ᠠᠷᠢᠬᠢ ᠤᠤᠭᠤᠬᠤ ᠨᠢ ᠨᠡᠶᠢᠭᠡᠮ ᠤᠨ ᠬᠠᠷᠢᠯᠴᠠᠭᠠᠨ ᠤ ᠴᠢᠬᠤᠯᠠ ᠨᠢᠭᠡᠨ ᠬᠡᠯᠪᠡᠷᠢ ᠪᠣᠯᠬᠤ ᠶᠤᠮ᠃ ᠭᠡᠪᠡᠴᠦ | ᠬᠡᠲᠦᠷᠡᠲᠡᠯ᠎ᠡ ᠨᠢ ᠤᠤᠭᠤᠬᠤ ᠨᠢ ᠪᠡᠶᠡᠨ ᠳᠤ ᠬᠤᠣᠷᠲᠠᠢ᠃ ᠲᠡᠭᠡᠪᠡᠯ ᠠᠷᠢᠬᠢ ᠤᠤᠭᠤᠬᠤ ᠠᠴᠠ ᠡᠮᠦᠨ᠎ᠡ ᠶᠠᠮᠠᠷ | ᠬᠠᠮᠠᠭᠠᠯᠠᠯᠲᠠ ᠬᠢᠬᠦ ᠡᠰᠡ ᠪᠡᠯ ᠠᠷᠢᠬᠢ ᠤᠤᠭᠤᠭᠰᠠᠨ ᠤ ᠳᠠᠷᠠᠭ᠎ᠠ ᠶᠠᠭᠠᠬᠢᠵᠤ ᠰᠤᠪᠢᠯᠠᠬᠤ ᠲᠤᠬᠠᠢ ᠲᠠᠨᠢᠯᠴᠠᠭᠤᠯᠤᠶ᠎ᠠ᠃ | | 1. ᠤᠰᠤ ᠤᠤᠭᠤᠬᠤ᠃ ᠠᠷᠢᠬᠢ ᠤᠤᠭᠤᠬᠤ ᠠᠴᠠ ᠡᠮᠦᠨ᠎ᠡ ᠨᠢᠭᠡ ᠴᠣᠮᠣ ᠤᠰᠤ ᠤᠤᠭᠤᠪᠠᠯ ᠵᠣᠬᠢᠬᠤ | ᠬᠡᠵᠢᠶ᠎ᠡ ᠪᠠᠷ ᠠᠷᠢᠬᠢᠨ ᠤ ᠰᠫᠢᠷᠲ ᠢ ᠰᠡᠷᠭᠡᠶᠢᠯᠡᠬᠦ ᠦᠢᠯᠡᠳᠦᠯ ᠲᠠᠢ᠃ ᠬᠥᠮᠥᠨ ᠤ ᠪᠡᠶᠡᠨ ᠳᠤ ᠤᠰᠤ ᠳᠤᠲᠠᠪᠠᠯ | ᠡᠯᠢᠭᠡᠨ ᠳᠤ ᠨᠥᠯᠥᠭᠡ ᠪᠣᠯᠵᠤ᠂ ᠡᠯᠢᠭᠡᠨ ᠤ ᠠᠷᠢᠬᠢᠨ ᠰᠫᠢᠷᠲ ᠢ ᠰᠢᠩᠭᠡᠭᠡᠬᠦ ᠴᠢᠳᠠᠪᠤᠷᠢ ᠶᠢ ᠪᠠᠭᠤᠷᠠᠭᠤᠯᠬᠤ | ᠪᠣᠯᠣᠨ᠎ᠠ᠃ ᠡᠶᠢᠮᠦ ᠠᠴᠠ ᠴᠠᠭ ᠲᠤᠬᠠᠢ ᠳᠤ ᠨᠢ ᠤᠰᠤ ᠤᠤᠭᠤᠪᠠᠯ ᠤᠰᠤ ᠨᠥᠬᠦᠪᠦᠷᠢᠯᠡᠵᠦ ᠪᠡᠶᠡᠨ ᠳᠤ ᠬᠢ | ᠰᠫᠢᠷᠲ ᠤᠨ ᠬᠡᠮᠵᠢᠶ᠎ᠡ ᠶᠢ ᠪᠠᠭᠠᠰᠬᠠᠵᠤ ᠴᠢᠳᠠᠨ᠎ᠠ᠃ | 2. ᠠᠶᠢᠷᠠᠭ ᠤᠤᠭᠤᠬᠤ᠃ ᠠᠶᠢᠷᠠᠭ ᠵᠡᠷᠭᠡ ᠰᠦ ᠶᠢᠨ ᠪᠦᠲᠦᠭᠡᠭᠳᠡᠬᠦᠨ ᠬᠤᠳᠤᠭᠤᠳᠤ ᠶᠢᠨ ᠠᠷᠢᠬᠢᠨ | ᠰᠫᠢᠷᠲ ᠰᠢᠩᠭᠡᠭᠡᠬᠦ ᠶᠢ ᠪᠠᠭᠠᠰᠬᠠᠵᠤ ᠬᠤᠣᠷᠲᠤ ᠪᠣᠳᠠᠰ ᠤᠨ ᠪᠡᠶᠡᠨ ᠳᠤ ᠥᠭᠬᠦ ᠨᠥᠯᠥᠭᠡ ᠶᠢ ᠪᠠᠭᠠᠰᠬᠠᠵᠤ | ᠴᠢᠳᠠᠬᠤ ᠪᠠᠷ ᠪᠠᠷᠠᠬᠤ ᠦᠭᠡᠢ ᠵᠣᠬᠢᠬᠤ ᠬᠡᠮᠵᠢᠶ᠎ᠡ ᠪᠠᠷ ᠰᠣᠭᠲᠣᠬᠤ ᠶᠢ ᠰᠡᠷᠭᠡᠶᠢᠯᠡᠬᠦ ᠶᠤᠮ᠃ | 3. ᠪᠣᠣᠪᠤ ᠢᠳᠡᠬᠦ᠃ ᠪᠣᠣᠪᠤ ᠢᠳᠡᠪᠡᠯ ᠠᠷᠢᠬᠢᠨ ᠰᠫᠢᠷᠲ ᠤᠨ ᠬᠤᠳᠣᠭᠤᠳᠤᠨ ᠳᠤ ᠰᠢᠩᠭᠡᠬᠦ ᠶᠢ | ᠰᠡᠷᠭᠡᠶᠢᠯᠡᠨ᠎ᠡ᠃ ᠲᠤᠲᠤᠷᠭ᠎ᠠ᠂ ᠮᠢᠶᠠᠨᠪᠣᠣ ᠵᠡᠷᠭᠡ ᠢᠳᠡᠭᠡᠨ ᠴᠦ ᠪᠣᠯᠣᠨ᠎ᠠ᠃ ᠡᠳᠡᠭᠡᠷ ᠢᠳᠡᠭᠡᠨ ᠳᠤ ᠸᠢᠲ᠋ᠠᠮᠢᠨ B | ᠠᠭᠤᠯᠤᠭᠳᠠᠬᠤ ᠤᠴᠢᠷ ᠠᠴᠠ ᠡᠯᠢᠭᠡᠨ ᠤ ᠠᠷᠢᠬᠢ ᠰᠢᠩᠭᠡᠭᠡᠬᠦ ᠳᠤ ᠵᠣᠬᠢᠬᠤ ᠦᠢᠯᠡᠳᠦᠯ ᠦᠵᠡᠭᠦᠯᠦᠨ᠎ᠡ᠃ | 4. ᠪᠠᠯ ᠲᠠᠢ ᠤᠰᠤ ᠤᠤᠭᠤᠬᠤ᠃ ᠠᠷᠢᠬᠢᠨ ᠤ ᠳᠠᠷᠠᠭ᠎ᠠ ᠪᠠᠯ ᠲᠠᠢ ᠤᠰᠤ ᠤᠤᠭᠤᠪᠠᠯ ᠲᠣᠯᠣᠭᠠᠢ | ᠡᠪᠡᠳᠬᠦ ᠶᠢ ᠨᠠᠮᠳᠠᠭᠠᠬᠤ ᠦᠢᠯᠡᠳᠦᠯ ᠲᠠᠢ᠃ | 5. ᠲᠥᠪᠡᠳ ᠬᠠᠰᠢ ᠶᠢᠨ ᠰᠢᠭᠦᠰᠦ ᠤᠤᠭᠤᠬᠤ᠃ ᠠᠷᠢᠬᠢᠨ ᠤ ᠳᠠᠷᠠᠭ᠎ᠠ ᠲᠥᠪᠡᠳ ᠬᠠᠰᠢ ᠶᠢᠨ ᠰᠢᠭᠦᠰᠦ | ᠤᠤᠭᠤᠪᠠᠯ ᠲᠣᠯᠣᠭᠠᠢ ᠡᠷᠭᠢᠬᠦ ᠶᠢ ᠵᠣᠭᠰᠤᠭᠠᠬᠤ ᠦᠢᠯᠡᠳᠦᠯ ᠲᠠᠢ᠃ | 6. ᠰᠣᠷᠭᠤᠭ ᠦᠵᠦᠮ ᠢᠳᠡᠬᠦ᠃ ᠠᠷᠢᠬᠢᠨ ᠤ ᠳᠠᠷᠠᠭ᠎ᠠ ᠰᠣᠷᠭᠤᠭ ᠦᠵᠦᠮ ᠢᠳᠡᠪᠡᠯ ᠪᠥᠭᠡᠯᠵᠢᠬᠦ᠂ | ᠬᠤᠳᠤᠭᠤᠳᠤ ᠡᠪ ᠦᠭᠡᠶᠢᠷᠡᠬᠦ ᠶᠢ ᠨᠠᠮᠳᠠᠭᠠᠨ᠎ᠠ᠃ | 7. ᠲᠠᠷᠪᠤᠰ ᠤᠨ ᠰᠢᠭᠦᠰᠦ ᠤᠤᠭᠤᠬᠤ᠃ ᠠᠷᠢᠬᠢᠨ ᠤ ᠳᠠᠷᠠᠭ᠎ᠠ ᠲᠠᠷᠪᠤᠰ ᠤᠨ ᠰᠢᠭᠦᠰᠦ ᠤᠤᠭᠤᠪᠠᠯ ᠪᠦᠬᠦ | ᠪᠡᠶ᠎ᠡ ᠬᠠᠯᠠᠬᠤ ᠶᠢ ᠵᠠᠰᠠᠬᠤ ᠦᠢᠯᠡᠳᠦᠯ ᠲᠠᠢ᠃ |