ᠠᠪᠤᠷᠭᠤ ᠪᠠᠶᠠᠷᠪᠠᠭᠠᠳᠤᠷ 1024 ᠪᠦᠭᠡ ᠲᠠᠢ ᠨᠠᠶᠢᠷ ᠲᠤ ᠭᠤᠷᠪᠠᠳᠡᠭᠢ ᠤᠳᠠᠭ᠎ᠠ ᠪᠠᠨ ᠳᠡᠷᠢᠭᠦᠯᠡᠯ᠎ᠡ
ᠨᠡᠶᠢᠲᠡᠯᠡᠭᠰᠡᠨ ᠴᠠᠭ᠄
2017/4/18
     2016 ᠤᠨ ᠤ 7 ᠳ᠋ᠤᠭᠠᠷ ᠰᠠᠷ᠎ᠠ ᠶᠢᠨ 17 — 19 ᠤ ᠡᠳᠤᠷ ᠪᠤᠯᠳᠠᠯ᠎ᠠ ᠶᠠᠪᠤᠬᠳᠠᠬᠰᠠᠨ ᠰᠦᠨᠢᠳ  ᠵᠡᠭᠦᠨ ᠬᠤᠰᠢᠭᠤᠨ ᠤ ᠠᠷᠪᠠᠳᠤᠭᠠᠷ ᠬᠤᠭᠤᠴᠠᠭᠠᠨ ᠤ ᠠᠷᠠᠳ ᠤᠨ ᠶᠡᠭᠡ ᠨᠠᠭᠠᠳᠤᠮ ᠤᠨ 1024 ᠪᠦᠭᠡ ᠲᠠᠢ  ᠨᠠᠶᠢᠷ ᠲᠤ ᠵᠡᠭᠦᠨ ᠦᠵᠦᠮᠦᠴᠢᠨ ᠬᠤᠰᠢᠭᠤᠨ ᠤ ᠮᠠᠨᠳᠤᠬᠤᠪᠤᠯᠠᠭ ᠪᠠᠯᠭᠠᠰᠤ ᠪᠠᠷ ᠨᠤᠳᠤᠬᠳᠠᠢ ᠠᠪᠤᠷᠭᠤ  ᠪᠠᠶᠠᠷᠪᠠᠭᠠᠳᠤᠷ ᠠᠷᠪᠠ ᠶᠢᠨ ᠳᠠᠪᠠᠭ᠎ᠠ ᠳᠠᠪᠠᠵᠤ ᠳᠡᠷᠢᠭᠦᠯᠡᠭᠰᠡᠨ ᠶᠤᠮ᠃      ᠡᠨᠡ ᠤᠨ ᠤ ᠠᠩᠬᠠᠳᠤᠭᠠᠷ ᠤᠳᠠᠭᠠᠨ ᠤ 1024 ᠪᠦᠭᠡ ᠲᠠᠢ ᠶᠡᠭᠡ ᠨᠠᠶᠢᠷ ᠪᠤᠯᠬᠤ ᠳᠤᠰ ᠤᠳᠠᠭᠠᠨ ᠤ  ᠨᠠᠶᠢᠷ ᠲᠤ ᠭᠠᠵᠠᠷ ᠭᠠᠵᠠᠷ ᠤᠨ ᠰᠠᠶᠢᠨ ᠪᠦᠭᠡᠴᠢᠳ ᠬᠤᠷᠠᠨ ᠴᠤᠬᠯᠠᠷᠠᠬᠰᠠᠨ ᠠᠴᠠ ᠨᠠᠶᠢᠷ ᠴᠤ ᠴᠤᠬᠤᠮ ᠤᠯᠠᠨ ᠤ  ᠰᠡᠳᠭᠢᠯ ᠢ ᠳᠤᠬᠳᠤᠯᠤᠭᠤᠯᠤᠬᠰᠠᠨ ᠰᠠᠶᠢᠬᠠᠨ ᠨᠠᠶᠢᠷ ᠪᠤᠯᠵᠤ᠂ ᠪᠦᠭᠡ ᠶᠢᠨ ᠪᠠᠷᠢᠯᠳᠤᠭᠠᠨ ᠴᠤ ᠠᠩᠬᠠᠨ ᠤ  ᠨᠤᠭᠤᠯᠤᠭ᠎ᠠ ᠠᠴᠠ ᠪᠠᠨ ᠡᠭᠢᠯᠡᠨ ᠬᠤᠷᠴᠠ ᠰᠢᠷᠦᠭᠦᠨ ᠶᠠᠪᠤᠬᠳᠠᠵᠤ᠂ ᠠᠩᠬᠠᠨ ᠤ ᠨᠤᠭᠤᠯᠤᠭ᠎ᠠ ᠪᠠᠷ ᠠᠷᠤ  ᠬᠤᠷᠴᠢᠨ ᠤ ᠰᠡᠴᠡᠨᠮᠠᠨᠳᠤᠯ᠎ᠠ᠂ ᠪᠠᠷᠠᠭᠤᠨ ᠦᠵᠦᠮᠦᠴᠢᠨ ᠤ ᠰᠦᠭᠡ ᠵᠡᠷᠭᠡ ᠰᠠᠶᠢᠨ ᠪᠦᠭᠡᠴᠢᠳ ᠰᠢᠷᠦ᠋ᠢᠳᠠᠬᠰᠠᠨ᠃  ᠡᠨᠡ ᠵᠢᠯ ᠤᠨ ᠨᠠᠶᠢᠷ ᠨᠠᠭᠠᠳᠤᠮ ᠢᠶᠠᠷ ᠭᠢᠯᠠᠷᠠᠳᠠᠯ᠎ᠠ ᠪᠠᠷᠢᠯᠳᠤᠵᠤ᠂ ᠤᠢᠢᠷᠠᠬᠠᠨ ᠲᠦᠡᠭᠯᠢᠶᠤᠤ ᠬᠤᠳᠠ ᠶᠢᠨ ᠨᠠᠢᠮᠠᠨ  ᠬᠤᠰᠢᠭᠤᠨ ᠳᠤ ᠪᠤᠯᠤᠬᠰᠠᠨ ᠡᠯᠡᠰᠤ ᠮᠠᠩᠬᠠᠨ ᠤ ᠵᠤᠭᠠᠴᠠᠯ ᠤᠨ ᠨᠠᠶᠢᠷ ᠤᠨ 512 ᠪᠦᠭᠡ ᠲᠠᠢ ᠨᠠᠶᠢᠷ ᠤᠨ ᠳᠡᠷᠢᠭᠦᠨ  ᠳᠡᠳ᠋ ᠳᠤ ᠳᠡᠪᠢᠭᠰᠡᠨ ᠠᠷᠤ ᠬᠤᠷᠴᠢᠨ ᠤ ᠮᠦᠡᠭᠭᠡᠲᠦ᠋ᠭᠦᠷᠡᠩ᠂ ᠪᠠᠷᠠᠭᠤᠨ ᠪᠠᠭᠠᠷᠢᠨ ᠤ ᠭᠡᠭᠡᠷᠡᠭᠦ ᠬᠤᠶᠠᠷ ᠭᠤᠷᠪᠠ ᠶᠢᠨ  ᠳᠠᠪᠠᠭᠠᠨ ᠳᠤ ᠤᠢᠢᠴᠢᠵᠤ ᠦᠵᠡᠭᠴᠢ ᠤᠯᠠᠨ ᠢ ᠬᠠᠷᠠᠮᠰᠠᠭᠤᠯᠤᠬᠰᠠᠨ ᠪᠤᠯ ᠵᠡᠭᠦᠨ ᠪᠠᠭᠠᠷᠢᠨ ᠤ ᠠᠯᠳᠠᠨᠰᠦ᠋ᠭᠡ ᠴᠤ  ᠪᠠᠷᠠᠭᠤᠨ ᠦᠵᠦᠮᠦᠴᠢᠨ ᠤ ᠰᠠᠨᠢᠴᠢᠷ ᠲᠤ ᠡᠪᠦᠳᠦᠭ ᠰᠢᠷᠦ᠋ᠢᠳᠠᠬᠰᠠᠨ ᠪᠠᠶᠢᠯ᠎ᠠ᠃      ᠤᠷᠳᠤᠰ ᠨᠤᠳᠤᠭ ᠤᠨ ᠨᠠᠶᠢᠷ ᠠᠴᠠ ᠶᠢᠰᠦᠨ ᠴᠠᠭᠠᠨ ᠭᠦᠯᠦᠭ ᠭᠦᠳᠤᠯᠵᠤ ᠢᠷᠡᠭᠰᠡᠨ ᠠᠶᠢᠮᠠᠭ ᠤᠨ ᠳᠠᠯᠠᠢ  ᠠᠪᠤᠷᠭᠤ ᠴᠠᠭᠠᠨᠵᠠᠭᠠᠨ ᠴᠤ ᠡᠨᠡ ᠨᠠᠶᠢᠷ ᠤᠨ ᠮᠠᠩᠯᠠᠢ ᠳᠤ ᠳᠡᠪᠢᠭᠦ ᠪᠦᠭᠡ ᠶᠢᠨ ᠨᠢᠭᠡᠨ ᠭᠡᠳᠡᠭ ᠪᠤᠯ ᠤᠯᠠᠨ ᠤ  ᠳᠠᠭᠠᠮᠠᠭ᠃ ᠭᠡᠳᠡᠯ᠎ᠡ ᠳᠠᠯᠠᠢ ᠠᠪᠤᠷᠭᠤ ᠮᠢᠨᠢ ᠠᠵᠠ ᠲᠤᠳᠠᠵᠤ᠂ ᠳᠡᠭᠡᠳᠤ ᠭᠤᠴᠢᠨ ᠬᠤᠶᠠᠷ ᠤᠨ ᠪᠠᠷᠢᠯᠳᠤᠭᠠᠨ ᠳᠠᠭᠠᠨ  ᠵᠡᠭᠦᠨ ᠦᠵᠦᠮᠦᠴᠢᠨ ᠤ ᠰᠠᠴᠤᠷᠠ ᠶᠢ ᠠᠴᠢᠬᠤ ᠭᠡᠳ ᠳᠡᠶᠢᠯᠦᠭᠰᠡᠨ ᠦᠭᠡᠢ ᠬᠠᠶᠠᠬᠳᠠᠬᠰᠠᠨ ᠨᠢ ᠳᠠᠩᠴᠢ  ᠬᠠᠷᠠᠮᠰᠠᠯᠳᠠᠢ᠃ ᠰᠦᠨᠢᠳ ᠨᠤᠳᠤᠭ ᠤᠨ ᠰᠤᠳᠤᠨ ᠪᠦᠭᠡ᠂ 512 ᠪᠦᠭᠡ ᠶᠢᠨ ᠮᠠᠩᠯᠠᠢ ᠠᠯᠳᠠᠨᠳᠤᠭᠤᠯᠭ᠎ᠠ  ᠵᠢᠷᠭᠤᠭ᠎ᠠ ᠶᠢᠨ ᠳᠠᠪᠠᠭᠠᠨ ᠳᠤ ᠲᠦᠷᠢᠮᠡᠭᠡᠢ ᠪᠠᠷᠢᠯᠳᠤᠭᠠᠨᠳᠤ ᠭᠠᠯᠰᠠᠩᠷᠠᠰᠢ ᠶᠢ ᠳᠤᠰᠴᠤ ᠪᠠᠷᠢᠯᠳᠤᠭᠠᠳ ᠡᠪᠦᠳᠦᠭ  ᠰᠢᠷᠦ᠋ᠢᠳᠠᠬᠰᠠᠨ ᠳᠤ ︽ᠮᠠᠨ ᠤ ᠠᠯᠳᠠᠨᠳᠤᠭᠤᠯᠭ᠎ᠠ ᠨᠤᠳᠤᠭ ᠤᠨ ᠢᠶᠠᠨ ᠨᠠᠶᠢᠷ ᠤᠨ 1024 ᠪᠦᠭᠡ ᠶᠢᠨ ᠳᠡᠷᠢᠭᠦᠨ ᠢ  ᠠᠪᠴᠢᠬᠠᠳᠠᠭ ᠪᠤᠯᠪᠠᠤ︾ ᠭᠡᠮᠡᠨ ᠬᠠᠷᠠᠵᠤ ᠪᠠᠶᠢᠬᠰᠠᠨ ᠨᠤᠳᠤᠭ ᠤᠨ ᠲᠦᠮᠡᠨ ᠡᠷᠭᠡ ᠦᠭᠡᠢ ᠬᠠᠷᠠᠮᠰᠠᠯ ᠤᠨ ᠨᠢᠯᠪᠤᠰᠤ  ᠪᠦᠮᠪᠦᠷᠢᠭᠦᠯᠵᠤ ᠪᠢᠯᠡ᠃      ᠭᠠᠵᠠᠷ ᠭᠠᠵᠠᠷ ᠤᠨ ᠠᠪᠤᠷᠭᠤ ᠪᠦᠭᠡᠴᠢᠳ ᠢᠡᠭᠭᠢᠵᠤ ᠠᠷᠤ ᠠᠷᠤ ᠠᠴᠠ ᠪᠠᠨ ᠤᠢᠢᠴᠢᠬᠰᠠᠭᠠᠷ ᠪᠠᠶᠢᠬᠤ ᠳᠤ  1024 ᠪᠦᠭᠡ ᠲᠠᠢ ᠨᠠᠶᠢᠷ ᠲᠤ ᠬᠤᠶᠠᠷ ᠤᠳᠠᠭ᠎ᠠ ᠳᠡᠷᠢᠭᠦᠯᠡᠭᠰᠡᠨ ᠪᠠᠶᠠᠷᠪᠠᠭᠠᠳᠤᠷ ᠠᠪᠤᠷᠭᠤ᠂ ᠪᠠᠳᠤᠵᠢᠷᠭᠠᠯ ᠠᠷᠰᠯᠠᠨ ᠬᠤᠶᠠᠷ ᠯᠠᠪᠳᠠᠭᠤᠨ ᠪᠠᠷᠢᠯᠳᠤᠵᠤ᠂ ᠳᠠᠭᠠᠷᠠᠬᠰᠠᠨ ᠤᠨᠤᠭ᠎ᠠ ᠪᠦᠭᠦᠨ ᠢᠶᠠᠨ ᠰᠠᠭᠠᠳ ᠦᠭᠡᠢ ᠳᠠᠪᠠᠭᠰᠠᠭᠠᠷ  ᠪᠠᠶᠢᠭᠠᠳ ᠳᠡᠷᠢᠭᠦᠨ ᠳᠡᠳ᠋ ᠤᠨ ᠪᠠᠷᠢᠯᠳᠤᠭᠠᠨ ᠳᠤ ᠵᠤᠯᠭᠠᠯ᠎ᠠ᠃      ᠠᠶᠢᠮᠠᠭ ᠤᠨ ᠠᠷᠰᠯᠠᠨ ᠪᠠᠳᠤᠵᠢᠷᠭᠠᠯ ᠭᠦᠯ ᠨᠢ ᠭᠡᠮᠳᠦᠭᠰᠡᠨ ᠠᠴᠠ ᠪᠦᠭᠦᠯᠢ ᠲᠦᠷᠪᠡᠨ ᠰᠠᠷ᠎ᠠ ᠠᠮᠠᠷᠠᠵᠤ᠂  ᠰᠤᠷᠢᠭ᠎ᠠ ᠪᠤᠯᠪᠠᠰᠤᠷᠠᠯ ᠳᠤ ᠤᠷᠤᠯᠴᠠᠬᠰᠠᠨ ᠦᠭᠡᠢ ᠪᠦᠭᠡᠳ ᠨᠠᠶᠢᠷ ᠨᠠᠭᠠᠳᠤᠮ ᠢᠶᠠᠷ ᠭᠦᠷᠦᠭᠰᠡᠨ ᠦᠭᠡᠢ ᠰᠤᠪᠢᠯᠠᠵᠤ ᠰᠢᠷᠬ᠎ᠠ ᠨᠢ ᠰᠠᠶᠢᠨ ᠪᠤᠯᠬᠤ ᠪᠠᠷ ᠤᠢᠢᠷ᠎ᠠ ᠶᠢᠨ ᠬᠤᠭᠤᠴᠠᠭᠠᠨ ᠠᠴᠠ ᠰᠠᠶ᠋ᠢ ᠡᠭᠢᠯᠡᠨ ᠨᠠᠶᠢᠷ ᠨᠠᠭᠠᠳᠤᠮ ᠢᠶᠠᠷ  ᠪᠠᠷᠢᠯᠳᠦᠵᠤ᠂ ᠤᠳᠤ ᠪᠤᠯᠳᠠᠯ᠎ᠠ ᠵᠢᠷᠭᠤᠭᠠᠨ ᠨᠠᠶᠢᠷ ᠲᠤ ᠪᠠᠷᠢᠯᠳᠤᠵᠤ ᠶᠠᠪᠤᠭ᠎ᠠ ᠶᠤᠮ᠃ ᠳᠡᠭᠡᠯ᠎ᠡ ᠴᠤ ᠭᠡᠰᠡᠨ ᠬᠠᠭᠤᠴᠢᠨ ᠭᠦᠮᠦᠨ ᠬᠠᠰᠢᠯᠠ ᠤᠨᠳᠤᠤ ᠪᠠᠶᠢᠵᠤ᠂ ᠪᠠᠷᠢᠯᠳᠤᠬᠰᠠᠨ ᠨᠠᠶᠢᠷ ᠲᠠᠭᠠᠨ ᠳᠡᠭᠡᠳᠤ ᠲᠦᠷᠪᠡ ᠠᠴᠠ ᠪᠠᠭᠤᠭ᠎ᠠ  ᠦᠭᠡᠢ ᠶᠠᠪᠤᠭ᠎ᠠ ᠪᠦᠭᠡᠳ ᠡᠨᠡ ᠨᠠᠶᠢᠷ ᠲᠤ ᠴᠤ ᠤᠯᠠᠨ ᠰᠠᠶᠢᠬᠠᠨ ᠪᠦᠭᠡ ᠶᠢ ᠡᠪᠦᠳᠦᠭ ᠰᠢᠷᠦ᠋ᠢᠳᠠᠭᠤᠯᠵᠤ᠂ ᠠᠪᠤᠷᠭᠤ  ᠪᠠᠶᠠᠷᠪᠠᠭᠠᠳᠤᠷ ᠲᠠᠢ ᠳᠡᠷᠢᠭᠦᠨ ᠳᠡᠳ᠋ ᠶᠢ ᠪᠤᠯᠢᠶᠠᠯᠴᠠᠬᠤ ᠪᠠᠷ ᠪᠠᠶᠢᠭ᠎ᠠ ᠨᠢ ᠡᠨᠡ ᠪᠢᠯᠡ᠃ ᠡᠳᠡ ᠬᠤᠶᠠᠷ ᠤᠨ ᠭᠡᠨ  ᠨᠢᠭᠡ ᠨᠢ ᠠᠪᠤᠬᠰᠠᠨ ᠴᠤ ᠪᠦᠷ 1024 ᠪᠦᠭᠡ ᠲᠠᠢ ᠨᠠᠶᠢᠷ ᠲᠤ ᠭᠤᠷᠪᠠᠳᠡᠭᠢ ᠤᠳᠠᠭ᠎ᠠ ᠪᠠᠨ ᠳᠡᠷᠢᠭᠦᠯᠡᠭᠰᠡᠨ  ᠭᠠᠶᠢᠬᠠᠮᠰᠢᠬ ᠢ ᠡᠭᠦᠳᠭᠦ ᠪᠤᠯᠤᠨ᠎ᠠ᠃ ᠳᠡᠶᠢᠮᠤ ᠳᠡᠭᠡᠨ ︽ᠪᠢᠳᠡᠭᠡᠢ ᠯᠡ ᠭᠡᠨᠡᠳᠡᠭᠡᠳ ᠤᠢᠢᠴᠢᠬᠠᠶ᠎ᠠ︾ ᠭᠡᠵᠤ ᠬᠤᠶᠠᠷ  ᠪᠦᠭᠡ ᠮᠠᠨᠢ ᠠᠷᠠᠢ ᠳᠡᠩᠳᠡᠭᠦᠦ ᠭᠡᠷᠰᠤᠯᠡᠨ᠂ ᠨᠢᠭᠡ ᠯᠡ ᠰᠢᠭᠤᠳᠴᠤ ᠦᠭᠭᠦ ᠦᠭᠡᠢ ᠪᠠᠶᠢᠬᠰᠠᠭᠠᠷ ᠪᠠᠷᠢᠯᠳᠤᠭᠠᠨ ᠤ  ᠴᠠᠭ ᠳᠤᠯᠵᠤ᠂ ᠤᠯᠠᠨ ᠳᠠᠭᠢᠵᠤ ᠪᠠᠷᠢᠴᠠ ᠰᠤᠩᠭᠤᠬᠰᠠᠨ ᠤ ᠡᠴᠤᠰ ᠲᠤ ᠪᠠᠶᠠᠷᠪᠠᠭᠠᠳᠤᠷ ᠠᠪᠤᠷᠭᠤ  ᠪᠠᠳᠤᠵᠢᠷᠭᠠᠯ ᠢᠶᠠᠨ ᠬᠠᠶᠠᠵᠤ᠂ ᠠᠷᠪᠠ ᠶᠢᠨ ᠳᠠᠪᠠᠭ᠎ᠠ ᠳᠠᠪᠠᠵᠤ ᠳᠡᠷᠢᠭᠦᠯᠡᠭᠰᠡᠨ ᠢᠶᠠᠷ ᠭᠤᠷᠪᠠᠳᠡᠭᠢ ᠤᠳᠠᠭ᠎ᠠ ᠪᠠᠨ ᠮᠢᠩᠭᠠᠨ ᠪᠦᠭᠡ ᠲᠠᠢ ᠨᠠᠶᠢᠷ ᠤᠨ ᠮᠠᠩᠯᠠᠢ ᠪᠤᠯᠵᠤ ᠪᠢᠯᠡ᠃      ᠲᠦᠴᠢᠨ ᠨᠠᠰᠤᠨ ᠤ ᠲᠦᠷᠦᠭᠡ ᠰᠢᠭᠦᠷᠴᠤ ᠶᠠᠪᠤᠭ᠎ᠠ ᠠᠪᠤᠷᠭᠤ ᠪᠠᠶᠠᠷᠪᠠᠭᠠᠳᠤᠷ ᠮᠢᠨᠢ ᠡᠨᠡ ᠵᠢᠯ ᠤᠨ ᠳᠤᠮᠤᠬᠠᠨ  ᠨᠠᠶᠢᠷ ᠨᠠᠭᠠᠳᠤᠮ ᠢᠶᠠᠷ ᠴᠤᠬᠤᠮ ᠭᠦ ᠦᠡᠭᠭᠡ ᠲᠠᠢ ᠪᠠᠷᠢᠯᠳᠤᠵᠤ᠂ ᠤᠬᠤᠷᠬᠠᠨ ᠰᠠᠷ᠎ᠠ ᠭᠠᠷᠤᠢ ᠶᠢᠨ ᠬᠤᠭᠤᠴᠠᠭᠠᠨ ᠳᠤ  512 ᠪᠦᠭᠡ ᠲᠠᠢ ᠨᠠᠶᠢᠷ ᠲᠤ ᠨᠢᠭᠡ ᠳᠡᠷᠢᠭᠦᠯᠡᠵᠤ᠂ 256 ᠪᠦᠭᠡ ᠲᠠᠢ ᠨᠠᠶᠢᠷ ᠲᠤ ᠭᠤᠷᠪᠠ ᠳᠡᠷᠢᠭᠦᠯᠡᠭᠰᠡᠨ ᠪᠦ᠋ᠭᠡᠳ  ᠡᠨᠡ ᠤᠳᠠᠭ᠎ᠠ 1024 ᠪᠦᠭᠡ ᠲᠠᠢ ᠨᠠᠶᠢᠷ ᠲᠤ ᠳᠠᠭᠢᠨᠳᠠ ᠳᠡᠷᠢᠭᠦᠯᠡᠭᠰᠡᠨ ᠢᠶᠠᠷ 1024 ᠪᠦᠭᠡ ᠲᠠᠢ ᠨᠠᠶᠢᠷ ᠲᠤ  ᠭᠤᠷᠪᠠ ᠳᠡᠷᠢᠭᠦᠯᠡᠵᠤ᠂ 512 ᠪᠦᠭᠡ ᠲᠠᠢ ᠨᠠᠶᠢᠷ ᠲᠤ 6 ᠳᠡᠷᠢᠭᠦᠯᠡᠨ᠂ 256 ᠪᠦᠭᠡ ᠲᠠᠢ ᠨᠠᠶᠢᠷ ᠲᠤ 31  ᠤᠳᠠᠭ᠎ᠠ ᠳᠡᠷᠢᠭᠦᠯᠡᠵᠤ᠂ ᠶᠡᠭᠡ ᠪᠠᠭ᠎ᠠ ᠨᠠᠶᠢᠷ ᠨᠠᠭᠠᠳᠤᠮ ᠢᠶᠠᠷ 500 ᠭᠠᠷᠤᠢ ᠤᠳᠠᠭ᠎ᠠ ᠳᠡᠷᠢᠭᠦᠯᠡᠭᠰᠡᠨ ᠳᠠᠪᠳᠠᠬᠳᠠᠰᠢ  ᠦᠭᠡᠢ ᠭᠠᠶᠢᠬᠠᠮᠰᠢᠬ ᠢ ᠡᠭᠦᠳᠴᠤ ᠶᠠᠪᠤᠨ᠎ᠠ᠃ ᠳᠡᠶᠢᠮᠤ ᠳᠡᠭᠡᠨ ᠠᠷᠠᠳ ᠤᠯᠠᠨ ᠮᠢᠨᠢ ︽ᠠᠪᠤᠷᠭᠤ ᠬᠠᠰᠢᠯᠠ ᠠᠪᠤᠷᠭᠤ  ᠡ︾ ᠭᠡᠮᠡᠨ ᠪᠠᠭ᠋ᠠᠳᠤᠨ ᠪᠢᠰᠢᠷᠡᠵᠤ᠂ ᠪᠠᠭ᠋ᠠᠷᠬᠠᠨ ᠱᠠᠬᠰᠢᠵᠤ ᠶᠠᠪᠤᠨᠠᠮ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号