠤᠭ᠎ᠠ ᠳᠠᠭᠠᠪᠦᠷᠢ ᠶᠢᠨ ᠴᠢᠭᠤᠯᠭᠠᠨ︾᠂ ︽ᠦᠵᠦᠮᠦᠴᠢᠨ ᠳᠤᠮᠤᠭ ᠤᠳ︾      ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠢᠷᠦᠭᠡᠯᠴᠢ᠂ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠰᠢᠷᠠᠨᠤᠳ ᠪᠠ᠊᠂ ᠤᠳᠬᠤᠨ ᠬᠢᠭᠡᠳ ᠲᠡᠭᠦᠨ ᠤ ︽ᠦᠵᠦᠮᠦᠴᠢᠨ ᠵᠠᠩ ᠦᠢᠯᠡ ᠶᠢᠨ ᠳᠡᠮᠳᠡᠭᠯᠡᠯ︾᠂ ︽ᠦᠵᠦᠮᠦᠴᠢᠨ ᠤ ᠲᠡᠦᠬᠡᠳᠦ ᠰᠣᠶᠣᠯ ᠠᠮᠢᠳᠣᠷᠠᠯ︾᠂ ︽ᠰᠢᠯᠦᠭᠯᠡᠯᠳᠦ ᠤᠨᠢᠰᠤᠭ᠎ᠠ︾᠂ ︽ᠪᠢᠯᠢᠭ ᠤᠨ ᠴᠣᠮᠣᠷᠯᠢᠭ︾      ᠦᠵᠦᠮᠦᠴᠢᠨ ᠤ ᠠᠯᠳᠠᠷᠳᠦ ᠵᠢᠷᠤᠭᠴᠢᠨ᠂ ᠵᠠᠩ ᠦᠢᠯᠡ ᠶᠢᠨ ᠤᠯᠠᠮᠵᠢᠯᠠᠭᠴᠢ᠂ ᠰᠣᠶᠣᠯ ᠤᠨ ᠵᠢᠳᠭᠦᠯᠳᠡᠨ᠂ ᠪᠠᠷᠠᠭᠤᠨ ᠦᠵᠦᠮᠦᠴᠢᠨ ᠬᠤᠰᠢᠭᠤᠨ ᠤ ᠨᠠ᠊ ᠷᠢᠨᠴᠢᠨ ᠬᠢᠭᠡᠳ ᠲᠡᠭᠦᠨ ᠤ ︽ᠦᠵᠦᠮᠦᠴᠢᠨ ᠵᠠᠩ ᠦᠢᠯᠡ︾ ᠶᠢᠨ ᠵᠢᠷᠤᠭᠳᠦ ᠪᠤᠳᠢ᠂ ᠤᠷᠳᠤᠰ ᠳᠠᠬᠢ ᠴᠢᠩᠭᠢᠰ ᠤᠨ ᠤᠩᠭᠤᠨ ᠤ ︽ᠮᠤᠩᠭᠤᠯ ᠬᠠᠭᠠᠳ ᠤᠨ ᠬᠦᠷᠦᠭ ᠵᠢᠷᠤᠭ︾      ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠪᠠᠷᠠᠭᠤᠨ ᠦᠵᠦᠮᠦᠴᠢᠨ ᠬᠤᠰᠢᠭᠤᠨ ᠤ ᠦᠵᠤᠳ ᠵᠢ᠊᠂ ᠴᠢᠯᠠᠭᠤᠨ᠋ᠠ᠋ᠷᠰᠯᠠᠨ ᠬᠢᠭᠡᠳ ᠲᠡᠭᠦᠨ ᠤ ︽ᠦᠵᠦᠮᠦᠴᠢᠨ ᠬᠤᠭᠤᠷᠴᠢ ᠰᠡᠷᠡᠩᠳᠤᠩᠷᠤᠪ︾᠂ ︽ᠲᠦᠮᠡᠨ ᠳᠤᠮᠤᠭ ᠤᠨ ᠡᠮᠬᠢᠳᠭᠡᠯ︾᠂ ︽ᠦᠵᠦᠮᠦᠴᠢᠨ ᠬᠤᠷᠢᠮ︾᠂ ︽ᠦᠵᠦᠮᠦᠴᠢᠨ ᠪᠦᠬᠡ ᠶᠢᠨ ᠨᠠᠮᠳᠠᠷ ᠤᠨ ᠬᠡᠰᠡᠭ ᠴᠣᠭᠯᠠᠭᠤᠯᠭ᠎ᠠ︾      ᠦᠵᠦᠮᠦᠴᠢᠨ ᠤ  ᠲᠡᠦᠬᠡ ᠵᠠᠩ ᠦᠢᠯᠡ ᠶᠢᠨ ᠤᠯᠠᠮᠵᠢᠯᠠᠭᠴᠢ᠂ ᠮᠠᠯ ᠠᠵᠤ ᠠᠬᠤᠢ ᠶᠢᠨ ᠰᠣᠳᠣᠯᠭᠠᠳᠠᠨ᠂ ᠪᠦᠬᠡ ᠶᠢᠨ ᠵᠠᠩ ᠦᠢᠯᠡ ᠰᠣᠳᠣᠯᠭᠠᠴᠢ᠂ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠫᠠ᠊ ᠲᠡᠮᠦᠷ ᠬᠢᠭᠡᠳ ᠲᠡᠭᠦᠨ ᠤ ︽ᠦᠵᠦᠮᠦᠴᠢᠨ ᠬᠤᠨᠢ︾᠂ ︽ᠦᠵᠦᠮᠦᠴᠢᠨ ᠪᠦᠬᠡ 1—2︾᠂ ︽ᠦᠵᠦᠮᠦᠴᠢᠨ ᠤᠭ ᠤᠨ ᠪᠢᠴᠢᠭ︾᠂ ︽ᠦᠵᠦᠮᠦᠴᠢᠨ ᠤ ᠰᠣᠶᠣᠯ ᠤᠨ ᠦᠯᠦᠭᠡᠢ — ᠳᠣᠯᠤᠤᠳᠠ ᠰᠤᠷᠭᠠᠭᠤᠯᠢ︾᠂ ︽ᠬᠠᠮᠪᠤ ᠭᠡᠭᠡᠨᠳᠡᠨ ᠤ  ᠶᠡᠭᠡ ᠨᠠᠶᠢᠷ︾      ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠮᠠᠯ ᠠᠵᠤ ᠠᠬᠤᠢ ᠰᠤᠳᠤᠯᠭᠠᠴᠢ᠂ ᠰᠤᠶᠤᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠨᠡ᠊ ᠲᠦᠪᠳᠡᠨ ᠬᠢᠭᠡᠳ ᠲᠡᠭᠦᠨ ᠤ ︽ᠴᠢᠩ ᠤᠯᠤᠰ ᠤᠨ ᠦᠶ᠎ᠡ ᠶᠢᠨ ᠦᠵᠦᠮᠦᠴᠢᠨ ᠵᠡᠭᠦᠨ ᠭᠠᠷᠤᠨ ᠬᠤᠰᠢᠭᠤ︾᠂ ︽ᠦᠵᠦᠮᠦᠴᠢᠨ ᠤ ᠦᠵᠦᠭᠦᠷ ᠮᠠᠯᠴᠢᠳ︾ ᠵᠡᠷᠭᠡ ᠨᠤᠮ ᠪᠠ ︽ᠬᠤᠴᠠ ᠰᠦᠷᠦᠭ ᠤᠨ ᠳᠣᠬᠠᠢ ᠦᠭᠦᠯᠡᠬᠦ ᠨᠢ︾᠂ ︽ᠦᠵᠦᠮᠦᠴᠢᠨ ᠬᠤᠨᠢ ᠶᠢ ᠰᠣᠩᠭᠤᠨ ᠪᠤᠶᠢᠵᠢᠭᠤᠯᠬᠤ ᠲᠤᠬᠠᠢ︾ ᠵᠡᠷᠭᠡ ᠦᠭᠦᠯᠡᠯ ᠤᠳ      ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠢᠷᠠᠭᠤ ᠨᠠᠶᠢᠷᠠᠭᠴᠢ᠂ ᠰᠣᠶᠣᠯ ᠤᠨ ᠵᠢᠳᠭᠦᠯᠳᠡᠨ᠂ ᠪᠠᠷᠠᠭᠤᠨ ᠦᠵᠦᠮᠦᠴᠢᠨ ᠬᠤᠰᠢᠭᠤᠨ ᠤ ᠵᠢ᠊ ᠳᠤᠷᠵᠢ ᠬᠢᠭᠡᠳ ᠲᠡᠭᠦᠨ ᠤ ︽ᠮᠢᠨᠦ ᠬᠦᠬᠡ ᠲᠡᠭᠷᠢ︾᠂ ︽ᠢᠨᠵᠠᠭᠠᠨ ᠶᠤᠨᠳᠤᠨ︾᠂ ︽ᠡᠷᠳᠡᠨᠢ ᠶᠢᠨ ᠳᠡᠭᠡᠳᠦ ᠰᠢᠳᠢ ᠬᠡᠶᠢᠳ — ᠤᠯᠠᠭᠠᠨ ᠬᠠᠭᠠᠯᠭ᠎ᠠ ᠰᠦᠮ᠎ᠡ︾      ᠵᠡᠭᠦᠨ ᠦᠵᠦᠮᠦᠴᠢᠨ ᠤ ᠭᠤᠴᠢᠨ ᠵᠢᠯ ᠤᠨ ᠰᠣᠶᠣᠯ ᠲᠡᠦᠬᠡ ᠶᠢᠨ ᠬᠦᠭᠵᠢᠯᠳᠡ ᠶᠢᠨ ᠪᠠᠶᠢᠳᠡᠯ ᠠᠴᠠ ᠦᠵᠡᠪᠡᠯ      ⑴ ᠮᠠᠰᠢ ᠤᠯᠠᠨ ᠨᠤᠳᠤᠭ ᠤᠨ ᠠᠬᠠᠮᠠᠳ ᠳᠣᠮᠣᠭᠠᠳᠠᠳ ᠦᠵᠦᠮᠦᠴᠢᠨ  ᠲᠡᠦᠬᠡ ᠰᠣᠶᠣᠯ ᠤᠨ ᠰᠡᠷᠭᠦᠯᠳᠡ ᠳᠤ ᠢᠳᠡᠪᠬᠢᠳᠠᠢ ᠤᠷᠤᠯᠴᠠᠵᠦ᠂ ᠤᠶᠤᠨ ᠤᠬᠠᠭᠠᠨ ᠬᠦᠴᠦ ᠳᠠᠮᠢᠷ ᠢᠶᠠᠨ ᠰᠢᠪᠬᠠᠵᠤ᠂ ᠬᠤᠶᠢᠴᠢ ᠦᠶ᠎ᠡ ᠳᠡᠭᠡᠨ ᠦᠨᠢᠷ ᠪᠠᠶᠠᠯᠢᠭ ᠰᠣᠶᠣᠯ ᠤᠨ ᠦᠪ ᠪᠤᠯᠬᠤ 200 ᠭᠠᠷᠤᠢ ᠨᠤᠮ ᠳᠡᠪᠳᠡᠷ ᠢ ᠪᠢᠴᠢᠭᠯᠡᠨ ᠦᠯᠡᠳᠡᠭᠡᠭᠰᠡᠨ ᠪᠠᠶᠢᠨ᠎ᠠ᠂ ᠡᠭᠦᠨ ᠳᠤ ᠵᠡᠭᠦᠨ ᠦᠵᠦᠮᠦᠴᠢᠨ ᠤ  ᠰᠣᠶᠣᠯ ᠲᠡᠦᠬᠡ ᠶᠢᠨ ᠨᠡᠶᠢᠭᠡᠮᠯᠢᠭ ᠭᠤᠤᠯ ᠬᠦᠴᠣᠨ ᠤ ᠦᠢᠯᠡᠳᠦᠯ ᠭᠠᠷᠭᠠᠵᠤ᠂ ᠤᠯᠠᠨ ᠲᠦᠮᠡᠨ ᠤ ᠰᠣᠶᠣᠯ ᠤᠨ ᠤᠷᠮ᠎ᠠ ᠶᠢ ᠬᠦᠭᠵᠢᠭᠡᠭᠰᠡᠨ ᠢᠶᠠᠷ ᠪᠦᠬᠦ ᠭᠡᠰᠢᠭᠦᠳ ᠤᠨ ᠳᠤᠭ᠎ᠠ 200 ᠳᠤ ᠬᠦᠷᠴᠦ᠂ ᠡᠨᠡ ᠨᠢ ᠦᠵᠦᠮᠦᠴᠢᠨ ᠬᠤᠶᠠᠷ ᠬᠤᠰᠢᠭᠤᠨ ᠤ ᠰᠣᠶᠣᠯ ᠤᠨ ᠬᠠᠮᠳᠦ ᠶᠢᠨ ᠠᠵᠢᠯᠯᠠᠭ᠎ᠠ ᠪᠤᠯᠤᠨ ᠪᠤᠵᠠᠭᠠᠶᠢᠷᠠᠪᠠ᠃      ⑵ ᠠᠮᠠ ᠪᠠᠷ ᠤᠯᠠᠮᠵᠢᠯᠠᠭᠳᠠᠳᠠᠭ ᠲᠡᠦᠬᠡ ᠨᠢ ᠤᠳᠤ ᠨᠢᠭᠡᠨᠳᠡ ᠦᠰᠦᠭ ᠪᠢᠴᠢᠭ ᠢᠶᠠᠷ ᠲᠡᠮᠳᠡᠭᠯᠡᠭᠳᠡᠬᠦ ᠪᠤᠯᠤᠭᠰᠠᠨ ᠰᠤᠶᠣᠯ ᠤᠨ ᠳᠠᠪᠰᠢᠯᠳᠠ ᠶᠢ ᠪᠡᠶᠡᠯᠡᠭᠦᠯᠵᠠᠢ᠃ ᠡᠭᠦᠨ ᠳᠤ ᠲᠡᠦᠬᠡ ᠲᠡᠮᠳᠡᠭᠯᠡᠯ ᠤᠨ ᠲᠠᠯ᠎ᠠ ᠪᠠᠷ  ᠤᠯᠠᠮᠵᠢᠯᠠᠯᠳᠦ ᠠᠮᠠᠨ ᠶᠠᠷᠢᠶ᠎ᠠ᠂ ᠲᠡᠦᠬᠡᠨ ᠬᠦᠮᠦᠨ᠂ ᠲᠡᠦᠬᠡᠨ ᠦᠢᠯᠡ ᠬᠡᠷᠡᠭ ᠢ ᠨᠠᠮᠳᠠᠷᠯᠠᠨ ᠪᠢᠴᠢᠬᠦ ᠪᠠᠷ ᠭᠤᠤᠯᠯᠠᠵᠤ᠂ ᠤᠷᠠᠨ ᠵᠤᠬᠢᠶᠠᠯ ᠢᠷᠠᠭᠤ ᠨᠠᠶᠢᠷᠠᠭ ᠤᠨ ᠲᠠᠯ᠎ᠠ ᠪᠠᠷ ᠤᠯᠠᠮᠵᠢᠯᠠᠯᠳᠦ ᠤᠷᠳᠦ ᠶᠢᠨ ᠳᠠᠭᠤᠤ ᠶᠢᠨ ᠰᠢᠯᠦᠭ ᠠᠶ᠎ᠠ᠂ ᠤᠯᠠᠮᠵᠢᠯᠠᠯᠳᠦ ᠵᠦᠢᠷ ᠰᠡᠴᠡᠨ ᠦᠭᠡᠰ᠂ ᠤᠨᠢᠰᠤᠭ᠎ᠠ ᠲᠠᠭᠠᠪᠦᠷᠢ᠂ ᠠᠮᠠᠨ ᠦᠯᠢᠭᠡᠷ᠂ ᠠᠮᠠᠨ ᠢᠷᠠᠭᠤ ᠨᠠᠶᠢᠷᠠᠭᠴᠢᠳ ᠤᠨ ᠰᠢᠯᠦᠭᠯᠡᠯ ᠦᠢᠯᠡ ᠬᠡᠷᠡᠭ ᠢ ᠳᠡᠮᠳᠡᠭᠯᠡᠬᠦ ᠪᠠᠷ ᠴᠣᠭᠴᠠᠯᠠᠭᠰᠠᠨ ᠪᠠᠶᠢᠨ᠎ᠠ᠂ ᠰᠡᠭᠦᠯᠡᠷ ᠨᠢ ᠬᠤᠰᠢᠭᠤ ᠡᠯ᠎ᠡ ᠰᠠᠯᠠᠭ᠎ᠠ ᠮᠦᠴᠢᠷ ᠤᠨ ᠤᠶᠢᠯᠠᠯᠭ᠎ᠠ᠂ ᠰᠣᠮᠣ ᠭᠠᠴᠠᠭ᠎ᠠ ᠱᠠᠳᠣᠨ ᠤ ᠤᠶᠢᠯᠠᠯᠭ᠎ᠠ᠂ ᠠᠶᠢᠮᠠᠭ ᠲᠦᠷᠦᠯ ᠭᠡᠷ ᠪᠦᠯᠢ ᠶᠢᠨ ᠨᠠᠮᠳᠠᠷ᠂ ᠬᠤᠪᠢ ᠶᠢᠨ ᠰᠢᠯᠦᠭ ᠨᠠᠶᠢᠷᠠᠭᠤᠯᠤᠯ ᠤᠳ ᠤᠯᠠᠰᠢᠷᠠᠭᠰᠠᠨ ᠶᠤᠮ᠂ ᠡᠳᠡᠭᠡᠷ ᠪᠦᠳᠦᠭᠡᠯ ᠤᠳ ᠲᠤ ᠰᠣᠶᠣᠯ ᠲᠡᠦᠬᠡ ᠶᠢᠨ ᠨᠡᠶᠢᠭᠡᠮᠯᠢᠭ ᠤᠨ ᠭᠡᠰᠢᠭᠦᠳ ᠤᠨ ᠬᠦᠴᠦ ᠴᠢᠷᠮᠠᠶᠢᠯᠭ᠎ᠠ ᠪᠦᠷᠢᠨ ᠰᠢᠩᠭᠡᠵᠤ ᠪᠠᠶᠢᠬᠤ ᠶᠤᠮ᠃      ⑶ ᠦᠵᠦᠮᠦᠴᠢᠨ ᠲᠡᠦᠬᠡ ᠰᠣᠶᠣᠯ ᠤᠨ ᠦᠷᠨᠢᠯᠳᠡ ᠶᠢᠨ ᠲᠤᠮᠳᠠᠬᠢ ᠤᠯᠠᠨ ᠲᠤᠷᠦᠯ ᠤᠨ ᠵᠤᠬᠢᠶᠠᠯ ᠪᠦᠲᠦᠭᠡᠯ ‍ᠣᠨ‌ᠤᠯᠠᠩᠬᠢ ᠨᠢ ᠲᠡᠦᠬᠡ ᠶᠢᠨ ᠦᠩᠭᠡᠷᠡᠯᠳᠡ᠂ ᠵᠠᠩ ᠦᠢᠯᠡ ᠶᠢᠨ ᠦᠨᠡᠨ ᠪᠤᠳᠠᠳᠦ ᠲᠡᠮᠳᠡᠭᠯᠡᠯ ᠪᠤᠯᠬᠤ ᠪᠠᠷ ᠪᠠᠷᠠᠬᠤ ᠦᠭᠡᠢ ᠦᠨᠢᠷ ᠪᠠᠶᠠᠯᠢᠭ ᠰᠣᠳᠣᠯᠭᠠᠨ ᠤ ᠪᠤᠷᠤ ᠮᠠᠲ᠋ᠧᠷᠢᠶᠠᠯ ᠪᠤᠯᠤᠨ᠎ᠠ᠂ ᠶᠠᠭ ᠡᠷᠳᠡᠮᠳᠡᠨ ᠭᠤ ᠵᠤᠷᠢᠭᠳᠦ ᠶᠢᠨ ᠬᠡᠯᠡᠭᠰᠡᠨᠴᠢᠯᠡᠨ ︽ᠲᠦᠷᠦᠯ ᠪᠦᠷᠢ ᠶᠢᠨ ᠰᠤᠳᠤᠯᠭᠠᠨ ᠳᠤ ᠡᠬᠡ ᠬᠡᠷᠡᠭᠯᠡᠭᠳᠡᠭᠦᠨ ᠬᠠᠩᠭᠠᠭᠰᠠᠨ︾ ᠶᠤᠮ᠃      ᠦᠵᠦᠮᠦᠴᠢᠨ ᠲᠡᠦᠬᠡ ᠰᠣᠶᠣᠯ ᠤᠨ ᠰᠢᠨᠵᠢᠯᠡᠭᠡᠨ ᠨᠢ ᠲᠡᠦᠬᠡᠨ ᠦᠩᠭᠡᠷᠡᠯᠳᠡ᠂ ᠠᠮᠢᠳᠤᠷᠠᠯ ᠤᠨ ᠵᠠᠩ ᠦᠢᠯᠡ ᠂ ᠱᠠᠰᠢᠨ ᠰᠣᠷᠳᠠᠬᠤᠨ᠂ ᠮᠤᠩᠭᠤᠯ ᠡᠮ ᠡᠮᠨᠡᠯᠭᠡ᠂ ᠮᠠᠯ ᠠᠵᠤ ᠠᠬᠤᠢ ᠵᠡᠷᠭᠡ ᠭᠤᠤᠯ ᠴᠢᠭᠯᠡᠯ ᠢᠶᠠᠷ ᠶᠠᠪᠤᠭᠳᠠᠵᠤ᠂ ᠬᠡᠪᠯᠡᠨ ᠨᠡᠶᠢᠳᠡᠯᠡᠬᠦ᠂ ᠨᠠᠶᠢᠷᠠᠭᠤᠯᠤᠨ ᠳᠡᠪᠳᠡᠷᠯᠡᠬᠦ᠂ ᠡᠮᠬᠢᠳᠭᠡᠨ ᠲᠡᠪᠳᠡᠷᠯᠡᠬᠦ ᠪᠠᠷ ᠭᠤᠤᠯᠳᠠᠭᠰᠠᠨ ᠪᠤᠷᠤ ᠮᠠᠲ᠋ᠧᠷᠢᠶᠠᠯ ᠤᠨ ᠡᠯᠪᠡᠭ ᠪᠠᠶᠠᠯᠢᠭ ᠨᠦᠬᠦᠴᠡᠯ ᠢ ᠪᠦᠷᠢᠯᠳᠦᠭᠦᠯᠦᠨ ᠰᠣᠳᠣᠯᠭᠠᠨ ᠬᠢᠬᠦ ᠰᠠᠶᠢᠨ ᠰᠠᠭᠤᠷᠢ ᠶᠢ ᠳᠠᠯᠪᠢᠵᠠᠢ᠂ ᠡᠨᠡ ᠨᠢ ᠰᠣᠶᠣᠯ ᠤᠨ ᠡᠬᠢ ᠪᠠᠶᠠᠯᠢᠭ ᠤᠨ ᠠᠩᠬᠠᠨ ᠤ ᠱᠠᠳᠦ ᠦᠶ᠎ᠡ ᠶᠢᠨ ᠨᠡᠭᠡᠭᠡᠯᠳᠡ ᠪᠤᠯᠤᠨ᠎ᠠ᠂ ᠦᠵᠦᠮᠦᠴᠢᠨ ᠲᠡᠦᠬᠡ ᠰᠣᠶᠣᠯ ᠤᠨ ᠦᠷᠨᠢᠯᠳᠡ ᠠᠴᠠ ᠠᠵᠢᠭᠯᠠᠪᠠᠯ ᠭᠠᠵᠠᠷ ᠤᠷᠤᠨ ᠤ ᠰᠣᠳᠣᠯᠭᠠᠳᠠᠳ ᠤᠨ ᠬᠦᠷᠢᠶ᠎ᠡ ᠬᠡᠪᠴᠢᠶᠡᠨ ᠳᠤ ᠤᠯᠠᠮᠵᠢᠯᠠᠯ ᠤᠨ ᠴᠢᠨᠠᠷᠳᠠᠢ ᠪᠠᠶᠢᠭᠰᠠᠨ ᠪᠤᠯ ᠤᠳᠤ ᠪᠤᠯᠬᠤ ᠪᠠᠷ ᠤᠯᠤᠰ ᠤᠷᠤᠨ ᠤ ᠰᠣᠳᠣᠯᠣᠯ ᠳᠤ ᠤᠷᠤᠭᠰᠠᠨ ᠡᠷᠳᠡᠮ ᠰᠢᠨᠵᠢᠯᠡᠭᠡᠨ ᠤ ᠬᠠᠨᠳᠣᠰᠢ ᠲᠠᠢ  ᠪᠤᠯᠵᠤ ᠪᠤᠢ᠂ ᠡᠨᠡ ᠨᠢ ᠵᠡᠭᠦᠨ ᠦᠵᠦᠮᠦᠴᠢᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠠ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠳᠡᠭᠡᠳᠦ ᠰᠣᠷᠭᠠᠭᠤᠯᠢ᠂ ᠮᠤᠩᠭᠤᠯ ᠰᠣᠳᠣᠯᠣᠯ ᠤᠨ ᠲᠦᠪ ᠲᠠᠢ ᠬᠠᠮᠳᠣᠷᠠᠨ ᠡᠷᠬᠢᠯᠡᠭᠰᠡᠨ 2008 ᠤᠨ ᠤ ᠪᠦᠬᠦ ᠤᠯᠤᠰ ᠤᠨ ᠠᠩᠬᠠᠳᠤᠭᠠᠷ ᠬᠤᠭᠤᠴᠠᠭᠠᠨ ᠤ ︽ᠦᠵᠦᠮᠦᠴᠢᠨ ᠲᠡᠦᠬᠡ ᠰᠣᠶᠣᠯ︾ ᠤᠨ ᠡᠷᠳᠡᠮ ᠰᠢᠨᠵᠢᠯᠡᠭᠡᠨ ᠤ ᠶᠠᠷᠢᠯᠴᠠᠬᠤ ᠬᠤᠷᠠᠯ ᠢᠶᠠᠷ ᠰᠣᠶᠣᠯ ᠤᠨ ᠠᠬᠢᠯᠳᠠ ᠳᠠᠪᠰᠢᠯᠳᠠ ᠶᠢᠨ ᠪᠡᠯᠭᠡ ᠳᠡᠮᠳᠡᠭ ᠢᠶᠠᠨ ᠪᠤᠯᠭᠠᠵᠤ ᠪᠠᠶᠢᠬᠤ ᠶᠤᠮ᠂ ᠳᠣᠮᠳᠠᠳᠣ ᠤᠯᠤᠰ ᠤᠨ ᠠᠷᠠᠳ ᠤᠨ ᠶᠡᠭᠡ ᠰᠣᠷᠭᠠᠭᠤᠯᠢ᠂ ᠪᠡᠭᠡᠵᠢᠩ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ ᠦᠪᠦᠷ ᠮᠤᠩᠭᠤᠯ ᠤᠨ ᠶᠡᠭᠡ ᠰᠣᠷᠭᠠᠭᠤᠯᠢ ᠵᠡᠷᠭᠡ ᠡᠯ᠎ᠡ ᠶᠡᠭᠡ ᠰᠣᠷᠭᠠᠭᠤᠯᠢ ᠬᠢᠭᠡᠳ ᠤᠷᠳᠤᠰ᠂ ᠬᠦᠯᠦᠨ ᠪᠤᠶᠢᠷ᠂ ᠳ᠋ᠠ ᠯᠢᠶᠠᠨ᠂ ᠤᠯᠠᠭᠠᠨᠬᠠᠳᠠ ᠵᠡᠷᠭᠡ ᠭᠠᠵᠠᠷ ᠤᠷᠤᠨ ᠤ ᠡᠷᠳᠡᠮᠳᠡᠨ ᠰᠣᠳᠣᠯᠭᠠᠳᠠᠳ ᠵᠠᠭᠤ ᠭᠠᠷᠤᠢ ᠬᠦᠮᠦᠨ ᠤᠷᠤᠯᠴᠠᠵᠤ᠂ ᠦᠵᠦᠮᠦᠴᠢᠨ ᠤ ᠲᠤᠬᠠᠢ 4O ᠭᠠᠷᠤᠢ ᠡᠷᠳᠡᠮ ᠰᠢᠨᠵᠢᠯᠡᠭᠡᠨ ᠤ ᠦᠭᠦᠯᠡᠯ ᠨᠡᠶᠢᠳᠡᠯᠡᠵᠦ᠂ ᠤᠷᠢᠳᠦ ᠡᠮᠦᠨ᠎ᠡ ᠭᠠᠷᠤᠭ᠎ᠠ ᠦᠭᠡᠢ ᠦᠷᠭᠡᠨ ᠳᠡᠯᠭᠡᠷᠡᠩᠭᠦᠢ ᠪᠤᠯᠤᠭᠰᠠᠨ ᠶᠤᠮ᠂ ᠡᠨᠡ ᠪᠤᠯ ᠲᠡᠮᠳᠡᠭᠯᠡᠭᠦᠰᠢᠳᠠᠢ ᠶᠡᠭᠡ ᠶᠠᠪᠤᠳᠠᠯ ᠪᠤᠯᠤᠨ᠎ᠠ᠃                           ᠭᠤᠷᠪᠠ᠂ ᠰᠣᠶᠣᠯ ᠲᠡᠦᠬᠡ ᠶᠢᠨ ᠬᠤᠶᠢᠰᠢᠳᠡ ᠶᠢᠨ ᠠᠵᠢᠯ ᠤᠨ ᠲᠤᠬᠠᠢ ᠵᠦᠪᠯᠡᠮᠵᠢ      ᠦᠵᠦᠮᠦᠴᠢᠨ ᠰᠣᠳᠣᠯᠣᠯ ᠢ ᠡᠷᠳᠡᠮ ᠰᠢᠨᠵᠢᠯᠡᠭᠡᠨ ᠤ ᠰᠢᠨ᠎ᠡ ᠳᠡᠭᠳᠡᠷ ᠲᠤ ᠠᠬᠢᠭᠤᠯᠬᠤ ᠪᠤᠯ ᠤᠳᠤᠬᠢ ᠰᠣᠶᠣᠯ ᠤᠨ ᠪᠦᠳᠦᠭᠡᠨ ᠪᠠᠶᠢᠭᠤᠯᠤᠯᠳᠠ ᠶᠢᠨ ᠱᠠᠭᠠᠷᠳᠠᠯᠭ᠎ᠠ ᠪᠤᠯᠤᠨ᠎ᠠ᠂ ᠲᠡᠦᠬᠡ ᠰᠣᠶᠣᠯ ᠵᠠᠩ ᠦᠢᠯᠡ ᠶᠢᠨ ᠳᠠᠯ᠎ᠠ ᠪᠠᠷ ᠬᠢ ᠤᠨᠤᠯᠵᠢᠭᠰᠠᠨ ᠦᠨᠳᠦᠰᠦ ᠪᠠᠷᠢᠮᠳᠠ ᠲᠠᠢ ᠬᠢᠷᠢ ᠬᠡᠮ ᠪᠦᠬᠦᠢ ᠡᠷᠳᠡᠮᠳᠡᠨ ᠢᠶᠠᠷ ᠦᠨᠡᠯᠡᠯᠳᠡ ᠪᠠ ᠨᠤᠳᠠᠯᠠᠯᠳᠠ ᠬᠢᠯᠭᠡᠬᠦ ᠪᠤᠯ ᠲᠡᠦᠬᠡ ᠰᠣᠶᠣᠯ ᠤᠨ ᠬᠦᠭᠵᠢᠯᠳᠡ ᠳᠤ ᠳᠤᠳᠠᠭᠳᠠᠵᠤ ᠪᠤᠯᠣᠰᠢ ᠦᠭᠡᠢ ᠨᠦᠬᠦᠴᠡᠯ ᠤᠨ ᠨᠢᠭᠡ ᠪᠤᠯᠤᠨ᠎ᠠ᠂ ᠡᠶᠢᠮᠦ ᠠᠴᠠ ᠰᠣᠶᠣᠯ ᠲᠡᠦᠬᠡ ᠶᠢᠨ ᠨᠡᠶᠢᠭᠡᠮᠯᠢᠭ ᠤᠨ ᠰᠣᠳᠣᠯᠭᠠᠳᠠᠳ ᠲᠡᠦᠬᠡ ᠰᠣᠳᠣᠯᠣᠯ ᠤᠨ ᠰᠢᠨᠵᠢᠯᠡᠭᠡᠨ ᠤ ᠮᠠᠲ᠋ᠧᠷᠢᠶᠠᠯ ᠬᠢᠭᠡᠳ ᠨᠡᠭᠦᠳᠡᠯ ᠮᠠᠯᠵᠢᠯ ᠤᠨ ᠤᠯᠠᠨ ᠲᠠᠯ᠎ᠠ ᠶᠢᠨ ᠤᠨᠤᠯ ᠤᠨ ᠦᠭᠦᠯᠡᠯ ᠰᠢᠨᠵᠢᠯᠡᠯ ᠢ ᠤᠯᠠᠰᠢᠷᠠᠭᠤᠯᠵᠤ᠂ ᠦᠪᠡᠷ ᠤᠨ ᠰᠣᠶᠣᠯ ᠢᠶᠠᠨ ᠬᠠᠮᠠᠭᠠᠯᠠᠬᠤ ᠤᠨᠤᠯ ᠤᠨ ᠰᠠᠭᠤᠷᠢ ᠶᠢ ᠲᠠᠯᠪᠢᠬᠤ ᠬᠡᠷᠡᠭᠳᠡᠢ᠃      ᠠᠬᠠᠮᠠᠳ ᠦᠶ᠎ᠡ ᠶᠢᠨ ᠤᠯᠠᠮᠵᠢᠯᠠᠯ ᠤᠨ ᠴᠢᠨᠠᠷᠳᠡᠢ ᠠᠯᠢ ᠤᠯᠠᠨ ᠰᠣᠶᠣᠯ ᠤᠨ ᠪᠦᠳᠦᠭᠡᠯ ᠨᠢ ᠬᠤᠶᠢᠴᠢᠰ ᠲᠠᠭᠠᠨ ᠨᠠᠶᠢᠳᠠᠭᠰᠠᠨ ᠬᠦᠰᠡᠯ ᠵᠤᠷᠢᠭ ᠠᠭᠤᠯᠠᠭᠳᠠᠵᠤ ᠪᠠᠶᠢᠬᠤ ᠲᠤᠯᠠ ᠮᠠᠯ ᠠᠵᠤ ᠠᠬᠤᠢ᠂ ᠵᠠᠩ ᠳᠠᠳᠬᠠᠯ ᠵᠠᠩ ᠦᠢᠯᠡ᠂ ᠮᠤᠩᠭᠤᠯ ᠡᠮ ᠡᠮᠨᠡᠯᠭᠡ ᠵᠡᠷᠭᠡ ᠲᠠᠯ᠎ᠠ ᠪᠠᠷ ᠰᠣᠶᠣᠯ ᠤᠨ ᠰᠡᠷᠭᠦᠯᠳᠡ ᠬᠢᠬᠦ ᠪᠤᠶᠤ ᠠᠭᠤᠯᠭ᠎ᠠ ᠶᠢᠨ ᠲᠠᠯ᠎ᠠ ᠪᠠᠷ ᠪᠠᠶᠠᠯᠢᠭᠵᠢᠭᠤᠯᠬᠤ ᠪᠠᠷ ᠴᠢᠷᠮᠠᠶᠢᠪᠠᠯ ᠵᠤᠬᠢᠨ᠎ᠠ᠂ ᠡᠭᠦᠨ ᠢᠶᠠᠷ ᠳᠠᠮᠵᠢᠨ ᠦᠵᠦᠮᠦᠴᠢᠨ ᠤ ᠦᠪᠡᠷᠮᠢᠴᠡ ᠤᠨᠴᠠᠯᠢᠭ ᠪᠦᠭᠦᠢ ᠰᠣᠶᠣᠯ ᠵᠠᠩ ᠦᠢᠯᠡ ᠪᠠᠨ ᠤᠯᠠᠨ ᠨᠡᠶᠢᠳᠡ ᠳᠤ ᠳᠠᠨᠢᠭᠤᠯᠬᠤ ᠪᠠ ᠦᠪᠡᠷ ᠤᠨ ᠠᠮᠢᠳᠣᠷᠠᠯ ᠤᠨ ᠬᠢᠷᠢ ᠲᠦᠪᠰᠢᠨ ᠢ ᠳᠠᠭᠠᠭᠤᠯᠤᠨ᠂ ᠦᠪᠡᠷ ᠤᠨ ᠰᠣᠶᠣᠯ ᠢᠶᠠᠷ ᠢᠶᠠᠨ ᠦᠪᠡᠷ ᠢᠶᠠᠨ ᠲᠡᠭᠵᠢᠷᠡᠬᠦ ᠵᠠᠮ ᠢ ᠰᠦᠪᠡᠭᠴᠢᠯᠡᠪᠡᠯ ᠵᠤᠬᠢᠨ᠎ᠠ᠃                                                             2008 ᠤᠨ ᠤ ᠨᠠᠮᠤᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号