ᠬᠦᠮᠦᠨ ᠤ ᠠᠮᠢᠳᠤᠷᠠᠯ ᠤᠨ ᠬᠠᠮᠤᠭ ᠳᠡᠭᠡᠳᠦ ᠬᠡᠯᠪᠡᠷᠢ
ᠨᠡᠶᠢᠲᠡᠯᠡᠭᠰᠡᠨ ᠴᠠᠭ᠄
2024/5/10
      ⒈ᠬᠦᠮᠦᠨ ᠤ ᠠᠮᠢᠳᠤᠷᠠᠯ ᠤᠨ ᠬᠠᠮᠤᠭ ᠳᠡᠭᠡᠳᠦ ᠬᠡᠯᠪᠡᠷᠢ᠄ ᠪᠠᠴᠢᠮᠳᠠᠵᠤ ᠰᠠᠨᠳᠤᠷᠤᠭᠰᠠᠨ ᠴᠦ ᠪᠤᠷᠤᠭᠤ ᠦᠭᠡ ᠬᠡᠯᠡᠬᠦ ᠦᠭᠡᠢ᠂ ᠦᠨᠡᠯᠡᠮᠵᠢ ᠮᠡᠳᠡᠷᠡᠮᠵᠢ ᠰᠠᠮᠠᠭᠤᠷᠠᠭᠰᠠᠨ ᠴᠦ ᠬᠦᠮᠦᠨ ᠢ ᠪᠤᠷᠤᠭᠤ ᠲᠠᠨᠢᠬᠤ ᠦᠭᠡᠢ᠂ ᠲᠥᠪᠡᠭ ᠪᠣᠳᠣᠯᠢᠶᠠᠨ ᠪᠠᠶᠢᠩᠭᠤ ᠲᠤᠬᠢᠶᠠᠯᠳᠤᠭᠰᠠᠨ ᠴᠦ ᠪᠤᠷᠤᠭᠤ ᠵᠠᠮ ᠢᠶᠠᠷ ᠵᠠᠮᠨᠠᠬᠤ ᠦᠭᠡᠢ᠃      ⒉ ᠪᠡᠶ᠎ᠡ ᠪᠠᠨ ᠪᠠᠷᠢᠬᠤ ᠶᠢᠨ ᠬᠠᠮᠤᠭ ᠳᠡᠭᠡᠳᠦ ᠬᠡᠯᠪᠡᠷᠢ᠄ ᠭᠠᠪᠢᠶ᠎ᠠ ᠵᠢᠳᠭᠦᠯ ᠦᠭᠡᠢ ᠪᠠᠷ ᠶᠡᠭᠡ ᠬᠡᠰᠢᠭ ᠬᠦᠷᠲᠡᠬᠦ ᠦᠭᠡᠢ᠂ ᠠᠴᠢ ᠲᠤᠰᠠ ᠬᠦᠷᠭᠡᠭᠰᠡᠨ ᠦᠭᠡᠢ ᠪᠠᠷ ᠶᠡᠭᠡ ᠶᠣᠰᠣ ᠡᠵᠡᠯᠡᠬᠦ ᠦᠭᠡᠢ᠂ ᠡᠷᠳᠡᠮ ᠴᠢᠳᠠᠪᠤᠷᠢ ᠦᠭᠡᠢ ᠪᠠᠷ ᠶᠡᠭᠡ ᠣᠷᠣᠨ ᠳᠤ ᠰᠠᠭᠤᠬᠤ ᠦᠭᠡᠢ᠃      ⒊ ᠠᠮᠢᠳᠤᠷᠠᠯ ᠤᠨ ᠬᠠᠮᠤᠭ ᠳᠡᠭᠡᠳᠦ ᠬᠡᠯᠪᠡᠷᠢ᠄ ᠪᠠᠶᠢᠩᠭᠤ ᠡᠷᠳᠡᠮᠲᠡᠨ ᠮᠡᠷᠭᠡᠳ ᠲᠠᠢ ᠣᠶᠢᠷᠠᠲᠤᠨ᠂ ᠰᠤᠯᠠ ᠰᠡᠯᠡᠭᠦᠦ ᠴᠠᠭ ᠢᠶᠠᠷ ᠢᠶᠠᠨ ᠪᠢᠴᠢᠭ ᠤᠨ ᠬᠦᠮᠦᠰ ᠲᠠᠢ ᠵᠣᠭᠤᠭᠳᠠᠨ ᠬᠦᠦᠷᠨᠢᠯᠳᠦᠵᠦ᠂ ᠢᠮᠠᠭᠲᠠ ᠲᠥᠷᠦᠯ ᠲᠥᠷᠦᠭᠰᠡᠳ ᠲᠠᠢ ᠪᠠᠨ ᠶᠠᠪᠤᠵᠤ ᠰᠠᠭᠤᠯᠴᠠᠬᠤ᠃      ⒋ ᠠᠵᠢᠯ ᠦᠢᠯᠡᠰ ᠤᠨ ᠬᠠᠮᠤᠭ ᠳᠡᠭᠡᠳᠦ ᠬᠡᠯᠪᠡᠷᠢ᠄ ᠠᠵᠢᠯ ᠦᠢᠯᠡᠰ ᠲᠤ ᠪᠠᠨ ᠰᠢᠮᠳᠠᠵᠤ ᠬᠠᠷᠠᠮᠰᠠᠯ ᠦᠯᠡᠳᠡᠭᠡᠬᠦ ᠦᠭᠡᠢ ᠵᠢᠳᠭᠦᠬᠦ᠂ ᠠᠶᠢᠯ ᠭᠡᠷ ᠢᠶᠠᠨ ᠳᠣᠳᠤᠮᠳᠠᠵᠤ ᠢᠳᠡᠵᠦ ᠡᠮᠦᠰᠬᠦ ᠳᠤ ᠪᠠᠨ ᠵᠣᠪᠠᠭ᠋ᠤ ᠦᠭᠡᠢ       ᠶᠠᠪᠤᠬᠤ᠂ ᠰᠡᠳᠭᠢᠯ ᠰᠠᠨᠠᠭ᠎ᠠ ᠵᠣᠪᠠᠭᠤᠷᠢᠯᠠᠬᠤ ᠤᠴᠢᠷ ᠦᠭᠡᠢ ᠢᠮᠠᠭᠲᠠ ᠲᠡᠨᠢᠭᠦᠨ ᠪᠠᠶᠠᠰᠤᠩᠭᠤᠢ ᠪᠠᠶᠢᠬᠤ᠃      ⒌ ᠠᠯᠳᠠᠷ ᠨᠡᠷ᠎ᠡ ᠶᠢᠨ ᠬᠠᠮᠤᠭ ᠳᠡᠭᠡᠳᠦ ᠬᠡᠯᠪᠡᠷᠢ᠄ ᠶᠠᠪᠤᠵᠤ ᠦᠩᠭᠡᠷᠡᠭᠦᠯᠦᠭᠰᠡᠨ ᠵᠠᠮ ᠢᠶᠠᠷ ᠴᠢᠨᠢ ᠠᠯᠳᠠᠷ ᠨᠡᠷ᠎ᠡ ᠴᠢᠨᠢ ᠦᠨᠢᠳᠡ ᠳᠠᠭᠤᠷᠢᠰᠬᠤ᠃      ⒍ ᠠᠷᠢᠬᠢ ᠤᠤᠭᠤᠬᠤ ᠶᠢᠨ ᠬᠠᠮᠤᠭ ᠳᠡᠭᠡᠳᠦ ᠬᠡᠯᠪᠡᠷᠢ᠄ ᠴᠢ ᠪᠠᠰᠠ ᠬᠦᠮᠦᠨ ᠲᠠᠨᠢᠵᠤ ᠪᠠᠶᠢᠬᠤ ᠳᠤ ᠨᠦᠭᠦᠭᠡᠳᠦᠭᠦᠯᠡ ᠴᠢᠨᠢ ᠨᠢᠭᠡᠨᠲᠡ ᠴᠢᠨᠦ ᠬᠡᠨ ᠪᠣᠯᠬᠤ ᠶᠢ ᠮᠡᠳᠡᠬᠦ ᠪᠠᠨ ᠪᠤᠯᠢᠭᠰᠠᠨ ᠪᠠᠶᠢᠬᠤ᠃      ⒎ ᠨᠠᠶᠢᠵᠠᠯᠠᠵᠤ ᠶᠠᠪᠤᠯᠴᠠᠬᠤ ᠬᠠᠮᠤᠭ ᠳᠡᠭᠡᠳᠦ ᠬᠡᠯᠪᠡᠷᠢ᠄ ᠨᠡᠯᠢᠶᠡᠳ ᠤᠳᠠᠭᠠᠨ ᠬᠠᠷᠢᠴᠠᠭ᠎ᠠ ᠬᠤᠯᠪᠣᠭ᠎ᠠ ᠠᠪᠤᠭᠰᠠᠨ ᠦᠭᠡᠢ ᠪᠣᠯᠪᠠᠴᠤ ᠪᠣᠳᠣᠯ ᠰᠡᠳᠭᠢᠯ ᠳᠤ ᠪᠠᠨ ᠢᠮᠠᠭᠲᠠ ᠪᠣᠳᠣᠭᠰᠠᠭᠠᠷ ᠪᠠᠶᠢᠬᠤ᠃      ⒏ ᠢᠨᠠᠭ ᠬᠠᠶᠢᠷ᠎ᠠ ᠶᠢᠨ ᠬᠠᠮᠤᠭ ᠳᠡᠭᠡᠳᠦ ᠬᠡᠯᠪᠡᠷᠢ᠄ ᠬᠡᠳᠦ᠋ᠢᠪᠡᠷ ᠵᠠᠵᠢᠨ ᠦᠰᠦ ᠴᠠᠶᠢᠭᠰᠠᠨ ᠪᠣᠯᠪᠠᠴᠤ ᠭᠠᠷ ᠭᠠᠷ ᠢᠶᠠᠨ ᠬᠤᠯᠪᠣᠯᠴᠠᠨ ᠦᠯᠡᠳᠡᠭᠰᠡᠨ ᠵᠠᠮ ᠢᠶᠠᠨ ᠦᠷᠭᠦᠯᠵᠢᠯᠡᠨ ᠶᠠᠪᠤᠬᠤ᠃      ⒐ ᠠᠮᠢ ᠨᠠᠰᠤᠨ ᠤ ᠬᠠᠮᠤᠭ ᠳᠡᠭᠡᠳᠦ ᠬᠡᠯᠪᠡᠷᠢ᠄ ᠣᠬᠢᠯᠠᠵᠤ ᠢᠷᠡᠭᠡᠳ ᠢᠨᠢᠶᠡᠵᠦ ᠣᠳᠬᠤ᠃
 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号