ᠪᠣᠱᠤᠭ᠎ᠠ ᠶᠢᠨ ᠲᠣᠬᠠᠢ ᠶᠣᠰᠣ ᠴᠡᠭᠡᠷ
ᠨᠡᠶᠢᠲᠡᠯᠡᠭᠰᠡᠨ ᠴᠠᠭ᠄
2024/3/18
      ᠡᠭᠦᠳᠡ ᠣᠩᠭᠤᠶᠢᠯᠭᠠᠬᠤ ᠦᠭᠡᠢ ᠪᠣᠯ ᠡᠷᠦᠬᠡ ᠨᠡᠭᠡᠭᠡᠭᠳᠡᠬᠦ ᠦᠭᠡᠢ᠃ ᠡᠷᠦᠬᠡ ᠭᠡᠵᠦ ᠡᠭᠦᠳᠡ ᠯᠦᠭᠡ ᠨᠢᠬᠲᠠ ᠬᠤᠯᠪᠤᠭ᠎ᠠ ᠲᠠᠢ ᠪᠣᠯᠬᠤᠷ ᠡᠭᠦᠳᠡᠨ ᠤ ᠰᠠᠭᠤᠷᠢ ᠪᠣᠯᠣᠬᠰᠠᠨ ᠪᠣᠱᠤᠭ᠎ᠠ ᠨᠢ ᠲᠤᠩ ᠬᠦᠨᠳᠦᠦᠨᠬᠡᠯ ᠲᠠᠢ ᠪᠠᠶᠢᠵᠤ᠂ ᠪᠣᠱᠤᠭ᠎ᠠ ᠶᠢᠨ ᠲᠣᠬᠠᠢ ᠶᠣᠰᠣ ᠴᠡᠭᠡᠷ ᠮᠠᠰᠢ ᠴᠢᠩᠭ᠎ᠠ ᠪᠠᠶᠢᠳᠠᠭ᠃ ᠪᠣᠱᠤᠭ᠎ᠠ ᠶᠢ ᠵᠠᠷᠢᠮᠠᠤᠨ ᠨᠢ ︽ᠬᠠᠲᠠᠪᠴᠢ︾ ᠭᠡᠵᠦ᠂ ᠬᠠᠶᠠ ᠪᠠᠰᠠ ︽ᠬᠠᠪᠲᠠᠰᠤ︾ ᠭᠡᠵᠦ ᠬᠡᠯᠡᠳᠡᠭ ᠴᠤ ᠪᠤᠢ᠃ ︽ᠪᠣᠱᠤᠭ᠎ᠠ︾ ᠨᠢ ᠪᠢᠴᠢᠭ ᠤᠨ ᠦᠭᠡ ᠪᠠᠶᠢᠵᠤ᠂ ᠪᠣᠰᠣᠤᠨ ᠨᠢ ᠨᠤᠲᠤᠭ ᠤᠨ ᠬᠡᠯᠡᠯᠭᠡ ᠪᠠᠶᠢᠭ᠎ᠠ᠃      ᠮᠠᠨ ᠤ ᠮᠤᠩᠭᠤᠯᠴᠣᠤᠨ ᠤᠵᠤᠭᠤᠷ ᠠᠴᠠ ᠪᠠᠨ ᠡᠭᠦᠳᠡ ᠬᠠᠭᠠᠯᠭ᠎ᠠ ᠪᠠᠨ ᠮᠠᠰᠢ ᠬᠦᠨᠳᠦᠦᠨᠬᠡᠨ᠂ ᠣᠨᠴᠠᠭᠠᠶᠢᠯᠠᠨ ᠡᠭᠦᠳᠡᠨ ᠪᠣᠱᠤᠭ᠎ᠠ ᠶᠢ ᠦᠷ᠎ᠡ ᠦᠨᠳᠦᠰᠦ ᠵᠠᠯᠭᠠᠮᠵᠢᠯᠠᠨ ᠳᠡᠯᠭᠡᠷᠡᠬᠦ ᠶᠢᠨ ᠪᠡᠯᠭᠡᠳᠡᠯ ᠪᠣᠯᠭᠠᠨ ᠬᠦᠨᠳᠦᠦᠨᠬᠡᠨ ᠦᠵᠡᠳᠡᠭ᠃ ᠪᠣᠱᠤᠭ᠎ᠠ ᠨᠢ ᠱᠠᠯᠠ ᠲᠠᠢ ᠨᠠᠭᠠᠯᠳᠤᠨ ᠵᠠᠯᠭᠠᠯᠳᠤᠵᠤ ᠪᠠᠶᠢᠬᠤ ᠪᠣᠯᠬᠤᠷ ᠬᠦᠮᠦᠰ ᠬᠢᠴᠢᠶᠡᠮᠵᠢ ᠦᠭᠡᠢ ᠪᠣᠯ ᠪᠣᠱᠤᠭ᠎ᠠ ᠶᠢ ᠬᠢᠰᠬᠢᠵᠦ ᠮᠡᠳᠡᠬᠦ ᠶᠤᠮ᠃ ᠡᠶᠢᠨ ᠬᠦ᠂ ᠮᠤᠩᠭᠤᠯᠴᠣᠤᠨ ᠣᠤᠯ ᠠᠴᠠ ᠪᠠᠨ ᠦᠷ᠎ᠡ ᠬᠡᠦᠬᠡᠳ ᠲᠡᠭᠡᠨ ᠬᠠᠷᠠᠬᠠᠨ ᠪᠠᠭ᠎ᠠ ᠠᠴᠠ ᠨᠢ ᠪᠣᠱᠣᠭᠠᠨ ᠤ ᠲᠣᠬᠠᠢ ᠶᠣᠰᠣ ᠴᠡᠭᠡᠷ ᠢ ᠮᠡᠳᠡᠭᠦᠯᠳᠡᠭ ᠪᠠᠶᠢᠵᠠᠢ᠃ ᠪᠣᠱᠤᠭ᠎ᠠ ᠳᠡᠭᠡᠷ᠎ᠡ ᠬᠢᠰᠬᠢᠵᠦ ᠪᠣᠯᠳᠠᠭ ᠦᠭᠡᠢ᠃ ᠡᠭᠦᠳᠡᠨ ᠪᠣᠱᠤᠭᠠᠨ ᠳᠡᠭᠡᠷ᠎ᠡ ᠬᠢᠰᠬᠢᠬᠦ ᠶᠢ ᠣᠨᠴᠠ ᠴᠡᠭᠡᠷᠯᠡᠵᠦ᠂ ᠪᠣᠱᠤᠭᠠᠨ ᠳᠡᠭᠡᠷ᠎ᠡ ᠬᠢᠰᠬᠢᠪᠡᠯ ᠮᠠᠰᠢ ᠶᠡᠭᠡ ᠭᠤᠲᠤᠭᠠᠯ ᠵᠦᠬᠡᠬᠡᠯ ᠢᠶᠠᠷ ᠦᠵᠡᠳᠡᠭ᠃ ᠪᠣᠱᠤᠭ᠎ᠠ ᠶᠢ ᠬᠦᠨᠳᠦᠦᠨᠬᠡᠬᠦ ᠨᠢ ᠳᠡᠭᠡᠳᠦᠰ ᠲᠡᠭᠡᠨ ᠦᠨᠡᠨᠴᠢ ᠪᠠᠶᠢᠵᠤ ᠳᠡᠭᠡᠳᠦᠰ ᠤᠨ ᠬᠦᠨᠳᠦᠦᠨᠬᠡᠯ ᠤᠨ ᠨᠢᠭᠡ ᠬᠡᠯᠪᠡᠷᠢ ᠬᠡᠮᠡᠨ ᠦᠵᠡᠵᠦ᠂ ᠪᠣᠱᠤᠭ᠎ᠠ ᠶᠢ ᠬᠢᠰᠬᠢᠪᠡᠯ ᠳᠡᠭᠡᠳᠦᠰ ᠢ ᠳᠣᠷᠣᠮᠵᠢᠯᠠᠨ ᠭᠡᠷ ᠤᠨ ᠡᠵᠡᠨ ᠢ ᠵᠦᠭᠡᠬᠡᠵᠦ ᠪᠠᠶᠢᠨ᠎ᠠ ᠬᠡᠮᠡᠨ ᠬᠢᠯᠢᠩᠨᠡᠨ ᠠᠭᠤᠷᠯᠠᠳᠠᠭ᠃ ᠪᠣᠱᠤᠭ᠎ᠠ ᠶᠢ ᠬᠢᠰᠬᠢᠪᠡᠯ ᠬᠡᠢ ᠮᠣᠷᠢ ᠬᠡᠪᠲᠡᠨ᠎ᠡ ᠭᠡᠳᠡᠭ᠃ ᠲᠡᠦᠬᠡᠨ ᠳᠡᠮᠳᠡᠭᠯᠡᠯ ᠳᠤ ᠮᠤᠩᠭᠤᠯ ᠬᠠᠭᠠᠨᠳᠤ ᠤᠯᠤᠰ ᠤᠨ ᠦᠶ᠎ᠡ ᠳᠤ᠂ ᠪᠤᠱᠤᠭ᠎ᠠ ᠳᠡᠭᠡᠷ᠎ᠡ ᠬᠢᠰᠬᠢᠭᠰᠡᠨ ᠬᠦᠮᠦᠨ ᠳᠤ ᠬᠠᠮᠤᠭ ᠤᠨ ᠬᠥᠨᠳᠦ ᠡᠷᠡᠭᠦᠦ ᠲᠤᠯᠭᠠᠨ ᠰᠢᠢᠦᠨᠬᠡᠳᠡᠭ ᠤᠯᠤᠰ ᠤᠨ ᠴᠠᠭᠠᠵᠠ ᠲᠠᠢ ᠪᠠᠶᠢᠵᠠᠢ᠃ ︽ᠮᠤᠩᠭᠤᠯ ᠤᠯᠤᠰ ᠤᠨ ᠴᠠᠭᠠᠵᠠ︾ ᠬᠡᠮᠡᠬᠦ ᠳᠤ     ︽ᠡᠭᠦᠳᠡᠨ ᠪᠣᠱᠤᠭ᠎ᠠ ᠬᠢᠰᠬᠢᠯᠡᠭᠰᠡᠨ᠂ ᠮᠣᠷᠢᠨ ᠤ ᠲᠣᠯᠤᠭᠠᠢ ᠨᠢᠳᠦ ᠶᠢ ᠵᠠᠨᠴᠢᠬᠰᠠᠨ ᠁ ᠪᠦᠬᠦᠨ ᠢ ᠠᠯᠠᠮᠤᠢ︾ ᠬᠡᠮᠡᠬᠦ ᠲᠡᠮᠳᠡᠭᠯᠡᠯ ᠤᠩᠰᠢᠬᠳᠠᠨ ᠪᠤᠢ᠃ ᠮᠤᠩᠭᠤᠯᠴᠣᠤᠨ ᠡᠭᠦᠳᠡᠨ ᠪᠣᠱᠤᠭ᠎ᠠ ᠶᠢ ᠬᠠᠭᠠᠨ ᠤ ᠭᠠᠷᠴᠤ ᠣᠷᠤᠳᠠᠭ       ︽ᠡᠷᠳᠡᠨᠢ ᠶᠢᠨ ᠪᠣᠱᠤᠭ᠎ᠠ︾ ᠬᠡᠮᠡᠨ ᠡᠭᠦᠳᠡᠨ ᠪᠣᠱᠤᠭ᠎ᠠ ᠶᠢ ᠣᠨᠴᠠᠭᠠᠢ ᠴᠢᠬᠤᠯᠠ ᠪᠣᠯᠭᠠᠨ ᠡᠷᠬᠢᠮᠯᠡᠵᠦ᠂ ᠬᠦᠨᠳᠦᠦᠨᠬᠡᠨ ᠪᠢᠰᠢᠷᠡᠬᠦ ᠲᠥᠷᠦᠭᠳᠡᠯ ᠲᠠᠢ ᠪᠠᠶᠢᠳᠠᠭ᠃ ᠡᠶᠢᠨ ᠬᠦ᠂ ᠪᠣᠱᠤᠭᠠᠨ ᠳᠡᠭᠡᠷ᠎ᠡ ᠵᠣᠬᠰᠤᠬᠤ ᠪᠤᠶᠤ ᠰᠠᠭᠤᠬᠤ ᠶᠢ ᠡᠷᠡᠰ ᠴᠡᠭᠡᠷᠯᠡᠵᠦ᠂ ᠪᠣᠱᠤᠭᠠᠨ ᠳᠡᠭᠡᠷ᠎ᠡ ᠵᠣᠬᠰᠣᠵᠤ ᠰᠠᠭᠤᠪᠠᠯ ᠰᠤᠷᠭᠠᠯ ᠰᠤᠷᠲᠠᠯ ᠦᠭᠡᠢ ᠬᠡᠮᠡᠨ ᠦᠵᠡᠵᠦ ᠪᠤᠶᠠᠨ ᠴᠢᠨᠢ ᠪᠠᠭᠤᠷᠠᠨ᠎ᠠ ᠭᠡᠵᠦ ᠠᠬᠠᠮᠠᠳ ᠬᠦᠮᠦᠰ ᠠᠭᠤᠷ ᠬᠦᠷᠳᠡᠭ ᠪᠠᠶᠢᠵᠠᠢ᠃ ᠪᠣᠱᠤᠭ᠎ᠠ ᠶᠢᠨ ᠶᠣᠰᠣ ᠴᠡᠭᠡᠷ ᠰᠣᠶᠣᠯ ᠨᠢ ᠮᠤᠩᠭᠤᠯᠴᠣᠤᠨ ᠤᠨ ᠭᠡᠷ ᠪᠦᠯᠢ ᠶᠢᠨ ᠬᠦᠮᠦᠵᠢᠯ ᠤᠨ ᠨᠢᠭᠡ ᠰᠣᠷᠪᠤᠯᠵᠢ ᠪᠣᠯᠵᠤ ᠦᠷ᠎ᠡ ᠬᠤᠶᠢᠴᠢᠰ ᠤᠨ ᠪᠣᠯᠪᠠᠰᠤᠨ ᠮᠤᠷᠠᠯ ᠲᠠᠢ ᠪᠣᠯᠪᠠᠰᠤᠷᠠᠯ ᠰᠠᠶᠢᠲᠠᠢ ᠬᠦᠮᠦᠵᠢᠭᠳᠡᠬᠦ ᠳᠤ ᠠᠰᠢᠬᠲᠠᠢ ᠪᠠᠶᠢᠳᠠᠭ᠃ ᠮᠤᠩᠭᠤᠯᠴᠣᠤᠨ ᠤᠨ ᠪᠣᠱᠤᠭᠠᠨ ᠳᠡᠭᠡᠷ᠎ᠡ ᠬᠤᠭ ᠲᠣᠭᠤᠰᠤ ᠪᠣᠵᠠᠷ ᠪᠣᠷᠳᠤᠭ ᠬᠦᠷᠭᠡᠬᠦ ᠶᠢ ᠴᠡᠭᠡᠷᠯᠡᠬᠦ ᠨᠢ ᠪᠠᠰᠠ ᠠᠷᠢᠭᠤᠨ ᠴᠡᠪᠡᠷ ᠡᠷᠡᠭᠦᠯ ᠮᠡᠨᠳᠦ ᠶᠢ ᠡᠷᠬᠢᠮᠯᠡᠭᠰᠡᠨ ᠰᠠᠨᠠᠭ᠎ᠠ ᠢᠯᠡᠷᠡᠯ ᠪᠠᠶᠢᠵᠤ ᠲᠠᠭᠠᠷᠠᠨ᠎ᠠ᠃ ᠡᠶᠢᠨ ᠬᠦ᠂            ︽ᠬᠦᠯᠳᠡᠳᠡᠭ ᠦᠭᠡᠢ ᠪᠤᠯᠠᠭ᠂ ᠬᠦᠨᠳᠡᠳᠡᠭ ᠦᠭᠡᠢ ᠪᠣᠱᠤᠭ᠎ᠠ︾ ᠭᠡᠰᠡᠨ ᠪᠣᠳᠠᠳᠤ ᠰᠠᠶᠢᠬᠠᠨ ᠵᠦᠢᠷ ᠦᠭᠡ ᠪᠤᠢ ᠪᠣᠯᠤᠬᠰᠠᠨ ᠪᠠᠶᠢᠳᠠᠭ᠃      ᠣᠳᠣ ᠬᠠᠷᠢᠨ ᠡᠷᠦᠬᠡ ᠭᠡᠷ ᠤᠨ ᠳᠣᠳᠤᠷ᠎ᠠ ᠥᠷᠦᠭᠡ ᠳᠠᠰᠤᠯᠭ᠎ᠠ ᠣᠯᠠᠨ ᠪᠣᠯᠤᠬᠰᠠᠨ ᠪᠣᠯᠪᠠᠴᠤ ᠡᠭᠦᠳᠡᠨ ᠳᠤᠨᠢ ᠪᠣᠱᠤᠭ᠎ᠠ ᠦᠭᠡᠢ ᠪᠣᠯᠵᠤ ᠪᠠᠶᠢᠭ᠎ᠠ ᠨᠢ ᠭᠠᠶᠢᠬᠠᠯᠲᠠᠢ᠃ ᠡᠶᠢᠨ ᠬᠦ ᠪᠣᠱᠤᠭ᠎ᠠ ᠶᠢᠨ ᠰᠣᠶᠣᠯ ᠪᠠᠯᠠᠷᠠᠬᠤ ᠲᠡᠶᠢᠰᠢ ᠪᠠᠨ ᠲᠦᠭᠦᠵᠦ᠂ ᠪᠠᠭᠠᠴᠤᠳ ᠬᠡᠦᠬᠡᠳ ᠪᠣᠱᠤᠭ᠎ᠠ ᠶᠢ ᠲᠠᠨᠢᠨ ᠮᠡᠳᠡᠵᠦ᠂ ᠪᠣᠱᠤᠭ᠎ᠠ ᠶᠢᠨ ᠲᠣᠬᠠᠢ ᠶᠣᠰᠣ ᠴᠡᠭᠡᠷ ᠢ ᠤᠶᠢᠯᠠᠭᠠᠨ ᠵᠢᠷᠤᠮᠯᠠᠬᠤ ᠨᠢ ᠲᠣᠲᠠᠮᠠᠭ ᠪᠣᠯᠵᠤ ᠪᠤᠢ᠃ ᠡᠭᠦᠳᠡᠨ ᠪᠣᠱᠤᠭ᠎ᠠ ᠶᠢ ᠰᠠᠨᠳᠠᠶᠢᠯᠠᠬᠤ᠂ ᠡᠭᠦᠳᠡ ᠠᠯᠳᠠᠯᠠᠬᠤ᠂ ᠡᠭᠦᠳᠡ ᠪᠠᠷ ᠳᠣᠳᠤᠬᠰᠢ ᠱᠠᠭᠠᠶᠢᠬᠤ᠂ ᠡᠭᠦᠳᠡᠨ ᠠᠴᠠ ᠳᠡᠭᠦᠵᠢᠯᠡᠬᠦ᠂ ᠡᠯᠭᠦᠮᠡᠯ ᠡᠭᠦᠳᠡᠨ ᠤ ᠪᠣᠷᠤᠭᠤ ᠲᠠᠯ᠎ᠠ ᠪᠠᠷ ᠣᠷᠤᠵᠤ ᠭᠠᠷᠬᠤ ᠶᠢ ᠴᠢᠩᠳᠠ ᠴᠡᠭᠡᠷᠯᠡᠬᠦ ᠶᠣᠰᠣᠨ ᠪᠤᠢ᠃ ᠵᠦᠷᠢᠴᠡᠪᠡᠰᠦ ᠦᠯᠵᠡᠢ ᠪᠣᠰᠤ ᠢᠷᠸ᠎ᠠ ᠲᠠᠢ ᠭᠡᠵᠦ ᠦᠵᠡᠳᠡᠭ᠃
 
ᠢᠷᠡᠯᠲᠡ᠄ ᠳᠦᠷᠪᠡᠳ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号