ᠤᠷᠢᠶᠠᠩᠬᠠᠨ ᠤ᠂ ᠶᠤᠨᠳᠤᠨ | ᠦᠵᠦᠮᠦᠴᠢᠨ ᠤ ᠤᠪᠤᠭ᠎ᠠ ᠲᠠᠬᠢᠯᠭ᠎ᠠ ᠶᠢᠨ ᠡᠭᠦᠰᠦᠯ ᠪᠠ ᠤᠳᠤᠬᠢ ᠪᠠᠶᠢᠳᠠᠯ | ⒈ ᠮᠤᠩᠭᠤᠯᠴᠤᠳ ᠤᠨ ᠤᠪᠤᠭ᠎ᠠ ᠳᠠᠬᠢᠯᠭ᠎ᠠ ᠶᠢᠨ ᠡᠭᠦᠰᠤᠯ ᠤᠨ ᠲᠤᠬᠠᠢ | ᠦᠵᠦᠮᠦᠴᠢᠨᠴᠤᠳ ᠤᠨ ᠤᠪᠤᠭ᠎ᠠ ᠳᠠᠬᠢᠯᠭ᠎ᠠ ᠪᠤᠯ ᠤᠷᠤᠨᠰᠢᠨ ᠲᠤᠭᠳᠠᠨᠢᠵᠦ ᠠᠮᠢᠳᠤᠷᠠᠵᠦ ᠪᠠᠶᠢᠭ᠎ᠠ ᠨᠤᠲᠤᠭ | ᠤᠰᠤᠨ ᠢᠶᠠᠨ ᠬᠠᠶᠢᠷᠠᠯᠠᠨ ᠰᠢᠳᠦᠬᠦ ᠤᠬᠠᠮᠰᠠᠷ ᠢ ᠢᠯᠡᠷᠡᠭᠦᠯᠦᠭᠰᠡᠨ ᠨᠡᠶᠢᠳᠡᠮ ᠤᠨ ᠴᠢᠨᠠᠷᠳᠠᠢ ᠤᠯᠠᠨ ᠲᠦᠮᠡᠨᠴᠢ | ᠠᠵᠢᠯᠯᠠᠭ᠎ᠠ ᠶᠢᠨ ᠲᠦᠪᠯᠡᠷᠡᠩᠭᠦᠢ ᠢᠯᠡᠷᠡᠯ ᠪᠠ ᠬᠡᠯᠪᠡᠷᠢ ᠪᠤᠯᠤᠨ᠎ᠠ᠃ ᠤᠪᠤᠭ᠎ᠠ ᠯᠤᠤᠰ ᠪᠤᠯ ᠨᠤᠲᠤᠭ ᠤᠰᠤᠨ ᠤ | ᠰᠦᠷ ᠰᠦᠯᠳᠡ ᠪᠤᠯᠬᠤ ᠪᠦᠭᠡᠳ ᠭᠠᠵᠠᠷ ᠰᠢᠷᠤᠢ ᠨᠤᠲᠤᠭ ᠪᠡᠯᠴᠢᠭᠡᠷ ᠪᠤᠯ ᠤᠷᠤᠰᠢᠨ ᠲᠤᠭᠳᠠᠨᠢᠬᠤ ᠶᠢᠨ ᠠᠯᠳᠠᠨ | ᠦᠯᠦᠭᠡᠢ᠂ ᠠᠵᠦ ᠠᠮᠢᠳᠤᠷᠠᠯ ᠤᠨ ᠬᠢᠨᠢ ᠲᠠᠷᠬᠠᠨ ᠲᠦᠰᠢᠭ ᠭᠡᠵᠦ ᠳᠡᠳᠡ ᠦᠵᠡᠳᠡᠭ᠃ ᠤᠪᠤᠭ᠎ᠠ ᠯᠤᠤᠰ ᠢ ᠳᠠᠬᠢᠬᠤ | ᠨᠢ ᠬᠤᠷ᠎ᠠ ᠪᠤᠷᠤᠭᠠᠨ ᠤ ᠲᠡᠩᠴᠡᠯ᠂ ᠬᠤᠷᠠᠮᠠᠯ ᠪᠡᠯᠴᠢᠭᠡᠷ ᠤᠨ ᠰᠠᠬᠤᠯᠠᠭᠵᠢᠯ᠂ ᠮᠠᠯ ᠬᠦᠷᠦᠩᠭᠡ ᠶᠢᠨ ᠦᠨᠢᠷ | ᠦᠰᠦᠯᠳᠡ ᠳᠤ ᠮᠡᠨᠳᠦ ᠶᠢᠨ ᠳᠠᠭᠠᠳᠬᠠᠯ ᠡᠩᠬᠡ ᠶᠢᠨ ᠵᠦᠩᠨᠡᠯ ᠢᠶᠠᠨ ᠪᠡᠯᠭᠡᠳᠡᠭᠰᠡᠨ ᠰᠡᠳᠬᠢᠯᠭᠡ ᠶᠢᠨ ᠤᠶᠢᠯᠤᠭᠠ ᠪᠠᠨ | ᠢᠯᠡᠷᠡᠭᠦᠯᠵᠦ᠂ ᠤᠶᠤᠨ ᠤᠬᠠᠭᠠᠨ ᠢ ᠲᠡᠭᠷᠢ ᠬᠠᠶᠢᠷᠠᠯᠠᠵᠦ᠂ ᠮᠠᠬᠠᠪᠤᠳ ᠴᠤᠭᠴᠠ ᠶᠢ ᠭᠠᠵᠠᠷ ᠦᠷᠦᠰᠢᠶᠡᠯᠡ ᠭᠡᠵᠦ | ᠰᠡᠳᠭᠢᠳᠡᠭ ᠪᠢᠯᠡ᠃ | ᠲᠡᠤᠬᠡ ᠳᠡᠮᠳᠡᠭᠯᠡᠯ ᠢ ᠦᠨᠳᠤᠰᠦᠯᠡᠪᠡᠯ᠂ ᠮᠤᠩᠭᠤᠯᠴᠤᠳ ᠤᠨ ᠤᠪᠤᠭ᠎ᠠ ᠪᠤᠰᠬᠠᠵᠦ ᠳᠠᠬᠢᠯ ᠳᠠᠪᠢᠭ ᠡᠷᠭᠦᠳᠡᠭ | ᠵᠠᠩ ᠦᠢᠯᠡ ᠨᠢ ᠬᠡᠳᠦᠨ ᠮᠢᠩᠭᠠᠨ ᠵᠢᠯ ᠤᠨ ᠲᠡᠤᠬᠡ ᠲᠠᠢ ᠪᠤᠯᠵᠠᠢ᠃ ᠡᠷᠳᠡ ᠢᠵᠠᠭᠤᠷ ᠠᠴᠠ ᠮᠤᠩᠭᠤᠯᠴᠤᠳ ᠤᠨ | ᠡᠪᠦᠭᠡ ᠳᠡᠭᠡᠳᠦᠰ ᠤᠨ ᠤᠷᠤᠨᠰᠢᠨ ᠨᠤᠲᠤᠭᠰᠢᠵᠦ ᠪᠠᠶᠢᠭᠰᠠᠨ ᠭᠤᠯᠤᠮᠳᠠ ᠨᠤᠲᠤᠭ ᠳᠡᠭᠡᠷ᠎ᠡ ᠤᠯᠠᠷᠢᠨ ᠬᠤᠪᠢᠷᠠᠵᠦ | ᠮᠠᠨᠳᠤᠨ ᠮᠦᠬᠦᠵᠦ ᠪᠠᠶᠢᠭᠰᠠᠨ ᠤᠮᠠᠷᠠᠳᠤ ᠶᠢᠨ ᠦᠨᠳᠤᠰᠦᠳᠠᠨ ᠨᠦᠭᠦᠳ ᠠᠭᠤᠯᠠ ᠬᠠᠶᠢᠷᠬᠠᠨ ᠢᠶᠠᠨ ᠳᠠᠬᠢᠵᠦ | ᠪᠠᠶᠢᠭᠰᠠᠨ ᠤᠯᠠ ᠮᠦᠷ ᠰᠤᠷᠪᠤᠯᠵᠢ ᠪᠢᠴᠢᠭ ᠤᠨ ᠳᠡᠮᠳᠡᠭᠯᠡᠯ ᠳᠤ ᠢᠯᠡᠷᠡᠵᠦ ᠪᠤᠢ᠃ ︿︿ᠰᠤᠳᠤᠷ ᠳᠡᠮᠳᠡᠭᠯᠡᠯ᠂ | ᠾᠦᠩᠨᠦ ᠶᠢᠨ ᠨᠠᠮᠳᠠᠷ﹀﹀ ᠲᠤ᠄ ︿︿ᠳᠠᠪᠤᠳᠤᠭᠠᠷ ᠰᠠᠷ᠎ᠠ ᠳᠤ ᠯᠦᠩᠴᠧᠩ ᠬᠤᠳᠠᠨ ᠳᠡᠭᠡᠷ᠎ᠡ ᠶᠡᠭᠡ ᠴᠢᠭᠤᠯᠭᠠᠨ | ᠪᠤᠯᠵᠦ ᠳᠡᠳᠡᠨ ᠡᠪᠦᠭᠡ ᠳᠡᠭᠡᠳᠦᠰ ᠲᠡᠭᠷᠢ ᠭᠠᠵᠠᠷ ᠤᠷᠤᠨ ᠰᠠᠬᠢᠭᠤᠯᠰᠤᠨ ᠢᠶᠠᠨ ᠳᠠᠬᠢᠮᠤᠢ﹀﹀ ᠭᠡᠵᠡᠢ᠃ ᠪᠠᠰᠠ ︿︿ | ᠵᠡᠭᠦᠨ ᠬᠠᠨ ᠤᠯᠤᠰ ᠤᠨ ᠪᠢᠴᠢᠭ﹀﹀ ᠲᠤ᠄ ︿︿ᠾᠦᠩᠨᠤᠴᠤᠳ ᠴᠠᠭᠠᠨ ᠰᠠᠷ᠎ᠠ᠂ ᠳᠠᠪᠤᠨ ᠰᠠᠷ᠎ᠠ᠂ ᠶᠢᠰᠤᠨ | ᠰᠠᠷ᠎ᠠ ᠳᠤ ᠴᠢᠭᠤᠯᠭᠠᠨ ᠪᠤᠯᠵᠦ ᠳᠠᠬᠢᠯᠭ᠎ᠠ ᠬᠢᠬᠦ ᠳᠡᠭᠡᠨ ᠮᠤᠷᠢ ᠳᠠᠪᠬᠢᠭᠤᠯᠵᠦ ᠲᠡᠮᠡᠭᠡ ᠤᠷᠤᠯᠳᠤᠳᠠᠭ﹀﹀ ᠭᠡᠰᠡᠨ | ᠳᠡᠮᠳᠡᠭᠯᠡᠯ ᠪᠤᠢ᠃ ︿︿ᠤᠮᠠᠷᠠᠳᠦ ᠶᠢᠨ ᠲᠡᠤᠬᠡ᠂ ᠭᠤᠤᠴᠧ ᠶᠢᠨ ᠨᠠᠮᠳᠠᠷ﹀﹀ ᠲᠤ᠄ ︿︿ᠳᠠᠪᠤᠳᠤᠭᠠᠷ ᠵᠠᠭᠤᠨ ᠤ | ᠲᠤᠮᠳᠠᠴᠢ ᠪᠠᠷ ᠤᠮᠠᠷᠠᠳᠤ ᠸᠧᠢ ᠤᠯᠤᠰ ᠤᠨ ᠸᠧᠨ ᠶᠢᠨ ᠬᠠᠭᠠᠨ ᠤ ᠦᠶ᠎ᠡ ᠳᠤ ︿ᠳᠠᠪᠤᠨ ᠠᠶᠢᠮᠠᠭ ᠭᠤᠤᠴᠧ | ᠤᠭᠰᠠᠭᠠᠳᠠᠨ﹀ ᠴᠢᠭᠤᠯᠭᠠᠨ ᠪᠤᠯᠵᠦ ᠲᠡᠭᠷᠢ ᠳᠤ ᠳᠠᠬᠢᠯᠭ᠎ᠠ ᠡᠷᠭᠦᠬᠦ ᠳᠤ ᠬᠡᠳᠦᠨ ᠲᠦᠮᠡᠨ ᠬᠦᠮᠦᠨ ᠬᠤᠷᠠᠵᠦ᠂ ᠮᠤᠷᠢ | ᠤᠷᠤᠯᠳᠤᠨ᠂ ᠮᠠᠯ ᠨᠢᠳᠦᠯᠵᠦ᠂ ᠳᠠᠭᠤᠤ ᠨᠠᠶᠢᠷᠯᠠᠨ ᠴᠡᠩᠭᠡᠯᠳᠦᠨ ᠪᠦᠵᠢᠭᠯᠡᠪᠡ﹀﹀ ᠭᠡᠵᠦ ᠳᠠᠮᠳᠡᠭᠯᠡᠵᠠᠢ᠃ ᠲᠠᠩ | ᠤᠯᠤᠰ ᠤᠨ ᠶᠡᠭᠡ ᠡᠷᠳᠡᠮᠳᠡᠨ ᠶᠠᠨ ᠰᠢ ᠭᠦ᠋ ᠾᠦᠩᠨᠤ ᠶᠢᠨ ᠵᠠᠩᠰᠢᠯ ᠢ ᠳᠠᠶᠢᠯᠪᠤᠷᠢᠯᠠᠬᠤ ᠳᠠᠭᠠᠨ᠄ ︿︿ᠮᠤᠳᠤᠨ ᠦᠭᠡᠢ | ᠪᠤᠯᠪᠠᠰᠤ ᠤᠳᠠ ᠮᠤᠳᠤᠨ ᠤ ᠨᠠᠮᠠᠭ᠎ᠠ ᠶᠢ ᠬᠠᠳᠬᠤᠵᠦ ᠤᠷᠤᠯᠠᠭᠤᠯᠤᠮᠤᠢ᠂ ᠤᠯᠠᠨ ᠮᠤᠷᠢᠳᠠᠨ ᠭᠤᠷᠪᠠᠨᠳᠠ | ᠲᠤᠭᠤᠷᠢᠭᠰᠠᠨ ᠤ ᠲᠠᠷᠠᠭ᠎ᠠ ᠵᠤᠭᠰᠤᠮᠤᠢ᠂ ᠡᠨᠡ ᠪᠤᠯᠪᠠᠰᠤ ᠳᠡᠳᠡᠨ ᠤ ᠤᠯᠠᠮᠵᠢᠯᠠᠯᠳᠤ ᠵᠠᠩᠰᠢᠯ ᠪᠤᠯᠤᠮᠤᠢ﹀﹀ ᠭᠡᠵᠠᠢ᠃ | 13 ᠳ᠋ᠤᠭᠠᠷ ᠵᠠᠭᠤᠨ ᠤ ᠦᠶ᠎ᠡ ᠳᠤ ᠴᠢᠩᠭᠢᠰ ᠬᠠᠭᠠᠨ ᠲᠡᠭᠷᠢ ᠭᠠᠵᠠᠷ᠂ ᠠᠭᠤᠯᠠ ᠤᠰᠤᠨ ᠢ ᠳᠠᠬᠢᠵᠦ ᠪᠠᠶᠢᠵᠠᠢ᠂ ᠡᠨᠡ | ᠲᠤᠬᠠᠢ ︿︿ᠮᠤᠩᠭᠤᠯ ᠤᠨ ᠨᠢᠭᠤᠴᠠ ᠲᠤᠪᠴᠢᠶᠠᠨ﹀﹀ ᠤ 103 ᠳ᠋ᠤᠭᠠᠷ ᠵᠦᠢᠯ ᠳᠤ᠄ ︿︿ᠪᠤᠷᠬᠠᠨ ᠬᠠᠯᠳᠤᠨ | ᠠᠭᠤᠯᠠ ᠶᠢ ᠦᠷᠯᠦᠭᠡ ᠪᠦᠷᠢ ᠮᠢᠯᠢᠶᠠᠰᠤᠭᠠᠢ᠂ ᠡᠳᠦᠷ ᠪᠦᠷᠢ ᠦᠴᠢᠶᠡ᠂ ᠦᠶ᠎ᠡ ᠶᠢᠨ ᠦᠶ᠎ᠡ ᠳᠤ ᠦᠨᠢᠳᠡ | ᠳᠠᠬᠢᠰᠤᠭᠠᠢ﹀﹀ ᠭᠡᠵᠦ ᠳᠡᠮᠳᠡᠭᠯᠡᠵᠡᠢ᠃ ᠬᠠᠯᠬ᠎ᠠ ᠳᠠᠬᠢ ᠬᠡᠷᠤᠯᠤᠨ ᠤ ᠪᠠᠶᠠᠨ ᠤᠯᠠᠭᠠᠨ ᠤ ᠤᠷᠭᠢᠯ ᠳᠡᠭᠡᠷ᠎ᠡ ᠴᠢᠩᠭᠢᠰ | ᠬᠠᠭᠠᠨ ᠤ ᠬᠤᠷᠢᠨ ᠲᠤᠯᠤᠭᠠᠨ ᠨᠠᠰᠤᠨ ᠳᠡᠭᠡᠷ᠎ᠡ ᠪᠠᠨ ᠬᠠᠭᠠᠨ ᠰᠠᠭᠤᠭᠰᠠᠨ ᠢ ᠪᠡᠯᠭᠡᠳᠡᠵᠦ ᠪᠤᠰᠬᠠᠭᠰᠠᠨ ᠬᠤᠷᠢᠨ | ᠲᠤᠯᠤᠭᠠᠨ ᠤᠪᠤᠭ᠎ᠠ ᠨᠢ ᠤᠳᠤ ᠪᠤᠯᠳᠠᠯ᠎ᠠ ᠪᠠᠶᠢᠭᠰᠠᠭᠠᠷ᠃ ᠮᠦᠩᠬᠡ ᠬᠠᠭᠠᠨ ᠬᠦᠬᠡ ᠪᠠᠷᠰ ᠵᠢᠯ ︵1254 ᠤᠨ︶ | ᠬᠦᠬᠡᠨᠠᠭᠤᠷ ᠤᠨ ᠵᠡᠭᠦᠨᠳᠡᠬᠢ ᠨᠠᠷᠠᠨ ᠰᠠᠷᠠᠨ ᠬᠠᠶᠢᠷᠬᠠᠨ ᠪᠠ ᠬᠦᠬᠡᠨᠠᠭᠤᠷ ᠢᠶᠠᠨ ᠳᠠᠬᠢᠭᠰᠠᠨ ᠪᠠᠶᠢᠨ᠎ᠠ᠃ ᠴᠠᠬᠠᠷ | ᠠᠷᠠᠳ ᠤᠨ ᠶᠠᠷᠢᠶᠠᠨ ᠳᠤ ᠪᠠᠰᠠ ᠬᠤᠪᠢᠯᠠᠢ ᠬᠠᠭᠠᠨ ᠲᠦᠷᠦ ᠶᠢᠨ ᠶᠡᠭᠡ ᠪᠠᠭᠰᠢ ᠫᠠᠭᠪᠠ ᠯᠠᠮᠠ ᠠᠴᠠ ᠶᠡᠭᠡ ᠬᠦᠯᠭᠡᠨ | ᠰᠤᠳᠤᠷ ᠭᠠᠨᠵᠤᠤᠷ ᠤᠨ ᠭᠦᠨ ᠤᠳᠬ᠎ᠠ ᠶᠢ ᠰᠤᠨᠤᠰᠴᠤ ᠪᠢᠰᠢᠷᠡᠭᠡᠳ ᠱᠠᠩᠳᠤ ᠪᠠᠯᠭᠠᠳ ᠤᠨ ᠡᠷᠭᠢᠨ ᠲᠤᠭᠤᠷᠢᠨ ᠳᠤ | ᠭᠠᠨᠵᠤᠤᠷ ᠤᠨ ᠪᠤᠳᠢ ᠶᠢᠨ ᠲᠤᠭ᠎ᠠ ᠪᠠᠷ ᠵᠠᠭᠤ ᠨᠠᠢᠮᠠᠨ ᠰᠦᠮ᠎ᠡ ᠪᠠᠶᠢᠭᠤᠯᠵᠦ᠂ ᠵᠠᠭᠤ ᠨᠠᠢᠮᠠᠨ ᠤᠪᠤᠭ᠎ᠠ ᠪᠤᠰᠬᠠᠵᠠᠢ | ᠭᠡᠳᠡᠭ᠃ ᠴᠢᠩᠭᠢᠰ ᠤᠨ ᠴᠡᠷᠢᠭ ᠶᠠᠮᠠᠷ ᠨᠢᠭᠡᠨ ᠤᠴᠢᠷ ᠢᠶᠠᠷ ᠬᠤᠷᠠᠨ ᠴᠤᠭᠯᠠᠵᠦ ᠲᠡᠷᠡ ᠭᠠᠵᠠᠷ ᠲᠠᠭᠠᠨ ᠪᠤᠰᠬᠠᠭᠰᠠᠨ | ︿︿ᠬᠤᠷᠠᠬᠤ ᠤᠪᠤᠭ᠎ᠠ﹀﹀ ᠶᠢᠨ ᠵᠠᠷᠢᠮ ᠨᠢ ᠮᠤᠩᠭᠤᠯ ᠤᠷᠤᠨ ᠳᠤ ᠤᠳᠤ ᠪᠤᠯᠳᠠᠯ᠎ᠠ ᠦᠯᠡᠳᠡᠭᠰᠡᠭᠡᠷ ᠪᠠᠶᠢᠳᠠᠭ᠂ | ᠬᠤᠶᠢᠳᠦ ᠶᠤᠸᠠᠨ ᠤᠯᠤᠰ ᠤᠨ ᠦᠶ᠎ᠡ ᠳᠤ ᠲᠡᠭᠷᠢ ᠠᠭᠤᠯᠠ ᠶᠢᠨ ᠠᠷᠤ᠂ ᠲᠠᠩᠨᠤ ᠤᠷᠢᠶᠠᠩᠬᠠᠢ᠂ ᠰᠡᠯᠡᠩᠭᠡ ᠮᠦᠷᠡᠨ ᠤ | ᠰᠠᠪᠠ ᠭᠠᠵᠠᠷ᠂ ᠠᠯᠳᠠᠢ ᠨᠢᠷᠤᠭᠤᠨ ᠤ ᠬᠠᠪᠢ ᠪᠠᠷ ᠰᠠᠭᠤᠵᠦ ᠪᠠᠶᠢᠭᠰᠠᠨ ᠮᠤᠩᠭᠤᠯᠴᠤᠳ ᠡᠮᠦᠨᠡᠰᠢ ᠨᠡᠭᠦᠵᠦ ᠴᠠᠭᠠᠨ | ᠬᠡᠷᠡᠮ ᠠᠴᠠ ᠤᠶᠢᠷᠠᠯᠴᠠᠭ᠎ᠠ ᠰᠠᠭᠤᠵᠠᠢ᠂ ᠡᠮᠦᠨᠡᠰᠢ ᠨᠡᠭᠦᠵᠦ ᠢᠷᠡᠭᠰᠡᠨ ᠮᠤᠩᠭᠤᠯᠴᠤᠳ ᠲᠤᠲᠤᠭᠰᠢ ᠰᠢᠯᠵᠢᠨ | ᠨᠤᠲᠤᠭᠯᠠᠬᠤ ᠳᠠᠭᠠᠨ ᠤᠪᠤᠭ ᠠᠶᠢᠮᠠᠭ ᠢᠶᠠᠷ ᠢᠶᠠᠨ ᠤᠪᠤᠭ᠎ᠠ ᠪᠤᠰᠬᠠᠵᠦ᠂ ᠦᠪᠡᠷᠰᠡᠳ ᠤᠨ ᠲᠤᠭ ᠰᠦᠯᠳᠡ ᠪᠤᠶᠤ | ᠶᠡᠬᠡᠰ ᠲᠡᠭᠡᠳᠦᠰ ᠢᠶᠠᠨ ᠳᠠᠬᠢᠨ ᠰᠢᠳᠦᠵᠦ ᠪᠠᠶᠢᠵᠠᠢ᠂ ᠤᠷᠳᠤᠰᠴᠤᠳ ᠪᠠᠰᠠ ᠮᠢᠩ ᠤᠯᠤᠰ ᠤᠨ ᠴᠠᠭᠠᠨ ᠬᠡᠷᠡᠮ ᠤᠨ | ᠨᠠᠭᠠᠭᠤᠷ ᠵᠠᠬ᠎ᠠ ᠬᠢᠯᠢ ᠶᠢᠨ ᠳᠡᠮᠳᠡᠭ ᠤᠪᠤᠭ᠎ᠠ ᠪᠤᠰᠬᠠᠵᠦ ᠪᠠᠶᠢᠭᠰᠠᠨ ᠪᠠ ᠬᠢᠩᠭᠠᠨ ᠳᠠᠪᠠᠭᠠᠨ ᠤ ᠡᠩᠭᠡᠷ ᠢᠶᠠᠷ | ᠪᠠᠶᠢᠭᠰᠠᠨ ᠬᠤᠷᠴᠢᠨ ᠠᠶᠢᠮᠠᠭ ᠴᠤ ᠮᠠᠨᠵᠦ ᠶᠢᠨ ᠬᠢᠯᠢ ᠨᠡᠶᠢᠯᠡᠵᠦ ᠪᠠᠶᠢᠭᠰᠠᠨ ᠵᠠᠬ᠎ᠠ ᠭᠡᠴᠡ ᠪᠠᠷ ᠢᠶᠠᠨ ᠤᠪᠤᠭ᠎ᠠ | ᠪᠤᠰᠬᠠᠵᠦ ᠪᠠᠶᠢᠵᠠᠢ᠂ ᠲᠦᠮᠡᠳ ᠤᠨ ᠠᠯᠳᠠᠨ ᠬᠠᠨ ᠠᠴᠠ ᠭᠤᠷᠪᠠᠳᠤᠭᠠᠷ ᠳᠠᠯᠠᠢ ᠯᠠᠮᠠ ᠶᠢ ᠵᠠᠯᠠᠵᠦ᠂ ᠰᠦᠮ᠎ᠡ ᠬᠡᠶᠢᠳ | ᠪᠠᠶᠢᠭᠤᠯᠵᠦ ᠡᠬᠢᠯᠡᠭᠰᠡᠨ ᠠᠴᠠ ᠮᠤᠩᠭᠤᠯ ᠤᠷᠤᠨ ᠳᠤ ᠰᠦᠮ᠎ᠡ ᠬᠡᠶᠢᠳ ᠤᠨ ᠤᠪᠤᠭ᠎ᠠ ᠪᠤᠢ ᠪᠤᠯᠵᠠᠢ᠃ | ᠤᠪᠤᠭ᠎ᠠ ᠳᠠᠬᠢᠬᠤ ᠪᠤᠯ ᠡᠷᠳᠡᠨ ᠤ ᠪᠦᠭᠡ ᠮᠦᠷᠭᠦᠯ ᠤᠨ ᠲᠡᠭᠷᠢ ᠭᠠᠵᠠᠷ ᠢ ᠰᠢᠳᠤᠨ ᠪᠢᠰᠢᠷᠡᠬᠦ ᠠᠵᠢᠯᠯᠭ᠎ᠠ ᠶᠢ | ᠬᠢᠬᠦ ᠶᠤᠰᠤᠨ ᠠᠴᠠ ᠤᠯᠠᠷᠢᠨ ᠢᠷᠡᠭᠰᠡᠨ ᠳᠠᠬᠢᠯᠭ᠎ᠠ ᠶᠢᠨ ᠪᠤᠳᠠᠳᠤ ᠳᠠᠯᠠᠪᠤᠷ ᠪᠤᠯᠤᠨ᠎ᠠ᠂ ᠳᠡᠭᠡᠷ᠎ᠡ ᠲᠡᠤᠬᠡᠨ | ᠳᠡᠮᠳᠡᠭᠯᠡᠯ ᠠᠴᠠ ᠪᠢᠳᠡ ᠤᠪᠤᠭ᠎ᠠ ᠯᠤᠤᠰ ᠢᠶᠠᠨ ᠳᠠᠬᠢᠬᠤ ᠪᠤᠯ ᠶᠡᠭᠡ ᠡᠷᠳᠡᠨ ᠤ ᠲᠡᠤᠬᠡᠨ ᠠᠴᠠ ᠤᠯᠠᠮᠵᠢᠯᠠᠭᠰᠠᠨ | ᠨᠤᠲᠤᠭ ᠤᠰᠤᠨ ᠢᠶᠠᠨ ᠪᠢᠰᠢᠷᠡᠨ ᠬᠠᠶᠢᠷᠠᠯᠠᠬᠤ᠂ ᠨᠤᠲᠤᠭ ᠤᠰᠤᠨ ᠢᠶᠠᠨ ᠡᠵᠡᠩᠨᠡᠨ ᠠᠰᠢᠭᠯᠠᠬᠤ᠂ ᠨᠤᠲᠤᠭ | ᠤᠰᠤᠨ ᠤ ᠠᠰᠢᠭ ᠰᠢᠮ᠎ᠡ ᠶᠢ ᠬᠦᠷᠳᠡᠭᠰᠡᠨ ᠳᠡᠭᠡᠨ ᠲᠡᠭᠷᠢ ᠭᠠᠵᠠᠷ ᠲᠤ ᠲᠠᠯᠠᠷᠬᠠᠬᠤ ᠰᠡᠳᠭᠢᠯᠭᠡ ᠪᠠᠨ ᠢᠯᠡᠷᠡᠭᠦᠯᠬᠦ | ᠪᠠᠶᠢᠭᠠᠯᠢᠯᠢᠭ ᠪᠤᠯᠪᠠᠰᠤᠨ ᠰᠤᠶᠤᠯ ᠤᠨ ᠢᠯᠡᠷᠡᠯ ᠭᠡᠳᠡᠭ ᠢ ᠮᠡᠳᠡᠵᠦ ᠪᠤᠯᠤᠨ᠎ᠠ᠃ ᠰᠢᠭᠤᠳ ᠬᠡᠯᠡᠪᠡᠯ ᠡᠬᠡ | ᠪᠠᠶᠢᠭᠠᠯᠢ ᠪᠠᠨ ᠪᠦᠷᠢᠨ ᠪᠦᠳᠦᠨ ᠠᠰᠢᠭᠯᠠᠬᠰᠠᠨ ᠡᠶ᠎ᠡ ᠵᠤᠬᠢᠴᠠᠭᠰᠠᠨ ᠠᠮᠢ ᠠᠬᠤᠢ ᠶᠢᠨ ᠤᠬᠠᠭᠠᠨ ᠤ ᠠᠵᠢᠯᠯᠠᠭᠠᠨ ᠤ | ᠢᠯᠡᠷᠡᠯ ᠪᠤᠯᠬᠤ ᠶᠤᠮ᠃ ᠡᠭᠦᠨ ᠠᠴᠠ ᠮᠤᠩᠭᠤᠯᠴᠤᠳ ᠤᠨ ᠠᠮᠢ ᠠᠬᠤᠢ ᠶᠢᠨ ᠦᠵᠡᠯ ᠤᠬᠠᠮᠰᠠᠷ ᠪᠤᠢ ᠪᠤᠯᠤᠭᠠᠳ | ᠬᠡᠳᠤᠨ ᠮᠢᠩᠭᠠᠨ ᠵᠢᠯ ᠤᠨ ᠲᠡᠤᠬᠡᠨ ᠦᠩᠭᠡᠷᠡᠯᠳᠡ ᠶᠢ ᠲᠤᠭᠤᠯᠤᠭᠰᠠᠨ ᠭᠡᠳᠡᠭ ᠢ ᠭᠡᠷᠡᠴᠢᠯᠡᠵᠦ ᠪᠤᠢ᠃ | ⒉ ᠦᠵᠦᠮᠦᠴᠢᠨ ᠤᠪᠤᠭ᠎ᠠ ᠳᠠᠬᠢᠯᠭ᠎ᠠ ᠶᠢᠨ ᠲᠤᠬᠠᠢ ᠰᠢᠨᠵᠢᠬᠦᠢ | ᠦᠵᠦᠮᠦᠴᠢᠨ ᠤᠪᠤᠭ᠎ᠠ ᠳᠠᠬᠢᠯᠭ᠎ᠠ ᠶᠢᠨ ᠵᠠᠩ ᠦᠢᠯᠡ ᠶᠢ ᠲᠡᠤᠬᠡᠨ ᠳᠡᠮᠳᠡᠭᠯᠡᠯ ᠲᠠᠢ ᠬᠠᠷᠢᠴᠠᠭᠤᠯᠪᠠᠯ ᠮᠠᠰᠢ | ᠤᠯᠠᠨ ᠢᠵᠢᠯ ᠳᠠᠯ᠎ᠠ ᠪᠠᠶᠢᠬᠤ ᠨᠢ ᠡᠷᠳᠡᠨ ᠤ ᠤᠯᠠᠮᠵᠢᠯᠠᠯᠳᠤ ᠴᠢᠨᠠᠷ ᠢᠶᠠᠨ ᠬᠠᠳᠠᠭᠠᠯᠠᠵᠦ ᠪᠠᠶᠢᠬᠤ ᠶᠢ ᠭᠦᠢᠴᠡᠳ | ᠬᠠᠷᠠᠭᠤᠯᠵᠦ ᠪᠤᠢ᠂ ᠡᠭᠦᠨ ᠳᠤ ᠪᠢᠯᠢᠭ ᠤᠨ ᠤᠯᠠᠷᠢᠯ ᠤᠨ ᠳᠠᠪᠤᠨ ᠰᠠᠷ᠎ᠠ ᠭᠡᠬᠦ ᠳᠠᠬᠢᠯᠭ᠎ᠠ ᠶᠢᠨ ᠤᠯᠠᠷᠢᠯ ᠤᠨ | ᠬᠤᠭᠤᠴᠠᠭ᠎ᠠ᠂ ᠲᠡᠭᠷᠢ ᠭᠠᠵᠠᠷ ᠲᠤ ᠰᠠᠬᠢᠭᠤᠰᠤ ᠤᠷᠤᠰᠢᠬᠤ ᠦᠵᠡᠯᠳᠡ᠂ ᠤᠪᠤᠭ᠎ᠠ ᠵᠠᠰᠠᠬᠤ᠂ ᠳᠠᠭᠠᠳᠬᠠᠯ ᠤᠨ | ᠠᠭᠤᠯᠭ᠎ᠠ᠂ ᠡᠷᠭᠦᠯ ᠪᠠᠷᠢᠬᠤ᠂ ᠤᠪᠤᠭ᠎ᠠ ᠪᠠᠨ ᠭᠤᠷᠪᠠᠨᠳᠠ ᠲᠤᠭᠤᠷᠢᠵᠦ ᠳᠠᠯᠠᠯᠭ᠎ᠠ ᠠᠪᠬᠤ᠂ ᠮᠤᠷᠢ ᠤᠷᠤᠯᠳᠤᠨ | ᠨᠠᠶᠢᠷ ᠬᠢᠬᠦ ᠵᠡᠷᠭᠡ ᠤᠯᠠᠨ ᠳᠠᠯ᠎ᠠ ᠪᠠᠷ ᠨᠢᠭᠡᠳᠦᠯᠳᠡᠢ ᠪᠤᠯᠵᠦ ᠠᠵᠢᠭᠯᠠᠭᠳᠠᠨ᠎ᠠ᠃ ᠪᠦᠭᠡ ᠮᠦᠷᠭᠦᠯ ᠪᠤᠯ ᠮᠤᠩᠭᠤᠯ | ᠤᠭᠰᠠᠭᠠᠳᠠᠨ ᠤ ᠪᠠᠶᠢᠭᠠᠯᠢᠯᠢᠭ ᠢᠵᠡᠭᠤᠷ ᠱᠠᠰᠢᠨ ᠪᠤᠯᠤᠨ᠎ᠠ᠂ 13 ᠳ᠋ᠤᠭᠠᠷ ᠵᠠᠭᠤᠨ ᠤ ᠦᠶ᠎ᠡ ᠳᠤ ᠴᠢᠩᠭᠢᠰ ᠬᠠᠭᠠᠨ | ᠳᠠᠶᠠᠩ ᠢ ᠨᠢᠭᠡᠳᠭᠡᠨ ᠶᠡᠷᠦᠩᠬᠡᠶᠢᠯᠡᠭᠰᠡᠨ ᠶᠡᠭᠡ ᠦᠢᠯᠡᠰ ᠢᠶᠠᠨ ᠪᠡᠶᠡᠯᠡᠭᠦᠯᠬᠦ ᠳᠤ ︿︿ᠮᠦᠩᠬᠡ ᠲᠡᠭᠷᠢ ᠶᠢᠨ ᠬᠦᠴᠦᠨ﹀﹀ | ᠤ ᠪᠦᠭᠡ ᠶᠢᠨ ᠱᠠᠰᠢᠨ ᠤ ᠪᠠᠷᠢᠮᠳᠠᠯᠠᠯ ᠢᠶᠠᠷ ᠡᠯ᠎ᠡ ᠦᠨᠳᠤᠰᠤᠳᠠᠨ ᠤ ᠠᠷᠠᠳ ᠲᠦᠮᠡᠨ ᠤ ᠦᠵᠡᠯ ᠤᠬᠠᠮᠰᠠᠷ ᠢ | ᠡᠷᠬᠡᠰᠢᠶᠡᠵᠦ ᠪᠠᠶᠢᠭᠰᠠᠨ ᠪᠠ ᠲᠦᠷᠦ ᠶᠢᠨ ᠱᠠᠰᠢᠨ ᠢᠶᠠᠨ ᠪᠤᠯᠭᠠᠵᠦ ᠪᠠᠶᠢᠪᠠ᠂ ᠤᠯᠠᠨ ᠵᠠᠭᠤᠨ ᠤ ᠴᠠᠭ ᠲᠦᠷᠦ ᠶᠢᠨ | ᠤᠯᠠᠷᠢᠯ ᠨᠡᠶᠢᠭᠡᠮ ᠤᠨ ᠬᠤᠪᠢᠰᠤᠯ ᠤᠨ ᠲᠤᠮᠳᠠ ᠱᠠᠰᠢᠨ ᠢ ᠤᠯᠤᠰ ᠲᠦᠷᠦ ᠳᠤ ᠦᠢᠯᠡᠴᠢᠯᠡᠭᠦᠯᠬᠦ ᠶᠠᠪᠤᠴᠠ ᠳᠤ ᠡᠨᠡᠬᠦ | ᠮᠤᠩᠭᠤᠯ ᠢᠵᠡᠭᠤᠷ ᠱᠠᠰᠢᠨ ᠤ ᠰᠤᠶᠤᠯ ᠨᠢ ᠪᠢᠴᠢᠭ ᠰᠤᠳᠤᠷ ᠤᠨ ᠲᠤᠭᠳᠠᠭᠰᠠᠨ ᠬᠡᠯᠪᠡᠷᠢ ᠪᠠ ᠤᠯᠠᠮᠵᠢᠯᠠᠵᠦ | ᠬᠡᠪᠰᠢᠭᠰᠡᠨ ᠰᠤᠷᠭᠠᠯ ᠵᠠᠭᠪᠤᠷ ᠲᠤᠳᠠᠭᠳᠠᠭᠰᠠᠨ ᠠᠴᠠ ᠠᠭᠠᠵᠢᠮ ᠢᠶᠠᠷ ᠰᠢᠷ᠎ᠠ ᠶᠢᠨ ᠱᠠᠰᠢᠨ ᠳᠤ ᠠᠰᠢᠭᠯᠠᠭᠳᠠᠭᠰᠠᠨ | ᠪᠤᠶᠤ ᠲᠦᠯᠬᠢᠭᠳᠡᠵᠦ᠂ ᠭᠤᠤᠯ ᠪᠤᠯᠬᠤ ᠪᠠᠶᠢᠷᠢ ᠰᠠᠭᠤᠷᠢ ᠪᠠᠨ ᠠᠯᠳᠠᠭᠰᠠᠨ ᠪᠠᠶᠢᠳᠠᠭ᠂ ᠭᠡᠪᠡᠴᠤ ᠰᠢᠷ᠎ᠠ ᠶᠢᠨ ᠱᠠᠰᠢᠨ | ᠨᠢ ᠪᠦᠬᠡ ᠮᠦᠷᠭᠦᠯ ᠤᠨ ᠱᠠᠰᠢᠨ ᠤ ᠳᠠᠬᠢᠯᠭ᠎ᠠ ᠶᠢᠨ ᠬᠡᠯᠪᠡᠷᠢ ᠳᠡᠭᠡᠷ᠎ᠡ ᠮᠤᠩᠭᠤᠯ ᠤᠷᠤᠨ ᠳᠤ ᠳᠡᠯᠭᠡᠷᠡᠭᠰᠡᠨ ᠪᠤᠯᠬᠤᠷ | ᠤᠯᠠ ᠮᠦᠷ ᠨᠢ ᠬᠡᠵᠢᠶᠡᠳᠡ ᠲᠤᠷᠠᠶᠢᠭᠰᠠᠭᠠᠷ ᠪᠠᠶᠢᠭ᠎ᠠ ᠶᠤᠮ᠂ ᠵᠢᠱᠢᠶᠡᠯᠡᠪᠡᠯ᠂ ᠲᠡᠭᠷᠢ ᠭᠠᠵᠠᠷ ᠭᠠᠯ᠂ ᠠᠭᠤᠯᠠ ᠪᠤᠯᠠᠭ | ᠮᠤᠳᠤᠨ ᠵᠡᠷᠭᠡ ᠶᠢ ᠳᠠᠬᠢᠬᠤ ᠪᠤᠯ ᠪᠦᠭᠡ ᠮᠦᠷᠭᠦᠯ ᠤᠨ ᠢᠵᠠᠭᠤᠷ ᠱᠠᠰᠢᠨ ᠤ ᠤᠭ ᠬᠡᠯᠪᠡᠷᠢ ᠪᠠ ᠢᠯᠡᠷᠡᠯ ᠪᠦᠭᠡᠳ ︿︿ | ᠮᠦᠩᠬᠡ ᠲᠡᠭᠷᠢ﹀﹀ ᠶᠢᠨ ᠦᠵᠡᠯ ᠰᠠᠨᠠᠭ᠎ᠠ ᠮᠦᠨ ᠯᠡ ᠵᠤᠬᠢᠬᠤ ᠪᠠᠶᠢᠷᠢ ᠪᠠᠨ ᠡᠵᠡᠩᠯᠡᠭᠰᠡᠭᠡᠷ ᠢᠷᠡᠭᠰᠡᠨ ᠪᠠᠶᠢᠵᠠᠢ᠂ | ᠮᠦᠨᠴᠤ ᠮᠤᠩᠭᠤᠯ ᠤᠭᠰᠠᠭᠠᠳᠠᠨ ᠤ ᠠᠶᠢᠮᠠᠭ ᠲᠦᠷᠦᠯ ᠤᠨ ᠲᠤᠲᠤᠷ᠎ᠠ ᠨᠢᠭᠡ ᠦᠨᠳᠤᠰᠦᠳᠡᠨ ᠤ ᠵᠠᠩ ᠵᠠᠩᠰᠢᠯ ᠤᠨ | ᠰᠤᠶᠤᠯ ᠤᠨ ᠬᠡᠯᠪᠡᠷᠢ ᠪᠤᠯᠤᠨ ᠲᠤᠭᠳᠠᠪᠤᠷᠢᠵᠢᠨ ᠬᠠᠳᠠᠩᠰᠢᠭᠰᠠᠨ ᠪᠠᠶᠢᠳᠠᠭ ᠪᠢᠯᠡ᠃ | ᠦᠵᠦᠮᠦᠴᠢᠨ ᠭᠠᠵᠠᠷ ᠤᠨ ᠤᠪᠤᠭ᠎ᠠ ᠶᠢᠨ ᠪᠠᠶᠢᠷᠢᠰᠢᠯ ᠨᠢ ᠤᠯᠠᠩᠬᠢ ᠳᠠᠭᠠᠨ ᠠᠭᠤᠯᠠᠨ ᠤᠷᠤᠢ ᠶᠢᠨ ᠵᠠᠢ ᠳᠤ | ᠵᠡᠭᠦᠨᠰᠢ ᠪᠠᠷᠠᠭᠤᠨᠰᠢ ᠬᠦᠨᠳᠡᠯᠡᠨ ᠬᠡᠯᠪᠡᠷᠢ ᠪᠠᠷ ᠪᠠᠶᠢᠷᠢᠰᠢᠭᠤᠯᠵᠦ᠂ ᠬᠠᠳᠠ ᠴᠢᠯᠠᠭᠤ ᠶᠢᠨ ᠪᠦᠳᠦᠴᠡ ᠲᠠᠢ ᠪᠠᠶᠢᠳᠠᠭ᠂ | ᠲᠤᠮᠳᠠᠬᠢ ᠤᠪᠤᠭ᠎ᠠ ᠶᠢ ᠲᠡᠭᠷᠢ ᠤᠪᠤᠭ᠎ᠠ ︵ᠭᠤᠤᠯ ᠤᠪᠤᠭ᠎ᠠ︶ ᠭᠡᠵᠦ ᠪᠦᠳᠦᠭᠦᠨ ᠲᠤᠮᠤ ᠤᠪᠤᠭᠠᠯᠠᠵᠦ᠂ ᠬᠤᠶᠠᠷ | ᠳᠠᠯ᠎ᠠ ᠳᠠᠭᠠᠨ ᠲᠤᠰ ᠪᠦᠷᠢ ᠵᠢᠷᠭᠤᠭᠠᠨ ᠵᠢᠵᠢᠭ ᠰᠠᠬᠢᠭᠤᠯᠰᠤᠨ ᠤᠪᠤᠭ᠎ᠠ ᠶᠢ ᠤᠪᠤᠭᠠᠯᠠᠨ ᠪᠤᠰᠬᠠᠵᠦ ᠪᠠᠶᠢᠳᠠᠭ ᠶᠤᠮ᠃ | ᠠᠷᠪᠠᠨ ᠬᠤᠶᠠᠷ ᠱᠠᠪᠢ ᠤᠪᠤᠭ᠎ᠠ ᠪᠠᠨ ᠪᠠᠰᠠ ᠲᠦᠷᠪᠡᠨ ᠳᠠᠯ᠎ᠠ ᠳᠤᠨᠢ ᠭᠤᠷᠪᠠ ᠭᠤᠷᠪᠠ ᠪᠠᠷ ᠲᠡᠭᠷᠢ ᠤᠪᠤᠭ᠎ᠠ ᠪᠠᠨ | ᠲᠤᠭᠤᠷᠢᠭᠤᠯᠤᠨ ᠪᠠᠶᠢᠷᠢᠯᠠᠭᠤᠯᠳᠠᠭ ᠴᠤ ᠪᠤᠢ᠂ ᠤᠯᠠᠩᠬᠢ ᠳᠠᠭᠠᠨ ᠠᠷᠪᠠᠨ ᠭᠤᠷᠪᠠᠨ ᠲᠤᠭ᠎ᠠ ᠪᠠᠷ ᠪᠤᠰᠬᠠᠵᠦ ᠪᠠᠶᠢᠳᠠᠭ | ᠶᠤᠮ᠂ ᠪᠠᠰᠠ ᠵᠠᠷᠢᠮ ᠨᠢ ᠱᠠᠪᠢ ᠤᠪᠤᠭ᠎ᠠ ᠦᠭᠡᠢ ᠪᠠᠶᠢᠵᠦ᠂ ᠭᠠᠭᠴᠠ ᠲᠡᠭᠷᠢ ᠤᠪᠤᠭ᠎ᠠ ᠶᠢ ᠪᠤᠰᠬᠠᠵᠦ ᠪᠠᠶᠢᠳᠠᠭ᠃ | ᠴᠦᠭᠡᠨ ᠵᠠᠷᠢᠮ ᠨᠢ ᠤᠯᠠᠨ ᠱᠠᠪᠢ ᠤᠪᠤᠭ᠎ᠠ ᠲᠠᠢ ᠴᠤ ᠪᠠᠶᠢᠳᠠᠭ ᠰᠠᠨ᠃ ᠠᠷᠪᠠᠨ ᠭᠤᠷᠪᠠᠨ ᠤᠪᠤᠭ᠎ᠠ ᠨᠢ ᠶᠡᠷᠦᠨᠢ | ᠪᠦᠭᠡ ᠮᠦᠷᠭᠦᠯ ᠤᠨ ᠱᠠᠰᠢᠨ ᠤ ᠢᠵᠠᠭᠤᠷ ᠢ ᠬᠠᠳᠠᠭᠠᠯᠠᠵᠦ ᠪᠠᠶᠢᠭ᠎ᠠ ᠶᠢᠨ ᠢᠯᠡᠷᠡᠯ ᠪᠤᠯᠤᠨ᠎ᠠ᠂ ᠤᠴᠢᠷ ᠨᠢ ᠡᠨᠡ ᠪᠤᠯ | ᠪᠦᠭᠡ ᠮᠦᠷᠭᠦᠯ ᠤᠨ ᠳᠠᠭᠤᠳᠠᠯᠭ᠎ᠠ ᠳᠠᠬᠢ ᠵᠡᠭᠦᠨ ᠲᠦᠴᠢᠨ ᠲᠦᠷᠪᠡᠨ ᠲᠡᠭᠷᠢ ᠶᠢᠨ ᠡᠵᠡᠨ ᠮᠡᠳᠡᠬᠦ ᠲᠦᠷᠦᠭᠦᠤ ᠲᠡᠭᠷᠢ | ᠪᠤᠯᠬᠤ ︿︿ᠠᠳᠠᠭ᠎ᠠ ᠤᠯᠠᠭᠠᠨ ᠲᠡᠭᠷᠢ﹀﹀ ᠬᠢᠭᠡᠳ ᠲᠡᠭᠦᠨ ᠤ ᠳᠠᠭᠠᠯᠳᠠ ᠲᠡᠭᠷᠢ ᠤᠳ ᠪᠤᠯᠬᠤ ᠶᠤᠮ᠂ ᠪᠠᠰᠠᠴᠤ ᠵᠡᠭᠦᠨ | ᠮᠠᠭᠤ ᠵᠦᠭ ᠤᠨ ᠲᠡᠭᠷᠢ ᠴᠤ ᠭᠡᠳᠡᠭ᠂ ᠲᠡᠷᠡ ᠨᠢ ᠲᠤᠭᠰᠢᠨ ᠠᠶᠤᠩᠭ᠎ᠠ ᠬᠤᠷ᠎ᠠ ᠪᠤᠷᠤᠭᠠᠨ ᠪᠠ ᠠᠳᠠ ᠴᠢᠳᠭᠦᠷ ᠢ | ᠬᠠᠮᠢᠶᠠᠷᠴᠤ ᠪᠠᠶᠢᠳᠠᠭ ᠭᠡᠬᠦ᠂ ᠡᠶᠢᠮᠦ ᠠᠴᠠ ︿︿ᠠᠷᠪᠠᠨ ᠭᠤᠷᠪᠠᠨ ᠠᠳᠠᠭ᠎ᠠ ᠲᠡᠭᠷᠢ﹀﹀ ᠶᠢ ᠠᠷᠭᠠᠳᠠᠵᠦ᠂ ᠳᠠᠬᠢᠯ | ᠳᠠᠪᠢᠭ ᠡᠷᠭᠦᠬᠦ ᠨᠢ ᠨᠡᠭᠦᠳᠡᠯ ᠮᠠᠯᠵᠢᠯ ᠤᠨ ᠵᠦᠢ ᠶᠤᠰᠤ ᠲᠠᠢ ᠪᠦᠷᠢᠮᠦᠰᠦᠨ ᠨᠠᠶᠢᠴᠡᠬᠦ ᠶᠤᠮ᠃ | ᠦᠵᠦᠮᠦᠴᠢᠨ ᠤᠪᠤᠭ᠎ᠠ ᠨᠤᠭᠤᠳ ᠢ ᠠᠵᠢᠭᠯᠠᠬᠤ ᠳᠤ ᠤᠯᠠᠨ ᠠᠭᠤᠯᠭ᠎ᠠ ᠠᠳᠠᠯᠢ ᠪᠤᠰᠤ ᠶᠢᠨ ᠬᠦᠷᠢᠶ᠎ᠡ ᠴᠠᠷ᠎ᠠ | ᠲᠠᠢ ᠪᠠᠶᠢᠳᠠᠭ᠂ ᠡᠭᠦᠨ ᠳᠤ ᠴᠠᠭᠠᠨ ᠰᠠᠷ᠎ᠠ ᠳᠤ ᠳᠠᠬᠢᠳᠠᠭ ᠠᠶᠢᠯ ᠡᠷᠦᠬᠡ ᠪᠦᠭᠦᠳᠡ ᠶᠢᠨ ᠦᠪᠡᠷᠳᠡᠭᠡᠨ ᠤᠪᠤᠭᠠᠯᠠᠨ | ᠪᠤᠰᠬᠠᠵᠦ ᠰᠢᠳᠤᠨ ᠳᠠᠬᠢᠳᠠᠭ ᠲᠡᠭᠷᠢ ᠤᠪᠤᠭ᠎ᠠ ︵ᠴᠠᠰᠤᠨ ᠤᠪᠤᠭ᠎ᠠ︶᠂ ᠪᠤᠷᠵᠢᠭᠢᠨ ᠶᠡᠬᠡᠰ ᠤᠨ ᠳᠠᠬᠢᠳᠠᠭ ︿︿ | ᠰᠦᠯᠳᠡ ᠤᠪᠤᠭ᠎ᠠ﹀﹀᠂ ᠬᠤᠰᠢᠭᠤ ᠳᠠᠶᠠᠭᠠᠷ ᠳᠠᠬᠢᠳᠠᠭ ︿︿ᠸᠠᠩ ᠤᠨ ᠤᠪᠤᠭ᠎ᠠ﹀﹀᠂ ᠤᠯᠠᠨ ᠨᠡᠶᠢᠳᠡ ᠪᠠᠷ ᠳᠠᠬᠢᠳᠠᠭ | ︿︿ᠪᠠᠶᠠᠨ ᠤᠪᠤᠭ᠎ᠠ﹀﹀᠂ ᠳᠡᠭᠡᠳᠦᠰ ᠤᠨ ᠰᠢᠳᠦᠭᠡᠨᠳᠦ ︿︿ᠤᠩᠭᠤᠨ ᠤᠪᠤᠭ᠎ᠠ﹀﹀᠂ ᠪᠤᠯᠠᠭ ᠤᠰᠤᠨ ᠤ ᠰᠢᠳᠦᠭᠡᠨᠳᠦ | ︿︿ᠡᠵᠢ ᠤᠪᠤᠭ᠎ᠠ﹀﹀᠂ ᠭᠡᠭᠡᠨ ᠤᠪᠤᠭ᠎ᠠ ᠵᠡᠷᠭᠡ ᠰᠦᠮ᠎ᠡ ᠬᠡᠶᠢᠳ ᠤᠨ ᠤᠪᠤᠭ᠎ᠠ ᠨᠤᠭᠤᠳ᠂ ︿︿ᠪᠦᠭᠡᠨᠡᠷ ᠤᠪᠤᠭ᠎ᠠ﹀﹀ | ᠵᠡᠷᠭᠡ ᠠᠶᠢᠮᠠᠭ ᠪᠦᠯᠦᠭ ᠤᠨ ᠤᠪᠤᠭ᠎ᠠ᠂ ︿︿ᠵᠠᠩᠵᠤᠨ ᠤᠪᠤᠭ᠎ᠠ﹀﹀ ᠵᠡᠷᠭᠡ ᠬᠤᠪᠢ ᠬᠦᠮᠦᠨ ᠤ ᠲᠤᠷᠡᠰᠬᠠᠯ ᠤᠨ | ᠤᠪᠤᠭ᠎ᠠ᠂ ᠦᠷ᠎ᠡ ᠬᠤᠶᠢᠴᠢᠰ ᠪᠤᠶᠤ ᠦᠷ᠎ᠡ ᠶᠢᠨ ᠬᠤᠲᠤᠭ ᠳᠠᠭᠠᠳᠬᠠᠨ ᠳᠠᠬᠢᠳᠠᠭ ︿︿ᠭᠡᠤᠬᠡᠳ ᠤᠨ ᠤᠪᠤᠭ᠎ᠠ﹀﹀ | ᠵᠡᠷᠭᠡ ᠠᠭᠤᠯᠭ᠎ᠠ ᠨᠢ ᠤᠯᠠᠨ ᠳᠠᠯ᠎ᠠ ᠪᠠᠷ ᠢᠯᠡᠷᠡᠵᠦ᠂ ᠳᠠᠬᠢᠯᠭ᠎ᠠ ᠶᠢᠨ ᠬᠦᠷᠢᠶ᠎ᠡ ᠴᠠᠷ᠎ᠠ ᠳᠡᠰ ᠵᠡᠷᠭᠡ ᠠᠳᠠᠯᠢ ᠦᠭᠡᠢ | ᠪᠠᠶᠢᠳᠠᠭ᠂ ᠳᠠᠬᠢᠯᠭ᠎ᠠ ᠶᠢᠨ ᠶᠤᠰᠤ ᠭᠤᠷᠢᠮ ᠤᠨ ᠬᠤᠪᠢ ᠳᠤ ᠪᠤᠯ ᠰᠢᠷ᠎ᠠ ᠶᠢᠨ ᠱᠠᠰᠢᠨ ᠤ ᠠᠭᠤᠯᠭ᠎ᠠ ᠭᠦᠨ | ᠰᠢᠩᠭᠡᠭᠰᠡᠨ ᠪᠤᠯᠬᠤ ᠪᠠᠷ ᠤᠪᠤᠭ᠎ᠠ ᠪᠦᠷᠢ ᠲᠤᠰ ᠲᠠᠭᠠᠨ ︿︿ᠳᠠᠬᠢᠯᠭ᠎ᠠ ᠶᠢᠨ ᠰᠠᠩ﹀﹀ ︵ᠳᠠᠬᠢᠯᠭ᠎ᠠ ᠶᠢᠨ ᠠᠭᠤᠯᠭ᠎ᠠ | ᠪᠠ ᠳᠡᠰ ᠳᠠᠷᠠᠮ︶ ᠲᠠᠢ ᠪᠠᠶᠢᠵᠦ᠂ ᠲᠤᠰᠬᠠᠢ ᠰᠢᠳᠤᠭᠡᠨ ᠰᠠᠬᠢᠭᠤᠰᠤ ︵ᠰᠢᠷ᠎ᠠ ᠶᠢᠨ ᠱᠠᠰᠢᠨ ᠤ ᠨᠡᠷᠡᠯᠡᠭᠰᠡᠨ︶ ᠲᠠᠢ | ᠪᠠᠶᠢᠳᠠᠭ᠂ ᠤᠪᠤᠭᠠᠨ ᠳᠠᠬᠢᠯᠭ᠎ᠠ ᠶᠢ ᠪᠠᠰᠠ ᠤᠯᠠᠭᠠᠨ ᠢᠶᠠᠷ ᠳᠠᠬᠢᠬᠤ ᠪᠤᠶᠤ ᠴᠠᠭᠠᠨ ᠢᠶᠠᠷ ᠳᠠᠬᠢᠬᠤ ᠭᠡᠵᠦ ᠬᠤᠶᠠᠷ | ᠵᠦᠢᠯ ᠢᠶᠠᠷ ᠬᠤᠪᠢᠶᠠᠵᠦ᠂ ᠤᠯᠠᠭᠠᠨ ᠢᠶᠠᠷ ᠳᠠᠬᠢᠬᠤ ᠨᠢ ᠬᠤᠨᠢ ᠨᠢᠳᠦᠯᠵᠦ ᠪᠦᠬᠦᠯᠢ ᠤᠭᠤᠴᠠ ᠶᠢᠨ ᠰᠢᠭᠦᠰᠦ | ᠡᠷᠭᠦᠯ ᠪᠠᠷ ᠭᠤᠤᠯᠳᠠᠭᠰᠠᠨ ᠡᠷᠭᠦᠯᠳᠡ ᠶᠢᠨ ᠵᠦᠢᠯᠡᠰ ᠢᠶᠠᠷ ᠳᠠᠬᠢᠬᠤ᠂ ᠴᠠᠭᠠᠨ ᠢᠶᠠᠷ ᠳᠠᠬᠢᠬᠤ ᠨᠢ ᠰᠦ ᠰᠠᠭᠠᠯᠢ ᠶᠢᠨ | ᠳᠡᠭᠡᠵᠢ ᠶᠢ ᠳᠠᠪᠠᠭᠯᠠᠬᠤ ᠪᠠᠷ ᠭᠤᠤᠯᠳᠠᠭᠰᠠᠨ ᠡᠷᠭᠦᠯᠳᠡ ᠶᠢᠨ ᠵᠦᠢᠯᠡᠰ ᠢᠶᠠᠷ ᠳᠠᠬᠢᠬᠤ ᠶᠠᠪᠤᠳᠠᠯ ᠪᠤᠯᠤᠨ᠎ᠠ᠂ | ᠵᠢᠱᠢᠶᠡᠯᠡᠪᠡᠯ ︿︿ᠴᠡᠭᠡᠨ ᠴᠠᠭᠠᠨ ᠤᠪᠤᠭ᠎ᠠ﹀﹀ ᠭᠡᠬᠦ ᠨᠢ ᠭᠡᠭᠦᠤ ᠶᠢᠨ ᠰᠦ ᠶᠢᠨ ᠳᠠᠬᠢᠯᠭ᠎ᠠ ᠲᠠᠢ ᠭᠡᠳᠡᠭ ᠢ ᠰᠢᠭᠤᠳ | ᠢᠯᠡᠳᠭᠡᠵᠦ ᠪᠠᠶᠢᠳᠠᠭ ᠶᠤᠮ᠃ ᠦᠵᠦᠮᠦᠴᠢᠨᠴᠤᠳ ᠪᠠᠰᠠ ᠤᠪᠤᠭᠠᠨ ᠤ ᠲᠡᠷᠭᠡᠳᠡ ᠪᠦᠬᠦᠢ ᠱᠠᠩᠰᠢ ᠮᠤᠳᠤ ᠪᠤᠶᠤ | ᠲᠤᠰᠠᠭᠠᠷ ᠤᠷᠭᠤᠵᠦ ᠪᠠᠶᠢᠭ᠎ᠠ ᠰᠠᠭᠯᠠᠭᠠᠷ ᠮᠤᠳᠤ ᠶᠢ ᠴᠤ ᠳᠠᠬᠢᠵᠦ᠂ ᠦᠷ᠎ᠡ ᠬᠤᠶᠢᠴᠢᠰ ᠤᠨ ᠢᠶᠠᠨ ᠦᠷᠡᠵᠢᠨ | ᠲᠦᠯᠵᠢᠬᠦ ᠶᠢ ᠵᠦᠩᠨᠡᠨ ᠪᠡᠯᠭᠡᠳᠡᠳᠡᠭ ᠶᠤᠮ᠃ | ⒊ ᠤᠳᠤᠬᠢ ᠤᠪᠤᠭ᠎ᠠ ᠳᠠᠬᠢᠯᠭ᠎ᠠ ᠶᠢᠨ ᠰᠡᠷᠭᠦᠯᠳᠡ ᠶᠢᠨ ᠪᠠᠶᠢᠳᠠᠯ | ᠴᠠᠭ ᠲᠦᠷᠦ ᠶᠢᠨ ᠬᠤᠪᠢᠰᠤᠯ ᠬᠤᠪᠢᠰᠬᠠᠯ ᠤᠨ ᠱᠠᠭᠠᠷᠳᠠᠯᠭ᠎ᠠ ᠪᠠᠷ ᠳᠡᠭᠡᠷ᠎ᠡ ᠵᠠᠭᠤᠨ ᠤ ᠳᠠᠪᠢᠭᠠᠳ ᠤᠨ ᠤ | ᠰᠡᠭᠦᠯᠴᠢ ᠪᠠᠷ ᠦᠵᠦᠮᠦᠴᠢᠨ ᠨᠤᠲᠤᠭ ᠲᠤ ᠤᠯᠠᠮᠵᠢᠯᠠᠯᠳᠤ ᠤᠪᠤᠭ᠎ᠠ ᠶᠢᠨ ᠳᠠᠬᠢᠯᠭ᠎ᠠ ᠶᠢᠨ ᠵᠠᠩ ᠦᠢᠯᠡ ᠨᠡᠶᠢᠳᠡᠮ | ᠵᠤᠭᠰᠤᠭᠠᠭᠳᠠᠭᠰᠠᠨ ᠠᠴᠠ ᠡᠬᠢᠯᠡᠭᠡᠳ ᠰᠤᠶᠤᠯ ᠤᠨ ᠬᠤᠪᠢᠰᠬᠠᠯ ᠤᠨ ᠰᠠᠮᠠᠭᠤᠷᠠᠯ ᠢ ᠦᠩᠭᠡᠷᠡᠭᠡᠵᠦ᠂ ᠬᠤᠷᠢ ᠭᠠᠷᠤᠢ | ᠵᠢᠯ ᠤᠨ ᠲᠤᠷᠰᠢ ᠦᠨᠳᠤᠰᠦᠳᠠᠨ ᠤ ᠮᠠᠨᠢ ᠰᠢᠯᠢᠳᠡᠭ ᠵᠠᠩ ᠦᠢᠯᠡ ᠶᠢᠨ ᠰᠤᠶᠤᠯ ᠳᠠᠮᠳᠤᠭᠯᠠᠭᠳᠠᠨ ᠰᠦᠢᠳᠴᠤ | ᠳᠠᠰᠤᠷᠠᠭᠰᠠᠨ ᠢᠶᠠᠷ ᠳᠠᠬᠢᠯᠭ᠎ᠠ ᠶᠢᠨ ᠵᠢᠷᠤᠮ ᠭᠤᠷᠢᠮ ᠢ ᠭᠤᠤᠯ ᠮᠡᠳᠡᠳᠡᠭ ᠵᠠᠩ ᠦᠢᠯᠡᠴᠢ ᠠᠬᠠᠮᠠᠳ ᠪᠤᠭᠤᠷᠤᠯ ᠤᠳ | ᠨᠢ ᠳᠠᠯᠠᠶᠢᠭᠴᠢ ᠪᠤᠯᠵᠦ᠂ ᠲᠡᠤᠬᠡ ᠶᠢᠨ ᠨᠤᠮ ᠰᠤᠳᠤᠷ ᠪᠠ ᠤᠪᠤᠭᠠᠨ ᠳᠠᠬᠢᠯᠭ᠎ᠠ ᠶᠢᠨ ᠰᠠᠩ ᠨᠢ ᠴᠤ ᠤᠯᠳᠠᠬᠤ ᠪᠠᠨ | ᠪᠤᠯᠢᠵᠠᠢ᠃ ᠨᠠᠶᠠᠭᠠᠳ ᠤᠨ ᠤ ᠲᠤᠮᠳᠠᠴᠢ ᠠᠴᠠ ᠨᠠᠮ ᠤᠨ ᠦᠨᠳᠤᠰᠦᠳᠠᠨ ᠤ ᠲᠦᠷᠦ ᠶᠢᠨ ᠪᠤᠳᠤᠯᠭ᠎ᠠ ᠠᠮᠢᠯᠠᠯ ᠢᠶᠠᠨ | ᠤᠯᠵᠦ᠂ ᠭᠠᠵᠠᠷ ᠤᠷᠤᠨ ᠤ ᠤᠯᠠᠮᠵᠢᠯᠠᠯᠳᠤ ᠳᠠᠬᠢᠯᠭ᠎ᠠ ᠰᠢᠳᠦᠭᠡᠨ ᠠᠯᠭᠤᠷ ᠠᠭᠠᠵᠢᠮ ᠰᠡᠷᠭᠦᠭᠡᠭᠳᠡᠵᠦ ᠡᠬᠢᠯᠡᠪᠡ᠂ | ᠵᠡᠭᠦᠨ ᠦᠵᠦᠮᠦᠴᠢᠨ ᠳᠤ ᠤᠯᠠᠨ ᠨᠡᠶᠢᠳᠡ ᠪᠠᠷ ᠳᠠᠬᠢᠳᠠᠭ᠂ ᠰᠢᠷ᠎ᠠ ᠶᠢᠨ ᠱᠠᠰᠢᠨ ᠤ ᠤᠯᠠᠮᠵᠢᠯᠠᠯᠳᠠᠢ ︿︿ᠪᠠᠶᠠᠨ | ᠤᠪᠤᠭ᠎ᠠ﹀﹀ ᠶᠢᠨ ᠳᠠᠬᠢᠯᠭ᠎ᠠ ᠶᠢᠨ ᠰᠡᠷᠭᠦᠯᠳᠡ ᠪᠠᠷ ᠡᠬᠢᠯᠡᠯᠳᠡ ᠪᠠᠨ ᠤᠯᠤᠭᠰᠠᠨ ᠪᠠᠶᠢᠳᠠᠭ᠂ ᠡᠭᠦᠨ ᠳᠤ ᠪᠠᠶᠠᠨ | ᠤᠪᠤᠭ᠎ᠠ ᠶᠢᠨ ᠳᠠᠬᠢᠯᠭ᠎ᠠ ᠶᠢ ᠮᠤᠯᠤᠮ ᠯᠠᠮᠠ ᠶᠢᠨ ᠬᠦᠷᠢᠶ᠎ᠡ ᠰᠦᠮ᠎ᠡ ᠠᠴᠠ ᠳᠠᠭᠢᠯᠭ᠎ᠠ ᠭᠦᠢᠴᠡᠳᠭᠡᠳᠡᠭ ᠶᠢᠨ ᠤᠴᠢᠷ᠂ | ᠨᠢᠭᠡ ᠪᠦᠯᠦᠭ ᠳᠠᠬᠢᠳᠠᠭ ᠠᠬᠠᠮᠠᠳ ᠯᠠᠮᠠ ᠨᠠᠷ ᠪᠠᠶᠢᠭᠰᠠᠨ ᠢᠶᠠᠷ ᠲᠦᠪᠡᠳ ᠤᠷᠤᠨ ᠠᠴᠠ ᠪᠠᠶᠠᠨ ᠤᠪᠤᠭᠠᠨ ᠰᠠᠩ ᠢ | ᠤᠯᠵᠦ ᠠᠪᠴᠢᠷᠠᠨ᠂ ᠰᠠᠬᠢᠭᠤᠰᠤ ᠪᠤᠷᠬᠠᠨ ᠢ ᠨᠢ ᠱᠤᠭᠤᠯᠭᠠᠬᠤ᠂ ᠤᠪᠤᠭᠠᠨ ᠱᠦᠩᠰᠢᠭ ᠢ ᠨᠢ ᠷᠠᠪᠨᠠᠶᠢᠯᠠᠭᠤᠯᠤᠨ | ᠵᠠᠯᠠᠬᠤ᠂ ᠲᠤᠭ ᠬᠡᠶᠢᠮᠤᠷᠢ ᠬᠢᠯᠭᠡᠬᠦ᠂ ᠤᠪᠤᠭ᠎ᠠ ᠪᠠᠨ ᠵᠠᠰᠠᠬᠤ᠂ ᠳᠠᠬᠢᠯᠭ᠎ᠠ ᠶᠢᠨ ᠠᠶᠢᠯ ᠡᠷᠦᠬᠡ ᠭᠠᠷᠭᠠᠬᠤ ᠵᠡᠷᠭᠡ ᠮᠠᠰᠢ | ᠤᠯᠠᠨ ᠦᠢᠯᠡ ᠶᠠᠪᠤᠳᠠᠯ ᠢ ᠬᠢᠵᠦ ᠭᠦᠢᠴᠡᠳᠭᠡᠭᠰᠡᠨ ᠶᠤᠮ᠃ | ᠰᠢᠨ᠎ᠡ ᠤᠪᠤᠭ᠎ᠠ ᠳᠠᠬᠢᠯᠭ᠎ᠠ ᠶᠢᠨ ᠰᠡᠷᠭᠦᠭᠡᠯᠳᠡ ᠨᠢ ᠠᠷᠠᠳ ᠤᠯᠠᠨ ᠤ ᠰᠢᠳᠦᠯᠭᠡ ᠶᠢᠨ ᠤᠬᠠᠮᠰᠠᠷ ᠲᠤ | ᠲᠦᠰᠢᠭᠯᠡᠨ ᠤᠳᠤᠬᠠᠨ ᠤ ᠰᠠᠭᠤᠷᠢᠰᠢᠨ ᠪᠦᠬᠦᠢ ᠵᠠᠰᠠᠭ ᠵᠠᠬᠢᠷᠭᠠᠨ ᠤ ᠬᠦᠷᠢᠶ᠎ᠡ ᠬᠡᠪᠴᠢᠶᠡᠨ ᠲᠤᠳᠤᠷᠠᠬᠢ | ᠳᠠᠬᠢᠯᠭ᠎ᠠ ᠶᠢᠨ ᠤᠪᠤᠭ᠎ᠠ ᠶᠢ ᠰᠡᠷᠭᠦᠭᠡᠬᠦ ᠪᠠᠷ ᠭᠤᠤᠯ ᠪᠤᠯᠭᠠᠵᠦ ᠳᠠᠬᠢᠯᠭ᠎ᠠ ᠬᠢᠬᠦ ᠪᠤᠯᠤᠭᠰᠠᠨ ᠪᠠᠶᠢᠨ᠎ᠠ᠂ ᠤᠪᠤᠭᠠᠨ | ᠰᠡᠷᠭᠦᠯᠳᠡ ᠶᠢᠨ ᠤᠨᠴᠠᠯᠢᠭ ᠠᠴᠠ ᠦᠵᠡᠪᠡᠯ᠂ ᠤᠯᠠᠨ ᠲᠦᠮᠡᠨ ᠦᠪᠡᠷᠳᠡᠭᠡᠨ ᠵᠤᠬᠢᠶᠠᠨ ᠪᠠᠶᠢᠭᠤᠯᠤᠯᠴᠠᠬᠤ ᠪᠠ | ᠬᠤᠪᠢ ᠬᠦᠮᠦᠨ ᠤ ᠬᠤᠪᠢᠳᠠᠭᠰᠠᠨ ᠪᠡᠯᠴᠢᠭᠡᠷ ᠨᠤᠲᠤᠭ ᠲᠠᠭᠠᠨ ᠳᠠᠬᠢᠯᠭ᠎ᠠ ᠬᠢᠬᠦ ᠪᠤᠯᠪᠠ᠃ ᠵᠢᠱᠢᠶᠡᠯᠡᠪᠡᠯ᠂ ︿︿ᠪᠠᠶᠠᠨ | ᠤᠪᠤᠭ᠎ᠠ﹀﹀ ᠶᠢ ᠤᠤᠯ ᠤᠨ ᠰᠤᠮᠤ ᠪᠦᠷᠢ ᠠᠴᠠ ᠨᠢᠭᠡ ᠳᠠᠬᠢᠯᠭ᠎ᠠ ᠶᠢᠨ ᠡᠷᠦᠬᠡ᠂ ᠨᠡᠶᠢᠳᠡ 15 ᠡᠷᠦᠬᠡ ᠨᠢ ᠵᠢᠯ | ᠪᠦᠷᠢ ᠶᠢᠨ ᠳᠠᠬᠢᠯᠭ᠎ᠠ ᠶᠢᠨ ᠳ᠋ᠠ ᠭᠠᠷᠭᠠᠵᠦ ᠳᠠᠬᠢᠬᠤ ᠠᠴᠠ ᠭᠠᠳᠠᠨ᠎ᠠ ᠪᠤᠰᠤᠳ ᠤᠪᠤᠭ᠎ᠠ ᠶᠢ ᠭᠠᠴᠠᠭ᠎ᠠ ᠶᠢᠨ ᠤᠯᠠᠨ | ᠲᠦᠮᠡᠨ ᠦᠪᠡᠷᠳᠡᠭᠡᠨ ᠵᠢᠯ ᠪᠦᠷᠢ 4 —5 ᠡᠷᠦᠬᠡ ᠭᠠᠷᠭᠠᠵᠦ ᠳᠠᠬᠢᠬᠤ ᠪᠤᠯᠵᠠᠢ᠃ ᠡᠭᠦᠨ ᠳᠤ᠄ ᠪᠠᠳᠠᠷᠠᠬᠤ | ᠭᠠᠴᠠᠭ᠎ᠠ ᠶᠢᠨ ᠪᠠᠳᠠᠷᠠᠬᠤ ᠤᠪᠤᠭ᠎ᠠ᠂ ᠱᠠᠩᠳᠤ ᠭᠠᠴᠠᠭ᠎ᠠ ᠶᠢᠨ ᠱᠠᠩᠳᠤ ᠤᠪᠤᠭ᠎ᠠ᠂ ᠬᠦᠭᠡᠷᠴᠡᠭ ᠭᠠᠴᠠᠭ᠎ᠠ ᠶᠢᠨ | ᠬᠤᠶᠠᠷ ᠤᠪᠤᠭ᠎ᠠ ᠁ ᠵᠡᠷᠭᠡ ᠤᠯᠠᠨ ᠤᠪᠤᠭ᠎ᠠ ᠨᠢ ᠭᠠᠴᠠᠭ᠎ᠠ ᠶᠢᠨ ᠮᠠᠯᠴᠢᠳ ᠢᠶᠠᠷ ᠭᠤᠤᠯᠳᠠᠭᠰᠠᠨ ᠳᠡᠳᠡᠨ ᠤ | ᠭᠤᠤᠯ ᠲᠠᠷᠬᠠᠨ ᠳᠠᠬᠢᠯᠭ᠎ᠠ ᠶᠢᠨ ᠤᠷᠤᠨ ᠪᠤᠯᠤᠭᠰᠠᠨ ᠪᠠᠶᠢᠨ᠎ᠠ᠂ ᠡᠨᠡ ᠪᠤᠯ ᠨᠡᠶᠢᠳᠡᠮ ᠤᠨ ᠦᠵᠡᠭᠳᠡᠯ ᠪᠤᠯᠵᠦ ᠪᠤᠢ᠃ | | ᠤᠪᠤᠭ᠎ᠠ ᠳᠠᠬᠢᠯᠭ᠎ᠠ ᠶᠢᠨ ᠰᠡᠷᠭᠦᠭᠡᠯᠳᠡ ᠨᠢ ᠤᠯᠠᠮᠵᠢᠯᠠᠯᠳᠤ ᠳᠠᠬᠢᠯᠭ᠎ᠠ ᠶᠢᠨ ᠵᠠᠩ ᠦᠢᠯᠡ ᠶᠢ ᠮᠦᠷᠳᠡᠵᠦ | ᠪᠠᠶᠢᠪᠠᠴᠤ ᠤᠯᠠᠩᠬᠢ ᠤᠪᠤᠭ᠎ᠠ ᠨᠢ ᠳᠠᠬᠢᠯᠭ᠎ᠠ ᠶᠢᠨ ᠰᠠᠩ ᠭᠡᠵᠦ ᠦᠭᠡᠢ ᠪᠤᠯᠬᠤᠷ ᠯᠠᠮᠠ ᠨᠠᠷ ᠵᠠᠯᠠᠵᠦ ︿︿ᠨᠠᠮᠳᠠᠭ ᠰᠠᠩ | ﹀﹀ ᠤᠩᠰᠢᠭᠤᠯᠵᠦ᠂ ᠬᠤᠨᠢ ᠨᠢᠳᠦᠯᠵᠦ ᠤᠭᠤᠴᠠᠨ ᠰᠢᠭᠦᠰᠤ ᠭᠠᠷᠭᠠᠵᠦ ᠤᠯᠠᠭᠠᠨ ᠢᠶᠠᠷ ᠳᠠᠬᠢᠵᠦ ᠳᠠᠬᠢᠯ ᠰᠠᠴᠤᠯᠢ | ᠡᠷᠭᠦᠵᠦ ᠪᠤᠢ᠂ ᠤᠤᠯ ᠳᠠᠬᠢᠯᠭ᠎ᠠ ᠶᠢᠨ ᠰᠠᠬᠢᠭᠤᠰᠤ ᠨᠢ ᠶᠠᠭᠤ ᠪᠤᠯᠬᠤ᠂ ᠶᠠᠮᠠᠷ ᠶᠤᠰᠤ ᠭᠤᠷᠢᠮ ᠲᠠᠢ ᠪᠠᠶᠢᠬᠤ | ᠵᠡᠷᠭᠡ ᠶᠢ ᠮᠡᠳᠡᠬᠦ ᠦᠭᠡᠢ ᠤᠴᠢᠷ ᠵᠦᠪᠬᠡᠨ ᠦᠪᠡᠷ ᠤᠨ ᠨᠤᠲᠤᠭ ᠤᠰᠤᠨ ᠤ ᠪᠠᠨ ᠠᠰᠢᠭ ᠰᠢᠮ᠎ᠡ ᠶᠢ | ᠬᠦᠷᠳᠡᠭᠰᠡᠨ ᠳᠡᠭᠡᠨ ᠲᠠᠯᠠᠷᠬᠠᠬᠤ ᠰᠡᠳᠭᠢᠯᠭᠡ ᠪᠠᠷ ᠮᠠᠯ ᠰᠦᠷᠦᠭ᠂ ᠠᠶᠢᠯ ᠡᠷᠦᠬᠡ ᠶᠢᠨ ᠶᠠᠪᠤᠳᠠᠯ ᠤᠴᠢᠷ ᠢᠶᠠᠨ | ᠳᠠᠭᠠᠳᠬᠠᠨ ᠮᠦᠷᠭᠦᠬᠦ ᠪᠠᠷ ᠭᠤᠤᠯ ᠵᠤᠷᠢᠭᠤᠯᠤᠯᠳᠠ ᠪᠤᠯᠭᠠᠭᠰᠠᠨ ᠪᠠᠶᠢᠳᠠᠭ ᠶᠤᠮ᠃ ᠤᠯᠠᠮᠵᠢᠯᠠᠯᠳᠦ ᠤᠪᠤᠭ᠎ᠠ ᠶᠢᠨ | ᠳᠠᠬᠢᠯᠭ᠎ᠠ ᠶᠢᠨ ᠶᠤᠰᠤ ᠭᠤᠷᠢᠮ ᠳᠤ ᠴᠡᠭᠡᠷ ᠬᠤᠷᠢᠭ᠎ᠠ ᠨᠢ ᠴᠢᠩᠭ᠎ᠠ᠂ ᠪᠤᠶᠠᠨ ᠬᠤᠷᠢᠶᠠᠬᠤ ᠳᠠᠯᠠᠯᠭ᠎ᠠ ᠶᠢᠨ ᠦᠢᠯᠡ ᠨᠢ | ᠲᠦᠪ ᠨᠢᠮᠪᠠᠢ ᠪᠠᠶᠢᠭᠰᠠᠨ ᠪᠤᠯ ᠤᠳᠤ ᠶᠢᠨ ᠳᠠᠬᠢᠯᠭ᠎ᠠ ᠨᠢ ᠬᠡᠯᠪᠡᠷᠢ ᠶᠢᠨ ᠲᠡᠳᠦᠢ ᠰᠢᠭ ᠠᠵᠢᠭᠯᠠᠭᠳᠠᠨ᠎ᠠ᠂ | ᠵᠢᠱᠢᠶᠡᠯᠡᠪᠡᠯ ᠤᠤᠯ ᠨᠢ ᠤᠪᠤᠭ᠎ᠠ ᠶᠢᠨ ᠨᠡᠷ᠎ᠡ ᠶᠢ ᠨᠡᠷᠡᠯᠡᠬᠦ ᠦᠭᠡᠢ᠂ ᠭᠤᠷᠪᠠ ᠬᠤᠨᠤᠭ ᠲᠤ ᠠᠷᠢᠬᠢ ᠳᠠᠷᠠᠰᠤ | ᠤᠤᠭᠤᠬᠤ ᠦᠭᠡᠢ᠂ ᠬᠡᠷᠡᠭᠦᠯ ᠴᠤᠤᠭᠢᠶᠠᠨ ᠬᠢᠬᠦ ᠦᠭᠡᠢ ᠵᠡᠷᠭᠡ ᠶᠤᠰᠤ ᠴᠡᠭᠡᠷ ᠪᠠᠶᠢᠳᠠᠭ ᠪᠤᠯ ᠤᠳᠤ ᠬᠠᠷᠢᠨ ᠬᠤᠷᠮᠤᠢ | ᠳᠤᠨᠢ ᠪᠠᠭᠤᠮᠠᠭᠴᠠ ᠠᠷᠢᠬᠢ ᠫᠢᠵᠢᠤ ᠤᠤᠭᠤᠯᠴᠠᠨ ᠰᠤᠭᠳᠤᠭᠤ ᠭᠦᠯᠴᠦᠭᠦᠤ ᠶᠠᠪᠤᠬᠤ᠂ ᠬᠡᠷᠡᠭᠦᠯ ᠵᠤᠳᠤᠭᠠᠨ ᠬᠢᠬᠦ | ᠵᠡᠷᠭᠡ ᠬᠦᠨᠳᠦᠳᠭᠡᠯ ᠤᠨ ᠪᠤᠰᠤ ᠦᠵᠡᠭᠳᠡᠯ ᠨᠡᠶᠢᠳᠡᠮ ᠤᠷᠤᠰᠢᠵᠦ᠂ ᠤᠤᠯ ᠨᠢ ᠳᠠᠯᠠᠯᠭ᠎ᠠ ᠠᠪᠬᠤ ᠳᠠᠭᠠᠨ ᠰᠠᠪᠠ ᠲᠠᠢ | ᠰᠠᠴᠤᠯᠢ ᠡᠷᠭᠦᠯ ᠠᠴᠠ ᠪᠠᠨ ᠢᠷᠤᠭᠠᠯ ᠳᠤᠨᠢ ᠪᠠᠭ᠎ᠠ ᠦᠯᠡᠳᠡᠭᠡᠵᠦ ᠤᠪᠤᠭ᠎ᠠ ᠶᠢᠨ ᠭᠡᠰᠢᠭ ᠭᠡᠵᠦ ᠠᠪᠠᠴᠢᠨ᠂ | ᠦᠯᠡᠳᠡᠭᠰᠡᠨ ᠭᠡᠷ ᠤᠨ ᠬᠦᠮᠦᠰ ᠲᠡᠭᠡᠨ ᠳᠠᠯᠠᠯᠭᠠᠨ ᠭᠡᠰᠢᠭ ᠭᠦᠷᠳᠡᠭᠡᠬᠦ ᠶᠢᠨ ᠬᠠᠮᠳᠦ ᠠᠶᠢᠷᠠᠭ ᠬᠦᠷᠦᠩᠭᠡ ᠳᠡᠭᠡᠨ | ᠨᠡᠮᠡᠷᠢᠯᠡᠳᠡᠭ ᠪᠤᠯ ᠤᠳᠤ ᠲᠡᠷᠡ ᠨᠢ ᠰᠠᠴᠤᠯᠢ ᠡᠷᠭᠦᠯ ᠪᠢᠰᠢ ᠬᠠᠷᠢᠨ ᠠᠰᠬᠠᠯ ᠡᠷᠭᠦᠯ ᠪᠤᠯᠵᠦ᠂ ᠳᠠᠯᠠᠯᠭ᠎ᠠ ᠳᠤ | ᠬᠡᠷᠡᠭᠯᠡᠭᠰᠡᠨ ᠰᠠᠪᠠ ᠪᠠᠨ ︵ᠬᠤᠷᠢᠶᠠᠭᠰᠠᠨ ᠭᠡᠰᠢᠭ ᠢᠶᠠᠨ︶ ᠠᠪᠠᠴᠢᠬᠤ ᠦᠭᠡᠢ ᠰᠢᠳᠡᠵᠦ ᠶᠠᠪᠤᠭᠤᠯᠳᠠᠭ ᠪᠠᠶᠢᠨ᠎ᠠ᠂ | ᠡᠨᠡ ᠨᠢ ᠬᠤᠷᠤᠶᠢᠯᠠᠬᠤ ᠶᠣᠰᠤᠨ ᠤ ᠤᠳᠬ᠎ᠠ ᠰᠠᠨᠠᠭ᠎ᠠ ᠶᠢ ᠤᠶᠢᠯᠠᠭᠠᠬᠤ ᠦᠭᠡᠢ ᠪᠠᠶᠢᠬᠤ ᠶᠢᠨ ᠰᠢᠯᠳᠠᠭᠠᠨ ᠠᠴᠠ | ᠪᠤᠯᠤᠯ᠎ᠠ ᠭᠡᠵᠦ ᠦᠵᠡᠯᠳᠡᠢ᠃ ᠤᠳᠤᠬᠠᠨ ᠳᠤ ᠤᠪᠤᠭ᠎ᠠ ᠪᠠᠨ ᠴᠠᠭᠠᠨ ᠢᠶᠠᠷ ᠳᠠᠬᠢᠬᠤ ᠳᠠᠬᠢᠯᠭ᠎ᠠ ᠶᠢᠨ ᠶᠠᠪᠤᠳᠠᠯ ᠡᠵᠢ | ᠨᠠᠭᠤᠷ ᠤᠨ ᠤᠪᠤᠭ᠎ᠠ ᠠᠴᠠ ᠪᠤᠰᠤᠳ ᠢᠯᠡᠷᠡᠭᠡᠳᠦᠢ ᠪᠠᠶᠢᠭᠰᠠᠭᠠᠷ᠃ | ᠤᠳᠤᠬᠢ ᠤᠪᠤᠭ᠎ᠠ ᠳᠠᠬᠢᠯᠭ᠎ᠠ ᠶᠢᠨ ᠳᠠᠬᠢᠨ ᠰᠡᠷᠭᠦᠯᠳᠡ ᠨᠢ ᠭᠠᠴᠠᠭ᠎ᠠ ᠪᠠᠷ ᠪᠤᠶᠤ ᠰᠤᠮᠤ ᠪᠠᠷ ᠨᠢᠭᠡᠴᠢᠯᠡᠭᠰᠡᠨ | ᠤᠤᠯ ᠤᠨ ᠳᠠᠬᠢᠯᠭᠠᠳᠠᠢ ᠤᠪᠤᠭ᠎ᠠ ᠶᠢ ᠰᠡᠷᠭᠦᠭᠡᠬᠦ ᠪᠠᠷ ᠭᠤᠤᠯ ᠪᠤᠯᠭᠠᠵᠦ ᠪᠠᠶᠢᠳᠠᠭ᠂ ᠤᠤᠯ ᠤᠨ ᠤᠯᠠᠮᠵᠢᠯᠠᠯᠳᠤ | ᠤᠴᠢᠷ ᠰᠢᠯᠳᠠᠭᠠᠨ ᠪᠤᠯᠬᠤ ᠠᠶᠢᠮᠠᠭ ᠪᠦᠯᠦᠭ ᠤᠨ ᠤᠪᠤᠭ᠎ᠠ᠂ ᠪᠤᠰᠤᠳ ᠬᠤᠰᠢᠭᠤ ᠨᠢᠭᠡᠴᠠ ᠶᠢᠨ ᠤᠪᠤᠭ᠎ᠠ᠂ | ᠬᠤᠪᠢ ᠶᠢᠨ ᠳᠠᠬᠢᠯᠭᠠᠳᠤ ᠤᠪᠤᠭ᠎ᠠ ᠭᠡᠵᠦ ᠢᠯᠭᠠᠬᠤ ᠦᠭᠡᠢ ᠪᠠᠷ ᠰᠠᠭᠤᠷᠢᠰᠢᠨ ᠰᠠᠭᠤᠭᠰᠠᠨ ᠨᠤᠲᠤᠭ ᠤᠰᠤᠨ ᠳᠠᠬᠢ | ᠤᠪᠤᠭ᠎ᠠ ᠪᠠᠷ ᠰᠢᠳᠦᠯᠭᠡ ᠬᠢᠵᠦ᠂ ᠲᠡᠷᠡᠬᠦ ᠤᠪᠤᠭᠠᠨ ᠤ ᠰᠠᠬᠢᠭᠤᠰᠤ ᠨᠢ ᠲᠡᠷᠡ ᠤᠷᠴᠢᠨ ᠤ ᠬᠦᠮᠦᠨ ᠮᠠᠯ ᠢ ᠢᠪᠡᠭᠡᠬᠦ | ᠭᠡᠰᠡᠨ ᠪᠠᠶᠢᠭᠠᠯᠢᠯᠢᠭ ᠦᠵᠡᠯ ᠤᠬᠠᠮᠰᠠᠷ ᠬᠦᠮᠦᠰ ᠤᠨ ᠤᠶᠤᠨ ᠳᠤ ᠵᠠᠢ ᠠᠪᠴᠠᠢ᠃ ᠭᠡᠪᠡᠴᠤ ᠪᠠᠰᠠ ᠦᠪᠡᠷ ᠤᠨ | ᠳᠡᠭᠡᠳᠦᠰ ᠤᠨ ᠢᠶᠠᠨ ᠳᠠᠬᠢᠵᠦ ᠪᠠᠶᠢᠭᠰᠠᠨ ᠤᠯᠠᠮᠵᠢᠯᠠᠯᠳᠤ ᠤᠪᠤᠭ᠎ᠠ ᠳᠤ ᠬᠦᠷᠴᠤ ᠳᠠᠬᠢᠯᠭ᠎ᠠ ᠬᠢᠵᠦ ᠪᠠᠶᠢᠬᠤ ᠴᠤ ᠪᠤᠢ᠃ | ᠦᠵᠦᠮᠦᠴᠢᠨᠴᠤᠳ ᠤᠨ ᠤᠪᠤᠭ᠎ᠠ ᠯᠤᠤᠰ ᠳᠠᠬᠢᠬᠤ ᠤᠯᠠᠨ ᠲᠦᠮᠡᠨᠴᠢ ᠵᠠᠩ ᠲᠠᠳᠬᠠᠯ ᠨᠢ ᠬᠠᠰᠢᠯᠠ ᠲᠡᠭᠦᠨ ᠤ | ᠪᠠᠶᠢᠭᠠᠯᠢᠯᠢᠭ ᠤᠬᠠᠮᠰᠠᠷ ᠪᠤᠯᠬᠤ ᠬᠠᠮᠢᠭᠠᠨᠠᠬᠢ ᠪᠠᠶᠢᠭᠠᠯᠢ ᠶᠢᠨ ᠠᠰᠢᠭ ᠰᠢᠮ᠎ᠡ ᠪᠠᠷ ᠠᠮᠢᠳᠤᠷᠠᠵᠦ ᠪᠠᠶᠢᠪᠠᠯ ᠲᠡᠷᠡ | ᠭᠠᠵᠠᠷ ᠤᠨ ᠠᠭᠤᠤ ᠠᠭᠤᠳᠠᠮ ᠦᠭᠭᠢᠶᠡᠮᠦᠷ ᠶᠡᠭᠡ ᠶᠢ ᠮᠡᠳᠡᠷᠡᠬᠦ ᠮᠦᠷᠳᠡᠭᠡᠨ ᠰᠢᠳᠦᠨ ᠬᠠᠶᠢᠷᠠᠯᠠᠬᠤ ᠦᠨᠳᠤᠰᠤᠳᠠᠨ ᠤ | ᠬᠢᠨᠢ ᠮᠦᠨ ᠴᠢᠨᠠᠷ ᠤᠨ ᠡᠷᠬᠢᠮ ᠳᠡᠭᠡᠳᠦ ᠠᠴᠠ ᠪᠤᠯᠤᠭᠰᠠᠨ ᠪᠠᠶᠢᠬᠤ ᠳᠠᠭᠠᠨ ᠳᠠᠭᠠᠷᠠᠨ᠎ᠠ᠃ | ᠮᠤᠩᠭᠤᠯ ᠤᠷᠤᠨ ᠤ ᠤᠪᠤᠭ᠎ᠠ ᠶᠢᠨ ᠳᠠᠬᠢᠯᠭ᠎ᠠ ᠪᠤᠯ ᠡᠷᠳᠡᠨ ᠠᠴᠠ ᠤᠯᠠᠮᠵᠢᠯᠠᠭᠰᠠᠨ ᠨᠤᠲᠤᠭ ᠤᠰᠤᠨ ᠢᠶᠠᠨ | ᠬᠠᠶᠢᠷᠠᠯᠠᠨ ᠬᠠᠮᠠᠭᠠᠯᠠᠬᠤ ᠦᠨᠡᠨ ᠰᠡᠳᠭᠢᠯ ᠤᠨ ᠤᠭ ᠠᠴᠠ ᠦᠴᠢᠭ ᠳᠠᠭᠠᠳᠬᠠᠯ ᠬᠢᠬᠦ ᠲᠦᠪ ᠶᠡᠬᠡᠮᠰᠦᠭ ᠪᠦᠭᠡᠳ | ᠪᠤᠯᠪᠠᠰᠤᠨ ᠨᠢᠮᠪᠡᠢ ᠠᠵᠢᠯᠯᠠᠭ᠎ᠠ ᠪᠤᠯᠤᠨ᠎ᠠ᠂ ᠪᠠᠰᠠᠴᠤ ᠨᠤᠲᠤᠭ ᠤᠰᠤᠨ ᠤ ᠡᠷᠬᠢᠮ ᠦᠨᠡᠳᠦ ᠴᠢᠨᠠᠷ ᠢ ᠦᠶ᠎ᠡ ᠶᠢᠨ | ᠦᠶ᠎ᠡ ᠳᠤ ᠮᠡᠳᠡᠭᠦᠯᠦᠨ ᠨᠠᠨᠳᠢᠩᠨᠠᠨ ᠬᠠᠮᠠᠭᠠᠯᠠᠵᠦ ᠶᠠᠪᠤᠬᠤ ᠬᠦᠨᠳᠦ ᠡᠭᠦᠷᠭᠡ ᠶᠢ ᠤᠯᠠᠮᠵᠢᠯᠠᠬᠤ ᠵᠠᠩ ᠦᠢᠯᠡ ᠶᠢᠨ | ᠪᠤᠳᠠᠳᠤ ᠬᠡᠯᠪᠡᠷᠢ ᠪᠤᠯᠵᠦ ᠪᠠᠶᠢᠳᠠᠭ᠂ ᠮᠦᠨᠴᠤ ᠡᠨᠡᠬᠦ ᠦᠨᠳᠦᠰᠦᠳᠡᠨ ᠤ ᠡᠬᠡ ᠪᠠᠶᠢᠭᠠᠯᠢ ᠢᠶᠠᠨ ᠠᠰᠢᠭᠯᠠᠬᠤ | ᠮᠦᠷᠳᠡᠭᠡᠨ ᠬᠠᠮᠠᠭᠠᠯᠠᠬᠤ ᠤᠬᠠᠮᠰᠠᠷ ᠪᠠ ᠦᠢᠯᠡᠰ ᠨᠢ ᠳᠠᠶᠠᠩ ᠳᠡᠯᠡᠬᠡᠢ ᠶᠢᠨ ᠠᠩᠬᠠᠷᠤᠯ ᠪᠤᠯᠤᠨ ᠪᠢᠰᠢᠷᠡᠯ ᠢ | ᠤᠯᠤᠭᠰᠠᠨ ᠪᠠᠶᠢᠭ᠎ᠠ ᠶᠤᠮ᠃ ᠪᠢᠳᠡ ᠠᠯᠳᠠᠨ ᠳᠡᠯᠡᠬᠡᠢ ᠳᠤ ᠠᠮᠢ ᠠᠬᠤᠢ ᠶᠢᠨ ᠪᠤᠯᠪᠠᠰᠤᠨ ᠤ ᠦᠢᠯᠡᠰ ᠢ ᠡᠭᠦᠳᠦᠭᠰᠡᠨ | ᠡᠪᠦᠭᠡ ᠳᠡᠭᠡᠳᠦᠰ ᠲᠠᠢ ᠲᠡᠭᠡᠨ ᠤᠮᠤᠭᠰᠢᠬᠤ ᠮᠦᠷᠳᠡᠭᠡᠨ ᠲᠠᠯᠠᠷᠬᠠᠵᠦ᠂ ᠤᠪᠤᠭ᠎ᠠ ᠳᠠᠬᠢᠯᠭ᠎ᠠ ᠳᠠᠭᠠᠨ ᠲᠦᠪ ᠶᠤᠰᠤᠭᠠᠷ | ᠳᠠᠬᠢᠯᠭ᠎ᠠ ᠭᠦᠢᠴᠡᠳᠭᠡᠵᠦ᠂ ᠨᠤᠲᠤᠭ ᠤᠰᠤᠨ ᠤ ᠪᠠᠨ ᠪᠦᠷᠢᠨ ᠪᠦᠳᠦᠨ ᠠᠮᠤᠭᠤᠯᠠᠩ ᠰᠠᠶᠢᠬᠠᠨ ᠪᠠᠶᠢᠬᠤ ᠶᠢ | ᠬᠤᠶᠢᠴᠢ ᠦᠶ᠎ᠡ ᠳᠡᠭᠡᠨ ᠦᠨᠢᠳᠡ ᠤᠯᠠᠮᠵᠢᠯᠠᠬᠤ ᠶᠢ ᠵᠦᠩᠨᠠᠶ᠎ᠠ︕ |