ᠵᠡᠭᠦᠨ ᠦᠵᠦᠮᠦᠴᠢᠨ ᠤ ᠵᠠᠰᠠᠭ ᠵᠠᠬᠢᠷᠭ᠎ᠠ ᠶᠢᠨ ᠲᠡᠤᠬᠡ
ᠨᠡᠶᠢᠲᠡᠯᠡᠭᠰᠡᠨ ᠴᠠᠭ᠄
2017/4/21
ᠤᠷᠢᠶᠠᠩᠬᠠᠨ ᠤ᠂ ᠶᠤᠨᠳᠤᠨ                           ᠵᠡᠭᠦᠨ ᠦᠵᠦᠮᠦᠴᠢᠨ ᠬᠤᠰᠢᠭᠤᠨ ᠤ  ᠰᠢᠨ᠎ᠡ ᠠᠷᠠᠳᠴᠢᠯᠠᠭᠰᠠᠨ ᠬᠤᠪᠢᠰᠬᠠᠯ ᠤᠨ ᠦᠶ᠎ᠡ ᠶᠢᠨ ᠰᠣᠮᠣ ᠪᠠᠭ ᠤᠨ ᠲᠣᠬᠠᠢ      ᠵᠡᠭᠦᠨ ᠦᠵᠦᠮᠦᠴᠢᠨ ᠬᠤᠰᠢᠭᠤᠨ ᠤ ᠰᠣᠮᠣ ᠪᠠᠭ ᠤᠨ ᠦᠶ᠎ᠡ ᠶᠢ ᠰᠣᠳᠣᠯᠬᠤ ᠳᠤ ᠬᠤᠶᠠᠷ ᠦᠶ᠎ᠡ ᠬᠤᠪᠢᠶᠠᠨ ᠲᠣᠳᠣᠷᠬᠠᠢᠢᠯᠠᠬᠤ ᠴᠢᠬᠤᠯᠠ ᠲᠠᠢ  ᠃ ᠵᠡᠭᠦᠨ ᠬᠤᠯᠪᠣᠭᠠᠲᠦ ᠬᠤᠰᠢᠭᠤᠨ ᠤ ᠦᠶ᠎ᠡ ︵1949 — 1956︶  ᠶᠢᠨ ᠰᠣᠮᠣ ᠪᠠᠭ ᠳᠠᠷᠣᠢ 5᠂ 6᠂ 7 ᠳ᠋ᠣᠭᠠᠷ ᠰᠣᠮᠣ ᠪᠣᠯᠣᠨ ᠵᠡᠭᠦᠨ ᠦᠵᠦᠮᠦᠴᠢᠨ ᠬᠤᠰᠢᠭᠤᠨ ᠤ ᠪᠠᠶᠢᠭᠤᠯᠣᠭᠳᠠᠬᠤ ᠦᠶ᠎ᠡ ︵1956 — 1958︶ ᠶᠢᠨ ᠰᠣᠮᠣ ᠪᠠᠭ ᠳᠠᠷᠣᠢ 5 ᠰᠣᠮᠣ 25 ᠪᠠᠭ ︵ᠬᠤᠷᠰᠢᠶᠠᠵᠢᠯᠠᠯᠳᠠ ᠶᠢᠨ ᠦᠶ᠎ᠡ ᠴᠦ ᠭᠡᠳᠡᠭ︶ ᠪᠣᠯᠣᠨ᠎ᠠ᠃  ᠰᠣᠮᠣ ᠪᠠᠭ ᠤᠨ ᠲᠣᠬᠠᠢ ᠰᠢᠨᠵᠢᠯᠡᠨ ᠪᠢᠴᠢᠬᠦ  ᠳᠡᠭᠡᠨ ︽ᠵᠡᠭᠦᠨ ᠦᠵᠦᠮᠦᠴᠢᠨ ᠤ ᠣᠢᠢᠯᠠᠯᠭ᠎ᠠ︾᠂ ︽ᠳᠠᠭᠤᠳᠣᠨᠠᠭᠤᠷ ᠰᠣᠮᠣᠨ ᠤ ᠲᠡᠤᠬᠡᠨ ᠳᠦᠢᠮᠣ︾᠂ ︽ᠠᠯᠲᠠᠨ ᠬᠢᠯᠢ︾᠂ ︽ᠬᠦᠷᠢᠶᠡᠳᠦᠨᠠᠭᠤᠷ ᠰᠣᠮᠣᠨ  ᠤ ᠴᠠᠳᠢᠭ︾ ᠵᠡᠷᠭᠡ ᠨᠣᠮ ᠪᠢᠴᠢᠭ ᠢᠶᠠᠷ ᠯᠠᠪᠯᠠᠯᠳᠠ ᠪᠣᠯᠭᠠᠭᠰᠠᠨ ᠪᠠ ᠲᠦ᠋ ᠯᠠᠮᠵᠠᠪ᠂ ᠣᠳᠬᠠᠨᠪᠠᠶᠠᠷ᠂ ᠦ ᠲᠠᠮᠢᠷᠠᠨ᠂ ᠰᠠᠨᠴᠢᠷ᠂ ᠫᠧᠯᠵᠠᠢ᠂ ᠯᠾ ᠪᠠᠲᠣᠮᠦ᠋ᠩᠬᠡ᠂ ᠠᠳᠢᠶ᠎ᠠ ᠵᠡᠷᠭᠡ ᠬᠦᠮᠦᠰ ᠶᠢ ᠰᠣᠷᠪᠣᠯᠵᠢᠯᠠᠨ ᠣᠯᠠᠨᠳᠠ ᠬᠢᠨᠠᠵᠤ ᠳᠣᠤᠷᠠᠬᠢ ᠮᠡᠳᠦ ᠱᠦᠭᠦᠮᠡᠭᠯᠡᠪᠠᠢ  ᠄      ᠨᠢᠭᠡ  ᠂ ᠵᠡᠭᠦᠨ ᠬᠤᠯᠪᠣᠭᠠᠲᠦ ᠬᠤᠰᠢᠭᠤᠨ ᠤ 5᠂ 6᠂ 7 ᠳ᠋ᠣᠭᠠᠷ ᠰᠣᠮᠣ ᠪᠣᠯᠣᠨ 27 ᠪᠠᠭ ᠤᠨ ᠲᠣᠬᠠᠢ      1᠂ ᠳᠣᠯᠣᠳᠣᠭᠠᠷ ᠰᠣᠮᠣ ᠨᠢ ᠯᠠᠮᠠ ᠶᠢᠨ ᠬᠦᠷᠢᠶᠡᠨ ᠳᠤ ᠲᠥᠪᠯᠡᠵᠦ ᠪᠠᠶᠢᠭᠰᠠᠨ ᠪᠦᠭᠡᠳ 11 ᠪᠠᠭ ᠢᠶᠠᠷ ᠦᠨᠳᠦᠰᠦᠨ ᠨᠢᠭᠡᠴᠡ ᠪᠣᠯᠭᠠᠵᠦ ᠪᠠᠶᠢᠵᠠᠢ᠂ 7 ᠳ᠋ᠣᠭᠠᠷ ᠰᠣᠮᠣᠨ ᠤ ᠲᠣᠬᠠᠢ ᠶᠢᠨ ᠦᠶ᠎ᠡ ᠶᠢᠨ ᠬᠠᠷᠢᠭᠤᠴᠠᠯᠭᠠᠲᠠᠳ ᠭᠡᠪᠡᠯ ᠨᠠᠮ ᠤᠨ ᠠᠵᠢᠯᠯᠠᠬᠤ ᠺᠣᠮᠢᠰ ᠤᠨ ᠱᠦᠵᠢ ᠳ᠋ᠧᠪᠣᠤ᠂ ᠠᠷᠠᠳᠴᠢᠯᠠᠭᠰᠠᠨ ᠵᠠᠰᠠᠭ ᠤᠨ ᠣᠷᠳᠣᠨ ᠤ ᠰᠣᠮᠣᠨ ᠳᠠᠷᠤᠭ᠎ᠠ ᠶᠢᠨ ᠲᠣᠰᠢᠶᠠᠯ ᠢ ᠪᠠᠭᠠᠳᠣᠷ᠂ ᠷᠠᠰᠢᠨᠢᠮ᠎ᠠ᠂ ᠮᠡᠷᠭᠡᠨᠪᠦ᠋ᠬᠡ᠂ ᠲᠠᠸᠠᠭᠠᠷᠪᠤ᠂ ᠫᠦᠯᠦᠩᠭ᠎ᠠ᠂ ᠲᠡᠭᠵᠢᠩᠭᠡ ᠨᠠᠷ ᠬᠠᠷᠢᠭᠤᠴᠠᠵᠤ ᠪᠠᠶᠢᠪᠠ᠃ 11ᠪᠠᠭ ᠶᠢ ᠣᠳᠣ ᠪᠠᠶᠢᠭ᠎ᠠ ᠠᠶᠢᠯ ᠡᠷᠦᠬᠡ ᠲᠠᠢ ᠬᠤᠯᠪᠣᠭᠳᠠᠭᠤᠯᠣᠨ ᠨᠢᠭᠳᠠᠯᠠᠪᠠᠯ ᠡᠶᠢᠮᠦ ᠪᠠᠶᠢᠨ᠎ᠠ  ᠄      ᠨᠢᠭᠡᠳᠦᠭᠡᠷ ᠪᠠᠭ ᠨᠢ ᠣᠳᠣ ᠶᠢᠨ ᠡᠵᠢᠨᠠᠭᠤᠷ ᠰᠣᠮᠣᠨ ᠤ ᠡᠷᠳᠡᠨᠢᠳᠠᠯᠠᠢ᠂ ᠬᠠᠷᠠᠭᠠᠲᠦ ᠬᠤᠶᠠᠷ ᠭᠠᠴᠠᠭ᠎ᠠ ᠪᠣᠯᠣᠨ ᠪᠦᠯᠬᠦᠮᠳᠡᠯ ᠭᠠᠴᠠᠭ᠎ᠠ ᠶᠢᠨ ᠭᠡᠰᠡᠭ ᠠᠶᠢᠯ ᠡᠷᠦᠬᠡ ᠤᠳ ᠪᠣᠯᠣᠨ᠎ᠠ᠂ ᠪᠠᠭ ᠤᠨ ᠳᠠᠷᠤᠭ᠎ᠠ ᠴᠦᠢᠮᠪᠠᠯ  ᠂ ᠨᠠᠮᠵᠢᠯ ᠨᠠᠷ ᠪᠠᠶᠢᠪᠠ᠃      ᠬᠤᠶᠠᠳᠣᠭᠠᠷ ᠪᠠᠭ ᠨᠢ ᠣᠳᠣ ᠶᠢᠨ ᠬᠥᠪᠴᠢᠨᠭᠤᠪᠢ ᠰᠣᠮᠣᠨ ᠤ ᠪᠠᠶᠠᠨᠳᠣᠯᠠᠭᠠᠨ᠂ ᠰᠢᠷᠠᠬᠠᠳᠠ‌ᠬᠤᠶᠠᠷ ᠭᠠᠴᠠᠭ᠎ᠠ ᠢᠨ‌ᠠᠶᠢᠯ ᠡᠷᠦᠬᠡ ᠤᠳ ᠪᠣᠯᠣᠨ᠎ᠠ᠂ ᠲᠣᠬᠠᠢ ᠶᠢᠨ ᠦᠶ᠎ᠡ ᠶᠢᠨ ᠪᠠᠭ ᠤᠨ ᠳᠠᠷᠤᠭ᠎ᠠ ᠨᠢ  ᠰᠣᠳᠨᠠᠮ ᠪᠠᠶᠢᠪᠠ᠃      ᠭᠤᠷᠪᠠᠳᠣᠭᠠᠷ ᠪᠠᠭ ᠨᠢ ᠣᠳᠣ ᠶᠢᠨ ᠬᠥᠪᠴᠢᠨᠭᠤᠪᠢ ᠰᠣᠮᠣᠨ ᠤ ᠱᠠᠩᠲᠦ᠂ ᠪᠠᠶᠠᠨᠵᠢᠯᠠᠭ᠎ᠠ ᠬᠤᠶᠠᠷ ᠭᠠᠴᠠᠭ᠎ᠠ ᠪᠣᠯᠣᠨ ᠬᠠᠭ᠋ᠠᠭᠤᠯᠠ ᠭᠠᠴᠠᠭ᠎ᠠ ᠶᠢᠨ ᠭᠡᠰᠡᠭ ᠠᠶᠢᠯ ᠡᠷᠦᠬᠡ ᠪᠣᠯᠣᠨ᠎ᠠ᠂ ᠪᠠᠭ ᠤᠨ ᠳᠠᠷᠤᠭ᠎ᠠ ᠨᠢ ᠳᠠᠮᠫᠢᠯ ᠪᠠᠶᠢᠪᠠ᠃      ᠳᠥᠷᠪᠡᠳᠦᠭᠡᠷ ᠪᠠᠭ ᠨᠢ ᠣᠳᠣ ᠶᠢᠨ ᠠᠯᠳᠠᠨᠬᠢᠯᠢ ᠰᠣᠮᠣᠨ ᠤ ᠪᠠᠶᠠᠨᠬᠠᠩᠭᠠᠢ᠂ ᠪᠦᠯᠢᠶᠡᠨ᠂ ᠠᠯᠳᠠᠨᠬᠢᠯᠢ ᠵᠡᠷᠭᠡ ᠭᠤᠷᠪᠠᠨ ᠭᠠᠴᠠᠭ᠎ᠠ ᠢᠨ‌ᠠᠶᠢᠯ ᠡᠷᠦᠬᠡ ᠪᠣᠯᠣᠨ᠎ᠠ᠂ ᠪᠠᠭ ᠤᠨ ᠳᠠᠷᠤᠭ᠎ᠠ ᠨᠢ  ᠨᠠᠰᠣᠬᠤᠷᠳᠦ ᠪᠠᠶᠢᠪᠠ᠃      ᠲᠠᠪᠣᠳᠣᠭᠠᠷ ᠪᠠᠭ ᠨᠢ ᠣᠳᠣ ᠶᠢᠨ ᠡᠵᠢᠨᠠᠭᠤᠷ ᠰᠣᠮᠣᠨ ᠤ ᠪᠠᠶᠠᠨᠳᠦ᠋ᠮᠡᠨ ᠭᠠᠴᠠᠭ᠎ᠠ ᠪᠣᠯᠣᠨ ᠰᠠᠭᠠᠮᠠᠢ ᠰᠣᠮᠣᠨ  ᠤ ᠬᠠᠭ᠋ᠠᠭᠤᠯᠠ ᠭᠠᠴᠠᠭ᠎ᠠ ᠶᠢᠨ ᠭᠡᠰᠡᠭ ᠠᠶᠢᠯ ᠡᠷᠦᠬᠡ ᠪᠣᠯᠣᠨ᠎ᠠ᠂ ᠪᠠᠭ ᠤᠨ ᠳᠠᠷᠤᠭ᠎ᠠ ᠨᠢ ᠰᠦᠯᠳᠡ ᠪᠠᠶᠢᠪᠠ᠃      ᠵᠢᠷᠭᠤᠳᠣᠭᠠᠷ ᠪᠠᠭ ᠨᠢ ᠣᠳᠣ ᠶᠢᠨ ᠡᠬᠡᠪᠣᠯᠠᠭ ᠰᠣᠮᠣᠨ ᠤ ᠬᠠᠷᠠᠭᠤᠪᠢ ᠭᠠᠴᠠᠭ᠎ᠠ ᠪᠣᠯᠣᠨ ᠠᠯᠳᠠᠨᠬᠢᠯᠢ ᠰᠣᠮᠣᠨ ᠤ ᠪᠠᠳᠠᠷᠠᠬᠤ ᠭᠠᠴᠠᠭ᠎ᠠ ᠶᠢᠨ ᠠᠶᠢᠯ ᠡᠷᠦᠬᠡ ᠤᠳ ᠪᠠᠶᠢᠵᠤ ᠪᠠᠭ ᠤᠨ ᠳᠠᠷᠤᠭ᠎ᠠ ᠨᠢ ᠥᠯᠵᠡᠢᠳᠣᠭᠳᠠᠬᠤ᠂ ᠵᠠᠮᠪᠠᠯᠨᠢᠩᠪᠤ ᠨᠠᠷ ᠪᠠᠶᠢᠪᠠ᠃      ᠳᠣᠯᠣᠳᠣᠭᠠᠷ ᠪᠠᠭ ᠨᠢ ᠣᠳᠣ ᠶᠢᠨ ᠰᠠᠭᠠᠮᠠᠢ ᠰᠣᠮᠣᠨ ᠤ ᠬᠥᠭᠡᠷᠴᠡᠭ᠂ ᠮᠠᠨᠳᠠᠯᠲᠦ ᠬᠤᠶᠠᠷ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠵᠠᠯᠠᠩᠳᠦ᠂ ᠪᠣᠶᠠᠨᠳᠦ ᠨᠠᠷ ᠪᠠᠶᠢᠪᠠ  ᠃      ᠨᠠᠢᠮᠠᠳᠣᠭᠠᠷ ᠪᠠᠭ ᠨᠢ ᠣᠳᠣ ᠶᠢᠨ ᠡᠬᠡᠪᠣᠯᠠᠭ ᠰᠣᠮᠣᠨ ᠤ ᠰᠠᠶᠢᠬᠤᠰᠣ᠂ ᠬᠤᠩᠭᠤᠷ ᠬᠤᠶᠠᠷ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠯᠾᠠᠮᠣᠰᠦ᠋ᠷᠦᠩ᠂ ᠪᠠᠨᠳᠠᠷᠠᠭᠴᠢ  ᠂ᠠᠶᠣᠷᠵᠠᠨ᠎ᠠ ᠨᠠᠷ ᠪᠠᠶᠢᠪᠠ᠃      ᠶᠢᠰᠦᠳᠦᠭᠡᠷ ᠪᠠᠭ ᠨᠢ ᠣᠳᠣ ᠶᠢᠨ ᠣᠯᠢᠶᠠᠰᠣᠲᠠᠢ ᠪᠠᠯᠭᠠᠰᠣᠨ ᠤ ᠳᠠᠪᠰᠢᠯᠳᠠ᠂ ᠳᠣᠯᠠᠭᠠᠨ᠂ ᠪᠠᠶᠠᠨᠭᠤᠪᠢ ᠵᠡᠷᠭᠡ ᠭᠤᠷᠪᠠᠨ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠪᠣᠶᠠᠨᠲᠦ᠂ ᠨᠠᠰᠣᠨᠳᠡᠯᠭᠡᠷ ᠨᠠᠷ ᠪᠠᠶᠢᠪᠠ᠃      ᠠᠷᠪᠠᠳᠣᠭᠠᠷ ᠪᠠᠭ ᠨᠢ ᠣᠳᠣ ᠶᠢᠨ ᠣᠯᠢᠶᠠᠰᠣᠲᠠᠢ ᠪᠠᠯᠭᠠᠰᠣᠨ ᠤ ᠡᠩᠬᠡᠵᠢᠷᠭᠠᠯᠠᠩ᠂ ᠡᠷᠳᠡᠨᠢᠠᠠᠭᠤᠯᠠ ᠬᠤᠶᠠᠷ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠠᠶᠣᠰᠢ᠂ ᠲᠡᠳ᠋ ᠳᠠᠷᠤᠭ᠎ᠠ ᠪᠢᠴᠢᠭᠡᠴᠢ ᠣᠷᠲᠣᠨᠠᠰᠣᠲᠦ᠂ ᠪᠠᠶᠠᠷᠮᠦ᠋ᠩᠬᠡ ᠨᠠᠷ ᠪᠠᠶᠢᠪᠠ᠃      ᠠᠷᠪᠠᠨ ᠨᠢᠭᠡᠳᠦᠭᠡᠷ ᠪᠠᠭ ᠨᠢ ᠣᠳᠣ ᠶᠢᠨ ᠣᠯᠢᠶᠠᠰᠣᠲᠠᠢ ᠪᠠᠯᠭᠠᠰᠣᠨ ᠤ ᠠᠮᠣᠭᠤᠯᠠᠩᠪᠣᠯᠠᠭ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠳᠠᠪᠬᠠᠢ ᠪᠠᠶᠢᠪᠠ᠃      2᠂ ᠵᠢᠷᠭᠤᠳᠣᠭᠠᠷ ᠰᠣᠮᠣᠨ  ᠤ ᠰᠠᠭᠤᠭ᠎ᠠ ᠭᠠᠵᠠᠷ ᠨᠢ ᠰᠢᠨ᠎ᠡ ᠰᠥᠮ᠎ᠡ ᠳᠤ ᠲᠥᠪᠯᠡᠵᠤ᠂ ᠨᠠᠮ ᠤᠨ ᠠᠵᠢᠯᠯᠠᠬᠤ ᠺᠣᠮᠢᠰ ᠤᠨ ᠱᠦᠵᠢ ᠬᠠᠮᠲᠦ᠂ ᠵᠢᠷᠭᠠᠯ ᠨᠠᠷ ᠬᠠᠷᠢᠭᠤᠴᠠᠵᠤ ᠥᠩᠭᠡᠷᠡᠪᠡ᠃ ᠠᠷᠠᠳᠴᠢᠯᠠᠭᠰᠠᠨ ᠵᠠᠰᠠᠭ ᠤᠨ ᠣᠷᠳᠣᠨ ᠤ ᠰᠣᠮᠣᠨ ᠳᠠᠷᠤᠭ᠎ᠠ ᠤᠨ ᠳᠣᠰᠢᠶᠠᠯ ᠢ ᠨᠠᠶᠠᠨᠳᠠᠢ᠂ ᠢᠳᠠᠮᠵᠠᠪ᠂ ᠲᠠᠰᠢᠨᠢᠮ᠎ᠠ ᠨᠠᠷ ᠬᠠᠷᠢᠭᠤᠴᠠᠵᠤ ᠪᠠᠶᠢᠪᠠ᠃ 6 ᠰᠣᠮᠣ ᠨᠢ 11ᠪᠠᠭ ᠢᠶᠠᠷ ᠦᠨᠳᠦᠰᠦᠨ ᠨᠢᠭᠡᠴᠡ ᠪᠣᠯᠭᠠᠨ ᠬᠠᠮᠢᠶᠠᠷᠴᠦ ᠪᠠᠶᠢᠵᠠᠢ᠂ ᠡᠨᠡᠬᠦ 11 ᠪᠠᠭ ᠶᠢ ᠣᠳᠣᠬᠢ ᠠᠶᠢᠯ ᠡᠷᠦᠬᠡ ᠲᠠᠢ ᠬᠤᠯᠪᠣᠭᠳᠠᠭᠤᠯᠣᠨ ᠰᠢᠨᠵᠢᠯᠡᠪᠡᠯ ᠡᠶᠢᠮᠣᠷᠭᠦ ᠪᠠᠶᠢᠨ᠎ᠠ  ᠄      ᠨᠢᠭᠡᠳᠦᠭᠡᠷ ᠪᠠᠭ ᠨᠢ ᠣᠳᠣ ᠶᠢᠨ ᠬᠦᠷᠢᠶᠡᠲᠦᠨᠠᠭᠤᠷ ᠰᠣᠮᠣᠨ ᠤ ᠭᠥᠲᠥᠯᠠᠣᠪᠣᠭ᠎ᠠ ᠭᠠᠴᠠᠭ᠎ᠠ ᠶᠢᠨ ᠠᠶᠢᠯ ᠡᠷᠦᠬᠡ ᠪᠠ ᠠᠯᠳ᠋ᠬᠠᠮᠡᠭᠡᠯ᠂ ᠠᠷᠰᠠᠯᠠᠩᠳᠦ ᠵᠡᠷᠭᠡ ᠭᠠᠴᠠᠭ᠎ᠠ ᠶᠢᠨ ᠭᠡᠰᠡᠭ ᠠᠶᠢᠯ ᠡᠷᠦᠬᠡ ᠪᠣᠯᠣᠨ᠎ᠠ᠃ ᠪᠠᠭ ᠤᠨ ᠳᠠᠷᠤᠭ᠎ᠠ ᠨᠢ ᠪᠣᠶᠠᠨᠳᠡᠯᠭᠡᠷ  ᠂ ᠨᠠᠳᠮᠢᠳ᠂ ᠳᠡᠳ᠋ ᠳᠠᠷᠤᠭ᠎ᠠ ᠨᠢ ᠰᠡᠷᠡᠩᠳᠣᠩᠷᠣᠪ ᠨᠠᠷ ᠪᠠᠶᠢᠪᠠ᠃      ᠬᠤᠶᠠᠳᠣᠭᠠᠷ ᠪᠠᠭ ᠨᠢ ᠣᠳᠣ ᠶᠢᠨ ᠬᠦᠷᠢᠶᠡᠲᠦᠨᠠᠭᠤᠷ ᠰᠣᠮᠣᠨ  ᠤ ᠵᠢᠭᠠᠰᠣᠲᠠᠢ ᠭᠠᠴᠠᠭ᠎ᠠ ᠶᠢᠨ ᠭᠡᠰᠡᠭ ᠠᠶᠢᠯ ᠡᠷᠦᠬᠡ ᠪᠠ ᠣᠩᠭᠤᠨ ᠰᠣᠮᠣᠨ ᠤ ᠪᠠᠶᠠᠠᠨᠠᠭᠤᠷ ᠭᠠᠴᠠᠭ᠎ᠠ ᠶᠢᠨ ᠭᠡᠰᠡᠭ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ  ᠨᠢ ᠲᠠᠷᠮ᠎ᠠ᠂ ᠠᠳᠢᠶ᠎ᠠ ᠨᠠᠷ ᠪᠠᠶᠢᠪᠠ᠃      ᠭᠤᠷᠪᠠᠳᠣᠭᠠᠷ ᠪᠠᠭ ᠨᠢ ᠣᠩᠭᠤᠨ ᠰᠣᠮᠣᠨ ᠤ ᠬᠥᠭᠵᠢᠯᠲᠦ ᠭᠠᠴᠠᠭ᠎ᠠ ᠪᠣᠯᠣᠨ ᠵᠢᠭᠠᠰᠣᠲᠠᠢ ᠭᠠᠴᠠᠭ᠎ᠠ ᠶᠢᠨ ᠭᠡᠰᠡᠭ ᠠᠶᠢᠯ ᠡᠷᠦᠬᠡ ᠪᠣᠯᠣᠨ᠎ᠠ᠃ ᠪᠠᠭ ᠤᠨ ᠳᠠᠷᠤᠭ᠎ᠠ ᠨᠢ ᠲᠡᠭᠦᠰ᠂ ᠠᠶᠣᠷᠳᠠᠸ᠎ᠠ ᠨᠠᠷ ᠪᠠᠶᠢᠪᠠ᠃      ᠳᠥᠷᠪᠡᠳᠦᠭᠡᠷ ᠪᠠᠭ ᠨᠢ ᠣᠳᠣ ᠶᠢᠨ ᠣᠩᠭᠤᠨ ᠰᠣᠮᠣᠨ ᠤ ᠴᠠᠭᠠᠨᠨᠠᠭᠤᠷ ᠭᠠᠴᠠᠭ᠎ᠠ ᠶᠢᠨ ᠠᠶᠢᠯ ᠡᠷᠦᠬᠡ ᠪᠠᠶᠢᠵᠤ  ᠂ ᠪᠠᠭ ᠤᠨ ᠳᠠᠷᠤᠭ᠎ᠠ ᠨᠢ ᠲᠣᠤᠪᠠᠢ ᠶᠢᠨ ᠴᠢᠯᠠᠭᠤ᠂ ᠪᠠᠶᠠᠨ ᠨᠠᠷ ᠪᠠᠶᠢᠪᠠ᠃      ᠲᠠᠪᠣᠳᠣᠭᠠᠷ ᠪᠠᠭ ᠨᠢ ᠣᠳᠣ ᠶᠢᠨ ᠲᠠᠭᠤᠲᠣᠨᠠᠭᠤᠷ ᠰᠣᠮᠣᠨ ᠤ ᠲᠠᠭᠤᠲᠣᠨᠠᠭᠤᠷ᠂ ᠪᠠᠶᠠᠨᠳᠤᠭ᠂ ᠬᠠᠭ᠋ᠣᠪᠣᠭ᠎ᠠ ᠵᠡᠷᠭᠡ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠴᠣᠭᠷᠣᠪ᠂ ᠢᠳᠡᠭᠡᠯ᠂ ᠭᠡᠰᠢᠭ ᠪᠣᠶᠠᠨ ᠨᠠᠷ ᠪᠠᠶᠢᠪᠠ᠃      ᠵᠢᠷᠭᠤᠳᠣᠭᠠᠷ ᠪᠠᠭ ᠨᠢ ᠣᠳᠣ ᠶᠢᠨ ᠪᠠᠶᠠᠨᠬᠦᠭᠡᠪᠦᠷ ᠰᠣᠮᠣᠨ ᠤ ᠪᠠᠶᠠᠨᠬᠦᠭᠡᠪᠦᠷ᠂ ᠵᠢᠷᠠᠨᠪᠣᠯᠠᠭ ᠵᠡᠷᠭᠡ ᠭᠠᠴᠠᠭ᠎ᠠ  ᠶᠢᠨ ᠠᠶᠢᠯ ᠡᠷᠦᠬᠡ ᠪᠣᠯᠣᠨ᠎ᠠ᠂ ᠪᠠᠭ ᠤᠨ ᠳᠠᠷᠤᠭ᠎ᠠ ᠨᠢ ᠪᠠᠯ ᠤᠨ ᠴᠤᠭ᠂ ᠰᠣᠮᠢᠶ᠎ᠠ ᠨᠠᠷ ᠪᠠᠶᠢᠪᠠ᠃      ᠳᠣᠯᠣᠳᠣᠭᠠᠷ ᠪᠠᠭ ᠨᠢ ᠣᠳᠣ ᠶᠢᠨ ᠪᠠᠶᠠᠨᠬᠦᠭᠡᠪᠦᠷ ᠰᠣᠮᠣᠨ ᠤ ᠲᠣᠰᠣᠨᠪᠣᠯᠠᠭ ᠪᠠ ᠰᠠᠭᠠᠮᠠᠢ ᠰᠣᠮᠣᠨ ᠤ ᠪᠠᠶ᠋ᠬᠠᠣᠪᠣᠭ᠎ᠠ ᠭᠠᠴᠠᠭ᠎ᠠ ᠶᠢᠨ ᠠᠶᠢᠯ ᠡᠷᠦᠬᠡ ᠪᠣᠯᠣᠨ᠎ᠠ᠃ ᠪᠠᠭ ᠤᠨ ᠳᠠᠷᠤᠭ᠎ᠠ ᠨᠢ ᠪᠠᠭᠠᠲᠣᠷ ᠵᠠᠩᠭᠢ ᠶᠢᠨ ᠵᠣᠩᠨᠠᠢ ᠪᠠᠶᠢᠪᠠ᠃      ᠨᠠᠢᠮᠠᠳᠣᠭᠠᠷ ᠪᠠᠭ ᠨᠢ ᠣᠳᠣ ᠶᠢᠨ ᠣᠩᠭᠤᠨ ᠰᠣᠮᠣᠨ ᠤ ᠭᠡᠷᠡᠯᠲᠦ᠂ ᠬᠠᠷᠠᠭᠠᠨᠠᠲᠦ᠂ ᠪᠠᠶᠠᠨᠴᠠᠭᠠᠨ ᠵᠡᠷᠭᠡ ᠭᠠᠴᠠᠭ᠎ᠠ ᠶᠢᠨ ᠠᠶᠢᠯ ᠡᠷᠦᠬᠡ ᠪᠣᠯᠣᠨ᠎ᠠ᠃ ᠪᠠᠭ ᠤᠨ ᠳᠠᠷᠤᠭ᠎ᠠ ᠨᠢ ᠵᠢᠷᠠᠨᠲᠠᠢ ᠵᠠᠩᠭᠢ  ᠂ ᠲᠠᠪᠬᠠᠢ ᠨᠠᠷ ᠪᠠᠶᠢᠪᠠ᠃      ᠶᠢᠰᠦᠳᠦᠭᠡᠷ ᠪᠠᠭ ᠨᠢ ᠣᠳᠣ ᠶᠢᠨ ᠪᠣᠯᠠᠭ ᠰᠣᠮᠣᠨ ᠤ ᠨᠠᠶᠢᠷᠠᠮᠳᠠᠯ᠂ ᠪᠠᠶ᠋ᠬᠠᠠᠭᠤᠯᠠ ᠶᠢᠨ ᠠᠶᠢᠯ ᠡᠷᠦᠬᠡ ᠪᠣᠯᠣᠨ᠎ᠠ᠂ ᠪᠠᠭ ᠤᠨ ᠳᠠᠷᠤᠭ᠎ᠠ ᠨᠢ ᠵᠢᠷᠠᠨᠳᠠᠢ᠂ ᠬᠦᠷᠡᠯ᠂ ᠶᠦᠮᠵᠢᠶ᠎ᠡ ᠨᠠᠷ ᠪᠠᠶᠢᠪᠠ᠃        ᠠᠷᠪᠠᠳᠣᠭᠠᠷ ᠪᠠᠭ ᠨᠢ ᠣᠳᠣ ᠶᠢᠨ ᠪᠣᠯᠠᠭ ᠰᠣᠮᠣᠨ ᠤ ᠵᠢᠷᠭᠠᠯᠠᠩᠲᠦ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠳᠣᠭᠳᠠᠬᠤ ᠪᠣᠯᠣᠨ᠎ᠠ᠃      ᠠᠷᠪᠠᠨ ᠨᠢᠭᠡᠳᠦᠭᠡᠷ ᠪᠠᠭ ᠨᠢ ᠣᠳᠣ ᠶᠢᠨ ᠪᠠᠶᠠᠨᠬᠦᠭᠡᠪᠦᠷ ᠰᠣᠮᠣᠨ ᠤ  ᠪᠠᠶᠠᠨᠨᠠᠭᠤᠷ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠵᠣᠩᠨᠠᠢ ᠪᠠᠶᠢᠪᠠ᠃      3᠂ ᠵᠡᠭᠦᠨ ᠬᠤᠯᠪᠣᠭᠠᠲᠦ ᠬᠤᠰᠢᠭᠤ ᠨᠢ 1951ᠣᠨ ᠳᠤ 8 ᠳ᠋ᠣᠭᠠᠷ ᠰᠣᠮᠣ ᠪᠠᠨ 5 ᠳ᠋ᠣᠭᠠᠷ ᠰᠣᠮᠣ ᠪᠠᠯᠭᠠᠨ ᠥᠭᠡᠷᠡᠴᠢᠯᠡᠪᠡ᠃ ᠲᠠᠪᠣᠳᠣᠭᠠᠷ ᠰᠣᠮᠣᠨ ᠤ ᠰᠠᠭᠤᠭ᠎ᠠ ᠭᠠᠵᠠᠷ ᠨᠢ ᠭᠠᠬᠢᠯ ᠰᠥᠮ᠎ᠠ ᠳᠤ ᠲᠥᠪᠯᠡᠵᠤ᠂ ᠨᠠᠮ  ᠤᠨ ᠠᠵᠢᠯᠯᠠᠬᠤ ᠺᠣᠮᠢᠰ ᠤᠨ ᠱᠦᠵᠢ ᠪᠣᠳᠢᠭᠡᠷᠡᠯ᠂ ᠬᠠᠮᠲᠦ ᠨᠠᠷ ᠪᠠᠶᠢᠪᠠ᠃ ᠠᠷᠠᠳᠴᠢᠯᠠᠭᠰᠠᠨ ᠵᠠᠰᠠᠭ ᠤᠨ ᠣᠷᠳᠣᠨ  ᠤ ᠰᠣᠮᠣᠨ ᠳᠠᠷᠤᠭ᠎ᠠ ᠶᠢᠨ ᠲᠣᠰᠢᠶᠠᠯ ᠢ ᠰᠧᠷᠡᠩ᠂ ᠪᠣᠳᠢᠭᠡᠷᠡᠯ᠂ ᠫᠦᠯᠦᠩᠭ᠎ᠠ ᠨᠠᠷ ᠬᠠᠷᠢᠭᠤᠴᠠᠵᠤ ᠪᠠᠶᠢᠪᠠ᠃ 5 ᠳ᠋ᠣᠭᠠᠷ ᠰᠣᠮᠣ ᠨᠢ 5 ᠪᠠᠭ ᠢᠶᠠᠷ ᠦᠨᠳᠦᠰᠦᠨ ᠨᠢᠭᠡᠴᠡ ᠪᠣᠯᠭᠠᠵᠤ ᠪᠠᠶᠢᠵᠠᠢ᠃      ᠨᠢᠭᠡᠳᠦᠭᠡᠷ ᠪᠠᠭ ᠨᠢ ᠣᠳᠣ ᠶᠢᠨ ᠣᠯᠠᠭᠠᠢ ᠰᠣᠮᠣᠨ  ᠤ ᠪᠠᠶᠠᠨᠭᠤᠤᠯ᠂ ᠬᠠᠳᠠᠲᠦ᠂ ᠪᠠᠶᠠᠨᠳᠤᠭ ᠵᠡᠷᠭᠡ ᠭᠠᠴᠠᠭ᠎ᠠ ᠶᠢᠨ ᠠᠶᠢᠯ ᠡᠷᠦᠬᠡ ᠪᠣᠯᠣᠨ᠎ᠠ᠃ ᠪᠠᠭ ᠤᠨ ᠳᠠᠷᠤᠭ᠎ᠠ ᠨᠢ ᠵᠠᠭᠤᠨᠨᠠᠰᠣᠲᠦ᠂ ᠳᠡᠳ᠋ ᠳᠠᠷᠤᠭ᠎ᠠ ᠨᠢ ᠢᠳᠠᠮᠵᠠᠪ᠂ ᠠ᠊ ᠵᠣᠳᠪᠠ ᠨᠠᠷ ᠪᠠᠶᠢᠪᠠ᠃      ᠬᠤᠶᠠᠳᠣᠭᠠᠷ ᠪᠠᠭ ᠨᠢ ᠣᠳᠣ ᠶᠢᠨ ᠡᠷᠢᠶᠡᠨᠭᠤᠪᠢ ᠰᠣᠮᠣᠨ ᠤ ᠡᠷᠢᠶᠡᠨᠭᠤᠪᠢ ᠭᠠᠴᠠᠭ᠎ᠠ ᠶᠢᠨ ᠠᠶᠢᠯ ᠡᠷᠦᠬᠡ ᠪᠣᠯᠣᠨ᠎ᠠ᠂ ᠪᠠᠭ ᠤᠨ ᠳᠠᠷᠤᠭ᠎ᠠ ᠨᠢ ᠠᠶᠢᠯᠳᠣᠭᠦᠢ᠂ ᠳᠡᠳ᠋ ᠪᠠᠭ ᠤᠨ ᠳᠠᠷᠤᠭ᠎ᠠ ᠨᠢ ᠰᠠᠩᠵᠠᠶᠢᠵᠠᠪ ᠪᠠᠶᠢᠪᠠ᠃      ᠭᠤᠷᠪᠠᠳᠣᠭᠠᠷ ᠪᠠᠭ ᠨᠢ ᠣᠳᠣ ᠶᠢᠨ ᠡᠷᠢᠶᠡᠨᠭᠤᠪᠢ ᠰᠣᠮᠣᠨ ᠤ ᠷᠠᠰᠢᠶᠠᠨᠪᠣᠯᠠᠭ ᠭᠠᠴᠠᠭ᠎ᠠ ᠶᠢᠨ ᠠᠶᠢᠯ ᠡᠷᠦᠬᠡ ᠪᠠᠶᠢᠵᠤ᠂ ᠪᠠᠭ ᠤᠨ ᠳᠠᠷᠤᠭ᠎ᠠ ᠨᠢ ᠲᠥᠪᠳᠦᠨ᠂ ᠳᠡᠳ᠋ ᠪᠠᠭ ᠤᠨ ᠳᠠᠷᠤᠭ᠎ᠠ ᠨᠢ ᠳᠥᠪᠰᠢᠨ ᠨᠠᠷ ᠪᠠᠶᠢᠪᠠ᠃      ᠲᠥᠷᠪᠡᠳᠦᠭᠡᠷ ᠪᠠᠭ ᠨᠢ ᠣᠳᠣ ᠶᠢᠨ ᠡᠷᠢᠶᠡᠨᠭᠤᠪᠢ ᠰᠣᠮᠣᠨ ᠤ ᠡᠷᠢᠶᠡᠨᠪᠣᠯᠠᠭ ᠭᠠᠴᠠᠭ᠎ᠠ ᠶᠢᠨ ᠠᠶᠢᠯ ᠡᠷᠦᠬᠡ ᠪᠣᠯᠣᠨ᠎ᠠ᠃ ᠪᠠᠭ ᠤᠨ ᠳᠠᠷᠤᠭ᠎ᠠ ᠨᠢ ᠫᠠᠭᠪᠠ᠂ ᠳᠡᠳ᠋ ᠪᠠᠭ ᠤᠨ ᠳᠠᠷᠤᠭ᠎ᠠ ᠨᠢ ᠰᠧᠷᠡᠩ᠂ ᠤᠭ᠍ᠶᠤ᠂ ᠪᠠᠯᠳᠠᠨ ᠨᠠᠷ ᠪᠠᠶᠢᠪᠠ᠃      ᠲᠠᠪᠣᠳᠣᠭᠠᠷ ᠪᠠᠭ ᠨᠢ ᠣᠳᠣ ᠶᠢᠨ ᠮᠠᠨᠳᠣᠬᠤᠪᠣᠯᠠᠭ ᠰᠣᠮᠣᠨ ᠤ ᠮᠠᠨᠳᠣᠬᠤᠪᠣᠯᠠᠭ᠂ ᠪᠠᠶᠠᠨᠪᠦ᠋ᠷᠢᠲᠦ᠂ ᠳᠣᠰᠣᠨᠨᠠᠭᠤᠷ ᠵᠡᠷᠭᠡ ᠭᠠᠴᠠᠭ᠎ᠠ ᠶᠢᠨ ᠠᠶᠢᠯ ᠡᠷᠦᠬᠡ ᠪᠣᠯᠣᠨ᠎ᠠ᠃ ᠪᠠᠭ ᠤᠨ ᠳᠠᠷᠤᠭ᠎ᠠ ᠨᠢ ᠰᠢᠸ᠎ᠠ ᠵᠠᠯᠠᠨ᠂ ᠵᠢᠭᠠᠬᠠᠨ ᠰᠢᠸ᠎ᠠ᠂ ᠡᠰᠡᠷᠡᠭ ᠨᠠᠷ ᠪᠠᠶᠢᠪᠠ᠃                    ᠬᠤᠶᠠᠷ᠂ ᠰᠢᠨ᠎ᠡ ᠵᠡᠭᠦᠨ ᠦᠵᠦᠮᠦᠴᠢᠨ ᠬᠤᠰᠢᠭᠤᠨ ᠤ ᠰᠤᠮᠤ ᠪᠠᠭ ᠤᠨ ᠬᠤᠪᠢᠷᠠᠯᠳᠠ      ᠵᠡᠭᠦᠨ ᠦᠵᠦᠮᠦᠴᠢᠨ ᠬᠤᠰᠢᠭᠤ ᠨᠢ 1956 ᠣᠨ ᠳᠤ ᠪᠠᠶᠢᠭᠤᠯᠣᠭᠳᠠᠬᠤ ᠦᠶ᠎ᠠ 5᠂ 6᠂ 7 ᠳ᠋ᠣᠭᠠᠷ ᠵᠡᠷᠭᠡ ᠭᠤᠷᠪᠠᠨ ᠰᠣᠮᠣ ᠪᠠᠨ ᠡᠵᠢᠨᠠᠭᠤᠷ᠂ ᠳᠣᠯᠣᠳᠭᠤᠪᠢ᠂ ᠳᠣᠮᠳᠠᠭᠤᠪᠢ᠂ ᠳᠠᠭᠤᠲᠦᠨᠠᠭᠤᠷ᠂ ᠡᠷᠢᠶᠡᠨᠭᠤᠪᠢ ᠵᠡᠷᠭᠡ 5 ᠰᠣᠮᠣ 25 ᠪᠠᠭ ᠪᠣᠯᠭᠠᠵᠤ ᠥᠭᠡᠷᠡᠴᠢᠯᠡᠪᠡ᠃ ᠲᠣᠬᠠᠢ ᠶᠢᠨ ᠦᠶ᠎ᠡ ᠶᠢᠨ ᠰᠣᠮᠣ ᠪᠠᠭ ᠶᠢ ᠵᠠᠳᠠᠯᠠᠪᠠᠯ ᠳᠣᠤᠷᠠᠬᠢ ᠮᠡᠲᠦ  ᠄      ᠣᠤᠯ ᠤᠨ 7 ᠳ᠋ᠣᠭᠠᠷ ᠰᠣᠮᠣ ᠪᠠᠨ ᠬᠤᠶᠠᠷ ᠬᠤᠪᠢᠶᠠᠵᠤ᠂ ᠯᠠᠮᠠ ᠶᠢᠨ ᠬᠦᠷᠢᠶ᠎ᠡ ᠰᠥᠮ᠎ᠠ ᠳᠤ ᠳᠣᠯᠣᠳᠭᠤᠪᠢ ᠰᠣᠮᠣ ᠶᠢ ᠪᠠᠶᠢᠭᠤᠯᠵᠤ᠂ ᠲᠠᠯ᠎ᠠ ᠶᠢᠨ ᠬᠤᠳᠳᠤᠭ ᠲᠤ ᠡᠵᠢᠨᠠᠭᠤᠷ ᠰᠣᠮᠣ ᠶᠢ ᠪᠠᠶᠢᠭᠤᠯᠣᠭᠠᠳ 11 ᠪᠠᠭ ᠢᠶᠠᠨ ᠬᠤᠪᠢᠷᠠᠭᠤᠯᠣᠭᠰᠠᠨ ᠦᠭᠡᠢ᠂ ᠡᠭᠦᠨᠳᠦ ᠡᠵᠢᠨᠠᠭᠤᠷ ᠰᠣᠮᠣᠨ ᠳᠤ 1᠂ 2᠂ 4᠂ 6᠂ 8 ᠳ᠋ᠣᠭᠠᠷ ᠵᠡᠷᠭᠡ 5 ᠪᠠᠭ ᠬᠠᠷᠢᠶᠠᠯᠠᠭᠳᠠᠵᠤ᠂ ᠳᠣᠯᠣᠳᠭᠤᠪᠢ ᠰᠣᠮᠣᠨ ᠳᠤ 3᠂ 5᠂ 7᠂ 9᠂ 10᠂ 11 ᠳ᠋ᠦ᠋ᠭᠡᠷ ᠵᠡᠷᠭᠡ 6 ᠪᠠᠭ ᠬᠠᠷᠢᠶᠠᠯᠠᠭᠳᠠᠪᠠ᠃      ᠣᠤᠯ ᠤᠨ 6 ᠳ᠋ᠣᠭᠠᠷ ᠰᠣᠮᠣ ᠪᠠᠨ ᠬᠤᠶᠠᠷ ᠬᠤᠪᠢᠶᠠᠵᠤ᠂ ᠰᠢᠨ᠎ᠡ ᠰᠦᠮ᠎ᠠ ᠳᠤ ᠳᠠᠭᠤᠲᠦᠨᠠᠭᠤᠷ ᠰᠣᠮᠣ ᠶᠢ ᠪᠠᠶᠢᠭᠤᠯᠵᠤ᠂ ᠪᠣᠯᠠᠭ ᠰᠦᠮ᠎ᠠ ᠳᠤ ᠳᠣᠮᠳᠠᠭᠤᠪᠢ ᠰᠣᠮᠣ ᠶᠢ ᠪᠠᠶᠢᠭᠤᠯᠣᠭᠰᠠᠨ ᠢᠶᠠᠨ ᠣᠤᠯ ᠤᠨ 11 ᠪᠠᠭ ᠢᠶᠠᠨ 9 ᠪᠠᠭ ᠪᠣᠯᠭᠠᠨ ᠴᠣᠮᠬᠠᠳᠬᠠᠪᠠ᠃ 7 ᠳ᠋ᠣᠭᠠᠷ ᠪᠠᠭ ᠢᠶᠠᠨ 5 ᠳ᠋ᠣᠭᠠᠷ ᠪᠠᠭ ᠲᠠᠢ ᠨᠡᠶᠢᠯᠡᠭᠦᠯᠵᠤ᠂ ᠪᠠᠭ ᠤᠨ ᠳᠠᠷᠤᠭ᠎ᠠ ᠨᠢ ᠴᠣᠭᠷᠣᠪ᠂ ᠭᠡᠰᠢᠭᠪᠦᠶᠠᠨ᠂ ᠢᠳᠡᠭᠡᠯ ᠨᠠᠷ ᠪᠠᠶᠢᠪᠠ᠃ ᠣᠤᠯ ᠤᠨ 10᠂ 11ᠬᠤᠶᠠᠷ ᠪᠠᠭ ᠢᠶᠠᠨ 7 ᠳ᠋ᠣᠭᠠᠷ ᠪᠠᠭ ᠪᠣᠯᠭᠠᠵᠤ᠂ ᠪᠠᠭ ᠤᠨ ᠳᠠᠷᠤᠭ᠎ᠠ ᠨᠢ ᠵᠣᠩᠨᠠᠢ᠂ ᠮᠢᠰᠢᠭ ᠨᠠᠷ ᠪᠠᠶᠢᠪᠠ᠃ ᠡᠭᠦᠨᠳᠦ ᠳᠣᠮᠳᠠᠭᠤᠪᠢ ᠰᠣᠮᠣᠨ ᠳᠤ ᠣᠤᠯ  ᠤᠨ 6᠂ 7᠂ 9 ᠭᠤᠷᠪᠠᠨ ᠪᠠᠭ ᠶᠢ ᠬᠠᠷᠢᠶᠠᠯᠠᠭᠤᠯᠵᠤ᠂ ᠲᠠᠭᠤᠳᠣᠨᠠᠭᠤᠷ ᠰᠣᠮᠣᠨ ᠳᠤ ᠣᠤᠯ ᠤᠨ 1᠂ 2᠂ 3᠂ 4᠂ 5᠂ 8 ᠵᠡᠷᠭᠡ ᠵᠢᠷᠭᠤᠭᠠᠨ ᠪᠠᠭ ᠶᠢ ᠬᠠᠷᠢᠶᠠᠯᠠᠭᠤᠯᠪᠠ᠃      ᠣᠤᠯ ᠤᠨ 5 ᠳ᠋ᠣᠭᠠᠷ ᠰᠣᠮᠣ ᠪᠠᠨ ᠡᠷᠢᠶᠡᠨᠭᠤᠪᠢ ᠰᠣᠮᠣ ᠪᠣᠯᠭᠠᠨ᠂ ᠭᠠᠬᠢᠯ ᠰᠦᠮ᠎ᠡ ᠳᠤ ᠪᠠᠶᠢᠭᠤᠯᠵᠤ᠂ ᠣᠤᠯ ᠤᠨ 5 ᠪᠠᠭ ᠨᠢ ᠬᠤᠪᠢᠷᠠᠯᠳᠠ ᠦᠭᠡᠢ ᠪᠠᠶᠢᠪᠠ᠃               ᠵᠡᠭᠦᠨ ᠦᠵᠦᠮᠦᠴᠢᠨ ᠬᠤᠰᠢᠭᠤᠨ  ᠤ ᠨᠢᠭᠡᠳᠦᠯ ᠪᠠᠷᠢᠭᠠᠳᠠ ᠶᠢᠨ ᠲᠡᠤᠬᠡᠨ ᠣᠯᠠᠷᠢᠯᠳᠠ ᠶᠢᠨ ᠲᠣᠬᠠᠢ ᠰᠢᠨᠵᠢᠯᠡᠬᠦ ᠨᠢ      ᠰᠣᠶᠣᠯ ᠲᠡᠤᠬᠡ ᠶᠢᠨ ᠰᠣᠳᠣᠯᠭ᠎ᠠ ᠥᠷᠨᠢᠵᠦ  ᠂ ᠡᠯ᠎ᠡ ᠰᠣᠮᠣ ᠪᠠᠯᠭᠠᠰᠣ  ᠂ ᠭᠠᠴᠠᠭ᠎ᠠ ᠨᠢᠭᠡᠴᠡ ︽ᠲᠡᠤᠬᠡᠨ ᠣᠢᠢᠯᠠᠯᠭ᠎ᠠ︾ ᠪᠠᠨ ᠨᠠᠮᠳᠠᠷᠯᠠᠵᠤ ᠪᠠᠶᠢᠭ᠎ᠠ ᠥᠨᠥᠳᠥᠷ ᠵᠡᠭᠦᠨ ᠦᠵᠦᠮᠦᠴᠢᠨ ᠬᠤᠰᠢᠭᠤᠨ ᠤ ᠨᠢᠭᠡᠳᠦᠯ ᠪᠠᠷᠢᠭᠠᠳᠠ  ᠶᠢᠨ ᠲᠡᠤᠬᠡᠨ ᠣᠯᠠᠷᠢᠯᠳᠠ ᠶᠢ ᠲᠣᠳᠣᠷᠬᠠᠢᠢᠯᠠᠬᠤ ᠨᠢ ᠴᠢᠬᠤᠯᠠ ᠠᠴᠢ ᠬᠤᠯᠪᠣᠭᠳᠠᠯ ᠲᠠᠢ ᠭᠡᠵᠦ ᠦᠵᠡᠨ᠎ᠠ  ᠃ ᠡᠨᠡ ᠲᠣᠬᠠᠢ ᠡᠰᠢ ᠪᠠᠷᠢᠮᠳᠠ ᠪᠣᠯᠬᠤ ᠵᠠᠷᠢᠮ ᠲᠡᠤᠬᠡᠨ ᠮᠠᠲ᠋ᠧᠷᠢᠶᠠᠯ ᠪᠣᠯᠣᠨ ᠠᠬᠠᠮᠠᠳ ᠬᠥᠮᠦᠰ ᠤᠨ ᠪᠠᠲᠣᠲᠠᠢ ᠶᠠᠷᠢᠶ᠎ᠠ ᠶᠢ ᠳᠣᠪᠬᠢᠵᠤ ᠯᠠᠪᠯᠠᠯᠳᠠ ᠪᠣᠯᠭᠠᠰᠣᠭᠠᠢ  !      1956 ᠣᠨ ᠳᠤ ᠵᠡᠭᠦᠨ ᠦᠵᠦᠮᠦᠴᠢᠨ ᠬᠤᠰᠢᠭᠤ ᠨᠢ ᠵᠡᠭᠦᠨ ᠬᠤᠯᠪᠣᠭᠠᠲᠦ ᠬᠤᠰᠢᠭᠤᠨ ᠠᠴᠠ ᠰᠠᠯᠵᠤ ᠭᠠᠷᠬᠤ ᠳᠤ ᠣᠤᠯ  ᠤᠨ 5᠂  6  ᠂ 7 ᠳ᠋ᠣᠭᠠᠷ ᠵᠡᠷᠭᠡ ᠭᠤᠷᠪᠠᠨ ᠰᠣᠮᠣ ᠶᠢᠨ ᠠᠶᠢᠯ ᠡᠷᠦᠬᠡ ᠪᠠᠷ ᠪᠦᠷᠢᠯᠳᠦᠭᠰᠡᠨ ᠪᠠᠶᠢᠪᠠ᠃ ᠡᠭᠦᠨ ᠢᠶᠠᠨ 5 ᠰᠣᠮᠣ ᠪᠣᠯᠭᠠᠨ ᠬᠤᠪᠢᠶᠠᠵᠤ  ᠂ ᠡᠵᠢᠨᠠᠭᠤᠷ  ᠂ ᠲᠣᠯᠣᠳᠭᠤᠪᠢ  ᠂ ᠳᠣᠮᠳᠠᠭᠤᠪᠢ  ᠂ ᠳᠠᠭᠤᠲᠦᠨᠠᠭᠤᠷ  ᠂ ᠡᠷᠢᠶᠡᠨᠭᠤᠪᠢ ᠭᠡᠵᠦ ᠨᠡᠷᠡᠯᠡᠨ᠂ 25 ᠪᠠᠭ ᠢᠶᠠᠷ ᠦᠨᠳᠦᠰᠦᠨ ᠱᠠᠲᠣᠨ ᠤ ᠪᠠᠶᠢᠭᠤᠯᠣᠮᠵᠢ ᠪᠣᠯᠭᠠᠵᠠᠢ᠃ ᠵᠠᠳᠠᠯᠠᠪᠠᠯ᠂ ᠣᠤᠯ ᠤᠨ 5 ᠳ᠋ᠣᠭᠠᠷ ᠰᠣᠮᠣ ᠳᠤ ᠣᠳᠣ ᠶᠢᠨ ᠣᠯᠠᠭᠠᠢ᠂ ᠡᠷᠢᠶᠡᠨᠭᠤᠪᠢ᠂ ᠮᠠᠨᠳᠣᠬᠤᠪᠣᠯᠠᠭ ᠵᠡᠷᠭᠡ ᠭᠤᠷᠪᠠᠨ ᠰᠣᠮᠣᠨ ᠤ ᠠᠶᠢᠯ ᠡᠷᠦᠬᠡ ᠬᠠᠷᠢᠶᠠᠯᠠᠭᠳᠠᠨ᠎ᠠ᠂ ᠣᠤᠯ  ᠤᠨ 6 ᠳ᠋ᠣᠭᠠᠷ ᠰᠣᠮᠣᠨ ᠳᠤ ᠣᠳᠣ ᠶᠢᠨ ᠳᠠᠭᠤᠳᠣᠨᠠᠭᠤᠷ᠂ ᠣᠩᠭᠤᠨ᠂ ᠬᠦᠷᠢᠶᠡᠲᠦᠨᠠᠭᠤᠷ  ᠂ ᠪᠣᠯᠠᠭ᠂ ᠪᠠᠶᠠᠨᠭᠦᠭᠡᠪᠦᠷ ᠵᠡᠷᠭᠡ ᠲᠠᠪᠣᠨ ᠰᠣᠮᠣ ᠶᠢᠨ ᠠᠶᠢᠯ ᠡᠷᠦᠬᠡ ᠬᠠᠷᠢᠶᠠᠯᠠᠭᠳᠠᠨ᠎ᠠ᠂ ᠣᠤᠯ ᠤᠨ 7 ᠳ᠋ᠣᠭᠠᠷ ᠰᠣᠮᠣᠨ ᠳᠤ ᠣᠳᠣ ᠶᠢᠨ ᠡᠵᠢᠨᠠᠭᠤᠷ  ᠂ ᠠᠯᠳᠠᠨᠬᠢᠯᠢ  ᠂ ᠡᠬᠡᠪᠣᠯᠠᠭ  ᠂ ᠬᠥᠪᠴᠢᠨᠭᠤᠪᠢ  ᠂ ᠰᠠᠭᠠᠮᠠᠢ᠂ ᠣᠯᠢᠶᠠᠰᠣᠲᠠᠢ ︵ᠳᠣᠮᠳᠠᠭᠤᠪᠢ  ᠂ ᠥᠩᠲᠦ ᠰᠣᠮᠣ︶  ᠵᠡᠷᠭᠡ ᠲᠠᠪᠣᠨ ᠰᠣᠮᠣ ᠨᠢᠭᠡ ᠪᠠᠯᠭᠠᠰᠣᠨ ᠤ ᠮᠠᠯᠵᠢᠬᠤ ᠠᠶᠢᠯ ᠡᠷᠦᠬᠡ ᠬᠠᠷᠢᠶᠠᠯᠠᠭᠳᠠᠨ᠎ᠠ᠃ ᠲᠡᠭᠡᠪᠡᠯ ᠬᠤᠰᠢᠭᠤᠨ ᠤ ᠵᠠᠷᠢᠮ ᠴᠢᠬᠤᠯᠠ ᠪᠦᠬᠦᠢ ᠲᠡᠤᠬᠡᠨ ᠮᠠᠲ᠋ᠧᠷᠢᠶᠠᠯ ᠳᠤ ᠨᠢᠭᠡᠳᠦᠯ ᠪᠠᠷᠢᠭᠠᠳᠠ ᠶᠢᠨ ᠲᠡᠤᠬᠡᠨ ᠬᠤᠪᠢᠷᠠᠯᠳᠠ ᠶᠢᠨ ᠳᠣᠬᠠᠢ ᠵᠥᠷᠢᠶ᠎ᠠ ᠲᠠᠢ ᠰᠢᠭ ᠠᠵᠢᠭᠯᠠᠭᠳᠠᠵᠤ ᠪᠠᠶᠢᠬᠤ ᠲᠣᠯᠠ ︽ᠦᠨᠡᠨ ᠠᠴᠠ ᠵᠥᠪ ᠢ ᠡᠷᠢᠬᠦ︾ ᠡᠭᠦᠳᠡᠨ ᠠᠴᠠ ᠲᠣᠰ ᠰᠢᠨᠵᠢᠯᠭᠡ ᠶᠢ ᠪᠢᠴᠢᠯ᠎ᠡ᠃                               ᠨᠢᠭᠡ  ᠂ ᠨᠢᠭᠡᠳᠦᠯ ᠪᠠᠷᠢᠭᠠᠳᠠ ᠶᠢᠨ ᠠᠩᠬᠠᠨ  ᠤ ᠦᠶ᠎ᠠ                       1 · ᠳᠥᠷᠪᠡᠨ ᠨᠢᠭᠡᠳᠦᠯ ᠭᠡᠳᠡᠭ ᠳᠣᠷᠠᠳᠣᠯᠳᠠ ᠶᠢᠨ ᠲᠣᠬᠠᠢ      1958 ᠣᠨ ᠤ ᠡᠪᠦᠯ᠂ ᠣᠤᠯ ᠤᠨ 5 ᠰᠣᠮᠣ 25 ᠪᠠᠭ ᠢᠶᠠᠨ ᠥᠭᠡᠷᠡᠴᠢᠯᠡᠨ 3 ᠰᠣᠮᠣ 17 ᠪᠠᠷᠢᠭᠠᠳᠠ  ᠶᠢ ᠪᠠᠶᠢᠭᠤᠯᠣᠭᠰᠠᠨ ᠲᠥᠯᠥᠪ ᠲᠠᠢ᠃ ᠡᠭᠦᠨ ᠢ 1959ᠣᠨ ᠳᠤ ᠬᠢᠭᠰᠡᠨ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠲᠥᠯᠥᠭᠡᠯᠡᠭᠴᠢᠳ ᠤᠨ 3 ᠳ᠋ᠣᠭᠠᠷ ᠬᠤᠭᠤᠴᠠᠭᠠᠨ ᠤ ᠶᠡᠭᠡ ᠬᠤᠷᠠᠯ ᠤᠨ ᠪᠢᠴᠢᠭ ᠮᠠᠲ᠋ᠧᠷᠢᠶᠠᠯ ᠠᠴᠠ ᠦᠵᠡᠵᠤ ᠭᠠᠷᠴᠦ ᠪᠣᠯᠬᠤ ᠶᠣᠮ᠃ ᠲᠣᠰ ᠶᠡᠭᠡ ᠬᠤᠷᠠᠯ ᠤᠨ ᠨᠡᠷᠡᠰ ᠤᠨ ᠪᠦᠷᠢᠳᠭᠡᠯ ᠳᠤ ᠡᠵᠢᠨᠠᠭᠤᠷ᠂ ᠣᠯᠠᠭᠠᠢᠢᠭᠤᠤᠯ᠂ ᠳᠣᠮᠳᠠᠭᠤᠪᠢ ᠵᠡᠷᠭᠡ ᠠᠷᠠᠳ ᠤᠨ ᠨᠢᠭᠡᠳᠦᠯ ᠲᠣᠲᠣᠯᠠᠭᠳᠠᠵᠤ᠂ ᠰᠠᠶᠢᠬᠠᠨᠨᠠᠭᠤᠷ ᠭᠡᠳᠡᠭ ᠨᠡᠷ᠎ᠡ ᠢᠯᠡᠷᠡᠬᠦ ᠦᠭᠡᠢ ᠪᠠᠶᠢᠨ᠎ᠠ᠃ ᠣᠯᠠᠭᠠᠢᠢᠭᠤᠤᠯ ᠨᠢᠭᠡᠳᠦᠯ ᠤᠨ ᠲᠥᠯᠦᠭᠡᠯᠡᠭᠴᠢᠳ ᠤᠨ ᠪᠦᠷᠢᠳᠭᠡᠯ ᠳᠤ ᠬᠤᠵᠢᠮ ᠤᠨ ᠰᠠᠶᠢᠬᠠᠨᠨᠠᠭᠤᠷ ᠨᠢᠭᠡᠳᠦᠯ ᠳᠤ ᠬᠠᠷᠢᠶᠠᠯᠠᠭᠳᠠᠬᠤ ᠲᠥᠯᠦᠭᠡᠯᠡᠭᠴᠢ ᠶᠢᠨ ᠨᠡᠷᠡᠰ ᠢᠯᠡᠷᠡᠵᠤ ᠪᠠᠶᠢᠬᠤ ᠠᠴᠠ ᠦᠵᠡᠬᠦ  ᠳᠤ ᠰᠠᠶᠢᠬᠠᠨᠨᠠᠭᠤᠷ ᠨᠢᠭᠡᠳᠦᠯ 1958 ᠣᠨ ᠳᠤ ᠪᠠᠶᠢᠭᠤᠯᠣᠭᠳᠠᠭᠠᠳᠣᠢ ᠭᠡᠰᠡᠨ ᠢ ᠬᠠᠷᠠᠭᠤᠯᠵᠤ ᠪᠣᠢ᠂ ᠲᠡᠭᠡᠪᠡᠯ ᠰᠠᠶᠢᠬᠠᠨᠨᠠᠭᠤᠷ ᠨᠢᠭᠡᠳᠦᠯ  ᠢ ᠬᠡᠵᠢᠶ᠎ᠡ ᠪᠠᠶᠢᠭᠤᠯᠣᠭᠰᠠᠨ ᠪᠣᠢ?ᠨ᠊᠂ ᠪᠦᠬᠡᠬᠠᠳᠠ ᠶᠢᠨ ᠡᠮᠬᠢᠳᠭᠡᠭᠰᠡᠨ  ︽ᠳᠠᠭᠤᠲᠦᠨᠠᠭᠤᠷ ᠰᠣᠮᠣᠨ ᠤ ᠲᠡᠤᠬᠡᠨ ᠳᠦᠢᠮᠣ︾ ᠭᠡᠬᠦ ᠣᠢᠢᠯᠠᠯᠭ᠎ᠠ ᠶᠢᠨ ᠪᠢᠴᠢᠭ ᠲᠤ ︽1958 ᠣᠨ ᠳᠤ ᠳᠠᠭᠤᠲᠣᠨᠠᠭᠤᠷ ᠰᠣᠮᠣ ᠨᠢ ᠣᠯᠠᠭᠠᠢ ᠨᠢᠭᠡᠳᠦᠯ ᠲᠠᠢ ᠨᠡᠶᠢᠯᠡᠵᠦ᠂ 1959 ᠣᠨ ᠳᠤ ᠣᠯᠠᠭᠠᠢ ᠨᠢᠭᠡᠳᠦᠯ ᠠᠴᠠ ᠰᠠᠯᠵᠤ ᠰᠠᠶᠢᠬᠠᠨᠨᠠᠭᠤᠷ ᠨᠢᠭᠡᠳᠦᠯ ᠪᠣᠯᠪᠠ᠂ 1961 ᠣᠨ ᠳᠤ ᠰᠠᠶᠢᠬᠠᠨᠨᠠᠭᠤᠷ ᠨᠢᠭᠡᠳᠦᠯ ᠠᠴᠠ ᠰᠠᠯᠵᠤ ᠳᠠᠭᠤᠲᠣᠨᠠᠭᠤᠷ ᠨᠢᠭᠡᠳᠦᠯ ᠪᠣᠯᠪᠠ︾ ᠭᠡᠵᠤ ᠲᠡᠮᠳᠡᠭᠯᠡᠵᠠᠢ᠃ ᠡᠨᠡᠬᠦ ᠵᠣᠷᠪᠣᠰ ᠨᠢ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠲᠥᠯᠦᠭᠡᠯᠡᠭᠴᠢᠳ ᠤᠨ 3 ᠳ᠋ᠣᠭᠠᠷ ᠶᠡᠭᠡ ᠬᠤᠷᠠᠯ  ᠤᠨ ᠨᠡᠷᠡᠰ  ᠤᠨ ᠪᠦᠷᠢᠳᠭᠡᠯ ᠤᠨ ᠲᠡᠮᠳᠡᠭᠯᠡᠯ ᠲᠠᠢ ᠶᠠᠪ ᠴᠠᠪ ᠨᠡᠶᠢᠴᠡᠵᠤ ᠪᠠᠶᠢᠬᠤ ᠲᠣᠯᠠ ᠰᠠᠶᠢᠬᠠᠨᠨᠠᠭᠤᠷ ᠨᠢᠭᠡᠳᠦᠯ ᠨᠢ 1959 ᠣᠨ ᠳᠤ ᠪᠠᠶᠢᠭᠤᠯᠣᠭᠳᠠᠭᠰᠠᠨ ᠭᠡᠵᠤ ᠨᠣᠳᠠᠯᠠᠵᠤ ᠪᠣᠯᠣᠨ᠎ᠠ᠃ 1959ᠣᠨ ᠤ ᠬᠠᠪᠣᠷ᠂ ᠣᠯᠠᠭᠠᠢᠢᠭᠤᠤᠯ ᠳᠣᠮᠳᠠᠭᠤᠪᠢ ᠬᠤᠶᠠᠷ ᠨᠢᠭᠡᠳᠦᠯ ᠠᠴᠠ ᠣᠤᠯ  ᠤᠨ 6 ᠳ᠋ᠣᠭᠠᠷ ᠰᠣᠮᠣᠨ ᠤ ᠠᠶᠢᠯ ᠡᠷᠦᠬᠡ ᠶᠢ ᠰᠠᠯᠭᠠᠵᠤ ᠰᠠᠶᠢᠬᠠᠨᠨᠠᠭᠤᠷ ᠨᠢᠭᠡᠳᠦᠯ ᠢ ᠪᠠᠶᠢᠭᠤᠯᠪᠠ ᠭᠡᠰᠡᠨ ᠵᠠᠷᠢᠮ ᠨᠥᠬᠦᠷ ᠤᠨ ᠲᠡᠮᠳᠡᠭᠯᠡᠯ ᠴᠦ ᠦᠨᠡᠨᠳᠠᠢ ᠪᠠᠶᠢᠵᠤ ᠲᠠᠭᠠᠷᠠᠨ᠎ᠠ᠃                        2᠂ ᠠᠷᠪᠠᠨ ᠳᠣᠯᠣᠭᠠᠨ ᠪᠠᠷᠢᠭᠠᠳᠠ ᠭᠡᠳᠡᠭ ᠳᠣᠷᠠᠳᠣᠯᠳᠠ ᠶᠢᠨ ᠳᠣᠬᠠᠢ      ︽ᠵᠡᠭᠦᠨ ᠦᠵᠦᠮᠦᠴᠢᠨ ᠤ ᠣᠢᠢᠯᠠᠯᠭ᠎ᠠ︾ ᠪᠣᠶᠣ ᠪᠣᠰᠣᠳ ᠪᠣᠷᠣ ᠮᠠᠲ᠋ᠧᠷᠢᠶᠠᠯ ᠳᠤ 17 ᠪᠠᠷᠢᠭᠠᠳᠠ ᠭᠡᠵᠤ ᠲᠡᠮᠳᠡᠭᠯᠡᠵᠤ ᠪᠠᠶᠢᠬᠤ ᠠᠴᠠ ᠪᠢᠰᠢ ᠪᠣᠳᠠᠳᠠᠢ ᠪᠠᠷᠢᠭᠠᠳᠠ ᠶᠢᠨ ᠨᠡᠷᠡᠰ ᠤᠨ ᠲᠡᠮᠳᠡᠭᠯᠠᠯ ᠬᠠᠷᠠᠬᠠᠨ ᠢᠯᠡᠷᠡᠭᠡᠳᠦᠢ ᠪᠠᠶᠢᠭᠰᠠᠭᠠᠷ᠃ ᠲᠡᠭᠡᠪᠡᠯ ᠭᠡᠰᠡᠭ ᠪᠣᠰᠤᠭ ᠪᠢᠴᠢᠭ ᠨᠣᠮ ᠳᠤ ᠢᠯᠡᠷᠡᠵᠤ ᠪᠠᠶᠢᠬᠤ ᠪᠠ ᠨᠣᠲᠤᠭ ᠤᠨ ᠠᠬᠠᠮᠠᠳ ᠪᠣᠯᠬᠤ ᠨᠠᠮᠵᠢᠯ᠂ ᠮ᠊  ᠰᠠᠮᠪᠣᠤ᠂ ᠣᠳᠬᠠᠨᠪᠠᠶᠠᠷ᠂ ᠵᠣ ᠳᠡᠮᠪᠡᠷᠡᠯ᠂ ᠶᠧᠰᠢ᠂ ᠠᠳᠢᠶ᠎ᠠ᠂ ᠰᠠᠨᠢᠴᠢᠷ᠂ ᠫ᠊ ᠲᠡᠮᠦᠷ᠂ ᠭᠣ ᠳᠠᠪᠬᠠᠢ᠂ ᠵᠠᠭᠠᠷᠰᠠᠮᠪᠠᠷ ︵ᠡᠳᠡᠭᠡᠷ ᠠᠬᠠᠮᠠᠳ ᠵᠠᠷᠢᠮ ᠨᠢ ᠪᠠᠷᠢᠭᠠᠳᠠ ᠪᠠᠶᠢᠭᠤᠯᠬᠤ ᠳᠤ ᠤᠷᠤᠯᠴᠠᠵᠦ ᠦᠩᠭᠡᠷᠡᠭᠰᠡᠨ ᠶᠤᠮ︶ ᠵᠡᠷᠭᠡ ᠬᠦᠮᠥᠰ ᠤᠨ ᠶᠠᠷᠢᠯᠴᠠᠭ᠎ᠠ ᠶᠢ ᠦᠨᠳᠦᠰᠦᠯᠡᠵᠤ ᠳᠣᠤᠷᠠᠬᠢ ᠮᠡᠲᠦ ᠲᠡᠮᠳᠡᠭᠯᠡᠶ᠎ᠠ  ᠄      1958 ᠣᠨ ᠤ ᠡᠪᠦᠯ᠂ ᠵᠡᠭᠦᠨ ᠦᠵᠦᠮᠦᠴᠢᠨ ᠬᠤᠰᠢᠭᠤ ᠨᠢ 3 ᠠᠷᠠᠳ ᠤᠨ ᠨᠢᠭᠡᠳᠦᠯ 17 ᠦᠢᠢᠯᠡᠳᠪᠦᠷᠢᠯᠡᠯ ᠤᠨ ᠶᠡᠭᠡ ᠪᠠᠷᠢᠭᠠᠳᠠ ᠪᠣᠯᠣᠨ 8 ᠮᠠᠯᠵᠢᠯ ᠤᠨ ᠲᠠᠯᠠᠪᠠᠢ 1ᠣᠢ ᠰᠢᠭᠤᠢ ᠶᠢᠨ ᠲᠠᠯᠠᠪᠠᠢ ᠶᠢ ᠪᠠᠶᠢᠭᠤᠯᠵᠤ᠂ ᠣᠤᠯ ᠤᠨ 5 ᠰᠣᠮᠣ 25 ᠪᠠᠭ ᠢᠶᠠᠨ ᠥᠭᠡᠷᠡᠴᠢᠯᠡᠪᠡ᠃ ᠲᠣᠬᠠᠢ ᠶᠢᠨ ᠦᠶ᠎ᠡ ᠶᠢᠨ 3 ᠨᠢᠭᠡᠳᠦᠯ 18 ᠪᠠᠷᠢᠭᠠᠳᠠ 9 ᠲᠠᠯᠠᠪᠠᠢ ᠭᠡᠪᠡᠯ ᠡᠶᠢᠮᠦᠷᠬᠦ ᠲᠥᠯᠦᠪᠳᠠᠢ᠃      1᠂ ᠡᠵᠢᠨᠠᠭᠤᠷ ᠨᠢᠭᠡᠳᠦᠯ ᠠᠴᠠ ᠣᠯᠣᠰ ᠬᠤᠪᠢ ᠶᠢᠨ ᠬᠤᠷᠰᠢᠭᠰᠠᠨ ᠡᠬᠡᠪᠣᠯᠠᠭ ᠲᠠᠯᠠᠪᠠᠢ ᠨᠢ ᠵᠠᠰᠠᠭ ᠵᠠᠬᠢᠷᠭᠠᠨ ᠤ ᠨᠢᠭᠡᠴᠡ ᠶᠢᠨ ᠬᠤᠪᠢ ᠪᠠᠷ ᠰᠠᠯᠵᠤ ᠭᠠᠷᠣᠭᠰᠠᠨ ᠪᠦᠭᠡᠳ ᠪᠦᠯᠬᠦᠮᠳᠡᠯ ᠪᠣᠯᠣᠨ ᠠᠯᠳᠠᠨᠬᠢᠯᠢ ᠪᠠᠷᠢᠭᠠᠳᠠ  ᠶᠢ ᠪᠠᠶᠢᠭᠤᠯᠵᠠᠢ᠃ 1959 ᠣᠨ ᠤ ᠵᠣᠨ᠂ ᠠᠯᠳᠠᠨᠬᠢᠯᠢ ᠪᠠᠷᠢᠭᠠᠳᠠ ᠠᠴᠠ ᠪᠠᠶᠠᠨᠬᠠᠩᠭᠠᠢ ᠪᠠᠷᠢᠭᠠᠳᠠ ᠶᠢ ᠰᠠᠯᠭᠠᠭᠰᠠᠨ ᠢᠶᠠᠷ 3 ᠪᠠᠷᠢᠭᠠᠳᠠ ᠲᠠᠢ ᠪᠣᠯᠭᠠᠪᠠ᠃ ᠮᠥᠨ ᠵᠢᠯ ᠳᠣᠮᠳᠠᠭᠤᠪᠢ ᠨᠢᠭᠡᠳᠦᠯ ᠠᠴᠠ ᠨᠠᠶᠢᠷᠠᠮᠳᠠᠯ᠂ ᠪᠠᠶ᠋ᠬᠠᠭᠤᠯᠠ ᠬᠤᠶᠠᠷ ᠪᠠᠷᠢᠭᠠᠳᠠ ᠪᠣᠯᠣᠨ ᠣᠯᠠᠭᠠᠢᠢᠭᠤᠤᠯ ᠨᠢᠭᠡᠳᠦᠯ ᠠᠴᠠ ᠬᠥᠭᠵᠢᠯᠲᠦ᠂ ᠬᠠᠭᠭᠤᠯᠠ ᠵᠡᠷᠭᠡ ᠭᠤᠷᠪᠠᠨ ᠪᠠᠷᠢᠭᠠᠳᠠ ᠶᠢ ᠰᠠᠯᠭᠠᠵᠤ ᠰᠠᠶᠢᠬᠠᠨᠨᠠᠭᠤᠷ ᠠᠷᠠᠳ ᠤᠨ ᠨᠢᠭᠡᠳᠦᠯ ᠢ ᠪᠠᠶᠢᠭᠤᠯᠵᠠᠢ᠃ ᠮᠥᠨ ᠵᠢᠯ ᠤᠨ ᠡᠪᠦᠯ ᠳᠣᠮᠳᠠᠭᠤᠪᠢ ᠨᠢᠭᠡᠳᠦᠯ ᠠᠴᠠ ᠥᠷᠨᠢᠯᠳᠡ ᠮᠠᠯᠵᠢᠯ ᠤᠨ ᠲᠠᠯᠠᠪᠠᠢ ᠨᠢ ᠵᠠᠰᠠᠭ ᠵᠠᠬᠢᠷᠭᠠᠨ ᠤ ᠬᠤᠪᠢ ᠪᠠᠷ ᠰᠠᠯᠵᠤ᠂ ᠣᠯᠣᠰ ᠬᠤᠪᠢ ᠶᠢᠨ ᠬᠤᠷᠰᠢᠭᠰᠠᠨ ᠥᠷᠨᠢᠯᠳᠡ ᠲᠠᠯᠠᠪᠠᠢ ᠪᠣᠯᠵᠠᠢ᠃ 1959 ᠣᠨ ᠤ ᠵᠠᠰᠠᠭ ᠵᠠᠬᠢᠷᠭᠠᠨ ᠤ ᠬᠦᠷᠢᠶ᠎ᠡ ᠬᠡᠪᠴᠢᠶ᠎ᠡ ᠶᠢᠨ ᠳᠣᠬᠢᠷᠠᠭᠤᠯᠣᠯᠳᠠ ᠡᠶᠢᠮᠦ ᠰᠢᠭ ᠪᠠᠶᠢᠨ᠎ᠠ᠃      2᠂ ᠪᠣᠷᠣ ᠮᠠᠲ᠋ᠧᠷᠢᠶᠠᠯ ᠪᠣᠯᠣᠨ ᠠᠵᠢᠭᠯᠠᠯᠳᠠ ᠪᠠᠷ 1958 ᠣᠨ ᠤ 17 ᠪᠠᠷᠢᠭᠠᠳᠠ ᠶᠢᠨ ᠲᠣᠬᠠᠢ ᠡᠶᠢᠮᠣ ᠳ᠋ᠦ᠋ᠩ  ᠢ ᠭᠠᠷᠭᠠᠵᠤ ᠪᠣᠯᠣᠨ᠎ᠠ  ᠄ ᠡᠵᠢᠨᠠᠭᠤᠷ ᠨᠢᠭᠡᠳᠦᠯ ᠳᠤ᠄ ᠪᠦᠯᠬᠦᠮᠳᠡᠯ᠂ ᠠᠯᠳᠠᠨᠬᠢᠯᠢ ᠵᠡᠷᠭᠡ 2 ᠪᠠᠷᠢᠭᠠᠳᠠ ᠲᠠᠢ  ᠳᠣᠮᠳᠠᠭᠤᠪᠢ ᠨᠢᠭᠡᠳᠦᠯ ᠳᠤ᠄ ᠡᠩᠬᠡᠵᠢᠷᠭᠠᠯᠠᠩ᠂ ᠳᠠᠪᠰᠢᠯᠳᠠ᠂ ᠠᠮᠣᠭᠤᠯᠠᠩᠪᠣᠯᠠᠭ᠂ ᠬᠥᠭᠡᠷᠴᠡᠭ᠂ ᠬᠠᠭ᠋ᠠᠭᠤᠯᠠ᠂ ᠪᠠᠶᠠᠨᠳᠣᠯᠠᠭᠠᠨ᠂ ᠨᠠᠶᠢᠷᠠᠮᠳᠠᠯ᠂ ᠪᠠᠶ᠋ᠬᠠᠭᠤᠯᠠ ᠵᠡᠷᠭᠡ 8 ᠪᠠᠷᠢᠭᠠᠳᠠ ᠲᠠᠢ  ᠣᠯᠠᠭᠠᠢᠢᠭᠤᠤᠯ ᠨᠢᠭᠡᠳᠦᠯ ᠳᠤ᠄ ᠬᠠᠳᠠᠲᠦ᠂ ᠪᠠᠶᠠᠨᠪᠣᠯᠠᠭ᠂ ᠰᠠᠷᠠᠭᠤᠯᠵᠠᠮ᠂ ᠠᠯᠳ᠋ᠬᠠᠣᠳᠦ᠂ ᠣᠯᠠᠭᠠᠨᠳᠤᠭ᠂ ᠬᠥᠭᠵᠢᠯᠳᠦ᠂ ᠭᠡᠷᠡᠯᠳᠦ᠂ ᠳᠠᠭᠤᠲᠣᠨᠠᠭᠤᠷ ᠵᠡᠷᠭᠡ 8 ᠪᠠᠷᠢᠭᠠᠳᠠ ᠲᠠᠢ ᠪᠠᠶᠢᠵᠤ 3 ᠨᠢᠭᠡᠳᠦᠯ 18 ᠪᠠᠷᠢᠭᠠᠳᠠ ᠪᠠᠶᠢᠭᠰᠠᠨ ᠭᠡᠵᠦ ᠰᠠᠨᠠᠯ ᠲᠥᠪᠯᠡᠷᠡᠨ ᠪᠣᠢ  ᠂ ᠲᠡᠭᠡᠪᠡᠯ 1959 ᠣᠨ ᠳᠤ 4 ᠨᠢᠭᠡᠳᠦᠯ 19 ᠪᠠᠷᠢᠭᠠᠳᠠ ᠲᠠᠢ ᠪᠣᠯᠪᠠ ᠭᠡᠵᠤ ᠦᠵᠡᠵᠤ ᠪᠣᠯᠣᠨ᠎ᠠ  ᠃      3᠂ 1958 ᠣᠨ ᠳᠤ ᠵᠡᠭᠦᠨ ᠦᠵᠦᠮᠦᠴᠢᠨ ᠬᠤᠰᠢᠭᠤ ᠨᠢ 8 ᠮᠠᠯᠵᠢᠯ ᠤᠨ ᠲᠠᠯᠠᠪᠠᠢ 1ᠣᠢ ᠰᠢᠭᠤᠢ ︵ᠪᠣᠭᠳ᠋ᠬᠠᠭᠤᠯᠠ︶ ᠶᠢᠨ ᠲᠠᠯᠠᠪᠠᠢ ᠲᠠᠢ ᠪᠠᠶᠢᠵᠠᠢ᠃ 8 ᠮᠠᠯᠵᠢᠯ ᠤᠨ ᠲᠠᠯᠠᠪᠠᠢ  ᠳᠠᠭᠠᠨ ᠣᠯᠣᠰ ᠬᠤᠪᠢ ᠶᠢᠨ ᠬᠤᠷᠰᠢᠭᠰᠠᠨ ᠲᠠᠯᠠᠪᠠᠢ 4ᠪᠣᠢ᠂ ᠡᠨᠡ ᠨᠢ ᠳᠠᠷᠣᠢ ᠡᠬᠡᠪᠣᠯᠠᠭ᠂ ᠮᠠᠨᠳᠣᠬᠤᠪᠣᠯᠠᠭ᠂ ᠵᠢᠭᠠᠰᠣᠳᠠᠢ᠂ ᠣᠯᠠᠭᠠᠢ ᠲᠠᠷᠢᠶᠠᠯᠠᠩ ᠮᠠᠯᠵᠢᠯ ᠤᠨ ᠲᠠᠯᠠᠪᠠᠢ ᠪᠣᠯᠣᠨ᠎ᠠ  ᠃ ᠬᠤᠪᠢ ᠪᠠᠷ ᠬᠤᠷᠰᠢᠭᠰᠠᠨ ᠵᠢᠵᠢᠭ ᠮᠠᠯᠵᠢᠯ ᠤᠨ ᠲᠠᠯᠠᠪᠠᠢ 4 ᠪᠠᠶᠢᠵᠤ᠂ ᠡᠨᠡ ᠨᠢ ᠳᠠᠷᠣᠢ ᠪᠠᠶᠠᠨᠭᠤᠪᠢ᠂ ᠪᠠᠶᠠᠨᠳᠦᠮᠡᠨ᠂ ︽5᠂ 1︾ ᠮᠠᠯᠵᠢᠯ ᠤᠨ ᠲᠠᠯᠠᠪᠠᠢ᠂ ᠥᠷᠨᠢᠯᠳᠠ ᠮᠠᠯᠵᠢᠯ ᠤᠨ ᠲᠠᠯᠠᠪᠠᠢ ᠵᠡᠷᠭᠡ ᠪᠣᠯᠣᠨ᠎ᠠ᠃ ᠡᠳᠡᠭᠡᠷ ᠵᠢᠵᠢᠭ ᠮᠠᠯᠵᠢᠯ ᠤᠨ ᠲᠠᠯᠠᠪᠠᠢ ᠨᠤᠭᠤᠳ ᠲᠣᠬᠠᠢ ᠶᠢᠨ ᠦᠶ᠎ᠠ ᠳᠣᠮᠳᠠᠭᠤᠪᠢ ᠨᠢᠭᠡᠳᠦᠯ ᠳᠤ ᠬᠠᠮᠢᠶᠠᠷᠣᠭᠳᠠᠵᠤ ᠪᠠᠶᠢᠪᠠ  ᠃      1960ᠣᠨ ᠤ ᠡᠬᠢ ᠪᠠᠷ ᠪᠠᠶᠠᠨᠭᠤᠪᠢ  ᠂ ᠪᠠᠶᠠᠨᠲᠦᠮᠡᠨ ︽5᠂ 1︾ ᠵᠡᠷᠭᠡ ᠲᠠᠯᠠᠪᠠᠢ ᠶᠢ ᠳᠣᠮᠳᠠᠭᠤᠪᠢ ᠨᠢᠭᠡᠳᠦᠯ ᠠᠴᠠ ᠰᠠᠯᠭᠠᠵᠤ  ᠂ ᠣᠷᠣᠨ ᠨᠣᠲᠤᠭ ᠤᠨ ᠣᠯᠣᠰ ᠤᠨ ᠰᠠᠩ ᠤᠨ ᠥᠩᠳᠦ ᠲᠠᠯᠠᠪᠠᠢ ᠶᠢ ᠪᠠᠶᠢᠭᠤᠯᠪᠠ  ᠃                             ᠬᠤᠶᠠᠷ  ᠂ ᠨᠢᠭᠡᠳᠦᠯ ᠪᠠᠷᠢᠭᠠᠳᠠ ᠶᠢᠨ ᠥᠷᠨᠢᠯᠳᠠ ᠶᠢᠨ ᠦᠶ᠎ᠠ      1961ᠣᠨ ᠤ ᠵᠣᠨ᠂ ᠵᠡᠭᠦᠨ ᠦᠵᠦᠮᠦᠴᠢᠨ ᠬᠤᠰᠢᠭᠤ ᠨᠢ᠂ ᠲᠥᠪ ᠤᠨ ︽60︾ ᠵᠣᠷᠪᠣᠰ ᠤᠨ ᠲᠣᠭᠲᠠᠭᠠᠯ ᠢᠶᠠᠷ᠂ 4 ᠠᠷᠠᠳ ᠤᠨ ᠨᠢᠭᠡᠳᠦᠯ ᠳᠤ ᠳᠣᠬᠢᠷᠠᠭᠤᠯᠣᠯᠳᠠ ᠬᠢᠵᠤ᠂ 11 ᠠᠷᠠᠳ ᠤᠨ ᠨᠢᠭᠡᠳᠦᠯ ᠪᠣᠯᠭᠠᠨ‌ᠠᠩᠭᠢᠯᠠᠨ ᠪᠠᠶᠢᠭᠤᠯᠵᠠᠢ᠃ ᠲᠡᠳᠡᠭᠡᠷ ᠨᠢ ᠳᠠᠷᠣᠢ᠄ ᠡᠵᠢᠨᠠᠭᠤᠷ᠂ ᠠᠯᠳᠠᠨᠬᠢᠯᠢ᠂ ᠪᠠᠶᠠᠨᠳᠣᠯᠠᠭᠠᠨ᠂ ᠳᠣᠮᠳᠠᠭᠤᠪᠢ᠂ ᠰᠠᠭᠠᠮᠠᠢ᠂ ᠪᠣᠯᠠᠭ᠂ ᠳᠠᠭᠤᠲᠦᠨᠠᠭᠤᠷ᠂ ᠣᠯᠠᠭᠠᠢ᠂ ᠣᠯᠠᠭᠠᠨᠳᠤᠭ᠂ ᠰᠠᠶᠢᠬᠠᠨᠨᠠᠭᠤᠷ᠂ ᠡᠷᠢᠶᠡᠨᠭᠤᠪᠢ ᠵᠡᠷᠭᠡ ᠪᠠᠶᠢᠵᠤ᠂ 44 ᠪᠠᠷᠢᠭᠠᠳᠠ ᠲᠠᠢ ᠪᠠᠶᠢᠵᠠᠢ᠃      1᠂ ᠡᠵᠢᠨᠠᠭᠤᠷ ᠨᠢᠭᠡᠳᠦᠯ  ᠤᠨ ᠬᠤᠪᠢᠷᠠᠯᠳᠠ ᠭᠡᠪᠡᠯ ᠣᠤᠯ ᠤᠨ ᠪᠦᠯᠬᠦᠮᠳᠡᠯ ᠪᠠᠷᠢᠭᠠᠳᠠ ᠪᠠᠨ‌‍ᠰᠠᠯᠭᠠᠵᠦ᠂ ᠪᠦᠯᠬᠦᠮᠳᠡᠯ— ᠬᠠᠷᠠᠭᠠᠲᠦ  ᠂ ᠡᠷᠳᠡᠨᠢᠳᠠᠯᠠᠢ ᠵᠡᠷᠭᠡ ᠭᠤᠷᠪᠠᠨ ᠪᠠᠷᠢᠭᠠᠳᠠ ᠪᠣᠯᠭᠠᠨ ᠡᠵᠢᠨᠠᠭᠤᠷ ᠨᠢᠭᠡᠳᠦᠯ ᠪᠣᠯᠪᠠ᠃      ᠡᠵᠢᠨᠠᠭᠤᠷ ᠨᠢᠭᠡᠳᠦᠯ ᠠᠴᠠ ᠠᠯᠳᠠᠨᠬᠢᠯᠢ᠂ ᠪᠠᠶᠠᠨᠬᠠᠩᠭᠠᠢ ᠬᠤᠶᠠᠷ ᠪᠠᠷᠢᠭᠠᠳᠠ ᠶᠢ ᠰᠠᠯᠭᠠᠵᠤ᠂ ᠠᠯᠳᠠᠨᠬᠢᠯᠢ  — ᠪᠦᠯᠢᠶᠡᠨ᠂ ᠪᠠᠶᠠᠨᠬᠠᠩᠭᠠᠢ — ᠪᠠᠳᠠᠷᠠᠬᠤ ᠵᠡᠷᠭᠡ ᠳᠥᠷᠪᠡᠨ ᠪᠠᠷᠢᠭᠠᠳᠠ ᠪᠣᠯᠭᠠᠨ ᠠᠯᠳᠠᠨᠬᠢᠯᠢ ᠨᠢᠭᠡᠳᠦᠯ ᠢ ᠪᠠᠶᠢᠭᠤᠯᠪᠠ᠃      2᠂ ᠳᠣᠮᠳᠠᠭᠤᠪᠢ ᠨᠢᠭᠡᠳᠦᠯ ᠤᠨ ᠬᠤᠪᠢᠷᠠᠯᠳᠠ ᠭᠡᠪᠡᠯ ᠡᠩᠬᠡᠵᠢᠷᠭᠠᠯᠠᠩ — ᠡᠷᠳᠡᠨᠢᠠᠠᠭᠤᠯᠠ᠂ ᠳᠠᠪᠰᠢᠯᠳᠠ — ᠷᠠᠰᠢᠶᠠᠨᠪᠣᠯᠠᠭ᠂ ᠠᠮᠣᠭᠤᠯᠠᠩᠪᠣᠯᠠᠭ ︵ᠪᠠᠶ᠋ᠬᠠᠷᠬᠡᠲᠦ︶ ᠵᠡᠷᠭᠡ ᠲᠠᠪᠣᠨ ᠪᠠᠷᠢᠭᠠᠳᠠ ᠪᠣᠯᠭᠠᠵᠤ᠂ ᠳᠣᠮᠳᠠᠭᠤᠪᠢ ᠨᠢᠭᠡᠳᠦᠯ ᠪᠣᠯᠪᠠ᠃      ᠳᠣᠮᠳᠠᠭᠤᠪᠢ ᠨᠢᠭᠡᠳᠦᠯ ᠠᠴᠠ ᠬᠥᠭᠡᠷᠴᠡᠭ᠂ ᠬᠠᠭ᠋ᠠᠭᠤᠯᠠ ᠬᠤᠶᠠᠷ ᠪᠠᠷᠢᠭᠠᠳᠠ ᠶᠢ ᠰᠠᠯᠭᠠᠵᠤ᠂ ᠬᠥᠭᠡᠷᠴᠡᠭ — ᠮᠠᠨᠳᠠᠯᠲᠦ᠂ ᠬᠠᠭ᠋ᠠᠭᠤᠯᠠ ᠵᠡᠷᠭᠡ ᠭᠤᠷᠪᠠᠨ ᠪᠠᠷᠢᠭᠠᠳᠠ ᠪᠣᠯᠭᠠᠨ ᠰᠠᠭᠠᠮᠠᠢ ᠨᠢᠭᠡᠳᠦᠯ ᠢ ᠪᠠᠶᠢᠭᠤᠯᠪᠠ᠃      ᠳᠣᠮᠳᠠᠭᠤᠪᠢ ᠨᠢᠭᠡᠳᠦᠯ ᠠᠴᠠ ᠪᠠᠶᠠᠨᠳᠣᠯᠠᠭᠠᠨ᠂ ᠬᠠᠭ᠋ᠠᠭᠤᠯᠠ ᠪᠠᠷᠢᠭᠠᠳᠠ ᠶᠢᠨ ᠭᠡᠰᠡᠭ ᠠᠶᠢᠯ ᠡᠷᠦᠬᠡ ᠶᠢ ᠰᠠᠯᠭᠠᠵᠤ᠂ ᠪᠠᠶᠠᠨᠳᠣᠯᠠᠭᠠᠨ — ᠰᠢᠷᠠᠬᠠᠳᠠ᠂ ᠱᠠᠩᠲᠦ᠂ ᠪᠠᠶᠠᠨᠵᠢᠯᠠᠭ᠎ᠠ ᠵᠡᠷᠭᠡ ᠳᠥᠷᠪᠡᠨ ᠪᠠᠷᠢᠭᠠᠳᠠ ᠠᠩᠭᠢᠯᠠᠵᠤ ᠪᠠᠶᠠᠨᠳᠣᠯᠠᠭᠠᠨ ᠨᠢᠭᠡᠳᠦᠯ ᠢ ᠪᠠᠶᠢᠭᠤᠯᠪᠠ᠃      3᠂ ᠣᠯᠠᠭᠠᠢ ᠨᠢᠭᠡᠳᠦᠯ ᠤᠨ ᠬᠤᠪᠢᠷᠠᠯᠳᠠ ᠭᠡᠪᠡᠯ ᠬᠠᠳᠠᠲᠦ᠂ ᠪᠠᠶᠠᠨᠪᠣᠯᠠᠭ᠂ ᠰᠠᠷᠠᠭᠤᠯᠵᠠᠮ ᠵᠡᠷᠭᠡ ᠭᠤᠷᠪᠠᠨ ᠪᠠᠷᠢᠭᠠᠳᠠ ᠪᠠᠨ ᠬᠠᠷᠢᠶᠠᠯᠠᠭᠤᠯᠣᠭᠰᠠᠨ ᠣᠯᠠᠭᠠᠢ ᠨᠢᠭᠡᠳᠦᠯ ᠪᠣᠯᠪᠠ᠃      ᠣᠯᠠᠭᠠᠢ ᠨᠢᠭᠡᠳᠦᠯ ᠠᠴᠠ ᠠᠯᠳ᠋ᠬᠠᠣᠲᠦ ᠪᠠᠷᠢᠭᠠᠳᠠ ᠶᠢ ᠰᠠᠯᠭᠠᠵᠤ᠂ ᠡᠷᠢᠶᠡᠨᠭᠤᠪᠢ — ᠡᠷᠢᠶᠡᠨᠪᠣᠯᠠᠭ — ᠷᠠᠰᠢᠶᠠᠨᠪᠣᠯᠠᠭ ᠵᠡᠷᠭᠡ ᠭᠤᠷᠪᠠᠨ ᠪᠠᠷᠢᠭᠠᠳᠠ ᠪᠣᠯᠭᠠᠨ ᠠᠩᠭᠢᠯᠠᠵᠤ ᠡᠷᠢᠶᠡᠨᠭᠤᠪᠢ ᠨᠢᠭᠡᠳᠦᠯ ᠢ ᠪᠠᠶᠢᠭᠤᠯᠪᠠ᠃      ᠣᠯᠠᠭᠠᠢ ᠨᠢᠭᠡᠳᠦᠯ ᠠᠴᠠ ᠣᠯᠠᠭᠠᠨᠳᠤᠭ ᠪᠠᠷᠢᠭᠠᠳᠠ ᠶᠢ ᠰᠠᠯᠭᠠᠵᠤ᠂ ᠠᠷᠰᠠᠯᠠᠩᠲᠦ — ᠠᠯᠳ᠋ᠬᠠᠮᠡᠭᠡᠯ — ᠭᠥᠳᠥᠯᠠᠣᠪᠣᠭ᠎ᠠ ᠵᠡᠷᠭᠡ ᠭᠤᠷᠪᠠᠨ ᠪᠠᠷᠢᠭᠠᠳᠠ ᠪᠣᠯᠭᠠᠨ ᠬᠤᠪᠢᠶᠠᠵᠤ ᠣᠯᠠᠭᠠᠨᠳᠤᠭ ᠨᠢᠭᠡᠳᠦᠯ ᠢ ᠪᠠᠶᠢᠭᠤᠯᠪᠠ᠃      4᠂ ᠰᠠᠶᠢᠬᠠᠨᠨᠠᠭᠤᠷ ᠨᠢᠭᠡᠳᠦᠯ ᠤᠨ ᠬᠤᠪᠢᠷᠠᠯᠳᠠ ᠭᠡᠪᠡᠯ ᠬᠥᠭᠵᠢᠯᠲᠦ᠂ ᠭᠡᠷᠡᠯᠲᠦ ᠬᠤᠶᠠᠷ ᠪᠠᠷᠢᠭᠠᠳᠠ ᠪᠠᠨ ᠠᠩᠭᠢᠯᠠᠵᠤ᠂ ᠬᠥᠭᠵᠢᠯᠲᠦ — ᠪᠠᠶᠠᠨᠨᠠᠭᠤᠷ — ᠴᠠᠭᠠᠨᠨᠠᠭᠤᠷ᠂ ᠭᠡᠷᠡᠯᠲᠦ — ᠪᠠᠶᠠᠨᠴᠠᠭᠠᠨ — ᠬᠠᠷᠠᠭᠠᠨᠠᠲᠦ ᠵᠡᠷᠭᠡ ᠵᠢᠷᠭᠤᠭᠠᠨ ᠪᠠᠷᠢᠭᠠᠳᠠ ᠪᠣᠯᠭᠠᠨ ᠰᠠᠶᠢᠬᠠᠨᠨᠠᠭᠤᠷ ᠨᠢᠭᠡᠳᠦᠯ ᠪᠣᠯᠪᠠ᠃      ᠰᠠᠶᠢᠬᠠᠨᠨᠠᠭᠤᠷ ᠨᠢᠭᠡᠳᠦᠯ ᠠᠴᠠ ᠨᠠᠶᠢᠷᠠᠮᠳᠠᠯ᠂ ᠪᠠᠶ᠋ᠬᠠᠠᠭᠤᠯᠠ ᠬᠤᠶᠠᠷ ᠪᠠᠷᠢᠭᠠᠳᠠ ᠶᠢ ᠰᠠᠯᠭᠠᠵᠤ᠂ ᠨᠠᠶᠢᠷᠠᠮᠳᠠᠯ — ᠵᠢᠷᠭᠠᠯᠠᠩᠲᠦ — ᠪᠠᠶᠠᠨᠨᠠᠭᠤᠷ᠂ ᠪᠠᠶ᠋ᠬᠠᠠᠭᠤᠯᠠ — ᠳᠣᠰᠣᠨᠪᠣᠯᠠᠭ ᠵᠡᠷᠭᠡ ᠲᠠᠪᠣᠨ ᠪᠠᠷᠢᠭᠠᠳᠠ ᠪᠣᠯᠭᠠᠵᠤ᠂ ᠪᠣᠯᠠᠭ ᠨᠢᠭᠡᠳᠦᠯ ᠢ ᠪᠠᠶᠢᠭᠤᠯᠵᠠᠢ᠃      ᠰᠠᠶᠢᠬᠠᠨᠨᠠᠭᠤᠷ ᠨᠢᠭᠡᠳᠦᠯ ᠠᠴᠠ ᠳᠠᠭᠤᠲᠣᠨᠠᠭᠤᠷ ᠪᠠᠷᠢᠭᠠᠳᠠ ᠶᠢ ᠠᠩᠭᠢᠯᠠᠨ‌‍ᠲ᠋ᠠᠭᠤᠲᠣᠨᠠᠭᠤᠷ — ᠪᠠᠶᠠᠨᠲᠤᠭ —  ᠬᠠᠭ᠋ᠠᠭᠤᠯᠠ — ᠪᠠᠶᠠᠨᠬᠦᠭᠡᠪᠦᠷ — ᠵᠢᠷᠠᠨᠪᠣᠯᠠᠭ ᠵᠡᠷᠭᠡ ᠲᠠᠪᠣᠨ ᠪᠠᠷᠢᠭᠠᠳᠠ ᠪᠣᠯᠭᠠᠵᠤ ᠳᠠᠭᠤᠲᠦᠨᠠᠭᠤᠷ ᠨᠢᠭᠡᠳᠦᠯ ᠢ ᠪᠠᠶᠢᠭᠤᠯᠪᠠ᠃ 1961ᠣᠨ ᠪᠣᠯ ᠵᠠᠰᠠᠭ ᠵᠠᠬᠢᠷᠭᠠᠨ ᠤ ᠪᠠᠶᠢᠭᠤᠯᠣᠮᠵᠢ ᠶᠢ ᠬᠠᠮᠤᠭ ᠣᠯᠠᠨ ᠳᠣᠬᠢᠷᠠᠭᠤᠯᠣᠭᠰᠠᠨ ᠨᠢᠭᠡ ᠵᠢᠯ ᠪᠣᠯᠬᠤ ᠶᠣᠮ᠃      1962 ᠣᠨ ᠳᠤ ᠣᠯᠠᠭᠠᠨᠳᠤᠭ ᠨᠢᠭᠡᠳᠦᠯ ᠢ ᠬᠦᠷᠢᠶᠡᠲᠦᠨᠠᠭᠤᠷ ᠭᠡᠵᠤ᠂ ᠰᠠᠶᠢᠬᠠᠨᠨᠠᠭᠤᠷ ᠨᠢᠭᠡᠳᠦᠯ ᠢ ᠴᠠᠭᠠᠨᠨᠠᠭᠤᠷ ᠭᠡᠵᠤ᠂ ᠪᠠᠶᠠᠨᠳᠣᠯᠠᠭᠠᠨ ᠨᠢᠭᠡᠳᠦᠯ ᠢ ᠬᠥᠪᠴᠢᠨᠭᠤᠪᠢ ᠭᠡᠵᠤ ᠥᠭᠡᠷᠡᠴᠢᠯᠡᠨ ᠨᠡᠷᠡᠶᠢᠳᠪᠡ᠃ ᠮᠥᠨ ᠵᠢᠯ  ᠳᠤ ᠣᠯᠠᠭᠠᠢ ᠲᠠᠷᠢᠶᠠᠯᠠᠩ ᠮᠠᠯᠵᠢᠯ ᠤᠨ ᠲᠠᠯᠠᠪᠠᠢ ᠪᠣᠯᠣᠨ ᠥᠩᠲᠦ ᠮᠠᠯᠵᠢᠯ ᠤᠨ ᠲᠠᠯᠠᠪᠠᠢ ᠶᠢ ᠰᠢᠯᠢ ᠶᠢᠨ ᠭᠤᠤᠯ ᠠᠶᠢᠮᠠᠭ ᠤᠨ ᠲᠠᠷᠢᠶᠠᠯᠠᠩ ᠤᠨ ᠬᠠᠮᠢᠶᠠᠷᠣᠯᠳᠠ ᠶᠢᠨ ᠲᠣᠪᠴᠢᠶᠠᠨ ᠳᠤ ᠬᠠᠷᠢᠶᠠᠯᠠᠭᠤᠯᠪᠠ᠃      1963 ᠣᠨ ᠳᠤ ᠣᠤᠯ ᠤᠨ ᠠᠷᠣ ᠬᠤᠭᠤᠯᠠᠢ ᠲᠠᠷᠢᠶᠠᠯᠠᠩ ᠤᠨ ᠲᠠᠯᠠᠪᠠᠢ ᠳᠤ ᠪᠠᠶᠢᠭᠰᠠᠨ ᠭᠡᠰᠡᠭ ᠠᠶᠢᠯ ᠡᠷᠦᠬᠡ ᠶᠢ ᠡᠵᠢᠨᠠᠭᠤᠷ ᠨᠢᠭᠡᠳᠦᠯ ᠳᠤ ᠬᠠᠷᠢᠶᠠᠯᠠᠭᠤᠯᠵᠤ᠂ ᠡᠵᠢᠨᠠᠭᠤᠷ ᠪᠠᠷᠢᠭᠠᠳᠠ ᠶᠢ ᠪᠠᠶᠢᠭᠤᠯᠪᠠ᠃        1965 ᠣᠨ ᠳᠤ ᠥᠷᠨᠢᠯᠳᠠ ᠲᠠᠯᠠᠪᠠᠢ᠂ ᠡᠬᠡᠪᠣᠯᠠᠭ ᠲᠠᠯᠠᠪᠠᠢ ᠶᠢᠨ ᠬᠠᠷᠠᠭᠤᠪᠢ ᠰᠠᠯᠪᠣᠷᠢ᠂ ᠠᠯᠳᠠᠨᠬᠢᠯᠢ ᠨᠢᠭᠡᠳᠦᠯ ᠤᠨ ᠪᠦᠯᠢᠶᠡᠨ ᠪᠠᠷᠢᠭᠠᠳᠠ᠂ ᠬᠥᠪᠴᠢᠨᠭᠤᠪᠢ ᠨᠢᠭᠡᠳᠦᠯ ᠤᠨ ᠱᠠᠩᠲᠦ ᠪᠠᠷᠢᠭᠠᠳᠠ ᠶᠢ ᠴᠠᠭᠠᠨ ᠴᠠᠬᠢᠭᠤᠷᠲᠦ ᠭᠡᠳᠡᠭ ᠭᠠᠵᠠᠷ ᠨᠡᠭᠦᠯᠭᠡᠵᠤ᠂ ᠬᠡᠰᠡᠭ ᠠᠭᠤᠯᠠ ᠮᠠᠯᠵᠢᠯ ᠤᠨ ᠲᠠᠯᠠᠪᠠᠢ ᠶᠢ ᠪᠠᠶᠢᠭᠤᠯᠪᠠ᠃      1967 ᠣᠨ ᠳᠤ ᠣᠯᠠᠭᠠᠢ ᠲᠠᠷᠢᠶᠠᠯᠠᠩ ᠤᠨ ᠲᠠᠯᠠᠪᠠᠢ ᠳᠤ ᠦᠢᠯᠡᠳᠪᠦᠷᠢᠯᠡᠯ ᠪᠦᠳᠦᠭᠡᠨ ᠪᠠᠶᠢᠭᠤᠯᠣᠯᠳᠠ ᠶᠢᠨ ᠴᠡᠷᠢᠭ ᠠᠩᠭᠢ ᠶᠢ ᠪᠠᠶᠢᠭᠤᠯᠵᠤ ᠵᠢᠷᠭᠤᠳᠣᠭᠠᠷ ᠳ᠋ᠢᠸᠢᠽᠢ ᠬᠡᠮᠡᠨ ᠨᠡᠷᠡᠯᠡᠨ᠂ ᠵᠡᠭᠦᠨ ᠦᠵᠦᠮᠦᠴᠢᠨ ᠬᠤᠰᠢᠭᠤᠨ ᠠᠴᠠ ᠮᠠᠨᠳᠣᠬᠤᠪᠣᠯᠠᠭ ᠲᠠᠯᠠᠪᠠᠢ᠂ ᠪᠣᠭᠳ᠋ᠬᠠᠭᠤᠯᠠ ᠣᠢ ᠰᠢᠭᠤᠢ ᠶᠢᠨ ᠲᠠᠯᠠᠪᠠᠢ᠂ ᠣᠯᠠᠭᠠᠢ ᠨᠢᠭᠡᠳᠦᠯ᠂ ᠬᠦᠷᠢᠶᠡᠲᠦᠨᠠᠭᠤᠷ ᠨᠢᠭᠡᠳᠦᠯ ᠵᠡᠷᠭᠡ ᠲᠠᠯᠠᠪᠠᠢ ᠨᠢᠭᠡᠳᠦᠯ ᠶᠢ ᠰᠠᠯᠭᠠᠵᠤ ᠵᠢᠷᠭᠤᠳᠣᠭᠠᠷ ᠳ᠋ᠢᠸᠢᠽᠢ ᠳᠤ ᠬᠠᠷᠢᠶᠠᠯᠠᠭᠤᠯᠪᠠ᠃      1971 ᠣᠨ ᠳᠤ ᠲᠠᠭᠤᠲᠦᠨᠠᠭᠤᠷ ᠨᠢᠭᠡᠳᠦᠯ ᠠᠴᠠ ᠪᠠᠶᠠᠨᠬᠦᠭᠡᠪᠦᠷ᠂ ᠵᠢᠷᠠᠨᠪᠣᠯᠠᠭ ᠬᠤᠶᠠᠷ ᠪᠠᠷᠢᠭᠠᠳᠠ ᠪᠣᠯᠠᠭ ᠨᠢᠭᠡᠳᠦᠯ ᠠᠴᠠ ᠳᠣᠰᠣᠨᠪᠣᠯᠠᠭ᠂ ᠪᠠᠶᠠᠨᠨᠠᠭᠤᠷ ᠬᠤᠶᠠᠷ ᠪᠠᠷᠢᠭᠠᠳᠠ ᠶᠢ ᠰᠠᠯᠭᠠᠵᠤ ᠪᠠᠶᠠᠨᠬᠦᠭᠡᠪᠦᠷ ᠨᠢᠭᠡᠳᠦᠯ ᠶᠢ ᠪᠠᠶᠢᠭᠤᠯᠪᠠ᠃ ᠮᠥᠨ ᠵᠢᠯ ᠣᠯᠢᠶᠠᠰᠣᠳᠠᠢ ᠪᠠᠯᠭᠠᠰᠣᠨ ᠳᠤ ᠬᠤᠳᠠ ᠶᠢᠨ ᠲᠣᠭᠤᠷᠢᠭ ᠤᠨ ᠨᠢᠭᠡᠳᠦᠯ ᠶᠢ ᠪᠠᠶᠢᠭᠤᠯᠵᠠᠢ᠃      1975 ᠣᠨ ᠳᠤ ᠵᠢᠷᠭᠤᠳᠣᠭᠠᠷ ᠳ᠋ᠢᠸᠢᠽᠢ ᠶᠢ ᠬᠠᠰᠣᠵᠤ᠂ ᠣᠯᠠᠭᠠᠢ ᠨᠢᠭᠡᠳᠦᠯ᠂ ᠬᠦᠷᠢᠶᠡᠳᠦᠨᠠᠭᠤᠷ ᠨᠢᠭᠡᠳᠦᠯ᠂ ᠣᠢ ᠰᠢᠭᠤᠢ ᠶᠢᠨ ᠲᠠᠯᠠᠪᠠᠢ ᠶᠢ ᠵᠡᠭᠦᠨ ᠦᠵᠦᠮᠦᠴᠢᠨ ᠬᠤᠰᠢᠭᠤᠨ ᠳᠤ ᠪᠣᠴᠠᠭᠠᠨ ᠬᠠᠷᠢᠶᠠᠯᠠᠭᠤᠯᠪᠠ᠃      1980 ᠣᠨ ᠳᠤ ᠡᠬᠡᠪᠣᠯᠠᠭ ᠮᠠᠯᠵᠢᠯ ᠤᠨ ᠲᠠᠯᠠᠪᠠᠢ ᠶᠢ ᠥᠭᠡᠷᠡᠴᠢᠯᠡᠨ ᠬᠠᠷᠠᠭᠤᠪᠢ᠂ ᠰᠠᠶᠢᠬᠤᠰᠣ᠂ ᠬᠤᠩᠭᠤᠷ ᠵᠡᠷᠭᠡ ᠭᠤᠷᠪᠠᠨ ᠪᠠᠷᠢᠭᠠᠳᠠ ᠪᠣᠯᠭᠠᠵᠤ ᠡᠬᠡᠪᠣᠯᠠᠭ ᠠᠷᠠᠳ ᠤᠨ ᠨᠢᠭᠡᠳᠦᠯ ᠢ ᠪᠠᠶᠢᠢᠭᠤᠯᠪᠠ᠃      1981ᠣᠨ ᠪᠣᠯᠬᠤ ᠳᠤ 14 ᠠᠷᠠᠳ  ᠤᠨ ᠨᠢᠭᠡᠳᠦᠯ᠂ ᠨᠢᠭᠡ ᠮᠠᠯᠵᠢᠯ ᠤᠨ ᠲᠠᠯᠠᠪᠠᠢ ︵ᠥᠩᠲᠦ︶᠂ ᠨᠢᠭᠡ ᠣᠢ ᠰᠢᠭᠤᠢ ᠶᠢᠨ ᠲᠠᠯᠠᠪᠠᠢ ︵ᠪᠣᠭᠳ᠋ᠬᠠᠭᠤᠯᠠ︶ ᠲᠠᠢ ᠪᠣᠯᠪᠠ᠃                      ᠭᠤᠷᠪᠠ  ᠂ ᠨᠢᠭᠡᠳᠦᠯ ᠪᠠᠷᠢᠭᠠᠳᠠ ᠶᠢᠨ ᠰᠡᠭᠦᠯᠴᠢ ᠦᠶ᠎ᠡ ᠪᠠ ᠰᠣᠮᠣ ᠭᠠᠴᠠᠭ᠎ᠠ ᠶᠢᠨ ᠦᠶ᠎ᠠ        1984 ᠣᠨ ᠳᠤ ᠲᠥᠪ ᠤᠨ ︽ᠵᠠᠰᠠᠭ ᠨᠢᠭᠡᠳᠦᠯ ᠶᠢ ᠰᠠᠯᠭᠠᠵᠤ  ᠂ ᠰᠣᠮᠣ ᠰᠢᠶᠠᠩ ᠤᠨ ᠵᠠᠰᠠᠭ ᠤᠨ ᠣᠷᠳᠣᠨ ᠢ ᠪᠠᠶᠢᠭᠤᠯᠬᠤ ᠲᠣᠬᠠᠢ ᠮᠡᠳᠡᠭᠳᠡᠯ︾ ᠤᠨ ᠵᠣᠷᠢᠭ ᠰᠠᠨᠠᠭ᠎ᠠ ᠪᠠᠷ ᠵᠡᠭᠦᠨ ᠦᠵᠦᠮᠦᠴᠢᠨ ᠬᠤᠰᠢᠭᠤ ᠨᠢ 13 ᠠᠷᠠᠳ ᠨᠢᠭᠡᠳᠦᠯ ᠢᠶᠠᠨ ᠰᠣᠮᠣ ᠪᠣᠯᠭᠠᠨ ᠬᠤᠪᠢᠷᠠᠭᠤᠯᠵᠤ᠂ 50 ᠦᠢᠯᠡᠳᠪᠦᠷᠢᠯᠡᠯ ᠤᠨ ᠪᠠᠷᠢᠭᠠᠳᠠ ᠪᠠᠨ ᠪᠠᠭ ᠪᠣᠯᠭᠠᠨ ᠲᠠᠬᠢᠨ ᠭᠠᠴᠠᠭ᠎ᠠ ᠪᠣᠯᠭᠠᠨ ᠥᠭᠡᠷᠠᠴᠢᠯᠡᠵᠤ ᠰᠣᠮᠣ ᠱᠠᠳᠣᠨ ᠤ ᠠᠷᠠᠳ ᠤᠨ ᠵᠠᠰᠠᠭ ᠤᠨ ᠣᠷᠳᠣᠨ ᠢ ᠪᠠᠶᠢᠭᠤᠯᠵᠠᠢ᠃ ᠣᠤᠯ  ᠤᠨ 14 ᠨᠢᠭᠡᠳᠦᠯ ᠢ 13 ᠰᠣᠮᠣ ᠪᠣᠯᠭᠠᠵᠤ᠂ ᠬᠤᠳᠠ ᠶᠢᠨ ᠲᠣᠭᠤᠷᠢᠭ  ᠤᠨ ᠨᠢᠭᠡᠳᠦᠯ ᠢ ᠬᠠᠰᠣᠵᠤ᠂ ᠣᠯᠢᠶᠠᠰᠣᠳᠠᠢ ᠪᠠᠯᠭᠠᠰᠣᠨ ᠳᠤ ᠨᠢᠭᠡᠳᠭᠡᠨ ᠬᠠᠮᠢᠶᠠᠷᠣᠭᠤᠯᠪᠠ᠃ ᠲᠡᠭᠡᠪᠡᠯ ᠨᠢᠭᠡᠳᠦᠯ ᠪᠠᠷᠢᠭᠠᠳᠠ ᠶᠢᠨ ᠰᠡᠭᠦᠯᠴᠢ ᠪᠠ ᠥᠭᠡᠷᠡᠴᠢᠯᠡᠯᠳᠡ ᠶᠢᠨ ᠡᠬᠢᠨ ᠤ ᠦᠶ᠎ᠡ ᠶᠢᠨ 13 ᠨᠢᠭᠡᠳᠦᠯ 50ᠪᠠᠷᠢᠭᠠᠳᠠ ᠤᠨ ᠲᠣᠬᠠᠢ ᠵᠠᠳᠠᠯᠠᠪᠠᠯ ᠡᠶᠢᠮᠦᠷᠬᠦ ᠪᠠᠶᠢᠨ᠎ᠠ  ᠄      1᠂ ᠠᠯᠲᠠᠨᠬᠢᠯᠢ ᠨᠢᠭᠡᠳᠦᠯ 4 ᠪᠠᠷᠢᠭᠠᠳᠠ ᠲᠠᠢ ᠲᠠᠷᠣᠢ ᠪᠠᠳᠠᠷᠠᠬᠤ᠂ ᠪᠠᠶᠠᠨᠬᠠᠩᠭᠠᠢ᠂ ᠪᠦᠯᠢᠶᠡᠨ᠂ ᠠᠯᠲᠠᠨᠬᠢᠯᠢ      2᠂ ᠡᠬᠡᠪᠣᠯᠠᠭ ᠨᠢᠭᠡᠳᠦᠯ 3 ᠪᠠᠷᠢᠭᠠᠳᠠ ᠲᠠᠢ ᠲᠠᠷᠣᠢ ᠬᠠᠷᠠᠭᠤᠪᠢ  ᠂ ᠰᠠᠶᠢᠬᠤᠰᠣ  ᠂ ᠬᠤᠩᠭᠤᠷ        3᠂ ᠡᠵᠢᠨᠠᠭᠤᠷ ᠨᠢᠭᠡᠳᠦᠯ 4 ᠪᠠᠷᠢᠭᠠᠳᠠ ᠲᠠᠢ ᠳᠠᠷᠣᠢ ᠪᠦᠯᠬᠦᠮᠳᠡᠯ  ᠂ ᠬᠠᠷᠠᠭᠠᠲᠦ  ᠂ ᠡᠷᠳᠡᠨᠢᠳᠠᠯᠠᠢ  ᠂ ᠡᠵᠢᠨᠠᠭᠤᠷ        4᠂ ᠬᠥᠪᠴᠢᠨᠭᠤᠪᠢ ᠨᠢᠭᠡᠳᠦᠯ 4 ᠪᠠᠷᠢᠭᠠᠳᠠ ᠲᠠᠢ ᠳᠠᠷᠣᠢ ᠰᠢᠷᠠᠬᠠᠳᠠ᠂ ᠪᠠᠶᠠᠨᠳᠣᠯᠠᠭᠠᠨ᠂ ᠱᠠᠩᠲᠦ᠂ ᠪᠠᠶᠠᠨᠵᠢᠯᠠᠭ᠎ᠠ      5᠂ ᠰᠠᠭᠠᠮᠠᠢ ᠨᠢᠭᠡᠳᠦᠯ 3 ᠪᠠᠷᠢᠭᠠᠳᠠ ᠲᠠᠢ ᠳᠠᠷᠣᠢ ᠬᠠᠭ᠋ᠠᠭᠤᠯᠠ᠂ ᠬᠥᠭᠡᠷᠴᠡᠭ᠂ ᠮᠠᠨᠳᠠᠯᠲᠦ      6᠂ ᠳᠣᠮᠳᠠᠭᠤᠪᠢ ᠨᠢᠭᠡᠳᠦᠯ 6 ᠪᠠᠷᠢᠭᠠᠳᠠ ᠲᠠᠢ ᠳᠠᠷᠣᠢ ᠡᠩᠬᠡᠵᠢᠷᠭᠠᠯᠠᠩ᠂ ᠡᠷᠳᠡᠨᠢᠠᠠᠭᠤᠯᠠ᠂ ᠳᠠᠪᠰᠢᠯᠳᠠ᠂ ᠷᠠᠰᠢᠶᠠᠨᠪᠣᠯᠠᠭ᠂ ᠠᠮᠣᠭᠤᠯᠠᠩᠪᠣᠯᠠᠭ᠂ ᠰᠢᠨᠠᠭ᠎ᠠ      7᠂ ᠪᠣᠯᠠᠭ ᠨᠢᠭᠡᠳᠦᠯ 3  ᠪᠠᠷᠢᠭᠠᠳᠠ ᠲᠠᠢ ᠳᠠᠷᠣᠢ ᠵᠢᠷᠭᠠᠯᠠᠩᠲᠦ᠂ ᠨᠠᠶᠢᠷᠠᠮᠳᠠᠯ᠂ ᠪᠠᠶ᠋ᠬᠠᠠᠭᠤᠯᠠ        8᠂ ᠪᠠᠶᠠᠨᠬᠦᠭᠡᠪᠦᠷ ᠨᠢᠭᠡᠳᠦᠯ 4 ᠪᠠᠷᠢᠭᠠᠳᠠ ᠲᠠᠢ ᠳᠠᠷᠣᠢ ᠪᠠᠶᠠᠨᠬᠦᠭᠡᠪᠦᠷ᠂ ᠵᠢᠷᠠᠨᠪᠣᠯᠠᠭ᠂ ᠳᠣᠰᠣᠨᠪᠣᠯᠠᠭ᠂ ᠪᠠᠶᠠᠨᠨᠠᠭᠤᠷ        9᠂ ᠳᠠᠭᠤᠲᠦᠨᠠᠭᠤᠷ ᠨᠢᠭᠡᠳᠦᠯ 4 ᠪᠠᠷᠢᠭᠠᠳᠠ ᠲᠠᠢ ᠳᠠᠷᠣᠢ ᠲᠠᠭᠤᠲᠦᠨᠠᠭᠤᠷ᠂ ᠪᠠᠶᠠᠨᠳᠤᠭ᠂ ᠬᠠᠭ᠋ᠠᠭᠤᠯᠠ᠂ ᠣᠯᠠᠭᠠᠨᠳᠤᠭ      10᠂ ᠴᠠᠭᠠᠨᠨᠠᠭᠤᠷ ᠨᠢᠭᠡᠳᠦᠯ 6 ᠪᠠᠷᠢᠭᠠᠳᠠ ᠲᠠᠢ ᠳᠠᠷᠣᠢ ᠭᠥᠭᠵᠢᠯᠲᠦ᠂ ᠪᠠᠶᠠᠨᠴᠠᠭᠠᠨ᠂ ᠪᠠᠶᠠᠨᠨᠠᠭᠤᠷ᠂ ᠭᠡᠷᠡᠯᠲᠦ᠂ ᠬᠠᠷᠠᠭᠠᠨᠠᠲᠦ᠂ ᠴᠠᠭᠠᠨᠨᠠᠭᠤᠷ      11᠂ ᠡᠷᠢᠶᠡᠨᠭᠤᠪᠢ ᠨᠢᠭᠡᠳᠦᠯ 3 ᠪᠠᠷᠢᠭᠠᠳᠠ ᠲᠠᠢ ᠳᠠᠷᠣᠢ ᠡᠷᠢᠶᠡᠨᠭᠤᠪᠢ᠂ ᠡᠷᠢᠶᠡᠨᠪᠣᠯᠠᠭ᠂ ᠷᠠᠰᠢᠶᠠᠨᠪᠣᠯᠠᠭ      12᠂ ᠣᠯᠠᠭᠠᠢ ᠨᠢᠭᠡᠳᠦᠯ 3 ᠪᠠᠷᠢᠭᠠᠳᠠ ᠲᠠᠢ ᠳᠠᠷᠣᠢ ᠬᠠᠳᠠᠲᠦ᠂ ᠪᠠᠶᠠᠨᠪᠣᠯᠠᠭ᠂ ᠪᠠᠶᠠᠨᠭᠤᠤᠯ      13᠂ ᠬᠦᠷᠢᠶᠡᠲᠦᠨᠠᠭᠤᠷ ᠨᠢᠭᠡᠳᠦᠯ 3 ᠪᠠᠷᠢᠭᠠᠳᠠ ᠲᠠᠢ ᠳᠠᠷᠣᠢ ᠠᠷᠰᠠᠯᠠᠩᠲᠦ᠂ ᠠᠯᠳ᠋ᠬᠠᠮᠡᠭᠡᠯ᠂ ᠭᠥᠳᠥᠯᠠᠣᠪᠣᠭ᠎ᠠ        1984 ᠣᠨ ᠤ ᠡᠪᠦᠯ  ᠵᠡᠭᠦᠨ ᠦᠵᠦᠮᠦᠴᠢᠨ ᠬᠤᠰᠢᠭᠤᠨ ᠤ ᠴᠠᠭᠠᠨᠨᠠᠭᠤᠷ ᠰᠣᠮᠣ ᠶᠢ ᠣᠩᠭᠤᠨ ᠰᠣᠮᠣ ᠭᠡᠵᠤ᠂ ᠪᠠᠶᠠᠨᠬᠦᠭᠡᠪᠦᠷ ᠰᠣᠮᠣ ᠶᠢᠨ ᠪᠠᠶᠠᠨᠨᠠᠭᠤᠷ ᠭᠠᠴᠠᠭ᠎ᠠ ᠶᠢ ᠲᠠᠷᠭᠤᠬᠤᠪᠣᠭ᠎ᠠ ᠭᠡᠵᠤ᠂ ᠳᠣᠮᠳᠠᠭᠤᠪᠢ ᠰᠣᠮᠣ ᠶᠢᠨ ᠷᠠᠰᠢᠶᠠᠨᠪᠣᠯᠠᠭ ᠭᠠᠴᠠᠭ᠎ᠠ ᠶᠢ ᠲᠣᠯᠠᠭᠠᠨ ᠭᠠᠴᠠᠭ᠎ᠠ ᠭᠡᠵᠤ᠂ ᠲᠠᠭᠤᠲᠦᠨᠠᠭᠤᠷ ᠰᠣᠮᠣ ᠶᠢᠨ ᠬᠠᠭ᠋ᠠᠭᠤᠯᠠ ᠭᠠᠴᠠᠭ᠎ᠠ ᠶᠢ ᠬᠠᠭ᠋ᠣᠪᠣᠭ᠎ᠠ ᠭᠠᠴᠠᠭ᠎ᠠ ᠭᠡᠵᠤ ᠣᠤᠯ ᠳᠠᠭᠤᠳᠠᠯᠭ᠎ᠠ ᠶᠢ ᠨᠢ ᠥᠭᠡᠷᠡᠴᠢᠯᠡᠨ ᠨᠡᠷᠡᠶᠢᠳᠪᠡ᠃      1984 ᠣᠨ ᠳᠤ ᠮᠠᠨᠳᠣᠬᠤᠪᠣᠯᠠᠭ ᠲᠠᠯᠠᠪᠠᠢ ᠪᠣᠯᠣᠨ ᠪᠠᠶᠠᠨᠬᠤᠰᠢᠭᠤ ᠪᠠᠯᠭᠠᠰᠣ ᠶᠢ ᠵᠡᠭᠦᠨ ᠦᠵᠦᠮᠦᠴᠢᠨ ᠬᠤᠰᠢᠭᠤᠨ ᠳᠤ ᠬᠠᠮᠢᠶᠠᠷᠣᠭᠤᠯᠪᠠ᠃      1985 ᠣᠨ ᠳᠤ ᠮᠠᠨᠳᠣᠬᠤᠪᠣᠯᠠᠭ᠂ ᠥᠩᠲᠦ ᠬᠤᠶᠠᠷ ᠮᠠᠯᠵᠢᠯ ᠤᠨ ᠲᠠᠯᠠᠪᠠᠢ ᠶᠢ ᠰᠣᠮᠣ ᠪᠣᠯᠭᠠᠪᠠ᠃ ᠡᠭᠦᠨᠲᠦ ᠮᠠᠨᠳᠣᠬᠤᠪᠣᠯᠠᠭ ᠰᠣᠮᠣ ᠨᠢ ᠪᠠᠶᠠᠨᠪᠦᠷᠢᠲᠦ᠂ ᠮᠠᠨᠳᠣᠬᠤᠪᠣᠯᠠᠭ᠂ ᠳᠣᠰᠣᠨᠨᠠᠭᠤᠷ᠂ ᠬᠤᠯᠪᠣᠭ᠎ᠠ ᠵᠡᠷᠭᠡ 4 ᠭᠠᠴᠠᠭ᠎ᠠ ᠪᠠᠷ ᠪᠦᠷᠢᠯᠳᠦᠪᠡ᠃ ᠥᠩᠲᠦ ᠰᠣᠮᠣ ᠨᠢ ᠥᠩᠲᠦ᠂ ᠠᠩᠭᠠᠷ᠂ ᠪᠠᠶᠠᠨᠭᠤᠪᠢ᠂ ᠪᠠᠶᠠᠨᠲᠦ᠋ᠮᠡᠨ᠂ ᠬᠠᠯᠠᠭᠠᠢᠢᠲᠦ᠂ ᠰᠢᠭᠤᠢᠢᠲᠦ ᠵᠡᠷᠭᠡ 6 ᠭᠠᠴᠠᠭ᠎ᠠ ᠪᠠᠷ ᠪᠦᠷᠢᠯᠳᠦᠭᠰᠡᠨ ᠪᠠᠶᠢᠨ᠎ᠠ᠃      1987 ᠣᠨ ᠳᠤ ᠣᠤᠯ ᠤᠨ ᠥᠷᠨᠢᠯᠳᠡ ᠲᠠᠯᠠᠪᠠᠢ ᠶᠢᠨ ᠭᠡᠰᠡᠭ ᠠᠭᠤᠯᠠ ᠠᠴᠠ ᠨᠡᠭᠦᠵᠤ ᠢᠷᠡᠭᠰᠡᠨ 81ᠮᠠᠯᠵᠢᠬᠤ ᠡᠷᠦᠬᠡ ᠶᠢ ᠰᠠᠭᠠᠮᠠᠢ᠂ ᠪᠠᠶᠠᠨᠬᠦᠭᠡᠪᠦᠷ ᠬᠤᠶᠠᠷ ᠰᠣᠮᠣᠨ ᠠᠴᠠ ᠲᠣᠰᠪᠦᠷᠢ ᠨᠣᠲᠤᠭ ᠭᠠᠷᠭᠠᠵᠤ᠂ ᠪᠠᠶ᠋ᠬᠠᠣᠪᠣᠭ᠎ᠠ ᠭᠠᠴᠠᠭ᠎ᠠ ᠶᠢ ᠪᠠᠶᠢᠭᠤᠯᠣᠨ ᠰᠠᠭᠠᠮᠠᠢ ᠰᠣᠮᠣᠨ ᠳᠤ ᠬᠠᠷᠢᠶᠠᠯᠠᠭᠤᠯᠪᠠ᠃      1988 ᠣᠨ ᠳᠤ ᠣᠤᠯ ᠤᠨ ᠣᠯᠠᠭᠠᠢ ᠬᠤᠪᠢᠶᠠᠷᠢ ᠲᠣᠪᠴᠢᠶᠠᠨ ᠤ ᠵᠢᠭᠠᠰᠣᠲᠠᠢ ᠲᠠᠯᠠᠪᠠᠢ ᠶᠢ ᠭᠠᠴᠠᠭ᠎ᠠ ᠪᠣᠯᠭᠠᠨ ᠬᠦᠷᠢᠶᠡᠲᠦᠨᠠᠭᠤᠷ ᠰᠣᠮᠣᠨ ᠳᠤ ᠬᠠᠷᠢᠶᠠᠯᠠᠭᠤᠯᠪᠠ᠃      1992 ᠣᠨ ᠳᠤ ᠣᠯᠠᠭᠠᠢ ᠲᠠᠷᠢᠶᠠᠯᠠᠩ ᠤᠨ ᠲᠠᠯᠠᠪᠠᠢ ᠪᠣᠯᠬᠤ ᠪᠠᠶᠠᠨᠬᠤᠰᠢᠭᠤ ᠪᠠᠯᠭᠠᠰᠣ ᠶᠢ ᠣᠯᠠᠭᠠᠢ ᠨᠡᠭᠡᠭᠡᠯᠳᠡ ᠶᠢᠨ ᠣᠷᠣᠨ ᠪᠣᠯᠭᠠᠵᠤ  ᠂ ᠰᠢᠯᠢ ᠶᠢᠨ ᠭᠤᠤᠯ ᠠᠶᠢᠮᠠᠭ ᠤᠨ ᠰᠢᠭᠤᠳ ᠬᠠᠷᠢᠶᠠᠨ ᠳᠤ ᠣᠷᠣᠪᠠ᠃      1999 ᠣᠨ ᠪᠣᠯᠬᠤ ᠳᠤ ᠵᠡᠭᠦᠨ ᠦᠵᠦᠮᠦᠴᠢᠨ ᠬᠤᠰᠢᠭᠤ ᠨᠢ 15ᠰᠣᠮᠣ 62 ᠭᠠᠴᠠᠭ᠎ᠠ 1 ᠪᠠᠯᠭᠠᠰᠣ ︵ᠣᠯᠢᠶᠠᠰᠣᠲᠠᠢ︶ 1ᠣᠢ ᠰᠢᠭᠤᠢ ᠶᠢᠨ ᠲᠠᠯᠠᠪᠠᠢ ︵ᠪᠣᠭᠳ᠋ᠬᠠᠭᠤᠯᠠ︶ ᠲᠠᠢ ᠪᠣᠯᠪᠠ᠃ 15 ᠰᠣᠮᠣ 62 ᠭᠠᠴᠠᠭ᠎ᠠ ᠶᠢ ᠪᠦᠷᠢᠳᠭᠡᠪᠡᠯ ᠡᠶᠢᠮᠦ ᠪᠠᠶᠢᠨ᠎ᠠ  ᠄      1᠂ ᠠᠯᠳᠠᠨᠬᠢᠯᠢ ᠰᠣᠮᠣ 4 ᠭᠠᠴᠠᠭ᠎ᠠ ᠲᠠᠢ ᠳᠠᠷᠣᠢ ᠪᠠᠳᠠᠷᠠᠬᠤ᠂ ᠪᠠᠶᠠᠨᠬᠠᠩᠭᠠᠢ᠂ ᠠᠯᠳᠠᠨᠬᠢᠯᠢ᠂ ᠪᠦᠯᠢᠶᠡᠨ      2᠂ ᠡᠬᠡᠪᠣᠯᠠᠭ ᠰᠣᠮᠣ 3 ᠭᠠᠴᠠᠭ᠎ᠠ ᠲᠠᠢ ᠳᠠᠷᠣᠢ ᠬᠠᠷᠠᠭᠤᠪᠢ᠂ ᠰᠠᠶᠢᠬᠠᠣᠰᠣ᠂ ᠬᠤᠩᠭᠤᠷ      3᠂ ᠡᠵᠢᠨᠠᠭᠤᠷ ᠰᠣᠮᠣ 4 ᠭᠠᠴᠠᠭ᠎ᠠ ᠲᠠᠢ ᠳᠠᠷᠣᠢ ᠡᠷᠳᠡᠨᠢᠳᠠᠯᠠᠢ᠂ ᠪᠦᠯᠬᠦᠮᠳᠡᠯ᠂ ᠬᠠᠷᠠᠭᠠᠲᠦ᠂ ᠡᠵᠢᠨᠠᠭᠤᠷ        4᠂ ᠡᠷᠢᠶᠡᠨᠭᠤᠪᠢ ᠰᠣᠮᠣ 3 ᠭᠠᠴᠠᠭ᠎ᠠ ᠲᠠᠢ ᠳᠠᠷᠣᠢ ᠡᠷᠢᠶᠡᠨᠭᠤᠪᠢ᠂ ᠡᠷᠢᠶᠡᠨᠪᠣᠯᠠᠭ᠂ ᠷᠠᠰᠢᠶᠠᠨᠪᠣᠯᠠᠭ        5᠂ ᠣᠩᠭᠤᠨ ᠰᠣᠮᠣ 6 ᠭᠠᠴᠠᠭ᠎ᠠ ᠲᠠᠢ ᠳᠠᠷᠣᠢ ᠪᠠᠶᠠᠨᠴᠠᠭᠠᠨ᠂ ᠪᠠᠶᠠᠨᠨᠠᠭᠤᠷ᠂ ᠭᠡᠷᠡᠯᠲᠦ᠂ ᠬᠠᠷᠠᠭᠠᠨᠠᠲᠦ᠂ ᠬᠥᠭᠵᠢᠯᠲᠦ᠂ ᠴᠠᠭᠠᠨᠨᠠᠭᠤᠷ        6᠂ᠣᠯᠠᠭᠠᠢ ᠰᠣᠮᠣ 3 ᠭᠠᠴᠠᠭ᠎ᠠ ᠲᠠᠢ ᠳᠠᠷᠣᠢ ᠬᠠᠳᠠᠲᠦ᠂ ᠪᠠᠶᠠᠨᠪᠣᠯᠠᠭ᠂ ᠪᠠᠶᠠᠨᠭᠤᠤᠯ        7᠂ ᠥᠩᠲᠦ ᠰᠣᠮᠣ 6 ᠭᠠᠴᠠᠭ᠎ᠠ ᠲᠠᠢ ᠳᠠᠷᠣᠢ ᠠᠩᠭᠠᠷ᠂ ᠥᠩᠲᠦ᠂ ᠪᠠᠶᠠᠨᠭᠤᠪᠢ᠂ ᠪᠠᠶᠠᠨᠲᠦ᠋ᠮᠡᠨ᠂ ᠬᠠᠯᠠᠭᠠᠢᠢᠲᠦ᠂ ᠰᠢᠭᠤᠢᠢᠲᠦ      8᠂ ᠪᠠᠶᠠᠨᠬᠦᠭᠡᠪᠦᠷ ᠰᠣᠮᠣ 4 ᠭᠠᠴᠠᠭ᠎ᠠ ᠲᠠᠢ ᠳᠠᠷᠣᠢ ᠪᠠᠶᠠᠨᠬᠦᠭᠡᠪᠦᠷ᠂ ᠳᠠᠷᠭᠤᠬᠤᠪᠣᠭ᠎ᠠ᠂ ᠳᠣᠰᠣᠨᠪᠣᠯᠠᠭ᠂ ᠵᠢᠷᠠᠨᠪᠣᠯᠠᠭ      9᠂ ᠪᠣᠯᠠᠭ ᠰᠣᠮᠣ 3 ᠭᠠᠴᠠᠭ᠎ᠠ ᠲᠠᠢ ᠳᠠᠷᠣᠢ ᠵᠢᠷᠭᠠᠯᠠᠩᠲᠦ᠂ ᠨᠠᠶᠢᠷᠠᠮᠳᠠᠯ᠂ ᠪᠠᠶ᠋ᠬᠠᠠᠭᠤᠯᠠ        10᠂ ᠬᠥᠪᠴᠢᠨᠭᠤᠪᠢ ᠰᠣᠮᠣ 4 ᠭᠠᠴᠠᠭ᠎ᠠ ᠲᠠᠢ ᠳᠠᠷᠣᠢ ᠪᠠᠶᠠᠨᠳᠣᠯᠠᠭᠠᠨ᠂ ᠪᠠᠶᠠᠨᠵᠢᠯᠠᠭ᠎ᠠ᠂ ᠱᠠᠩᠲᠦ᠂ ᠰᠢᠷᠠᠬᠠᠳᠠ        11᠂ ᠬᠦᠷᠢᠶᠡᠲᠦᠨᠠᠭᠤᠷ ᠰᠣᠮᠣ 4 ᠭᠠᠴᠠᠭ᠎ᠠ ᠲᠠᠢ ᠳᠠᠷᠣᠢ ᠠᠯᠳ᠋ᠬᠠᠮᠡᠭᠡᠯ᠂ ᠭᠥᠳᠦᠯᠠᠣᠪᠣᠭ᠎ᠠ᠂ ᠠᠷᠰᠯᠠᠩᠲᠦ᠂ ᠵᠢᠭᠠᠰᠣᠲᠠᠢ      12᠂ ᠮᠠᠨᠳᠣᠬᠤᠪᠣᠯᠠᠭ ᠰᠣᠮᠣ 4 ᠭᠠᠴᠠᠭ᠎ᠠ ᠲᠠᠢ ᠳᠠᠷᠣᠢ ᠪᠠᠶᠠᠨᠪᠦ᠋ᠷᠢᠲᠦ᠂ ᠮᠠᠨᠳᠣᠬᠤᠪᠣᠯᠠᠭ᠂ ᠳᠣᠰᠣᠨᠨᠠᠭᠤᠷ᠂ ᠬᠤᠯᠪᠣᠭ᠎ᠠ        13᠂ ᠰᠠᠭᠠᠮᠠᠢ ᠰᠣᠮᠣ 4 ᠭᠠᠴᠠᠭ᠎ᠠ ᠲᠠᠢ ᠳᠠᠷᠣᠢ ᠮᠠᠨᠳᠠᠯᠲᠦ᠂ ᠪᠠᠶ᠋ᠬᠠᠣᠪᠣᠭ᠎ᠠ᠂ ᠬᠥᠭᠡᠷᠴᠡᠭ᠂ ᠬᠠᠭ᠋ᠠᠭᠤᠯᠠ        14ᠳᠠᠭᠤᠲᠣᠨᠠᠭᠤᠷ ᠰᠣᠮᠣ 4 ᠭᠠᠴᠠᠭ᠎ᠠ ᠲᠠᠢ ᠳᠠᠷᠣᠢ ᠬᠠᠭ᠋ᠣᠪᠣᠭ᠎ᠠ᠂ ᠪᠠᠶᠠᠨᠳᠤᠭ᠂ ᠳᠠᠭᠤᠲᠣᠨᠠᠭᠤᠷ᠂ ᠣᠯᠠᠭᠠᠨᠳᠤᠭ      15 ᠳᠣᠮᠳᠠᠭᠤᠪᠢ ᠰᠣᠮᠣ 6 ᠭᠠᠴᠠᠭ᠎ᠠ ᠲᠠᠢ ᠳᠠᠷᠣᠢ ᠠᠮᠣᠭᠤᠯᠠᠩᠪᠣᠯᠠᠭ᠂ ᠡᠩᠬᠡᠵᠢᠷᠭᠠᠯᠠᠩ᠂ ᠡᠷᠳᠡᠨᠢᠠᠠᠭᠤᠯᠠ ᠂ ᠳᠠᠪᠰᠢᠯᠳᠠ᠂ ᠳᠣᠯᠠᠭᠠᠨ᠂ ᠰᠢᠨᠠᠭ᠎ᠠ      2001ᠣᠨ ᠳᠤ ᠵᠡᠭᠦᠨ ᠦᠵᠦᠮᠦᠴᠢᠨ ᠬᠤᠰᠢᠭᠤ ᠵᠠᠰᠠᠭ ᠵᠠᠬᠢᠷᠭᠠᠨ ᠤ ᠬᠤᠪᠢᠶᠠᠷᠢ ᠳᠤ ᠪᠠᠶᠢᠭᠤᠯᠣᠮᠵᠢ ᠶᠢᠨ ᠥᠭᠡᠷᠡᠴᠢᠯᠡᠯᠳᠡ ᠬᠢᠪᠡ  ᠃ ᠳᠠᠭᠤᠲᠦᠨᠠᠭᠤᠷ ᠰᠣᠮᠣ ᠶᠢ ᠪᠠᠯᠭᠠᠰᠣ ᠪᠣᠯᠭᠠᠪᠠ᠂ ᠥᠩᠳᠦ ᠳᠣᠮᠳᠠᠭᠤᠪᠢ ᠬᠤᠶᠠᠷ ᠰᠣᠮᠣ  ᠶᠢ ᠬᠠᠰᠣᠵᠤ ᠣᠯᠢᠶᠠᠰᠣᠳᠠᠢ ᠪᠠᠯᠭᠠᠰᠣ ᠪᠠ ᠡᠵᠢᠨᠠᠭᠤᠷ ᠰᠣᠮᠣ ᠳᠤ ᠬᠤᠪᠢᠶᠠᠨ ᠨᠡᠶᠢᠯᠡᠭᠦᠯᠪᠠ  ᠃      ᠣᠯᠢᠶᠠᠰᠣᠳᠠᠢ ᠪᠠᠯᠭᠠᠰᠣᠨ ᠳᠤ ᠬᠠᠷᠢᠶᠠᠯᠠᠭᠤᠯᠣᠭᠰᠠᠨ ᠭᠠᠴᠠᠭ᠎ᠠ ᠪᠣᠯ ᠳᠠᠷᠣᠢ ᠡᠷᠳᠡᠨᠢᠠᠠᠭᠤᠯᠠ ᠰᠢᠨᠠᠭ᠎ᠠ ᠬᠤᠶᠠᠷ ᠭᠠᠴᠠᠭ᠎ᠠ ᠶᠢ ᠨᠡᠶᠢᠯᠡᠭᠦᠯᠵᠦ ᠡᠷᠳᠡᠨᠢᠠᠠᠭᠤᠯᠠ ᠭᠠᠴᠠᠭ᠎ᠠ ᠪᠣᠯᠭᠠᠪᠠ᠂ ᠥᠩᠳᠦ ᠬᠠᠯᠠᠭᠠᠢᠢᠲᠦ ᠬᠤᠶᠠᠷ ᠭᠠᠴᠠᠭ᠎ᠠ ᠶᠢ ᠨᠡᠶᠢᠯᠡᠭᠦᠯᠵᠤ ᠬᠠᠯᠠᠭᠠᠢᠢᠲᠦ ᠭᠠᠴᠠᠭ᠎ᠠ ᠪᠣᠯᠭᠠᠪᠠ᠂ ᠠᠩᠭᠠᠷ ᠰᠢᠭᠤᠢᠢᠲᠦ ᠬᠤᠶᠠᠷ ᠭᠠᠴᠠᠭ᠎ᠠ ᠶᠢ ᠨᠡᠶᠢᠯᠡᠭᠦᠯᠵᠤ ᠠᠩᠭᠠᠷ ᠭᠠᠴᠠᠭ᠎ᠠ ᠪᠣᠯᠭᠠᠪᠠ  ᠃ ᠣᠯᠢᠶᠠᠰᠣᠳᠠᠢ ᠪᠠᠯᠭᠠᠰᠣ 8 ᠭᠠᠴᠠᠭ᠎ᠠ ᠲᠠᠢ ᠳᠠᠷᠣᠢ ᠡᠷᠳᠡᠨᠢᠠᠠᠭᠤᠯᠠ᠂ ᠡᠩᠬᠡᠵᠢᠷᠭᠠᠯᠠᠩ᠂ ᠠᠮᠣᠭᠤᠯᠠᠩᠪᠣᠯᠠᠭ᠂ ᠳᠠᠪᠰᠢᠯᠳᠠ᠂ ᠳᠣᠯᠠᠭᠠᠨ᠂ ᠬᠠᠯᠠᠭᠠᠢᠢᠲᠦ᠂ ᠠᠩᠭᠠᠷ᠂ ᠪᠠᠶᠠᠨᠭᠤᠪᠢ ᠵᠡᠷᠭᠡ ᠪᠣᠯᠣᠨ᠎ᠡ  ᠃      ᠡᠵᠢᠨᠠᠭᠤᠷ ᠰᠣᠮᠣᠨ ᠳᠤ ᠥᠩᠳᠦ ᠰᠣᠮᠣᠨ ᠤ ᠪᠠᠶᠠᠨᠳᠦ᠋ᠮᠡᠨ ᠭᠠᠴᠠᠭ᠎ᠠ ᠶᠢ ᠬᠠᠷᠢᠶᠠᠯᠠᠭᠤᠯᠵᠤ᠂ ᠬᠠᠷᠠᠭᠠᠲᠦ ᠡᠵᠢᠨᠠᠭᠤᠷ ᠬᠤᠶᠠᠷ ᠭᠠᠴᠠᠭ᠎ᠠ ᠶᠢ ᠨᠡᠶᠢᠯᠡᠭᠦᠯᠵᠤ ᠬᠠᠷᠠᠭᠠᠳᠦ ᠭᠠᠴᠠᠭ᠎ᠠ ᠪᠣᠯᠭᠠᠭᠰᠠᠨ ᠢᠶᠠᠷ ᠡᠵᠢᠨᠠᠭᠤᠷ ᠰᠣᠮᠣ ᠨᠢ ᠬᠠᠷᠠᠭᠠᠳᠦ᠂ ᠡᠷᠳᠡᠨᠢᠳᠠᠯᠠᠢ᠂ ᠪᠦᠯᠬᠦᠮᠳᠡᠯ᠂ ᠪᠠᠶᠠᠨᠳᠦ᠋ᠮᠡᠨ ᠵᠡᠷᠭᠡ 4 ᠭᠠᠴᠠᠭ᠎ᠠ ᠲᠠᠢ ᠪᠣᠯᠪᠠ᠃ ᠮᠠᠨᠳᠣᠬᠤᠪᠣᠯᠠᠭ ᠰᠣᠮᠣᠨ ᠤ ᠮᠠᠨᠳᠣᠬᠤᠪᠣᠯᠠᠭ ᠬᠤᠯᠪᠣᠭ᠎ᠠ ᠬᠤᠶᠠᠷ ᠭᠠᠴᠠᠭ᠎ᠠ ᠶᠢ ᠨᠡᠶᠢᠯᠡᠭᠦᠯᠵᠤ ᠮᠠᠨᠳᠣᠬᠤᠪᠣᠯᠠᠭ ᠭᠠᠴᠠᠭ᠎ᠠ ᠪᠣᠯᠭᠠᠪᠠ᠃ ᠣᠳᠣ ᠵᠡᠭᠦᠨ ᠦᠵᠦᠮᠦᠴᠢᠨ ᠬᠤᠰᠢᠭᠤ ᠨᠢ 2 ᠪᠠᠯᠭᠠᠰᠣ 12 ᠰᠣᠮᠣ 57 ᠭᠠᠴᠠᠭ᠎ᠠ ᠲᠠᠢ ᠪᠣᠯᠣᠭᠰᠠᠨ ᠪᠠᠶᠢᠨ᠎ᠠ᠃                                            2004ᠣᠨ  ᠳᠤ ᠨᠠᠶᠢᠷᠠᠭᠤᠯᠪᠠ  ᠃                  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号