ᠤᠷᠢᠶᠠᠩᠬᠠᠨ ᠤ᠂ ᠶᠤᠨᠳᠤᠨ | ᠦᠵᠦᠮᠦᠴᠢᠨ ᠠᠶᠢᠮᠠᠭ ᠭᠢᠭᠡᠳ ᠲᠡᠭᠦᠨ ᠤ ᠰᠦᠯᠳᠡ ᠰᠢᠳᠦᠯᠭᠡ ᠶᠢᠨ ᠲᠤᠬᠠᠢ ᠦᠬᠦᠯᠡᠬᠦ ᠨᠢ | ﹇ᠠᠭᠤᠯᠭ᠎ᠠ ᠶᠢᠨ ᠲᠤᠪᠴᠢ﹈᠄ ᠤᠯᠠᠨ ᠲᠡᠤᠬᠡ ᠶᠢᠨ ᠮᠠᠲ᠋ᠧᠷᠢᠶᠠᠯ ᠢ ᠦᠨᠳᠦᠰᠦᠯᠡᠵᠦ᠂ ᠦᠵᠦᠮᠦᠴᠢᠨ | ᠠᠶᠢᠮᠠᠭ ᠤᠨ ᠪᠦᠷᠢᠯᠳᠦᠯ ᠤᠨ ᠴᠠᠭ ᠬᠤᠭᠤᠴᠠᠭ᠎ᠠ ᠶᠢ ᠠᠷᠪᠠᠨ ᠭᠤᠷᠪᠠᠳᠤᠭᠠᠷ ᠵᠠᠭᠤᠨ ᠤ ᠡᠬᠢ ᠪᠤᠶᠤ ᠲᠤᠮᠳᠠᠴᠢ ᠭᠡᠵᠦ | ᠦᠵᠡᠭᠰᠡᠨ ᠪᠦᠭᠡᠳ ᠦᠵᠦᠮᠦᠴᠢᠨ ᠤ ᠬᠦᠳᠡᠭᠡ ᠰᠦᠯᠳᠡ ᠶᠢᠨ ᠲᠠᠬᠢᠯᠭ᠎ᠠ ᠶᠢ ᠲᠤᠯᠤᠢ ᠡᠵᠡᠨ ᠤ ᠡᠭᠦᠰᠭᠡᠭᠰᠡᠨ ᠭᠠᠯ | ᠭᠤᠯᠤᠮᠳᠠ ᠶᠢᠨ ᠲᠠᠬᠢᠯᠭ᠎ᠠ ᠮᠦᠨ ᠪᠤᠯᠬᠤ ᠶᠢ ᠦᠶ᠎ᠡ ᠵᠠᠯᠭᠠᠮᠵᠢ ᠶᠢ ᠨᠢ ᠲᠤᠭᠠᠴᠢᠨ ᠲᠤᠲᠤᠷᠬᠠᠶᠢᠯᠠᠵᠦ᠂ ᠦᠵᠦᠮᠦᠴᠢᠨ | ᠠᠶᠢᠮᠠᠭ ᠢ ᠴᠢᠩᠭᠢᠰ ᠬᠠᠭᠠᠨ ᠤ ᠮᠤᠩᠭᠤᠯ ᠭᠠᠯ ᠭᠤᠯᠤᠮᠳᠠ ᠶᠢ ᠤᠯᠠᠮᠵᠢᠯᠠᠨ ᠬᠠᠮᠠᠭᠠᠯᠠᠵᠦ ᠢᠷᠡᠭᠰᠡᠨ ᠭᠤᠤᠯ ᠲᠦᠪ | ᠤᠷᠤᠨ ᠭᠡᠳᠡᠭ ᠢ ᠲᠤᠰᠬᠠᠪᠠ᠃ ᠪᠠᠰᠠ ᠲᠤᠯᠤᠭᠠᠨ ᠵᠠᠭᠤᠨ ᠶᠡᠷᠡᠭᠡᠳ ᠵᠢᠯ ᠪᠤᠯᠵᠦ ᠪᠠᠶᠢᠭ᠎ᠠ ᠴᠢᠩᠭᠢᠰ ᠬᠠᠭᠠᠨ ᠤ | ᠲᠠᠶᠢᠯᠭ᠎ᠠ ᠲᠠᠬᠢᠯᠭ᠎ᠠ ᠪᠤᠯ ᠮᠤᠩᠭᠤᠯᠴᠦᠳ ᠲᠠᠶᠠᠭᠠᠷ ᠤᠨ ᠴᠤᠷ ᠤᠨ ᠭᠠᠭᠴᠠ ᠪᠠᠶᠢᠳᠠᠭ ᠠᠭᠤᠤ ᠬᠦᠮᠦᠨ ᠢ | ᠰᠢᠳᠦᠭᠡᠨᠴᠢᠯᠡᠭᠰᠡᠨ ᠰᠢᠳᠦᠯᠭᠡ ᠪᠢᠰᠢᠷᠡᠯ ᠤᠨ ᠵᠠᠩ ᠦᠢᠯᠡ ᠪᠤᠯᠬᠤ ᠶᠢ ᠲᠤᠲᠤᠷᠬᠠᠶᠢᠯᠠᠵᠦ ᠦᠭᠦᠯᠡᠪᠡ᠃ | ﹇ᠵᠠᠩᠭᠢᠯᠭ᠎ᠠ ᠶᠢᠨ ᠦᠭᠡ﹈᠄ ᠦᠵᠦᠮᠦᠴᠢᠨ ᠤ ᠪᠦᠷᠢᠯᠳᠦᠯ᠂ ᠬᠦᠳᠡᠭᠡ ᠰᠦᠯᠳᠡ ᠶᠢᠨ ᠲᠠᠬᠢᠯᠭ᠎ᠠ᠂ ᠭᠠᠯ | ᠭᠤᠯᠤᠮᠳᠠ᠂ ᠰᠢᠳᠦᠯᠭᠡ ᠪᠢᠰᠢᠷᠡᠯ | ᠨᠢᠭᠡ᠂ ᠦᠵᠦᠮᠦᠴᠢᠨ ᠠᠶᠢᠮᠠᠭ ᠤᠨ ᠡᠭᠦᠰᠦᠯ ᠪᠦᠷᠢᠯᠳᠦᠯ ᠤᠨ ᠲᠤᠬᠠᠢ | ᠦᠵᠦᠮᠦᠴᠢᠨ ᠠᠶᠢᠮᠠᠭ ᠪᠤᠯ ᠤᠯᠠᠨ ᠤᠪᠤᠭ ᠶᠠᠰᠤᠳᠠᠳ ᠢᠶᠠᠷ ᠪᠦᠷᠢᠯᠳᠦᠭᠰᠡᠨ ᠤᠳᠤᠮ ᠤᠭᠰᠠᠭᠠᠨ ᠤ | ᠠᠶᠢᠮᠠᠭ ᠪᠦᠯᠦᠭ ᠪᠤᠯᠤᠨ᠎ᠠ᠃ ᠤᠪᠤᠭ ᠭᠠᠷᠤᠯ ᠤᠯᠠᠨᠳᠠᠢ ᠤᠳᠤᠮ ᠤᠭᠰᠠᠭ᠎ᠠ ᠨᠢᠭᠡᠳᠦᠯᠳᠡᠢ ᠪᠠᠶᠢᠳᠠᠭ ᠡᠨᠡᠬᠦ ᠠᠶᠢᠮᠠᠭ | ᠪᠦᠯᠦᠭ ᠤᠨ ᠪᠦᠷᠢᠯᠳᠦᠯ ᠨᠢ ᠶᠠᠷᠢᠶᠠᠨ ᠦᠭᠡᠢ ᠤᠳᠠᠭᠠᠨ ᠤᠨ ᠤ ᠲᠡᠤᠬᠡ ᠶᠢᠨ ᠰᠢᠯᠳᠠᠭᠠᠨ ᠠᠴᠠ ᠪᠤᠢ ᠪᠤᠯᠤᠭᠰᠠᠨ | ᠨᠢ ᠮᠡᠳᠡᠭᠡᠵᠢ᠃ ᠲᠤᠰ ᠠᠶᠢᠮᠠᠭ ᠪᠦᠯᠦᠭ ᠢ ᠲᠡᠤᠬᠡ ᠶᠢᠨ ᠲᠡᠮᠳᠡᠭᠯᠡᠯ ᠤᠨ ᠬᠠᠷᠠᠭᠠᠰᠤ ᠠᠴᠠ ᠦᠵᠡᠪᠡᠯ ᠬᠡᠳᠦᠨ | ᠮᠢᠩᠭᠠᠨ ᠵᠢᠯ ᠤᠨ ᠡᠮᠦᠨᠡᠬᠢ ᠡᠭᠦᠰᠦᠯ ᠤᠨ ᠤᠷᠳᠤ ᠤᠳᠠᠭᠠᠨ ᠤ ᠲᠡᠤᠬᠡ ᠮᠠᠲ᠋ᠧᠷᠢᠶᠠᠯ ᠤᠯᠳᠠᠭᠠᠳᠤᠢ ᠪᠤᠯᠪᠠᠴᠦ ᠠᠷᠪᠠᠨ | ᠭᠤᠷᠪᠠᠳᠤᠭᠠᠷ ᠵᠠᠭᠤᠨ ᠤ ᠡᠬᠢ ᠪᠤᠶᠤ ᠲᠤᠮᠳᠠᠴᠢ ᠦᠶ᠎ᠡ ᠪᠠᠷ ᠪᠦᠷᠢᠯᠳᠦᠭᠰᠡᠨ ᠪᠤᠯᠤᠯᠴᠠᠭ᠎ᠠ ᠪᠦᠷᠢᠨ ᠪᠠᠶᠢᠬᠤ ᠶᠤᠮ᠃ | ᠡᠭᠦᠨ ᠤ ᠰᠢᠯᠳᠠᠭᠠᠨ ᠨᠢ ᠦᠵᠦᠮᠦᠴᠢᠨ ᠠᠶᠢᠮᠠᠭ ᠪᠤᠯ ᠮᠤᠩᠭᠤᠯ ᠬᠠᠭᠠᠳ ᠤᠨ ᠴᠠᠬᠠᠷ ᠲᠦᠮᠡᠨ ᠤ ᠤᠳᠤᠭ ᠤᠨ ᠨᠢᠭᠡ | ᠪᠤᠯᠬᠤ ᠳᠤ ᠤᠷᠤᠰᠢᠨ᠎ᠠ᠃ ᠡᠶᠢᠮᠦ ᠠᠴᠠ ᠴᠠᠬᠠᠷ ᠲᠦᠮᠡᠨ ᠪᠠ ᠰᠤᠷᠬᠠᠤᠭᠳᠠᠨᠢ ᠬᠠᠳᠤᠨ ᠢ ᠰᠤᠳᠤᠯᠬᠤ ᠴᠢᠬᠤᠯᠠᠳᠠᠢ | ᠭᠡᠵᠦ ᠪᠢ ᠦᠵᠡᠨ᠎ᠡ᠃ | ᠮᠢᠨᠤ ᠦᠵᠡᠬᠦ ᠪᠠᠷ᠂ ᠦᠵᠦᠮᠦᠴᠢᠨ ᠤ ᠤᠯᠠᠨ ᠤᠪᠤᠭ ᠤᠨ ᠪᠦᠷᠢᠯᠳᠦᠯ ᠪᠤᠯ ᠴᠢᠩᠭᠢᠰ ᠬᠠᠭᠠᠨ ᠤ ᠶᠡᠭᠡ | ᠮᠤᠩᠭᠤᠯ ᠤᠨ ᠨᠢᠭᠡᠳᠭᠡᠯ ᠤᠨ ᠦᠶ᠎ᠡ ᠳᠤ ᠮᠠᠨᠳᠤᠯᠡᠭᠰᠠᠨ ᠪᠠᠶᠢᠵᠦ ᠪᠤᠯᠬᠤ ᠪᠦᠭᠡᠳ ᠮᠤᠩᠭᠤᠯ ᠤᠯᠤᠰ ᠤᠨ ᠲᠡᠤᠬᠡ | ᠰᠤᠳᠤᠯᠭᠠᠴᠢ ᠫᠦᠷᠪᠦᠵᠠᠪ ᠤᠨ ︿︿ᠬᠤᠳᠤᠭᠤᠶᠢᠳ ᠤᠨ ᠤᠭᠰᠠᠭ᠎ᠠ ᠭᠠᠷᠤᠯ ᠪᠠ ᠲᠡᠤᠬᠡ ᠶᠢᠨ ᠠᠰᠠᠭᠤᠳᠠᠯ﹀﹀ ᠭᠡᠬᠦ | ᠵᠤᠬᠢᠶᠠᠯ ᠳᠠᠭᠠᠨ ᠲᠤᠷᠠᠳᠤᠭᠰᠠᠨ ᠰᠢᠭ᠋ ︿︿ ︔︔ ᠬᠤᠶᠢᠴᠢ ︵ᠬᠤᠶᠢᠳ︶᠂ ᠤᠩᠭᠤᠳ᠂ ᠦᠵᠢᠶᠡᠳ᠂ ᠶᠦᠷᠭᠡᠨ | ᠮᠢᠩᠭᠠᠨ᠂ ᠦᠵᠦᠮᠦᠴᠢᠨ ᠭᠡᠬᠦ ᠮᠡᠳᠦ ᠪᠠᠷ ᠮᠢᠩᠭᠠᠨ︾ ᠪᠤᠯᠤᠨ ᠪᠠᠶᠢᠭᠤᠯᠤᠭᠳᠠᠭᠰᠠᠨ ᠪᠠᠶᠢᠵᠦ ᠮᠡᠳᠡᠬᠦ ᠶᠤᠮ᠃ ᠲᠡᠷᠡ | ᠦᠶ᠎ᠡ ᠳᠤ ᠴᠢᠰᠦᠨ ᠲᠦᠷᠦᠯ ᠤᠨ ᠠᠶᠢᠮᠠᠭ ᠤᠭᠰᠠᠭᠠᠳᠠᠨ ᠶᠠᠰᠤᠳᠠᠳ ᠬᠠᠮᠤᠭ ᠤᠯᠠᠨ ᠢᠶᠠᠷ ᠬᠤᠯᠢᠯᠳᠤᠨ | ᠦᠮᠴᠢᠯᠡᠭᠳᠡᠨ᠂ ᠭᠡᠰᠡᠭᠯᠡᠭᠳᠡᠨ ᠬᠤᠪᠢᠶᠠᠭᠳᠠᠨ᠂ ᠨᠡᠶᠢᠯᠡᠯᠴᠡᠨ ᠠᠭᠤᠰᠤᠭᠰᠠᠨ ᠴᠠᠭ ᠦᠶ᠎ᠡ ᠪᠤᠯᠤᠨ᠎ᠠ᠂ ᠡᠶᠢᠮᠦ ᠢᠶᠠᠷ | ᠬᠡᠵᠢᠶ᠎ᠡ ᠪᠤᠯᠪᠠᠴᠤ ᠠᠯᠳᠠᠢ — ᠬᠠᠩᠭᠠᠢ ᠶᠢᠨ ᠭᠠᠵᠠᠷ ᠤᠷᠤᠨ ᠠᠴᠠ ᠤᠯᠠᠨ ᠤᠪᠤᠭᠳᠠᠨ ᠶᠠᠰᠤᠳᠠᠳ ᠪᠠ ᠠᠶᠢᠮᠠᠭ | ᠤᠭᠰᠠᠭ᠎ᠠ ᠨᠤᠭᠤᠳ ᠢᠷᠡᠵᠦ ᠪᠦᠷ ᠪᠤᠯᠬᠤ ᠶᠤᠮ᠂ ᠨᠡᠩ ᠦᠵᠦᠮᠦᠴᠢᠨ ᠠᠶᠢᠮᠠᠭ ᠨᠢ ᠴᠠᠬᠠᠷ ᠤᠨ ᠨᠢᠭᠡᠨ | ᠤᠳᠤᠭ ᠤᠨ ᠬᠤᠪᠢ ᠪᠠᠷ ᠨᠡᠭᠦᠵᠦ ᠨᠤᠲᠤᠭᠯᠠᠬᠤ ᠨᠢ ᠬᠠᠭᠠᠨ ᠤ ᠬᠠᠮᠠᠭᠠᠯᠠᠯᠳᠠ ᠶᠢᠨ ᠪᠠᠶᠢᠭᠤᠯᠤᠮᠵᠢ ᠪᠤᠯᠤᠭᠰᠠᠨ ᠤ | ᠬᠤᠪᠢ ᠳᠤ ᠪᠦᠷᠢᠨ ᠡᠷᠬᠡ ᠲᠠᠢ ᠪᠠᠶᠢᠵᠦ ᠪᠤᠯᠤᠨ᠎ᠠ᠃ | ᠴᠢᠩᠭᠢᠰ ᠬᠠᠭᠠᠨ ᠤ ᠦᠶ᠎ᠡ ᠶᠢᠨ ᠴᠠᠬᠠᠷ ᠤᠨ ᠬᠤᠪᠢᠷᠠᠯᠳᠠ ᠭᠡᠪᠡᠯ ︽ᠯᠤ᠂ ᠠᠯᠳᠠᠨ ᠲᠤᠪᠴᠢ︾ ᠳᠤ | ᠳᠡᠮᠳᠡᠭᠯᠡᠭᠰᠡᠨ ᠢ ᠦᠨᠳᠦᠰᠦᠯᠡᠪᠡᠯ᠂ ᠬᠠᠭᠠᠨ ᠢᠶᠠᠷ ᠴᠢᠯᠡᠭᠡᠨ ᠲᠡᠭᠡᠭᠰᠢ ᠪᠤᠯᠤᠭᠰᠠᠨ ᠲᠤᠷ ᠶᠡᠭᠡ ᠲᠦᠷᠦ ᠶᠢ | ᠰᠡᠳᠭᠢᠭᠰᠡᠨ ᠤᠳᠬᠠᠨ ᠪᠡᠷᠢ ᠰᠤᠷᠬᠠᠭᠳᠠᠨᠢ ᠳᠤ᠄ ︽ᠪᠢ ᠴᠢᠮᠠᠶᠢ ᠪᠠᠷᠢ ᠭᠡᠵᠦ ᠪᠤᠤ ᠬᠡᠯᠡᠰᠦ᠂ ᠪᠠᠬᠢ ᠲᠠᠶᠢᠬᠤ ᠭᠡᠰᠦ᠂ | ᠰᠢᠤ ᠭᠡᠵᠦ ᠪᠤᠤ ᠬᠡᠯᠡᠶ᠎ᠡ᠂ ᠰᠤᠳᠠᠢ ᠲᠠᠶᠢᠬᠤ ᠬᠡᠮᠡᠶ᠎ᠡ︾ ᠭᠡᠵᠦ ᠴᠤᠯᠠ ᠦᠭᠭᠦᠭᠡᠳ ᠨᠠᠢᠮᠠᠨ ᠤᠳᠤᠭ ᠴᠠᠭᠠᠷ | ᠲᠦᠮᠡᠨ ᠢ ᠰᠤᠩᠭᠤᠵᠦ ᠦᠭᠴᠤ ᠰᠤᠶᠤᠷᠬᠠᠪᠠ᠃ ᠭᠡᠪᠡᠴᠦ ᠵᠠᠷᠢᠮ ᠨᠤᠮ ᠳᠤ ᠲᠤᠰ ᠶᠠᠪᠤᠳᠠᠯ ᠢ ᠦᠭᠡᠳᠡᠢ ᠶᠢᠨ | ᠦᠶ᠎ᠡ ᠳᠤ ᠭᠠᠷᠤᠭᠰᠠᠨ ᠶᠠᠪᠤᠳᠠᠯ ᠭᠡᠬᠦ ᠶᠤᠮ᠃ ᠶᠠᠭᠤ ᠪᠤᠯᠤᠭᠰᠠᠨ ᠴᠤ ᠡᠭᠦᠨ ᠠᠴᠠ ᠴᠠᠬᠠᠷ ᠲᠦᠮᠡᠨ ᠨᠢ | ᠲᠤᠯᠤᠢ ᠶᠢᠨ ᠬᠤᠶᠢᠴᠢᠰ ᠲᠤ ᠬᠠᠷᠢᠶᠠᠯᠠᠭᠳᠠᠬᠤ ᠪᠤᠯᠤᠭᠰᠠᠨ ᠢ ᠬᠠᠷᠠᠭᠤᠯᠵᠦ ᠪᠠᠶᠢᠨ᠎ᠠ᠃ ᠡᠨᠡ ᠦᠶ᠎ᠡ ᠠᠯᠳᠠᠢ — | ᠬᠠᠩᠭᠠᠢ ᠪᠠᠷ ᠨᠤᠳᠤᠭᠯᠠᠨ ᠪᠠᠶᠢᠭᠰᠠᠨ ᠦᠵᠦᠮᠦᠴᠢᠨ ᠤᠳᠤᠭ ︵ᠠᠶᠢᠮᠠᠭ︶ ᠨᠢ ᠤᠲ᠋ᠠᠬᠢ᠂ ᠮᠠᠽᠦ᠋ᠸᠤ᠋ ᠶᠢᠨ ︽ | ᠬᠤᠪᠢᠯᠠᠢ ᠬᠠᠭᠠᠨ︾ ᠭᠡᠬᠦ ᠨᠤᠮ ᠳᠤ ᠬᠡᠯᠡᠭᠰᠡᠨᠴᠢᠯᠠᠨ ᠲᠤᠯᠤᠢ ᠶᠢᠨ ᠬᠢᠨ ︽᠁ ᠲᠡᠳᠡᠨᠤᠰ ᠬᠠᠭᠠᠨᠳᠤ | ᠤᠯᠤᠰ ᠤᠨ ᠨᠡᠶᠢᠰᠯᠠᠯ ᠬᠠᠷ᠎ᠠ ᠬᠤᠷᠢᠨ ᠠᠴᠠ ᠠᠰᠳᠠᠭᠠᠨ ᠦᠭᠡᠷ᠎ᠡ ᠲᠤᠬᠢᠷᠠᠮᠵᠢᠳᠡᠢ ᠤᠷᠤᠨ ᠰᠠᠭᠤᠴᠠ ᠶᠢ ᠤᠯᠵᠦ | ᠡᠰᠡ ᠴᠢᠳᠠᠪᠠ︾ ᠭᠡᠰᠡᠨ ᠠᠴᠠ ᠦᠵᠡᠪᠡᠯ ᠲᠤᠯᠤᠢ ᠶᠢᠨ ᠬᠤᠶᠢᠴᠢᠰ ᠲᠡᠷᠡ ᠦᠶ᠎ᠡ ᠬᠠᠷ᠎ᠠ ᠬᠤᠷᠢᠨ ᠢᠶᠠᠷ ᠰᠠᠭᠤᠵᠦ | ᠪᠠᠶᠢᠭᠰᠠᠨ ᠭᠡᠬᠦ ᠠᠴᠠ ᠡᠨᠡ ᠨᠢ ᠬᠠᠩᠭᠠᠢ ᠨᠢᠷᠤᠭᠤ ᠪᠠᠷ ᠨᠤᠲᠤᠭᠯᠠᠨ ᠪᠠᠶᠢᠭᠰᠠᠨ ᠢ ᠲᠡᠤᠬᠡ ᠶᠢᠨ ᠶᠤᠰᠤᠭᠠᠷ ᠮᠡᠳᠡᠷᠡᠬᠦ | ᠬᠡᠷᠡᠭᠳᠡᠢ ᠪᠦᠭᠡᠳ ᠬᠠᠭᠠᠨ ᠨᠡᠶᠢᠰᠯᠡᠯ ᠢ ᠬᠠᠮᠠᠭᠠᠯᠠᠬᠤ ᠴᠠᠬᠠᠷ ᠲᠦᠮᠡᠨ ᠢ ᠰᠤᠷᠬᠠᠭᠳᠠᠨᠢ ᠵᠠᠬᠢᠷᠤᠨ ᠪᠠᠶᠢᠭᠰᠠᠨ ᠦᠶ᠎ᠡ | ᠲᠤᠯᠠ ᠤᠶᠢᠷᠠᠯᠴᠠᠭ᠎ᠠ ᠠᠯᠳᠠᠢ ᠨᠢᠷᠤᠭᠤ ᠪᠠᠷ ᠨᠤᠲᠤᠭᠯᠠᠨ ᠪᠠᠶᠢᠭᠰᠠᠨ ᠦᠵᠦᠮᠦᠴᠢᠨ ᠮᠢᠩᠭᠠᠨ ᠨᠢ ᠲᠡᠷᠡ ᠦᠶ᠎ᠡ ᠳᠤ | ᠴᠠᠬᠠᠷ ᠤᠨ ᠬᠠᠷᠢᠶᠠᠨ ᠳᠤ ᠬᠠᠷᠢᠶᠠᠯᠠᠭᠳᠠᠭᠰᠠᠨ ᠪᠠᠶᠢᠵᠦ ᠪᠤᠯᠤᠨ᠎ᠠ᠃ ᠰᠠᠶᠢᠰᠢᠶᠠᠯ ᠤᠨ ︽ᠴᠢᠩᠭᠢᠰ ᠬᠠᠭᠠᠨ ᠤ | ᠲᠤᠪᠴᠢᠶᠠᠨ︾ ᠭᠡᠬᠦ ᠨᠤᠮ ᠳᠤ ︽1225 ᠤᠨ ᠳᠤ ᠴᠢᠩᠭᠢᠰ ᠬᠠᠭᠠᠨ ᠬᠦᠪᠡᠭᠦᠳ ᠲᠡᠭᠡᠨ ᠭᠠᠵᠠᠷ ᠨᠤᠲᠤᠭ ᠢᠶᠠᠨ | ᠬᠤᠪᠢᠯᠠᠬᠤ ᠳᠤ ᠲᠤᠯᠤᠢ ᠶᠢ ᠭᠠᠯ ᠭᠤᠯᠤᠮᠳᠠ ᠰᠠᠬᠢᠭᠴᠢ ᠤᠳᠬᠤᠨ ᠬᠦᠪᠡᠭᠦᠨ ᠭᠡᠵᠦ ᠤᠨᠤᠨ ᠤ ᠡᠬᠢ ᠪᠤᠯᠤᠨ ᠬᠠᠷ᠎ᠠ | ᠬᠤᠷᠤᠮ ᠤᠷᠴᠢᠮ ᠤᠨ ᠨᠤᠲᠤᠭ ᠢ ᠲᠡᠭᠦᠨ ᠳᠤ ᠬᠤᠪᠢᠯᠠᠵᠠᠢ᠂ ᠡᠨᠡ ᠭᠠᠵᠠᠷ ᠪᠤᠯ ᠴᠢᠩᠭᠢᠰ ᠤᠨ ᠲᠦᠷᠪᠡᠨ ᠤᠷᠳᠤᠨ | ᠪᠠᠶᠢᠭᠰᠠᠨ ᠭᠠᠵᠠᠷ ᠶᠤᠮ︾ ᠭᠡᠵᠦ ᠲᠤᠯᠤᠢ ᠶᠢᠨ ᠬᠤᠪᠢᠯᠠᠭᠰᠠᠨ ᠭᠠᠵᠠᠷ ᠨᠢ ᠬᠡᠨᠳᠡᠢ ᠨᠢᠷᠤᠭᠤ ᠪᠠ ᠬᠠᠩᠭᠠᠢ | ᠨᠢᠷᠤᠭᠤ ᠶᠢᠨ ᠭᠠᠵᠠᠷ ᠤᠷᠤᠨ ᠢᠶᠠᠷ ᠪᠠᠶᠢᠭᠰᠠᠨ ᠢ ᠲᠡᠤᠬᠡ ᠶᠢᠨ ᠲᠠᠯ᠎ᠠ ᠪᠠᠷ ᠲᠤᠲᠤᠷᠬᠠᠶᠢᠯᠠᠵᠠᠢ᠃ ᠡᠨᠡᠬᠦ ᠲᠡᠤᠬᠡᠨ | ᠲᠡᠮᠳᠡᠭᠯᠡᠯ ᠤᠳ ᠤᠨ ᠨᠡᠶᠢᠰᠢᠪᠤᠷᠢ ᠨᠢ ᠶᠠᠭ ᠦᠵᠦᠮᠦᠴᠢᠨ ᠤ ᠠᠮᠠᠨ ᠤᠯᠠᠮᠵᠢᠯᠠᠯ ᠤᠨ ᠬᠦᠷᠢᠶ᠎ᠡ ᠬᠡᠪᠴᠢᠶ᠎ᠠ᠂ ᠵᠦᠭ | ᠴᠢᠭᠯᠡᠯ ᠲᠠᠢ ᠲᠤᠬᠢᠷᠠᠯᠴᠠᠵᠦ ᠪᠠᠶᠢᠬᠤ ᠶᠤᠮ᠂ ᠢᠩᠭᠢᠬᠦ ᠮᠦᠷᠳᠡᠭᠡᠨ ᠬᠤᠪᠢᠯᠠᠢ ᠬᠠᠭᠠᠨ ᠤ ᠦᠶ᠎ᠡ ᠠᠯᠳᠠᠢ — | ᠬᠠᠩᠭᠠᠢ ᠶᠢᠨ ᠶᠡᠭᠡ ᠨᠢᠷᠤᠭᠤᠳ ᠠᠴᠠ ᠤᠷᠤᠭᠰᠢ ᠰᠢᠯᠵᠢᠵᠦ ᠰᠢᠯᠢ ᠶᠢᠨ ᠭᠤᠤᠯ ᠤᠨ ᠡᠪᠡᠰᠦᠳᠦ ᠲᠠᠯ᠎ᠠ ᠪᠤᠯᠬᠤ | ᠱᠠᠩᠳᠤ ᠨᠡᠶᠢᠰᠯᠡᠯ ᠤᠨ ᠬᠠᠪᠢ ᠪᠠᠷ ᠬᠠᠭᠠᠨ ᠤ ᠰᠢᠭᠤᠳ ᠵᠠᠬᠢᠷᠤᠯ ᠤᠨ ᠲᠤᠤᠷᠠᠬᠢ ᠮᠠᠯᠵᠢᠯ ᠢ ᠬᠢᠭᠰᠡᠨ ᠭᠡᠵᠦ | ᠦᠵᠡᠯᠳᠡᠢ᠃ ᠡᠨᠡ ᠦᠶ᠎ᠡ ᠪᠤᠯ ᠦᠵᠦᠮᠦᠴᠢᠨ ᠠᠶᠢᠮᠠᠭ ᠤᠨ ᠠᠯᠳᠠᠢ — ᠬᠠᠩᠭᠠᠢ ᠠᠴᠠ ᠤᠷᠤᠭᠰᠢ ᠬᠠᠭᠠᠨ ᠢᠶᠠᠨ | ᠲᠠᠭᠠᠨ ᠨᠡᠭᠦᠳᠡᠯᠯᠡᠭᠰᠡᠨ ᠠᠩᠬᠠᠨ ᠤ ᠨᠡᠭᠦᠳᠡᠯ ᠭᠡᠵᠦ ᠦᠵᠡᠵᠦ ᠪᠤᠯᠬᠤ ᠶᠤᠮ᠃ ᠮᠦᠨᠴᠦ ᠠᠩᠬ᠎ᠠ ᠤᠳᠠᠭ᠎ᠠ | ᠡᠪᠡᠰᠦᠳᠦ ᠲᠠᠯ᠎ᠠ ᠳᠤ ᠢᠷᠡᠵᠦ ᠨᠤᠲᠤᠭᠰᠢᠭᠰᠠᠨ ᠤ ᠡᠬᠢᠯᠡᠯᠳᠡ ᠭᠡᠵᠦ ᠬᠡᠯᠡᠵᠦ ᠪᠤᠯᠤᠨ᠎ᠠ᠃ ᠲᠡᠷᠡ ᠮᠦᠷᠳᠡᠭᠡᠨ ᠪᠢ ︽ | ᠬᠤᠪᠢᠯᠠᠢ ᠬᠠᠭᠠᠨ ᠤ ᠴᠠᠭᠠᠨ ᠰᠦᠷᠦᠭ ᠬᠢᠭᠡᠳ ᠦᠵᠦᠮᠦᠴᠢᠨ ᠴᠠᠭᠠᠨ ᠠᠳᠤᠭᠤᠨ ᠤ ᠤᠳᠤᠮᠯᠠᠯ ᠤᠨ ᠲᠤᠬᠠᠢ | ᠰᠢᠨᠵᠢᠯᠡᠬᠦ ᠨᠢ︾ ᠭᠡᠬᠦ ᠦᠭᠦᠯᠡᠯ ᠳᠡᠭᠡᠨ ᠦᠵᠦᠮᠦᠴᠢᠨᠴᠦᠳ ᠲᠡᠷᠡ ᠦᠶ᠎ᠡ ᠠᠴᠠ ᠬᠤᠪᠢᠯᠠᠢ ᠬᠠᠭᠠᠨ ᠤ ᠴᠠᠭᠠᠨ | ᠠᠳᠤᠭᠤᠳ ᠢ ᠬᠠᠷᠢᠭᠤᠯᠵᠦ ᠪᠠᠶᠢᠭᠰᠠᠨ ᠪᠠ ᠴᠠᠭᠠᠨ ᠭᠡᠭᠦᠤ ᠰᠠᠭᠠᠵᠦ ᠪᠠᠶᠢᠭᠰᠠᠨ ᠠᠵᠢᠯ ᠲᠦᠷᠦᠯ ᠤᠨ ᠦᠢᠯᠡᠴᠢᠨ | ᠪᠠᠶᠢᠭᠰᠠᠨ ᠭᠡᠵᠦ ᠦᠵᠡᠭᠰᠡᠨ ᠪᠦᠭᠡᠳ ᠤᠳᠤ ᠶᠢᠨ ᠦᠵᠦᠮᠦᠴᠢᠨ ᠴᠠᠭᠠᠨ ᠠᠳᠤᠭᠤ ᠶᠢ ᠬᠠᠭᠠᠨ ᠤ ᠴᠠᠭᠠᠨ | ᠠᠳᠤᠭᠤᠨ ᠤ ᠤᠳᠤᠮᠯᠠᠯ ᠭᠡᠵᠦ ᠦᠵᠡᠭᠰᠡᠨ ᠪᠠᠶᠢᠭ᠎ᠠ ᠶᠤᠮ᠃ | ᠦᠵᠦᠮᠦᠴᠢᠨ ᠠᠶᠢᠮᠠᠭ ᠤᠨ ᠡᠭᠦᠰᠦᠯ ᠪᠦᠷᠢᠯᠳᠦᠯ ᠢ ᠰᠢᠨᠵᠢᠵᠦ ᠪᠠᠶᠢᠬᠤ ᠨᠢ ᠲᠠᠷᠤᠢ ᠦᠵᠦᠮᠦᠴᠢᠨ ᠤ | ᠰᠦᠯᠳᠡ ᠰᠢᠳᠦᠯᠭᠡ ᠶᠢᠨ ᠲᠤᠬᠠᠢ ᠠᠵᠢᠭᠯᠠᠯᠳᠠ ᠬᠢᠬᠦ ᠤᠴᠢᠷ ᠪᠠᠶᠢᠭ᠎ᠠ᠃ ᠬᠡᠯᠡᠯᠭᠡᠨ ᠦᠭᠡᠢ ᠰᠦᠯᠳᠡ ᠰᠢᠳᠦᠯᠭᠡ | ᠪᠤᠯ ᠴᠢᠩᠭᠢᠰ ᠬᠠᠭᠠᠨ ᠢ ᠬᠠᠯᠢᠭᠰᠠᠨ ᠤ ᠲᠠᠷᠠᠭᠠᠬᠢ ᠶᠠᠪᠤᠳᠠᠯ ᠪᠤᠯᠬᠤ ᠨᠢ ᠲᠤᠲᠤᠷᠬᠠᠢ ᠶᠤᠮ᠃ ᠤᠭᠤᠨᠤᠰ᠂ | ᠴᠤᠭᠳᠤ ᠶᠢᠨ ︽ᠴᠢᠩᠭᠢᠰ ᠬᠠᠭᠠᠨ ᠤ ᠲᠠᠶᠢᠯᠭ᠎ᠠ︾ ᠭᠡᠬᠦ ᠰᠤᠳᠤᠯᠭᠠᠨ ᠤ ᠨᠤᠮ ᠳᠤ᠂ ᠲᠠᠶᠢᠵᠢ ᠭᠤᠨᠴᠤᠭᠵᠠᠪ ᠤᠨ | ᠲᠡᠮᠳᠡᠭᠯᠡᠯ ᠢ ᠦᠨᠳᠦᠰᠦᠯᠡᠨ᠄ ︽1295 ᠤᠨ ᠳᠤ ᠬᠤᠪᠢᠯᠠᠢ ᠬᠠᠭᠠᠨ ᠢᠶᠠᠷ ᠲᠡᠭᠡᠳᠦᠰ ᠴᠢᠩᠭᠢᠰ ᠬᠠᠭᠠᠨ ᠤ ᠪᠠᠨ | ᠲᠠᠬᠢᠯᠭ᠎ᠠ ᠶᠢ ᠦᠶ᠎ᠡ ᠶᠢᠨ ᠦᠶ᠎ᠡ ᠳᠤ ᠦᠷ᠎ᠡ ᠬᠤᠶᠢᠴᠢᠰ ᠲᠠᠭᠠᠨ ᠵᠠᠯᠭᠠᠮᠵᠢᠯᠠᠨ ᠦᠷᠭᠦᠯᠵᠢᠯᠡᠭᠦᠯᠬᠦ ᠶᠢᠨ ᠲᠤᠯᠠᠳᠠ ᠁ | ︾ ᠭᠡᠵᠡᠢ᠃ ᠡᠭᠦᠨ ᠠᠴᠠ ᠶᠡᠭᠡ ᠶᠤᠸᠠᠨ ᠤᠯᠤᠰ ᠤᠨ ᠦᠶ᠎ᠡ ᠳᠤ ᠴᠢᠩᠭᠢᠰ ᠬᠠᠭᠠᠨ ᠢ ᠲᠠᠬᠢᠬᠤ ᠵᠠᠩ ᠦᠢᠯᠡ | ᠤᠯᠤᠰ ᠲᠠᠶᠠᠭᠠᠷ ᠨᠡᠶᠢᠳᠡᠮ ᠶᠠᠪᠤᠭᠳᠠᠵᠦ ᠪᠠᠶᠢᠭᠰᠠᠨ ᠢ ᠮᠡᠳᠡᠵᠦ ᠪᠤᠯᠤᠨ᠎ᠠ᠃ ᠭᠡᠪᠡᠴᠦ ᠦᠵᠦᠮᠦᠴᠢᠨ ᠠᠶᠢᠮᠠᠭ ᠨᠢ | ᠲᠤᠯᠤᠢ ᠶᠢᠨ ᠴᠢᠰᠦᠨ ᠲᠦᠷᠦᠯ ᠤᠨ ᠬᠠᠷᠢᠶᠠᠳᠤ ᠪᠠᠶᠢᠭᠰᠠᠨ ᠤᠴᠢᠷ ᠠᠴᠠ ᠪᠤᠭᠳᠠ ᠡᠵᠡᠨ ᠢ ᠲᠠᠬᠢᠬᠤ ᠵᠠᠩ | ᠦᠢᠯᠡ ᠶᠢ ᠡᠵᠡᠨ ᠤ ᠬᠠᠯᠢᠭᠰᠠᠨ ᠠᠴᠠ ᠡᠬᠢᠯᠡᠭᠰᠡᠨ ᠭᠡᠵᠦ ᠬᠡᠯᠡᠵᠦ ᠪᠤᠯᠤᠨ᠎ᠠ᠃ ᠡᠶᠢᠮᠦ ᠠᠴᠠ ᠦᠵᠦᠮᠦᠴᠢᠨ ᠤ | ᠰᠦᠯᠳᠡ ᠲᠠᠬᠢᠯᠭ᠎ᠠ ᠨᠢ 1227 ᠤᠨ ᠠᠴᠠ ᠡᠬᠢᠯᠡᠭᠰᠡᠨ ᠤᠷᠳᠤ ᠤᠳᠠᠭᠠᠨ ᠤ ᠶᠡᠭᠡ ᠰᠢᠳᠦᠯᠭᠡ ᠲᠠᠬᠢᠯᠭ᠎ᠠ ᠪᠤᠯᠬᠤ | ᠨᠢ ᠭᠠᠷᠴᠠᠭ᠎ᠠ ᠦᠭᠡᠢ ᠮᠦᠷᠳᠡᠭᠡᠨ ᠴᠢᠩᠭᠢᠰ ᠬᠠᠭᠠᠨ ᠤ ᠤᠳᠤᠮ ᠤᠭᠰᠠᠭ᠎ᠠ ᠶᠢᠨ ᠦᠨᠡᠨᠬᠦ ᠦᠶ᠎ᠡ ᠶᠢᠨ ᠦᠶ᠎ᠡ ᠳᠤ | ᠤᠯᠠᠮᠵᠢᠯᠠᠭᠰᠠᠨ ᠲᠠᠬᠢᠯᠭ᠎ᠠ ᠭᠡᠵᠦ ᠦᠵᠡᠬᠦ ᠨᠢ ᠪᠤᠳᠠᠳᠤ ᠲᠡᠤᠬᠡᠨ ᠤᠯᠠᠮᠵᠢᠯᠠᠭ᠎ᠠ ᠲᠠᠢ ᠪᠦᠷᠢᠨ ᠨᠡᠶᠢᠴᠡᠨ᠎ᠡ ᠭᠡᠳᠡᠭ ᠲᠤ | ᠢᠳᠡᠭᠡᠯ ᠲᠠᠢ ᠪᠠᠶᠢᠨ᠎ᠠ᠃ | ᠬᠤᠶᠠᠷ᠂ ᠦᠵᠦᠮᠦᠴᠢᠨ ᠠᠶᠢᠮᠠᠭ ᠤᠨ ᠰᠦᠯᠳᠡ ᠲᠠᠬᠢᠯᠭ᠎ᠠ ᠶᠢᠨ ᠡᠭᠦᠰᠪᠤᠷᠢ ᠪᠠ ᠦᠶ᠎ᠡ ᠵᠠᠯᠭᠠᠮᠵᠢ | ᠲᠤᠯᠤᠭᠠᠨ ᠵᠠᠭᠤᠨ ᠶᠡᠷᠡᠭᠡᠳ ᠵᠢᠯ ᠤᠨ ᠲᠡᠤᠬᠡ ᠲᠠᠢ ᠦᠵᠦᠮᠦᠴᠢᠨ ᠰᠦᠯᠳᠡ ᠶᠢᠨ ᠲᠠᠬᠢᠯᠭ᠎ᠠ ᠭᠡᠵᠦ ᠶᠠᠭᠤ | ᠪᠤᠢ︖ ᠭᠡᠪᠡᠯ ᠲᠠᠷᠤᠢ ᠴᠢᠩᠭᠢᠰ ᠬᠠᠭᠠᠨ ᠤ ᠭᠡᠭᠡᠨ ᠰᠦᠯᠳᠡ ᠶᠢ ᠰᠢᠳᠦᠭᠡᠨᠴᠢᠯᠡᠨ ᠲᠠᠬᠢᠬᠤ ᠤᠯᠠᠮᠵᠢᠯᠠᠯᠳᠤ ᠵᠠᠩ | ᠦᠢᠯᠡ ᠶᠢ ᠬᠡᠯᠡᠨ᠎ᠡ᠃ ᠲᠤᠰ ᠲᠠᠬᠢᠯᠭ᠎ᠠ ᠶᠢ ᠡᠭᠦᠰᠭᠡᠭᠴᠢ ᠪᠤᠯ ᠴᠢᠩᠭᠢᠰ ᠬᠠᠭᠠᠨ ᠤ ᠪᠠᠭ᠎ᠠ ᠬᠦᠪᠡᠭᠦᠨ ᠲᠤᠯᠤᠢ | ᠡᠵᠡᠨ ᠠᠴᠠ ᠲᠤᠷᠠᠳᠬᠤ ᠴᠢᠬᠤᠯᠠᠳᠠᠢ ᠶᠤᠮ᠃ ᠤᠴᠢᠷ ᠨᠢ ᠦᠵᠦᠮᠦᠴᠢᠨ ᠠᠶᠢᠮᠠᠭ ᠤᠨ ᠠᠬᠠᠯᠠᠭᠴᠢ᠂ ᠲᠦᠷᠦᠭᠦᠴᠢ᠂ | ᠸᠠᠩ ᠨᠤᠶᠠᠳ ᠪᠤᠯ ᠲᠤᠯᠤᠢ ᠶᠢᠨ ᠴᠢᠰᠦᠨ ᠤᠳᠤᠮ ᠤᠨ ᠵᠠᠯᠭᠠᠮᠵᠢ ᠬᠤᠶᠢᠴᠢᠰ ᠪᠤᠯᠬᠤ ᠳᠤ ᠪᠤᠢ᠃ | ︽ᠭᠠᠩᠭ᠎ᠠ ᠶᠢᠨ ᠤᠷᠤᠰᠬᠠᠯ︾᠂ ︽ᠤᠮᠠᠷᠠᠳᠤ ᠶᠤᠸᠠᠨ ᠤ ᠲᠡᠤᠬᠡ︾ ᠢ ᠦᠨᠳᠦᠰᠦᠯᠡᠪᠡᠯ᠂ ᠴᠢᠩᠭᠢᠰ | ᠬᠠᠭᠠᠨ ᠤ ᠤᠳᠬᠨ ᠬᠦᠪᠡᠭᠦᠨ ᠲᠤᠯᠤᠢ ᠶᠢᠨ ᠠᠷᠪᠠᠳᠤᠭᠠᠷ ᠦᠶ᠎ᠡ ᠶᠢᠨ ᠦᠷᠡᠳᠦᠰ ᠠᠵᠠᠢ — ᠲᠡᠭᠦᠨ ᠤ | ᠬᠦᠪᠡᠭᠦᠨ ᠠᠭᠪᠠᠷᠵᠢᠨ ᠵᠢᠨᠤᠩ ᠬᠠᠭᠠᠨ — ᠲᠡᠭᠦᠨ ᠤ ᠬᠦᠪᠡᠭᠦᠨ ᠬᠠᠷᠭᠤᠴᠤᠭ — ᠲᠡᠭᠦᠨ ᠤ ᠬᠦᠪᠡᠭᠦᠨ | ᠪᠠᠶᠠᠠᠮᠦ᠋ᠩᠬᠡ — ᠲᠡᠭᠦᠨ ᠤ ᠬᠦᠪᠡᠭᠦᠨ ᠪᠠᠳᠤᠮᠦ᠋ᠩᠬᠡ — ᠲᠡᠭᠦᠨ ᠤ ᠬᠦᠪᠡᠭᠦᠨ ᠲᠦᠷᠦᠪᠤᠯᠤᠳ — | ᠲᠡᠭᠦᠨ ᠤ ᠬᠦᠪᠡᠭᠦᠨ ᠪᠤᠳᠢ ᠠᠯᠠᠭ ᠬᠠᠭᠠᠨ — ᠲᠡᠭᠦᠨ ᠤ ᠬᠦᠪᠡᠭᠦᠨ ᠤᠩᠭᠤᠨ ᠲᠤᠷᠬᠠᠯ ᠨᠤᠶᠠᠨ ᠪᠤᠯᠠᠢ᠃ | ᠲᠤᠯᠤᠢ ᠶᠢᠨ ᠠᠷᠪᠠᠨ ᠲᠤᠯᠤᠳᠤᠭᠠᠷ ᠦᠷᠡᠳᠦᠰ ᠤᠩᠭᠤᠨ ᠲᠤᠷᠬᠠᠯ ᠪᠤᠯ ᠦᠵᠦᠮᠦᠴᠢᠨ ᠠᠶᠢᠮᠠᠭ ᠤᠨ ᠠᠬᠠᠯᠠᠭᠴᠢ | ᠪᠤᠯᠤᠨ᠎ᠠ᠃ | ︽ᠦᠵᠦᠮᠦᠴᠢᠨ ᠤ ᠲᠡᠤᠬᠡ ᠶᠢᠨ ᠪᠠᠷᠢᠮᠳᠠ ᠪᠢᠴᠢᠭ ᠤᠳ︾ ᠢ ᠦᠨᠳᠦᠰᠦᠯᠡᠪᠡᠯ ᠤᠩᠭᠤᠨ ᠲᠤᠷᠬᠠᠯ | ᠨᠤᠶᠠᠨ ᠤ ᠤᠳᠬᠤᠨ ᠬᠦᠪᠡᠭᠦᠨ ᠲᠤᠷᠵᠢ ᠰᠡᠴᠡᠨ ᠵᠢᠨᠤᠩ ᠦᠵᠦᠮᠦᠴᠢᠨ ᠠᠶᠢᠮᠠᠭ ᠤᠨ ᠠᠬᠠᠯᠠᠭᠴᠢ ᠪᠠᠶᠢᠭᠠᠳ | 1637 ᠤᠨ ᠳᠤ ᠮᠠᠨᠵᠦ ᠴᠢᠩ ᠳᠤ ᠤᠷᠤᠵᠦ᠂ 1641 ᠤᠨ ᠳᠤ ᠵᠠᠰᠠᠭ ᠬᠤᠱᠤᠢ ᠴᠢᠨ ᠸᠠᠩ ᠡᠷᠭᠦᠮᠵᠢᠯᠡᠭᠳᠡᠪᠡ᠃ | ᠲᠤᠷᠵᠢ ᠰᠡᠴᠡᠨ ᠴᠢᠨ ᠸᠠᠩ ᠤᠨ ᠵᠠᠯᠭᠠᠮᠵᠢᠯᠠᠬᠤ ᠬᠦᠪᠡᠭᠦᠨ ᠡᠷᠳᠡ ᠨᠦᠭᠴᠢᠭᠰᠡᠨ ᠢᠶᠠᠷ ᠠᠴᠢ ᠴᠠᠭᠠᠨᠪᠠᠪᠠᠢ ᠴᠢᠨ | ᠸᠠᠩ ᠤᠨ ᠵᠡᠷᠭᠡ ᠭᠡᠷᠬᠢᠮ ᠢ ᠵᠠᠯᠭᠠᠮᠵᠢᠯᠠᠪᠠ᠃ ᠮᠠᠨᠵᠦ ᠴᠢᠩ ᠤᠯᠤᠰ 1646 ᠤᠨ ᠳᠤ ᠦᠵᠦᠮᠤᠴᠢᠨ ᠠᠶᠢᠮᠠᠭ ᠢ | ᠪᠠᠷᠠᠭᠤᠨ ᠵᠡᠭᠦᠨ ᠬᠤᠶᠠᠷ ᠬᠤᠰᠢᠭᠤ ᠪᠤᠯᠤᠨ ᠵᠠᠰᠠᠭᠯᠠᠪᠠ᠃ | ᠪᠠᠷᠠᠭᠤᠨ ᠦᠵᠦᠮᠦᠴᠢᠨ ᠬᠤᠰᠢᠭᠤᠨ ᠤ ᠸᠠᠩ ᠨᠤᠶᠠᠳ ᠤᠨ ᠲᠤᠰᠢᠶᠠᠯ ᠪᠠ ᠦᠶ᠎ᠡ ᠵᠠᠯᠭᠠᠮᠵᠢᠯᠠᠭᠰᠠᠨ ᠪᠠᠶᠢᠳᠠᠯ | ᠄ | ᠤᠩᠭᠤᠨ ᠲᠤᠷᠬᠠᠯ ᠨᠤᠶᠠᠨ — ᠲᠡᠭᠦᠨ ᠤ ᠬᠦᠪᠡᠭᠦᠨ ᠲᠤᠷᠵᠢ ᠰᠡᠴᠡᠨ ᠴᠢᠨ ᠸᠠᠩ — ᠲᠡᠭᠦᠨ ᠤ | ᠬᠦᠪᠡᠭᠦᠨ ᠠᠴᠢᠳᠦ ᠬᠤᠩ ᠲᠠᠶᠢᠵᠢ ︵ᠲᠤᠰᠢᠶᠠᠯ ᠵᠠᠯᠭᠠᠮᠵᠢᠯᠠᠭᠰᠠᠨ ᠦᠭᠡᠢ︶ — ᠲᠡᠭᠦᠨ ᠤ ᠬᠦᠪᠡᠭᠦᠨ | ᠴᠠᠭᠠᠨᠪᠠᠪᠠᠢ — ᠲᠡᠭᠦᠨ ᠤ ᠬᠦᠪᠡᠭᠦᠨ ᠰᠣᠳᠠᠨᠠᠢ — ᠲᠡᠭᠦᠨ ᠤ ᠬᠦᠪᠡᠭᠦᠨ ᠰᠡᠳᠡᠨᠳᠤᠩᠳᠤᠪ — ᠲᠡᠭᠦᠨ ᠤ | ᠬᠦᠪᠡᠭᠦᠨ ᠷᠠᠪᠳᠠᠨᠨᠠᠮᠵᠢᠯ — ᠲᠡᠭᠦᠨ ᠤ ᠬᠦᠪᠡᠭᠦᠨ ᠫᠤᠩᠰᠤᠭᠷᠠᠪᠳᠠᠨ — ᠲᠡᠭᠦᠨ ᠤ ᠬᠦᠪᠡᠭᠦᠨ ᠮᠠᠬᠠᠰᠤᠭ — | ᠲᠡᠭᠦᠨ ᠤ ᠬᠦᠪᠡᠭᠦᠨ ᠪᠠᠯᠵᠤᠷᠷᠠᠪᠵᠠᠢ — ᠲᠡᠭᠦᠨ ᠤ ᠬᠦᠪᠡᠭᠦᠨ ᠲᠤᠷᠵᠢᠵᠢᠭ᠍ᠮᠢᠳᠨᠠᠮᠵᠢᠯ — ᠲᠡᠭᠦᠨ ᠤ | ᠬᠦᠪᠡᠭᠦᠨ ᠫᠤᠩᠰᠤᠭᠨᠠᠮᠵᠢᠯ — ᠲᠡᠭᠦᠨ ᠤ ᠬᠦᠪᠡᠭᠦᠨ ᠠᠯᠳᠠᠠᠬᠤᠶᠠᠭᠳᠤ — ᠲᠡᠭᠦᠨ ᠤ ᠬᠦᠪᠡᠭᠦᠨ | ᠰᠤᠳᠨᠠᠮᠷᠠᠪᠳᠠᠨ — ᠲᠡᠭᠦᠨ ᠤ ᠵᠠᠯᠭᠠᠮᠵᠢ ᠮᠢᠵᠢᠳᠵᠠᠩᠴᠤᠪᠨᠢᠩᠪᠤ ︵ᠲᠡᠷᠢᠭᠦᠨ ᠵᠡᠷᠭᠡ ᠶᠢᠨ ᠲᠠᠶᠢᠵᠢ | ᠲᠠᠩᠭᠤᠳ ᠤᠨ ᠬᠦᠪᠡᠭᠦᠨ︶ ᠪᠤᠯᠤᠨ᠎ᠠ᠃ ᠦᠵᠦᠮᠦᠴᠢᠨ ᠴᠢᠨ ᠸᠠᠩ ᠠᠷᠪᠠᠨ ᠭᠤᠷᠪᠠᠨ ᠦᠶ᠎ᠡ ᠵᠡᠷᠭᠡ ᠲᠤᠰᠢᠶᠠᠯ | ᠤᠯᠠᠷᠢᠨ ᠤᠯᠠᠮᠵᠢᠯᠠᠭᠠᠳ᠂ ᠴᠢᠩ ᠤᠯᠤᠰ ᠪᠠ ᠲᠤᠮᠳᠠᠳᠤ ᠢᠷᠭᠡᠨ ᠤᠯᠤᠰ ᠲᠤ ᠠᠯᠪᠠ ᠬᠠᠭᠠᠵᠦ ᠶᠠᠪᠤᠭᠰᠠᠭᠠᠷ | ᠮᠢᠵᠢᠳᠵᠠᠩᠴᠤᠪᠨᠢᠩᠪᠤ ᠶᠢᠨ ᠦᠶ᠎ᠡ ᠳᠤ ᠲᠠᠭᠤᠰᠴᠠᠢ᠃ ᠮᠢᠵᠢᠳᠵᠠᠩᠴᠤᠪᠨᠢᠩᠪᠤ ᠨᠤᠶᠠᠨᠳᠠᠨ ᠪᠤᠯ ᠲᠤᠯᠤᠢ ᠡᠵᠡᠨ ᠤ | 31 ᠳ᠋ᠤᠭᠡᠷ ᠦᠶ᠎ᠡ ᠶᠢᠨ ᠬᠤᠶᠢᠴᠢᠰ ᠪᠤᠯᠤᠨ᠎ᠠ᠂ ᠲᠡᠷᠡ ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠤᠨ | ᠦᠶ᠎ᠡ ᠳᠤ ᠬᠤᠤᠷᠯᠠᠭᠳᠠᠪᠠ᠃ | ᠵᠡᠭᠦᠨ ᠦᠵᠦᠮᠦᠴᠢᠨ ᠬᠤᠰᠢᠭᠤᠨ ᠤ ᠸᠠᠩ ᠨᠤᠶᠠᠳ ᠤᠨ ᠲᠤᠰᠢᠶᠠᠯ ᠪᠠ ᠦᠶ᠎ᠡ ᠵᠠᠯᠭᠠᠮᠵᠢᠯᠠᠭᠰᠠᠨ ᠪᠠᠶᠢᠳᠠᠯ᠄ | ᠤᠩᠭᠤᠨ ᠲᠤᠷᠬᠠᠯ ᠨᠤᠶᠠᠨ — ᠲᠡᠭᠦᠨ ᠤ ᠬᠦᠪᠡᠭᠦᠨ ᠢᠷᠡᠬᠦ ᠪᠠᠭᠠᠳᠤᠷ ︵ᠴᠤᠭᠳᠤ ᠪᠠᠭᠠᠳᠤᠷ︶ — | ᠲᠡᠭᠦᠨ ᠤ ᠬᠦᠪᠡᠭᠦᠨ ᠰᠡᠷᠡᠩ ᠡᠷᠳᠡᠨᠢ ᠪᠡᠶᠢᠯᠡ — ᠲᠡᠭᠦᠨ ᠤ ᠬᠦᠪᠡᠭᠦᠨ ᠡᠷᠬᠡ ᠬᠢᠳᠡᠳ ︵ᠲᠤᠰᠢᠶᠠᠯ | ᠵᠠᠯᠭᠠᠮᠵᠢᠯᠠᠭᠰᠠᠨ ᠦᠭᠡᠢ︶ — ᠲᠡᠭᠦᠨ ᠤ ᠬᠦᠪᠡᠭᠦᠨ ᠮᠤᠤᠯᠢᠬᠠᠢ — ᠲᠡᠭᠦᠨ ᠤ ᠬᠦᠪᠡᠭᠦᠨ ᠤᠴᠢᠷᠳᠦ — | ᠲᠡᠭᠦᠨ ᠤ ᠲᠡᠭᠦᠤ ᠪᠤᠮᠪᠠ — ᠲᠡᠭᠦᠨ ᠤ ᠬᠦᠪᠡᠭᠦᠨ ᠴᠢᠪᠳᠡᠨ ᠪᠡᠶᠢᠯᠡ — ᠲᠡᠭᠦᠨ ᠤ ᠬᠦᠪᠡᠭᠦᠨ ᠲᠠᠰᠢᠭᠤᠮᠪᠤ | — ᠲᠡᠭᠦᠨ ᠤ ᠬᠦᠪᠡᠭᠦᠨ ᠸᠠᠩᠴᠤᠭ — ᠲᠡᠭᠦᠨ ᠤ ᠬᠦᠪᠡᠭᠦᠨ ᠲᠦᠭᠵᠢᠵᠠᠪ — ᠲᠡᠭᠦᠨ ᠤ ᠬᠦᠪᠡᠭᠦᠨ | ᠲᠠᠭᠳᠠᠨ — ᠲᠡᠭᠦᠨ ᠤ ᠬᠦᠪᠡᠭᠦᠨ ᠴᠠᠭᠳᠠᠷᠰᠦ᠋ᠷᠦᠩ — ᠲᠡᠭᠦᠨ ᠤ ᠬᠦᠪᠡᠭᠦᠨ ᠶᠦᠯᠵᠢᠯᠨᠤᠷᠪᠤ — ᠲᠡᠭᠦᠨ ᠤ | ᠬᠦᠪᠡᠭᠦᠨ ᠵᠢᠷᠭᠠᠯᠠᠩ — ᠲᠡᠭᠦᠨ ᠤ ᠬᠦᠪᠡᠭᠦᠨ ᠭᠤᠮᠪᠤᠰᠦ᠋ᠷᠦᠩ — ᠲᠡᠭᠦᠨ ᠤ ᠬᠦᠪᠡᠭᠦᠨ ᠮᠢᠨᠵᠦᠦᠷᠳᠤᠷᠵᠢ | — ᠲᠡᠭᠦᠨ ᠤ ᠬᠦᠪᠡᠭᠦᠨ ᠰᠤᠨᠤᠮᠳᠤᠪᠵᠠᠢ ᠪᠤᠯᠤᠨ᠎ᠠ᠃ ᠰᠤᠨᠤᠮᠳᠤᠪᠵᠠᠢ ᠨᠤᠶᠠᠨᠳᠠᠨ 1945 ᠤᠨ ᠳᠤ ᠮᠤᠩᠭᠤᠯ | ᠤᠯᠤᠰ ᠲᠤ ᠤᠷᠤᠪᠠ᠂ ᠤᠳᠤ ᠮᠤᠩᠭᠤᠯ ᠤᠯᠤᠰ ᠲᠤ ᠦᠳᠡᠯᠦᠭᠡ ᠨᠠᠰᠤ ᠪᠠᠨ ᠦᠩᠭᠡᠷᠡᠭᠦᠯᠦᠨ ᠪᠤᠢ᠃ ᠲᠡᠷᠡ ᠪᠤᠯ | ᠲᠤᠯᠤᠢ ᠡᠵᠡᠨ ᠤ 32 ᠳ᠋ᠤᠭᠠᠷ ᠦᠶ᠎ᠡ ᠶᠢᠨ ᠬᠤᠶᠢᠴᠢᠰ ᠪᠤᠯᠤᠨ᠎ᠠ᠃ | ᠲᠡᠭᠡᠷᠡᠬᠢ ᠨᠠᠷᠢᠨ ᠲᠤᠭᠠᠴᠢᠯᠳᠠ ᠠᠴᠠ ᠪᠢᠳᠡ ᠦᠵᠦᠮᠦᠴᠢᠨ ᠠᠶᠢᠮᠠᠭ ᠤᠨ ᠨᠤᠶᠠᠳ ᠠᠬᠠᠯᠠᠭᠴᠢ ᠪᠠ ᠲᠠᠶᠢᠵᠢ | ᠨᠠᠷ ᠪᠤᠯ ᠴᠢᠩᠭᠢᠰ ᠬᠠᠭᠠᠨ ᠤ ᠴᠢᠰᠦᠨ ᠤᠳᠤᠮ ᠤᠨ ᠶᠠᠰᠤᠳᠠᠳ ᠭᠡᠳᠡᠭ ᠢ ᠮᠠᠷᠭᠤᠰᠢ ᠦᠭᠡᠢ ᠭᠡᠷᠡᠴᠢᠯᠡᠬᠦ ᠪᠦᠭᠡᠳ | ᠬᠠᠭᠠᠨ ᠤ ᠭᠠᠯ ᠭᠤᠯᠤᠮᠳᠠ ᠶᠢᠨ ᠭᠤᠤᠯ ᠲᠦᠪ ᠪᠤᠯᠬᠤ ᠶᠢ ᠬᠠᠷᠠᠭᠤᠯᠵᠦ ᠪᠤᠢ᠃ ᠴᠠᠬᠠᠷ ᠲᠦᠮᠡᠨ ᠤ ᠨᠢᠭᠡᠨ ᠤᠳᠤᠭ | ᠪᠤᠯᠤᠭᠰᠠᠨ ᠦᠵᠦᠮᠦᠴᠢᠨ ᠠᠶᠢᠮᠠᠭ ᠤᠨ ᠵᠠᠭᠤᠨ ᠤᠪᠤᠭᠳᠠᠳ ᠪᠤᠯ ᠡᠷᠳᠡ ᠠᠴᠠ ᠡᠵᠡᠨ ᠴᠢᠩᠭᠢᠰ ᠪᠤᠶᠤ ᠲᠡᠭᠦᠨ ᠤ | ᠬᠤᠶᠢᠴᠢᠰ ᠤᠨ ᠬᠠᠷᠢᠶᠠᠳᠤ ᠠᠯᠪᠠᠳᠤ ᠪᠤᠯᠵᠦ᠂ ᠬᠠᠭᠠᠨ ᠤ ᠪᠡᠶ᠎ᠡ ᠬᠠᠮᠠᠭᠠᠯᠠᠬᠤ ᠴᠡᠷᠢᠭ ᠪᠠᠶᠢᠭᠰᠠᠨ ᠪᠠ ᠬᠠᠭᠠᠨ ᠤ | ᠡᠯ᠎ᠡ ᠠᠵᠢᠯ ᠦᠢᠯᠡᠰ ᠤᠨ ᠦᠢᠯᠡᠴᠢᠨ ᠪᠠᠶᠢᠭᠰᠠᠨ ᠭᠡᠳᠡᠭ ᠢ ᠮᠡᠳᠡᠵᠦ ᠪᠤᠯᠤᠨ᠎ᠠ᠃ ᠴᠢᠩᠭᠢᠰ ᠬᠠᠭᠠᠨ ᠢ ᠲᠡᠭᠷᠢ ᠲᠤ | ᠬᠠᠯᠢᠭᠰᠠᠨ ᠤ ᠲᠠᠷᠠᠭ᠎ᠠ᠂ ᠦᠭᠡᠳᠡᠢ ᠶᠢ ᠬᠠᠭᠠᠨ ᠰᠠᠭᠤᠷᠢᠨ ᠳᠤ ᠭᠠᠷᠬᠤ ᠪᠤᠯᠳᠠᠯ᠎ᠠ ᠬᠤᠶᠠᠷ ᠵᠢᠯ ᠳᠤ ᠲᠤᠯᠤᠢ ᠡᠵᠡᠨ | ᠶᠡᠭᠡ ᠮᠤᠩᠭᠤᠯ ᠤᠯᠤᠰ ᠤᠨ ᠲᠦᠷᠦ ᠶᠢᠨ ᠬᠡᠷᠡᠭ ᠢ ᠰᠢᠳᠭᠡᠵᠦ ᠪᠠᠶᠢᠭᠰᠠᠨ ᠪᠠ ᠡᠴᠢᠭᠡ ᠬᠠᠭᠠᠨ ᠤ ᠪᠠᠨ | ᠤᠷᠤᠰᠢᠭᠤᠯᠭ᠎ᠠ ᠶᠢ ᠴᠤ ᠬᠠᠮᠢᠶᠠᠷᠤᠨ ᠰᠢᠳᠭᠡᠵᠦ ᠪᠠᠶᠢᠵᠠᠢ᠃ ᠡᠨᠡ ᠲᠤᠬᠠᠢ ᠷᠠᠰᠢᠳ᠋ — ᠠᠳ᠋ — ᠳ᠋ᠢᠨ ᠤ ︽ | ᠰᠤᠳᠤᠷ ᠤᠨ ᠴᠢᠭᠤᠯᠭᠠᠨ︾ ᠭᠡᠬᠦ ᠲᠡᠤᠬᠡ ᠶᠢᠨ ᠪᠢᠴᠢᠭ ᠲᠤ᠄ ︽ᠲᠤᠯᠤᠢ ᠬᠠᠨ ᠴᠢᠩᠭᠢᠰ ᠬᠠᠭᠠᠨ ᠤ ᠨᠡᠶᠢᠰᠯᠡᠯ | ᠪᠤᠶᠤ ᠶᠡᠭᠡ ᠤᠷᠳᠤ ᠶᠢ ᠪᠠᠭᠳᠠᠭᠠᠭᠰᠠᠨ ᠡᠬᠡ ᠨᠤᠲᠤᠭ ᠲᠠᠭᠠᠨ ᠦᠯᠡᠳᠡᠵᠦ᠂ ᠬᠠᠮᠤᠭ ᠶᠡᠭᠡ ᠡᠷᠬᠡ ᠪᠦᠬᠦᠢ ᠡᠷᠬᠢᠮ | ᠰᠠᠭᠤᠷᠢᠨ ︵ ᠶᠢᠨ ᠸᠠᠩ ᠤᠨ ᠰᠠᠭᠤᠷᠢᠨ︶ ᠳᠤ ᠭᠠᠷᠴᠠᠢ︾ ᠭᠡᠵᠦ ᠲᠡᠮᠳᠡᠭᠯᠡᠵᠡᠢ᠃ ᠡᠨᠡ ᠨᠢ ᠶᠠᠷᠢᠶᠠᠨ ᠦᠭᠡᠢ | ᠤᠳᠬᠤᠨ ᠬᠦᠤ ᠪᠤᠯᠤᠭᠰᠠᠨ ᠤ ᠬᠤᠪᠢ ᠳᠤ ᠴᠢᠩᠭᠢᠰ ᠬᠠᠭᠠᠨ ᠤ ᠶᠡᠭᠡ ᠬᠦᠷᠦᠩᠬᠡ ᠶᠢ ᠵᠠᠯᠭᠠᠮᠵᠢᠯᠠᠬᠤ ᠨᠢ ᠵᠦᠢ | ᠶᠤᠰᠤᠨ ᠤ ᠬᠡᠷᠡᠭ ᠪᠢᠯᠡ᠂ ᠡᠭᠦᠨ ᠢᠶᠠᠷ ᠲᠤᠯᠤᠢ ᠡᠵᠡᠨ ᠴᠢᠩᠭᠢᠰ ᠬᠠᠭᠠᠨ ᠤ ᠭᠠᠯ ᠭᠤᠯᠤᠮᠳᠠ ᠶᠢᠨ ᠵᠢᠩᠬᠢᠨᠢ | ᠦᠪᠯᠡᠭᠴᠢ ᠪᠦᠭᠡᠳ ᠤᠯᠠᠮᠵᠢᠯᠠᠭᠴᠢ ᠪᠤᠯᠤᠭᠰᠠᠨ ᠶᠤᠮ᠃ | ᠲᠤᠯᠤᠢ ᠡᠵᠡᠨ ᠤ ᠭᠠᠯ ᠭᠤᠯᠤᠮᠳᠠ ᠶᠢᠨ ᠲᠠᠬᠢᠯᠭ᠎ᠠ ᠪᠤᠯᠬᠤ — ᠪᠤᠭᠳᠠ ᠴᠢᠩᠭᠢᠰ ᠤᠨ ᠲᠠᠶᠢᠯᠭ᠎ᠠ | ᠲᠠᠬᠢᠯᠭ᠎ᠠ ᠨᠢ ᠦᠵᠦᠮᠦᠴᠢᠨ ᠠᠶᠢᠮᠠᠭ ᠲᠤ ᠲᠦᠷᠪᠡᠨ ᠵᠠᠭᠤ ᠭᠠᠷᠤᠢ ᠵᠢᠯ ᠤᠯᠠᠮᠵᠢᠯᠠᠨ ᠶᠠᠪᠤᠭᠳᠠᠵᠦ ᠪᠠᠶᠢᠭᠠᠳ ᠶᠠᠭ | ᠡᠨᠡ ᠦᠶ᠎ᠡ ᠠᠴᠠ ᠡᠬᠢᠯᠡᠵᠦ ᠰᠠᠯᠪᠤᠷᠢ ᠲᠠᠬᠢᠯᠭ᠎ᠠ ᠡᠭᠦᠰᠦᠭᠰᠡᠨ ᠪᠠᠶᠢᠨ᠎ᠠ᠃ ᠡᠨᠡ ᠨᠢ ᠲᠠᠷᠤᠢ 1646 ᠤᠨ ᠳᠤ | ᠰᠡᠷᠡᠩ ᠡᠷᠳᠡᠨᠢ ᠪᠡᠶᠢᠯᠡ ᠸᠠᠩ ᠦᠵᠦᠮᠦᠴᠢᠨ ᠠᠶᠢᠮᠠᠭ ᠤᠨ ᠶᠡᠭᠡ ᠲᠠᠬᠢᠯᠭ᠎ᠠ ᠰᠢᠳᠦᠭᠡᠨ ᠠᠴᠠ ᠴᠢᠩᠭᠢᠰ ᠤᠨ | ᠡᠮᠡᠭᠡᠯ ᠤᠨ ᠲᠦᠷᠦᠭᠡ ᠶᠢ ᠵᠠᠯᠠᠨ᠂ ᠦᠪᠡᠷ ᠤᠨ ᠬᠠᠷᠢᠶᠠᠨ ᠤ ᠵᠠᠰᠠᠭ ᠬᠤᠰᠢᠭᠤᠨ ᠤ ᠪᠠᠨ ᠬᠦᠳᠡᠭᠡ ᠰᠦᠯᠳᠡ | ᠪᠤᠯᠭᠠᠵᠦ᠂ ᠡᠵᠡᠨ ᠪᠤᠭᠳᠠ ᠴᠢᠩᠭᠢᠰ ᠬᠠᠭᠠᠨ ᠤ ᠲᠡᠶᠢᠯᠭᠠ ᠲᠠᠬᠢᠯᠭ᠎ᠠ ᠶᠢᠨ ᠪᠡᠯᠭᠡ ᠲᠡᠮᠳᠡᠭ ᠪᠤᠯᠭᠠᠭᠰᠠᠨ ᠪᠠᠶᠢᠵᠠᠢ᠃ | ᠲᠤᠲᠤᠷᠬᠠᠶᠢᠯᠠᠨ ᠶᠠᠷᠢᠪᠠᠯ ᠡᠴᠢᠭᠡ ᠲᠡᠭᠡᠳᠦᠰ ᠤᠨ ᠤᠯᠠᠮᠵᠢᠯᠠᠨ ᠢᠷᠡᠭᠰᠡᠨ ᠦᠪ ᠲᠠᠬᠢᠯᠭ᠎ᠠ ᠠᠴᠠ ᠬᠤᠪᠢ ᠠᠪᠴᠤ | ᠬᠤᠰᠢᠭᠤ ᠵᠠᠰᠠᠭ ᠤᠨ ᠰᠦᠯᠳᠡ ᠪᠤᠯᠭᠠᠵᠦ ᠲᠠᠬᠢᠬᠤ ᠨᠢ ᠵᠦᠢ ᠶᠤᠰᠤᠨ ᠳᠤ ᠪᠦᠷᠢᠮᠦᠰᠦᠨ ᠨᠡᠶᠢᠴᠡᠬᠦ ᠮᠦᠷᠳᠡᠭᠡᠨ ᠨᠡᠩ | ᠢᠯᠠᠩᠭᠤᠶ᠎ᠠ ᠲᠡᠯᠡᠬᠡᠢ ᠳ᠋ᠠᠬᠢᠨ ᠢ ᠡᠵᠡᠯᠡᠭᠰᠡᠨ ᠶᠡᠭᠡ ᠬᠠᠭᠠᠨ ᠤ ᠪᠠᠨ ᠡᠮᠡᠭᠡᠯ ᠤᠨ ᠲᠦᠷᠦᠭᠡ ᠶᠢ ᠪᠡᠯᠭᠡᠳᠡᠨ ᠲᠠᠬᠢᠬᠤ ᠨᠢ | ᠬᠡᠪ ᠤᠨ ᠶᠠᠪᠤᠳᠠᠯ ᠪᠤᠯᠤᠨ᠎ᠠ᠃ ᠡᠶᠢᠮᠦ ᠠᠴᠠ ᠬᠤᠰᠢᠭᠤ ᠲᠠᠶᠠᠭᠠᠷ ᠢᠶᠠᠨ ᠤᠶᠤᠨ ᠰᠠᠨᠠᠭᠠᠨ ᠤ ᠤᠶᠢᠭ᠎ᠠ ᠦᠭᠡᠢ | ᠭᠦᠷᠳᠡᠭᠡᠯ ᠢ ᠤᠯᠵᠦ᠂ ᠦᠢᠯᠡᠳᠪᠦᠷᠢᠯᠡᠯ ᠠᠮᠢᠳᠤᠷᠠᠯ ᠢᠶᠠᠨ ᠦᠷᠭᠦᠯᠵᠢᠯᠡᠬᠦᠯᠬᠦ ᠮᠠᠰᠢ ᠲᠦᠪ ᠬᠢᠨᠠᠮᠠᠭᠠᠢ ᠮᠦᠷᠳᠡᠭᠡᠨ | ᠦᠨᠡᠨᠴᠢ ᠬᠢᠴᠢᠶᠡᠩᠭᠦᠢ᠂ ᠮᠠᠰᠢ ᠴᠡᠪᠡᠷ ᠠᠷᠢᠭᠤᠨ ᠪᠦᠭᠡᠳ ᠬᠦᠨᠳᠦᠳᠭᠡᠯᠳᠡᠢ ᠪᠢᠰᠢᠷᠡᠩᠭᠦᠢ ᠪᠠᠶᠢᠳᠠᠭ ᠰᠢᠳᠦᠯᠭᠡ | ᠪᠢᠰᠢᠷᠡᠯ ᠤᠨ ᠬᠠᠮᠳᠤ ᠶᠢᠨ ᠵᠠᠩ ᠦᠢᠯᠡ ᠶᠢᠨ ᠤᠯᠠᠮᠵᠢᠯᠠᠯᠳᠤ ᠬᠡᠯᠪᠡᠷᠢ ᠪᠤᠯᠵᠦ ᠪᠦᠷᠢᠯᠳᠦᠭᠰᠡᠨ ᠶᠤᠮ᠃ ᠡᠭᠦᠨ ᠲᠠᠢ | ᠠᠳᠠᠯᠢ ᠦᠵᠦᠮᠦᠴᠢᠨ ᠠᠶᠢᠮᠠᠭ ᠤᠨ ᠶᠡᠭᠡ ᠲᠠᠬᠢᠯᠭ᠎ᠠ ᠠᠴᠠ ᠰᠠᠯᠪᠤᠷᠢᠯᠠᠭᠰᠠᠨ ᠬᠠᠭᠤᠴᠢᠳ ᠠᠶᠢᠮᠠᠭ ᠢ ᠬᠤᠶᠠᠷ | ᠬᠤᠰᠢᠭᠤ ᠪᠤᠯᠤᠨ ᠬᠤᠪᠢᠶᠠᠭᠳᠠᠬᠤ ᠳᠤ ᠬᠠᠭᠤᠴᠢᠳ ᠵᠡᠭᠦᠨ ᠭᠠᠷᠤᠨ ᠬᠤᠰᠢᠭᠤᠨ ᠤ ᠪᠤᠯᠤᠳ ᠡᠷᠳᠡᠨᠢ ᠵᠢᠶᠦ᠋ᠨ ᠸᠠᠩ | ᠮᠦᠨ ᠴᠢᠩᠭᠢᠰ ᠤᠨ ᠡᠮᠡᠭᠡᠯ ᠤᠨ ᠲᠦᠷᠦᠭᠡ ᠶᠢ ᠦᠪᠯᠡᠨ ᠠᠪᠴᠤ ᠲᠠᠬᠢᠭᠰᠠᠨ ᠭᠡᠳᠡᠭ᠃ ᠪᠤᠯᠤᠳ ᠡᠷᠳᠡᠨᠢ ᠵᠢᠶᠦ᠋ᠨ | ᠸᠠᠩ ᠪᠤᠯ ᠪᠤᠳᠢ ᠠᠯᠠᠭ ᠬᠠᠭᠠᠨ ᠤ ᠦᠷ᠎ᠡ ᠠᠴᠢ ᠪᠠᠶᠢᠵᠦ᠂ ᠤᠩᠭᠤᠨ ᠲᠤᠷᠬᠠᠯ ᠨᠤᠶᠠᠨ ᠤ ᠴᠢᠰᠦᠨ ᠲᠦᠷᠦᠯ ᠤᠨ | ᠠᠴᠢ ᠪᠤᠯᠬᠤ ᠤᠴᠢᠷ ᠮᠦᠨ ᠶᠡᠭᠡ ᠰᠢᠳᠦᠭᠡᠨ ᠨᠢᠭᠡᠳᠡᠢ ᠪᠠᠶᠢᠳᠠᠭ ᠢᠶᠠᠷ ᠦᠪᠯᠡᠨ ᠲᠠᠬᠢᠬᠤ ᠨᠢ ᠵᠦᠢ ᠶᠤᠰᠤᠨ ᠤ | ᠬᠡᠷᠡᠭ᠃ ᠢᠩᠭᠢᠵᠦ ᠦᠵᠦᠮᠦᠴᠢᠨ ᠠᠶᠢᠮᠠᠭ ᠤᠨ ᠶᠡᠭᠡ ᠲᠠᠬᠢᠯᠭ᠎ᠠ ᠬᠤᠶᠠᠷ ᠰᠠᠯᠪᠤᠷᠢ ᠲᠠᠬᠢᠯᠭ᠎ᠠ ᠲᠠᠢ ᠪᠤᠯᠤᠭᠰᠠᠨ ᠨᠢ | ᠲᠡᠤᠬᠡ ᠶᠢᠨ ᠤᠯᠠᠮᠵᠢᠯᠠᠯ ᠤᠨ ᠦᠨᠡᠨ ᠪᠤᠳᠠᠳᠤ ᠶᠠᠪᠤᠳᠠᠯ ᠮᠦᠨ ᠪᠦᠭᠡᠳ ᠤᠯᠠᠮᠵᠢᠯᠠᠯᠳᠤ ᠰᠢᠳᠦᠯᠭᠡ ᠪᠢᠰᠢᠷᠡᠯ ᠤᠨ | ᠰᠤᠶᠤᠯ ᠤᠨ ᠠᠭᠤᠯᠭ᠎ᠠ ᠪᠤᠯᠵᠦ ᠲᠠᠭᠠᠷᠠᠨ᠎ᠠ᠃ ᠰᠠᠯᠪᠤᠷᠢ ᠲᠠᠬᠢᠯᠭ᠎ᠠ ᠡᠭᠦᠰᠦᠭᠡᠳ ᠤᠳᠤ ᠪᠤᠯᠳᠠᠯ᠎ᠠ ᠨᠢᠭᠡᠨᠳᠡ ᠭᠤᠷᠪᠠᠨ | ᠵᠠᠭᠤ ᠲᠠᠯᠠᠨ ᠵᠢᠯ ᠪᠤᠯᠵᠦ ᠪᠤᠢ᠃ | ᠭᠤᠷᠪᠠ᠂ ᠦᠵᠦᠮᠦᠴᠢᠨ ᠰᠦᠯᠳᠡ ᠲᠠᠬᠢᠯᠭ᠎ᠠ ᠶᠢᠨ ᠦᠪᠡᠷᠮᠢᠴᠡ ᠠᠭᠤᠯᠭ᠎ᠠ ᠪᠠ ᠴᠤᠭᠴᠠᠯᠠᠪᠤᠷᠢ | ᠤᠳᠤ ᠶᠢᠨ ᠪᠠᠷᠠᠭᠤᠨ ᠦᠵᠦᠮᠦᠴᠢᠨ ᠬᠤᠰᠢᠭᠤᠨ ᠤ ︽ᠦᠵᠦᠮᠦᠴᠢᠨ ᠰᠦᠯᠳᠡ ᠶᠢᠨ ᠲᠠᠬᠢᠯᠭ᠎ᠠ︾ ᠨᠢ ᠮᠢᠨᠤ | ᠦᠵᠡᠬᠦ ᠪᠠᠷ ᠦᠵᠦᠮᠦᠴᠢᠨ ᠠᠶᠢᠮᠠᠭ ᠤᠨ ᠶᠡᠭᠡ ᠰᠦᠯᠳᠡ ᠶᠢᠨ ᠨᠢᠷᠤᠭᠤᠪᠴᠢ ᠰᠦᠯᠳᠡ ᠪᠤᠶᠤ ᠰᠠᠭᠤᠷᠢ ᠰᠦᠯᠳᠡ | ᠭᠡᠵᠦ ᠠᠵᠢᠭᠯᠠᠭᠳᠠᠨ᠎ᠠ᠃ ᠡᠨᠡ ᠶᠠᠭᠤ ᠪᠤᠢ ᠭᠡᠪᠡᠯ ᠠᠳᠡ ᠡᠵᠡᠨ ᠤ ᠡᠮᠡᠭᠡᠯ ᠤᠨ ᠡᠳ᠋ᠯᠡᠯ ᠲᠦᠷᠦᠭᠡᠨ ᠠᠴᠠ ᠪᠤᠰᠤᠳ | ᠨᠢ ᠪᠦᠷ ᠦᠯᠡᠳᠡᠭᠰᠡᠨ ᠪᠠᠶᠢᠳᠠᠭ ᠨᠢ ᠭᠤᠤᠯ ᠪᠦᠳᠦᠴᠡ ᠨᠢ ᠬᠤᠴᠤᠷᠤᠭᠰᠠᠨ ᠶᠠᠪᠤᠳᠠᠯ ᠶᠤᠮ᠂ ᠲᠠᠬᠢᠪᠠᠯ ᠬᠤᠶᠠᠷ | ᠲᠦᠷᠦᠭᠡ ᠪᠠᠨ ᠵᠡᠭᠦᠨ ᠪᠠᠷᠠᠭᠤᠨ ᠬᠤᠶᠠᠷ ᠲᠠᠯ᠎ᠠ ᠶᠢᠨ ᠬᠤᠰᠢᠭᠤᠨ ᠳᠠᠭᠠᠨ ᠲᠤᠰ ᠪᠦᠷᠢ ᠦᠭᠭᠦᠭᠰᠡᠨ ᠶᠠᠪᠤᠳᠠᠯ ᠨᠢ | ᠮᠦᠨ ᠨᠤᠲᠤᠭ ᠤᠰᠤᠨ ᠤ ᠤᠷᠤᠰᠢᠬᠤᠢ ᠪᠠᠷ ᠬᠡᠯᠡᠭᠰᠡᠨ ᠴᠤ ᠡᠵᠡᠨ ᠤ ᠡᠮᠡᠭᠡᠯ ᠤᠨ ᠪᠦᠳᠦᠨ ᠰᠢᠨᠵᠢ ᠶᠢ | ᠬᠠᠳᠠᠭᠠᠯᠠᠭᠰᠠᠨ ᠢᠶᠠᠷ ᠪᠠᠷᠠᠬᠤ ᠦᠭᠡᠢ ᠴᠢᠩᠭᠢᠰ ᠤᠨ ᠬᠤᠶᠢᠴᠢᠰ ᠬᠡᠵᠢᠶᠡᠳᠡ ᠡᠪ ᠨᠢᠭᠳᠠᠷᠠᠯ ᠲᠠᠢ ᠪᠠᠶᠢᠬᠤ ᠪᠠ | ᠬᠡᠵᠢᠶᠡᠳᠡ ᠬᠠᠮᠳᠤ ᠲᠡᠭᠦᠯᠢᠨ ᠤᠷᠤᠭᠰᠢᠯᠠᠬᠤ ᠪᠡᠯᠭᠡᠳᠡᠯ ᠢ ᠪᠦᠷᠢᠨ ᠲᠤᠰᠬᠠᠭᠰᠠᠨ ᠪᠠᠶᠢᠭ᠎ᠠ ᠶᠤᠮ᠂ ᠡᠨᠡ ᠪᠤᠯ | ᠮᠤᠩᠭᠤᠯ ᠤᠬᠠᠭᠠᠨ ᠭᠦᠨ ᠰᠡᠶᠢᠯᠦᠭᠡᠰᠦᠳᠡᠢ ᠨᠢ ᠲᠤᠲᠤᠷᠬᠠᠢ᠃ ᠲᠡᠭᠡᠪᠡᠯ ᠦᠵᠦᠮᠦᠴᠢᠨ ᠳᠤ ᠤᠷᠳᠤᠨ ᠰᠦᠯᠳᠡ᠂ | ᠬᠦᠳᠡᠭᠡ ᠰᠦᠯᠳᠡ᠂ ᠶᠠᠮᠤᠨ ᠰᠦᠯᠳᠡ ᠵᠡᠷᠭᠡ ᠭᠤᠷᠪᠠᠨ ᠰᠢᠳᠦᠯᠭᠡ ᠪᠢᠰᠢᠷᠡᠯ ᠤᠨ ᠰᠢᠳᠦᠭᠡᠨ ᠲᠠᠢ ᠪᠠᠶᠢᠵᠠᠢ᠃ | ⑴ ᠬᠦᠳᠡᠭᠡ ᠰᠦᠯᠳᠡ ᠶᠢᠨ ᠲᠤᠬᠠᠢ᠃ ᠦᠵᠦᠮᠦᠴᠢᠨ ᠤ ᠰᠦᠯᠳᠡ ᠶᠢᠨ ᠠᠭᠤᠯᠭ᠎ᠠ ᠮᠠᠰᠢ ᠪᠠᠶᠠᠯᠢᠭ᠂ | ᠵᠦᠪᠬᠡᠨ ᠴᠢᠩᠭᠢᠰ ᠤᠨ ᠬᠦᠷᠦᠭ ᠢ ᠵᠢᠭᠠᠬᠤ ᠲᠡᠳᠦᠢ ᠪᠢᠰᠢ ᠬᠠᠷᠢᠨ ᠴᠢᠩᠭᠢᠰ ᠬᠠᠭᠠᠨ ᠤ ᠨᠢᠭᠡ ᠭᠡᠷ ᠤᠨ ᠬᠦᠮᠦᠨ ᠪᠠ | ᠡᠳ᠋ᠯᠡᠯ ᠬᠡᠷᠡᠭᠰᠡᠯ ᠢ ᠪᠦᠬᠦᠯᠢ ᠳᠤᠨᠢ ᠵᠢᠭᠠᠵᠦ ᠪᠠᠶᠢᠬᠤ ᠰᠢᠭ᠋ ᠤᠶᠢᠯᠠᠭᠠᠭᠳᠠᠨᠠ᠃ ᠵᠢᠱᠢᠶᠡᠯᠡᠪᠡᠯ ᠪᠠᠷᠠᠭᠤᠨ | ᠦᠵᠦᠮᠦᠴᠢᠨ ᠬᠤᠰᠢᠭᠤᠨ ᠤ ᠰᠦᠯᠳᠡᠨ ᠲᠠᠬᠢᠯᠭ᠎ᠠ ᠶᠢᠨ ᠴᠤᠭᠴᠠᠯᠠᠪᠤᠷᠢ ᠠᠴᠠ ᠠᠵᠢᠭᠯᠠᠪᠠᠯ᠂ ᠴᠢᠩᠭᠢᠰ ᠬᠠᠭᠠᠨ ᠪᠠ | ᠲᠡᠭᠦᠨ ᠤ ᠬᠠᠳᠤᠨ ᠲᠠᠢ ᠪᠠᠨ ᠬᠠᠮᠳᠤ ᠰᠠᠭᠤᠵᠦ ᠪᠠᠶᠢᠬᠤ ᠭᠡᠭᠡᠨ ᠰᠦᠯᠳᠡ ᠲᠦᠪᠯᠡᠵᠦ᠂ ᠬᠤᠶᠠᠷ ᠴᠠᠭᠠᠨ ᠲᠤᠭ | ᠰᠦᠯᠳᠡ ᠪᠠᠷ ᠬᠠᠮᠠᠭᠠᠯᠠᠭᠤᠯᠤᠨ᠂ ᠲᠡᠭᠦᠨ ᠤ ᠪᠠᠷᠠᠭᠤᠨ ᠲᠠᠯ᠎ᠠ ᠳᠤ ᠬᠤᠶᠠᠭ ᠲᠤᠭᠤᠯᠠᠭ᠎ᠠ ᠨᠤᠮᠤ ᠰᠠᠭᠠᠳᠠᠭ ᠶᠢ | ᠲᠠᠯᠪᠢᠵᠦ᠂ ᠵᠡᠭᠦᠨ ᠬᠤᠶᠢᠳᠦ ᠲᠠᠯ᠎ᠠ ᠳᠤ ᠪᠦᠬᠡ ᠶᠢᠨ ᠮᠦᠩᠭᠦᠨ ᠵᠤᠳᠤᠭ ᠡᠯᠭᠦᠭᠡᠰᠦᠳᠡᠢ᠂ ᠪᠠᠷᠠᠭᠤᠨ ᠲᠤᠤᠷ᠎ᠠ | ᠲᠠᠯ᠎ᠠ ᠳᠤ ᠬᠤᠶᠠᠷ ᠡᠮᠡᠭᠡᠯ ︵ᠨᠢᠭᠡ ᠨᠢ ᠲᠦᠷᠦᠭᠡ ᠦᠭᠡᠢ︶ ᠪᠠᠶᠢᠳᠠᠭ᠂ ᠭᠡᠷ ᠤᠨ ᠲᠦᠪ ᠲᠤᠮᠳᠠ ᠭᠠᠩ ᠲᠤᠯᠭ᠎ᠠ | ᠲᠠᠯᠪᠢᠭᠠᠰᠤᠳᠠᠢ᠃ ᠡᠨᠡ ᠪᠤᠯ ᠪᠠᠷᠠᠭᠤᠨ ᠦᠵᠦᠮᠦᠴᠢᠨ ᠬᠤᠰᠢᠭᠤᠨ ᠤ ᠤᠤᠯ ᠤᠨ ᠤᠯᠠᠮᠵᠢᠯᠠᠯᠳᠤ ᠬᠦᠳᠡᠭᠡ | ᠰᠦᠯᠳᠡ ᠶᠢᠨ ᠪᠠᠶᠢᠷᠢᠰᠢᠯ ᠪᠤᠯᠤᠨ᠎ᠠ᠃ ᠴᠢᠩᠭᠢᠰ ᠬᠠᠭᠠᠨ ᠢ ᠬᠠᠳᠤᠨ ᠲᠠᠢ ᠨᠢ ᠬᠢᠴᠢᠶᠡᠩᠭᠦᠶᠢᠯᠡᠨ ᠲᠠᠬᠢᠵᠦ | ᠪᠠᠶᠢᠬᠤ ᠠᠴᠠ ᠦᠵᠡᠪᠡᠯ ᠡᠶᠢᠮᠦ ᠲᠠᠬᠢᠯᠭ᠎ᠠ ᠶᠢᠨ ᠬᠡᠯᠪᠡᠷᠢ ᠮᠤᠩᠭᠤᠯ ᠤᠷᠤᠨ ᠳᠤ ᠵᠦᠪᠬᠡᠨ ᠦᠵᠦᠮᠦᠴᠢᠨ | ᠠᠶᠢᠮᠠᠭ ᠲᠤ ᠯᠡ ᠪᠠᠶᠢᠬᠤ ᠠᠴᠠ ᠡᠨᠡ ᠪᠤᠯ ᠬᠠᠭᠠᠨ ᠡᠵᠡᠨ ᠤ ᠦᠷ᠎ᠡ ᠬᠤᠶᠢᠴᠢᠰ ᠤᠨ ᠤᠯᠠᠮᠵᠢᠯᠠᠯᠳᠤ ᠲᠠᠭᠢᠯᠭ᠎ᠠ | ᠭᠡᠳᠡᠭ ᠢ ᠤᠶᠢᠯᠠᠭᠠᠵᠦ ᠪᠤᠯᠬᠤ ᠪᠦᠭᠡᠳ ᠭᠠᠯ ᠭᠤᠯᠤᠮᠳᠠ ᠰᠠᠬᠢᠭᠰᠠᠨ ᠬᠦᠪᠡᠭᠦᠨ ᠲᠤᠯᠤᠢ ᠶᠢᠨ ᠬᠢᠨᠢ ᠲᠠᠬᠢᠯᠭ᠎ᠠ | ᠭᠡᠳᠡᠭ ᠢ ᠮᠡᠳᠡᠵᠦ ᠪᠤᠯᠤᠨ᠎ᠠ᠂ ᠡᠭᠦᠨ ᠢ ᠬᠡᠷᠡᠴᠢᠯᠡᠬᠦ ᠵᠦᠢᠯ ᠪᠤᠯ ᠭᠠᠩ ᠲᠤᠯᠭ᠎ᠠ ᠲᠠᠯᠪᠢᠭᠠᠰᠤᠳᠠᠢ ᠪᠠᠶᠢᠬᠤ ᠨᠢ ︽ | ᠡᠵᠡᠨ ᠴᠢᠩᠭᠢᠰ ᠤᠨ ᠭᠠᠯ ᠭᠤᠯᠤᠮᠳᠠ︾ ᠭᠡᠰᠡᠨ ᠢ ᠪᠦᠷᠢᠨ ᠭᠦᠢᠴᠡᠳ ᠬᠠᠷᠠᠭᠤᠯᠵᠦ ᠪᠠᠶᠢᠳᠠᠭ᠃ ᠬᠤᠶᠠᠭ | ᠲᠤᠭᠤᠯᠠᠭ᠎ᠠ ᠪᠤᠯ ᠡᠵᠡᠨ ᠤ ᠰᠦᠷ ᠵᠢᠪᠬᠤᠭ᠎ᠠ ᠶᠢ᠂ ᠵᠤᠳᠤᠭ ᠪᠤᠯ ᠪᠦᠬᠡ ᠪᠡᠯᠭᠦᠳᠡᠢ ᠶᠢᠨ ᠡᠷᠡᠮᠡᠬᠡᠢ ᠴᠢᠳᠠᠯ ᠬᠦᠴᠦᠨ ᠢ | ᠂ ᠨᠤᠮᠤ ᠰᠠᠭᠠᠳᠠᠭ ᠪᠤᠯ ᠬᠠᠪᠤᠳᠤ ᠬᠠᠰᠠᠷ ᠤᠨ ᠡᠷᠡᠬᠡᠢ ᠮᠡᠷᠭᠡᠨ ᠵᠡᠷᠭᠡ ᠲᠦᠯᠦᠭᠡᠯᠡᠯ ᠢ ᠬᠠᠷᠠᠭᠤᠯᠵᠦ ᠪᠠᠶᠢᠬᠤ ᠶᠢ | ᠦᠵᠡᠵᠦ ᠭᠠᠷᠴᠤ ᠪᠤᠯᠤᠨ᠎ᠠ᠃ ᠬᠤᠶᠠᠷ ᠴᠠᠭᠠᠨ ᠲᠤᠭ ᠬᠤᠶᠠᠷ ᠲᠠᠯ᠎ᠠ ᠳᠤᠨᠢ ᠲᠠᠯᠪᠢᠵᠦ ᠪᠠᠶᠢᠬᠤ ᠨᠢ ᠦᠵᠦᠮᠦᠴᠢᠨ ᠤ | ᠬᠦᠳᠡᠭᠡ ᠰᠦᠯᠳᠠ ᠪᠤᠯ ᠶᠡᠭᠡ ᠮᠤᠩᠭᠤᠯ ᠤᠯᠤᠰ ᠤᠨ ᠴᠠᠭᠠᠨ ᠲᠤᠭ ᠰᠦᠯᠳᠡ ᠶᠢᠨ ᠵᠠᠯᠭᠠᠮᠵᠢᠯᠠᠯ ᠪᠠ ᠦᠷᠭᠦᠯᠵᠢᠯᠡᠯ | ᠮᠦᠨ ᠭᠡᠰᠡᠨ ᠢ ᠲᠤᠲᠤᠷᠬᠠᠢ ᠬᠠᠷᠠᠭᠤᠯᠤᠨ᠎ᠠ᠃ ᠴᠢᠩᠭᠢᠰ ᠬᠠᠭᠠᠨ ᠤ ᠭᠠᠯ ᠭᠤᠯᠤᠮᠳᠠ ᠪᠤᠯ ᠮᠤᠩᠭᠤᠯ | ᠦᠨᠳᠦᠰᠦᠳᠡᠨ ᠤ ᠭᠠᠯ ᠭᠤᠯᠤᠮᠳᠠ ᠭᠡᠵᠦ ᠲᠡᠭᠡᠵᠢᠯᠡᠳᠡᠭ ᠢᠶᠠᠷ ᠬᠤᠰᠢᠭᠤ ᠵᠠᠰᠠᠭ ᠤᠨ ᠬᠠᠮᠳᠤ ᠶᠢᠨ ᠲᠠᠬᠢᠯᠭ᠎ᠠ ᠪᠤᠯᠵᠦ | ᠤᠯᠠᠮᠵᠢᠯᠠᠭᠳᠠᠭᠰᠠᠨ ᠶᠤᠮ᠃ ᠵᠢᠯ ᠪᠦᠷᠢ ᠶᠢᠨ ᠯᠠ ᠰᠠᠷ᠎ᠠ ᠶᠢᠨ ᠬᠤᠷᠢᠨ ᠭᠤᠷᠪᠠᠨ ᠤ ᠡᠳᠦᠷ ᠪᠤᠯ ᠦᠵᠦᠮᠦᠴᠢᠨ | ᠬᠦᠳᠡᠭᠡ ᠰᠦᠯᠳᠡ ᠶᠢᠨ ᠭᠠᠯ ᠲᠠᠬᠢᠯᠭ᠎ᠠ ᠶᠢᠨ ᠪᠠᠶᠠᠷᠳᠤ ᠮᠦᠴᠡ ᠪᠤᠯᠳᠠᠭ᠂ ᠨᠤᠶᠠᠳ ᠲᠦᠰᠢᠮᠡᠳ ᠢᠷᠡᠵᠦ ᠲᠠᠶᠢᠯᠭ᠎ᠠ | ᠲᠠᠬᠢᠯᠭ᠎ᠠ ᠬᠢᠬᠦ ᠪᠠᠷ ᠪᠠᠷᠠᠬᠤ ᠦᠭᠡᠢ ᠬᠠᠷᠠᠴᠤ ᠠᠷᠠᠳ ᠴᠤ ᠢᠷᠡᠵᠦ ᠲᠠᠬᠢᠯᠭ᠎ᠠ ᠳᠤ ᠤᠷᠤᠯᠴᠠᠬᠤ ᠡᠷᠬᠡ ᠲᠠᠢ ᠪᠠᠶᠢᠳᠠᠭ | ᠃ ᠵᠡᠭᠦᠨ ᠦᠵᠦᠮᠦᠴᠢᠨ ᠤ ᠬᠦᠳᠡᠭᠡ ᠰᠦᠯᠳᠡ ᠶᠢᠨ ᠴᠤᠭᠴᠠᠯᠠᠪᠤᠷᠢ ᠨᠢ ᠭᠡᠭᠡᠨ ᠰᠦᠯᠳᠡ — ᠴᠠᠭᠠᠨ ᠲᠤᠭ | ᠰᠦᠯᠳᠡ — ᠲᠦᠷᠦᠭᠡᠨ ᠰᠦᠯᠳᠡ — ᠭᠠᠩ ᠲᠤᠯᠭ᠎ᠠ ᠪᠠᠷ ᠪᠦᠷᠢᠯᠳᠦᠵᠦ᠂ ᠲᠡᠷᠭᠡᠨ ᠲᠡᠭᠡᠷ᠎ᠡ | ᠪᠠᠶᠢᠷᠢᠰᠢᠭᠤᠯᠤᠭᠰᠠᠨ ᠴᠤᠮᠴᠤᠭ ᠤᠷᠳᠤᠨ ᠲᠠᠢ ᠪᠠᠶᠢᠳᠠᠭ᠃ ᠰᠡᠭᠦᠯ ᠳᠤ ᠪᠠᠰᠠ ᠨᠢᠭᠡᠨ ᠵᠤᠵᠠᠭᠠᠨ ᠮᠦᠷᠳᠡᠭᠡᠨ ᠨᠠᠷᠢᠨ | ᠤᠷᠳᠤ ᠬᠡᠯᠪᠡᠷᠢ ᠶᠢᠨ ᠲᠦᠪᠡᠳ ᠰᠤᠳᠤᠷ ᠬᠠᠵᠠᠭᠤ ᠳᠤᠨᠢ ᠲᠠᠯᠪᠢᠬᠤ ᠪᠤᠯᠵᠠᠢ᠃ | ᠬᠦᠳᠡᠭᠡ ᠰᠦᠯᠳᠡ ᠭᠡᠬᠦ ᠲᠠᠭᠤᠳᠠᠯᠭ᠎ᠠ ᠨᠢ ᠪᠠᠷᠤᠭ ᠬᠦᠳᠡᠭᠡ ᠭᠠᠳᠠᠨ᠎ᠠ ᠨᠡᠭᠦᠳᠡᠯᠯᠡᠬᠦ ᠳᠡᠭᠡᠨ ᠢᠮᠠᠭᠳᠠ | ᠠᠪᠴᠤ ᠰᠢᠯᠵᠢᠳᠡᠭ ᠪᠠ ᠲᠠᠬᠢᠯᠭ᠎ᠠ ᠶᠢᠨ ᠬᠤᠭᠤᠴᠠᠭᠠᠳᠤ ᠡᠳᠦᠷ ᠪᠤᠯᠪᠠᠯ ᠴᠡᠪᠡᠷ ᠠᠷᠢᠭᠤᠨ ᠪᠡᠯᠴᠢᠭᠡᠷ ᠲᠤ ᠪᠠᠭᠤᠵᠦ | ᠬᠦᠳᠡᠭᠡ ᠰᠦᠯᠳᠡ ᠪᠠᠨ ᠲᠠᠬᠢᠳᠠᠭ᠂ ᠮᠦᠨ ᠪᠠᠰᠠ ᠬᠦᠳᠡᠭᠡ ᠶᠢᠨ ᠮᠠᠯᠴᠢᠳ᠂ ᠡᠭᠡᠯ ᠠᠷᠠᠳ ᠤᠨ ᠨᠡᠶᠢᠳᠡ ᠶᠢᠨ | ᠲᠠᠬᠢᠯᠭ᠎ᠠ ᠤᠴᠢᠷ ᠠᠴᠠ ᠲᠡᠭᠡᠵᠦ ᠨᠡᠷᠡᠯᠡᠭᠰᠡᠨ ᠭᠡᠵᠦ ᠦᠵᠡᠯᠳᠡᠢ᠃ ᠲᠡᠷᠡ ᠮᠦᠷᠳᠡᠭᠡᠨ ᠤᠷᠳᠤᠨ ᠰᠦᠯᠳᠡ ᠪᠠ | ᠶᠠᠮᠤᠨ ᠰᠦᠯᠳᠡ ᠶᠢ ᠰᠠᠭᠤᠷᠢᠰᠢᠯ ᠤᠷᠳᠤᠨ ᠳᠤ ᠵᠠᠯᠠᠭᠰᠠᠨ ᠪᠠᠶᠢᠬᠤ ᠳᠤ ᠲᠤᠰ ᠰᠢᠳᠦᠭᠡᠨ ᠨᠢ ᠶᠠᠷᠤ ᠨᠢ ᠰᠠᠭᠤᠷᠢᠰᠢᠯ | ᠤᠷᠳᠤᠨ ᠳᠤ ᠵᠠᠯᠠᠭᠳᠠᠳᠠᠭ ᠦᠭᠡᠢ ᠪᠠᠶᠢᠵᠡᠢ᠂ ᠪᠠᠷᠠᠭᠤᠨ ᠦᠵᠦᠮᠦᠴᠢᠨ ᠤ ᠬᠦᠳᠡᠭᠡ ᠰᠦᠯᠳᠡ ᠶᠢᠨ ᠲᠠᠬᠢᠯᠭ᠎ᠠ ᠶᠢ | ᠪᠠᠶᠠᠨ ᠰᠤᠪᠠᠭ ︵ᠰᠦᠯᠳᠡ ᠶᠢᠨ ᠰᠢᠷ᠎ᠠ ᠴᠤ ᠭᠡᠳᠡᠭ︶ ᠲᠤ ᠬᠦᠳᠡᠭᠡᠯᠡᠨ ᠪᠠᠭᠤᠳᠠᠯᠯᠠᠵᠦ ᠲᠠᠬᠢᠳᠠᠭ ᠵᠤᠷᠰᠢᠯ ᠲᠠᠢ᠃ | ᠵᠡᠭᠦᠨ ᠦᠵᠦᠮᠦᠴᠢᠨ ᠬᠤᠰᠢᠭᠤᠨ ᠤ ᠬᠦᠳᠡᠭᠡ ᠰᠦᠯᠳᠡ ᠨᠢ ᠨᠡᠩ ᠴᠤ ᠬᠦᠳᠡᠭᠡ ᠭᠠᠳᠠᠨ᠎ᠠ ᠲᠤᠰᠬᠠᠢ ᠴᠤᠮᠴᠤᠭ | ᠬᠠᠮ ᠲᠡᠷᠭᠡᠨ ᠳᠤ ᠵᠠᠯᠠᠭᠳᠠᠵᠦ᠂ ᠵᠠᠩᠬᠢ ᠶᠢᠨ ᠭᠡᠷ ᠠᠴᠠ ᠴᠤ ᠬᠤᠯᠠ ᠵᠠᠶᠢᠳᠠᠢ ᠠᠷᠢᠭᠤᠨ ᠴᠡᠪᠡᠷ ᠭᠠᠵᠠᠷ ᠬᠦᠳᠡᠭᠡᠯᠡᠨ | ᠵᠠᠯᠠᠳᠠᠭ ᠤᠴᠢᠷ ᠲᠠᠢ ᠶᠤᠮ ᠭᠡᠨ᠎ᠡ᠃ ᠪᠠᠷᠠᠭᠤᠨ ᠦᠵᠦᠮᠦᠴᠢᠨ ᠤ ᠬᠦᠳᠡᠭᠡ ᠰᠦᠯᠳᠡ ᠶᠢ ᠤᠷᠳᠤᠴᠢᠨ ᠤᠪᠤᠭᠳᠠᠳ | ᠬᠠᠮᠠᠭᠠᠯᠠᠨ ᠶᠠᠪᠤᠬᠤ ᠪᠠ ᠲᠠᠬᠢᠯᠭ᠎ᠠ ᠶᠢᠨ ᠦᠢᠯᠡ ᠶᠢ ︽ᠰᠦᠯᠳᠡᠨ ᠵᠠᠩᠬᠢ︾ ᠭᠦᠢᠴᠡᠳᠭᠡᠳᠡᠭ᠃ ᠲᠡᠷᠡ ᠮᠦᠷᠳᠡᠭᠡᠨ | ᠦᠶ᠎ᠡ ᠤᠯᠠᠮᠵᠢᠯᠠᠨ ᠵᠠᠯᠭᠠᠮᠵᠢᠯᠠᠨ᠎ᠠ᠃ ᠵᠡᠭᠦᠨ ᠦᠵᠦᠮᠦᠴᠢᠨ ᠬᠤᠰᠢᠭᠤᠨ ᠤ ᠬᠦᠳᠡᠭᠡ ᠰᠦᠯᠳᠡ ᠶᠢ ᠲᠠᠶᠢᠵᠢ ᠨᠠᠷ | ᠵᠠᠩᠬᠢ ᠶᠢᠨ ᠬᠡᠷᠬᠢᠮ ᠢ ᠦᠶ᠎ᠡ ᠤᠯᠠᠮᠵᠢᠯᠠᠨ ᠭᠦᠢᠴᠡᠳᠭᠡᠳᠡᠭ ᠪᠠᠶᠢᠵᠠᠢ᠃ | ⑵ ᠤᠷᠳᠤᠨ ᠰᠦᠯᠳᠡ ᠶᠢᠨ ᠲᠤᠬᠠᠢ᠃ ᠤᠷᠳᠤᠨ ᠰᠦᠯᠳᠡ ᠪᠤᠯ ᠲᠠᠷᠤᠢ ᠴᠢᠩᠭᠢᠰ ᠬᠠᠭᠠᠨ ᠤ | ᠲᠡᠭᠡᠳᠦᠰ ᠠᠴᠠ ᠤᠯᠠᠮᠵᠢᠯᠠᠭᠰᠠᠨ ᠰᠢᠳᠦᠭᠡᠨ ᠪᠤᠯᠬᠤ ᠶᠤᠮ᠂ ᠲᠡᠭᠦᠨ ᠤ ᠴᠤᠭᠴᠠᠯᠠᠪᠤᠷᠢ ᠢ ᠠᠵᠢᠭᠯᠠᠪᠠᠯ ᠭᠡᠭᠡᠨ | ᠰᠦᠯᠳᠡ᠂ ᠬᠠᠷ᠎ᠠ ᠲᠤᠭ ᠰᠦᠯᠳᠡ ᠵᠡᠷᠭᠡ ᠪᠠᠷ ᠪᠦᠷᠢᠯᠳᠦᠵᠡᠢ᠃ ᠠᠭᠤᠯᠭ᠎ᠠ ᠶᠢᠨ ᠲᠠᠯ᠎ᠠ ᠠᠴᠠ ᠨᠢᠭᠳᠠᠯᠠᠪᠠᠯ ᠡᠨᠡᠬᠦ | ᠭᠡᠭᠡᠨ ᠰᠦᠯᠳᠡ ᠢ ᠦᠵᠦᠮᠦᠴᠢᠨ ᠳᠤ ︽ᠡᠪᠦᠭᠡᠨ ᠰᠦᠯᠳᠡ︾ ᠴᠤ ᠭᠡᠳᠡᠭ᠃ ᠲᠠᠷᠤᠢ ᠪᠤᠷᠵᠢᠭᠢᠨ ᠤᠪᠤᠭᠳᠠᠳ ᠤᠨ | ᠲᠡᠭᠡᠳᠦᠰ ᠪᠤᠳᠠᠨᠴᠢᠷ ᠤᠨ ᠬᠦᠷᠦᠭ ᠭᠡᠳᠡᠭ᠃ ᠬᠠᠷ᠎ᠠ ᠲᠤᠭ ᠨᠢ ᠴᠢᠩᠭᠢᠰ ᠤᠨ ᠦᠶ᠎ᠡ ᠳᠤ ᠢᠯᠠᠭᠳᠠᠰᠢ ᠦᠭᠡᠢ | ᠴᠡᠷᠢᠭ ᠤᠨ ᠲᠤᠭ ᠰᠦᠷ ᠪᠤᠯᠵᠦ ᠪᠠᠶᠢᠭᠰᠠᠨ ᠶᠤᠮ᠃ ᠦᠵᠦᠮᠦᠴᠢᠨ ᠳᠤ ᠬᠠᠷ᠎ᠠ ᠲᠤᠭ ᠰᠦᠯᠳᠡ ᠶᠢ ᠬᠡᠵᠢᠶᠡᠳᠡ | ᠬᠦᠬᠡ ᠮᠦᠩᠭᠡ ᠲᠡᠭᠷᠢ ᠶᠢ ᠬᠠᠷᠠᠵᠦ ᠪᠠᠶᠢᠳᠠᠭ ᠤᠴᠢᠷ ᠲᠠᠢ ᠬᠡᠮᠡᠨ ᠤᠷᠳᠤᠨ ᠳᠤ ᠤᠷᠤᠭᠤᠯᠳᠠᠭ ᠦᠭᠡᠢ᠂ ᠲᠤᠰ | ᠰᠦᠯᠳᠡ ᠨᠢ ᠨᠤᠶᠠᠨ ᠤ ᠤᠷᠳᠤᠨ ᠲᠠᠢ ᠭᠡᠵᠢᠶᠡᠳᠡ ᠬᠠᠮᠳᠤ ᠪᠠᠶᠢᠳᠠᠭ ᠢᠶᠠᠷ ︽ᠤᠷᠳᠤᠨ ᠰᠦᠯᠳᠡ︾ ᠭᠡᠵᠦ | ᠬᠤᠵᠢᠮ ᠤᠨ ᠬᠦᠮᠦᠰ ᠨᠡᠷᠡᠯᠡᠯᠴᠡᠭᠰᠡᠨ ᠪᠤᠯᠤᠯᠳᠠᠢ᠃ ᠬᠠᠷ᠎ᠠ ᠲᠤᠭ ᠰᠦᠯᠳᠡ ᠶᠢ ᠤᠷᠳᠤᠨ ᠤ ᠡᠮᠦᠨ᠎ᠡ ᠭᠠᠳᠠᠨ᠎ᠠ | ᠪᠤᠰᠬᠠᠵᠦ᠂ ᠲᠠᠶᠢᠵᠢ ᠨᠤᠶᠠᠳ ᠨᠠᠷ ᠪᠠ ᠰᠦᠷᠰᠠᠩ ᠤᠪᠤᠭᠳᠠᠳ ᠲᠠᠬᠢᠯᠭ᠎ᠠ ᠭᠦᠢᠴᠡᠳᠭᠡᠳᠡᠭ ᠪᠠᠶᠢᠵᠠᠢ᠃ | ᠪᠤᠳᠠᠨᠴᠢᠷ ᠤᠨ ᠬᠦᠷᠦᠭ ᠤᠨ ᠤᠨᠴᠠᠯᠢᠭ ᠪᠤᠯ ᠠᠭᠤᠳᠠᠮ ᠡᠯᠪᠡᠭ ᠬᠠᠨᠴᠤᠢ ᠲᠠᠢ᠂ ᠵᠢᠰᠢᠭᠦᠤ ᠰᠢᠯᠣᠭᠤᠨ ᠵᠠᠭᠠᠮ᠎ᠠ ᠲᠠᠢ | ᠂ ᠴᠠᠭᠠᠨ ᠴᠡᠩᠬᠡᠷ ᠳᠡᠪᠡᠯ ᠡᠮᠦᠰᠴᠦ᠂ ᠤᠯᠠᠭᠠᠨ ᠵᠠᠯᠠᠭ᠎ᠠ ᠲᠠᠢ ᠨᠠᠷᠢᠨ ᠰᠠᠷᠠᠪᠴᠢᠲᠠᠢ ᠪᠦᠰᠡᠯᠡᠭᠦᠷ ᠮᠠᠯᠠᠭᠠᠢ ᠲᠠᠢ᠂ | ᠡᠭᠡᠲᠡᠩ ᠭᠤᠲᠤᠯ ᠡᠮᠦᠰᠦᠭᠰᠡᠨ᠂ ᠨᠣᠮᠣ ᠰᠤᠮᠤ ᠠᠭᠰᠤᠨ᠂ ᠵᠡᠭᠦᠨ ᠲᠠᠰᠢᠶᠠᠨ ᠳᠠᠭᠠᠨ ᠰᠡᠯᠡᠮ᠎ᠡ ᠵᠡᠭᠦᠵᠦ᠂ ᠪᠠᠷᠠᠭᠤᠨ | ᠲᠠᠰᠢᠶᠠᠨ ᠳᠠᠭᠠᠨ ᠤᠷᠲᠤ ᠡᠰᠢᠳᠠᠢ ᠰᠡᠷᠡᠭᠡᠳᠦ ᠵᠢᠳᠠ ᠬᠠᠪᠴᠢᠭᠤᠯᠵᠦ᠂ ᠵᠦᠪ ᠭᠠᠷ ᠲᠠᠭᠠᠨ ᠲᠠᠰᠢᠭᠤᠷ ᠪᠠᠷᠢᠵᠦ᠂ | ᠰᠤᠯᠣᠭᠠᠢ ᠭᠠᠷ ᠲᠠᠭᠠᠨ ᠵᠢᠯᠤᠭᠤ ᠠᠳᠬᠤᠭᠰᠠᠨ ᠪᠢᠲᠡᠭᠦᠤ ᠰᠠᠬᠠᠯ ᠲᠠᠢ ᠲᠦᠭᠦᠷᠢᠭ ᠴᠢᠷᠠᠢ ᠲᠠᠢ ᠪᠠᠭᠠᠲᠤᠷ ᠡᠷ᠎ᠡ | ᠪᠠᠶᠢᠵᠦ᠂ ᠬᠦᠬᠡ ᠪᠣᠷᠤ ᠮᠤᠷᠢ ᠶᠢ ᠤᠨᠤᠵᠦ᠂ ᠬᠦᠷᠡᠩ ᠪᠦᠷᠭᠦᠳ ᠨᠢᠰᠭᠡᠵᠦ ᠪᠠᠶᠢᠬᠤ ᠵᠢᠷᠤᠭ ᠪᠠᠶᠢᠳᠠᠭ᠃ | ᠬᠠᠷᠠᠮᠰᠠᠯᠳᠠᠢ ᠨᠢ ᠲᠤᠰ ᠰᠦᠯᠳᠡ ᠶᠢ ᠰᠡᠷᠭᠦᠭᠡᠨ ᠲᠠᠬᠢᠭᠠᠳᠤᠢ ᠪᠠᠶᠢᠭᠰᠠᠭᠠᠷ ᠪᠦᠭᠡᠳ ᠭᠤᠤᠯ ᠨᠢ ᠪᠤᠷᠵᠢᠭᠢᠨ | ᠤᠪᠤᠭᠳᠠᠳ ᠤᠨ ᠤᠯᠠᠮᠵᠢᠯᠠᠯᠳᠤ ᠲᠡᠭᠡᠳᠦᠰ ᠤᠨ ᠲᠠᠬᠢᠯᠭ᠎ᠠ ᠪᠤᠯᠬᠤ ᠤᠴᠢᠷ ᠡᠬᠡᠯ ᠠᠷᠠᠳ ᠤᠷᠤᠯᠴᠠᠳᠠᠭ ᠦᠭᠡᠢ ᠶᠤᠮ | ᠪᠠᠶᠢᠵᠠᠢ᠃ | ⑶ ᠶᠠᠮᠤᠨ ᠰᠦᠯᠳᠡ ᠪᠤᠯ ᠶᠠᠮᠤᠨ ᠲᠠᠮᠠᠭ᠎ᠠ ᠶᠢᠨ ᠭᠠᠵᠠᠷ ᠦᠷᠦᠭᠡᠯᠡᠨ ᠡᠳᠦᠷ ᠪᠦᠷᠢ ᠰᠠᠩ ᠰᠤᠯᠢᠬᠠ | ᠲᠠᠯᠪᠢᠬᠤ ᠠᠴᠠ ᠪᠢᠰᠢ ᠶᠡᠭᠡ ᠪᠠᠷ ᠲᠠᠬᠢᠳᠠᠭ ᠦᠭᠡᠢ ᠶᠤᠮ ᠭᠡᠨ᠎ᠡ᠃ ᠴᠤᠭᠴᠠᠯᠠᠪᠤᠷᠢ ᠶᠢᠨ ᠲᠠᠯ᠎ᠠ ᠠᠴᠠ ᠬᠡᠯᠡᠪᠡᠯ ᠮᠦᠨ | ᠭᠡᠭᠡᠨ ᠰᠦᠯᠳᠡ ᠪᠠ ᠴᠠᠭᠠᠨ ᠲᠤᠭ ᠰᠦᠯᠳᠡ ᠶᠢ ᠬᠤᠶᠠᠷ ᠲᠠᠯ᠎ᠠ ᠳᠤᠨᠢ ᠲᠠᠯᠪᠢᠳᠠᠭ ᠪᠠᠶᠢᠨ᠎ᠠ᠃ ᠭᠡᠭᠡᠨ ᠰᠦᠯᠳᠡ ᠶᠢᠨ | ᠬᠢᠨᠢ ᠲᠦᠷᠬᠦ ᠭᠡᠪᠡᠯ ᠬᠤᠤᠰ ᠠᠯᠳᠠ ᠶᠢᠨ ᠴᠠᠭᠠᠨ ᠬᠠᠶᠢᠯᠠᠩ ᠲᠤᠷᠭᠠᠨ ᠲᠡᠭᠡᠷ᠎ᠡ ᠬᠠᠷ᠎ᠠ ᠪᠡᠭᠡ ᠪᠠᠷ ᠵᠢᠷᠤᠭᠰᠠᠨ | ᠬᠤᠶᠠᠭ ᠲᠤᠭᠤᠯᠠᠭ᠎ᠠ ᠨᠤᠮᠤ ᠰᠠᠭᠠᠳᠠᠭ ᠲᠠᠢ᠂ ᠵᠢᠳᠡ ᠪᠠᠷᠢᠵᠦ ᠮᠤᠷᠢ ᠤᠨᠤᠭᠰᠠᠨ ᠪᠠᠭᠠᠳᠤᠷ ᠤᠨ ᠬᠦᠷᠦᠭ ᠪᠠᠶᠢᠵᠦ᠂ | ᠬᠤᠰᠢᠭᠤᠨ ᠤ ᠴᠡᠷᠢᠭ ᠠᠶᠠᠨ ᠳᠤ ᠮᠤᠷᠳᠠᠬᠤ᠂ ᠶᠠᠯᠠᠳᠠᠨ ᠬᠡᠷᠡᠭᠳᠡᠨ ᠢ ᠰᠢᠬᠦᠬᠦ᠂ ᠶᠠᠯ᠎ᠠ ᠲᠤᠭᠳᠠᠭᠠᠨ ᠰᠢᠳᠭᠡᠬᠦ ᠶᠢ | ᠴᠦᠮ ᠰᠦᠯᠳᠡ ᠶᠢᠨ ᠤᠷᠳᠤᠨ ᠤ ᠡᠮᠦᠨ᠎ᠡ ᠭᠦᠢᠴᠡᠳᠭᠡᠳᠡᠭ ᠪᠠᠶᠢᠵᠠᠢ᠃ ᠡᠨᠡ ᠨᠢ ᠰᠡᠭᠦᠯᠡᠷ᠂ ᠪᠠᠷᠠᠭᠤᠨ | ᠦᠵᠦᠮᠦᠴᠢᠨ ᠤ ︽ᠬᠦᠳᠡᠭᠡ ᠰᠦᠯᠳᠡ︾ ᠪᠠᠨ ᠰᠤᠯᠢᠬᠤ ᠳᠠᠭᠠᠨ ᠡᠶᠢᠮᠦᠷᠬᠦ ᠠᠳᠠᠯᠢ ᠴᠢᠩᠭᠢᠰ ᠬᠠᠭᠠᠨ ᠤ ᠴᠠᠭᠠᠨ | ᠮᠤᠷᠢ ᠲᠠᠢ ᠵᠠᠩᠵᠤᠨ ᠤ ᠬᠤᠶᠠᠭ ᠲᠤᠭᠤᠯᠠᠭ᠎ᠠ ᠲᠠᠢ ᠪᠠᠭᠠᠳᠤᠷ ᠤᠨ ᠵᠢᠪᠬᠤᠭ᠎ᠠ ᠲᠠᠢ ᠬᠦᠷᠦᠭ ᠢᠶᠠᠷ ᠤᠷᠤᠯᠠᠭᠤᠯᠤᠨ | ᠲᠠᠬᠢᠯ᠎ᠠ ᠭᠡᠵᠦ ᠲᠡᠮᠳᠡᠭᠯᠡᠵᠦ ᠪᠠᠶᠢᠬᠤ ᠠᠴᠠ ᠦᠵᠡᠪᠡᠯ ᠬᠦᠳᠡᠭᠡ ᠰᠦᠯᠳᠡ ᠪᠠ ᠶᠠᠮᠤᠨ ᠰᠦᠯᠳᠡ ᠶᠢᠨ ᠭᠡᠭᠡᠨ ᠲᠦᠷᠢ | ᠨᠢ ᠴᠢᠩᠭᠢᠰ ᠬᠠᠭᠠᠨ ᠤ ᠬᠦᠷᠦᠭ ᠪᠤᠯᠬᠤ ᠨᠢ ᠲᠤᠲᠤᠷᠬᠠᠢ ᠮᠦᠷᠳᠡᠭᠡᠨ ᠶᠡᠭᠡ ᠲᠠᠬᠢᠯᠭ᠎ᠠ ᠨᠢ ᠬᠦᠳᠡᠭᠡ ᠰᠦᠯᠳᠡ ᠶᠢᠨ | ᠲᠠᠬᠢᠯᠭ᠎ᠠ ᠪᠤᠯᠬᠤ ᠤᠴᠢᠷ ᠶᠠᠮᠤᠨ ᠰᠦᠯᠳᠡ ᠶᠢ ᠶᠡᠬᠡᠪᠡᠷ ᠲᠠᠬᠢᠳᠠᠭ ᠦᠭᠡᠢ ᠨᠢ ᠲᠡᠷᠡ ᠤᠴᠢᠷ ᠪᠠᠶᠢᠬ᠎ᠠ ᠭᠡᠵᠦ | ᠤᠶᠢᠯᠠᠭᠠᠭᠳᠠᠨᠠ᠃ | ᠲᠦᠷᠪᠡ᠂ ᠦᠵᠦᠮᠦᠴᠢᠨ ᠤ ᠬᠦᠳᠡᠭᠡ ᠰᠦᠯᠳᠡ ᠶᠢᠨ ᠲᠠᠬᠢᠯᠭ᠎ᠠ ᠶᠢ ᠰᠡᠷᠭᠦᠭᠡᠬᠦ ᠠᠴᠢ ᠬᠤᠯᠪᠤᠭᠳᠠᠯ | ᠦᠵᠦᠮᠦᠴᠢᠨ ᠬᠦᠳᠡᠭᠡ ᠰᠦᠯᠳᠡ ᠶᠢᠨ ᠲᠠᠬᠢᠯᠭ᠎ᠠ ᠪᠤᠯ ᠦᠵᠦᠮᠦᠴᠢᠨᠴᠦᠳ ᠤᠨ ᠵᠢᠯ ᠪᠦᠷᠢ ᠶᠢᠨ ᠡᠵᠡᠨ | ᠪᠤᠭᠳᠠ ᠴᠢᠩᠭᠢᠰ ᠬᠠᠭᠠᠨ ᠳᠤ ᠲᠠᠬᠢᠯᠭ᠎ᠠ ᠡᠷᠭᠦᠵᠦ᠂ ᠮᠦᠷᠭᠦᠯ ᠲᠠᠭᠠᠳᠬᠠᠯ ᠬᠢᠳᠡᠭ ᠨᠢᠭᠡ ᠵᠦᠢᠯ ᠤᠨ ᠰᠢᠳᠦᠯᠭᠡ | ᠪᠢᠰᠢᠷᠡᠯ ᠤᠨ ᠤᠯᠠᠮᠵᠢᠯᠠᠯᠳᠤ ᠵᠠᠩ ᠦᠢᠯᠡ ᠶᠢᠨ ᠬᠡᠯᠪᠡᠷᠢ ᠪᠤᠯᠤᠨ᠎ᠠ᠃ ᠰᠤᠶᠤᠯ ᠤᠨ ᠤᠯᠠᠮᠵᠢᠯᠠᠯ ᠪᠤᠯ ᠨᠢᠭᠡ | ᠦᠨᠳᠦᠰᠦᠳᠡᠨ ᠤ ᠰᠦᠭ ᠰᠦᠨᠡᠰᠦ ᠮᠦᠨ᠂ ᠨᠡᠩ ᠴᠤ ᠤᠬᠠᠭᠠᠷᠠᠭᠤᠯᠬᠤ ᠬᠦᠴᠦᠨ ᠪᠤᠯᠤᠨ ᠨᠢᠭᠳᠠᠷᠠᠭᠤᠯᠬᠤ | ᠬᠦᠴᠦᠨ ᠲᠠᠢ ᠪᠠᠶᠢᠳᠠᠭ ᠢᠶᠠᠷ ᠦᠷᠭᠡᠨ ᠤᠯᠠᠨ ᠰᠢᠳᠦᠨ ᠪᠢᠰᠢᠷᠡᠭᠴᠢᠳ ᠪᠤᠯᠤᠨ ᠮᠠᠯᠴᠢᠨ ᠲᠦᠮᠡᠨ᠂ ᠵᠠᠯᠠᠭᠤᠴᠦᠳ | ᠪᠠᠭᠠᠴᠦᠳ ᠮᠠᠨᠢ ︽ᠬᠦᠳᠡᠭᠡ ᠰᠦᠯᠳᠡ ᠶᠢᠨ ᠲᠠᠬᠢᠯᠭ᠎ᠠ︾ ᠪᠠᠷ ᠲᠠᠮᠵᠢᠭᠤᠯᠵᠦ ᠤᠶᠤᠨ ᠤ ᠤᠬᠠᠭᠠᠷᠠᠯ᠂ | ᠠᠮᠢᠳᠤᠷᠠᠯ ᠤᠨ ᠢᠳᠡᠭᠡᠯ᠂ ᠨᠢᠭᠳᠠᠷᠠᠯ ᠤᠨ ᠬᠦᠴᠦᠨ᠂ ᠦᠢᠯᠡᠰ ᠤᠨ ᠬᠢᠯᠪᠠᠭ᠎ᠠ ᠶᠢ ᠤᠯᠵᠦ ᠴᠢᠳᠠᠬᠤ ᠮᠦᠷᠳᠡᠭᠡᠨ | ᠲᠡᠤᠬᠡ ᠪᠠᠨ ᠮᠡᠳᠡᠬᠦᠯᠬᠦ᠂ ᠵᠠᠩ ᠦᠢᠯᠡ ᠪᠠᠨ ᠲᠠᠨᠢᠭᠤᠯᠬᠤ᠂ ᠦᠨᠳᠦᠰᠦᠳᠡᠨ ᠤ ᠮᠦᠨ ᠴᠢᠨᠠᠷ ᠢᠶᠠᠨ ᠬᠠᠳᠠᠭᠠᠯᠠᠬᠤ | ᠵᠡᠷᠭᠡ ᠤᠳᠤᠬᠢ ᠠᠴᠢ ᠬᠤᠯᠪᠤᠭᠳᠠᠯ ᠲᠠᠢ ᠶᠤᠮ᠃ ᠤᠳᠤ ᠶᠢᠨ ᠪᠤᠯᠪᠠᠰᠤᠨ ᠴᠠᠭ ᠡᠷᠡᠨ ᠳᠤ ᠶᠤᠰᠤ ᠰᠤᠷᠳᠠᠬᠤᠨ ᠤ | ᠬᠦᠮᠦᠵᠢᠯ ᠢ ᠴᠢᠬᠤᠯᠠᠴᠢᠯᠠᠬᠤ ᠨᠢ ᠲᠦᠢᠯ ᠤᠨ ᠴᠢᠬᠤᠯᠠ ᠨᠡᠶᠢᠭᠡᠮ ᠪᠠ ᠬᠦᠮᠦᠨ ᠮᠦᠰᠦ ᠨᠢᠭᠡᠪᠦᠷᠢ ᠶᠢᠨ ᠱᠠᠭᠠᠷᠳᠠᠯᠭ᠎ᠠ | ᠮᠦᠨ᠃ ᠰᠢᠳᠦᠯᠭᠡ ᠪᠢᠰᠢᠷᠡᠯ ᠲᠠᠢ ᠠᠷᠠᠳ ᠲᠦᠮᠡᠨ ᠪᠤᠯ ᠰᠠᠶ᠋ᠢ ᠪᠤᠯᠪᠠᠰᠤᠨ ᠶᠤᠰᠤ ᠰᠤᠷᠳᠠᠬᠤᠨ ᠲᠠᠢ ᠠᠷᠠᠳ | ᠲᠦᠮᠡᠨ ᠮᠦᠨ᠂ ᠡᠶᠢᠮᠦ ᠠᠴᠠ ᠮᠤᠩᠭᠤᠯᠴᠦᠳ ᠤᠨ ᠭᠡᠷ ᠪᠦᠯᠢ ᠶᠢᠨ ᠬᠦᠮᠦᠵᠢᠯ ᠤᠨ ᠲᠤᠲᠤᠷᠠᠬᠢ ᠰᠦᠯᠳᠡ | ᠰᠢᠳᠦᠭᠡᠨ᠂ ᠤᠪᠤᠭ᠎ᠠ ᠯᠤᠤᠰ᠂ ᠭᠠᠯ ᠭᠤᠯᠤᠮᠳᠠ ᠪᠠᠨ ᠲᠠᠬᠢᠬᠤ ᠰᠢᠳᠦᠭᠡᠨ ᠤ ᠬᠡᠯᠪᠡᠷᠢ ᠶᠢᠨ ᠦᠢᠯᠡ ᠠᠵᠢᠯᠯᠠᠭ᠎ᠠ ᠪᠤᠯ | ᠬᠦᠮᠦᠨ ᠪᠤᠯᠬᠤ ᠶᠤᠰᠤᠨ ᠢ ᠪᠠᠭ᠎ᠠ ᠠᠴᠠ ᠨᠢ ᠬᠦᠮᠦᠵᠢᠭᠦᠯᠬᠦ᠂ ᠪᠠᠭ᠎ᠠ ᠠᠴᠠ ᠨᠢ ᠲᠠᠨᠢᠭᠤᠯᠤᠨ ᠮᠡᠳᠡᠭᠦᠯᠬᠦ ᠵᠡᠷᠭᠡ | ᠤᠶᠤᠨ ᠰᠠᠨᠠᠭᠠᠨ ᠤ ᠲᠦᠰᠢᠭ ᠲᠤᠯᠭᠤᠷ ᠢ ᠤᠯᠭᠤᠳᠠᠭ ᠤᠴᠢᠷ ᠲᠠᠢ᠂ ᠡᠶᠢᠮᠦᠷᠬᠦ ᠤᠯᠠᠮᠵᠢᠯᠠᠯ ᠤᠨ ᠰᠤᠶᠤᠯ ᠪᠤᠯ | ᠪᠤᠯᠪᠠᠰᠤᠨ ᠠᠷᠠᠳ ᠢᠷᠬᠡᠳ ᠢ ᠬᠦᠮᠦᠵᠢᠭᠦᠯᠦᠨ ᠭᠠᠷᠭᠠᠬᠤ ᠳᠤ ᠲᠤᠳᠠᠭᠳᠠᠵᠦ ᠪᠤᠯᠤᠰᠢ ᠦᠭᠡᠢ ︽ᠡᠷᠳᠡᠨᠢ︾ | ᠪᠠᠶᠢᠭ᠎ᠠ ᠶᠤᠮ᠃ | ᠦᠵᠦᠮᠦᠴᠢᠨ ᠤ ᠬᠦᠳᠡᠭᠡ ᠰᠦᠯᠳᠡ ᠶᠢᠨ ᠲᠠᠬᠢᠯᠭ᠎ᠠ ᠪᠤᠯ ᠲᠠᠷᠤᠢ ᠴᠢᠩᠭᠢᠰ ᠬᠠᠭᠠᠨ ᠤ ᠲᠠᠶᠢᠯᠭ᠎ᠠ ᠪᠤᠯᠬᠤ | ᠤᠴᠢᠷ ᠮᠤᠩᠭᠤᠯ ᠦᠨᠳᠦᠰᠦᠳᠡᠨ ᠳᠤ ᠠᠪᠴᠤ ᠬᠡᠯᠡᠪᠡᠯ ᠴᠤᠷ ᠤᠨ ᠭᠠᠭᠴᠠ ᠨᠡᠶᠢᠳᠡᠮ ᠤᠨ ᠴᠢᠨᠠᠷ ᠲᠠᠢ ᠠᠷᠠᠳ | ᠲᠦᠮᠡᠨ ᠤ ᠬᠦᠯᠢᠶᠡᠨ ᠮᠡᠳᠡᠷᠡᠳᠡᠭ ᠰᠢᠳᠦᠭᠡᠨ ᠲᠠᠬᠢᠯᠭ᠎ᠠ ᠪᠤᠯᠬᠤ ᠶᠤᠮ᠃ ᠡᠶᠢᠮᠦ ᠪᠠᠷ ᠡᠨᠡ ᠨᠢ ᠮᠤᠩᠭᠤᠯ | ᠦᠨᠳᠦᠰᠦᠳᠡᠨ ᠤ ᠠᠷᠠᠳ ᠲᠦᠮᠡᠨ ᠤ ᠬᠠᠮᠳᠤ ᠶᠢᠨ ᠤᠶᠤᠨ ᠰᠠᠨᠠᠭᠠᠨ ᠤ ᠦᠪ ᠬᠦᠷᠦᠩᠬᠡ ᠪᠤᠯᠳᠠᠭ᠃ ᠪᠢᠳᠡ | ᠬᠠᠷᠢ ᠶᠢᠨ ᠱᠠᠰᠢᠨ ᠢ ᠬᠠᠷᠢ ᠶᠢᠨ ᠬᠡᠯᠡ ᠪᠠᠷ ᠨᠢ ᠤᠩᠰᠢᠵᠦ ᠲᠠᠬᠢᠭᠠᠳ ᠬᠠᠭᠠᠰ ᠮᠢᠩᠭᠠᠨ ᠢ ᠦᠩᠭᠡᠷᠡᠭᠡᠪᠡ᠂ ᠶᠠᠭᠤ | ᠤᠯᠪᠠ︖ ᠮᠤᠬᠤᠷ ᠪᠢᠰᠢᠷᠡᠯ᠂ ᠦᠨᠳᠦᠰᠦᠳᠡᠨ ᠤ ᠲᠤᠷᠤᠶᠢᠳᠠᠯ ᠪᠠ ᠮᠦᠬᠦᠯ ᠤᠨ ᠵᠠᠮ ᠢ ᠲᠤᠭᠤᠯᠤᠭᠰᠠᠨ ᠶᠤᠮ᠃ | ᠱᠠᠰᠢᠨ ᠤ ᠶᠤᠰᠤ ᠨᠢ ᠠᠭᠤᠤ ᠶᠡᠭᠡ ᠪᠤᠯᠪᠠᠴᠤ ᠲᠡᠭᠦᠨ ᠢ ᠰᠢᠳᠦᠭᠡᠨᠴᠢᠯᠡᠨ ᠤᠶᠢᠯᠠᠭᠠᠭᠳᠠᠰᠢ ᠦᠭᠡᠢ ᠬᠡᠯᠡ ᠪᠠᠷ | ᠨᠤᠮᠯᠠᠬᠤ ᠪᠤᠯᠬᠤᠷ ᠠᠷᠭ᠎ᠠ ᠬᠡᠯᠪᠡᠷᠢ ᠶᠢᠨ ᠲᠠᠯ᠎ᠠ ᠪᠠᠷ ᠪᠦᠷᠢᠮᠦᠰᠦᠨ ᠪᠤᠷᠤᠭᠤᠳᠠᠭᠰᠠᠨ ᠪᠦᠭᠡᠳ ᠵᠦᠪᠬᠡᠨ ᠰᠦᠮ᠎ᠡ | ᠯᠠᠮᠠ ᠲᠡᠵᠢᠭᠡᠬᠦ ᠶᠠᠪᠤᠳᠠᠯ ᠲᠡᠳᠦᠢ ᠪᠤᠯᠤᠭᠰᠠᠨ ᠶᠤᠮ᠂ ᠡᠨᠡ ᠮᠤᠬᠤᠷ ᠪᠢᠰᠢᠷᠡᠯ ᠪᠤᠯᠤᠭᠰᠠᠨ ᠪᠢᠰᠢᠤ︕ ᠤᠳᠤ ᠭᠡᠳ | ᠠᠷᠠᠳ ᠢᠷᠭᠡᠳ ᠮᠠᠨᠢ ᠮᠦᠨ ᠤᠤᠯ ᠤᠨ ᠮᠤᠬᠤᠷ ᠪᠢᠰᠢᠷᠡᠯ ᠤᠨ ᠵᠠᠮ ᠢᠶᠠᠷ ᠢᠶᠠᠨ ᠶᠠᠪᠤᠴᠢᠬᠠᠯ᠎ᠠ᠂ ᠡᠨᠡ ᠪᠤᠯ ᠭᠡᠨᠡᠨ | ᠶᠠᠪᠤᠳᠠᠯ ᠪᠤᠯᠪᠠ᠃ ᠡᠶᠢᠮᠦ ᠠᠴᠠ ᠴᠢᠩᠭᠢᠰ ᠬᠠᠭᠠᠨ ᠤ ᠲᠠᠶᠢᠯᠭ᠎ᠠ ᠲᠠᠬᠢᠯᠭ᠎ᠠ ᠶᠢ ᠰᠡᠷᠭᠦᠭᠡᠨ ᠰᠢᠳᠦᠬᠦ ᠪᠤᠯ ᠨᠢᠭᠡ ᠳᠤ | ᠦᠪᠡᠷ ᠤᠨ ᠲᠠᠨᠢ ᠠᠭᠤᠤ ᠶᠡᠭᠡ ᠲᠡᠤᠬᠡᠨ ᠬᠦᠮᠦᠨ ᠪᠦᠭᠡᠳ ᠲᠡᠭᠡᠳᠦᠰ ᠲᠠᠨᠢ ᠮᠦᠨ᠂ ᠬᠤᠶᠠᠷ ᠲᠤ | ᠮᠤᠩᠭᠤᠯ ᠪᠠᠷ ᠢᠶᠠᠨ ᠲᠠᠬᠢᠳᠠᠭ ᠴᠤᠷ ᠤᠨ ᠭᠠᠭᠴᠠ ᠰᠢᠳᠦᠭᠡᠨ ᠲᠠᠨᠢ ᠮᠦᠨ᠂ ᠭᠤᠷᠪᠠ ᠳᠤ ᠬᠦᠬᠡ ᠮᠦᠩᠬᠡ | ᠲᠡᠭᠷᠢ ᠶᠢᠨ ᠤᠯᠠᠭᠠᠴᠢ ᠪᠤᠯ ᠴᠢᠩᠭᠢᠰ ᠬᠠᠭᠠᠨ ᠮᠦᠨ᠂ ᠮᠤᠩᠭᠤᠯ ᠤᠨ ᠡᠷᠳᠡᠨ ᠤ ᠢᠵᠠᠭᠤᠷ ᠰᠢᠳᠦᠯᠭᠡ ᠪᠤᠯ ᠪᠦᠬᠡ | ᠮᠦᠷᠭᠦᠯ ᠤᠨ ᠶᠤᠰᠤᠨ ᠪᠤᠯᠬᠤ ᠶᠤᠮ᠂ ᠶᠠᠭ ᠡᠶᠢᠮᠦ ᠤᠴᠢᠷ ᠠᠴᠠ ᠬᠦᠳᠡᠭᠡ ᠰᠦᠯᠳᠡ ᠶᠢᠨ ᠲᠠᠬᠢᠯᠭ᠎ᠠ ᠶᠢᠨ ᠠᠭᠤᠤ | ᠶᠡᠭᠡ ᠠᠴᠢ ᠬᠤᠯᠪᠤᠭᠳᠠᠯ ᠪᠠ ᠤᠳᠤᠬᠢᠴᠢ ᠠᠴᠢ ᠬᠤᠯᠪᠤᠭᠳᠠᠯ ᠢ ᠮᠡᠳᠡᠵᠦ ᠪᠤᠯᠤᠨ᠎ᠠ᠂ ᠡᠨᠡ ᠰᠢᠳᠦᠯᠭᠡ ᠪᠢᠰᠢᠷᠡᠯ ᠤᠨ | ᠲᠤᠬᠠᠢ ᠰᠤᠳᠤᠯᠭᠠᠨ ᠢ ᠤᠯᠠᠮ ᠭᠦᠨᠵᠡᠭᠡᠶᠢᠷᠡᠭᠦᠯᠵᠦ᠂ ᠬᠠᠮᠳᠤ ᠶᠢᠨ ᠰᠢᠳᠦᠭᠡᠨ ︽ᠴᠢᠩᠭᠢᠰ ᠬᠠᠭᠠᠨ︾ ᠤ ᠲᠠᠶᠢᠯᠭ᠎ᠠ | ᠲᠠᠬᠢᠯᠭ᠎ᠠ ᠶᠢ ᠦᠷᠭᠡᠵᠢᠭᠦᠯᠦᠨ ᠰᠡᠷᠭᠦᠭᠡᠵᠦ᠂ ᠦᠨᠳᠦᠰᠦᠳᠡᠨ ᠤ ᠰᠤᠳᠤᠨ ᠤᠯᠠᠮᠵᠢᠯᠠᠯ ᠢᠶᠠᠨ ᠦᠷᠭᠦᠯᠵᠢᠯᠡᠨ | ᠠᠭᠤᠳᠠᠯᠠᠨ ᠪᠠᠳᠠᠷᠠᠭᠤᠯᠵᠦ᠂ ᠲᠤᠮᠳᠠᠳᠤ ᠶᠢᠨ ᠵᠡᠭᠦᠳᠦ ᠶᠢᠨ ᠨᠢᠭᠡᠨ ᠪᠤᠯᠬᠤ ᠦᠨᠳᠦᠰᠦᠳᠡᠨ ᠤ ᠵᠡᠭᠦᠳᠦ ᠪᠠᠨ ᠰᠤᠶᠤᠯ | ᠰᠢᠳᠦᠯᠭᠡ ᠶᠢᠨ ᠲᠠᠯ᠎ᠠ ᠪᠠᠷ ᠲᠡᠷᠭᠡᠯᠰᠢᠭᠦᠯᠬᠦ ᠬᠡᠷᠡᠭᠳᠡᠢ᠃ | ᠬᠦᠳᠡᠭᠡ ᠰᠦᠯᠳᠡ ᠶᠢᠨ ᠲᠠᠬᠢᠯᠭ᠎ᠠ ᠶᠢᠨ ᠤᠯᠠᠮᠵᠢᠯᠠᠯ ᠠᠴᠠ ᠠᠵᠢᠭᠯᠠᠪᠡᠯ᠂ ᠴᠢᠩᠭᠢᠰ ᠡᠵᠡᠨ ᠢᠶᠠᠨ | ᠮᠤᠩᠭᠤᠯ ᠢᠶᠠᠷ ᠰᠠᠩ ᠵᠤᠬᠢᠶᠠᠵᠦ ᠤᠩᠰᠢᠬᠤ ᠪᠠ ᠯᠠᠮᠠ ᠬᠡᠷᠡᠭᠰᠡᠬᠦ ᠦᠭᠡᠢ ᠬᠠᠷᠠᠴᠦᠳ ᠦᠪᠡᠷᠳᠡᠭᠡᠨ ᠲᠠᠬᠢᠳᠠᠭ | ᠤᠨᠴᠠᠯᠢᠭ ᠲᠤᠪᠤᠶᠢᠮ᠎ᠠ ᠪᠠᠶᠢᠨ᠎ᠠ᠃ ᠮᠤᠩᠭᠤᠯᠴᠦᠳ ᠬᠡᠳᠦᠨ ᠵᠠᠭᠤᠨ ᠵᠢᠯ ᠪᠤᠰᠤᠳ ᠤᠨ ᠲᠠᠷᠤᠯᠠᠯ ᠬᠢᠵᠠᠭᠠᠷᠯᠠᠯ ᠤᠨ | ᠲᠤᠤᠷ᠎ᠠ ᠢᠩᠭᠢᠵᠦ ᠤᠯᠠᠮᠵᠢᠯᠠᠯ ᠢᠶᠠᠨ ᠪᠠᠷᠢᠮᠳᠠᠯᠠᠵᠦ ᠢᠷᠡᠭᠰᠡᠨ ᠨᠢ ᠦᠨᠡᠬᠡᠷ ᠠᠮᠠᠷ ᠦᠭᠡᠢ ᠶᠠᠪᠤᠳᠠᠯ ᠡ᠃ ᠬᠦᠳᠡᠭᠡ | ᠰᠦᠯᠳᠡ ᠶᠢᠨ ᠲᠠᠬᠢᠯᠭ᠎ᠠ ᠶᠢᠨ ᠪᠠᠰᠠ ᠨᠢᠭᠡᠨ ᠤᠨᠴᠠᠯᠢᠭ ᠪᠤᠯ ᠰᠢᠷ᠎ᠠ ᠶᠢᠨ ᠱᠠᠰᠢᠨ ᠠᠴᠠ ᠲᠤᠰᠠᠭᠠᠷᠯᠠᠭᠰᠠᠨ ᠪᠠᠶᠢᠬᠤ | ᠪᠠ ᠪᠦᠬᠡ ᠮᠦᠷᠭᠦᠯ ᠤᠨ ᠰᠢᠳᠦᠯᠭᠡ ᠶᠢᠨ ᠬᠡᠪ ᠨᠠᠮᠪᠠ ᠶᠢ ᠪᠦᠳᠦᠮᠵᠢᠳᠡᠢ ᠬᠠᠳᠠᠭᠠᠯᠠᠭᠰᠠᠨ ᠢ ᠮᠡᠳᠡᠵᠦ ᠪᠤᠯᠤᠨ᠎ᠠ᠂ | ᠭᠡᠪᠡᠴᠦ ᠤᠤᠯ ᠲᠠᠬᠢᠯᠭ᠎ᠠ ᠶᠢᠨ ᠰᠠᠩ ᠢ ᠦᠭᠡᠷᠡᠴᠢᠯᠡᠨ ᠰᠢᠷ᠎ᠠ ᠶᠢᠨ ᠱᠠᠰᠢᠨ ᠤ ᠠᠭᠤᠯᠭ᠎ᠠ ᠠᠯᠪᠠ ᠪᠠᠷ | ᠤᠷᠤᠭᠤᠯᠤᠭᠰᠠᠨ ᠨᠢ ᠪᠠᠰᠠ ᠨᠢᠭᠡᠨ ᠰᠤᠳᠤᠯᠤᠭᠤᠰᠢᠳᠠᠢ ᠶᠠᠪᠤᠳᠠᠯ ᠪᠤᠯᠬᠤ ᠶᠤᠮ᠃ | ᠪᠢᠳᠡ ᠬᠦᠳᠡᠭᠡ ᠰᠦᠯᠳᠡ ᠶᠢᠨ ᠤᠯᠠᠮᠵᠢᠯᠠᠯᠳᠤ ᠤᠤᠷ ᠴᠢᠨᠠᠷ ᠢ ᠪᠦᠷᠢᠨ ᠰᠡᠷᠭᠦᠭᠡᠬᠦ ᠶᠢᠨ ᠲᠠᠭᠠᠤ ᠳᠤ ᠰᠢᠨ᠎ᠡ | ᠴᠠᠭ ᠦᠶ᠎ᠡ ᠶᠢᠨ ᠰᠤᠶᠤᠯ ᠤᠨ ᠬᠦᠭᠵᠢᠯᠳᠡ ᠲᠠᠢ ᠤᠶᠠᠯᠳᠤᠭᠤᠯᠵᠦ᠂ ᠦᠵᠦᠮᠦᠴᠢᠨ ᠤ ᠬᠤᠰᠢᠭᠤ ᠲᠠᠶᠠᠭᠠᠷ ᠤᠨ | ᠦᠨᠳᠦᠰᠦᠳᠡᠨ ᠤ ᠰᠢᠳᠦᠭᠡᠨ ᠤ ᠵᠠᠩ ᠦᠢᠯᠡ ᠪᠠᠨ ᠪᠦᠷᠢᠨ ᠰᠡᠷᠭᠦᠭᠡᠵᠦ᠂ ᠰᠢᠳᠦᠨ ᠪᠢᠰᠢᠷᠡᠭᠴᠢᠳ ᠪᠦᠭᠦᠳᠡᠭᠡᠷ | ᠰᠠᠨᠠᠭ᠎ᠠ ᠰᠡᠳᠭᠢᠯ ᠨᠢ ᠪᠠᠶᠠᠰᠤᠩᠭᠤᠢ᠂ ᠬᠡᠶᠢᠮᠦᠷᠢ ᠰᠦᠯᠳᠡ ᠨᠢ ᠮᠠᠨᠳᠤᠩᠭᠤᠢ᠂ ᠦᠢᠯᠡᠰ ᠪᠦᠬᠦᠨ ᠨᠢ ᠪᠠᠳᠠᠷᠠᠩᠭᠤᠢ᠂ | ᠢᠳᠡᠭᠡᠯ ᠪᠢᠰᠢᠷᠡᠯ ᠨᠢ ᠪᠠᠳᠤᠵᠢᠩᠭᠤᠢ᠂ ᠡᠷᠦᠬᠡ ᠭᠡᠷ ᠨᠢ ᠦᠭᠡᠳᠡ ᠡᠰᠡᠷᠡᠭ ᠂ ᠦᠷᠭᠡᠨ ᠲᠦᠮᠡᠨ ᠨᠢ ᠦᠯᠵᠡᠢ ᠮᠦᠷ | ᠲᠠᠢ ᠪᠤᠯᠭᠠᠬᠤ ᠰᠢᠳᠦᠭᠡᠨ ᠤ ᠲᠠᠷᠬᠠᠨ ᠤᠷᠤᠨ ᠢ ᠪᠠᠶᠢᠭᠤᠯᠤᠨ᠎ᠠ᠃ | ᠠᠰᠢᠭᠯᠠᠭᠰᠠᠨ ᠨᠤᠮ ᠵᠦᠢ | ᠪᠠᠶᠠᠷ ᠤᠨ ᠠᠷᠢᠭᠤᠳᠬᠠᠭᠰᠠᠨ ︿︿ᠮᠤᠩᠭᠤᠯ ᠤᠨ ᠨᠢᠭᠤᠴᠠ ᠲᠤᠪᠴᠢᠶᠠᠨ﹀﹀ | ᠷᠠᠰᠢᠳ᠋ — ᠠᠳ᠋ — ᠳ᠋ᠢᠨ ᠤ ︽ᠰᠤᠳᠤᠷ ᠤᠨ ᠴᠢᠭᠤᠯᠭᠠᠨ︾ | ᠴᠣᠶᠢᠵᠢ ᠶᠢᠨ ᠠᠷᠢᠭᠤᠳᠬᠠᠭᠰᠠᠨ ︿︿ᠯᠣ᠂ ᠠᠯᠲᠠᠨ ᠲᠣᠪᠴᠢ﹀﹀ | ᠴᠣᠶᠢᠵᠢ ᠶᠢᠨ ᠠᠷᠢᠭᠤᠳᠬᠠᠭᠰᠠᠨ ︿︿ᠭᠠᠩᠭ᠎ᠠ ᠶᠢᠨ ᠤᠷᠤᠰᠬᠠᠯ﹀﹀ | ᠳ᠋ᠠᠢ ᠬᠤᠩ ᠢ ᠨᠠᠷ ᠤᠨ ︽ᠤᠮᠠᠷᠠᠳᠤ ᠶᠤᠸᠠᠨ ᠤ ᠲᠡᠤᠬᠡ︾ | ᠰᠠᠶᠢᠰᠢᠶᠠᠯ ᠤᠨ ︽ᠴᠢᠩᠭᠢᠰ ᠬᠠᠭᠠᠨ ᠤ ᠲᠤᠪᠴᠢᠶᠠᠨ︾ | ᠮᠠᠽᠦ᠋ᠸᠤ᠋ ᠶᠢᠨ ︽ᠬᠤᠪᠢᠯᠠᠢ ᠬᠠᠭᠠᠨ︾ | ᠣᠭᠤᠨᠣᠰ ᠴᠣᠭᠲᠦ ᠶᠢᠨ ︿︿ᠴᠢᠩᠭᠢᠰ ᠬᠠᠭᠠᠨ ᠤ ᠲᠠᠶᠢᠯᠭ᠎ᠠ﹀﹀ | ᠫ᠊᠂ ᠲᠤᠭᠠᠷ ᠤᠨ ︽ᠦᠵᠦᠮᠦᠴᠢᠨ ᠤ ᠲᠡᠤᠬᠡ ᠶᠢᠨ ᠪᠠᠷᠢᠮᠳᠠ ᠪᠢᠴᠢᠭ ᠤᠳ︾ | ᠨᠠ᠊ ᠲᠠᠮᠷᠢᠨᠵᠠᠪ ᠤᠨ ︽ᠤᠤᠯ ᠤᠨ ᠪᠠᠷᠠᠭᠤᠨ ᠦᠵᠦᠮᠦᠴᠢᠨ ᠬᠤᠰᠢᠭᠤᠨ ᠤ ᠰᠦᠯᠳᠡ ᠲᠠᠬᠢᠬᠤ ᠲᠤᠬᠠᠢ︾ | | ᠸ᠊ ᠨᠠᠮᠵᠢᠯᠰᠦ᠋ᠷᠦᠩ ᠤᠨ ︽ᠦᠵᠦᠮᠦᠴᠢᠨ ᠪᠡᠶᠢᠯᠡ ᠶᠢᠨ ᠬᠤᠰᠢᠭᠤᠨ ᠤ ᠰᠦᠯᠳᠡ ᠲᠠᠬᠢᠯᠭ᠎ᠠ︾ | | ᠪᠠᠳᠮᠠᠰᠡᠷᠡᠩ ᠤᠨ ︿︿ᠦᠵᠦᠮᠦᠴᠢᠨ ᠤ ︿ᠡᠪᠦᠭᠡᠨ ᠰᠦᠯᠳᠡ﹀ ᠶᠠᠮᠠᠷ ᠬᠦᠮᠦᠨ ᠤ ᠬᠦᠷᠦᠭ ᠪᠣᠯᠬᠤ | ᠪᠠ ᠲᠡᠭᠦᠨ ᠢ ᠬᠡᠨ ᠯᠠᠮᠠ ᠶᠢᠨ ᠬᠦᠷᠢᠶ᠎ᠡ ᠰᠦᠮ᠎ᠡ ᠳᠤ ᠰᠢᠯᠵᠢᠭᠦᠯᠵᠦ ᠲᠠᠬᠢᠭᠤᠯᠣᠭᠰᠠᠨ ᠲᠤᠬᠠᠢ ᠰᠢᠨᠵᠢᠯᠡᠬᠦ ᠨᠢ﹀﹀ | | | 2015,09,16 | |