ᠮᠤᠩᠭᠤᠯᠴᠤᠳ ᠡᠷᠳᠠ ᠥᠶ᠎ᠠ ᠠᠴᠠ ᠪᠥᠭᠡ ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠶᠢ | ᠡᠷᠭᠢᠮᠯᠡᠭᠰᠡᠭᠡᠷ ᠢᠷᠡᠭᠰᠡᠨ ᠤᠯᠠᠮᠵᠢᠯᠠᠯ ᠲᠠᠢ ᠪᠥᠭᠡᠳ ᠡᠳᠡᠭᠡᠷ ᠠᠵᠢᠯᠯᠠᠭ᠎ᠠ ᠨᠢ ᠮᠤᠩᠭᠤᠯ ᠲᠤᠭᠤᠷᠭᠠᠳᠠᠨ ᠤ ᠡᠳᠤᠷ | ᠲᠤᠳᠤᠮ ᠤᠨ ᠠᠵᠤ ᠠᠮᠢᠳᠤᠷᠠᠯ᠂ ᠥᠢᠯᠠᠳᠪᠤᠷᠢᠯᠠᠯ ᠭᠥᠳᠠᠯᠮᠤᠷᠢ᠂ ᠤᠯᠤᠰ ᠲᠥᠷᠥ᠂ ᠴᠡᠷᠢᠭ ᠲᠠᠶᠢᠨ ᠤ ᠪᠤᠳᠠᠳᠤ | ᠭᠡᠷᠡᠭᠴᠡᠭᠡ ᠳᠤ ᠥᠨᠳᠤᠰᠤᠯᠠᠨ ᠡᠭᠦᠰᠤᠨ ᠪᠥᠷᠢᠯᠳᠥᠭᠰᠡᠨ ᠪᠠᠶᠢᠳᠠᠭ᠃ | ᠡᠷᠳᠠᠨ ᠤ ᠮᠤᠩᠭᠤᠯᠴᠤᠳ ᠠᠩ ᠠᠩᠨᠠᠯ᠂ ᠮᠠᠯ ᠮᠠᠯᠵᠢᠯ ᠢᠶᠠᠷ ᠥᠨᠳᠤᠰᠤᠨ ᠠᠵᠤ ᠠᠬᠤᠢ ᠶᠢᠨ ᠭᠡᠯᠪᠡᠷᠢ ᠪᠠᠨ | ᠪᠤᠯᠭᠠᠵᠤ᠂ ᠠᠩ ᠭᠥᠷᠥᠭᠡ ᠶᠢᠨ ᠤᠯᠵᠠ ᠤᠯᠳᠠᠪᠤᠷᠢ᠂ ᠠᠳᠤᠭᠤ ᠮᠠᠯ ᠤᠨ ᠠᠰᠢᠭ ᠰᠢᠮ᠎ᠠ ᠪᠠᠷ ᠠᠮᠢᠳᠤᠷᠠᠯ ᠤᠨ | ᠭᠡᠷᠡᠭᠴᠡᠭᠡ ᠪᠠᠨ ᠬᠠᠨᠭ᠍ᠭᠠᠵᠤ ᠪᠠᠶᠢᠬᠰᠠᠨ ᠪᠤᠯᠬᠤᠷ᠂ ᠲᠤᠭᠰᠢᠨ ᠠᠷᠢᠶᠠᠳᠠᠨ ᠢ ᠠᠩᠨᠠᠨ ᠠᠯᠠᠵᠤ᠂ ᠵᠡᠷᠯᠢᠭ ᠠᠮᠢᠳᠠᠨ ᠢ | ᠭᠡᠷᠰᠢᠭᠦᠯᠥᠨ ᠮᠠᠯᠵᠢᠬᠤ ᠳᠤ ᠡᠷ᠎ᠠ ᠴᠢᠳᠠᠯ᠂ ᠡᠷᠠᠮᠠᠭᠡᠢ ᠵᠤᠷᠢᠭ᠂ ᠤᠬᠠᠭᠠᠨ ᠪᠢᠯᠢᠭ᠂ ᠤᠷ᠎ᠠ ᠲᠠᠮ ᠤᠨ ᠤᠷᠭᠠᠨᠢᠭ | ᠤᠶᠠᠯᠳᠤᠯ ᠵᠠᠶᠢᠯᠠᠰᠢ ᠥᠭᠡᠢ ᠱᠠᠭᠠᠷᠳᠠᠭᠳᠠᠵᠤ ᠪᠠᠶᠢᠪᠠ᠃ ᠡᠷ᠎ᠠ ᠴᠢᠳᠠᠯ ᠢᠶᠠᠨ ᠮᠠᠳᠡᠯᠴᠡᠵᠥ᠂ ᠤᠷ᠎ᠠ ᠲᠠᠮ ᠢᠶᠠᠨ | ᠰᠢᠯᠭᠠᠯᠴᠠᠬᠤ ᠪᠠᠷ ᠪᠥᠭᠡ ᠪᠡᠷᠢᠯᠳᠤᠬᠤ︔ ᠠᠭᠳᠠ ᠶᠢᠨ ᠬᠤᠷᠳᠤᠨ ᠢ ᠰᠤᠷᠢᠯᠴᠠᠵᠤ᠂ ᠡᠷᠳᠠᠮ ᠤᠬᠠᠭᠠᠨ ᠢᠶᠠᠨ | ᠢᠯᠡᠷᠡᠭᠦᠯᠭᠦ ᠪᠠᠷ ᠮᠤᠷᠢ ᠤᠷᠤᠯᠳᠤᠭᠤᠯᠬᠤ︔ ᠢᠳᠠ ᠭᠥᠴᠥ ᠪᠠᠨ ᠮᠥᠷᠦ᠋ᠢᠴᠡᠵᠥ᠂ ᠡᠷᠡᠭᠡᠢ ᠶᠢᠨ ᠮᠠᠷᠭᠡᠨ ᠢᠶᠠᠨ | ᠭᠠᠶᠢᠬᠠᠭᠤᠯᠬᠤ ᠪᠠᠷ ᠰᠤᠷ ᠬᠠᠷᠪᠤᠬᠤ ᠵᠠᠷᠭᠡ ᠨᠢ ᠡᠳᠤᠷ ᠲᠤᠳᠤᠮ ᠤᠨ ᠠᠮᠢᠳᠤᠷᠠᠯ ᠤᠨ ᠭᠢᠨᠢ ᠲᠤᠳᠠᠭᠳᠠᠵᠤ ᠪᠤᠯᠤᠰᠢ | ᠥᠭᠡᠢ ᠠᠵᠢᠯᠯᠠᠭ᠎ᠠ ᠪᠤᠯᠵᠤ ᠪᠠᠶᠢᠪᠠ᠃ ᠲᠠᠷᠠᠴᠢᠯᠡᠨ ᠨᠠᠶᠢᠷ ᠶᠤᠰᠤᠯᠠᠯ ᠡᠷᠭᠢᠯᠡᠭᠦ᠂ ᠤᠪᠤᠭ᠎ᠠ ᠬᠠᠶᠢᠷᠬᠠᠨ ᠲᠠᠭᠢᠵᠤ | ᠨᠠᠶᠢᠳᠠ ᠶᠢᠨ ᠴᠤᠭᠯᠠᠭᠠᠨ ᠪᠤᠯᠬᠤ ᠪᠠ ᠠᠩ ᠭᠥᠷᠥᠭᠡ ᠭᠢᠭᠦ᠂ ᠠᠶᠠᠨ ᠲᠠᠶᠢᠨ ᠳᠤ ᠮᠤᠷᠳᠠᠬᠤ ᠵᠠᠷᠭᠡ ᠳᠤ ᠪᠥᠭᠡ | ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠤᠯᠠᠨ ᠲᠥᠮᠡᠨᠴᠢ ᠴᠢᠨᠠᠷᠳᠠᠢ ᠥᠢᠯᠨ ᠠᠵᠢᠯᠯᠠᠭ᠎ᠠ ᠵᠤᠭᠢᠶᠠᠨ | ᠪᠠᠶᠢᠭᠤᠯᠬᠤ ᠪᠤᠯᠤᠭᠰᠠᠨ ᠨᠢ ᠪᠥᠭᠡ ᠪᠡᠷᠢᠯᠳᠤᠭᠠᠨ᠂ ᠮᠤᠷᠢᠨ ᠤᠷᠤᠯᠳᠤᠭᠠᠨ᠂ ᠰᠤᠷ ᠬᠠᠷᠪᠤᠯᠳᠠ ᠶᠢ ᠪᠤᠳᠠᠳᠤ | ᠭᠡᠷᠡᠭᠴᠡᠭᠡᠨ ᠤ ᠵᠤᠷᠢᠭᠤᠯᠤᠯᠳᠠ ᠠᠴᠠ ᠭᠠᠳᠠᠨ᠎ᠠ᠂ ᠪᠠᠶᠠᠷ ᠴᠠᠩᠭᠡᠯ᠂ ᠨᠠᠶᠢᠷ ᠨᠠᠭᠠᠳᠤᠮ ᠤᠨ ᠰᠢᠨᠵᠢ ᠨᠡᠮᠡᠭᠳᠡᠭᠦᠯᠥᠭᠰᠡᠨ | ᠪᠠᠶᠢᠳᠠᠭ᠃ ᠡᠷᠳᠠ ᠥᠶ᠎ᠠ ᠶᠢᠨ ᠪᠥᠭᠡ ᠪᠡᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠠᠵᠢᠯᠯᠠᠭ᠎ᠠ ᠳᠤ ᠪᠥᠷ | ᠯᠠ ᠡᠷᠡᠭᠳᠠᠶᠢᠴᠤᠳ ᠤᠷᠤᠯᠴᠠᠵᠤ᠂ ᠡᠷ᠎ᠠ ᠴᠢᠳᠠᠯ᠂ ᠡᠷᠳᠠᠮ ᠤᠬᠠᠭᠠᠨ ᠢᠶᠠᠨ ᠰᠤᠷᠢᠯᠴᠠᠨ ᠰᠢᠯᠭᠠᠳᠠᠭ᠃ ᠡᠭᠦᠨ ᠤ | ᠤᠯᠠᠮ ᠢᠶᠠᠷ ᠪᠥᠭᠡ ᠪᠡᠷᠢᠯᠳᠤᠭᠠᠨ᠂ ᠮᠤᠷᠢᠨ ᠤᠷᠤᠯᠳᠤᠭᠠᠨ᠂ ᠰᠤᠷ ᠬᠠᠷᠪᠤᠯᠳᠠ ᠶᠢ ᠮᠤᠩᠭᠤᠯᠴᠤᠳ ᠤᠨ ︽ᠡᠷ᠎ᠠ ᠶᠢᠨ | ᠭᠤᠷᠪᠠᠨ ᠨᠠᠭᠠᠳᠤᠮ︾ ᠭᠡᠵᠥ ᠨᠠᠷᠠᠯᠡᠨ ᠡᠩ ᠲᠠᠯᠡᠭᠡᠢ ᠳᠤ ᠠᠯᠳᠠᠷᠰᠢᠭᠤᠯᠵᠠᠢ᠃ | ᠮᠤᠩᠭᠤᠯᠴᠤᠳ ᠤᠨ ︽ᠡᠷ᠎ᠠ ᠶᠢᠨ ᠭᠤᠷᠪᠠᠨ ᠨᠠᠭᠠᠳᠤᠮ︾ ᠨᠢ ᠲᠠᠥᠭᠡᠨ ᠭᠥᠭᠵᠢᠯ ᠤᠨ ᠶᠠᠪᠤᠴᠠ ᠳᠤ ᠪᠠᠨ | ᠥᠪᠡᠷᠮᠢᠴᠠ ᠤᠨᠴᠠᠯᠢᠭ ᠢᠶᠠᠨ ᠪᠥᠷᠢᠯᠳᠥᠭᠦᠯᠵᠥ᠂ ᠥᠨᠥᠳᠤᠷ ᠲᠤ ᠭᠥᠷᠴᠤ ᠢᠷᠡᠭᠦ ᠳᠤ ᠪᠠᠨ ᠠᠭᠤᠯᠭ᠎ᠠ ᠨᠢ | ᠲᠠᠰᠤᠷᠠᠯᠳᠠ ᠥᠭᠡᠢ ᠥᠷᠭᠡᠵᠢᠵᠥ᠂ ᠭᠡᠯᠪᠡᠷᠢ ᠨᠢ ᠤᠯᠠᠮ ᠢᠶᠠᠷ ᠪᠠᠶᠠᠯᠢᠬᠵᠢᠨ᠂ ᠮᠤᠩᠭᠤᠯ ᠨᠠᠭᠠᠳᠤᠮ ᠲᠤᠭᠯᠠᠭᠠᠮ ᠤᠨ | ᠵᠠᠩ ᠥᠢᠯᠨ ᠳᠤ ᠥᠪᠡᠷᠮᠢᠴᠠ ᠪᠠᠶᠢᠷᠢ ᠡᠵᠡᠯᠡᠭᠰᠡᠨ ᠤ ᠬᠠᠮᠳᠤ᠂ ᠤᠯᠠᠮᠵᠢᠯᠠᠯ ᠵᠠᠯᠭᠠᠮᠵᠢᠯᠠᠯ ᠤᠨ ᠵᠢᠮ᠎ᠠ ᠬᠠᠤᠯᠢ ᠪᠠᠷ | ᠪᠠᠶᠠᠯᠢᠬᠵᠢᠨ ᠭᠥᠭᠵᠢᠵᠠᠢ᠃ | |