ᠠᠷᠪᠠᠨ ᠬᠤᠶᠡᠷ ᠵᠢᠯ ᠤᠨ ᠲᠤᠭᠠᠯᠠᠯ
ᠨᠡᠶᠢᠲᠡᠯᠡᠭᠰᠡᠨ ᠴᠠᠭ᠄
2024/5/6
      ᠮᠤᠩᠭᠤᠯᠴᠤᠳ ᠤᠨ ᠡᠪᠦᠭᠡ ᠨᠢ ᠡᠾᠦ᠋ᠩᠨᠥ ᠨᠠᠷ ᠶᠤᠮ᠂ ᠡᠷᠲᠡᠨ ᠤ ᠡᠾᠦ᠋ᠩᠨᠥᠴᠤᠳ ᠨᠠᠷᠨ᠂ ᠰᠠᠷᠨ᠂ ᠪᠤᠯᠤᠨ ᠪᠤᠭᠤ᠂ ᠮᠤᠷᠢ᠂ ᠮᠤᠭᠠᠢ᠂ ᠭᠠᠭ᠋ᠠᠢ᠂ ᠯᠤᠤ᠂ ᠪᠠᠷᠰ ᠵᠡᠷᠭᠡ ᠠᠮᠢᠳᠠᠨ ᠢ ᠪᠢᠰᠢᠷᠡᠨ ᠰᠢᠳᠥᠵᠥ ᠪᠠᠶᠢᠯ᠎ᠠ᠂ ᠨᠡᠬᠦᠳᠡᠯᠴᠢᠨ ᠡᠾᠦ᠋ᠩᠨᠥᠴᠤᠳ ᠰᠠᠯᠬᠢ᠂ ᠰᠢᠭᠤᠷᠠᠭ᠎ᠠ᠂ ᠴᠠᠰᠤ᠂ ᠪᠤᠷᠤᠭ᠎ᠠ᠂ ᠠᠶᠤᠩᠭ᠎ᠠ᠂ ᠦᠶᠡᠷ᠂ ᠭᠠᠩ᠂ ᠭᠠᠴᠢᠭ ᠵᠡᠷᠭᠡ ᠪᠠᠶᠢᠭᠠᠯᠢ ᠶᠢᠨ ᠡᠯᠳᠡᠪ ᠦᠵᠡᠭᠳᠡᠯ ᠤᠳ ᠢ ᠨᠠᠷᠨ᠂ ᠰᠠᠷᠠᠨ ᠤ ᠡᠷᠬᠢᠯᠳᠡ ᠲᠠᠢ ᠨᠠᠷᠢᠨ ᠬᠤᠯᠪᠤᠨ ᠴᠠᠭ ᠤᠯᠡᠷᠢᠯ ᠢ ᠠᠵᠢᠭᠯᠠᠵᠥ ᠢᠷᠡᠵᠡᠢ᠃ ᠲᠡᠷᠨ ᠠᠵᠢᠭᠯᠠᠯᠳᠠ ᠠᠴᠠ ᠪᠠᠨ ᠰᠠᠨᠠᠭ᠎ᠠ ᠠᠪᠴᠤ ᠵᠢᠯ ᠢ ᠲᠦᠷᠪᠡᠨ ᠤᠯᠡᠷᠢᠯ ᠪᠤᠯᠭᠠᠨ ᠬᠤᠪᠢᠶᠠᠭᠰᠠᠨ ᠠᠵᠡᠢ᠂ ᠲᠦᠷᠪᠡᠨ ᠤᠯᠡᠷᠢᠯ ᠢᠶᠠᠨ ᠠᠷᠪᠠᠨ ᠬᠤᠶᠡᠷ ᠰᠠᠷ᠎ᠠ ᠪᠤᠯᠭᠠᠵᠡᠢ᠃      ᠨᠢᠭᠡ ᠰᠠᠷ᠎ᠠ — — ᠬᠤᠯᠤᠭᠠᠨ᠎ᠠ ᠰᠠᠷ᠎ᠠ ᠬᠤᠶᠠᠷ ᠰᠠᠷ᠎ᠠ — — ᠦᠭᠡᠷ ᠰᠠᠷ᠎ᠠ ᠭᠤᠷᠪᠡᠨ ᠰᠠᠷ᠎ᠠ — — ᠪᠠᠷᠰ ᠰᠠᠷ᠎ᠠ ᠲᠦᠷᠪᠡᠨ ᠰᠠᠷ᠎ᠠ — — ᠲᠠᠤᠯᠡᠢ ᠰᠠᠷ᠎ᠠ ᠲᠠᠪᠤᠨ ᠰᠠᠷ᠎ᠠ — — ᠯᠤᠤ ᠰᠠᠷ᠎ᠠ ᠵᠢᠷᠭᠤᠭᠠᠨ ᠰᠠᠷ᠎ᠠ — — ᠮᠤᠭᠠᠢ ᠰᠠᠷ᠎ᠠ ᠲᠤᠯᠤᠭᠠᠨ ᠰᠠᠷ᠎ᠠ — — ᠮᠤᠷᠢ ᠰᠠᠷ᠎ᠠ ᠨᠠᠶᠢᠮᠠᠨ ᠰᠠᠷ᠎ᠠ — — ᠬᠤᠨᠢ ᠰᠠᠷ᠎ᠠ ᠶᠢᠰᠤᠨ ᠰᠠᠷ᠎ᠠ — —  ᠪᠡᠴᠢᠨ ᠰᠠᠷ᠎ᠠ ᠠᠷᠪᠠᠨ ᠰᠠᠷ᠎ᠠ — — ᠲᠠᠬᠢᠶ᠎ᠠ ᠰᠠᠷ᠎ᠠ ᠠᠷᠪᠠᠨ ᠨᠢᠭᠡᠨ ᠰᠠᠷ᠎ᠠ — — ᠨᠤᠬᠠᠢ ᠰᠠᠷ᠎ᠠ ᠠᠷᠪᠠᠨ ᠬᠤᠶᠡᠷ ᠰᠠᠷ᠎ᠠ — — ᠭᠠᠭ᠋ᠠᠢ ᠰᠠᠷ᠎ᠠ ᠭᠡᠵᠥ ᠠᠵᠥ ᠠᠮᠢᠳᠤᠷᠠᠯ ᠳᠠᠭᠠᠨ ᠤᠶᠢᠷ᠎ᠠ ᠲᠦᠳᠡ ᠪᠠᠶᠢᠳᠠᠭ ᠪᠤᠶᠤ ᠪᠢᠰᠢᠷᠡᠨ ᠰᠢᠳᠥᠳᠡᠭ ᠠᠮᠢᠳᠠᠨ ᠤ ᠪᠠᠨ ᠨᠡᠷ᠎ᠡ ᠶᠢ ᠦᠭᠴᠡᠢ᠂ ᠡᠳᠡᠭᠡᠷ ᠠᠷᠪᠠᠨ ᠬᠤᠶᠡᠷ ᠠᠮᠢᠳᠠᠨ ᠤ ᠨᠡᠷ᠎ᠡ ᠪᠠᠷ ᠪᠠᠰᠨ ᠨᠠᠷᠠᠨ ᠤ ᠡᠷᠬᠢᠯᠳᠡ ᠶᠢᠨ ᠠᠷᠪᠠᠨ ᠬᠤᠶᠡᠷ ᠵᠢᠯ ᠢ ᠬᠤᠯᠤᠭᠠᠨ᠎ᠠ᠂ ᠦᠭᠡᠷ᠂ ᠪᠠᠷᠰ᠂ ᠲᠠᠤᠯᠠᠢ᠂ ᠯᠤᠤ᠂ ᠮᠤᠭᠠᠢ᠂ ᠮᠤᠷᠢ᠂ ᠬᠤᠨᠢ᠂ ᠪᠢᠴᠢ᠂ ᠲᠠᠬᠢᠶ᠎ᠠ᠂ ᠨᠤᠬᠠᠢ᠂ ᠭᠠᠭ᠋ᠠᠢ ᠭᠡᠵᠥ ᠨᠠᠷᠠᠨ ᠤ ᠡᠷᠬᠢᠯᠳᠡ ᠶᠢᠨ ᠪᠦᠬᠦᠯᠢ ᠲᠤᠭᠤᠷᠢᠭ ᠪᠤᠯᠭᠠᠨ ᠨᠡᠷᠡᠯᠡᠵᠡᠢ᠃ ᠡᠾᠦ᠋ᠩᠨᠥᠴᠤᠳ ᠡᠳᠥᠷ ᠢ ᠠᠷᠪᠠᠨ ᠬᠤᠶᠡᠷ ᠴᠠᠭ ᠲᠤ ᠬᠤᠪᠢᠶᠠᠵᠥ᠂ ᠰᠠᠷ᠎ᠠ᠂ ᠵᠢᠯ ᠳᠤ ᠦᠭᠬᠦᠭᠰᠡᠨ ᠨᠡᠷ᠎ᠡ ᠪᠠᠷ ᠴᠠᠭ ᠲᠤᠰ ᠪᠦᠷᠢ ᠶᠢ ᠨᠡᠷᠡᠯᠡᠭᠰᠡᠨ ᠪᠠᠶᠢᠨ᠎ᠠ᠂ 23 — — — 01 ᠬᠤᠯᠤᠭᠠᠨ᠎ᠠ ᠴᠠᠭ 01 — — — 03 ᠦᠬᠡᠷ ᠴᠠᠭ 03 — — — 05 ᠪᠠᠷᠰ ᠴᠠᠭ 05 — — — 07 ᠲᠠᠤᠯᠠᠢ ᠴᠠᠭ 07 — — — 09 ᠯᠤᠤ ᠴᠠᠭ 09 — — — 11 ᠮᠤᠭᠠᠢ ᠴᠠᠭ 11 — — — 13 ᠮᠤᠷᠢ ᠴᠠᠭ 13 — — — 15 ᠬᠤᠨᠢ ᠴᠠᠭ 15 — — — 17  ᠪᠡᠴᠢᠨ ᠴᠠᠭ 17 — — — 19 ᠲᠠᠬᠢᠶ᠎ᠠ ᠴᠠᠭ 19 — — — 21 ᠨᠤᠬᠠᠢ ᠴᠠᠭ 21 — — — 23 ᠭᠠᠭ᠋ᠠᠢ ᠴᠠᠭ ᠭᠡᠵᠥ ᠨᠡᠷᠡᠯᠡᠵᠡᠢ᠃      ᠮᠤᠩᠭᠤᠯᠴᠤᠳ ᠠᠷᠪᠠᠨ ᠵᠢᠯ ᠢᠶᠠᠨ ᠤᠯᠠᠭᠠᠭᠴᠢᠨ᠂ ᠰᠢᠷᠠᠭᠴᠢᠨ᠂ ᠴᠠᠭᠠᠭᠴᠢᠨ᠂ ᠬᠦᠬᠡᠭᠴᠢᠨ᠂ ᠬᠠᠷᠠᠭᠴᠢᠨ ᠭᠡᠵᠥ ᠲᠠᠪᠤᠨ ᠦᠩᠬᠡ ᠪᠠᠷ ᠨᠡᠷᠡᠯᠡᠭᠡᠳ᠂ ᠠᠷᠪᠠᠨ ᠵᠢᠯ ᠢᠶᠠᠨ ᠲᠠᠪᠤᠨ ᠦᠩᠬᠡ ᠪᠠᠷ ᠢᠶᠠᠨ ᠦᠷᠡᠵᠢᠭᠦᠯᠦᠭᠡᠳ ᠨᠢᠭᠡ ᠵᠢᠷᠠᠨ ᠭᠡᠵᠥ ᠲᠤᠭᠠᠯᠠᠳᠠᠭ ᠪᠠᠶᠢᠨ᠎ᠠ᠃ ᠠᠷᠪᠠᠨ ᠵᠢᠯ ᠢ ᠢᠪᠡᠭᠡᠯ᠂ ᠬᠠᠷᠰᠢ᠂ ᠵᠦᠭᠡᠯᠡᠨ᠂ ᠬᠠᠳᠠᠭᠤ ᠭᠡᠵᠥ ᠨᠠᠷᠢᠨ ᠢᠯᠭᠠᠨ ᠬᠤᠪᠢᠶᠠᠳᠠᠭ ᠪᠠᠶᠢᠨ᠎ᠠ᠂ ᠢᠪᠡᠬᠡᠯ ᠵᠢᠯ ᠨᠢ ᠦᠪᠡᠷ ᠤᠨ ᠵᠢᠯ ᠠᠴᠠ ᠲᠤᠭᠠᠯᠠᠨ ᠲᠠᠪᠤ ᠪᠤᠯᠤᠨ ᠶᠢᠰᠤ ᠳᠠᠬᠢ᠂ ᠬᠠᠷᠰᠢ ᠵᠢᠯ ᠨᠢ ᠦᠪᠡᠷ ᠤᠨ ᠵᠢᠯ ᠠᠴᠠ ᠲᠤᠯᠤᠭ᠎ᠠ ᠳᠠᠬᠢ᠂ ᠵᠢᠱᠢᠶ᠎ᠡ ᠨᠢ ᠬᠤᠯᠤᠭᠠᠨ᠎ᠠ ᠵᠢᠯ ᠤᠨ ᠢᠪᠡᠬᠡᠯ ᠨᠢ ᠯᠤᠤ᠂  ᠪᠡᠴᠢ᠂ ᠬᠠᠷᠰᠢ ᠵᠢᠯ ᠨᠢ ᠮᠤᠷᠢ ᠬᠡᠬᠦ ᠮᠡᠳᠥ ᠪᠠᠷ ᠪᠤᠳᠤᠨ᠎ᠠ᠃ ᠬᠠᠳᠠᠭᠤ ᠵᠢᠯ ᠨᠢ ᠲᠠᠪᠤ᠂ ᠵᠦᠭᠡᠯᠡᠨ ᠵᠢᠯ ᠨᠢ ᠲᠤᠯᠤᠭ᠎ᠠ ᠪᠠᠶᠢᠳᠠᠭ᠂ ᠡᠬᠦᠨ ᠳᠤ ᠵᠦᠭᠡᠯᠡᠨ ᠵᠢᠯ ᠨᠢ ᠬᠤᠯᠤᠭᠠᠨ᠎ᠠ᠂ ᠦᠬᠡᠷ᠂ ᠲᠠᠤᠯᠠᠢ᠂ ᠮᠤᠭᠠᠢ᠂ ᠬᠤᠨᠢ᠂  ᠪᠡᠴᠢ᠂ ᠲᠠᠬᠢᠶ᠎ᠠ ᠵᠡᠷᠭᠡ ᠲᠤᠯᠤᠭᠠᠨ ᠵᠢᠯ ᠪᠠᠶᠢᠳᠠᠭ᠂ ᠬᠠᠳᠠᠭᠤ ᠵᠢᠯ ᠨᠢ ᠪᠠᠷᠰ᠂ ᠯᠤᠤ᠂ ᠮᠤᠷᠢ᠂ ᠨᠤᠬᠠᠢ᠂ ᠭᠠᠭ᠋ᠠᠢ ᠵᠡᠷᠭᠡ ᠲᠠᠪᠤᠨ ᠵᠢᠯ ᠪᠠᠶᠢᠳᠠᠭ᠃ ᠬᠠᠨᠢ ᠢᠵᠢᠯᠢ᠂ ᠨᠠᠶᠢᠵᠨ ᠨᠦᠬᠦᠳ᠂ ᠠᠶᠢᠯ ᠰᠠᠬᠠᠯᠳᠡ ᠪᠠᠨ ᠰᠤᠩᠭᠤᠬᠤ ᠳᠠᠭᠠᠨ ᠣᠨᠴᠠᠭᠠᠢ ᠠᠩᠬᠠᠷᠳᠠᠭ ᠪᠠᠶᠢᠨ᠎ᠠ᠂ ᠵᠦᠭᠡᠯᠡᠨ ᠵᠢᠯ ᠲᠠᠢ ᠬᠦᠮᠥᠨ᠂ ᠬᠠᠳᠠᠭᠤ ᠵᠢᠯ ᠲᠠᠢ ᠬᠦᠮᠥᠨ ᠰᠠᠭᠤᠬᠤ ᠨᠢ ᠤᠨᠴᠨ ᠦᠭᠡᠢ ᠭᠡᠳᠡᠭ᠂ ᠡᠶᠢᠮᠥ ᠠᠴᠠ ᠡᠷᠲᠡ ᠲᠡᠭᠡᠷ᠎ᠡ ᠦᠶ᠎ᠡ ᠠᠴᠠ ᠮᠠᠰᠢ ᠶᠡᠭᠡ ᠠᠩᠬᠠᠷᠴᠤ ᠢᠷᠡᠭᠰᠡᠨ ᠪᠦᠭᠡᠳ ᠬᠠᠳᠠᠭᠤ ᠨᠢ ᠬᠠᠳᠠᠭᠤ ᠲᠠᠢ ᠪᠠᠨ᠂ ᠵᠦᠭᠡᠯᠡᠨ ᠨᠢ ᠵᠦᠭᠡᠯᠡᠨ ᠲᠠᠢ ᠪᠠᠨ ᠰᠠᠭᠤᠪᠠᠯ ᠭᠠᠢ ᠪᠠᠷᠴᠢᠳ ᠪᠠᠭ᠎ᠠ ᠪᠤᠶᠤ ᠬᠤᠪᠢ ᠲᠠᠪᠢᠯᠠᠩ ᠨᠢ ᠵᠦᠭᠡᠯᠡᠨ ᠪᠠᠶᠢᠳᠠᠭ ᠪᠠᠶᠢᠨ᠎ᠠ᠃ ᠭᠡᠰᠡᠨ ᠴᠤ ᠪᠠᠰᠨ ᠡᠮᠡᠭᠲᠡᠢ ᠨᠢ ᠵᠦᠭᠡᠯᠡᠨ ᠵᠢᠯ ᠲᠠᠢ᠂ ᠡᠷᠡᠭᠲᠡᠢ ᠨᠢ ᠬᠠᠳᠠᠭᠤ ᠵᠢᠯ ᠲᠠᠢ ᠪᠠᠶᠢᠬᠤ ᠳᠤ ᠪᠦᠬᠦ ᠶᠡᠭᠤᠮ᠎ᠡ ᠬᠤᠴᠢᠭᠳᠠᠭᠠᠳ ᠬᠡᠪ ᠤᠨ ᠦᠩᠭᠡᠷᠡᠳᠡᠭ ᠲᠠᠯ᠎ᠠ ᠪᠤᠢ᠂ ᠬᠠᠷᠢᠨ ᠶᠡᠷᠥ ᠠᠴᠠ ᠪᠠᠨ ᠮᠤᠩᠭᠤᠯᠴᠤᠳ ᠤᠨ ᠲᠠᠰ ᠬᠤᠷᠢᠭᠯᠠᠳᠠᠭ ᠵᠦᠢᠯ ᠪᠤᠯ ᠨᠦᠬᠦᠷ ᠨᠢ ᠵᠦᠭᠡᠯᠡᠨ ᠵᠢᠯ ᠲᠠᠢ᠂ ᠡᠬᠡᠨᠡᠷ ᠨᠢ ᠬᠠᠳᠠᠭᠤ ᠵᠢᠯ ᠲᠠᠢ ᠪᠠᠶᠢᠬᠤ ᠶᠢ ᠡᠷᠬᠡᠪᠰᠢ ᠪᠠᠶᠢᠵᠥ ᠪᠤᠯᠬᠤ ᠦᠭᠡᠢ ᠭᠡᠵᠥ ᠦᠵᠡᠳᠡᠭ ᠪᠤᠶᠤ ᠪᠠᠷᠢᠮᠳᠠᠯᠠᠳᠠᠭ ᠪᠠᠶᠢᠨ᠎ᠠ᠃ ᠬᠦᠮᠥᠨ ᠲᠦᠷᠥᠯᠬᠢᠳᠡᠨ ᠡᠬᠦᠰᠤᠨ ᠪᠠᠶᠢᠭᠠᠯᠢ ᠤᠷᠴᠢᠨ ᠲᠠᠢ ᠪᠠᠨ ᠵᠤᠬᠢᠴᠠᠨ ᠠᠮᠢᠳᠤᠷᠠᠭᠰᠠᠨ ᠴᠠᠭ ᠬᠤᠭᠤᠴᠠᠭ᠎ᠠ ᠨᠢ ᠬᠦᠭᠵᠢᠯ ᠤᠨ ᠶᠠᠪᠤᠴᠨ ᠳᠤ ᠬᠤᠷᠠᠮᠳᠤᠭᠤᠯᠵᠤ ᠢᠷᠡᠭᠰᠡᠨ ᠪᠤᠳᠠᠳᠤ ᠦᠨᠡᠨ ᠠᠮᠢᠳᠤᠷᠠᠯ ᠤᠨ ᠬᠠᠤᠯᠢ ᠮᠦᠨ᠂ ᠡᠶᠢᠮᠥ ᠠᠴᠠ ᠭᠡᠨᠡᠳᠳᠡ ᠶᠢᠨ ᠪᠤᠯᠤᠨ ᠵᠡᠭᠤᠷᠡᠳᠥ ᠶᠢᠨ ᠰᠢᠯᠳᠠᠭᠠᠨ ᠠᠴᠠ ᠪᠤᠰᠤᠳ ᠨᠢ ᠶᠠᠮᠠᠷ ᠨᠢᠭᠡᠨ ᠲᠠᠯ᠎ᠠ ᠪᠠᠷ ᠢᠶᠠᠨ ᠬᠠᠮᠢᠶᠠᠲᠠᠢ ᠪᠠᠶᠢᠳᠠᠭ ᠰᠢᠦ᠂ ᠵᠠᠷᠢᠮ ᠬᠥᠮᠥᠰ ᠡᠬᠦᠨ ᠳᠤ ᠢᠳᠡᠭᠡᠳᠡᠭ ᠦᠭᠡᠢ ᠪᠠᠶᠢᠨ᠎ᠠ᠂ ᠵᠢᠷᠤᠬᠠᠢ ᠶᠢᠨ ᠤᠬᠠᠭᠠᠨ ᠪᠤᠯ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠤᠮᠤᠬᠠᠨ ᠬᠡᠰᠡᠭ ᠮᠦᠨ᠃ ᠲᠦᠷᠥᠭᠰᠡᠨ ᠡᠳᠥᠷ ᠤᠨ ᠲᠦᠬᠦᠷᠭᠡ᠂ ᠭᠠᠷᠤᠭᠰᠠᠨ ᠡᠳᠥᠷ ᠤᠨ ᠭᠠᠷᠠᠭ ᠮᠡᠳᠡᠳᠡᠭ ᠰᠢᠦ ᠳ᠋ᠡ᠃
 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号