ᠠᠪᠤᠷᠭᠤ ᠴᠠᠭᠠᠨᠵᠠᠭᠠᠨ
ᠨᠡᠶᠢᠲᠡᠯᠡᠭᠰᠡᠨ ᠴᠠᠭ᠄
2017/6/26
                           ᠪᠤᠰᠤᠭ᠎ᠠ ᠠᠪᠤᠷᠭᠤ ᠠᠯᠳ᠋ᠬᠠᠤᠨᠢᠰᠦ ᠶᠢᠨ ᠴᠠᠭᠠᠨᠵᠠᠭᠠᠨ      ᠦᠵᠦᠮᠦᠴᠢᠨ ᠬᠡᠬᠦ ᠶᠡᠭᠡ ᠠᠯᠳᠠᠷ ᠢ ᠡᠷᠬᠦᠵᠦ᠂ ᠦᠶ᠎ᠡ ᠦᠶ᠎ᠡ ᠶᠢᠨ ᠲᠤᠮᠤᠭᠳᠤ ᠠᠪᠤᠷᠭᠤᠴᠤᠳ ᠤᠨ ᠬᠤᠶᠢᠨ᠎ᠠ ᠠᠴᠠ ᠴᠠᠭ ᠢ ᠡᠵᠡᠯᠡᠨ ᠲᠦᠷᠦᠭᠰᠡᠨ ᠪᠤᠰᠤᠭ᠎ᠠ ᠠᠪᠤᠷᠭᠤ ᠴᠠᠭᠠᠨᠵᠠᠭᠠᠨ 1964 ᠤᠨ ᠤ  ᠬᠦᠬᠡ  ᠮᠤᠳᠤᠨ ᠯᠤᠤ ᠵᠢᠯ ᠤᠳᠤ ᠶᠢᠨ ᠵᠡᠬᠦᠨ ᠦᠵᠦᠮᠦᠴᠢᠨ ᠬᠤᠰᠢᠭᠤᠨ ᠤ ᠡᠵᠢᠨᠠᠭᠤᠷ ᠰᠤᠮᠤᠨ ᠤ ᠡᠷᠳᠡᠨᠢᠳᠠᠯᠠᠢ ᠭᠠᠴᠠᠭᠠᠨ ᠳᠤ ᠠᠪᠤ ᠠᠯᠳ᠋ᠬᠠᠤᠨᠢᠰᠦ᠂ ᠡᠵᠢ ᠦᠨᠢᠷᠴᠡᠴᠡᠭ ᠤᠨ ᠭᠤᠷᠪᠠᠳᠤᠭᠠᠷ ᠬᠦᠤ ᠨᠢ ᠪᠤᠯᠤᠨ ᠵᠠᠶᠠᠭᠠᠵᠠᠢ᠃ ᠲᠠᠭᠤᠤ ᠲᠠᠢ ᠪᠠᠨ ᠮᠦᠩᠭᠡᠷᠡᠭᠰᠡᠨ ᠶᠡᠭᠡ ᠪᠦᠬᠡ ᠲᠦᠭᠦᠷᠡᠩᠵᠠᠭᠠᠨ ᠠᠴᠠ ᠬᠤᠶᠢᠰᠢ ᠵᠠᠭᠤᠨ ᠠᠯᠤᠰᠯᠠᠵᠤ ᠲᠦᠷᠦᠨᠰᠡᠨ ᠦᠵᠦᠮᠦᠴᠢᠨ ᠨᠤᠳᠤᠭ ᠤᠨ ᠪᠠᠰᠠ ᠨᠢᠭᠡ ᠰᠤᠤᠳᠤ ᠵᠠᠭᠠᠨ ᠬᠦᠤ ᠠᠷᠪᠠ ᠶᠢᠰᠦᠨ ᠨᠠᠰᠤᠨ ᠳᠤ ᠪᠠᠨ ︵256︶ ᠪᠦᠬᠡ ᠲᠠᠢ ᠨᠠᠭᠠᠳᠤᠮ ᠳᠤ ᠨᠠᠢᠮᠠ ᠲᠠᠪᠠᠨ ᠲᠡᠷᠢᠬᠦᠯᠠᠵᠦ᠂ ᠡᠵᠢᠨᠠᠭᠤᠷ ᠰᠤᠮᠤᠨ ᠤ ᠡᠨᠠ ᠯᠡ ᠶᠡᠭᠡ ᠨᠠᠭᠠᠳᠤᠮ ᠲᠡᠭᠡᠷ᠎ᠡ ᠦᠵᠦᠮᠦᠴᠢᠨ ᠨᠤᠳᠤᠭ ᠤᠨ ᠠᠯᠳᠠᠷᠳᠤ ᠪᠦᠬᠡ ᠨᠢᠮ᠎ᠠ ᠶᠢᠨ ᠵᠠᠩᠬᠢᠶ᠎ᠠ ᠠᠴᠠ ᠭᠤᠤᠯ ᠠᠪᠤᠭᠰᠠᠨ ᠰᠤᠮᠤᠨ ᠤ ᠵᠠᠩᠬᠢᠶ᠎ᠠ  ᠶᠢ ᠲᠤᠰᠴᠤ᠂ ᠡᠨᠡ ᠯᠡ ᠴᠠᠭ ᠠᠴᠠ ᠠᠪᠤᠭᠠᠳ ᠠᠷᠪᠠᠭᠠᠳ ᠳ᠋ᠦᠩᠰᠢᠭᠤᠷ ᠬᠦᠮᠦᠨ ᠠᠮᠠ ᠲᠠᠢ ᠬᠢᠳᠡᠳ ᠬᠦᠷᠦᠨ ᠤ ᠪᠦᠬᠡ ᠶᠢᠨ ᠲᠠᠪᠴᠠᠩ ᠲᠡᠭᠡᠷ᠎ᠡ ᠲᠤᠮᠳᠡᠳᠤ ᠮᠠᠶ᠋ᠢᠭ ᠤᠨ ᠪᠦᠬᠡ ᠪᠠᠷ ᠪᠦᠳᠤᠨ ᠠᠷᠪᠠᠨ ᠬᠤᠶᠠᠷ ᠵᠢᠯ ᠡᠪᠦᠳᠡᠭ ᠰᠢᠷᠤᠶᠢᠳᠠᠭ᠎ᠠ ᠦᠭᠡᠢ ᠶᠠᠪᠤᠵᠤ᠂ ᠬᠡᠶᠢᠮᠦᠷᠢ ᠰᠡᠷᠬᠦᠭᠰᠡᠨ ᠮᠤᠩᠭᠤᠯ ᠨᠤᠳᠤᠭ ᠤᠨ ᠨᠠᠶᠢᠷ ᠨᠠᠭᠠᠳᠤᠮ ᠤᠳ ᠢᠶᠠᠷ ᠪᠦᠳᠤᠨ ᠲᠡᠪᠤᠨ ᠵᠢᠯ ᠳᠤ 11 ᠤᠳᠠᠭ᠎ᠠ ᠯᠡ ᠡᠪᠦᠳᠡᠭ  ᠰᠢᠷᠤᠶᠢᠳᠠᠨ᠂ ᠮᠤᠩᠭᠤᠯ ᠪᠦᠬᠡ ᠶᠢᠨ ᠲᠡᠤᠬᠡᠨ ᠳᠤ ᠪᠠᠰᠠ ᠨᠢᠭᠡ ᠭᠠᠶᠢᠬᠠᠮᠰᠢᠭᠳᠤ ᠲᠡᠤᠬᠡ ᠶᠢ ᠪᠢᠴᠢᠭᠯᠡᠵᠤ ᠶᠠᠪᠤᠵᠠᠢ᠃ ᠲᠡᠶᠢᠮᠦ ᠡ︕ ᠴᠠᠭᠠᠨᠵᠠᠭᠠᠨ 1983 ᠤᠨ ᠬᠦᠷᠳᠡᠯ᠎ᠠ ᠪᠦᠬᠦ ᠤᠯᠤᠰ ᠤᠨ ᠲᠤᠮᠳᠠᠳᠤ ᠮᠠᠶ᠋ᠢᠭ ᠤᠨ ᠪᠦᠬᠡ ᠶᠢᠨ ᠲᠡᠪᠴᠠᠩ ᠲᠤ ᠪᠦᠳᠦᠨ 12 ᠵᠢᠯ ᠲᠠᠷᠠᠭᠠᠯᠠᠨ ᠤᠯᠤᠰ ᠤᠨ ᠲᠡᠰ ᠤᠨ ᠤᠷᠤᠯᠳᠤᠭᠠᠨ ᠳᠤ ᠠᠷᠪᠠᠨ ᠲᠠᠪᠤᠨ ᠠᠯᠳᠠᠨ ᠮᠧᠲᠯ ᠲᠤᠰᠴᠤ᠂ ᠶᠡᠷᠤ ᠠᠴᠠ ᠰᠢᠷᠤᠶᠢᠳᠠᠵᠤ ᠦᠵᠡᠭᠡ ᠦᠭᠡᠢ ᠲᠡᠤᠬᠡ ᠶᠢ ᠪᠢᠴᠢᠭᠯᠡᠵᠤ᠂ ᠪᠤᠰᠤᠭ᠎ᠠ ᠪᠦᠬᠡ ᠶᠢᠨ ᠠᠯᠳᠠᠷ   ᠢ ᠲᠠᠭᠤᠷᠢᠰᠬᠠᠵᠤ ᠶᠠᠪᠤᠵᠠᠢ᠃      1983 ᠤᠨ ᠳᠤ ᠬᠠᠮᠳᠤ ᠶᠢᠨ ᠮᠠᠯ ᠢ ᠬᠤᠪᠢ ᠳᠤ ᠲᠠᠭᠠᠭᠠᠴᠢᠯᠠᠭᠤᠯᠤᠭᠰᠠᠨ ᠤ ᠲᠠᠷᠠᠭ᠎ᠠ ᠵᠢᠯ ᠠᠴᠠ ᠨᠢ ᠡᠬᠢᠯᠡᠨ ᠵᠡᠬᠦᠨ ᠦᠵᠦᠮᠦᠴᠢᠨ ᠬᠤᠰᠢᠭᠤᠨ ᠤ ᠡᠯ᠎ᠡ ᠰᠤᠮᠤ ᠭᠠᠴᠠᠭ᠎ᠠ  ᠬᠡᠯᠡᠯᠴᠡᠭᠡ ᠲᠠᠢ ᠶᠤᠮ ᠰᠢᠭ᠋ ᠠᠷᠤ ᠠᠷᠤ  ᠠᠴᠠ ᠪᠠᠨ ᠠᠷᠠᠳ ᠤᠨ ᠨᠠᠭᠠᠳᠤᠮ ᠡᠷᠬᠢᠯᠡᠵᠤ᠂ ᠪᠦᠬᠡ ᠶᠢᠨ ᠲᠡᠷᠢᠬᠦᠨ ᠢ ᠨᠢ ᠬᠤᠷᠢᠨ ᠨᠠᠰᠤᠨ ᠤ ᠬᠢ ᠪᠠᠨ ᠢᠳᠡ ᠤᠮᠤᠭ ᠲᠤ ᠪᠠᠨ ᠪᠠᠶᠢᠭᠰᠠᠨ‌‍ᠴᠠᠭᠠᠨᠵᠠᠭᠠᠨ ᠪᠠᠷᠤᠭ ᠦᠯᠡᠳᠡᠭᠡᠯ ᠦᠭᠡᠢ ᠠᠪᠴᠤ᠂1984 ᠤᠨ ᠠᠴᠠ 1986 ᠤᠨ  ᠤ ᠬᠤᠭᠤᠷᠤᠨᠳᠤ ᠪᠦᠬᠡ ᠪᠠᠷ ᠢᠶᠠᠨ ᠠᠯᠳᠠᠷᠳᠠᠢ ᠵᠡᠬᠦᠨ ᠦᠵᠦᠮᠦᠴᠢᠨ ᠬᠤᠰᠢᠭᠤᠨ ᠳᠤ ᠶᠠᠪᠤᠭᠳᠠᠭᠰᠠᠨ ᠲᠠᠪᠤᠨ ᠶᠡᠭᠡ ︵512︶ ᠪᠦᠬᠡ ᠲᠠᠢ ᠨᠠᠭᠠᠳᠤᠮ ᠢᠶᠠᠨ ᠪᠦᠭᠦᠳᠡ ᠶᠢ ᠴᠠᠭᠠᠨᠵᠠᠭᠠᠨ ᠳᠤ ᠠᠯᠳᠠᠭᠰᠠᠨ ᠪᠢᠯᠡ᠃ ᠲᠡᠷᠡ ᠦᠶ᠎ᠡ ᠳᠤ ᠴᠠᠭᠠᠨᠵᠠᠭᠠᠨ ᠨᠠᠶᠢᠷ ᠲᠤ ᠲᠡᠷᠢᠭᠦᠯᠡᠭᠡᠳ ᠲᠡᠮᠡᠢ ᠯᠡ ᠴᠤᠤ ᠭᠠᠷᠳᠠᠭ ᠦᠭᠡᠢ᠂ ᠬᠠᠷᠢᠨ ᠤᠶᠢᠴᠢᠪᠠᠯ ᠶᠡᠭᠡ ᠯᠡ ᠲᠡᠪᠵᠢᠶᠠᠨ ᠪᠤᠯᠵᠤ᠂1984 ᠤᠨ ᠠᠴᠠ1990 ᠤᠨ ᠤ ᠬᠤᠭᠤᠷᠤᠨᠳᠤ  1986 ᠤᠨ ᠳᠤ ᠲᠤᠮᠳᠠᠭᠤᠪᠢ ᠶᠢᠨ ᠮᠠ᠊ ᠰᠡᠴᠡᠨ ᠳᠤ ᠴᠢᠳᠠᠯ ᠤᠨ ᠬᠦᠴᠦᠨ ᠳᠤ ᠪᠠᠨ ᠡᠷᠳᠤᠵᠤ᠂ ᠴᠤᠬᠢᠶᠠᠨ ᠳᠤ ᠨᠢ ᠭᠠᠵᠠᠷ ᠰᠡᠷᠮᠡᠵᠤ  ᠂1988 ᠤᠨ  ᠤ ᠴᠠᠶᠢᠳᠠᠮ ᠤᠨ ᠪᠠᠶᠠᠨ ᠤᠪᠤᠭᠠᠨ ᠳᠤ ᠠᠩᠬᠠᠨ ᠤ ᠲᠠᠭᠤᠨ ᠳᠤ ᠡᠬᠡᠪᠤᠯᠠᠭ ᠤᠨ ᠲᠤᠷᠵᠢ ᠳᠤ ᠴᠠᠭᠠᠨ ᠦᠮᠦᠳᠤᠨ  ᠳᠤ ᠪᠠᠨ ᠬᠦᠯ ᠢᠶᠠᠨ ᠬᠢᠵᠤ ᠤᠶᠢᠴᠢᠭᠠᠳ᠂ ᠮᠦᠨ ᠵᠢᠯ ᠤᠨ ᠨᠠᠮᠤᠷ ᠪᠤᠯᠤᠭᠰᠠᠨ ᠵᠡᠭᠦᠨ ᠦᠵᠦᠮᠦᠴᠢᠨ ᠬᠤᠰᠢᠭᠤᠨ   ᠤ ᠮᠠᠯᠴᠢᠳ ᠤᠨ ᠶᠡᠭᠡ ᠨᠠᠭᠠᠳᠤᠮ ᠤᠨ ︵512︶ ᠪᠦᠬᠡ ᠶᠢᠨ ᠦᠵᠦᠭᠦᠷ ᠲᠡᠳ᠋ ᠳᠤ ᠦᠩᠳᠤ ᠶᠢᠨ ᠰᠤᠳᠤᠡᠷᠳᠡᠨᠢ  ᠶᠢᠨ ᠴᠤᠬᠢᠶᠠᠨ ᠳᠤ ᠤᠶᠢᠴᠢᠵᠤ᠂ ᠲᠤᠯᠤᠭᠠᠨ ᠵᠢᠯ ᠤᠨ ᠲᠤᠳᠤᠷ᠎ᠠ ᠪᠦᠬᠡ   ᠪᠠᠷ ᠢᠶᠠᠨ ᠠᠯᠳᠠᠷᠳᠠᠢ ᠵᠡᠬᠦᠨ ᠦᠵᠦᠮᠦᠴᠢᠨ ᠳᠤ   ᠪᠠᠨ ᠭᠤᠷᠪᠠᠭ᠋ᠠᠨ ᠰᠢᠷᠤᠶᠢᠳᠠᠵᠤ ᠶᠠᠪᠤᠭᠰᠠᠨ ᠬᠢᠯᠠᠯᠵᠠᠮ᠎ᠠ ᠲᠡᠤᠬᠡᠳᠠᠢ᠃      ᠴᠠᠭᠠᠨᠵᠠᠭᠠᠨ1984 ᠤᠨ ᠳᠤ  ᠪᠠᠶᠠᠨᠬᠦ᠋ᠭᠡᠪᠤᠷ ᠰᠤᠮᠤᠨ ᠤ ᠲᠦᠷᠪᠡᠳᠦᠭᠡᠷ ᠤᠳᠠᠭᠠᠨ ᠤ ᠠᠷᠠᠳ ᠤᠨ ᠶᠡᠭᠡ ᠨᠠᠭᠠᠳᠤᠮ ᠳᠤ ᠠᠯᠳᠠᠷᠳᠤ  ᠪᠦᠬᠡ ᠡᠷᠳᠡᠨᠢᠪᠠᠶᠠᠷ  ᠂ ᠮᠢ᠊  ᠭᠸᠠᠡᠳᠤᠨ᠂ ᠪᠠᠳᠮᠠᠰᠦ᠋ᠷᠦᠩ ᠨᠠᠠᠷ ᠢᠶᠠᠷ ᠶᠢᠰᠦ ᠲᠡᠪᠠᠵᠤ ᠲᠡᠷᠢᠬᠦᠯᠡᠵᠡᠢ  ᠃      1984 ᠤᠨ ᠤ ᠬᠦᠪᠴᠢᠭᠤᠪᠢ ᠰᠤᠮᠤᠨ ᠤᠨ ᠠᠷᠠᠳ ᠤᠨ ᠶᠡᠭᠡ ᠨᠠᠭᠠᠳᠤᠮ ᠤᠨ ︵512︶ ᠪᠦᠬᠡ ᠳᠤ ᠠᠯᠳᠠᠷᠳᠤ ᠪᠦᠬᠡ ᠪᠠᠨᠽᠠᠷ᠂ ᠭᠡᠰᠢᠭ ᠤᠨ ᠳ᠋ᠠᠮᠪᠠ᠂  ᠠᠯᠳᠠᠨᠬᠢᠯᠢ ᠶᠢᠨ ᠮᠢ᠊ ᠭᠸᠠᠡᠳᠤᠨ᠂ ᠪᠠᠶᠠᠨᠬᠦ᠋ᠭᠡᠪᠤᠷ ᠤᠨ ᠵᠠᠮᠪᠠᠯ ᠨᠠᠷ  ᠢᠶᠠᠷ ᠶᠢᠰᠦ ᠲᠠᠪᠠᠵᠤ ᠲᠡᠷᠢᠭᠦᠯᠡᠵᠡᠢ᠃        1985 ᠤᠨ ᠤ ᠡᠵᠢᠨᠠᠭᠤᠷ ᠰᠤᠮᠤᠨ ᠤ ᠠᠷᠠᠳ ᠤᠨ ᠶᠡᠭᠡ ᠨᠠᠭᠠᠳᠤᠮ ᠤᠨ ︵256︶ ᠪᠦᠬᠡ ᠳᠤ ᠠᠯᠳᠠᠷᠳᠤ ᠪᠦᠬᠡ ᠪᠠᠨᠽᠠᠷ᠂ ᠪᠠᠶᠠᠨᠬᠦ᠋ᠭᠡᠪᠤᠷ ᠤᠨ ᠵᠠᠮᠪᠠᠯ᠂ ᠰᠠᠮᠠᠢ ᠶᠢᠨ ᠠᠯᠤᠬᠠᠪᠠᠭᠠᠳᠤᠷ ᠨᠠᠷ ᠢᠶᠠᠷ ᠨᠠᠢᠮᠠ ᠲᠠᠪᠠᠵᠤ ᠲᠡᠷᠢᠭᠦᠯᠡᠵᠡᠢ  ᠃      1985 ᠤᠨ ᠤ ᠲᠤᠮᠳᠠᠭᠤᠪᠢ  ᠰᠤᠮᠤᠨ ᠤ ᠠᠷᠠᠳ ᠤᠨ ᠶᠡᠭᠡ ᠨᠠᠭᠠᠳᠤᠮ   ᠤᠨ ︵512︶ ᠪᠦᠬᠡ ᠳᠤ᠂ ᠠᠯᠳᠠᠷᠳᠤ ᠪᠦᠬᠡ ᠠᠯᠳᠠᠨᠬᠢᠯᠢ ᠶᠢᠨ ᠴᠤᠶᠢᠰᠦ᠋ᠷᠦᠩ᠂ ᠤᠯᠤᠰ ᠤᠨ ᠠᠪᠤᠷᠭᠤ ᠤᠶᠢ᠊  ᠪᠠᠭᠠᠳᠤᠷ᠂ ᠮᠢᠩᠭᠠᠨ ᠤ ᠭᠸᠡᠡᠳᠤᠨ  ᠪᠠᠶᠠᠨᠬᠦ᠋ᠭᠡᠪᠤᠷ ᠤᠨ ᠵᠠᠮᠪᠠᠯ ᠨᠠᠷ ᠢ ᠴᠤᠪᠤᠭᠤᠯᠤᠨ ᠬᠠᠶᠠᠵᠤ ᠲᠡᠷᠢᠭᠦᠯᠡᠵᠡᠢ᠃     1985 ᠤᠨ ᠤ ᠴᠠᠭᠠᠨᠨᠠᠭᠤᠷ ᠰᠤᠮᠤᠨ ᠤ ᠠᠷᠠᠳ ᠤᠨ ᠶᠡᠭᠡ ᠨᠠᠶᠢᠷ ᠤᠨ ︵512︶ ᠪᠦᠬᠡ ᠳᠤ ᠴᠠᠭᠠᠨᠵᠠᠭᠠᠨ ᠠᠪᠣᠷᠭᠤ ᠮᠠᠨᠢ ᠠᠯᠳᠠᠷᠳᠤ ᠪᠦᠬᠡ ᠪᠠᠳᠮᠠᠰᠦ᠋ᠷᠦᠩ᠂ ᠤᠶᠢ᠊ ᠪᠠᠭᠠᠳᠤᠷ᠂ ᠵᠠᠮᠪᠠᠯ᠂ ᠭᠦᠭᠵᠢᠯᠳᠤ ᠨᠠᠷ ᠢᠶᠠᠷ ᠶᠢᠰᠦ ᠲᠠᠪᠠᠵᠤ ᠲᠡᠷᠢᠭᠦᠯᠡᠵᠡᠢ᠃     1985 ᠤᠨ ᠤ ᠬᠦᠷᠢᠶᠡᠳᠤᠨᠠᠭᠤᠷ ᠰᠤᠮᠤᠨ ᠤ ᠠᠷᠠᠳ ᠤᠨ ᠶᠡᠭᠡ  ᠨᠠᠶᠢᠷ ᠲᠤ ᠮᠦᠨ ᠯᠡ ᠠᠯᠳᠠᠷᠳᠤ ᠪᠦᠬᠡ  ᠪᠠᠳᠮᠠᠰᠦ᠋ᠷᠦᠩ  ᠂ ᠪᠠᠶᠠᠨᠬᠦ᠋ᠭᠡᠪᠤᠷ ᠤᠨ ᠵᠠᠮᠪᠠᠯ᠂ ᠡᠷᠢᠶᠠᠡᠭᠤᠪᠢ ᠶᠢᠨ ᠦᠨᠡᠨᠪᠠᠳᠤ᠂ ᠡᠬᠡᠪᠤᠯᠠᠭ ᠤᠨ ᠪᠠᠨᠽᠠᠷ ᠵᠡᠷᠭᠡ ᠴᠤᠤᠳᠤ  ᠪᠦᠭᠡᠴᠤᠳ ᠢ ᠲᠡᠬᠢᠨᠳᠠ ᠴᠤᠪᠤᠭᠤᠯᠤᠨ ᠨᠠᠢᠮᠠ ᠲᠠᠪᠠᠵᠤ ᠲᠡᠷᠢᠬᠦᠯᠡᠵᠡᠢ  ᠃      ᠴᠠᠭᠠᠨᠵᠠᠭᠠᠨ1985 ᠤᠨ᠂ 1986 ᠤᠨ ᠳᠤ ᠴᠠᠶᠢᠳᠠᠮ ᠤᠨ ᠪᠠᠶᠠᠨ ᠤᠪᠤᠭᠠᠨ ᠳᠤ ᠲᠠᠷᠠᠭᠠᠯᠠᠨ ᠬᠤᠶᠠᠷ ᠵᠢᠯ ᠲᠡᠷᠢᠭᠦᠯᠡᠵᠡᠢ᠃     1986 ᠤᠨ ᠤ ᠵᠡᠬᠦᠨ ᠦᠵᠦᠮᠦᠴᠢᠨ ᠬᠤᠰᠢᠭᠤᠨ ᠤ ᠬᠤᠰᠢᠭᠤ ᠪᠠᠶᠢᠭᠤᠯᠤᠭᠳᠠᠭᠰᠠᠨ 30 ᠵᠢᠯ ᠤᠨ ᠤᠢ ᠪᠡᠯᠡᠭᠯᠡᠬᠦ ᠠᠷᠠᠳ ᠤᠨ ᠶᠡᠭᠡ ᠨᠠᠭᠠᠳᠤᠮ ᠤᠨ ︵512︶ ᠪᠦᠬᠡ ᠳᠤ ᠠᠯᠳᠠᠠᠬᠢᠯᠢ ᠶᠢᠨ ᠴᠤᠶᠢᠰᠦ᠋ᠷᠦᠩ᠂ ᠡᠷᠢᠶᠡᠡᠭᠤᠪᠢ ᠶᠢᠨ ᠪᠠᠳᠮᠠᠰᠦ᠋ᠷᠦᠩ᠂ ᠪᠠᠶᠠᠨᠬᠦ᠋ᠭᠡᠪᠤᠷ ᠤᠨ ᠱᠤᠭᠠᠷ ᠨᠠᠷ ᠢᠶᠠᠷ ᠶᠢᠰᠦ ᠲᠠᠪᠠᠵᠤ ᠲᠡᠷᠢᠬᠦᠯᠡᠵᠡᠢ᠃      ᠴᠠᠭᠠᠨᠵᠠᠭᠠᠨ ᠭᠤᠸᠠᠢ ᠡᠳᠦᠢ ᠤᠯᠠᠨ ᠶᠡᠭᠡ ᠪᠠᠭ᠎ᠠ ᠨᠠᠶᠢᠷ ᠲᠤ ᠪᠠᠷᠢᠯᠳᠤᠬᠤ ᠳᠤ ᠪᠠᠨ ᠭᠠᠭᠴᠠᠬᠠᠨ ᠤᠳᠠᠭ᠎ᠠ ︽ᠡᠨᠡ ᠨᠠᠶᠢᠷ ᠢ ᠪᠢ ᠠᠪᠤᠨ᠎ᠠ︾ ᠭᠡᠵᠤ ᠠᠮᠠᠯᠠᠭᠰᠠᠨ ᠭᠡᠳᠡᠭ᠃ ᠲᠡᠷᠡ ᠨᠢ 1990 ᠤᠨ ᠤ ᠰᠢᠯᠢ ᠶᠢᠨ ᠭᠤᠤᠯ ᠠᠶᠢᠮᠠᠭ ᠤᠨ ᠮᠢᠩᠭᠠᠨ ᠪᠦᠬᠡ ᠲᠠᠢ ᠲᠠᠯᠠᠢ ᠶᠡᠭᠡ ᠨᠠᠭᠠᠳᠤᠮ ᠪᠤᠯᠤᠨ᠎ᠠ᠃ ᠡᠨᠡ ᠨᠠᠭᠠᠳᠤᠮ ᠢ ᠡᠬᠢᠯᠡᠬᠦ ᠠᠴᠠ ᠡᠮᠦᠨ᠎ᠡ ᠰᠤᠨᠢᠨ ᠤ ᠰᠤᠷᠪᠤᠯᠵᠢᠯᠠᠭᠴᠢ ᠢᠷᠡᠭᠡᠳ ᠴᠠᠭᠠᠨᠵᠠᠭᠠᠨ ᠠᠴᠠ᠄ ︽ᠲᠠᠨ ᠤ ᠦᠵᠡᠬᠦ ᠪᠠᠷ ᠡᠨᠡ ᠨᠠᠶᠢᠷ   ᠲᠤ ᠬᠡᠨ ᠲᠡᠷᠢᠭᠦᠯᠡᠨ᠎ᠡ ᠪᠤᠢ︖ ︽ᠭᠡᠵᠦ  ᠠᠰᠠᠭᠤᠬᠤ ᠳᠤ ᠴᠠᠭᠠᠨᠵᠠᠭᠠᠨ᠄ ︽ᠡᠨᠡ ᠨᠠᠶᠢᠷ ᠲᠤ ᠪᠢ ᠲᠡᠷᠢᠭᠦᠯᠡᠨ᠎ᠡ︾ ᠭᠡᠵᠤ ᠬᠠᠷᠢᠭᠤᠯᠤᠭᠰᠠᠨ ᠭᠡᠳᠡᠭ᠃ ᠴᠠᠭᠠᠨᠵᠠᠭᠠᠨ ᠡᠨᠡ ᠵᠢᠯ 27 ᠨᠠᠰᠤᠳᠠᠢ᠃ ᠲᠡᠷᠡ ᠦᠨᠡᠭᠡᠷ ᠬᠡᠯᠡᠭᠰᠠᠨ ᠢᠶᠠᠷ ᠢᠶᠠᠨ ᠡᠨᠡ ᠨᠠᠶᠢᠠᠷ ᠲᠤ  ᠰᠡᠩᠷᠤᠪ᠂ ᠠᠪᠤᠷᠭᠤ ᠬᠠᠳᠠ ︵ᠪᠠᠭᠤᠵᠠᠢ︶  ᠂ ᠪᠠᠷᠠᠭᠤᠨ ᠰᠦᠨᠢᠳ ᠤᠨ ᠠᠪᠤᠷᠭᠤ ᠬᠤᠪᠢᠰᠬᠠᠯᠳᠤ᠂ ᠰᠢᠯᠢᠩᠬᠤᠳᠠ ᠶᠢᠨ ᠠᠪᠤᠷᠭᠤ ᠪᠠᠭᠠᠨ᠎ᠠ ᠨᠠᠷ ᠢᠶᠠᠷ ᠠᠷᠪᠠ ᠲᠠᠪᠠᠵᠤ ᠲᠡᠷᠢᠭᠦᠯᠠᠵᠠᠢ᠃      ᠴᠠᠭᠠᠨᠵᠠᠭᠠᠨ 1989 ᠤᠨ ᠤ 8 ᠰᠠᠷ᠎ᠠ ᠶᠢᠨ15 ᠤ ᠡᠳᠤᠷ ᠪᠤᠯᠤᠭᠰᠠᠨ ᠵᠡᠬᠦᠨ  ᠦᠵᠦᠮᠦᠴᠢᠨ  ᠬᠤᠰᠢᠭᠤᠨ ᠤ ᠮᠠᠯ ᠤᠨ ᠦᠨᠢᠷ ᠦᠰᠦᠯᠳᠡ ᠪᠠᠨ ᠪᠡᠯᠡᠭᠯᠡᠬᠦ ᠵᠢᠴᠢ ᠪᠦᠬᠡ ᠶᠢᠨ ᠤᠷᠳᠤᠨ ᠪᠠᠶᠢᠭᠤᠯᠤᠭᠳᠠᠭᠰᠠᠨ ᠢ ᠪᠡᠯᠡᠭᠯᠡᠬᠦ ᠶᠡᠭᠡ ᠨᠠᠶᠢᠷ   ᠤᠨ ︵256︶ ᠪᠦᠬᠡ ᠳᠤ ᠠᠪᠤᠷᠭᠤ ᠬᠠᠳᠠ᠂ ᠡᠬᠡᠪᠤᠯᠠᠭ ᠤᠨ ᠪᠦᠬᠡᠨᠷᠳᠡᠨᠢ᠂ ᠪᠠᠶᠠᠨᠬᠦ᠋ᠭᠡᠪᠤᠷ ᠤᠨ ᠵᠠᠮᠪᠠᠯ᠂ ᠦᠩᠳᠤ ᠶᠢᠨ ᠰᠤᠳᠤᠡᠷᠳᠡᠨᠢ ᠨᠠᠷ ᠢ ᠴᠤᠪᠤᠭᠤᠯᠵᠤ ᠬᠠᠶᠠᠭᠠᠳ ᠨᠠᠢᠮᠠ ᠲᠠᠪᠠᠵᠤ ᠲᠡᠷᠢᠬᠦᠯᠵᠡᠢ᠃ ᠮᠦᠨ ᠵᠢᠯ ᠤᠨ ᠴᠠᠶᠢᠳᠠᠮ ᠤᠨ ᠪᠠᠶᠠᠨ ᠤᠪᠤᠭᠠᠨ ᠤ ︵256︶ ᠪᠦᠬᠡ ᠳᠤ ᠠᠪᠤᠷᠭᠤ ᠡᠷᠳᠡᠨᠢᠪᠠᠶᠠᠷ ᠂ ᠵᠠᠮᠪᠠᠯ ᠨᠠᠷ ᠢ ᠴᠤᠪᠤᠭᠤᠯᠵᠤ ᠬᠠᠶᠠᠭᠠᠳ ᠭᠤᠷᠪᠠᠳᠡᠬᠢ ᠤᠳᠠᠭ᠎ᠠ   ᠪᠠᠨ ᠪᠠᠶᠠᠨ ᠤᠪᠤᠭᠠᠨ ᠳᠤ  ᠲᠡᠷᠢᠭᠦᠯᠡᠵᠠᠢ᠃      1989 ᠤᠨ ᠤ ᠪᠠᠷᠠᠭᠤᠨ ᠦᠵᠦᠮᠦᠴᠢᠨ ᠬᠤᠰᠢᠭᠤᠨ ᠤ ᠠᠷᠪᠠᠨ ᠲᠠᠪᠤᠳᠤᠭᠠᠷ ᠤᠳᠠᠭᠠᠨ ᠤ ᠠᠷᠠᠳ ᠤᠨ ᠶᠡᠭᠡ ᠨᠠᠭᠠᠳᠤᠮ ᠤᠨ ︵512︶ ᠪᠦᠬᠡ ᠳᠤ ᠴᠠᠭᠠᠨᠵᠠᠭᠠᠨ  ᠡᠷᠳᠡᠨᠢᠪᠠᠶᠠᠷ ᠪᠠᠭᠰᠢ᠂ ᠪᠦᠳᠦᠭᠦᠨ ᠮᠠᠨᠳᠤᠬᠤ ᠨᠠᠷ   ᠢᠶᠠᠷ  ᠶᠢᠰᠦ ᠲᠠᠪᠠᠵᠤ ᠲᠡᠷᠢᠬᠦᠯᠡᠵᠡᠢ᠃      ᠲᠡᠷᠡ1996 ᠤᠨ ᠤ ᠵᠡᠭᠦᠨ ᠦᠵᠦᠮᠦᠴᠢᠨ ᠬᠤᠰᠢᠭᠤᠨ ᠤ 40 ᠵᠢᠯ ᠤᠨ ᠤᠢ ᠶᠢ ᠪᠡᠯᠡᠭᠯᠡᠭᠦ ᠠᠷᠠᠳ ᠤᠨ ᠶᠡᠭᠡ ᠨᠠᠭᠠᠳᠤᠮ ᠤᠨ ︵1024︶ ᠪᠦᠬᠡ ᠳᠤ ᠡᠬᠡᠪᠤᠯᠠᠭ ᠤᠨ ᠬᠤᠪᠢᠰᠬᠠᠯᠳᠤ᠂ ᠪᠠᠷᠠᠭᠤᠨ ᠦᠵᠦᠮᠦᠴᠢᠨ   ᠤ ᠨᠠᠰᠦᠨᠬᠡᠷᠡᠯ᠂ ᠰᠢᠯᠤᠭᠤᠨ ᠴᠠᠭᠠᠨ ᠬᠤᠰᠢᠭᠤᠨ ᠤ ᠠᠪᠤᠷᠭᠤ ᠪᠠᠳᠤᠨᠠᠰᠤᠨ ᠨᠠᠷ ᠢᠶᠠᠷ ᠨᠠᠢᠮᠠ ᠲᠠᠪᠠᠵᠤ᠂ ᠲᠡᠭᠡᠳᠤ ᠲᠦᠷᠪᠡ ᠳᠤ  ᠡᠬᠡᠪᠤᠯᠠᠭ ᠤᠨ ᠰᠠᠴᠡᠨᠪᠠᠶᠠᠷ   ᠲᠤ ᠤᠶᠢᠴᠢᠵᠤ ᠲᠦᠳᠡᠭᠡᠷᠯᠡᠪᠡ᠃ ᠮᠦᠨ ᠵᠢᠯ ᠰᠠᠮᠠᠢ ᠰᠤᠮᠤᠨ ᠤ ᠬᠠᠷᠢᠶᠠᠨ ᠳᠤ ᠪᠠᠶᠢᠭ᠎ᠠ ᠡᠪᠤᠭᠡᠨ ᠤᠪᠤᠭᠠᠨ ᠤ  ︵128︶ ᠪᠦᠬᠡ ᠳᠤ ᠠᠯᠳᠠᠨᠬᠢᠯᠢ ᠶᠢᠨ ᠰᠡᠴᠡᠨᠴᠤᠭᠳᠤ ᠨᠠᠷ ᠢ ᠬᠠᠶᠠᠵᠦ ᠲᠡᠷᠢᠭᠦᠯᠡᠭᠡᠳ᠂ ᠡᠵᠢ ᠶᠢᠨ ᠤᠪᠤᠭ᠎ᠠ ᠶᠢ ᠤᠭᠰᠠᠷᠠᠭᠤᠯᠤᠨ  ᠠᠪᠴᠠᠢ᠃      ᠴᠠᠭᠠᠨᠵᠠᠭᠠᠨ ᠬᠡᠵᠦ ᠡᠶᠢᠮᠦ ᠯᠡ ᠴᠤᠤᠳᠠᠢ ᠶᠠᠪᠤᠭᠰᠠᠨ ᠪᠦᠬᠡ᠃ ᠲᠡᠷᠡ 2002 ᠤᠨ ᠳᠤ ᠬᠦᠪᠡᠭᠡᠳᠤ ᠰᠢᠷ᠎ᠠ ᠬᠤᠰᠢᠭᠤᠨ ᠤ ᠤᠷᠢᠯᠭ᠎ᠠ ᠪᠠᠷ ︽ᠴᠠᠭᠠᠨᠵᠠᠭᠠᠨ  ᠬᠤᠨᠳᠠᠭᠠᠳᠤ︾ ᠪᠦᠬᠡ ᠶᠢᠨ ᠶᠡᠭᠡ ᠱᠠᠩᠨᠠᠯᠳᠤ ᠤᠷᠤᠯᠳᠤᠭᠠᠨ ᠢ ᠬᠠᠮᠳᠤᠷᠠᠨ ᠡᠷᠬᠢᠯᠠᠵᠦ ᠪᠠᠶᠢᠭᠰᠠᠨ ᠪᠤᠯ ᠮᠤᠩᠭᠤᠯ ᠪᠦᠬᠡ ᠪᠠᠨ ᠭᠦᠭᠵᠢᠭᠦᠯᠭᠦ ᠶᠢᠨ ᠲᠦᠯᠦᠭᠡ ︽ᠮᠤᠩᠭᠤᠯ ᠪᠦᠬᠡ ᠶᠢᠨ ᠴᠤᠯᠠ ᠤᠯᠭᠤᠬᠤ︾ ᠨᠠᠶᠢᠷ ᠢ ᠰᠡᠳᠤᠨ ᠰᠠᠨᠠᠭᠠᠴᠢᠯᠠᠵᠤ᠂ 2005 ᠤᠨ ᠠᠴᠠ ᠡᠬᠢᠯᠡᠨ᠂ ᠤᠳᠤ ᠳᠤ ᠲᠤᠯᠳᠡᠯ᠎ᠠ ᠡᠷᠬᠢᠯᠡᠨ ᠬᠢᠵᠦ ᠪᠠᠶᠢᠨ᠎ᠠ᠃      1993 ᠤᠨ ᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠪᠠᠨ ᠰᠢᠯᠢᠳᠡᠭ ᠲᠠᠮᠢᠷᠴᠢᠨ᠂ ᠦᠪᠦᠷ ᠮᠤᠩᠭᠤᠯ ᠤᠨ ᠬᠦᠳᠡᠯᠮᠦᠷᠢ ᠶᠢᠨ ᠵᠢᠱᠢᠶᠡᠴᠢ᠂ ᠪᠦᠬᠦ ᠤᠷᠤᠨ ᠤ ᠵᠠᠯᠠᠭᠤ ᠴᠢᠳᠠᠪᠤᠷᠢᠳᠠᠨ᠂ ᠪᠦᠬᠦ ᠤᠯᠤᠰ ᠤᠨ ᠪᠡᠶ᠎ᠡ ᠲᠠᠮᠢᠷ ᠤᠨ ᠤᠷᠤᠯᠳᠤᠭᠠᠨ ᠤ ᠶᠤᠰᠤ ᠰᠤᠷᠳᠠᠬᠤᠨ ᠬᠡᠪ ᠲᠡᠭᠤᠷᠢᠶᠠᠯ ᠤᠨ ᠱᠠᠩᠨᠠᠯ ᠵᠡᠷᠭᠡ ᠤᠯᠤᠰ ᠤᠷᠤᠨ   ᠤ ᠲᠤᠮᠤ ᠲᠤᠮᠤ ᠭᠠᠪᠢᠶᠠᠨ ᠲᠡᠮᠳᠡᠭ᠂ ᠱᠠᠩᠨᠠᠯ ᠬᠦᠬᠢᠭᠦᠯᠦᠯ ᠢ ᠤᠳᠠᠭ᠎ᠠ ᠲᠠᠷᠠᠭᠠᠯᠠᠨ ᠲᠤᠰᠴᠤ᠂ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠭᠡᠰᠢᠬᠦᠨ᠂ ᠦᠪᠡᠷᠳᠡᠭᠡᠨ ᠵᠠᠰᠠᠬᠤ ᠤᠷᠤᠨ ᠤ 7 ᠳ᠋ᠤᠭᠠᠷ ᠬᠤᠭᠤᠴᠠᠭᠠᠨ ᠤ ᠨᠠᠮ ᠤᠨ ᠲᠦᠯᠦᠭᠡᠯᠡᠭᠴᠢᠳ ᠤᠨ ᠬᠤᠷᠠᠯ ᠤᠨ ᠲᠦᠯᠦᠭᠡᠯᠡᠭᠴᠢ ᠪᠠᠷ ᠰᠤᠩᠭᠤᠭᠳᠠᠵᠤ ᠦᠩᠭᠡᠷᠡᠵᠡᠢ᠃      ᠪᠤᠰᠤᠭ᠎ᠠ ᠠᠪᠤᠭᠤ ᠴᠠᠭᠠᠨᠵᠠᠭᠠᠨ ᠤ ᠠᠵᠢᠯ ᠦᠢᠯᠡᠰ᠂ ᠪᠠᠷᠢᠯᠳᠤᠭᠠᠨ ᠤ ᠬᠢᠨᠢ ᠠᠯᠢ ᠤᠯᠠᠨ ᠠᠮᠵᠢᠯᠳᠠ ᠪᠦᠳᠦᠭᠡᠯ ᠢ ᠨᠢ ᠲᠤᠷᠠᠳᠤᠭᠠᠳ ᠪᠠᠷᠠᠬᠤᠪ᠂ ᠦᠨᠤᠳᠤᠷ ᠠᠳᠡ ᠪᠢ ᠪᠤᠰᠤᠭ᠎ᠠ ᠠᠪᠤᠷᠭᠤ ᠶᠢᠨ ᠢᠶᠠᠨ ᠠᠷᠪᠠᠭᠠᠳ ᠶᠡᠭᠡ ᠮᠤᠩᠭᠤᠯ ᠨᠠᠶᠢᠷ ᠨᠠᠭᠠᠳᠤᠮ ᠢ ᠨᠢ ᠲᠡᠮᠳᠡᠭᠯᠡᠨ ᠦᠯᠡᠳᠡᠭᠡᠯ᠎ᠡ      ︽ᠪᠢ ᠡᠳᠤᠢ ᠵᠢᠯ ᠪᠠᠷᠢᠯᠳᠤᠭᠠᠳ ᠨᠠᠶᠢᠷ ᠨᠠᠭᠠᠳᠤᠮ ᠤᠨ ᠬᠢ ᠪᠠᠨ ᠪᠠᠷᠢᠯᠳᠤᠭᠠᠨ ᠤ ᠲᠤᠬᠠᠢ ᠨᠠᠷᠢᠨ ᠲᠡᠮᠳᠡᠭᠯᠡᠯ ᠬᠢᠭᠰᠡᠨ ᠦᠭᠡᠢ᠂ ᠲᠡᠷᠡ ᠦᠶ᠎ᠡ ᠶᠢᠨ ᠵᠠᠷᠢᠮ 512 ᠪᠦᠬᠡ ᠳᠤ ᠶᠢᠰᠦ ᠶᠢᠰᠦ ᠨᠠᠶᠠᠨ ᠨᠢᠭᠡ ᠶᠢᠨ ᠱᠠᠩᠨᠠᠯ ᠴᠦ ᠪᠠᠶᠢᠭᠰᠠᠨ ᠦᠭᠡᠢ᠃ ᠪᠢ ᠪᠠᠷᠤᠭᠴᠠᠯᠠᠬᠤ ᠪᠠᠷ ᠰᠤᠷᠢᠭᠠᠨ ᠤ ᠨᠠᠶᠢᠷ ᠶᠢ ᠤᠷᠤᠭᠤᠯᠤᠭᠠᠳ 200 ᠨᠠᠶᠢᠷ ᠲᠤ ᠴᠦ ᠲᠡᠷᠢᠭᠦᠯᠡᠭᠰᠡᠨ᠂ ᠨᠠᠶᠠᠨ ᠨᠢᠬᠡ ᠶᠢᠨ ᠱᠠᠩ ᠲᠤᠯᠤᠭ᠎ᠠ ᠬᠦᠷᠳᠡᠭᠰᠠᠨ︾ ᠭᠡᠵᠦ ᠴᠠᠭᠠᠨᠵᠠᠭᠠᠨ ᠠᠪᠤᠷᠭᠤ ᠶᠢᠨ ᠦᠪᠡᠷ  ᠤᠨ ᠬᠢ ᠪᠠᠨ ᠮᠤᠩᠭᠤᠯ ᠪᠦᠬᠡ ᠳᠤ ᠪᠠᠷᠢᠯᠳᠤᠭᠰᠠᠨ ᠠᠮᠵᠢᠯᠳᠠ ᠶᠢᠨ ᠬᠤᠪᠢ ᠳᠤ ᠲᠦᠬᠦᠮᠬᠡᠨ ᠶᠠᠷᠢᠭᠰᠠᠨ ᠢ ᠨᠢ ᠤᠴᠢᠷᠯᠠᠨ ᠲᠡᠮᠳᠡᠭᠯᠡᠭᠡᠳ᠂ 1990 ᠤᠨ ᠤ ᠰᠢᠯᠢ ᠶᠢᠨ ᠭᠤᠤᠯ ᠤᠨ ᠮᠢᠩᠭᠠᠨ ᠪᠦᠬᠡ   ᠳᠤ ᠲᠡᠷᠢᠬᠦᠯᠡᠬᠦ ᠳᠤ ᠨᠢ ᠪᠦᠬᠡ ᠰᠤᠳᠤᠯᠤᠭᠠᠴᠢ᠂ ᠢᠷᠠᠭᠤ ᠨᠠᠶᠢᠷᠠᠭᠴᠢ ᠨ᠊ ᠪᠦᠬᠡᠬᠠᠳᠠ ᠶᠢᠨ ᠴᠠᠭᠠᠨᠵᠠᠭᠠᠨ ᠠᠪᠤᠷᠭᠤ ᠳᠤ ᠲᠤᠰᠬᠠᠶᠢᠯᠠᠨ ᠵᠤᠷᠢᠭᠤᠯᠵᠤ ᠪᠢᠴᠢᠭᠰᠡᠨ ︽ᠨᠤᠶᠠᠨ ᠴᠠᠭᠠᠨ ᠤᠷᠬᠢᠯ︾ ᠬᠡᠬᠦ ᠰᠢᠯᠦᠭ ᠢ ᠠᠳᠡ ᠲᠤᠷᠠᠰᠬᠠᠨ  ᠲᠡᠮᠳᠡᠭᠯᠡᠵᠦ᠂ ᠨᠢᠭᠡᠨ ᠦᠶ᠎ᠡ ᠶᠢᠨ ᠭᠠᠶᠢᠬᠠᠮᠰᠢᠭᠳᠤ ᠪᠤᠰᠤᠭ᠎ᠠ ᠠᠪᠤᠷᠭᠤ ᠠᠯᠳ᠋ᠬᠠᠤᠨᠢᠰᠦ ᠶᠢᠨ ᠴᠠᠭᠠᠨᠵᠠᠭᠠᠨ ᠤ ᠪᠦᠬᠡ ᠶᠢᠨ ᠶᠡᠭᠡ ᠨᠠᠮᠳᠠᠷ ᠢ ᠲᠦᠬᠦᠮᠬᠡᠨ ᠪᠢᠴᠢᠭᠡᠳ ᠦᠨᠳᠤᠷᠯᠡᠭᠦᠯᠦᠶ᠎ᠡ᠃                       ᠨᠤᠶᠠᠨ ᠴᠠᠭᠠᠨ ᠤᠷᠬᠢᠯ                                       ᠨ᠊ ᠪᠦᠬᠡᠬᠠᠳᠠ            ᠴᠠᠭ ᠦᠶ᠎ᠡ   ᠶᠢᠨ ᠠᠪᠤᠷᠭᠤ ᠪᠦᠬᠡ            ᠴᠠᠭᠠᠨᠵᠠᠭᠠᠨ ᠮᠢᠨᠢ            ᠵᠦᠭ ᠪᠢᠯᠢᠭ ᠤᠨ ᠲᠤᠤᠯᠢᠶᠠᠨ            ᠵᠡᠬᠦᠨ ᠦᠵᠦᠮᠦᠴᠢᠨ ᠭᠡᠳᠡᠭ            ᠵᠢᠷᠦᠬᠡᠨ ᠳᠤ  ᠲᠤᠯᠠᠭᠠᠨ ᠰᠤᠨᠤᠰᠳᠠᠬᠤ            ᠵᠦᠮᠪᠤᠷ ᠴᠠᠭᠠᠨ ᠨᠢᠬᠡ ᠨᠡᠷ᠎ᠡ ᠶᠢ ᠡᠷᠭᠦᠨ            ᠪᠤᠶᠠᠨᠳᠤ ᠶᠡᠭᠡ ᠨᠠᠶᠢᠷ ᠤᠨ ᠨᠠᠶᠠᠨ ᠨᠢᠬᠡ ᠶᠢ ᠲᠡᠭᠡᠵᠢᠯᠡᠵᠦ            ᠪᠤᠶᠢᠯᠠ ᠮᠦᠩᠭᠦᠨ ᠲᠡᠮᠡᠭᠡ ᠬᠦᠳᠤᠯᠤᠨ            ᠪᠤᠰᠤᠳ ᠲᠠᠪᠤᠨ ᠠᠬᠠᠮᠠᠳ  ᠰᠢᠥᠬᠠᠨ            ᠪᠤᠯᠭᠠᠨ ᠤ ᠡᠩᠭᠡᠷ ᠲᠤ            ᠪᠤᠰᠤᠭ᠎ᠠ ᠵᠤᠭᠰᠤᠬᠤ ᠶᠢ ᠴᠢᠨᠢ ᠦᠵᠡᠯ᠎ᠡ            ᠴᠤᠩᠬᠤᠷ ᠡᠵᠢ ᠶᠢᠨ ᠬᠦᠥᠴᠦᠦᠯ            ᠴᠣᠣᠳᠤ ᠪᠦᠭᠡ ᠲᠦᠷᠦᠭᠦ ᠤᠴᠢᠷᠳᠠᠢ            ᠴᠢᠭᠤᠯᠭᠠᠨ ᠨᠠᠶᠢᠷ ᠤᠨ ᠲᠡᠷᠢᠭᠦᠨ ᠢ            ᠴᠤᠪᠤᠭᠤᠯᠵᠦ ᠠᠪᠬᠤ ᠢᠷᠦᠭᠡᠯ ᠲᠠᠢ ᠴᠦ ᠪᠠᠶᠢᠵᠠᠢ ᠦᠦ            ᠠᠪᠤ ᠠᠪᠤ ᠶᠢᠨ ᠭᠦᠪᠡᠭᠦᠴᠦᠦᠯ            ᠲᠠᠪᠠᠶ᠎ᠠ ᠯᠡ ᠭᠡᠵᠦ ᠪᠤᠳᠤᠳᠠᠭ ᠴᠦ            ᠲᠠᠪᠠᠵᠦ ᠴᠢᠳᠠᠰᠢ ᠦᠭᠡᠢ ᠰᠦᠭᠦᠳᠳᠡᠭ            ᠠᠷᠪᠠ ᠶᠢᠨ ᠲᠡᠷᠡ ᠲᠠᠪᠠᠭ᠎ᠠ ᠶᠢ            ᠠᠷᠤ ᠳᠤ ᠪᠠᠨ ᠬᠠᠶᠠᠨ᠎ᠠ ᠭᠡᠭᠴᠢ            ᠠᠷᠪᠠᠨ ᠶᠡᠭᠡ ᠠᠭᠤᠯᠠ ᠶᠢ            ᠨᠤᠷᠠᠭᠠᠬᠤ ᠠᠴᠠ ᠦᠭᠡᠷ᠎ᠡ ᠨᠢ ᠶᠠᠭᠤ             ᠵᠠᠭᠠᠨ ᠮᠢᠨᠢ︕ ᠵᠢᠭᠠᠬᠠᠨ ᠲᠡᠭᠦᠦ ᠮᠢᠨᠢ            ᠬᠤᠩᠭᠤᠷ ᠭᠦᠭᠡᠷᠦᠭᠦᠨ ᠲᠡᠭᠦᠦ ᠲᠠᠢ  ᠮᠢᠨᠢ             ᠬᠤᠭᠤᠯᠠᠢ ᠶᠢᠨ ᠲᠡᠷᠡᠰᠣᠨ ᠳᠤ ᠭᠦᠶᠦᠯᠴᠡᠵᠦ            ︕ ᠬᠤᠶᠠᠭᠤᠯᠠ ᠪᠠᠨ ᠨᠢᠭᠡ ᠪᠠᠷᠢᠯᠳᠤᠴᠢᠬ᠎ᠠ             ᠬᠤᠵᠢᠮ ᠭᠡᠨ ᠨᠢ ᠪᠦᠭᠡ ᠪᠤᠯᠬᠤ ᠶᠢ ᠦᠵᠡᠶ᠎ᠡ ᠭᠡᠵᠦ             ᠠᠭᠠᠷᠴᠠ ᠬᠤᠯᠳᠤᠷᠬᠠᠢ ᠱᠠᠩᠨᠠᠴᠢᠬᠠᠭᠠᠳ          ᠠᠷᠭ᠎ᠠ ᠦᠭᠡᠢ ᠶᠡᠭᠡ ᠵᠢᠭᠤᠷᠠᠭᠤᠯᠵᠦ ᠪᠠᠶᠢᠭᠰᠠᠨ ᠮᠢᠨᠢ          ᠦᠴᠦᠭᠡᠳᠦᠷᠭᠡᠨ ᠰᠢᠦ ᠵᠠᠶᠢᠯᠠᠰᠢ ᠦᠭᠡᠢ ᠪᠦᠭᠡ ᠪᠤᠯᠬᠤ ᠶᠢᠨ ᠵᠠᠶᠠᠭ᠎ᠠ ᠴᠢᠮᠠᠳᠤ ᠪᠠᠶᠢᠭᠰᠠᠨ ᠴᠦ ᠮᠠᠭᠠᠳ ᠵᠠ ᠴᠢᠩᠭᠢᠪᠡᠴᠤ ᠶᠠᠭᠠᠭᠢᠬᠤᠪ ᠲᠠᠤᠯᠠᠢ ᠶᠢᠨ ᠦᠭᠦᠭᠡᠷᠭᠡᠨ ᠪᠦᠵᠦᠩ ᠰᠢᠭ ᠲᠤᠭᠤᠷᠭ᠎ᠠ ᠴᠣᠭᠤᠯᠣᠨ ᠲᠠᠭᠤᠳᠠᠯᠴᠠᠵᠦ ᠲᠤᠨᠢ ᠲᠠᠢ ᠲᠤᠨᠢ ᠦᠭᠡᠢ ᠦᠶᠡᠴᠤᠦᠯ ᠲᠠᠢ ᠪᠠᠨ ᠲᠤᠵᠢ ᠳᠤ ᠪᠠᠨ ᠲᠡᠭᠡᠵᠦ ᠪᠠᠷᠢᠯᠳᠤᠳᠠᠭ ᠨᠢ ᠲᠤᠳᠠᠵᠦ ᠬᠠᠷᠢᠨ ᠪᠤᠯᠬᠤ ᠦᠭᠡᠢ ᠴᠦ ᠪᠠᠶᠢᠭᠰᠠᠨ ᠪᠢᠯᠢᠦ ᠴᠠᠭ ᠦᠶ᠎ᠡ ᠶᠢᠨ ᠠᠪᠤᠷᠭᠤ ᠪᠦᠭᠡ ᠴᠠᠭᠠᠨᠵᠠᠭᠠᠨ ᠮᠢᠨᠢ ᠮᠢᠩᠭᠠᠨ ᠪᠦᠭᠡ ᠳᠤ ᠪᠢᠷ᠎ᠠ ᠪᠠᠷ ᠢᠶᠠᠨ ᠮᠠᠩᠯᠠᠶᠢᠯᠠᠵᠦ ᠮᠢᠩᠭ᠎ᠠ ᠮᠢᠩᠭᠠᠨ ᠭᠦᠮᠦᠨ ᠤ ᠰᠡᠳᠭᠢᠯ ᠳᠤ ᠠᠭᠠᠯᠢ ᠪᠠᠷ ᠶᠢᠨ ᠮᠦᠩᠭᠡᠷᠡᠵᠦ︕ ᠮᠠᠨ ᠤ ᠴᠠᠭᠠᠨᠵᠠᠭᠠᠨ ᠭᠡᠵᠦ ᠡᠳᠤᠷ ᠤᠨ ᠭᠤᠷᠪᠠ ᠲᠤᠷᠠᠰᠣᠭᠳᠠᠳᠠᠭ ᠵᠠᠭᠠᠨ ᠮᠢᠨᠢ︕ ᠵᠢᠭᠠᠬᠠᠨ ᠲᠡᠭᠦᠦ ᠮᠢᠨᠢ ᠠᠷᠪᠠᠨ ᠳ᠋ᠦᠩᠰᠢᠭᠤᠷ ᠠᠷᠠᠳ ᠤᠨ ᠢᠶᠠᠨ ᠠᠯᠠᠭᠠᠨ ᠠᠴᠠ ᠠᠯᠳᠠᠨ ᠮᠧᠲᠯ ᠶᠢᠰᠦ ᠶᠢ ᠲᠣᠰᠣᠯ᠎ᠠ ᠴᠦ ᠠᠳᠠᠨ ᠲᠡᠮᠡᠭᠡ ᠶᠢᠰᠦ ᠶᠢᠰᠦ ᠶᠢ ᠭᠦᠳᠦᠯᠦᠨ᠎ᠡ ᠠᠷᠤ ᠠᠴᠠ ᠴᠢᠨᠢ ᠲᠠᠭᠠᠭ᠎ᠠ ᠲᠡᠭᠦᠦᠨᠡᠷ ᠲᠤ ᠪᠠᠨ ᠠᠳᠠᠨ ᠲᠡᠮᠡᠭᠡ ᠯᠡ ᠪᠢᠰᠢ ᠠᠯᠳᠠᠨ ᠮᠧᠲᠯ ᠠᠷᠪᠠ ᠶᠢ ᠵᠠᠭᠤ   ᠶᠢ ᠵᠡᠭᠦᠯᠭᠡᠭᠦ  ᠶᠤᠰᠤᠳᠠᠢ ᠠᠪᠤᠷᠭᠤ ᠨᠢ ᠮᠦᠨ ᠪᠠᠶᠢᠭ᠎ᠠ ᠠᠬ᠎ᠠ ᠨᠢ ᠴᠦ ᠮᠦᠨ ᠪᠠᠶᠢᠭ᠎ᠠ ᠮᠤᠷᠢᠳᠠᠨ ᠰᠦᠯᠳᠡᠳᠡᠨ ᠤ ᠨᠤᠮᠤᠬᠠᠨ ᠴᠠᠭᠠᠨ ᠵᠠᠭᠠᠨ ᠮᠤᠩᠭᠤᠯ  ᠪᠦᠭᠡ ᠶᠢᠨ ᠨᠤᠶᠠᠨ ᠴᠠᠭᠠᠨ ᠤᠷᠭᠢᠯ ᠴᠠᠭᠠᠨᠵᠠᠭᠠᠨ ᠮᠢᠨᠢ︕   ︵ᠲᠤᠰ ᠡᠬᠡ ᠪᠢᠴᠢᠭ ᠢ  ᠴᠠᠭᠠᠨᠵᠠᠭᠠᠨ ᠠᠪᠤᠷᠭᠤ ᠶᠢ ᠪᠡᠶᠡᠴᠢᠯᠡᠨ ᠰᠣᠷᠪᠤᠯᠵᠢᠯᠠᠨ ᠡᠮᠭᠢᠳᠭᠡᠭᠰᠡᠨ ᠦᠵᠡᠭᠳᠡᠯ ᠤᠨ ︽ᠴᠠᠭ ᠢ ᠡᠵᠡᠯᠡᠭᠰᠡᠨ ᠭᠠᠶᠢᠬᠠᠮᠰᠢᠭᠳᠤ ᠪᠤᠰᠤᠭ᠎ᠠ ᠠᠪᠤᠷᠭᠤ ᠠᠯᠳ᠋ᠬᠠᠤᠨᠢᠰᠦ ᠶᠢᠨ ᠴᠠᠭᠠᠨᠵᠠᠭᠠᠨ︾ ᠬᠡᠭᠦ  ᠪᠥᠬᠡ ᠶᠢᠨ ᠲᠣᠮᠤᠬᠠᠨ ᠪᠠᠷᠢᠮᠳᠠᠳᠤ ᠵᠤᠬᠢᠶᠠᠯ ᠠᠴᠠ ᠭᠡᠰᠡᠭᠯᠡᠨ ᠠᠪᠤᠪᠠ᠃︶          
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ ᠤᠨ ᠦᠵᠡᠭᠳᠡᠯ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号