ᠭᠠᠯ ᠲᠠᠬᠢᠯᠭ᠎ᠠ ᠶᠢᠨ ᠵᠠᠩ ᠦᠢᠯᠡ ᠪᠣᠯ ᠨᠡᠶᠢᠲᠡ ᠮᠣᠩᠭᠤᠯ ᠲᠤᠭᠤᠷᠭᠠᠲᠠᠨ ᠤ ᠨᠡᠶᠢᠲᠡᠯᠢᠭ ᠲᠦᠭᠡᠮᠡᠯ | ᠰᠢᠲᠦᠭᠡᠨ ᠤ ᠬᠡᠯᠪᠡᠷᠢ ᠪᠣᠯᠣᠨ᠎ᠠ᠃ ᠪᠠᠰᠠ ᠴᠤ ᠶᠡᠭᠡ ᠡᠷᠲᠡ ᠳᠡᠭᠡᠷ᠎ᠡ ᠦᠶ᠎ᠡ ᠠᠴᠠ ᠤᠯᠠᠮᠵᠢᠯᠠᠯ ᠪᠦᠬᠦᠢ ᠮᠠᠯᠴᠢᠨ ᠤ | ᠰᠣᠶᠣᠯ ᠶᠤᠮ᠃ ᠮᠣᠩᠭᠤᠯ ᠬᠥᠮᠥᠨ ᠭᠠᠯ ᠢ ᠡᠷᠬᠢᠮᠯᠡᠨ ᠬᠦᠨᠳᠦᠯᠡᠬᠦ᠂ ᠡᠩᠬᠡ ᠲᠤᠩᠬ᠎ᠠ ᠥᠭᠡᠳᠡ ᠬᠡᠢ ᠮᠣᠷᠢ ᠲᠠᠢ | ᠰᠠᠶᠢᠨ ᠰᠠᠶᠢᠬᠠᠨ ᠢ ᠵᠥᠩᠨᠡᠭᠰᠡᠨ ᠪᠡᠯᠭᠡᠳᠡᠯ ᠤᠨ ᠠᠭᠤᠯᠭ᠎ᠠ ᠲᠠᠢ ᠶᠤᠮ᠃ ᠡᠶᠢᠮᠦ ᠠᠴᠠ ᠰᠦᠨᠢᠳᠴᠤᠳ ᠬᠦᠬᠡᠬᠡ | ᠰᠠᠷ᠎ᠠ ᠶᠢᠨ ᠬᠤᠷᠢᠨ ᠭᠤᠷᠪᠠᠨ᠂ ᠬᠤᠷᠢᠨ ᠳᠦᠷᠪᠡᠨ ᠳᠤ ᠭᠠᠯ ᠲᠠᠬᠢᠬᠤ ᠶᠣᠰᠣᠨ ᠢ ᠬᠢᠳᠡᠭ᠃ ᠬᠦᠬᠡᠬᠡ ᠰᠠᠷ᠎ᠠ ᠶᠢᠨ | ᠬᠤᠷᠢᠨ ᠭᠤᠷᠪᠠᠨ ᠳᠤ ᠲᠠᠶᠢᠵᠢ ᠢᠵᠠᠭᠤᠷᠲᠠᠨ᠂ ᠬᠤᠷᠢᠨ ᠳᠦᠷᠪᠡᠨ ᠳᠤ ᠡᠭᠡᠯ ᠠᠷᠠᠳ ᠭᠠᠯ ᠢᠶᠠᠨ ᠲᠠᠬᠢᠳᠠᠭ᠃ ᠮᠠᠯ | ᠰᠦᠷᠦᠭ ᠬᠤᠲᠠᠯᠠᠵᠤ ᠣᠳᠣᠳ ᠲᠦᠭᠡᠭᠰᠡᠨ ᠤ ᠳᠠᠷᠠᠭ᠎ᠠ ᠭᠠᠯ ᠢᠶᠠᠨ ᠲᠠᠬᠢᠬᠤ ᠶᠣᠰᠣᠲᠠᠢ᠃ ᠭᠠᠯ ᠲᠠᠬᠢᠬᠤ ᠳᠠᠭᠠᠨ | ᠡᠭᠦᠳᠡ ᠪᠣᠯᠣᠨ ᠬᠤᠶᠢᠮᠤᠷ ᠲᠠᠭᠠᠨ ᠰᠢᠷᠢᠮᠡᠯ ᠰᠢᠷᠲᠡᠭ ᠳᠡᠪᠢᠰᠴᠦ᠂ ᠨᠢᠭᠡ ᠭᠡᠷ ᠤᠨ ᠶᠡᠭᠡ ᠪᠠᠭ᠎ᠠ ᠭᠡᠰᠡᠨ ᠦᠭᠡᠢ | ᠴᠡᠪᠡᠷ ᠰᠠᠶᠢᠬᠠᠨ ᠬᠤᠪᠴᠠᠰᠤ ᠪᠠᠨ ᠡᠮᠦᠰᠴᠦ᠂ ᠭᠡᠷ ᠤᠨ ᠡᠵᠡᠨ ᠤ ᠳᠠᠭᠠᠭᠤᠯᠭ᠎ᠠ ᠪᠠᠷ ᠬᠤᠨᠢᠨ ᠤ ᠡᠪᠴᠢᠭᠦᠦ ᠶᠢ | ᠲᠡᠮᠡᠭᠡᠨ ᠤ ᠤᠩᠭᠤᠰᠤᠨ ᠤᠲᠠᠰᠤ ᠪᠠᠷ ᠣᠷᠢᠶᠠᠵᠤ᠂ ᠰᠡᠮᠡᠵᠡᠨ ᠳᠤᠨᠢ ᠪᠣᠭᠤᠵᠤ ᠭᠠᠯ ᠳᠡᠭᠡᠭᠦᠷ ᠢᠶᠠᠨ ︽ᠬᠤᠷᠤᠢ︕ | ᠬᠤᠷᠤᠢ︕ ᠬᠤᠷᠤᠢ︕︾ ᠭᠡᠵᠦ ᠭᠤᠷᠪᠠ ᠵᠥᠪ ᠡᠷᠭᠢᠭᠦᠯᠦᠨ ᠭᠠᠯ ᠲᠤᠯᠭ᠎ᠠ ᠳᠠᠭᠠᠨ ᠡᠷᠭᠦᠵᠦ᠂ ᠳᠡᠭᠡᠷ᠎ᠡ ᠨᠢ | ᠠᠷᠢᠬᠢ ᠰᠢᠷ᠎ᠠ ᠢᠳᠡᠭᠡ᠂ ᠳᠤᠷᠳᠤᠩ ᠲᠣᠷᠭᠠᠨ ᠭᠡᠵᠦ ᠭᠤᠷᠪᠠ ᠵᠥᠪ ᠡᠷᠭᠢᠭᠦᠯᠦᠨ ᠭᠠᠯ ᠲᠤᠯᠭ᠎ᠠ ᠳᠠᠭᠠᠨ ᠡᠷᠭᠦᠵᠦ | ᠳᠡᠭᠡᠷ᠎ᠡ ᠨᠢ ᠠᠷᠢᠬᠢ᠂ ᠰᠢᠷ᠎ᠠ ᠲᠣᠰᠣ᠂ ᠴᠠᠭᠠᠨ ᠢᠳᠡᠭᠡ᠂ ᠳᠤᠷᠳᠤᠩ ᠲᠣᠷᠭᠠᠨ ᠥᠭᠡᠳᠡᠰᠦ᠂ ᠲᠠᠪᠤᠨ ᠲᠠᠷᠢᠶ᠎ᠠ ᠶᠢᠨ | ᠦᠷ᠎ᠡ ᠠᠷᠴᠠ᠂ ᠽᠠᠨᠳᠠᠨ ᠵᠡᠷᠭᠡ ᠶᠢ ᠡᠷᠭᠦᠵᠦ᠂ ᠮᠠᠯ ᠤᠨ ᠪᠤᠶᠠᠨ᠂ ᠡᠳ᠋ ᠤᠨ ᠪᠤᠶᠠᠨ᠂ ᠡᠩᠬᠡ ᠶᠢᠨ ᠪᠤᠶᠠᠨ ᠢ ᠨᠢ | ᠳᠠᠭᠠᠳᠬᠠᠵᠤ᠂ ᠥᠯᠵᠡᠢ ᠬᠡᠢ ᠮᠣᠷᠢ ᠡᠩᠬᠡ ᠲᠤᠩᠬ᠎ᠠ ᠪᠤᠶᠠᠨ ᠵᠢᠷᠭᠠᠯ ᠲᠠᠢ ᠶᠠᠪᠤᠬᠤ ᠶᠢ ᠨᠠᠮᠠᠨᠴᠢᠯᠠᠨ ᠭᠤᠷᠪᠠᠨᠲᠠ | ᠮᠥᠷᠭᠦᠵᠦ᠂ ᠬᠥᠮᠥᠨ ᠪᠦᠬᠦᠨ ᠭᠠᠯ ᠳᠠᠭᠠᠨ ᠬᠤᠷᠢᠨ ᠬᠦᠵᠢ ᠠᠰᠠᠭᠠᠵᠤ ᠥᠪᠡᠷ ᠤᠨ ᠰᠦᠰᠦᠭ ᠪᠢᠰᠢᠷᠡᠯ ᠤᠨ | ᠡᠭᠦᠳᠡᠨ ᠠᠴᠠ ᠭᠠᠯ ᠳᠠᠭᠠᠨ ᠡᠷᠭᠦᠴᠡ ᠡᠷᠭᠦᠳᠡᠭ ᠪᠠᠶᠢᠨ᠎ᠠ᠃ ᠭᠠᠯ ᠢᠶᠠᠨ ᠲᠠᠬᠢᠵᠤ ᠳᠠᠭᠤᠰᠤᠮᠠᠭᠴᠠ ᠭᠡᠷ ᠲᠡᠭᠡᠨ ᠭᠠᠯ | ᠲᠠᠬᠢᠯᠭ᠎ᠠ ᠶᠢᠨ ᠴᠠᠢ ᠤᠤᠭᠤᠵᠤ᠂ ᠢᠳᠡᠭᠡ ᠪᠤᠳᠠᠭ᠎ᠠ ᠪᠦᠷᠢᠳᠬᠡᠵᠦ᠂ ᠠᠷᠢᠬᠢ ᠰᠠᠷᠬᠤᠳ ᠬᠡᠮᠨᠡᠵᠦ ᠨᠠᠶᠢᠷᠠᠯᠳᠤᠨ | ᠰᠠᠭᠤᠳᠠᠭ᠃ | |