ᠲᠡᠭᠡᠪᠡᠯ ᠬᠠᠪᠤᠳᠤ ᠬᠠᠰᠠᠷ ᠢ ᠶᠠᠭᠤᠨ ᠳᠤ ᠪᠢᠰᠢᠷᠡᠨ ᠰᠢᠳᠦᠵᠦ ᠲᠠᠬᠢᠳᠠᠭ ᠪᠤᠢ︖ ᠶᠠᠭᠤᠨ ᠳᠤ | ᠲᠤᠰᠬᠠᠶᠢᠯᠠᠨ ᠰᠤᠳᠤᠯᠳᠠᠭ ᠪᠤᠢ︖ ᠡᠨᠡ ᠪᠦᠬᠦᠨ ᠳᠤ ᠶᠠᠮᠠᠷ ᠴᠢᠬᠤᠯᠠ ᠠᠭᠤᠯᠭ᠎ᠠ ᠬᠠᠳᠠᠭᠠᠯᠠᠭᠳᠠᠵᠤ ᠪᠠᠶᠢᠬᠤ ᠪᠣᠯ︖ | | ᠴᠠᠭ ᠦᠶ᠎ᠡ ᠬᠠᠪᠤᠳᠤ ᠬᠠᠰᠠᠷ ᠢ ᠪᠤᠶᠢᠵᠢᠭᠤᠯᠤᠨ ᠬᠦᠮᠦᠵᠢᠭᠦᠯᠦᠭᠰᠡᠨ᠃ 12 ᠳ᠋ᠤᠭᠠᠷ ᠵᠠᠭᠤᠨ ᠠᠴᠠ 13 | ᠳ᠋ᠤᠭᠠᠷ ᠵᠠᠭᠤᠨ ᠬᠦᠷᠲᠡᠯ᠎ᠡ ᠮᠤᠩᠭᠤᠯ ᠤᠨ ᠨᠡᠶᠢᠭᠡᠮ ᠶᠡᠭᠡ ᠳᠠᠶᠢᠨ ᠳᠠᠵᠢᠨ ᠬᠢᠵᠦ᠂ ᠣᠯᠠᠨ ᠠᠶᠢᠮᠠᠭ | ᠦᠷᠢᠰᠦᠯᠳᠦᠭᠰᠡᠨ ᠡᠶᠢᠮᠦ ᠨᠢᠭᠡ ᠪᠤᠳᠤᠯᠢᠶᠠᠨᠳᠡᠢ ᠴᠠᠭ ᠦᠶ᠎ᠡ ᠳᠤ ᠣᠷᠣᠭᠰᠠᠨ᠃ ᠲᠡᠶᠢᠮᠦ ᠠᠴᠠ ᠪᠠᠨ ᠴᠠᠭ ᠦᠶ᠎ᠡ | ᠶᠢᠨ ᠪᠠᠶᠢᠳᠠᠯ ᠨᠢ ᠲᠠᠷᠠᠬᠠᠢ ᠪᠤᠳᠠᠷᠬᠠᠢ ᠣᠯᠠᠨ ᠠᠶᠢᠮᠠᠭ ᠦᠷᠢᠰᠦᠯᠳᠦᠵᠦ ᠨᠢᠭᠡᠳᠦᠯ ᠤᠨ ᠵᠦᠭ ᠲᠤ ᠬᠠᠨᠳᠤᠬᠤ ᠡᠶᠢᠮᠦ | ᠬᠠᠨᠳᠤᠰᠢ ᠲᠠᠢ ᠪᠠᠶᠢᠭᠰᠠᠨ᠂ ᠪᠣᠭᠤᠯ ᠡᠵᠡᠮᠰᠢᠯ ᠤᠨ ᠨᠡᠶᠢᠭᠡᠮ ᠠᠴᠠ ᠪᠠᠨ ᠹᠸᠤᠳᠠᠯ ᠡᠵᠡᠮᠰᠢᠯ ᠤᠨ ᠨᠡᠶᠢᠭᠡᠮ ᠵᠦᠭ | ᠰᠢᠯᠵᠢᠬᠦ ᠡᠶᠢᠮᠦ ᠬᠦᠭᠵᠢᠯ ᠤᠨ ᠴᠠᠭ ᠦᠶ᠎ᠡ ᠳᠤ ᠪᠠᠶᠢᠭᠰᠠᠨ᠂ ᠨᠡᠩ ᠴᠤ ᠠᠶᠢᠮᠠᠭ ᠪᠦᠯᠦᠭ ᠤᠨ ᠵᠤᠬᠢᠶᠠᠨ | ᠪᠠᠶᠢᠭᠤᠯᠤᠯᠳᠠ ᠶᠢᠨ ᠬᠡᠪᠴᠢᠶ᠎ᠡ ᠠᠴᠠ ᠤᠯᠤᠰ ᠬᠦᠷᠦᠨ ᠪᠣᠯᠵᠤ ᠬᠤᠪᠢᠷᠠᠬᠤ ᠡᠨᠡ ᠵᠦᠭ ᠲᠤ ᠶᠠᠪᠤᠬᠤ ᠱᠠᠭᠠᠷᠳᠠᠯᠭ᠎ᠠ | ᠲᠠᠢ ᠪᠠᠶᠢᠭᠰᠠᠨ᠃ ᠶᠠᠭ ᠡᠶᠢᠮᠦ ᠦᠶ᠎ᠡ ᠳᠤ ᠲᠦᠷᠦᠵᠦ ᠦᠰᠦᠭᠰᠡᠨ ᠤᠴᠢᠷ ᠠᠴᠠ ᠡᠯ᠎ᠠ ᠠᠶᠢᠮᠠᠭ ᠤᠨ ᠨᠢᠭᠡᠳᠦᠯ᠂ | ᠪᠦᠬᠦ ᠮᠤᠩᠭᠤᠯ ᠤᠨ ᠨᠢᠭᠡᠳᠦᠯ᠂ ᠮᠤᠩᠭᠤᠯ ᠤᠨ ᠬᠠᠭᠠᠨᠳᠤ ᠤᠯᠤᠰ ᠢ ᠪᠠᠶᠢᠭᠤᠯᠬᠤ ᠡᠶᠢᠮᠦᠷᠭᠦᠦ ᠨᠢᠭᠡᠳᠦᠯ ᠤᠨ ᠵᠦᠭ | ᠶᠠᠪᠤᠬᠤ ᠴᠠᠭ ᠦᠶ᠎ᠡ ᠳᠤ ᠲᠦᠷᠦᠭᠰᠡᠨ ᠤᠴᠢᠷ ᠠᠴᠠ ᠬᠠᠰᠠᠷ ᠢ ᠴᠠᠭ ᠦᠶ᠎ᠡ ᠬᠦᠮᠦᠵᠢᠬᠦᠯᠵᠦ᠂ ᠴᠠᠭ ᠦᠶ᠎ᠡ ᠶᠢᠨ | ᠪᠠᠭᠠᠳᠤᠷ ᠪᠣᠯᠭᠠᠭᠰᠠᠨ ᠪᠠᠶᠢᠨ᠎ᠠ᠃ | ᠲᠡᠶᠢᠮᠦ ᠠᠴᠠ ᠣᠳᠤ ᠮᠤᠩᠭᠤᠯ ᠤᠨ ᠶᠡᠭᠡ ᠨᠢᠭᠡᠳᠦᠯ᠂ ᠪᠤᠭᠤᠯᠳᠤ ᠨᠡᠶᠢᠭᠡᠮ ᠠᠴᠠ ᠹᠸᠤᠳᠠᠯ ᠨᠡᠶᠢᠭᠡᠮ ᠤᠷᠤᠭᠤ | ᠰᠢᠯᠵᠢᠬᠦ ᠨᠢᠭᠡ ᠨᠡᠶᠢᠭᠡᠮ ᠤᠨ ᠱᠠᠳᠤ ᠲᠡᠶᠢᠰᠢ ᠪᠠᠨ ᠳᠠᠪᠰᠢᠬᠤ ᠳᠤ ᠪᠣᠯ ᠴᠢᠩᠭᠢᠰ ᠤᠨ ᠤᠬᠠᠭᠠᠨ᠂ ᠬᠠᠰᠠᠷ ᠤᠨ ᠬᠠᠪᠤ᠂ | ᠪᠡᠯᠭᠦᠳᠡᠢ ᠶᠢᠨ ᠬᠦᠴᠦ ᠬᠡᠵᠦ ᠡᠨᠡ ᠭᠤᠷᠪᠠᠨ ᠠᠭᠤᠤ ᠶᠡᠭᠡ ᠮᠤᠩᠭᠤᠯ ᠤᠨ ᠳᠡᠭᠡᠳᠦ ᠨᠣᠶᠠᠨᠳᠠᠨ ᠴᠢᠳᠠᠪᠤᠷᠢᠳᠠᠨ ᠤ | ᠬᠦᠴᠦ ᠪᠠᠷ ᠮᠤᠩᠭᠤᠯ ᠤᠨ ᠨᠢᠭᠡᠳᠦᠯ ᠢ ᠪᠡᠶᠡᠯᠡᠬᠦᠯᠵᠦ᠂ ᠮᠤᠩᠭᠤᠯ ᠤᠨ ᠡᠵᠡᠨᠳᠦ ᠤᠯᠤᠰ ᠹᠸᠤᠳᠠᠯ ᠤᠨ ᠨᠡᠶᠢᠭᠡᠮ ᠳᠤ | ᠰᠢᠯᠵᠢᠨ ᠤᠷᠤᠭᠰᠠᠨ᠃ ᠡᠨᠡ ᠪᠣᠯ ᠴᠢᠬᠤᠯᠠ ᠤᠳᠬ᠎ᠠ ᠠᠭᠤᠯᠭ᠎ᠠ ᠲᠠᠢ ᠭᠡᠵᠦ ᠦᠵᠡᠨ᠎ᠡ᠃ | ᠲᠡᠭᠡᠪᠡᠯ ᠬᠠᠪᠤᠳᠤ ᠬᠠᠰᠠᠷ ᠪᠣᠯ ᠡᠶ᠎ᠡ ᠨᠠᠶᠢᠷᠠᠮᠳᠠᠭᠤ ᠪᠦᠯᠬᠦᠮᠳᠠᠯ ᠢ ᠡᠷᠬᠢᠮᠯᠡᠳᠡᠭ ᠬᠦᠮᠦᠨ᠃ ᠡᠨᠡ ᠶᠠᠭᠠᠬᠢᠭᠠᠳ | ᠪᠤᠢ︖ ᠭᠡᠪᠡᠯ ᠲᠡᠭᠡᠷ᠎ᠡ ᠦᠶ᠎ᠡ ᠶᠢᠨ ᠰᠤᠷᠭᠠᠯ᠂ ᠦᠪᠡᠷ ᠤᠨ ᠪᠡᠶ᠎ᠡ ᠶᠢᠨ ᠦᠩᠭᠡᠷᠡᠯᠳᠡ ᠠᠴᠠ ᠪᠠᠨ ᠰᠤᠷᠭᠠᠮᠵᠢ | ᠤᠯᠵᠡᠢ᠃ ᠲᠡᠭᠡᠷ᠎ᠡ ᠦᠶ᠎ᠡ ᠳᠡᠭᠡᠨ ᠠᠯᠤᠩᠭᠤᠸ᠎ᠠ ᠡᠬᠡ ᠲᠠᠪᠤᠨ ᠮᠦᠰᠦ ᠬᠤᠭᠤᠯᠵᠤ ᠬᠡᠳᠦᠨ ᠬᠡᠤᠭᠡᠳ ᠢᠶᠠᠨ | ᠪᠦᠯᠬᠦᠮᠳᠡᠯ ᠲᠠᠢ ᠪᠠᠢ ᠬᠡᠵᠦ ᠰᠤᠷᠭᠠᠭᠰᠠᠨ ᠲᠤᠮᠤᠭ ᠪᠠᠶᠢᠳᠠᠭ᠃ | ᠬᠠᠰᠠᠷ ᠤᠨ ᠪᠡᠶ᠎ᠡ ᠲᠡᠭᠡᠷ᠎ᠡ ᠠᠪᠴᠤ ᠬᠡᠯᠡᠪᠡᠯ᠂ ᠠᠬ᠎ᠠ ᠲᠡᠭᠦᠦ ᠬᠤᠶᠠᠭᠤᠯᠠ ᠪᠠᠨ ᠪᠡᠭᠳᠡᠷ ᠢ ᠬᠠᠷᠪᠤᠵᠤ | ᠠᠯᠠᠭᠰᠠᠨ᠂ ᠡᠨᠡ ᠤᠴᠢᠷ ᠲᠡᠭᠡᠷ᠎ᠡ ᠦᠭᠡᠯᠦᠨ ᠦᠵᠢᠨ ᠪᠣᠯ ᠶᠡᠭᠡ ᠠᠭᠤᠷᠯᠠᠨ ᠳᠣᠩᠭᠤᠳᠴᠤ᠂ | ︽ᠰᠡᠭᠦᠳᠡᠷ ᠠᠴᠠ ᠪᠠᠨ ᠦᠭᠡᠷ᠎ᠡ ᠨᠦᠬᠦᠷ ᠦᠭᠡᠢ᠂ ᠰᠡᠭᠦᠯ ᠠᠴᠠ ᠪᠠᠨ ᠦᠭᠡᠷ᠎ᠡ ᠲᠠᠰᠢᠭᠤᠷ ᠦᠭᠡᠢ︾᠂ ᠡᠶᠢᠮᠦ | ᠪᠤᠳᠠᠷᠠᠵᠤ ᠰᠠᠷᠨᠢᠭᠰᠠᠨ ᠴᠠᠭ ᠲᠤ ᠲᠠᠨᠤᠰ ᠨᠢᠭᠡ ᠨᠢᠭᠡᠨ ᠲᠠᠢ ᠪᠠᠨ ᠠᠯᠠᠯᠳᠤᠵᠤ ᠪᠠᠷᠢᠯᠳᠤᠭᠠᠳ᠂ ᠡᠪ ᠪᠦᠯᠬᠦᠮᠳᠡᠯ | ᠦᠭᠡᠢ ᠶᠠᠪᠤᠬᠤ ᠴᠢᠨᠢ ᠵᠠᠳᠠᠷᠠᠯ ᠤᠨ ᠵᠦᠭ ᠲᠡᠭᠡᠨ ᠶᠠᠪᠤᠵᠤ ᠪᠠᠶᠢᠨ᠎ᠠ᠂ ᠳᠣᠷᠦ᠋ᠢᠳᠡᠯ ᠤᠨ ᠵᠦᠭ ᠶᠠᠪᠤᠵᠤ ᠪᠠᠶᠢᠨ᠎ᠠ | ᠭᠡᠵᠦ ᠤᠬᠠᠭᠠᠷᠠᠭᠤᠯᠤᠭᠰᠠᠨ ᠪᠠᠶᠢᠨ᠎ᠡ᠃ | ᠲᠡᠶᠢᠮᠦ ᠪᠣᠯᠬᠤᠷ ᠡᠨᠡ ᠶᠠᠪᠤᠳᠠᠯ ᠠᠴᠠ ᠬᠠᠰᠠᠷ ᠶᠡᠭᠡ ᠤᠬᠠᠭᠠᠨ ᠤᠷᠤᠵᠤ᠂ ᠡᠪᠳᠡᠷᠡᠵᠦ ᠪᠣᠯᠬᠤ ᠦᠭᠡᠢ᠂ | ᠮᠠᠨ ᠤ ᠳᠡᠭᠡᠳᠦ ᠶᠢᠨ ᠡᠯᠦᠨᠴᠡ ᠬᠤᠯᠤᠨᠴᠠ ᠶᠢᠨ ᠵᠢᠭᠠᠭᠰᠠᠨ ᠰᠢᠭ᠋ ᠲᠠᠪᠤᠨ ᠮᠦᠰᠦ ᠪᠠᠭᠯᠠᠵᠤ ᠬᠤᠭᠤᠯᠬᠤ ᠲᠠᠢ | ᠠᠳᠠᠯᠢ ᠪᠦᠯᠬᠦᠮᠳᠡᠪᠡᠯ ᠲᠠᠭᠠᠷᠠᠨ᠎ᠠ ᠭᠡᠰᠡᠨ ᠰᠤᠷᠭᠠᠮᠵᠢ ᠶᠢ ᠣᠯᠣᠭᠰᠠᠨ᠃ | ᠲᠡᠶᠢᠮᠦ ᠠᠴᠠ ᠬᠠᠰᠠᠷ ᠪᠣᠯ ᠡᠶ᠎ᠡ ᠡᠪ ᠲᠠᠢ ᠶᠠᠪᠤᠬᠤ ᠶᠢ ᠶᠡᠭᠡ ᠡᠷᠬᠢᠮᠯᠡᠳᠡᠭ᠃ ᠬᠠᠰᠠᠷ ᠤᠨ ᠪᠡᠶ᠎ᠡ ᠪᠠᠷ ᠠᠪᠴᠤ | ᠬᠡᠯᠡᠪᠡᠯ᠂ ᠶᠡᠭᠡ ᠪᠡᠷᠬᠡᠰᠢᠶᠡᠯᠳᠦ ᠶᠠᠪᠤᠳᠠᠯ ᠲᠤᠯᠭᠠᠷᠠᠵᠤ ᠦᠩᠭᠡᠷᠡᠭᠰᠡᠨ᠂ ᠮᠦᠨ ᠴᠦ ᠬᠠᠰᠠᠷ ᠤᠨ ᠵᠠᠩ ᠠᠭᠠᠰᠢ ᠪᠣᠯ | ᠶᠡᠭᠡ ᠲᠤᠭᠰᠢᠨ᠂ ᠲᠠᠬᠢᠪᠡᠯ ᠦᠪᠡᠷ ᠤᠨ ᠵᠣᠷᠢᠭᠰᠠᠨ ᠢᠶᠠᠨ ᠪᠠᠷᠢᠮᠳᠠᠯᠠᠳᠠᠭ᠃ ᠲᠡᠭᠡᠪᠡᠯ ᠴᠢᠩᠭᠢᠰ ᠪᠣᠯ ᠶᠡᠭᠡ ᠮᠡᠷᠭᠡᠨ | ᠤᠬᠠᠭᠠᠨ ᠲᠠᠢ᠂ ᠬᠠᠤᠯᠢ ᠶᠢ ᠪᠠᠷᠢᠮᠳᠠᠯᠠᠳᠠᠭ᠂ ᠦᠪᠡᠷ ᠤᠨ ᠪᠡᠶ᠎ᠡ ᠪᠠᠨ ᠲᠡᠭᠷᠢ ᠬᠡᠵᠦ ᠦᠵᠡᠳᠡᠭ ᠪᠣᠯᠬᠤᠷ ᠶᠠᠭᠤ | ᠪᠦᠬᠦᠨ ᠢ ᠲᠡᠭᠦᠨ ᠤ ᠦᠭᠡ ᠪᠠᠷ ᠶᠠᠪᠤᠬᠤ ᠦᠭᠡᠢ ᠪᠣᠯᠬᠤ ᠦᠭᠡᠢ ᠬᠡᠵᠦ ᠦᠵᠡᠳᠡᠭ᠃ ᠡᠶᠢᠮᠦ ᠠᠴᠠ ᠬᠠᠰᠠᠷ ᠪᠣᠯᠣᠨ | ᠴᠢᠩᠭᠢᠰ ᠤᠨ ᠬᠤᠭᠤᠷᠤᠨᠳᠤ ᠪᠠᠶᠢᠨ ᠪᠠᠶᠢᠨ ᠵᠦᠷᠢᠴᠡᠯ ᠭᠠᠷᠳᠠᠭ᠃ ᠨᠠᠩ ᠢᠯᠠᠩᠭᠤᠶ᠎ᠠ ᠬᠠᠰᠠᠷ ᠡᠬᠢᠯᠡᠭᠡᠳ ᠴᠢᠩᠭᠢᠰ | ᠲᠠᠢ ᠵᠦᠷᠢᠴᠡᠯ ᠭᠠᠷᠬᠤ ᠳᠤ ᠴᠢᠩᠭᠢᠰ ᠲᠡᠭᠦᠦ ᠪᠠᠨ ᠪᠤᠷᠤᠭᠤᠰᠢᠶᠠᠵᠤ ᠪᠠᠶᠢᠭᠰᠠᠨ᠃ ᠰᠡᠭᠦᠯ ᠳᠤᠨᠢ ᠬᠠᠰᠠᠷ ᠢ | ᠪᠠᠷᠢᠭᠠᠳ ᠴᠤᠬᠢᠭᠤᠯᠬᠤ ᠪᠤᠯᠤᠭᠰᠠᠨ᠂ ᠪᠠᠷᠢᠵᠦ ᠬᠦᠯᠢᠬᠦ ᠪᠣᠯᠤᠭᠰᠠᠨ᠂ ᠬᠠᠮᠤᠭ ᠤᠨ ᠰᠡᠭᠦᠯ ᠳᠤᠨᠢ ᠬᠤᠳᠳᠤᠭ ᠲᠤ | ᠪᠠᠰᠠ ᠳᠠᠷᠤᠬᠤ ᠪᠣᠯᠤᠭᠰᠠᠨ᠃ | ᠢᠩᠭᠢᠭᠡᠳ ᠬᠡᠳᠦ ᠤᠳᠠᠭ᠎ᠠ ᠬᠠᠰᠠᠷ ᠲᠠᠢ ᠵᠦᠷᠢᠴᠡᠯ ᠮᠦᠷᠭᠦᠯᠳᠦᠭᠡᠨ ᠡᠭᠦᠰᠦᠭᠰᠡᠨ᠃ ᠲᠡᠶᠢᠮᠦ ᠠᠴᠠ ᠬᠠᠰᠠᠷ | ᠨᠢᠭᠡ ᠤᠳᠠᠭ᠎ᠠ ᠬᠦᠭᠡᠴᠦ ᠪᠦᠬᠡ ᠳᠤ ᠪᠠᠷᠢᠵᠤ ᠴᠤᠭᠢᠭᠳᠠᠭᠰᠠᠨ ᠳᠤ ᠴᠢᠩᠭᠢᠰ᠄ ︽ᠴᠢ ᠴᠢᠨᠢ ᠬᠡᠨ ᠳᠤ ᠴᠤ | ᠳᠡᠶᠢᠯᠦᠭᠳᠡᠬᠦ ᠦᠭᠡᠢ ᠰᠦᠷᠡᠬᠡᠢ ᠬᠦᠮᠦᠨ ᠭᠡᠰᠡᠨ ᠰᠢᠳᠡ᠂ ᠴᠢ ᠶᠠᠭᠠᠬᠢᠭᠠᠳ ᠵᠣᠳᠣᠭᠳᠠᠪᠠ︾ ᠬᠡᠵᠦ ᠬᠠᠰᠠᠷ ᠤᠨ | ᠵᠦᠪ ᠢ ᠦᠭᠭᠦᠭᠰᠡᠨ ᠦᠭᠡᠢ᠂ ᠬᠠᠷᠢᠨ ᠲᠡᠷᠡ ᠬᠦᠭᠡᠴᠦ ᠪᠦᠬᠡ ᠶᠢᠨ ᠲᠠᠯ᠎ᠠ ᠳᠤ ᠦᠭᠡ ᠶᠠᠷᠢᠭᠰᠠᠨ ᠪᠠᠶᠢᠨ᠎ᠠ᠃ | ᠡᠭᠦᠨ ᠠᠴᠠ ᠬᠤᠶᠢᠰᠢ ᠬᠦᠬᠡᠴᠦ ᠪᠦᠬᠡ ᠤᠯᠠᠮ ᠶᠡᠭᠡ ᠰᠠᠭᠰᠠᠭᠤᠷᠠᠵᠤ᠂ ᠮᠤᠩᠭᠤᠯ ᠤᠨ ᠲᠦᠷᠦ ᠶᠢ ᠡᠵᠡᠯᠡᠬᠦ | ᠡᠶᠢᠮᠦ ᠰᠠᠨᠠᠭ᠎ᠠ ᠪᠠᠨ ᠪᠡᠶᠡᠯᠡᠬᠦᠯᠬᠦ ᠶᠢᠨ ᠲᠦᠯᠦᠭᠡ᠂ ᠲᠡᠭᠷᠢ ᠪᠤᠷᠬᠠᠨ ᠤ ᠰᠢᠳᠦᠭᠡᠨ᠂ ᠮᠡᠩᠭᠡᠯᠢᠭ ᠡᠴᠢᠭᠡ ᠶᠢᠨ ᠢᠶᠠᠨ | ᠨᠡᠷ᠎ᠡ ᠰᠦᠷ ᠢ ᠠᠰᠢᠭᠯᠠᠵᠤ᠂ ᠴᠢᠩᠭᠢᠰ ᠬᠠᠰᠠᠷ ᠢ ᠵᠠᠪᠰᠠᠷᠳᠠᠭᠤᠯᠵᠤ ᠪᠠᠶᠢᠭᠠᠳ᠂ ᠮᠤᠩᠭᠤᠯ ᠤᠨ ᠡᠵᠡᠨᠳᠦ ᠤᠯᠤᠰ ᠢ | ᠡᠵᠡᠯᠡᠵᠦ ᠠᠪᠬᠤ ᠡᠶᠢᠮᠦ ᠨᠢᠭᠡ ᠵᠡᠷᠯᠢᠭ ᠰᠠᠨᠠᠭ᠎ᠠ ᠪᠠᠨ ᠪᠡᠶᠡᠯᠡᠬᠦᠯᠬᠦ ᠭᠡᠰᠡᠨ᠃ | ᠲᠡᠭᠡᠬᠦ ᠳᠡᠭᠡᠨ ᠬᠦᠭᠡᠴᠦ ᠪᠦᠬᠡ ᠳᠤ ᠠᠪᠴᠤ ᠬᠡᠯᠡᠪᠡᠯ ᠬᠠᠮᠤᠭ ᠲᠡᠷᠢᠭᠦᠨ ᠳᠤ ᠬᠠᠰᠠᠷ ᠢ ᠤᠰᠠᠳᠬᠠᠬᠤ ᠦᠭᠡᠢ | ᠪᠣᠯ ᠡᠨᠡ ᠰᠠᠨᠠᠭᠠᠨ ᠳᠠᠭᠠᠨ ᠬᠦᠷᠴᠦ ᠴᠢᠳᠠᠬᠤ ᠦᠭᠡᠢ᠂ ᠬᠠᠮᠤᠭ ᠤᠨ ᠠᠶᠤᠯᠳᠤ ᠲᠠᠶᠢᠰᠤᠨ ᠪᠣᠯ ᠬᠠᠰᠠᠷ ᠪᠠᠶᠢᠭᠰᠠᠨ᠃ | ᠲᠡᠷᠡ ᠴᠢᠩᠭᠢᠰ ᠪᠣᠯᠣᠨ ᠬᠠᠰᠠᠷ ᠢ ᠵᠠᠪᠰᠠᠷᠳᠠᠭᠤᠯᠬᠤ ᠶᠢᠨ ᠲᠦᠯᠦᠭᠡ ᠵᠠᠭᠠᠷᠢᠨ ᠲᠡᠭᠷᠢ ᠠᠴᠠ ᠵᠠᠷᠯᠢᠭ ᠪᠠᠭᠤᠯᠭᠠᠨ | ︽ᠴᠢᠩᠭᠢᠰ ᠬᠠᠭᠠᠨ ᠪᠣᠯ ᠨᠢᠭᠡ ᠦᠶ᠎ᠡ ᠲᠦᠷᠦ ᠪᠠᠷᠢᠵᠤ᠂ ᠬᠠᠰᠠᠷ ᠪᠣᠯ ᠨᠢᠭᠡ ᠦᠶ᠎ᠡ ᠲᠦᠷᠦ ᠪᠠᠷᠢᠨ᠎ᠠ︾ ᠭᠡᠵᠦ | ᠠᠶᠢᠯᠠᠳᠬᠠᠯᠠ ᠬᠡᠮᠡᠨ ᠬᠤᠳᠠᠯ ᠬᠡᠯᠡᠵᠦ ᠴᠢᠩᠭᠢᠰ ᠢᠶᠠᠷ ᠬᠠᠰᠠᠷ ᠢ ᠠᠯᠠᠭᠤᠯᠬᠤ ᠭᠡᠰᠡᠨ᠂ ᠣᠳᠤ ᠡᠨᠡ ᠬᠠᠰᠠᠷ ᠢ | ᠲᠣᠨᠢᠯᠭᠠᠬᠤ ᠦᠭᠡᠢ ᠪᠣᠯ ᠶᠡᠭᠡ ᠶᠠᠪᠤᠳᠠᠯ ᠪᠣᠯᠤᠨ᠎ᠠ ᠬᠡᠵᠦ ᠪᠣᠳᠤᠵᠦ ᠪᠠᠶᠢᠵᠡᠢ᠃ ᠢᠩᠭᠢᠵᠦ ᠴᠢᠩᠭᠢᠰ ᠲᠤ ᠰᠡᠳᠬᠢᠭᠳᠡᠯ | ᠦᠭᠴᠦ ᠪᠠᠶᠢᠭᠰᠠᠨ᠂ ᠲᠡᠭᠡᠪᠡᠯ ᠡᠨᠡ ᠵᠠᠭᠠᠷᠢᠨ ᠲᠡᠭᠷᠢ ᠶᠢᠨ ᠵᠠᠷᠯᠢᠭ ᠢᠶᠠᠷ ᠴᠢᠩᠭᠢᠰ ᠪᠣᠯ ᠲᠡᠭᠦᠦ ᠲᠠᠢ ᠪᠠᠨ ᠶᠡᠭᠡ | ᠮᠠᠭᠤᠳᠠᠵᠤ᠂ ᠬᠠᠷᠢᠶᠠᠯᠳᠤᠵᠤ᠂ ᠬᠠᠰᠠᠷ ᠢ ᠪᠠᠷᠢᠵᠤ ᠬᠦᠯᠢᠭᠰᠡᠨ ᠰᠢᠳᠡ᠃ | ᠡᠨᠡ ᠦᠶ᠎ᠡ ᠳᠤ ᠦᠭᠡᠯᠦᠨ ᠡᠬᠡ ᠮᠡᠳᠡᠭᠡᠳ ᠰᠦᠨᠢ ᠪᠠᠷ ᠬᠤᠶᠡᠷ ᠲᠡᠵᠢᠭᠡᠭᠰᠡᠨ ᠬᠡᠤᠭᠡᠳ ᠢᠶᠠᠨ ᠲᠠᠭᠠᠭᠤᠯᠵᠤ | ᠣᠴᠢᠭᠠᠳ ᠬᠠᠰᠠᠷ ᠤᠨ ᠬᠦᠯᠢᠶᠡᠰᠦ ᠶᠢ ᠠᠯᠳᠠᠷᠠᠭᠠᠨ ᠬᠤᠶᠡᠷ ᠭᠦᠬᠦ ᠪᠠᠨ ᠭᠠᠷᠭᠠᠭᠠᠳ ᠢᠩᠭᠢᠵᠦ ᠬᠡᠯᠡᠭᠰᠡᠨ | ᠪᠠᠶᠢᠳᠠᠭ᠄ ︽ᠣᠳᠤ ᠡᠨᠡ ᠪᠣᠯ ᠲᠠᠨᠤᠰ ᠤᠨ ᠬᠦᠬᠦᠵᠦ ᠪᠠᠶᠢᠭᠰᠠᠨ ᠭᠦᠬᠦ᠂ ᠲᠡᠮᠦᠵᠢᠨ ᠪᠣᠯ ᠮᠢᠨᠤ ᠨᠢᠭᠡ ᠭᠦᠬᠦᠨ ᠤ | ᠰᠦ ᠶᠢ ᠢᠳᠡᠵᠦ ᠪᠠᠷᠠᠳᠠᠭ᠂ ᠬᠠᠴᠢᠬᠤᠨ᠂ ᠣᠳᠴᠢᠭᠢᠨ ᠪᠣᠯ ᠮᠢᠨᠤ ᠨᠢᠭᠡ ᠭᠦᠬᠦᠨ ᠤ ᠰᠦ ᠶᠢ ᠢᠳᠡᠭᠡᠳ ᠪᠠᠷᠠᠳᠠᠭ | ᠦᠭᠡᠢ᠂ ᠬᠠᠰᠠᠷ ᠪᠣᠯ ᠭᠠᠭᠴᠠᠭᠠᠷ ᠢᠶᠠᠨ ᠮᠢᠨᠤ ᠬᠤᠶᠠᠷ ᠭᠦᠬᠦᠨ ᠤ ᠰᠦ ᠶᠢ ᠭᠦᠬᠦᠭᠡᠳ ᠮᠢᠨᠤ ᠴᠡᠭᠡᠵᠢ ᠶᠢ | ᠰᠠᠷᠠᠭᠤᠯᠵᠢᠭᠤᠯᠵᠤ ᠠᠭᠤᠳᠠᠮ ᠪᠣᠯᠭᠠᠳᠠᠭ᠃ ᠲᠠᠶᠢᠮᠦ ᠠᠴᠠ ᠴᠢᠩᠭᠢᠰ ᠪᠣᠯ ᠤᠬᠠᠭᠠᠨᠳᠠᠢ᠂ ᠬᠠᠰᠠᠷ ᠪᠣᠯ ᠬᠦᠴᠦᠳᠡᠢ︾ | ᠢᠩᠭᠢᠵᠦ ᠰᠤᠷᠭᠠᠭᠰᠠᠨ ᠪᠠᠶᠢᠳᠠᠭ ᠪᠣᠯᠬᠤᠷ ᠬᠦᠬᠡᠴᠦ ᠪᠦᠬᠡ ᠪᠣᠯ ᠡᠬᠡ ᠶᠢᠨ ᠰᠤᠷᠭᠠᠯ ᠪᠣᠯᠣᠨ ᠨᠡᠶᠢᠭᠡᠮ ᠤᠨ | ᠪᠠᠶᠢᠳᠠᠯ ᠠᠴᠠ ᠠᠪᠴᠤ ᠬᠡᠯᠡᠪᠡᠯ᠂ ᠬᠠᠰᠠᠷ ᠢ ᠤᠰᠠᠳᠬᠠᠬᠤ ᠦᠭᠡᠢ ᠪᠣᠯ ᠪᠣᠯᠬᠤ ᠦᠭᠡᠢ ᠭᠡᠳᠡᠭ ᠢ ᠮᠡᠳᠡᠨ᠎ᠡ᠂ | ᠲᠡᠭᠡᠭᠡᠳ ᠡᠨᠡ ᠡᠬᠡ ᠶᠢᠨ ᠰᠤᠷᠭᠠᠯ ᠠᠴᠠ ᠪᠤᠯᠤᠭᠠᠳ ᠴᠢᠩᠭᠢᠰ ᠪᠣᠯ ︽ᠠᠶᠤᠬᠤ ᠶᠢᠨ ᠶᠡᠭᠡ ᠪᠠᠷ ᠠᠶᠤᠪᠠ᠂ | ᠢᠴᠢᠬᠦ ᠶᠢᠨ ᠶᠡᠭᠡ ᠪᠠᠷ ᠢᠴᠢᠪᠠ︾ ᠬᠡᠵᠦ ᠶᠡᠬᠡᠳᠡ ᠬᠡᠯᠮᠡᠭᠳᠡᠵᠦ᠂ ᠶᠡᠬᠡᠳᠡ ᠢᠴᠢᠩᠭᠦᠷᠡᠵᠦ ᠪᠠᠶᠢᠨ᠎ᠠ ᠬᠡᠵᠦ | ᠪᠤᠷᠤᠭᠤ ᠪᠠᠨ ᠮᠡᠳᠡᠷᠡᠭᠰᠡᠨ ᠪᠠᠶᠢᠳᠠᠭ᠃ ᠲᠡᠭᠡᠭᠡᠳ ᠬᠠᠰᠠᠷ ᠢᠶᠠᠨ ᠨᠢᠭᠡ ᠤᠳᠠᠭ᠎ᠠ ᠦᠩᠭᠡᠷᠡᠭᠡᠭᠰᠡᠨ ᠶᠠᠪᠤᠳᠠᠯ ᠪᠠᠶᠢᠨ᠎ᠠ᠃ | | ᠲᠠᠬᠢᠭᠠᠳ ᠰᠡᠭᠦᠯ ᠳᠤᠨᠢ ᠮᠢᠩᠭ᠎ᠠ ᠬᠤᠶᠠᠷ ᠵᠠᠭᠤᠨ ᠬᠤᠷᠢᠨ ᠲᠠᠪᠤ᠂ ᠵᠢᠷᠭᠤᠭᠠᠨ ᠣᠨ ᠳᠤ ᠶᠠᠭ ᠲᠠᠩᠭᠤᠳ ᠢ | ᠴᠣᠬᠢᠬᠤ ᠪᠠᠷ ᠶᠠᠪᠤᠬᠤ ᠦᠶ᠎ᠡ ᠳᠤ ᠴᠡᠷᠢᠭ ᠤᠨ ᠳᠣᠲᠣᠷ᠎ᠠ ᠶᠠᠷᠢᠶ᠎ᠠ ᠭᠠᠷᠤᠭᠰᠠᠨ᠄ ︽ᠶᠡᠭᠡ ᠰᠤᠨᠢᠨ ᠠᠮᠢᠳᠠᠨ | ᠦᠵᠡᠯ᠎ᠠ᠂ ᠪᠣᠭᠤᠨᠢ ᠰᠡᠭᠦᠯ ᠲᠠᠢ᠂ ᠨᠣᠭᠤᠭᠠᠨ ᠨᠢᠳᠦ ᠲᠠᠢ᠂ ᠦᠭᠡ ᠬᠡᠯᠡᠵᠦ ᠴᠢᠳᠠᠬᠤ ᠨᠢᠭᠡ ᠠᠮᠢᠳᠠᠨ ᠴᠢᠩᠭᠢᠰ | ᠬᠠᠭᠠᠨ ᠢ ᠴᠡᠷᠢᠭ ᠢᠶᠠᠨ ᠪᠤᠴᠠᠭ᠎ᠠ ᠬᠡᠵᠦ ᠬᠡᠯᠡᠵᠦ ᠪᠠᠶᠢᠨ᠎ᠠ︾ ᠭᠡᠰᠡᠨ᠃ ᠡᠭᠦᠨ ᠳᠤ ᠪᠣᠯ ᠬᠠᠰᠠᠷ ᠶᠡᠭᠡ ᠡᠰᠡᠷᠭᠦᠴᠡᠯ | ᠲᠠᠯᠪᠢᠵᠤ᠂ ᠲᠡᠭᠷᠢ ᠭᠡᠵᠦ ᠡᠶᠢᠮᠦ ᠵᠠᠷᠯᠢᠭ ᠵᠢᠭᠠᠪᠤᠷᠢ ᠶᠢᠨ ᠶᠠᠭᠤᠮ᠎ᠠ ᠪᠠᠶᠢᠬᠤ ᠦᠭᠡᠢ᠃ ᠲᠡᠷᠡ ᠦᠶ᠎ᠡ ᠳᠤ ᠶᠧᠯᠢᠤᠢ | ᠴᠦᠼᠠᠢ ᠶᠢ ᠪᠣᠯ ᠴᠢᠩᠭᠢᠰ ᠶᠡᠭᠡ ᠢᠳᠡᠭᠡᠨ᠎ᠡ᠂ ᠶᠡᠭᠡ ᠡᠷᠳᠡᠮᠳᠡᠢ ᠬᠦᠮᠦᠨ ᠬᠡᠵᠦ ᠢᠳᠡᠭᠡᠨ᠎ᠡ᠂ ᠶᠧᠯᠢᠤᠢ ᠴᠦᠼᠠᠢ ᠪᠣᠯ | ᠲᠡᠭᠷᠢ ᠶᠢ ᠲᠦᠯᠦᠭᠡᠯᠡᠵᠦ ᠦᠭᠡ ᠶᠠᠷᠢᠵᠤ ᠪᠠᠶᠢᠬᠤ ᠬᠦᠮᠦᠨ᠂ ᠲᠡᠭᠷᠢ ᠶᠢᠨ ᠵᠠᠷᠯᠢᠭ ᠵᠢᠭᠠᠪᠤᠷᠢ ᠶᠢ ᠰᠤᠨᠤᠰᠬᠤ ᠦᠭᠡᠢ | ᠪᠤᠯᠬᠤ ᠦᠭᠡᠢ ᠬᠡᠵᠦ ᠬᠠᠰᠠᠷ ᠲᠠᠢ ᠮᠡᠷᠭᠤᠯᠳᠤᠭᠠᠨ ᠬᠢᠵᠡᠢ᠃ | ᠢᠩᠭᠢᠭᠡᠳ ᠡᠨᠡ ᠮᠡᠷᠭᠤᠭᠠᠨ ᠢ ᠨᠢ ᠴᠢᠩᠭᠢᠰ ᠢᠳᠬᠠᠭᠠᠳ ᠡᠨᠡ ᠬᠤᠶᠡᠷ ᠤᠨ ᠮᠠᠷᠭᠤᠯᠳᠤᠭᠠᠨ ᠲᠦᠩᠭᠡᠭᠡᠳ | ᠪᠠᠷᠠᠳᠠᠯ᠎ᠠ ᠴᠢᠩᠭᠢᠰ ᠮᠤᠨᠢ ᠬᠤᠰᠢᠭᠤᠨ ᠤ ᠲᠡᠨᠳᠡ ᠠᠮᠠᠷᠠᠬᠤ ᠪᠠᠷ ᠪᠣᠯᠣᠭᠠᠳ ᠪᠤᠴᠠᠭᠠᠳ ᠶᠠᠪᠤᠵᠤ ᠪᠠᠶᠢᠵᠡᠢ᠃ ᠶᠠᠭ | ᠡᠨᠡ ᠦᠶ᠎ᠡ ᠳᠤ ᠭᠡᠨᠡᠳᠲᠠ ᠡᠳᠦᠷ ᠢᠶᠠᠷ ᠮᠠᠭᠤ ᠤᠭᠤᠯᠢ ᠲᠤᠤᠭᠠᠷᠬᠤ ᠲᠠᠭᠤᠨ ᠰᠣᠨᠣᠰᠳᠠᠬᠤ ᠳᠤ᠂ ᠴᠢᠩᠭᠢᠰ | ᠬᠠᠰᠠᠷ ᠢ ᠭᠡᠰᠡᠨ ᠳᠤ ᠬᠠᠰᠠᠷ ᠬᠠᠷᠪᠤᠬᠤ ᠳᠤ ᠶᠠᠭ ᠰᠠᠶᠢᠬᠠᠨ ᠱᠠᠭᠠᠵᠠᠭᠠᠢ ᠤᠨᠤᠭᠳᠠᠴᠢᠬᠠᠵᠠᠢ᠃ ᠪᠡᠯᠭᠡᠳᠦ ᠰᠢᠪᠠᠭᠤ | ᠨᠣᠭᠳᠠᠴᠢᠬᠠᠵᠠᠢ᠂ ᠢᠩᠭᠢᠭᠡᠳ ᠴᠢᠩᠭᠢᠰ ᠬᠠᠭᠠᠨ ᠶᠡᠭᠡ ᠠᠭᠤᠷᠯᠠᠭᠰᠠᠨ ᠪᠠᠶᠢᠨ᠎ᠠ᠃ ᠬᠠᠰᠠᠷ ᠪᠣᠯ ᠪᠤᠷᠬᠠᠨ ᠲᠡᠭᠷᠢ ᠶᠢᠨ | ᠵᠠᠷᠯᠢᠭ ᠢ ᠵᠦᠷᠢᠴᠡᠵᠦ ᠪᠠᠶᠢᠨ᠎ᠠ᠂ ᠮᠠᠭᠤ ᠤᠭᠤᠯᠢ ᠶᠢ ᠠᠯᠠ ᠭᠡᠬᠦ ᠳᠤ ᠱᠠᠭᠠᠵᠠᠭᠠᠢ ᠶᠢ ᠠᠯᠠᠭᠰᠠᠨ ᠭᠡᠵᠦ ᠠᠭᠤᠷ | ᠬᠦᠷᠦᠭᠡᠳ ᠬᠠᠰᠠᠷ ᠢ ᠪᠠᠷᠢᠵᠤ ᠠᠪᠤᠭᠠᠳ ᠬᠠᠭᠤᠷᠠᠢ ᠬᠤᠳᠳᠤᠭ ᠲᠤ ᠳᠠᠷᠤᠭᠰᠠᠨ ᠪᠠᠶᠢᠨ᠎ᠠ᠃ | ᠡᠶᠢᠨ ᠬᠦ ᠬᠠᠰᠠᠷ ᠪᠣᠯᠤᠨ ᠴᠢᠩᠭᠢᠰ ᠬᠠᠭᠠᠨ ᠤ ᠬᠤᠭᠤᠷᠤᠨᠳᠤ ᠵᠦᠷᠢᠴᠡᠯ ᠡᠳᠦᠢ ᠲᠡᠳᠦᠢ ᠤᠷᠤᠰᠢᠵᠤ | ᠪᠠᠶᠢᠭᠰᠠᠨ ᠪᠣᠯᠪᠠᠴᠤ ᠬᠠᠰᠠᠷ ᠮᠤᠩᠭᠤᠯ ᠤᠨ ᠨᠢᠭᠡᠳᠦᠯ ᠦᠷᠭᠡᠳᠭᠡᠯ ᠤᠨ ᠳᠠᠶᠢᠨ ᠳᠤ ᠬᠠᠯᠠᠰᠢᠷᠠᠯ ᠦᠭᠡᠢ | ᠤᠷᠤᠯᠴᠠᠵᠤ᠂ ᠣᠯᠠᠨ ᠤᠳᠠᠭᠠᠨ ᠤ ᠬᠦᠴᠢᠷ ᠪᠡᠷᠭᠡᠰᠢᠶᠠᠯ ᠢ ᠲᠤᠭᠤᠯᠤᠨ᠂ ᠵᠠᠩᠭᠢᠯᠠᠭ᠎ᠠ ᠶᠢᠨ ᠴᠠᠭ ᠦᠶ᠎ᠡ ᠳᠤ | ᠠᠮᠢ ᠪᠠᠨ ᠴᠦᠯᠡᠵᠦ ᠡᠵᠡᠨ ᠲᠦᠷᠦ ᠳᠡᠭᠡᠨ ᠲᠡᠭᠡᠳᠦ ᠬᠡᠮᠵᠢᠶ᠎ᠡ ᠪᠠᠷ ᠬᠠᠷᠢᠭᠤᠴᠠᠨ ᠰᠢᠳᠤᠷᠭᠤ ᠪᠠᠷ ᠵᠢᠳᠭᠦᠵᠦ ᠦᠯᠡᠮᠵᠢ | ᠭᠠᠪᠢᠶ᠎ᠠ ᠪᠠᠶᠢᠭᠤᠯᠤᠭᠰᠠᠨ ᠪᠠᠶᠢᠨ᠎ᠠ᠃ | ᠴᠢᠩᠭᠢᠰ ᠬᠠᠭᠠᠨ ᠣᠷᠳᠤᠨ ᠳᠠᠭᠠᠨ ᠨᠢᠭᠡ ᠵᠢᠯ ᠡᠪᠦᠯᠵᠢᠭᠡᠳ ᠳᠠᠬᠢᠵᠦ ᠲᠠᠩᠭᠤᠳ ᠢ ᠴᠣᠬᠢᠬᠤ ᠪᠠᠷ ᠶᠠᠪᠤᠬᠤ | ᠭᠡᠬᠦ ᠳᠤ ᠤᠴᠢᠷ ᠦᠭᠡᠢ ᠰᠠᠯᠬᠢ ᠰᠢᠭᠤᠷᠭᠠᠨ ᠪᠣᠰᠤᠭᠠᠳ ᠴᠡᠷᠢᠭ ᠨᠢ ᠦᠬᠦᠭᠡᠳ ᠤᠷᠤᠭᠰᠢᠯᠠᠵᠤ ᠲᠡᠶᠢᠯᠬᠦ ᠦᠭᠡᠢ | ᠪᠣᠯᠣᠭᠰᠠᠨ ᠪᠠᠶᠢᠨ᠎ᠠ᠂ ᠲᠡᠭᠡᠭᠡᠳ ᠡᠨᠡ ᠦᠶ᠎ᠡ ᠳᠤ ᠣᠯᠠᠨ ᠬᠦᠮᠦᠰ ᠬᠡᠯᠡᠯᠴᠡᠵᠡᠢ᠃ ᠡᠨᠡ ᠪᠣᠯ ᠲᠠᠩᠭᠤᠳ ᠤᠨ | ᠬᠠᠷᠢᠶᠠᠯᠴᠢ ᠬᠠᠷ᠎ᠠ ᠡᠮᠡᠭᠡᠨ ᠤ ᠬᠢᠭᠰᠡᠨ ᠬᠠᠷᠢᠶᠠᠯ ᠪᠣᠯᠣᠨ᠎ᠠ᠃ ᠶᠠᠮᠠᠷ ᠴᠦ ᠬᠦᠮᠦᠨ ᠲᠡᠷᠡ ᠬᠠᠷᠢᠶᠠᠯᠴᠢ ᠶᠢ ᠬᠠᠷᠪᠤᠵᠤ | ᠲᠡᠶᠢᠯᠬᠦ ᠦᠭᠡᠢ᠂ ᠬᠠᠪᠤᠳᠤ ᠬᠠᠰᠠᠷ ᠠᠴᠠ ᠦᠭᠡᠷ᠎ᠡ ᠬᠦᠮᠦᠨ ᠲᠡᠶᠢᠯᠬᠦ ᠦᠭᠡᠢ ᠭᠡᠵᠡᠭᠡᠵᠡᠢ᠃ ᠡᠨᠡ ᠦᠶ᠎ᠡ ᠳᠤ | ᠬᠠᠪᠤᠳᠤ ᠬᠠᠰᠠᠷ ᠪᠣᠯ ᠭᠦᠨ ᠬᠤᠳᠳᠤᠭ ᠳᠣᠳᠤᠷ᠎ᠠ ᠲᠠᠷᠤᠭᠳᠠᠵᠤ ᠪᠠᠶᠢᠭᠰᠠᠨ᠂ ᠲᠡᠭᠡᠭᠡᠳ ᠴᠢᠩᠭᠢᠰ ᠬᠠᠭᠠᠨ ᠣᠳᠤ | ᠮᠠᠨ ᠤ ᠲᠡᠭᠦᠦ ᠶᠢ ᠭᠠᠷᠭᠠᠬᠤ ᠦᠭᠡᠢ ᠪᠣᠯᠬᠤ ᠦᠭᠡᠢ ᠬᠡᠵᠦ ᠬᠠᠪᠤᠳᠤ ᠬᠠᠰᠠᠷ ᠢ ᠭᠠᠷᠭᠠᠭᠠᠳ ᠵᠠᠭᠤᠨ ᠬᠠᠷ᠎ᠠ ᠬᠤᠨᠢ | ᠠᠯᠠᠵᠤ ᠱᠦᠯᠦ ᠤᠤᠭᠤᠯᠭᠠᠨ ᠪᠡᠶ᠎ᠡ ᠶᠢ ᠨᠢ ᠲᠠᠮᠢᠷᠵᠢᠭᠤᠯᠤᠭᠠᠳ ᠬᠠᠷᠢᠶᠠᠯᠴᠢ ᠬᠠᠷ᠎ᠠ ᠡᠮᠡᠭᠡᠨ ᠢ ᠲᠠᠷᠤᠭᠤᠯᠬᠤ ᠪᠠᠷ | ᠪᠣᠯᠤᠭᠰᠠᠨ᠃ | ᠡᠨᠡ ᠤᠴᠢᠷ ᠲᠡᠭᠡᠷ᠎ᠡ ᠬᠠᠰᠠᠷ ᠶᠠᠭᠤᠨ ᠳᠤ ᠬᠠᠷᠢᠶᠠᠯᠴᠢ ᠬᠠᠷ᠎ᠠ ᠡᠮᠡᠭᠡᠨ ᠢ ᠲᠠᠷᠤᠨ᠎ᠠ ᠪᠣᠢ ᠭᠡᠪᠡᠯ᠄ ᠡᠶ᠎ᠡ | ᠨᠠᠶᠢᠷᠠᠮᠳᠠᠯ ᠤᠨ ᠲᠦᠯᠦᠭᠡ᠂ ᠴᠢᠩᠭᠢᠰ ᠬᠠᠭᠠᠨ ᠤ ᠠᠯᠳᠠᠷ ᠬᠦᠨᠳᠦ ᠶᠢ ᠬᠠᠮᠠᠭᠠᠯᠠᠬᠤ ᠶᠢᠨ ᠲᠦᠯᠦᠭᠡ᠂ ᠮᠤᠩᠭᠤᠯ ᠤᠨ | ᠡᠵᠡᠨᠳᠦ ᠲᠦᠷᠦ ᠪᠠᠨ ᠬᠠᠮᠠᠭᠠᠯᠠᠬᠤ ᠶᠢᠨ ᠲᠦᠯᠦᠭᠡ᠃ ᠠᠬ᠎ᠠ ᠳᠠᠭᠠᠨ ᠬᠡᠴᠢᠨᠡᠨ ᠲᠠᠮᠤᠯᠠᠭᠳᠠᠨᠠ᠂ ᠵᠢᠮᠡᠯᠡᠭᠳᠡᠨ᠎ᠡ᠂ | ᠵᠣᠳᠤᠭᠳᠠᠨᠠ᠂ ᠬᠦᠯᠢᠭᠳᠡᠨᠡ᠂ ᠪᠤᠷᠤᠭᠤᠰᠢᠶᠠᠭᠳᠠᠨᠠ᠂ ᠭᠦᠨ ᠬᠤᠳᠳᠤᠭ ᠲᠤ ᠳᠠᠷᠤᠭᠳᠠᠨ᠎ᠠ᠂ ᠲᠡᠷᠡ ᠶᠠᠭᠤ ᠭᠡᠵᠦ | ᠲᠡᠭᠦᠨ ᠳᠤ ᠦᠢᠯᠡᠴᠢᠯᠡᠨ᠎ᠡ ᠪᠣᠢ︖ ᠲᠡᠷᠡ ᠶᠡᠭᠡ ᠨᠢᠭᠡᠳᠦᠯ ᠤᠨ ᠲᠦᠯᠦᠭᠡ ᠬᠠᠷᠢᠶᠠᠯᠴᠢ ᠡᠮᠡᠭᠡᠨ ᠢ ᠳᠠᠷᠤᠬᠤ ᠦᠭᠡᠢ | ᠪᠣᠯᠬᠤ ᠦᠭᠡᠢ ᠬᠡᠵᠦ ᠣᠶᠢᠯᠠᠭᠠᠭᠰᠠᠨ᠃ ᠲᠡᠭᠡᠭᠡᠳ ᠵᠣᠷᠢᠭ ᠰᠢᠭᠤᠳᠤᠭᠠᠳ ᠮᠡᠷᠭᠡᠨ ᠰᠢᠷ᠎ᠠ ᠶᠢᠨ ᠣᠷᠣᠢ ᠳᠡᠭᠡᠷ᠎ᠡ | ᠭᠠᠷᠤᠭᠠᠳ ᠬᠠᠷᠢᠶᠠᠯᠴᠢ ᠡᠮᠡᠭᠡᠨ ᠬᠠᠮᠢᠭ᠎ᠠ ᠪᠠᠶᠢᠬᠤ ᠣᠷᠤᠨ ᠪᠠᠶᠢᠷᠢ ᠶᠢ ᠨᠢ ᠣᠯᠵᠤ ᠮᠡᠳᠡᠭᠡᠳ᠂ ᠰᠠᠭᠠᠳᠠᠭ ᠢᠶᠠᠨ | ᠬᠠᠵᠠᠭᠤ ᠳᠠᠭᠠᠨ ᠲᠠᠯᠪᠢᠴᠢᠬᠠᠭᠠᠳ ᠨᠣᠮᠤ ᠪᠠᠨ ᠤᠷᠭᠤᠬᠤ ᠨᠠᠷᠠᠨ ᠢᠶᠠᠷ ᠲᠡᠯᠡᠭᠡᠳ᠂ ᠤᠨᠠᠬᠤ ᠨᠠᠷᠠᠨ ᠤ ᠦᠶ᠎ᠡ ᠳᠤ | ᠨᠢᠭᠡ ᠯᠠ ᠬᠠᠷᠪᠤᠭᠠᠳ ᠬᠠᠷᠢᠶᠠᠯᠴᠢ ᠬᠠᠷ᠎ᠠ ᠡᠮᠡᠭᠡᠨ ᠢ ᠤᠨᠠᠭᠠᠴᠢᠬᠠᠵᠡᠢ᠃ | ᠣᠳᠤ ᠡᠨᠡ ᠬᠠᠷᠢᠶᠠᠯᠴᠢ ᠬᠠᠷ᠎ᠠ ᠡᠮᠡᠭᠡᠨ ᠨᠢ ᠬᠠᠷᠪᠤᠭᠳᠠᠭᠠᠳ ᠶᠠᠭ ᠰᠠᠶᠢᠬᠠᠨ ᠠᠮᠢᠰᠬᠤᠭ᠎ᠠ ᠳᠠᠰᠤᠷᠠᠭ᠎ᠠ | ᠦᠭᠡᠢ ᠶᠤᠮ ᠪᠣᠯᠬᠤᠷ ᠨᠢᠭᠡ ᠰᠦᠷᠦᠭ ᠠᠳᠤᠭᠤ ᠬᠠᠵᠠᠭᠤ ᠪᠠᠷ ᠨᠢ ᠦᠩᠭᠡᠷᠡᠭᠦ ᠳᠤ ᠨᠢᠭᠡᠨ ᠭᠡᠭᠦᠦ ᠶᠢᠨ ᠰᠡᠭᠦᠯ ᠢ | ᠳᠠᠲᠠᠭᠠᠳ ᠪᠣᠰᠤᠮᠠᠷ ᠪᠣᠯᠵᠤ ᠳᠠᠬᠢᠭᠠᠳ ᠤᠨᠠᠴᠢᠬᠠᠵᠠᠢ᠂ ᠲᠡᠭᠡᠭᠡᠳ ᠬᠠᠷᠢᠶᠠᠯᠴᠢ ᠡᠮᠡᠭᠡᠨ᠄ ︽ᠵᠠ᠂ ᠭᠡᠭᠦᠦ | ᠤᠨᠠᠭᠠᠯᠠᠬᠤ ᠪᠠᠷ ᠢᠶᠠᠨ ᠤᠨᠠᠭᠠᠯ᠎ᠠ᠂ ᠤᠨᠠᠭᠠᠯᠠᠬᠤ ᠳᠠᠭᠠᠨ ᠪᠦᠦ ᠵᠣᠪᠠ︾ ᠭᠡᠵᠡᠢ᠃ ᠳᠠᠲᠠᠬᠤ ᠳᠠᠭᠠᠨ ᠵᠢᠭᠠᠬᠠᠨ | ᠦᠨᠳᠡᠶᠢᠭᠰᠡᠨ ᠪᠣᠯᠬᠤᠷ ᠬᠠᠷᠢᠶᠠᠭᠰᠠᠨ ᠦᠭᠡᠢ ᠢᠩᠭᠢᠵᠦ ᠢᠷᠦᠭᠡᠵᠡᠢ᠃ ᠲᠠᠬᠢᠭᠠᠳ ᠪᠣᠰᠬᠤ ᠬᠡᠵᠦ ᠬᠠᠵᠠᠭᠤ ᠲᠠᠯ᠎ᠠ | ᠳᠠᠬᠢ ᠬᠠᠮᠬᠤᠤᠯ ᠢ ᠰᠢᠭᠦᠷᠡᠭᠡᠳ ᠳᠠᠲᠠᠴᠢᠬᠠᠭᠰᠠᠨ ᠴᠢᠨᠢ ᠦᠨᠳᠦᠰᠦ ᠪᠠᠷ ᠢᠶᠠᠨ ᠪᠤᠯᠭᠤᠷᠠᠵᠤ ᠤᠨᠠᠭᠰᠠᠨ ᠪᠣᠯᠬᠤᠷ᠂ | ᠬᠠᠷᠢᠶᠠᠯᠴᠢ ᠬᠠᠷ᠎ᠠ ᠡᠮᠡᠭᠡᠨ᠄ ︽ᠬᠠᠮᠬᠤᠤᠯ ᠤᠷᠭᠤᠬᠤ ᠪᠠᠷ ᠢᠶᠠᠨ ᠤᠷᠭᠤ᠂ ᠤᠷᠭᠤᠭᠰᠠᠨ ᠬᠤᠶᠢᠨ᠎ᠠ ᠪᠠᠨ | ᠦᠨᠳᠦᠰᠦ ᠪᠠᠷ ᠢᠶᠠᠨ ᠡᠷᠭᠢᠵᠦ ᠪᠤᠯᠭᠤᠷᠠ︾ ᠭᠡᠵᠦ ᠬᠠᠷᠢᠶᠠᠵᠡᠢ᠃ ᠲᠡᠭᠡᠭᠡᠳ ᠬᠠᠮᠬᠤᠤᠯ ᠨᠠᠮᠤᠷ ᠪᠣᠯᠪᠠᠯ | ᠦᠨᠳᠦᠰᠦ ᠪᠠᠷ ᠢᠶᠠᠨ ᠡᠷᠬᠢᠬᠦ ᠪᠤᠯᠵᠡᠢ᠃ ᠲᠠᠬᠢᠭᠠᠳ ᠨᠢᠭᠡ ᠦᠨᠳᠡᠶᠢᠬᠦ ᠭᠡᠳ ᠬᠠᠵᠠᠭᠤ ᠳᠤᠨᠢ ᠪᠠᠶᠢᠭᠰᠠᠨ ᠯᠠᠭᠤᠰᠠ ᠶᠢ | ᠪᠠᠷᠢᠭᠠᠳ ᠲᠠᠲᠠᠭᠰᠠᠨ ᠴᠢᠨᠢ᠂ ᠯᠠᠭᠤᠰᠠ ᠭᠠᠭᠴᠠᠬᠠᠨ ᠲᠦᠢᠯᠠᠭᠠᠳ ᠳᠠᠪᠬᠢᠴᠢᠬᠠᠭᠰᠠᠨ ᠪᠠᠶᠢᠨ᠎ᠠ᠂ ᠲᠡᠭᠡᠭᠡᠳ | ᠬᠠᠷᠢᠶᠠᠯᠴᠢ ᠡᠮᠡᠭᠡᠨ᠄ ︽ᠯᠠᠭᠤᠰᠠ ᠲᠦᠷᠦᠬᠦ ᠪᠠᠷ ᠢᠶᠠᠨ ᠲᠦᠷᠦ᠂ ᠲᠦᠷᠦᠯ ᠦᠶ᠎ᠡ ᠨᠢ ᠲᠠᠰᠤᠷᠠ︾ ᠭᠡᠵᠡᠢ᠃ | ᠢᠩᠭᠢᠭᠡᠳ ᠯᠠᠭᠤᠰᠠ ᠪᠣᠯ ᠬᠡᠵᠢᠶ᠎ᠡ ᠳᠡᠭᠡᠨ ᠦᠷ᠎ᠡ ᠠᠴᠢ ᠪᠠᠶᠢᠳᠠᠭ ᠦᠭᠡᠢ᠃ ᠲᠠᠬᠢᠭᠠᠳ ᠬᠠᠰᠠᠷ ᠪᠣᠯ ᠵᠠᠭᠤᠨ ᠬᠠᠷ᠎ᠠ | ᠬᠤᠨᠢᠨ ᠤ ᠱᠦᠯᠦ ᠤᠤᠭᠤᠵᠤ ᠲᠡᠩᠬᠡᠷᠡᠯᠠ᠂ ᠲᠡᠩᠬᠡᠷᠡᠭᠡᠳ ᠨᠠᠮᠠᠢᠢ ᠬᠠᠷᠪᠤᠯ᠎ᠠ ᠬᠡᠵᠦ ᠬᠠᠷᠢᠶᠠᠯ ᠬᠢᠵᠦ᠄ ︽ᠬᠠᠷ᠎ᠠ | ᠬᠤᠨᠢ ᠵᠠᠭᠤ ᠪᠣᠯᠵᠤ ᠪᠣᠯᠬᠤ ᠦᠭᠡᠢ︾ ᠭᠡᠵᠡᠢ᠃ ᠢᠩᠭᠢᠭᠡᠳ ᠬᠠᠷ᠎ᠠ ᠬᠤᠨᠢ ᠪᠠᠷᠤᠭᠳᠠᠢ ᠳᠤ ᠵᠠᠭᠤ ᠪᠣᠯᠳᠠᠭ ᠦᠭᠡᠢ᠂ | ᠬᠠᠷ᠎ᠠ ᠬᠤᠨᠢ ᠭᠠᠷᠣᠯ᠎ᠠ ᠭᠡᠪᠡᠯ ᠬᠠᠮᠠᠷ ᠳᠡᠭᠡᠷ᠎ᠡ ᠨᠢ ᠴᠠᠭᠠᠨ ᠦᠰᠦᠳᠡᠢ᠂ ᠦᠭᠡᠢ ᠪᠣᠯ ᠬᠠᠮᠢᠭ᠎ᠠ ᠪᠠᠨ ᠴᠠᠭᠠᠨ | ᠦᠰᠦᠳᠡᠢ ᠭᠠᠷᠳᠠᠭ᠃ ᠢᠩᠭᠢᠭᠡᠳ ᠬᠠᠷᠢᠶᠠᠯᠴᠢ ᠬᠠᠷ᠎ᠠ ᠡᠮᠡᠭᠡᠨ ᠬᠠᠷᠢᠶᠠᠯ ᠢᠶᠠᠨ ᠲᠠᠯᠪᠢᠵᠦ ᠬᠦᠢᠴᠡᠭᠡᠳ ᠦᠬᠦᠵᠦ | ᠳᠠᠭᠤᠰᠴᠠᠢ᠃ | ᠬᠠᠷᠢᠶᠠᠯᠴᠢ ᠬᠠᠷ᠎ᠠ ᠡᠮᠡᠭᠡᠨ ᠪᠣᠯ ᠦᠯᠢᠭᠡᠷ ᠳᠤᠮᠤᠭ ᠲᠤ ᠠᠶᠤᠮᠠᠷ ᠪᠦᠳᠦᠭᠦᠨ᠃ ᠡᠨᠡ ᠬᠠᠷᠢᠶᠠᠯᠴᠢ ᠬᠠᠷ᠎ᠠ | ᠡᠮᠡᠭᠡᠨ ᠴᠠᠭᠠᠰᠤᠳᠠᠢ ᠠᠭᠤᠯᠠ ᠶᠢᠨ ᠡᠩᠭᠡᠷ ᠳᠡᠭᠡᠷ᠎ᠡ ᠨᠠᠯᠠᠵᠤ ᠰᠠᠭᠤᠭᠠᠳ᠂ ᠬᠤᠶᠡᠷ ᠬᠦᠯ ᠢᠶᠠᠨ ᠮᠤᠨᠠ ᠠᠭᠤᠯᠠ ᠶᠢᠨ | ᠬᠤᠶᠢᠳᠤ ᠡᠩᠭᠡᠷ ᠳᠡᠭᠡᠷ᠎ᠡ ᠵᠢᠬᠢᠵᠦ ᠲᠠᠯᠪᠢᠳᠠᠭ ᠪᠠᠶᠢᠨ᠎ᠠ᠃ ᠲᠡᠭᠡᠭᠡᠳ ᠨᠢᠭᠡ ᠡᠳᠦᠷ ᠬᠦᠯ ᠤᠨ ᠬᠢᠨᠢ ᠲᠠᠪᠠᠭ ᠨᠢ | ᠵᠠᠭᠠᠳᠤᠨᠠᠭᠠᠳ ᠪᠣᠯᠬᠤ ᠦᠭᠡᠢ᠂ ᠲᠡᠷᠡ ᠠᠳᠤᠭᠤᠴᠢᠨ ᠳᠤ ᠭᠡᠯᠡᠵᠡᠢ᠄ ︽ᠲᠠᠨᠤᠰ ᠮᠢᠨᠤ ᠬᠦᠯ ᠢ ᠦᠵᠡᠭᠡᠳ ᠢᠷ᠎ᠡ᠂ | ᠶᠠᠭᠤ ᠬᠡᠵᠦ ᠵᠠᠭᠠᠳᠤᠨᠠᠭᠠᠳ ᠪᠠᠶᠢᠨ᠎ᠠ ᠪᠤᠢ︖︾ ᠭᠡᠰᠡᠨ ᠳᠤ ᠠᠳᠤᠭᠤᠴᠢᠨ ᠣᠴᠢᠵᠤ ᠦᠵᠡᠭᠡᠳ᠄ ︽ᠬᠦᠯ ᠤᠨ | ᠬᠢᠨᠢ ᠲᠠᠪᠠᠭ ᠢ ᠨᠢ ᠴᠣᠭᠤᠯᠤᠭᠠᠳ ᠴᠢᠨ᠋ᠸ᠎ᠠ ᠡᠭᠦᠷᠯᠡᠴᠢᠭᠡᠵᠡᠢ︾ ᠬᠡᠵᠦ ᠬᠡᠯᠡᠵᠡᠢ᠃ ᠡᠶᠢᠮᠦ ᠪᠦᠳᠦᠭᠦᠨ ᠬᠠᠷᠢᠶᠠᠯᠴᠢ | ᠬᠠᠷ᠎ᠠ ᠡᠮᠡᠭᠡᠨ ᠪᠠᠶᠢᠭᠰᠠᠨ ᠢ ᠬᠠᠰᠠᠷ ᠬᠠᠷᠪᠤᠵᠦ ᠠᠯᠠᠭᠰᠠᠨ ᠪᠠᠶᠢᠵᠡᠢ᠃ | ᠡᠶᠢᠨ ᠬᠦ ᠦᠯᠢᠭᠡᠷ ᠲᠤᠮᠤᠭ ᠢᠶᠠᠷ ᠳᠠᠮᠵᠢᠭᠤᠯᠤᠭᠠᠳ ᠮᠠᠨ ᠤ ᠮᠤᠩᠭᠤᠯᠴᠤᠳ ᠬᠠᠰᠠᠷ ᠪᠠᠭᠠᠳᠤᠷ ᠢᠶᠠᠨ | ᠮᠠᠭᠲᠠᠳᠠᠭ᠃ ᠢᠩᠭᠢᠭᠡᠳ ᠬᠠᠷᠢᠶᠠᠯᠴᠢ ᠬᠠᠷ᠎ᠠ ᠡᠮᠡᠭᠡᠨ ᠬᠠᠷ᠎ᠠ ᠤᠰᠤ ᠰᠠᠮᠤᠷᠤᠭᠠᠳ ᠬᠠᠷᠢᠶᠠᠯ ᠬᠢᠳᠡᠭ ᠪᠤᠯᠬᠤᠷ | ᠮᠤᠩᠭᠤᠯ ᠬᠦᠮᠦᠨ ᠬᠠᠷ᠎ᠠ ᠤᠰᠤ ᠰᠠᠮᠤᠷᠬᠤ ᠶᠢ ᠵᠢᠭᠰᠢᠨ᠎ᠡ᠃ ᠲᠡᠭᠡᠭᠡᠳ ᠬᠠᠷᠢᠶᠠᠯᠴᠢ ᠬᠠᠷ᠎ᠠ ᠡᠮᠡᠭᠡᠨ ᠬᠠᠷ᠎ᠠ ᠤᠰᠤ | ᠰᠠᠮᠤᠷᠤᠭᠠᠳ ᠬᠠᠷᠢᠶᠠᠯ ᠬᠢᠵᠦ ᠪᠠᠶᠢᠭᠠᠳ ᠬᠠᠷᠪᠤᠭᠳᠠᠭᠠᠳ ᠰᠢᠨᠠᠭ᠎ᠠ ᠪᠠᠨ ᠠᠯᠳᠠᠭᠠᠳ ᠶᠠᠪᠤᠭᠤᠯᠤᠭᠰᠠᠨ ᠪᠠᠶᠢᠨ᠎ᠠ᠂ | ᠢᠩᠭᠢᠭᠡᠳ ᠣᠳᠤ ᠰᠢᠨᠠᠭ᠎ᠠ ᠶᠢᠨ ᠠᠭᠤᠯᠠ ᠬᠡᠵᠦ ᠪᠠᠶᠢᠨ᠎ᠠ᠃ ᠲᠡᠷᠡ ᠪᠣᠯ ᠬᠠᠷᠢᠶᠠᠯᠴᠢ ᠬᠠᠷ᠎ᠠ ᠡᠮᠡᠭᠡᠨ ᠤ ᠰᠢᠨᠠᠭ᠎ᠠ | ᠲᠤᠰᠤᠭᠰᠠᠨ ᠭᠠᠵᠠᠷ᠃ ᠰᠢᠨᠠᠭ᠎ᠠ ᠪᠠᠨ ᠠᠯᠳᠠᠬᠤ ᠦᠶ᠎ᠡ ᠳᠤ ᠰᠢᠨᠠᠭ᠎ᠠ ᠠᠴᠠ ᠨᠢ ᠪᠠᠭᠤᠭᠰᠠᠨ ᠤᠰᠤᠨ ᠲᠤᠰᠤᠯ ᠨᠢ | ᠣᠳᠤ ᠶᠢᠨ ᠮᠤᠷᠤᠢ ᠰᠠᠷᠤᠢ ᠤᠷᠳᠤᠭᠤᠷ ᠤᠷᠤᠰᠴᠤ ᠪᠠᠶᠢᠭ᠎ᠠ ᠬᠠᠳᠤᠨ ᠭᠤᠣᠯ ᠬᠡᠵᠦ ᠲᠣᠮᠤᠭ ᠲᠤ ᠶᠠᠷᠢᠳᠠᠭ | ᠪᠠᠶᠢᠨ᠎ᠠ᠃ | ᠢᠩᠭᠢᠭᠡᠳ ᠬᠠᠪᠤᠳᠤ ᠬᠠᠰᠠᠷ ᠳᠡᠭᠡᠷ᠎ᠡ ᠦᠶ᠎ᠡ ᠶᠢᠨ ᠬᠦᠮᠦᠵᠢᠯ᠂ ᠶᠠᠪᠤᠵᠤ ᠢᠷᠡᠭᠰᠡᠨ ᠦᠩᠭᠡᠷᠡᠯᠳᠡ ᠪᠠᠷ ᠢᠶᠠᠨ | ᠶᠠᠭᠠᠬᠢᠵᠦ ᠮᠠᠨ ᠤ ᠠᠬ᠎ᠠ ᠨᠠᠮᠠᠢᠢ ᠪᠤᠷᠤᠭᠤᠳᠬᠠᠵᠤ ᠵᠢᠮᠡᠯᠡᠭᠰᠡᠨ ᠴᠤ ᠪᠢ ᠦᠨᠡᠨ ᠰᠡᠳᠬᠢᠯ ᠠᠴᠠ ᠪᠠᠨ ᠴᠢᠩᠭᠢᠰ | ᠡᠵᠡᠨ ᠤ ᠪᠠᠨ ᠲᠦᠯᠦᠭᠡ᠂ ᠦᠨᠡᠨ ᠰᠡᠳᠬᠢᠯ ᠠᠴᠠ ᠪᠠᠨ ᠲᠦᠷᠦ ᠤᠯᠤᠰ᠂ ᠮᠤᠩᠭᠤᠯ ᠤᠨ ᠨᠢᠭᠡᠳᠦᠯ ᠤᠨ ᠲᠦᠯᠦᠭᠡ | ᠴᠢᠷᠮᠠᠶᠢᠨ᠎ᠠ ᠭᠡᠰᠡᠨ ᠪᠣᠳᠣᠯ ᠢᠶᠠᠨ ᠴᠢᠩᠭ᠎ᠠ ᠪᠠᠷᠢᠮᠲᠠᠯᠠᠵᠤ ᠡᠶ᠎ᠡ ᠨᠠᠶᠢᠷᠠᠮᠳᠠᠭᠤ ᠶᠢ ᠶᠡᠭᠡ ᠵᠢᠷᠤᠮᠯᠠᠳᠠᠭ᠃ ᠲᠡᠷᠡ | ᠠᠮᠢᠰᠬᠤᠭ᠎ᠠ ᠨᠢ ᠲᠠᠰᠤᠷᠠᠬᠤ ᠶᠢᠨ ᠦᠶ᠎ᠡ ᠪᠣᠯᠬᠤ ᠬᠦᠷᠲᠡᠯ᠎ᠡ ᠲᠡᠮᠡᠴᠡᠵᠦ ᠪᠠᠶᠢᠭᠠᠳ ᠬᠠᠷᠢᠶᠠᠯᠴᠢ ᠬᠠᠷ᠎ᠠ ᠡᠮᠡᠭᠡᠨ ᠢ | ᠲᠠᠷᠤᠵᠦ ᠦᠭᠬᠦᠭᠡᠳ ᠵᠠᠮ ᠤᠨ ᠰᠠᠭᠠᠳ ᠢ ᠨᠢ ᠠᠷᠢᠯᠭᠠᠭᠰᠠᠨ ᠪᠠᠶᠢᠨ᠎ᠠ᠃ | ᠵᠠ ᠲᠡᠭᠡᠭᠡᠳ᠂ ᠲᠠᠷᠤᠭᠳᠠᠵᠤ ᠴᠢᠭᠢᠭ ᠠᠪᠤᠭᠰᠠᠨ ᠠᠴᠠ ᠪᠣᠯᠵᠤ ᠬᠠᠪᠤᠳᠤ ᠬᠠᠰᠠᠷ ᠤᠨ ᠬᠦᠯ ᠤᠨ ᠲᠤᠯᠠᠢ | ᠡᠪᠡᠳᠴᠢᠨ ᠨᠢ ᠬᠦᠨᠳᠦᠷᠡᠵᠦ᠂ ᠵᠢᠷᠦᠭᠡᠨ ᠤ ᠲᠠᠮᠢᠷ ᠨᠢ ᠰᠤᠯᠠᠷᠠᠨ᠂ 1226 ᠣᠨ ᠳᠤ᠂ ᠮᠤᠨᠠ ᠠᠭᠤᠯᠠ ᠶᠢᠨ | ᠪᠠᠷᠠᠭᠤᠨ ᠦᠵᠦᠭᠦᠷ ᠬᠠᠪᠢ ᠳᠤ ᠵᠢᠷᠠᠨ ᠭᠤᠷᠪᠠᠳᠡᠢ ᠳᠠᠭᠠᠨ ᠨᠠᠰᠤ ᠪᠠᠷᠠᠵᠤ᠂ ᠨᠢᠭᠡ ᠨᠠᠰᠤᠨ ᠤ ᠠᠷᠢᠭᠤᠨ | ᠰᠦᠨᠡᠰᠦ ᠪᠠᠨ ᠮᠤᠨᠠ ᠶᠢᠨ ᠨᠣᠶᠠᠨ ᠰᠢᠷ᠎ᠠ ᠣᠷᠣᠢ ᠳᠤ ᠰᠢᠩᠭᠡᠭᠡᠵᠦ᠂ ᠴᠢᠨᠳᠠᠷ ᠶᠠᠰᠤ ᠪᠠᠨ ᠮᠤᠨᠠ ᠶᠢᠨ ᠦᠪᠦᠷ ᠤᠨ | ᠦᠩ ᠰᠢᠮᠡᠯᠢᠭ ᠬᠦᠷᠦᠰᠦᠨ ᠳᠤ ᠠᠭᠤᠰᠬᠠᠪᠠ᠃ | ᠬᠠᠰᠠᠷ ᠪᠣᠯ ᠡᠶ᠎ᠡ ᠡᠪ ᠢ ᠶᠡᠭᠡ ᠪᠠᠷᠢᠮᠳᠠᠯᠠᠳᠠᠭ ᠬᠦᠮᠦᠨ᠂ ᠶᠡᠭᠡ ᠬᠦᠴᠦᠳᠡᠢ᠂ ᠮᠡᠷᠭᠡᠨ ᠬᠠᠷᠪᠤᠭᠠᠴᠢ᠃ ᠲᠡᠷᠡ | ᠦᠶ᠎ᠡ ᠶᠢᠨ ᠨᠡᠶᠢᠭᠡᠮ ᠳᠤ ᠣᠳᠤ ᠶᠢᠨ ᠰᠢᠭ᠋ ᠫᠤᠤ ᠵᠠᠪᠰᠡᠭ ᠪᠠᠶᠢᠬᠤ ᠦᠭᠡᠢ᠂ ᠬᠡᠨ ᠶᠡᠭᠡ ᠬᠦᠴᠦᠳᠡᠢ ᠪᠣᠯ ᠲᠡᠷᠡ | ᠪᠠᠭᠠᠳᠤᠷ᠂ ᠤᠯᠠᠨ ᠲᠦᠮᠡᠨ ᠲᠡᠭᠦᠨ ᠢ ᠲᠠᠭᠠᠨ᠎ᠠ᠂ ᠲᠡᠭᠦᠨ ᠢ ᠪᠢᠰᠢᠷᠡᠨ᠎ᠡ᠃ ᠬᠠᠰᠠᠷ ᠪᠣᠯ ᠬᠦᠮᠦᠨ ᠢ ᠠᠮᠢᠳᠤ ᠪᠠᠷ ᠨᠢ | ᠬᠤᠶᠠᠷ ᠬᠦᠯ ᠠᠴᠠ ᠨᠢ ᠪᠠᠷᠢᠭᠠᠳ ᠤᠷᠠᠴᠢᠬᠠᠳᠠᠭ ᠭᠡᠨ᠎ᠡ᠃ ᠬᠡᠳᠦᠢ ᠶᠡᠭᠡ ᠴᠢᠳᠠᠯ ᠲᠠᠢ ᠪᠤᠢ᠃ ᠲᠡᠭᠡᠪᠡᠯ ᠬᠠᠰᠠᠷ ᠪᠣᠯ | ᠬᠠᠮᠠᠷ ᠵᠢᠭᠠᠪᠠᠯ ᠠᠮᠠ ᠣᠨᠣᠭᠠᠬᠤ ᠦᠭᠡᠢ ᠡᠶᠢᠮᠦ ᠮᠡᠷᠭᠡᠨ ᠬᠠᠷᠪᠤᠭᠠᠴᠢ᠃ ᠲᠡᠶᠢᠮᠦ ᠠᠴᠠ ᠶᠡᠭᠡ ᠢᠳᠡᠭᠡᠯ ᠬᠦᠨᠳᠦᠳᠡᠢ᠂ | ᠶᠡᠭᠡ ᠬᠦᠴᠦᠳᠡᠢ᠂ ᠮᠡᠷᠭᠡᠨ ᠬᠠᠷᠪᠤᠭᠠᠴᠢ᠂ ᠪᠠᠭᠠᠳᠤᠷ ᠬᠡᠵᠦ ᠣᠯᠠᠨ ᠳᠠᠭᠠᠨ ᠭᠠᠶᠢᠬᠠᠭᠳᠠᠭᠰᠠᠨ ᠪᠠᠶᠢᠨ᠎ᠠ᠃ ᠡᠶᠢᠮᠦ | ᠪᠤᠯᠬᠤᠷ ᠰᠢᠳᠦᠵᠦ ᠲᠡᠬᠢᠬᠤ ᠮᠦᠷᠦᠭᠡᠳᠬᠦ ᠴᠢᠬᠤᠯᠠ ᠲᠠᠢ ᠨᠢᠭᠡ ᠲᠠᠯ᠎ᠠ ᠪᠠᠶᠢᠳᠠᠭ᠃ |