ᠶᠢᠰᠦ ᠶᠢᠰᠦ ᠶᠢᠨ ᠪᠡᠯᠡᠭ
ᠨᠡᠶᠢᠲᠡᠯᠡᠭᠰᠡᠨ ᠴᠠᠭ᠄
2024/4/1
      ᠤᠮ ᠰᠠᠶᠢᠬᠠᠨ ᠠᠮᠤᠭᠤᠯᠠᠩ ᠪᠤᠯᠳᠤᠭᠠᠢ      ᠠᠯᠳᠠᠨ ᠴᠠᠭᠠᠨ ᠬᠠᠳᠠᠭᠠᠨ ᠲᠡᠭᠡᠷ᠎ᠡ ᠪᠠᠨ      ᠠᠯᠳᠠᠨ ᠶᠢᠰᠦᠨ ᠵᠤᠭᠤᠰ ᠢᠶᠠᠷ ᠴᠢᠮᠡᠵᠦ      ᠮᠦᠩᠭᠦᠨ ᠶᠢᠰᠦᠨ ᠶᠤᠸᠠᠮᠪᠤᠤ ᠲᠠᠯᠪᠢᠵᠦ      ᠭᠠᠯ ᠳᠤ ᠴᠢᠨᠢ ᠲᠤᠰᠤ ᠲᠠᠢ      ᠪᠤᠷᠬᠠᠨ ᠳᠤ ᠴᠢᠨᠢ ᠨᠢᠨᠳᠠᠷ ᠲᠠᠢ      ᠪᠤᠭᠤᠷᠤᠯ ᠳᠤ ᠴᠢᠨᠢ ᠬᠠᠳᠠᠭ ᠲᠠᠢ      ᠲᠡᠪᠡᠯ ᠤᠨ ᠲᠤᠷᠭ᠎ᠠ      ᠲᠡᠪᠢᠰᠭᠡᠷ ᠤᠨ ᠬᠡᠪᠢᠰ ᠲᠠᠢ      ᠲᠡᠯᠡᠢ ᠶᠢᠨ ᠲᠠᠪᠤᠨ ᠡᠷᠳᠡᠨᠢ ᠵᠡᠷᠭᠡ ᠶᠢ ᠡᠷᠭᠦᠨ      ᠲᠦᠷᠦ ᠶᠢᠨ ᠬᠡᠯᠬᠢᠶ᠎ᠡ ᠦᠷ᠎ᠡ ᠶᠢᠨ ᠪᠠᠷᠢᠯᠳᠤᠯᠭ᠎ᠠ ᠳᠤ      ᠲᠡᠷᠢᠭᠦᠨ ᠶᠢᠰᠦ ᠶᠢᠨ ᠪᠡᠯᠡᠭ ᠡᠨᠡ ᠰᠠᠨ ᠪᠢᠯᠡ᠃      ᠤᠮ ᠽᠠᠨᠳᠠᠨ ᠬᠦᠩᠭᠠᠷᠡᠪᠡ      ᠸᠴᠢᠷ ᠽᠠᠨᠳᠠᠨ ᠲᠠᠷᠤᠯᠲᠡ ᠲᠠᠢ      ᠰᠦᠢᠵᠢᠩ ᠰᠢᠯᠢᠨ ᠨᠡᠭᠡᠭᠡᠯᠬᠡᠲᠠᠢ      ᠱᠢᠷᠦ ᠰᠤᠪᠤᠳ ᠰᠡᠶᠢᠯᠦᠬᠦᠷ ᠲᠠᠢ      ᠲᠡᠭᠦᠨ ᠤ ᠲᠤᠳᠤᠷ᠎ᠡ ᠲᠠᠬᠢᠬᠰᠡᠨ ᠪᠤᠷᠬᠠᠨ      ᠪᠡᠯᠳᠠᠨ ᠯᠾᠨᠮᠦ ᠪᠠᠶᠠᠨ ᠨᠠᠮᠰᠠᠷᠠᠢ      ᠵᠠᠶᠠᠭᠠᠨ ᠲᠠᠪᠤᠨ ᠲᠡᠭᠷᠢ      ᠨᠠᠰᠤᠨ ᠤ ᠭᠤᠷᠪᠠᠨ ᠪᠤᠷᠬᠠᠨ ᠸᠴᠢᠷ ᠲᠡᠷᠢᠭᠦᠲᠡᠨ      ᠵᠢᠷᠭᠠᠯᠠᠩ ᠤᠨ ᠪᠠᠶᠠᠳ ᠴᠠᠭ ᠤᠨ ᠡᠵᠡᠨ ᠱᠠᠬᠵᠠᠮᠤᠨᠢ      ᠪᠠᠭᠰᠢ ᠪᠠᠳᠮᠠᠰᠠᠮᠪᠤᠤ ᠨᠤᠮ ᠤᠨ ᠬᠠᠭᠠᠨ      ᠢᠲᠡ ᠰᠢᠳᠢᠳᠡᠨ ᠡᠵᠡᠨ ᠸᠠᠩ      ᠲᠡᠭᠷᠢ ᠶᠢᠨ ᠲᠤᠬᠰᠢᠳ ᠨᠠᠷ ᠲᠤ ᠬᠦᠷᠲᠡᠯ᠎ᠡ      ᠰᠠᠩ ᠰᠤᠯᠬᠢᠶ᠎ᠡ ᠰᠠᠷᠬᠤᠳ ᠨᠠᠩᠴᠢᠳ      ᠦᠨᠦᠷ ᠲᠠᠢ ᠠᠴᠠ ᠠᠷᠴᠡ      ᠬᠡᠷᠡᠯ ᠲᠠᠢ ᠠᠴᠠ ᠵᠤᠯᠠ      ᠭᠠᠯ ᠪᠤᠷᠬᠠᠨ ᠳᠤ ᠴᠢᠨᠢ      ᠽᠠᠨᠳᠠᠨ ᠱᠦᠷᠦᠪᠡ ᠤᠮ ᠠ ᠬᠤᠮ ᠬᠡᠳ      ᠬᠤᠶᠠᠷ ᠶᠢᠰᠦ ᠶᠢᠨ ᠪᠡᠯᠡᠭ ᠡᠨᠡ ᠰᠠᠨ ᠪᠢᠯᠡ᠃      ᠣᠮ ᠽᠠᠨᠳᠠᠨ ᠰᠢᠷᠡᠭᠡᠨ ᠲᠡᠭᠡᠷ᠎ᠡ ᠴᠢᠨᠢ      ᠰᠢᠷ᠎ᠡ ᠵᠤᠭᠤᠰ ᠰᠢᠵᠢᠷ ᠠᠯᠳᠠ      ᠬᠠᠮᠪᠤ ᠲᠤᠷᠭ᠎ᠠ ᠬᠠᠯᠢᠭᠤ ᠪᠤᠯᠠᠭ᠎ᠠ      ᠮᠤᠯᠤᠷ ᠡᠷᠳᠡᠨᠢ ᠮᠦᠩᠭᠦ ᠶᠤᠸᠠᠮᠪᠤᠤ      ᠬᠠᠰ ᠮᠠᠨᠤ ᠱᠢᠷᠦ ᠤᠭ᠍ᠶᠦ      ᠲᠠᠭᠠᠨ᠎ᠡ ᠰᠤᠪᠤᠳ ᠰᠠᠩᠰᠠᠨ ᠬᠤᠷᠠᠭ᠎ᠠ      ᠪᠤᠳᠤᠩᠳᠠᠢ ᠠᠴᠠ ᠲᠤᠰᠤ      ᠲᠠᠪᠠᠭ ᠰᠡᠭᠦᠯ ᠲᠠᠢ ᠬᠤᠨᠢᠨ ᠰᠢᠭᠦᠰᠦ ᠬᠦᠷᠲᠡᠯ᠎ᠡ      ᠭᠤᠷᠪᠠᠨ ᠶᠢᠰᠦ ᠶᠢᠨ ᠪᠡᠯᠡᠭ ᠡᠨᠡ ᠰᠠᠨ ᠪᠢᠯᠡ᠃      ᠢᠷᠪᠢᠰ ᠬᠦᠢᠴᠡᠬᠦ ᠮᠤᠷᠢ      ᠡᠷᠳᠡᠨᠢ ᠶᠢᠨ ᠬᠦᠯᠦᠭ ᠠᠬᠲᠡ      ᠡᠮᠡᠭᠡᠯ ᠬᠠᠵᠠᠭᠠᠷ ᠪᠦᠷᠢᠨ      ᠬᠤᠷ᠎ᠠ ᠰᠠᠶᠢᠬᠠᠨ ᠬᠦᠴᠦᠲᠠᠢ      ᠬᠤᠷᠴᠡ ᠲᠦᠷᠪᠠᠨ ᠲᠤᠭᠤᠷᠠᠢ ᠲᠠᠢ      ᠽᠠᠨᠳᠠᠨ ᠬᠦᠷᠡᠩ ᠬᠡᠭᠦᠦ      ᠤᠨᠠᠭ᠎ᠠ ᠲᠠᠢ ᠲᠠᠭ᠎ᠠ ᠲᠠᠢ      ᠢᠨᠴᠠᠭᠠᠨ ᠦᠦᠷᠰᠦᠭᠰᠡᠭᠡᠷ      ᠱᠤᠩ ᠲᠡᠭᠡᠷ᠎ᠡ ᠴᠢᠨᠢ ᠤᠶᠠᠭ᠎ᠠ ᠲᠠᠢ ᠪᠤᠢ      ᠡᠨᠡ ᠪᠤᠯ ᠲᠦᠷᠪᠠᠨ ᠶᠢᠰᠦ ᠶᠢᠨ ᠪᠡᠯᠡᠭ ᠡᠨᠡ ᠰᠠᠨ ᠪᠢᠯᠡ᠃      ᠲᠡᠭᠷᠢ ᠡᠵᠡᠨ ᠤ ᠲᠠᠮᠠᠭ᠎ᠠ ᠨᠢ      ᠲᠠᠰᠢᠶᠠᠨ ᠲᠡᠭᠡᠷ᠎ᠡ ᠨᠢ ᠲᠤᠷᠠᠶᠢᠬᠰᠡᠨ      ᠲᠡᠪ ᠲᠡᠭᠰᠢᠭᠡᠨ ᠪᠡᠶ᠎ᠡ ᠲᠠᠢ      ᠮᠢᠨᠳᠠᠰᠤᠨ ᠶᠠᠩᠭᠠᠷ ᠵᠤᠬᠳᠤᠷ ᠲᠠᠢ      ᠮᠤᠯᠦᠷ ᠡᠷᠳᠡᠨᠢ ᠶᠢᠨ ᠢᠲᠡ ᠲᠠᠢ      ᠬᠦᠴᠦᠲᠦ ᠯᠤᠤ ᠶᠢᠨ ᠬᠦᠵᠦᠭᠦᠦ ᠲᠠᠢ      ᠰᠢᠷᠡᠭᠡ ᠪᠦᠭᠡ ᠲᠠᠢ ᠲᠡᠮᠡᠭᠡ      ᠰᠢᠷᠠᠮᠤᠨ ᠲᠦᠷᠦᠭᠡ ᠲᠠᠢ      ᠰᠢᠷᠢᠮᠡᠯ ᠲᠤᠬᠤᠱᠢ ᠲᠠᠢ      ᠰᠡᠨᠵᠢᠲᠠᠢ ᠭᠠᠳᠠᠰᠤᠨ ᠲᠡᠭᠡᠷ᠎ᠡ ᠴᠢᠨᠢ ᠤᠶᠠᠭ᠎ᠠ ᠲᠠᠢ ᠪᠤᠢ      ᠡᠨᠡ ᠪᠤᠯ ᠲᠡᠪᠤᠨ ᠶᠢᠰᠦ ᠶᠢᠨ ᠪᠡᠯᠡᠭ ᠡᠨᠡ ᠰᠠᠨ ᠪᠢᠯᠡ᠃      ᠡᠵᠡᠨ ᠲᠦᠷᠦ ᠳᠡᠭᠡᠨ ᠡᠭᠡᠯᠢᠲᠠᠢ      ᠦᠨᠳᠦᠷ ᠡᠪᠡᠷ ᠲᠠᠢ ᠤᠯᠠᠬᠴᠢᠨ ᠦᠨᠢᠶ᠎ᠡ      ᠦᠬᠢᠨ ᠤᠯᠠᠭᠠᠨ ᠲᠤᠭᠤᠯ ᠲᠠᠢ ᠪᠢᠷᠠᠭᠤ ᠲᠠᠢ      ᠵᠠᠯᠠᠨ ᠲᠡᠭᠡᠷ᠎ᠡ ᠴᠢᠨᠢ ᠤᠶᠠᠭ᠎ᠠ ᠲᠠᠢ ᠪᠤᠢ      ᠡᠨᠡ ᠪᠤᠯ ᠵᠢᠷᠭᠤᠭᠠᠨ ᠶᠢᠰᠦ ᠶᠢᠨ ᠪᠡᠯᠡᠭ ᠡᠨᠡ ᠰᠠᠨ ᠪᠢᠯᠡ᠃      ᠮᠢᠨᠳᠠᠰᠦᠨ ᠴᠠᠭᠠᠨ ᠨᠤᠤᠰᠦ ᠲᠠᠢ      ᠮᠠᠨᠳᠤᠭᠤᠷ ᠴᠠᠭᠠᠨ ᠬᠤᠷᠠᠭ᠎ᠠ ᠲᠠᠢ      ᠬᠤᠳᠠᠨ ᠲᠤᠮᠳᠠ ᠪᠠᠨ ᠮᠠᠶᠢᠯᠠᠳᠠᠭ      ᠪᠤᠶᠠᠨ ᠬᠡᠰᠢᠭ ᠤᠨ ᠬᠦᠷᠢᠶᠡᠲᠦ      ᠮᠠᠩᠨᠠᠢ ᠬᠠᠯᠵᠠᠨ ᠬᠤᠨᠢ      ᠬᠤᠷᠤᠭᠠᠨ ᠳᠤ ᠴᠢᠨᠢ ᠬᠤᠷᠢᠵᠦ ᠪᠤᠢ      ᠡᠨᠡ ᠪᠤᠯ ᠲᠤᠯᠤᠭᠠᠨ ᠶᠢᠰᠦ ᠶᠢᠨ ᠪᠡᠯᠡᠭ ᠡᠨᠡ ᠰᠠᠨ ᠪᠢᠯᠡ᠃      ᠰᠢᠷ᠎ᠡ ᠵᠤᠭᠤᠰ ᠰᠢᠵᠢᠷ ᠠᠯᠳᠠ ᠮᠦᠩᠭᠦᠨ ᠶᠤᠸᠠᠮᠪᠤᠤ      ᠶᠢᠰᠦᠨ ᠬᠦᠵᠡᠭᠡ ᠰᠢᠷ᠎ᠡ ᠲᠤᠰᠤ      ᠶᠢᠰᠦᠨ ᠪᠤᠳᠤᠩ ᠲᠠᠢ ᠠᠶᠢᠷᠠᠭ      ᠶᠢᠰᠦᠨ ᠬᠡᠰᠡᠭ ᠬᠡᠪ ᠤᠨ ᠴᠠᠢ      ᠤᠭ᠍ᠶᠦ ᠱᠢᠷᠦ ᠲᠠᠭᠠᠨ᠎ᠡ ᠰᠤᠪᠤᠳ ᠲᠠᠵᠢ ᠮᠠᠩᠨᠤᠭ      ᠬᠠᠰ ᠮᠠᠨᠤ ᠬᠠᠮᠪᠤ ᠲᠤᠷᠭ᠎ᠠ      ᠬᠠᠯᠢᠭᠤ ᠪᠤᠯᠠᠭ᠎ᠠ ᠰᠠᠩᠰᠠᠨ ᠬᠤᠷᠠᠭ᠎ᠠ      ᠰᠢᠭᠰᠢᠮᠡᠯ ᠮᠦᠩᠭᠦᠨ ᠲᠤᠩᠭᠠᠯᠠᠭ ᠠᠯᠳᠠ ᠵᠡᠷᠭᠡ ᠪᠠᠨ ᠢᠯᠡᠭᠡᠭᠰᠡᠨ      ᠡᠨᠡ ᠪᠤᠯ ᠨᠠᠢᠮᠠᠨ ᠶᠢᠰᠦ ᠶᠢᠨ ᠪᠡᠯᠡᠭ ᠡᠨᠡ ᠰᠠᠨ ᠪᠢᠯᠡ᠃      ᠵᠦᠢᠯ ᠪᠦᠷᠢ ᠶᠢᠨ ᠡᠷᠳᠡᠨᠢ      ᠵᠦᠰᠦᠮᠡᠯ ᠲᠤᠷᠭ᠎ᠠ ᠵᠦᠭᠡᠢ ᠶᠢᠨ ᠪᠠᠯ      ᠬᠠᠮᠪᠤ ᠬᠢᠯᠢᠩ ᠵᠢᠰᠦᠷ ᠵᠠᠩᠬᠢᠪ      ᠡᠪᠬᠡᠮᠡᠯ ᠪᠠᠷᠠᠭ᠎ᠠ ᠬᠡᠪ ᠤᠨ ᠴᠠᠢ      ᠬᠤᠸᠠᠷ ᠲᠠᠢ ᠬᠤᠷᠭᠤᠢ ᠬᠤᠯᠤᠰᠤᠨ ᠯᠢᠩᠪᠦ      ᠬᠤᠭᠤᠷ ᠶᠠᠳᠤᠭ᠎ᠠ ᠪᠠᠷ ᠶᠠᠩᠳᠠᠷ ᠪᠢᠴᠢᠭ ᠤᠨ ᠬᠡᠷᠡᠭᠰᠡᠯ      ᠡᠷ᠎ᠡ ᠶᠢᠨ ᠵᠤᠳᠤᠭ ᠡᠪ ᠤᠨ ᠴᠡᠪᠠᠦ      ᠱᠠᠭ᠎ᠠ ᠱᠠᠰᠳᠢᠷ ᠰᠠᠮ ᠱᠦᠬᠦᠷ      ᠰᠢᠳᠦᠨ ᠤ ᠱᠤᠸᠠᠵᠠ ᠵᠢᠰᠤᠨ ᠤ ᠲᠤᠯᠢ      ᠬᠤᠸᠠᠷ ᠲᠠᠢ ᠲᠤᠷᠭ᠎ᠠ      ᠬᠤᠨᠢᠶᠠᠰᠦ ᠲᠠᠢ ᠬᠠᠪᠳᠠᠭ᠎ᠠ      ᠭᠠᠩ ᠢᠯᠲᠦ ᠭᠠᠯᠲᠦ ᠬᠡᠲᠡ ᠵᠡᠷᠭᠡ ᠶᠢᠨ      ᠶᠢᠰᠦ ᠶᠢᠰᠦ ᠶᠢᠨ ᠪᠡᠯᠡᠭ ᠢ      ᠪᠦᠬᠦᠨ ᠢᠶᠠᠷ ᠨᠢ ᠲᠤᠰᠢᠶᠠᠨ ᠡᠷᠭᠦᠵᠦ      ᠦᠯᠵᠠᠢ ᠬᠤᠳᠤᠭ ᠤᠷᠤᠰᠢᠬᠤ ᠪᠤᠯᠳᠤᠭᠠᠢ︕
 
ᠢᠷᠡᠯᠲᠡ᠄ ᠳᠠᠷᠬᠠᠨ ᠮᠣᠣᠮᠢᠩᠭᠠᠨ ᠬᠤᠯᠪᠤᠭᠠᠲᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号