ᠤᠯᠠᠨ ᠤ ᠮᠡᠳᠡᠭᠡᠵᠢ ᠪᠠᠷ᠂ ᠦᠷᠭᠦᠯᠵᠢ ᠰᠤᠳᠠ ᠲᠠᠢ ᠤᠰᠤ᠂ ᠰᠢᠬᠢᠷ ᠢᠳᠡᠭᠦ ᠨᠢ ᠰᠢᠳᠦ ᠶᠢ | ᠬᠤᠷᠤᠬᠠᠶᠢᠳᠤᠭᠤᠯᠤᠨᠠ᠃ ᠡᠭᠦᠨ ᠠᠴᠠ ᠭᠠᠳᠠᠨ᠎ᠠ ᠶᠠᠮᠠᠷ ᠶᠠᠮᠠᠷ ᠲᠠᠳᠬᠠᠯ ᠨᠢ ᠪᠢᠳᠡᠨ ᠤ ᠰᠢᠳᠦ ᠶᠢ ᠢᠳᠡᠭᠳᠡᠭᠦᠯᠳᠡᠭ | ᠪᠤᠯ︖ | ⒈ᠬᠦᠴᠢᠯᠲᠦ᠋ᠷᠦᠭᠴᠢᠲᠦ ᠬᠦᠳᠡᠯᠭᠡᠭᠡᠨ᠃ ᠤᠷᠲᠦ ᠬᠤᠭᠤᠴᠠᠭ᠎ᠠ ᠬᠦᠴᠢᠯᠲᠦ᠋ᠷᠦᠭᠴᠢᠲᠦ ᠬᠦᠳᠡᠯᠭᠡᠭᠡᠨ | ᠬᠢᠬᠦ ᠨᠢ ᠲᠠᠨ ᠤ ᠴᠠᠰᠦ ᠴᠠᠭᠠᠨ ᠰᠢᠳᠦ ᠶᠢ ᠢᠳᠡᠭᠳᠡᠭᠦᠯᠦᠨᠡ᠃ ᠭᠧᠷᠮᠠᠨ ᠤ ᠨᠢᠭᠡᠨ ᠰᠢᠨ᠎ᠡ ᠰᠤᠳᠤᠯᠭᠠᠨ ᠳᠤ᠂ | ᠲᠠᠮᠢᠷᠴᠢᠨ ᠪᠠ ᠲᠠᠮᠢᠷᠴᠢᠨ ᠪᠤᠰᠤ ᠬᠦᠮᠦᠨ ᠤ ᠠᠮᠠᠨ ᠬᠦᠨᠳᠡᠢ ᠶᠢᠨ ᠡᠷᠡᠭᠦᠯ ᠮᠡᠨᠳᠦ ᠶᠢᠨ ᠪᠠᠶᠢᠳᠠᠯ ᠢ ᠠᠳᠠᠯᠢᠳᠬᠠᠵᠦ | ᠦᠵᠡᠭᠰᠡᠨ ᠤ ᠦᠷ᠎ᠡ ᠳ᠋ᠦᠩ ᠳᠤ ᠤᠯᠵᠦ ᠮᠡᠳᠡᠭᠰᠡᠨ ᠨᠢ᠂ ᠲᠠᠮᠢᠷᠴᠢᠨ ᠤ ᠰᠢᠳᠦ ᠨᠢ ᠨᠡᠩ ᠠᠮᠠᠷᠬᠠᠨ | ᠬᠤᠷᠤᠬᠠᠶᠢᠳᠤᠵᠦ᠂ ᠰᠢᠳᠦᠨ ᠤ ᠹᠠᠯᠠᠨ ᠡᠳ᠋ ᠨᠢ ᠠᠭᠠᠵᠢᠮ ᠢᠶᠠᠷ ᠠᠷᠢᠯᠤᠨ᠎ᠠ᠃ ᠪᠤᠯᠪᠠᠰᠤᠷᠠᠯ ᠤᠨ ᠬᠤᠭᠤᠴᠠᠭ᠎ᠠ ᠨᠢ | ᠬᠡᠳᠦ ᠤᠷᠲᠦ ᠪᠤᠯ ᠰᠢᠳᠦᠨ ᠤ ᠢᠳᠡᠭᠳᠡᠭᠰᠡᠨ ᠬᠡᠮᠵᠢᠶ᠎ᠡ ᠨᠢ ᠲᠡᠳᠦᠢ ᠬᠦᠨᠳᠦ ᠨᠤᠴᠢᠲᠠᠢ ᠪᠠᠶᠢᠳᠠᠭ᠃ ᠡᠷᠡᠭᠲᠠᠢ ᠶᠢᠨ | ᠰᠢᠳᠦᠨ ᠰᠠᠯᠠᠭᠠᠨ ᠤ ᠡᠷᠡᠭᠦᠯ ᠡᠩᠭᠡ ᠶᠢᠨ ᠵᠦᠪᠯᠡᠭᠴᠢ ᠮᠠᠺᠧ · ᠸᠧᠷᠹᠦ᠋ ᠳ᠋ᠤᠺᠲ᠋ᠤᠷ ᠲᠠᠶᠢᠯᠪᠤᠷᠢᠯᠠᠭᠰᠠᠨ ᠨᠢ᠂ ᠡᠨᠡ ᠨᠢ | ᠬᠦᠳᠡᠯᠭᠡᠭᠡᠨ ᠬᠢᠬᠦ ᠨᠢ ᠠᠮᠠᠨ ᠬᠦᠨᠳᠡᠢ ᠶᠢᠨ ᠰᠢᠯᠦᠰᠦ ᠶᠢ ᠪᠠᠭᠠᠰᠬᠠᠭᠰᠠᠨ ᠠᠴᠠ ᠪᠤᠯᠵᠠᠢ᠃ ᠰᠢᠯᠦᠰᠦᠨ ᠲᠤᠲᠤᠷ᠎ᠠ | ᠡᠯ᠎ᠡ ᠵᠦᠢᠯ ᠤᠨ ᠡᠷᠦᠳᠡᠰᠦᠨ ᠪᠤᠳᠠᠰ ᠠᠭᠤᠯᠤᠭᠳᠠᠵᠦ᠂ ᠰᠢᠳᠦ ᠶᠢ ᠬᠦᠴᠢᠯ ᠳᠤ ᠡᠯᠡᠭᠳᠡᠵᠦ ᠪᠠᠷᠠᠬᠤ ᠪᠠ | ᠢᠳᠡᠭᠳᠡᠬᠦ ᠠᠴᠠ ᠬᠠᠮᠠᠭᠠᠯᠠᠨ᠎ᠠ᠃ ᠨᠡᠩ ᠴᠢᠬᠤᠯᠠ ᠨᠢ᠂ ᠪᠤᠯᠪᠠᠰᠤᠷᠠᠯ ᠤᠨ ᠦᠶᠡᠰ ᠰᠢᠬᠢᠷ ᠠᠭᠤᠯᠤᠭᠳᠠᠬᠤ ᠲᠠᠮᠢᠷ ᠤᠨ | ᠤᠮᠳᠠᠭᠠᠨ ᠪᠠ ᠬᠦᠴᠢᠯᠯᠢᠭ ᠤᠮᠳᠠᠭᠠᠨ ᠨᠢ ᠰᠢᠳᠦ ᠶᠢ ᠬᠤᠷᠤᠬᠠᠶᠢᠳᠤᠭᠤᠯᠤᠨᠠ᠃ ᠠᠷᠭ᠎ᠠ ᠠᠪᠴᠠᠯ᠄ ᠲᠤᠷᠰᠢᠯᠭ᠎ᠠ | ᠦᠯᠡᠮᠵᠢ ᠰᠢᠳᠦᠨ ᠰᠠᠯᠠᠭᠠᠨ ᠤ ᠡᠮᠴᠢ ᠨᠢᠯᠢᠶᠠ · ᠫᠦᠷᠦ᠋ᠢᠰ ᠰᠠᠨᠠᠭᠤᠯᠤᠭᠰᠠᠨ ᠨᠢ᠂ ᠬᠦᠳᠡᠯᠭᠡᠭᠡᠨ ᠠᠴᠠ ᠡᠮᠦᠨ᠎ᠡ | ᠰᠢᠳᠦ ᠪᠠᠨ ᠱᠤᠸᠠᠰᠠᠳᠠᠨ᠎ᠠ᠂ ᠬᠦᠳᠡᠯᠭᠡᠭᠡᠨ ᠤ ᠲᠠᠷᠠᠭ᠎ᠠ ᠠᠮᠠ ᠪᠠᠨ ᠵᠠᠶᠢᠯᠬᠤ ᠨᠢ ᠰᠢᠳᠦᠨ ᠪᠠᠺᠲ᠋ᠧᠷᠢ ᠶᠢ ᠪᠦᠲᠦᠮᠵᠢᠲᠠᠢ | ᠡᠰᠡᠷᠭᠦᠴᠡᠵᠦ᠂ ᠰᠢᠳᠦ ᠬᠤᠷᠤᠬᠠᠶᠢᠳᠤᠬᠤ ᠶᠢ ᠪᠠᠭᠠᠰᠬᠠᠵᠦ ᠲᠡᠶᠢᠯᠦᠨ᠎ᠡ᠃ ᠡᠭᠦᠨ ᠠᠴᠠ ᠭᠠᠳᠠᠨ᠎ᠠ᠂ ᠰᠢᠬᠢᠷ | ᠠᠭᠤᠯᠤᠭᠳᠠᠬᠤ ᠦᠭᠡᠢ ᠵᠠᠵᠢᠯᠤᠭᠤᠷ ᠰᠢᠬᠢᠷ ᠢᠳᠡᠬᠦ ᠨᠢ ᠰᠢᠯᠦᠰᠦᠨ ᠤ ᠰᠢᠭᠦᠷᠡᠯ ᠢ ᠨᠡᠮᠡᠭᠳᠡᠭᠦᠯᠵᠦ ᠪᠤᠯᠤᠨ᠎ᠠ᠃ | ⒉ᠬᠦᠨᠳᠦ ᠡᠷᠭᠦᠭᠦ᠃ ᠸᠡᠷᠹᠦ᠋ ᠬᠡᠯᠡᠭᠰᠡᠨ ᠨᠢ᠂ ᠲᠠ ᠰᠢᠳᠦ ᠪᠠᠨ ᠲᠠᠰᠦ ᠵᠠᠭᠤᠨ ᠬᠦᠨᠳᠦ ᠶᠢ ᠡᠷᠭᠦᠬᠦ ᠦᠶᠡᠰ | ᠴᠢᠰᠤᠨ ᠤ ᠡᠷᠭᠢᠯᠲᠡ ᠶᠢ ᠲᠦᠷᠭᠡᠳᠬᠡᠬᠦ ᠪᠠᠷ ᠪᠠᠷᠠᠬᠤ ᠦᠭᠡᠢ ᠪᠠᠰᠠ ᠰᠢᠳᠦ ᠶᠢ ᠡᠯᠡᠭᠳᠡᠭᠦᠯᠬᠦ ᠪᠤᠯᠤᠯᠴᠠᠭ᠎ᠠ ᠲᠠᠢ | ᠪᠠᠶᠢᠵᠦ᠂ ᠡᠷᠡᠤ ᠦᠷᠭᠦᠯᠵᠢᠯᠡᠯ ᠴᠢᠨᠠᠷᠲᠠᠢ ᠡᠪᠡᠳᠦᠨ᠎ᠡ᠃ ᠠᠷᠭ᠎ᠠ ᠠᠪᠴᠠᠯ᠄ ᠬᠡᠷᠪᠡ ᠴᠢ ᠰᠢᠳᠦ ᠪᠠᠨ ᠨᠡᠶᠢᠯᠡᠭᠦᠯᠵᠦ | ᠵᠠᠭᠤᠬᠤ ᠳᠤ ᠬᠦᠴᠢᠷᠳᠡᠵᠦ ᠪᠠᠶᠢᠪᠠᠯ᠂ ᠰᠢᠳᠦ ᠶᠢ ᠬᠠᠮᠠᠭᠠᠯᠠᠬᠤ ᠪᠠᠭᠠᠵᠢ ᠵᠡᠭᠦᠵᠦ ᠪᠤᠯᠤᠨ᠎ᠠ᠃ ᠲᠠᠮᠢᠷ ᠤᠨ | ᠬᠡᠷᠡᠭᠰᠡᠯ ᠤᠨ ᠲᠡᠯᠭᠡᠭᠦᠷ ᠪᠠ ᠡᠮ ᠤᠨ ᠲᠡᠯᠭᠡᠭᠦᠷ ᠠᠴᠠ ᠰᠢᠳᠦ ᠵᠦᠭᠰᠢᠷᠡᠭᠦᠯᠬᠦ ᠲᠤᠨᠤᠭ ᠬᠤᠳᠠᠯᠳᠤᠨ ᠠᠪᠬᠤ ᠪᠤᠶᠤ | ᠰᠢᠳᠦᠨ ᠡᠮᠴᠢ ᠪᠠᠷ ᠪᠡᠶ᠎ᠡ ᠳᠡᠭᠡᠨ ᠲᠤᠬᠢᠷᠠᠭᠰᠠᠨ ᠰᠢᠳᠦ ᠵᠦᠭᠰᠢᠷᠡᠭᠦᠯᠬᠦ ᠲᠤᠨᠤᠭ ᠬᠢᠯᠭᠡᠵᠦ ᠪᠤᠯᠤᠨ᠎ᠠ᠃ | ⒊ᠡᠮ ᠤᠨ ᠰᠢᠯᠳᠠᠭᠠᠠ᠃ ᠠᠮᠧᠷᠢᠺᠡ ᠶᠢᠨ ᠰᠢᠳᠦᠨ ᠡᠮᠨᠡᠯᠭᠡ ᠶᠢᠨ ᠨᠡᠶᠢᠭᠡᠮᠯᠢᠭ ᠤᠨ ᠵᠦᠪᠯᠡᠭᠴᠢ | ᠠᠶᠢᠳᠧᠮᠡᠩᠬᠤᠶᠢᠢᠫᠦ᠋ ᠢᠯᠡᠷᠭᠡᠶᠢᠯᠡᠭᠰᠡᠨ ᠨᠢ᠂ ᠬᠠᠷᠰᠢᠮᠠᠲᠠᠭᠠᠢ ᠴᠢᠨᠠᠷ᠂ ᠭᠠᠨᠭ᠍ᠰᠠᠷᠠᠬᠤ ᠭᠡᠮ᠂ ᠵᠢᠷᠦᠭᠡ ᠴᠢᠰᠤᠨ | ᠰᠤᠳᠠᠯ ᠤᠨ ᠡᠪᠡᠳᠴᠢᠨ᠂ ᠴᠢᠰᠤᠨ ᠲᠠᠷᠤᠯᠲᠠ ᠶᠢ ᠵᠠᠰᠠᠬᠤ ᠡᠮ ᠨᠢ ᠠᠮᠠ ᠬᠠᠳᠠᠬᠤ ᠢᠯᠡᠷᠡᠯ ᠡᠭᠦᠰᠭᠡᠨ᠎ᠡ᠂ ᠲᠡᠶᠢᠮᠦ | ᠶᠡᠭᠡ ᠡᠰᠡᠷᠭᠦ ᠦᠢᠯᠡᠳᠦᠯ ᠪᠠᠶᠢᠬᠤ ᠦᠭᠡᠢ ᠪᠠᠶᠢᠵᠦ ᠮᠠᠭᠠᠳ᠂ ᠭᠡᠳᠡᠯ᠎ᠡ ᠰᠢᠳᠦ ᠶᠢ ᠬᠦᠨᠳᠦ ᠨᠤᠴᠢᠲᠠᠢ ᠨᠦᠯᠦᠭᠡᠯᠡᠳᠡᠭ᠂ | ᠤᠴᠢᠷ ᠨᠢ ᠰᠢᠳᠦ ᠨᠢ ᠰᠢᠯᠦᠰᠦ ᠶᠢ ᠭᠡᠷᠡᠭᠰᠡᠨ ᠬᠦᠴᠢᠯ ᠳᠤ ᠢᠳᠡᠭᠳᠡᠬᠦ ᠠᠴᠠ ᠰᠡᠷᠭᠡᠶᠢᠯᠡᠨ᠎ᠡ᠃ ︽ᠬᠡᠷᠪᠡ ᠴᠢ | ᠬᠦᠢᠴᠡᠳ ᠬᠡᠮᠵᠢᠶᠡᠨ ᠤ ᠰᠢᠯᠦᠰᠦ ᠦᠭᠡᠢ ᠦᠶᠡᠰ᠂ ᠴᠢᠨᠦ ᠰᠢᠳᠦ ᠬᠡᠳᠦᠨ ᠰᠠᠷ᠎ᠠ ᠶᠢᠨ ᠲᠤᠲᠤᠷ᠎ᠠ ᠡᠪᠳᠡᠭᠳᠡᠨ᠎ᠡ︾᠃ | ᠠᠷᠭ᠎ᠠ ᠠᠪᠴᠠᠯ᠄ ᠰᠢᠬᠢᠷ ᠠᠭᠤᠯᠤᠭᠳᠠᠬᠤ ᠦᠭᠡᠢ ᠵᠠᠵᠢᠯᠤᠭᠤᠷ ᠰᠢᠬᠢᠷ ᠢᠳᠡᠬᠦ ᠨᠢ ᠰᠢᠯᠦᠰᠦᠨ ᠤ ᠰᠢᠭᠦᠷᠡᠯ ᠢ | ᠨᠡᠮᠡᠭᠳᠡᠭᠦᠯᠵᠦ ᠪᠤᠯᠤᠨ᠎ᠠ᠂ ᠰᠢᠬᠢᠷ ᠠᠭᠤᠯᠤᠭᠳᠠᠬᠤ ᠪᠠ ᠬᠦᠴᠢᠯᠯᠢᠭ ᠢᠳᠡᠭᠡᠨ ᠲᠤᠳᠠᠭᠤ ᠢᠳᠡᠬᠦ ᠶᠢ ᠰᠠᠨᠠᠭᠤᠯᠤᠶ᠎ᠠ᠃ | ⒋ ᠬᠤᠳᠤᠭᠤᠳᠤᠨ ᠬᠦᠴᠢᠯ ᠪᠤᠴᠠᠵᠦ ᠤᠷᠤᠰᠬᠤ᠃ ᠬᠤᠳᠤᠭᠤᠳᠤᠨ ᠬᠦᠴᠢᠯ ᠪᠤᠴᠠᠵᠦ ᠤᠷᠤᠰᠬᠤ ᠨᠢ | ᠰᠢᠳᠦᠨ ᠳᠤ ᠡᠭᠦᠷᠢᠳᠡ ᠶᠢᠨ ᠴᠢᠨᠠᠷᠲᠠᠢ ᠬᠦᠨᠦᠭᠡᠯ ᠤᠴᠠᠷᠠᠭᠤᠯᠤᠨ᠎ᠠ᠃ ᠰᠢᠩᠭᠡᠭᠡᠯᠲᠡ ᠶᠢᠨ ᠰᠢᠰᠲ᠋ᠧᠮ ᠤᠨ | ᠬᠦᠴᠢᠯ ᠨᠢ ᠲᠠᠮᠢᠷ ᠤᠨ ᠤᠮᠳᠠᠭᠠᠨ ᠤ ᠬᠦᠴᠢᠯ ᠠᠴᠠ ᠪᠠᠰᠠ ᠴᠢᠩᠭ᠎ᠠ ᠪᠠᠶᠢᠵᠦ᠂ ᠠᠮᠠᠨ ᠬᠦᠨᠳᠡᠢ ᠶᠢᠨ ᠰᠢᠳᠦᠨ ᠤ | ᠹᠠᠯᠠᠨ ᠡᠳ᠋ ᠢ ᠠᠭᠤᠰᠬᠠᠨ᠎ᠠ᠃ ᠠᠷᠭ᠎ᠠ ᠠᠪᠴᠠᠯ᠄ ᠠᠮᠠᠨ ᠬᠦᠨᠳᠡᠢ ᠶᠢᠨ ᠰᠢᠳᠦ ᠢᠳᠡᠭᠳᠡᠬᠦ ᠳᠤ ᠬᠤᠳᠤᠭᠤᠳᠤᠨ | ᠬᠦᠴᠢᠯ ᠪᠤᠴᠠᠵᠦ ᠤᠷᠤᠰᠤᠭᠰᠠᠨ ᠪᠤᠯᠤᠯᠴᠠᠭ᠎ᠠ ᠬᠠᠮᠤᠭ ᠶᠡᠭᠡ᠃ ᠲᠠᠷᠦ᠋ᠢᠬᠠᠨ ᠡᠮᠨᠡᠯᠭᠡ ᠶᠢᠨ ᠬᠤᠷᠢᠶᠠᠨ ᠳᠤ ᠤᠴᠢᠵᠦ | ᠪᠠᠶᠢᠴᠠᠭᠠᠯᠭᠠᠬᠤ ᠬᠡᠷᠡᠭᠲᠠᠢ᠃ | ⒌ᠬᠦᠴᠢᠯᠯᠢᠭ ᠢᠳᠡᠭᠡᠨ ᠢᠳᠡᠭᠰᠡᠨ ᠤ ᠲᠠᠷᠠᠭ᠎ᠠ ᠲᠠᠷᠦ᠋ᠢᠬᠠᠨ ᠰᠢᠳᠦ ᠪᠠᠨ ᠱᠤᠸᠠᠰᠠᠳᠠᠬᠤ ᠬᠦᠮᠦᠰ ᠦᠷᠭᠦᠯᠵᠢ | ︽ᠪᠤᠳᠠᠭᠠᠨ ᠤ ᠲᠠᠷᠠᠭ᠎ᠠ ᠬᠠᠮᠤᠭ ᠰᠠᠶᠢᠨ ᠨᠢ ᠰᠢᠳᠦ ᠪᠠᠨ ᠱᠤᠸᠠᠰᠠᠳᠠᠬᠤ︾ ᠰᠢᠳᠦ ᠪᠠᠨ ᠬᠠᠮᠠᠭᠠᠯᠠᠬᠤ | ᠰᠠᠨᠠᠭᠤᠯᠭ᠎ᠠ ᠶᠢ ᠤᠯᠵᠦ ᠰᠤᠨᠤᠰᠳᠠᠭ᠂ ᠬᠡᠪᠡᠴᠦ ᠰᠠᠶ᠋ᠢᠬᠠᠨ ᠵᠢᠮᠢᠰ ᠢᠳᠡᠭᠰᠡᠨ᠂ ᠵᠢᠮᠢᠰ ᠤᠨ ᠰᠢᠭᠦᠰᠦ᠂ ᠲᠠᠮᠢᠷ ᠤᠨ | ᠤᠮᠳᠠᠭᠠᠨ᠂ ᠦᠵᠦᠮ ᠤᠨ ᠠᠷᠢᠬᠢ᠂ ᠰᠤᠳᠠ ᠲᠠᠢ ᠤᠰᠤ ᠵᠡᠷᠭᠡ ᠶᠢ ᠤᠤᠭᠤᠵᠦ ᠪᠠᠷᠠᠭᠰᠠᠨ ᠤ ᠲᠠᠷᠠᠭ᠎ᠠ ᠲᠠᠷᠦ᠋ᠢᠬᠠᠨ | ᠰᠢᠳᠦ ᠪᠠᠨ ᠱᠤᠸᠠᠰᠠᠳᠠᠪᠠᠯ᠂ ᠰᠢᠳᠦᠨ ᠤ ᠹᠠᠯᠠᠨ ᠡᠳ᠋ ᠢ ᠪᠠᠭᠤᠷᠠᠭᠤᠯᠵᠦ᠂ ᠰᠢᠳᠦ ᠬᠠᠭᠠᠷᠠᠬᠤ ᠪᠠ ᠰᠢᠳᠦ ᠰᠢᠷᠠᠯᠠᠬᠤ | ᠲᠦᠭᠰᠢᠭᠦᠷᠢ ᠶᠢ ᠨᠡᠮᠡᠭᠳᠡᠭᠦᠯᠦᠨ᠎ᠡ᠃ ᠠᠷᠭ᠎ᠠ ᠠᠪᠴᠠᠯ᠄ ᠪᠤᠳᠠᠭᠠᠨ ᠤ ᠲᠠᠷᠠᠭ᠎ᠠ ᠴᠡᠪᠡᠷ ᠤᠰᠤ ᠪᠠᠷ ᠠᠮᠠ ᠪᠠᠨ | ᠵᠠᠶᠢᠯᠵᠦ᠂ 40 ᠮᠢᠨᠦ᠋ᠲ ᠤᠨ ᠲᠠᠷᠠᠭ᠎ᠠ ᠲᠠᠬᠢᠨ ᠰᠢᠳᠦ ᠪᠠᠨ ᠱᠤᠸᠠᠰᠠᠳᠠᠨ᠎ᠠ᠃ |