ᠴᠢᠨ ᠱᠢ ᠬᠤᠸᠠᠩ ᠤᠨ ᠥᠩᠭᠡᠷᠡᠯᠳᠡ ᠶᠠᠪᠤᠴᠠ ᠳᠢᠪ ᠳᠡᠯᠡᠬᠡᠢ ᠳᠤ ᠠᠯᠳᠠᠷᠳᠠᠢ᠂ ᠲᠥᠮᠡᠨ ᠤᠯᠠᠨ ᠤ | ᠠᠩᠬᠠᠷᠤᠯ ᠢ ᠳᠠᠳᠠᠭᠰᠠᠨ ᠢᠶᠠᠷ ᠪᠠᠷᠠᠬᠤ ᠥᠭᠡᠢ ᠳᠡᠭᠦᠨ ᠤ ᠤᠩᠭᠤᠨ ᠨᠢ ᠪᠠᠰᠠ ᠤᠯᠠᠨ ᠬᠠᠴᠢᠨ ᠭᠠᠶᠢᠬᠠᠮᠰᠢᠭ ᠪᠠ | ᠨᠢᠭᠤᠴᠠ ᠲᠠᠢ ᠪᠠᠶᠢᠵᠤ᠂ ᠡᠳᠤᠭᠡ ᠮᠥᠨ ᠤᠯᠠᠨ ᠨᠢᠭᠤᠴᠠ ᠨᠢ ᠳᠠᠶᠢᠯᠤᠭᠳᠠᠭᠠ ᠥᠭᠡᠢ ᠪᠠᠶᠢᠭᠰᠠᠭᠠᠷ ᠶᠤᠮ᠃ | ᠡᠭᠦᠨ ᠳᠤ ᠭᠤᠤᠯᠳᠠᠭᠤ ᠶᠢᠰᠤᠨ ᠨᠢᠭᠤᠴᠠ ᠨᠢ ᠬᠠᠮᠤᠭ ᠠᠩᠬᠠᠷᠤᠭᠤᠰᠢᠳᠡᠢ ᠪᠠᠶᠢᠳᠠᠭ᠃ | ᠨᠢᠭᠡᠳᠤᠭᠡᠷ ᠨᠢᠭᠤᠴᠠ᠄ ᠤᠩᠭᠤᠨ ᠤ ᠭᠤᠤᠯ ᠤᠷᠳᠤᠨ ᠨᠢ ᠴᠤᠬᠤᠮ ᠭᠡᠴᠢᠨᠡᠨ ᠭᠥᠨ ᠳᠤ ᠪᠠᠶᠢᠷᠢᠰᠢᠵᠤ | ᠪᠠᠶᠢᠬᠤ ᠪᠤᠢ︖ ᠬᠠᠮᠤᠭ ᠤᠨ ᠰᠢᠨ᠎ᠠ ᠪᠠᠶᠢᠴᠠᠭᠠᠨ ᠰᠢᠨᠵᠢᠯᠡᠭᠰᠡᠨ ᠢ ᠥᠨᠳᠤᠰᠥᠯᠡᠪᠡᠯ᠂ ᠴᠢᠨ ᠱᠢ ᠬᠤᠸᠠᠩ ᠤᠨ | ᠤᠩᠭᠤᠨ ᠤ ᠰᠠᠭᠤᠷᠢ ᠵᠡᠭᠦᠨᠰᠢ ᠪᠠᠷᠠᠭᠤᠨᠰᠢ 260 ᠮᠧᠲᠷ ᠤᠷᠳᠤ᠂ ᠡᠮᠤᠨᠡᠰᠢ ᠬᠤᠶᠢᠰᠢ 160 ᠮᠧᠲᠷ ᠥᠷᠭᠡᠨ᠂ | ᠶᠡᠷᠤᠩᠬᠡᠢ ᠳᠠᠯᠠᠪᠠᠢ ᠨᠢ 4.16 ᠲᠥᠮᠡᠨ ᠳᠡᠭᠰᠢ ᠲᠥᠷᠪᠡᠯᠵᠢᠨ ᠮᠧᠲᠷ ᠪᠠᠶᠢᠵᠤ᠂ 5 ᠬᠥᠯ ᠪᠥᠮᠪᠤᠭᠡᠨ ᠤ | ᠳᠠᠯᠠᠪᠤᠷ ᠤᠨ ᠵᠡᠷᠭᠡ ᠶᠡᠭᠡ ᠪᠠᠶᠢᠳᠠᠭ᠃ | ᠰᠢᠨᠵᠢᠯᠡᠬᠦ ᠤᠬᠠᠭᠠᠨᠳᠠᠨ ᠨᠠᠷ ᠤᠩᠭᠤᠨ ᠤ ᠤᠷᠳᠤᠨ ᠤ ᠶᠡᠭᠡ ᠲᠥᠯᠥᠪ ᠪᠠᠶᠢᠳᠠᠯ ᠢ ᠲᠥᠰᠥᠭᠡᠯᠡᠵᠤ ᠪᠠᠶᠢᠪᠠᠴᠤ | ᠤᠷᠳᠤᠨ ᠤ ᠪᠠᠶᠢᠷᠢᠰᠢᠭ᠎ᠠ ᠭᠥᠨ ᠤ ᠬᠡᠮᠵᠢᠶ᠎ᠠ ᠴᠤᠬᠤᠮ ᠬᠡᠳᠤᠢ ᠪᠤᠯᠬᠤ ᠶᠢ ᠤᠳᠤ ᠪᠠᠰᠠ ᠪᠤᠳᠠᠳᠠᠢ ᠳᠤᠭᠳᠠᠭᠠᠵᠤ | ᠳᠡᠶᠢᠯᠤᠭᠡ ᠥᠭᠡᠢ ᠪᠠᠶᠢᠭᠰᠠᠭᠠᠷ᠃ | ᠬᠤᠶᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠨᠢ ᠴᠤᠬᠤᠮ ᠬᠡᠳᠤᠨ ᠡᠭᠦᠳᠡ ᠲᠠᠢ ᠪᠤᠢ︖ ᠴᠢᠨ | ᠱᠢ ᠬᠤᠸᠠᠩ ᠤᠨ ᠤᠩᠭᠤᠨ ᠤ ᠡᠭᠦᠳᠡ ᠶᠢᠨ ᠳᠤᠬᠠᠢ ︽ᠰᠤᠳᠤᠷ ᠪᠢᠴᠢᠭ︾ ᠲᠤ ᠭᠤᠷᠪᠠᠨ ᠡᠭᠦᠳᠡ ᠲᠠᠢ ᠭᠡᠮᠡᠨ | ᠳᠡᠮᠳᠡᠭᠯᠡᠵᠤ ᠪᠠᠶᠢᠪᠠᠴᠤ ᠤᠳᠤ ᠮᠥᠨ ᠪᠤᠳᠠᠳᠠᠢ ᠰᠢᠨᠵᠢᠯᠡᠵᠤ ᠳᠤᠭᠳᠠᠭᠠᠬᠤ ᠶᠢᠨ ᠠᠷᠭ᠎ᠠ ᠥᠭᠡᠢ ᠪᠠᠶᠢᠭᠰᠠᠭᠠᠷ᠃ | ᠭᠤᠷᠪᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠡᠭᠡᠷᠡᠬᠢ ︽ᠳᠡᠭᠷᠢ ᠶᠢᠨ ᠪᠢᠴᠢᠭ︾ ᠨᠢ ᠶᠠᠮᠠᠷ | ᠤᠳᠬ᠎ᠠ ᠲᠠᠢ ᠪᠤᠢ︖ ᠴᠢᠨ ᠱᠢ ᠬᠤᠸᠠᠩ ᠤᠨ ᠤᠩᠭᠤᠨ ᠤ ᠭᠤᠤᠯ ᠤᠷᠳᠤᠨ ᠤ ᠳᠡᠭᠡᠷ᠎ᠠ ᠳᠠᠯ᠎ᠠ ᠳᠤ ᠬᠥᠮᠥᠨ ᠳᠤ | ᠳᠠᠨᠢᠭᠳᠠᠬᠤ ᠥᠭᠡᠢ ᠰᠤᠨᠢᠨ ᠵᠢᠷᠤᠭ ᠪᠠᠶᠢᠵᠤ᠂ ᠤᠯᠠᠨ ᠳᠤᠰᠬᠠᠢ ᠮᠡᠷᠭᠡᠵᠢᠯᠳᠡᠨ ᠰᠤᠪᠢᠨ ᠰᠡᠳᠬᠢᠭᠰᠡᠨ ᠪᠤᠯᠪᠠᠴᠤ | ᠡᠳᠤᠭᠡ ᠮᠥᠨ ᠥᠨᠡᠨ ᠤᠳᠬ᠎ᠠ ᠶᠢ ᠮᠡᠳᠡᠭᠡᠳᠤᠢ ᠪᠠᠶᠢᠭᠰᠠᠭᠠᠷ᠃ | ᠲᠥᠷᠪᠡᠳᠤᠭᠡᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠮᠥᠩᠭᠦᠨ ᠤᠰᠤᠨ ᠭᠤᠤᠯ ᠲᠠᠢ ᠤᠤ︖ | ᠡᠷᠳᠡᠨ ᠤ ︽ᠰᠤᠳᠤᠷ ᠪᠢᠴᠢᠭ︾ ᠲᠤ ᠴᠢᠨ ᠱᠢ ᠬᠤᠸᠠᠩ ᠤᠨ ᠤᠩᠭᠤᠨ ᠤ ᠳᠤᠳᠤᠷ᠎ᠠ ᠮᠥᠩᠭᠦᠨ ᠤᠰᠤᠨ | ᠭᠤᠤᠯ ᠲᠠᠢ ᠭᠡᠮᠡᠨ ᠳᠡᠮᠳᠡᠭᠯᠡᠵᠤ᠂ ᠤᠳᠤ ᠶᠢᠨ ᠬᠠᠶᠢᠨ ᠰᠢᠨᠵᠢᠯᠡᠭᠡ ᠪᠠᠷ ᠳᠠᠮᠵᠢᠨ ᠤᠩᠭᠤᠨ ᠤ ᠬᠥᠷᠤᠰᠤᠨ ᠳᠤ ᠬᠢ | ᠮᠥᠩᠬᠦᠨ ᠤᠰᠤᠨ ᠤ ᠠᠭᠤᠯᠤᠭᠳᠠᠴᠠ ᠬᠡᠪ ᠤᠨ ᠪᠤᠰᠤ ᠪᠠᠶᠢᠬᠤ ᠶᠢ ᠮᠡᠳᠡᠭᠰᠡᠨ ᠪᠤᠯᠪᠠᠴᠤ ᠤᠩᠭᠤᠨ ᠤ ᠳᠤᠳᠤᠷ᠎ᠠ | ᠥᠨᠡᠭᠡᠷ ᠮᠥᠩᠭᠦᠨ ᠤᠰᠤᠨ ᠭᠤᠤᠯ ᠤᠷᠤᠰᠢᠵᠤ ᠪᠠᠶᠢᠬᠤ ᠡᠰᠡᠬᠦ ᠳᠤᠬᠠᠢ ᠨᠡᠩ ᠪᠠᠳᠤᠳᠠᠢ ᠭᠡᠷᠡᠴᠢ ᠪᠠᠷᠢᠮᠳᠠ ᠤᠯᠤᠭ᠎ᠠ | ᠥᠭᠡᠢ ᠪᠠᠶᠢᠭᠰᠠᠭᠠᠷ᠃ | ᠳᠠᠪᠤᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠴᠤᠬᠤᠮ ᠬᠡᠴᠢᠨᠡᠨ ᠡᠳ᠋ ᠡᠷᠳᠡᠨᠢᠰ | ᠬᠠᠳᠠᠭᠠᠯᠠᠭᠳᠠᠵᠤ ᠪᠠᠶᠢᠬᠤ ᠪᠤᠢ︖ ︽ᠰᠤᠳᠤᠷ ᠪᠢᠴᠢᠭ︾ ᠲᠤ ᠴᠢᠨ ᠱᠢ ᠬᠤᠸᠠᠩ ᠤᠨ ᠤᠩᠭᠤᠨ ᠤ ᠳᠤᠳᠤᠷ᠎ᠠ | ᠠᠯᠳᠠ ᠮᠥᠩᠬᠦ᠂ ᠬᠠᠰ ᠰᠤᠪᠤᠳ ᠳᠠᠨ᠎ᠠ ᠵᠡᠷᠭᠡ ᠳᠤᠭ᠎ᠠ ᠳᠤᠮᠰᠢ ᠥᠭᠡᠢ ᠬᠤᠪᠤᠷ ᠡᠳ᠋ ᠡᠷᠳᠡᠨᠢ ᠬᠠᠳᠠᠭᠠᠯᠠᠪᠠ ᠭᠡᠵᠤ | ᠳᠡᠮᠳᠡᠭᠯᠡᠵᠤ ᠪᠠᠶᠢᠭ᠎ᠠ ᠪᠤᠯᠪᠠᠴᠤ ᠤᠩᠭᠤᠨ ᠳᠤ ᠴᠤᠬᠤᠮ ᠬᠡᠴᠢᠨᠡᠨ ᠵᠥᠢᠯ ᠤᠨ ᠡᠳ᠋ ᠡᠷᠳᠡᠨᠢ ᠬᠠᠳᠠᠭᠠᠯᠠᠭᠳᠠᠵᠤ | ᠪᠠᠶᠢᠬᠤ ᠶᠢ ᠤᠳᠤ ᠪᠤᠯᠳᠠᠯ᠎ᠠ ᠮᠥᠨ ᠰᠢᠨᠵᠢᠯᠡᠵᠤ ᠮᠡᠳᠡᠬᠦ ᠶᠢᠨ ᠠᠷᠭ᠎ᠠ ᠥᠭᠡᠢ ᠪᠠᠶᠢᠭᠰᠠᠭᠠᠷ᠃ | ᠵᠢᠷᠭᠤᠳᠤᠭᠠᠷ ᠨᠢᠭᠤᠴᠠ᠄ ᠴᠢᠨ ᠱᠢ ᠬᠤᠸᠠᠩ ᠤᠨ ᠤᠩᠭᠤᠨ ᠤ ᠠᠪᠰᠠ ᠨᠢ ᠮᠤᠳᠤ ᠶᠤᠮ ᠤᠤ ᠵᠡᠰ ᠶᠤᠮ | ᠤᠤ︖ ︽ᠰᠤᠳᠤᠷ ᠪᠢᠴᠢᠭ︾ ᠲᠤ ᠴᠢᠨ ᠱᠢ ᠬᠤᠸᠠᠩ ᠢ ᠵᠡᠰ ᠠᠪᠰᠠᠨ ᠳᠤ ᠬᠢᠪᠡ ᠭᠡᠵᠤ ᠳᠡᠮᠳᠡᠭᠯᠡᠵᠤ ᠪᠠᠶᠢᠭ᠎ᠠ | ᠪᠤᠯᠪᠠᠴᠤ ᠳᠡᠤᠬᠡ ᠰᠤᠳᠤᠷ ᠤᠨ ᠮᠡᠷᠭᠡᠵᠢᠯᠳᠡᠨ ᠨᠠᠷ ᠡᠭᠦᠨ ᠤ ᠳᠤᠬᠠᠢ ᠰᠡᠵᠢᠭᠯᠡᠯᠳᠡᠢ ᠪᠤᠢ᠃ | ᠳᠤᠯᠤᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠭᠠᠳᠠᠷᠭᠤ ᠤᠷᠤᠨ ᠵᠠᠢ ᠪᠠᠶᠢᠬᠤ ᠤᠤ︖ ᠳᠡᠤᠬᠡ | ᠰᠤᠳᠤᠷ ᠤᠨ ᠳᠡᠮᠳᠡᠭᠯᠡᠯ ᠪᠠ ᠤᠳᠤ ᠥᠶ᠎ᠠ ᠶᠢᠨ ᠬᠠᠶᠢᠨ ᠰᠢᠨᠵᠢᠯᠡᠭᠰᠡᠨ ᠢ ᠥᠨᠳᠤᠰᠥᠯᠡᠪᠡᠯ᠂ ᠴᠢᠨ ᠱᠢ ᠬᠤᠸᠠᠩ ᠤᠨ | ᠤᠩᠭᠤᠨ ᠤ ᠭᠠᠳᠠᠷᠭᠤ ᠤᠷᠤᠨ ᠵᠠᠢ ᠪᠠᠶᠢᠬᠤ ᠪᠤᠯᠤᠮᠵᠢ ᠲᠠᠢ᠃ | ᠨᠠᠢᠮᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠬᠠᠮᠠᠭᠠᠯᠠᠯᠳᠠ ᠶᠢᠨ ᠨᠢᠭᠤᠴᠠ ᠰᠤᠮᠤ | ᠪᠠᠶᠢᠨᠠᠤ︖ ︽ᠰᠤᠳᠤᠷ ᠪᠢᠴᠢᠭ︾ ᠲᠤ ᠴᠢᠨ ᠱᠢ ᠬᠤᠸᠠᠩ ᠤᠨ ᠤᠩᠭᠤᠨ ᠤ ᠳᠤᠳᠤᠷ᠎ᠠ ᠥᠪᠡᠰᠤᠪᠠᠨ ᠬᠠᠷᠪᠤᠬᠤ | ᠨᠢᠭᠤᠴᠠ ᠰᠤᠮᠤ ᠲᠠᠢ ᠭᠡᠵᠤ ᠳᠡᠮᠳᠡᠭᠯᠡᠵᠤ ᠪᠠᠶᠢᠳᠠᠭ᠃ ᠥᠨᠡᠭᠡᠷ ᠨᠢᠭᠤᠴᠠ ᠰᠤᠮᠤ ᠪᠠᠶᠢᠬᠤ ᠡᠰᠡᠬᠦ ᠳᠤᠬᠠᠢ | ᠤᠳᠤᠬᠠᠨ ᠳᠤ ᠪᠠᠳᠤᠳᠠᠢ ᠨᠤᠳᠠᠯᠠᠵᠤ ᠳᠡᠶᠢᠯᠤᠭᠡ ᠥᠭᠡᠢ ᠪᠠᠶᠢᠭᠰᠠᠭᠠᠷ᠃ | ᠶᠢᠰᠤᠳᠤᠭᠡᠷ ᠨᠢᠭᠤᠴᠠ᠄ ᠴᠢᠨ ᠱᠠᠢ ᠬᠤᠸᠠᠩ ᠤᠨ ᠬᠡᠭᠦᠷ ᠪᠡᠶ᠎ᠠ ᠪᠥᠷᠢᠨ ᠪᠥᠳᠤᠨ ᠪᠠᠶᠢᠬᠤ ᠤᠤ︖ ᠴᠢᠨ | ᠱᠢ ᠬᠤᠸᠠᠩ ᠠᠶᠠᠨ ᠤ ᠭᠤᠳᠤᠰ ᠥᠬᠦᠵᠤ᠂ ᠪᠠᠰᠠ ᠶᠠᠭ ᠵᠤᠨ ᠤ ᠤᠯᠠᠷᠢᠯ ᠬᠠᠷᠭᠤᠵᠤ᠂ ᠤᠩᠭᠤᠨ ᠳᠤ ᠠᠪᠠᠴᠢᠨ | ᠤᠷᠤᠰᠢᠭᠤᠯᠳᠠᠯᠠ 50 ᠭᠠᠷᠤᠢ ᠡᠳᠤᠷ ᠬᠡᠷᠡᠭᠰᠡᠭᠰᠡᠨ ᠳᠤᠯᠠ ᠳᠡᠭᠦᠨ ᠤ ᠮᠢᠬᠠᠨ ᠪᠡᠶ᠎ᠠ ᠪᠥᠷᠢᠨ ᠪᠥᠳᠤᠨ ᠪᠠᠶᠢᠬᠤ | ᠪᠤᠯᠤᠮᠵᠢ ᠮᠠᠰᠢ ᠪᠠᠭ᠎ᠠ ᠶᠤᠮ᠃ |