ᠤᠷᠢᠶᠠᠩᠬᠠᠨ ᠤ ᠂ ᠶᠤᠨᠳᠤᠨ | | | ᠦᠵᠦᠮᠦᠴᠢᠨ ᠠᠶᠢᠮᠠᠭ ᠤᠨ ᠰᠤᠳᠤᠯᠤᠯ ᠤᠨ ᠲᠤᠬᠠᠢ | | | ᠨᠢᠬᠡ ᠦᠵᠦᠮᠦᠴᠢᠨ ᠠᠶᠢᠮᠠᠭ ᠤᠨ ᠡᠭᠦᠰᠦᠯ ᠤᠨ ᠲᠤᠬᠠᠢ | ᠦᠵᠦᠮᠦᠴᠢᠨ ᠠᠶᠢᠮᠠᠭ ᠤᠨ ᠡᠭᠦᠰᠦᠯ ᠭᠠᠷᠤᠯ ᠤᠨ ᠲᠤᠬᠠᠢ ᠤᠯᠠᠩᠬᠢ ᠲᠡᠤᠬᠡᠴᠢᠳ ᠲᠡᠤᠬᠡᠨ ᠠᠮᠠᠨ | ᠤᠯᠠᠮᠵᠢᠯᠠᠯ᠂ ᠤᠤᠭᠠᠯ ᠭᠠᠵᠠᠷ ᠤᠨ ᠤᠯᠠᠮᠵᠢ ᠨᠡᠷ᠎ᠡ᠂ ᠤᠪᠤᠭ ᠤᠭᠰᠠᠭ᠎ᠠ ᠶᠢᠨ ᠢᠵᠠᠭᠤᠷ᠂ ᠠᠮᠢᠳᠤᠷᠠᠯ ᠵᠠᠩ ᠦᠢᠯᠡ | ᠂ ᠮᠠᠯ ᠠᠵᠦ ᠠᠬᠤᠢ ᠵᠡᠷᠭᠡ ᠳᠠᠯ᠎ᠠ ᠪᠠᠷ ᠬᠤᠯᠪᠤᠨ ᠰᠤᠳᠤᠯᠬᠤ ᠶᠢᠨ ᠳ᠋ᠦᠩ ᠳᠤ ᠤᠶᠢᠷᠠᠳ ᠠᠶᠢᠮᠠᠭ ᠤᠨ ᠨᠢᠭᠡ ᠭᠡᠰᠡᠭ | ᠭᠡᠵᠦ ᠦᠵᠡᠳᠡᠭ᠂ ᠤᠶᠢᠷᠠᠳ ᠪᠤᠯ ᠡᠷᠳᠡᠨ ᠤ ᠨᠢᠭᠡᠨ ᠠᠶᠢᠮᠠᠭ ᠪᠦᠯᠦᠭ ᠪᠤᠯᠤᠨ᠎ᠠ᠂ ᠮᠠᠰᠢ ᠡᠷᠳᠡ ᠴᠠᠭ ᠲᠤ ᠪᠠᠶᠢᠭᠠᠯ | ᠳᠠᠯᠠᠢ ᠶᠢᠨ ᠡᠮᠦᠨᠡᠭᠦᠷ ᠨᠤᠲᠤᠭᠯᠠᠵᠦ ᠪᠠᠶᠢᠭᠰᠠᠨ ᠠᠩᠴᠢᠨ ᠠᠶᠢᠮᠠᠭ ᠤᠳ ᠪᠢᠯᠡ ᠭᠡᠵᠦ ᠯᠢᠤ ᠶᠢᠨ ᠰᠦᠸᠧ ︽ | ᠮᠤᠩᠭᠤᠯ ᠤᠨ ᠲᠦᠭᠡᠮᠡᠯ ᠲᠡᠤᠬᠡ︾ ᠭᠡᠬᠦ ᠨᠤᠮ ᠳᠠᠭᠠᠨ ᠲᠡᠮᠳᠡᠭᠯᠡᠵᠠᠢ᠂ ᠮᠤᠩᠭᠤᠯ ᠤᠨ ᠦᠨᠳᠦᠷᠯᠢᠭ ᠤᠨ ᠠᠯᠳᠠᠢ | ᠨᠢᠷᠤᠭᠤ ᠤᠷᠴᠢᠮ ᠢᠶᠠᠷ ᠡᠬᠢᠨ ᠳᠡᠭᠡᠨ ᠠᠩ ᠠᠩᠨᠠᠯ ᠡᠷᠬᠢᠯᠡᠨ ᠠᠮᠢᠳᠤᠷᠠᠵᠦ ᠪᠠᠶᠢᠬᠰᠠᠨ ᠤᠶᠢᠷᠠᠳ ᠤᠳ ᠬᠤᠵᠢᠮ ᠨᠢ | ᠠᠳᠡ ᠠᠴᠠ ᠮᠠᠯᠵᠢᠯ ᠢ ᠬᠦᠯᠢᠶᠡᠨ ᠠᠮᠢᠳᠤᠷᠠᠬᠤ ᠪᠤᠯᠵᠠᠢ᠂ ᠵᠠᠷᠢᠮ ᠬᠦᠮᠦᠰ ᠤᠶᠢᠷᠠᠳ ᠤᠨ ᠳᠡᠭᠡᠳᠦᠰ ᠢ ᠳᠠᠩ | ᠤᠯᠤᠰ ᠤᠨ ᠦᠶ᠎ᠡ ᠶᠢᠨ ᠭᠢᠷᠭᠢᠰᠴᠤᠳ ᠮᠦᠨ ᠭᠡᠵᠦ ᠬᠡᠯᠡᠳᠡᠭ᠂ ᠴᠢᠩᠭᠢᠰ ᠬᠠᠭᠠᠨ ᠮᠤᠩᠭᠤᠯ ᠤᠨ ᠡᠯ᠎ᠡ ᠠᠶᠢᠮᠠᠭ ᠢ | ᠬᠤᠷᠢᠶᠠᠨ ᠨᠢᠭᠡᠳᠭᠡᠬᠦ ᠠᠴᠠ ᠡᠮᠦᠨ᠎ᠡ ᠤᠶᠢᠷᠠᠳ ᠨᠢ ︿︿ᠤᠢ ᠶᠢᠨ ᠢᠷᠭᠡᠨ﹀﹀ ᠳᠤ ᠪᠠᠭᠳᠠᠵᠦ᠂ ᠲᠶᠦ᠋ᠷᠺ | ᠤᠭᠰᠠᠭᠠᠳᠠᠨ ᠪᠠᠶᠢᠭᠰᠠᠨ ᠶᠤᠮ᠂ ︿︿ᠶᠤᠸᠠᠨ ᠤᠯᠤᠰ ᠤᠨ ᠰᠢᠨ᠎ᠡ ᠲᠡᠤᠬᠡ﹀﹀ ᠳᠤ ᠲᠡᠳᠡᠨ ᠢ ᠴᠠᠭᠠᠨ ᠲᠠᠲ᠋ᠠᠷ ᠤᠨ | ᠨᠢᠭᠡ ᠠᠶᠢᠮᠠᠭ ᠪᠤᠯᠭᠠᠨ ᠪᠢᠴᠢᠵᠠᠢ᠃ 12 ᠳ᠋ᠤᠭᠠᠷ ᠵᠠᠭᠤᠨ ᠤ ᠦᠶ᠎ᠡ᠂ ᠤᠢ ᠶᠢᠨ ᠲᠦᠮᠡᠨ ᠤ ᠲᠦᠷᠦᠭᠦᠤ ᠬᠤᠳᠠᠭ᠎ᠠ | ᠪᠠᠬᠢ ᠭᠡᠳᠡᠭ ᠬᠦᠮᠦᠨ ᠪᠠᠶᠢᠵᠦ᠂ ᠮᠤᠩᠭᠤᠯ ᠤᠨ ᠶᠡᠭᠡ ᠨᠢᠭᠡᠳᠦᠯ ᠤᠨ ᠦᠶ᠎ᠡ ᠮᠢᠩᠭᠠᠨ ᠤ ᠨᠤᠶᠠᠨ ᠪᠤᠯᠤᠭᠰᠠᠨ ᠶᠤᠮ᠃ | | ᠦᠵᠦᠮᠦᠴᠢᠨ ᠠᠶᠢᠮᠠᠭ ᠪᠦᠯᠦᠭ ᠪᠤᠯ ᠤᠷᠳᠤ ᠬᠤᠭᠤᠴᠠᠭᠠᠨ ᠤ ᠲᠡᠤᠬᠡᠨ ᠦᠩᠭᠡᠷᠡᠯᠳᠡ ᠶᠢᠨ ᠶᠠᠪᠤᠴᠠ ᠶᠢ | ᠲᠤᠭᠤᠯᠤᠭᠰᠠᠨ ᠤᠯᠠᠨ ᠤᠪᠤᠭᠳᠠᠨ ᠶᠠᠰᠤᠳᠠᠨ ᠤ ᠪᠦᠷᠢᠯᠳᠦᠯ ᠪᠤᠯᠤᠨ᠎ᠠ᠂ ᠦᠵᠦᠮᠦᠴᠢᠨ ᠠᠶᠢᠮᠠᠭ ᠤᠨ ᠡᠭᠦᠰᠦᠯ ᠤᠨ | ᠲᠤᠬᠠᠢ ᠨᠠᠷᠢᠨ ᠲᠤᠳᠤᠷᠬᠠᠢ ᠲᠡᠮᠳᠡᠭᠯᠡᠯ ᠦᠭᠡᠢ ᠪᠤᠯᠪᠠᠴᠤ ᠤᠶᠢᠷ᠎ᠠ ᠦᠶ᠎ᠡ ᠶᠢᠨ ᠰᠤᠳᠤᠯᠭᠠᠴᠢᠳ ᠤᠨ ᠭᠡᠰᠡᠭ ᠪᠦᠯᠦᠭ | ᠵᠤᠬᠢᠶᠠᠯ ᠠᠴᠠ ᠠᠵᠢᠭᠯᠠᠪᠠᠯ ᠲᠡᠤᠬᠡ ᠰᠤᠳᠣᠯᠭᠠᠴᠢ ᠫᠡ᠊ ᠳᠤᠭᠠᠷ ︿︿ᠦᠵᠦᠮᠦᠴᠢᠨ ᠤ ᠲᠡᠤᠬᠡ ᠶᠢᠨ ᠪᠠᠷᠢᠮᠳᠠ | ᠪᠢᠴᠢᠭ ᠤᠳ﹀﹀ ᠭᠡᠬᠦ ᠨᠤᠮ ᠤᠨ ᠲᠠᠭᠠᠯᠳᠤᠭᠤᠯᠤᠯ ᠤᠨ ᠭᠡᠰᠡᠭ ᠲᠡᠭᠡᠨ ᠦᠵᠦᠮᠦᠴᠢᠨ ᠤᠪᠤᠭ ᠤᠭᠰᠠᠭ᠎ᠠ ᠶᠢᠨ | ᠲᠠᠯ᠎ᠠ ᠠᠴᠠ ᠰᠢᠨᠵᠢᠯᠡᠭᠰᠡᠨ ᠢᠶᠠᠨ ︿︿ᠪᠤᠷᠤᠰᠦ᠂ ᠦᠵᠡᠭᠡᠳ᠂ ᠰᠠᠷᠳᠠᠭᠤᠯ ᠮᠡᠳᠦ ᠶᠢᠨ ᠤᠪᠤᠭ ᠤᠨ ᠲᠠᠯ᠎ᠠ ᠪᠠᠷ | ᠬᠡᠯᠡᠭᠰᠡᠨ ᠴᠤ ᠤᠶᠢᠷᠠᠳ ᠮᠤᠩᠭᠤᠯ ᠲᠠᠢ ᠠᠶᠢᠮᠠᠭ ᠲᠦᠷᠦᠯ﹀﹀ ᠪᠤᠯᠬᠤᠷ ᠤᠶᠢᠷᠠᠳ ᠠᠶᠢᠮᠠᠭ ᠤᠨ ᠤᠭᠰᠠᠭ᠎ᠠ ᠭᠠᠷᠤᠯ | ᠲᠠᠢ ᠭᠡᠵᠦ ᠦᠵᠡᠪᠡ᠂ ᠮᠤᠩᠭᠤᠯ ᠤᠯᠤᠰ ᠤᠨ ᠮᠠᠯ ᠠᠵᠦ ᠠᠬᠤᠢ ᠶᠢᠨ ᠰᠤᠳᠤᠯᠭᠠᠴᠢ ᠵᠡ᠊ ᠭᠤᠨᠴᠤᠭᠵᠠᠪ ︿︿ | ᠬᠤᠨᠢᠨ ᠤ ᠠᠵᠦ ᠠᠬᠤᠢ﹀﹀ ᠭᠡᠬᠦ ᠨᠤᠮ ᠤᠨ ᠦᠵᠦᠮᠦᠴᠢᠨ ᠤᠪᠤᠭ ᠤᠨ ᠬᠤᠨᠢ ᠭᠡᠬᠦ ᠪᠦᠯᠦᠭ ᠲᠡᠭᠡᠨ ᠦᠵᠦᠮᠦᠴᠢᠨ | ᠤᠭᠤᠴᠠᠨ ᠰᠡᠭᠦᠯᠳᠦ ᠬᠤᠨᠢ ᠶᠢ ᠪᠠᠷᠠᠭᠤᠨ ᠮᠤᠩᠭᠤᠯ ᠤᠨ ᠤᠭᠤᠴᠠᠨ ᠰᠡᠭᠦᠯᠳᠦ ᠬᠤᠨᠢ ᠲᠠᠢ ᠭᠠᠷᠤᠯ ᠡᠭᠦᠰᠦᠯ ᠤᠨ | ᠬᠤᠯᠪᠤᠭ᠎ᠠ ᠲᠠᠢ ᠭᠡᠵᠦ ᠦᠵᠡᠭᠰᠡᠨ ᠪᠠ ᠦᠵᠦᠮᠦᠴᠢᠨ ᠶᠠᠰᠤᠳᠠᠨ ᠤ ᠪᠡᠯᠡᠳᠭᠡᠭᠰᠡᠨ ᠠᠭᠠᠷᠤᠯ ᠬᠤᠷᠤᠳ ᠵᠡᠷᠭᠡ ᠴᠠᠭᠠᠨ | ᠢᠳᠡᠭᠡᠨ ᠤ ᠠᠮᠳᠠ ᠴᠢᠨᠠᠷ ᠬᠡᠯᠪᠡᠷᠢ ᠮᠠᠶ᠋ᠢᠭ ᠨᠢ ᠪᠠᠷᠠᠭᠤᠨ ᠮᠤᠩᠭᠤᠯ ᠤᠨ ᠮᠠᠯᠴᠢᠳ ᠤᠨ ᠬᠢ ᠲᠠᠢ ᠠᠳᠠᠯᠢᠬᠠᠨ | ᠵᠤᠵᠠᠭᠠᠨ ᠰᠢᠬᠠᠵᠦ ᠲᠦᠷᠪᠡᠯᠵᠢᠨ ᠭᠡᠷᠴᠢᠵᠦ ᠬᠠᠳᠠᠭᠠᠭᠰᠠᠨ ᠵᠡᠷᠭᠡ ᠵᠠᠩ ᠦᠢᠯᠡ ᠶᠢᠨ ᠲᠠᠯ᠎ᠠ ᠪᠠᠷ ᠴᠤ ᠠᠳᠠᠯᠢᠪᠳᠤᠷ | ᠭᠡᠵᠦ ᠦᠵᠡᠭᠰᠡᠨ ᠪᠠᠶᠢᠳᠠᠭ᠂ ᠭᠤ ᠳᠠᠪᠬᠠᠢ ᠨᠦᠬᠦᠷ ︿︿ᠦᠵᠦᠮᠦᠴᠢᠨ ᠠᠶᠢᠮᠠᠭ ᠤᠨ ᠶᠡᠭᠡ ᠨᠡᠭᠦᠳᠡᠯ ᠤᠨ ᠲᠤᠬᠠᠢ | ᠲᠦᠭᠦᠮ ᠦᠭᠦᠯᠡᠬᠦ ᠨᠢ﹀﹀ ᠭᠡᠬᠦ ᠵᠤᠬᠢᠶᠠᠯ ᠳᠠᠭᠠᠨ ᠮᠠᠨᠳᠤᠬᠠᠢ ᠰᠡᠴᠡᠨ ᠬᠠᠳᠤᠨ ᠤᠶᠢᠷᠠᠳ ᠢ ᠡᠷᠬᠡᠰᠢᠶᠡᠯ ᠳᠡᠭᠡᠨ | ᠤᠷᠤᠭᠤᠯᠤᠭᠰᠠᠨ ᠤ ᠳᠠᠷᠠᠭ᠎ᠠ ᠲᠠᠪᠤᠨ ᠵᠤᠷᠪᠤᠰ ᠴᠡᠭᠡᠷ ᠵᠢᠷᠤᠮ ᠢ ᠲᠤᠭᠳᠠᠭᠠᠵᠦ ᠦᠭᠭᠦᠭᠰᠡᠨ ᠠᠴᠠ ᠦᠵᠦᠮᠦᠴᠢᠨ ᠤ | ᠵᠠᠩ ᠦᠢᠯᠡ ᠶᠢᠨ ᠲᠠᠯ᠎ᠠ ᠠᠴᠠ ᠰᠢᠨᠵᠢᠯᠡᠨ ᠮᠠᠯᠠᠭᠠᠢ ᠶᠢᠨ ᠵᠠᠯᠠᠭ᠎ᠠ ᠶᠢ ᠪᠤᠭᠤᠨᠢ ᠬᠢᠳᠡᠭ᠂ ᠭᠡᠭᠦᠤ ᠶᠢᠨ ᠰᠦ ᠶᠢ ︿︿ | ᠴᠡᠭᠡ﹀﹀ ᠭᠡᠬᠦ᠂ ᠶᠡᠬᠡᠰ ᠤᠨ ᠳᠡᠷᠭᠡᠳᠡ ᠬᠡᠵᠢᠶᠡᠳᠡ ᠴᠤᠮᠴᠤᠶᠢᠨ ᠰᠠᠭᠤᠬᠤ᠂ ᠮᠢᠬ᠎ᠠ ᠶᠢ ᠤᠯᠠᠩᠬᠢ ᠳᠠᠭᠠᠨ ᠰᠢᠳᠦ | ᠪᠠᠷ ᠢᠶᠠᠨ ᠬᠠᠵᠠᠵᠦ ᠢᠳᠡᠬᠦ ᠵᠡᠷᠭᠡ ᠨᠢ ᠲᠡᠷᠡ ᠦᠶ᠎ᠡ ᠠᠴᠠ ᠡᠬᠢᠯᠡᠭᠰᠡᠨ ᠪᠠᠶᠢᠬ᠎ᠠ ᠭᠡᠵᠦ ᠦᠵᠡᠭᠰᠡᠨ ᠪᠠᠶᠢᠨ᠎ᠠ᠃ | ᠲᠡᠭᠡᠪᠡᠯ ᠳᠡᠭᠡᠷ᠎ᠡ ᠰᠢᠨᠵᠢᠯᠡᠯ ᠠᠴᠠ ᠠᠵᠢᠭᠯᠠᠪᠠᠯ ᠤᠭᠰᠠᠭ᠎ᠠ ᠵᠦᠢ᠂ ᠵᠠᠩ ᠦᠢᠯᠡ᠂ ᠮᠠᠯ ᠠᠵᠦ ᠠᠬᠤᠢ ᠵᠡᠷᠭᠡ | ᠲᠠᠯ᠎ᠠ ᠪᠠᠷ ᠦᠵᠦᠮᠦᠴᠢᠨ ᠠᠶᠢᠮᠠᠭ ᠢ ᠤᠶᠢᠷᠠᠳ ᠠᠶᠢᠮᠠᠭ ᠤᠨ ᠨᠢᠭᠡ ᠭᠡᠰᠡᠭ ᠪᠤᠯᠬᠤ ᠲᠡᠭᠡᠷ᠎ᠡ ᠦᠵᠡᠯᠳᠡ ᠨᠢᠭᠡᠳᠦᠯᠳᠠᠢ | ᠪᠠᠶᠢᠨ᠎ᠠ᠂ ᠦᠵᠦᠮᠦᠴᠢᠨ ᠤ ᠠᠮᠠᠨ ᠤᠯᠠᠮᠵᠢᠯᠠᠯ ᠳᠤ ︿︿ᠠᠯᠳᠠᠢ ᠬᠠᠩᠭᠠᠢ ᠶᠢᠨ ᠦᠵᠦᠮ ᠤᠨ ᠴᠠᠭᠠᠨ ᠠᠭᠤᠯᠠ ᠠᠴᠠ | ᠨᠡᠭᠦᠵᠦ ᠢᠷᠡᠯ᠎ᠡ﹀﹀ ᠭᠡᠳᠡᠭ ᠨᠢ ᠤᠶᠢᠷᠠᠳ ᠲᠠᠢ ᠨᠤᠲᠤᠭ ᠨᠢᠭᠡᠳᠠᠢ ᠭᠡᠰᠡᠨ ᠦᠭᠡ᠂ ᠡᠭᠦᠨ ᠢ ᠦᠵᠦᠮᠦᠴᠢᠨ ᠤ | ᠬᠤᠶᠠᠷ ᠤᠳᠠᠭᠠᠨ ᠤ ᠠᠯᠳᠠᠢ ᠤᠷᠤᠨ ᠤ ᠬᠠᠶᠢᠨ ᠰᠢᠨᠵᠢᠯᠡᠭᠡ ᠨᠢ ᠠᠭᠤᠯᠠ ᠤᠰᠤᠨ ᠤ ᠪᠤᠳᠠᠳᠦ ᠤᠷᠤᠰᠢᠬᠤᠢ ᠪᠠᠷ | ᠪᠠᠷᠢᠮᠳᠠ ᠪᠤᠯᠭᠠᠵᠦ ᠨᠤᠳᠠᠯᠠᠭᠰᠠᠨ ᠪᠠᠶᠢᠭ᠎ᠠ ᠶᠤᠮ᠂ ᠦᠭᠡ ᠬᠡᠯᠡᠴᠡ ᠶᠢᠨ ᠲᠠᠯ᠎ᠠ ᠪᠠᠷ ᠬᠤᠪᠳᠦ᠂ ᠪᠠᠶᠠᠨ ᠦᠯᠦᠭᠡᠢ ᠪᠠᠷ | ᠠᠮᠢᠳᠤᠷᠠᠨ ᠪᠠᠶᠢᠭ᠎ᠠ ᠮᠠᠯᠴᠢᠳ ᠤᠨ ᠦᠭᠡ ᠶᠠᠷᠢᠶ᠎ᠠ ᠠᠴᠠ ᠬᠠᠯᠬ᠎ᠠ ᠠᠪᠢᠶ᠎ᠠ ᠰᠢᠭ᠋ ᠰᠢᠳᠦ ᠪᠠᠨ ᠬᠡᠯᠡᠨ ᠤ | ᠦᠵᠦᠭᠦᠷ ᠢᠶᠠᠷ ᠴᠤᠬᠢᠵᠦ ᠬᠡᠯᠡᠭᠦ ᠪᠢᠰᠢ ᠬᠠᠷᠢᠨ ᠬᠡᠯᠡ ᠪᠠᠨ ᠲᠠᠩᠨᠠᠢ ᠳᠠᠭᠠᠨ ᠲᠤᠯᠭᠠᠵᠦ ᠬᠡᠯᠡᠬᠦ ᠨᠢ ᠦᠵᠦᠮᠦᠴᠢᠨ | ᠠᠪᠢᠶ᠎ᠠ ᠲᠠᠢ ᠲᠦᠰᠦᠳᠠᠢ ᠪᠠᠶᠢᠨ᠎ᠠ᠂ ᠡᠶᠢᠮᠦ ᠪᠠᠷ ᠦᠭᠡ ᠨᠢ ᠲᠤᠳᠦ ᠤᠶᠢᠯᠠᠭᠠᠮᠵᠢᠳᠠᠢ ᠪᠠᠶᠢᠳᠠᠭ᠂ ᠡᠭᠦᠨ ᠠᠴᠠ | ᠭᠠᠵᠠᠷ ᠵᠦᠢ᠂ ᠠᠪᠢᠶ᠎ᠠ ᠵᠦᠢ ᠶᠢᠨ ᠲᠠᠯ᠎ᠠ ᠪᠠᠷ ᠴᠤ ᠤᠶᠢᠷᠠᠯᠴᠠᠭ᠎ᠠ ᠭᠡᠳᠡᠭ ᠢ ᠮᠡᠳᠡᠵᠦ ᠪᠤᠯᠤᠨ᠎ᠠ᠂ ᠦᠵᠦᠮᠦᠴᠢᠨ | ᠠᠶᠢᠮᠠᠭ ᠤᠨ ᠡᠭᠦᠰᠦᠯ ᠬᠦᠭᠵᠢᠯ ᠢ ᠤᠭᠰᠠᠭ᠎ᠠ ᠵᠦᠢ᠂ ᠵᠠᠩ ᠦᠢᠯᠡ᠂ ᠭᠠᠵᠠᠷ ᠵᠦᠢ᠂ ᠠᠪᠢᠶ᠎ᠠ ᠵᠦᠢ᠂ ᠮᠠᠯ ᠠᠵᠦ | ᠠᠬᠤᠢ ᠵᠡᠷᠭᠡ ᠤᠯᠠᠨ ᠲᠠᠯ᠎ᠠ ᠶᠢᠨ ᠰᠢᠨᠵᠢᠯᠡᠭᠡᠨ ᠠᠴᠠ ᠤᠶᠢᠷᠠᠳ ᠠᠴᠠ ᠭᠠᠷᠤᠯ ᠲᠠᠢ ᠭᠡᠳᠡᠭ ᠢ ᠨᠤᠳᠠᠯᠠᠵᠦ ᠪᠤᠯᠬᠤ | ᠪᠦᠭᠡᠳ ᠲᠡᠤᠬᠡ ᠶᠢᠨ ᠤᠯᠠᠨ ᠳᠠᠪᠳᠠᠯᠳᠠ ᠬᠤᠪᠢᠷᠠᠯᠳᠠ ᠠᠴᠠ ᠤᠯᠠᠨ ᠤᠭᠰᠠᠭᠠᠳᠠᠨ ᠶᠠᠰᠤᠳᠠᠨ ᠤ ᠪᠦᠷᠢᠯᠳᠦᠯ | ᠪᠤᠯᠤᠨ ᠬᠦᠭᠵᠢᠭᠰᠡᠨ ᠢ ᠴᠤ ᠦᠭᠡᠶᠢᠰᠭᠡᠵᠦ ᠪᠤᠯᠬᠤ ᠦᠭᠡᠢ ᠶᠤᠮ᠃ ᠦᠵᠦᠮᠦᠴᠢᠨ ᠠᠶᠢᠮᠠᠭ ᠤᠨ ᠪᠦᠷᠢᠯᠳᠦᠯ ᠢ | ᠤᠷᠴᠢᠨ ᠦᠶ᠎ᠡ ᠶᠢᠨ ᠲᠡᠤᠬᠡᠨ ᠠᠴᠠ ᠠᠵᠢᠭᠯᠠᠭᠰᠠᠨ ᠴᠤ᠂ ᠤᠮᠠᠷᠠᠳᠦ ᠶᠤᠸᠠᠨ ᠤᠯᠤᠰ ᠤᠨ ᠦᠶ᠎ᠡ ᠳᠤ ᠡᠷᠬᠡᠭᠦᠳ᠂ | ᠯᠠᠤᠰᠴᠢᠨ᠂ ᠰᠠᠷᠬᠤᠳ᠂ ᠳᠠᠪᠠᠳ ᠵᠡᠷᠭᠡ ᠤᠳᠤᠭ ᠠᠶᠢᠮᠠᠭ ᠤᠳ ᠦᠵᠦᠮᠦᠴᠢᠨ ᠠᠶᠢᠮᠠᠭ ᠲᠤ ᠪᠠᠭᠳᠠᠭᠳᠠᠵᠠᠢ᠂ | ᠤᠳᠤ ᠶᠢᠨ ᠦᠵᠦᠮᠦᠴᠢᠨ ᠤ ᠪᠦᠭᠡᠨᠡᠷ ᠠᠶᠢᠮᠠᠭ᠂ ᠤᠷᠳᠤᠴᠢᠨ ᠤᠪᠤᠭᠳᠠᠨ᠂ ᠯᠠᠮᠠ ᠶᠢᠨ ᠠᠶᠢᠮᠠᠭ ᠵᠡᠷᠭᠡ ᠠᠶᠢᠮᠠᠭ | ᠪᠦᠯᠦᠭ ᠨᠢ ᠠᠭᠠᠵᠢᠮ ᠴᠢᠩ ᠤᠯᠤᠰ ᠤᠨ ᠦᠶ᠎ᠡ ᠳᠤ ᠰᠡᠭᠦᠯᠡᠷ ᠢᠷᠡᠭᠰᠡᠨ ᠭᠤᠷᠪᠠᠨ ᠵᠠᠭᠤᠨ ᠵᠢᠯ ᠪᠤᠯᠵᠦ ᠪᠠᠶᠢᠭ᠎ᠠ | ᠦᠵᠦᠮᠦᠴᠢᠨ ᠤ ᠬᠤᠵᠢᠭᠤ ᠪᠦᠷᠢᠯᠳᠦᠯ ᠭᠡᠰᠡᠭ ᠪᠤᠯᠤᠭᠰᠠᠨ ᠶᠤᠮ᠃ | ᠦᠵᠦᠮᠦᠴᠢᠨ ᠭᠡᠬᠦ ᠨᠡᠷ᠎ᠡ ᠶᠢᠨ ᠡᠭᠦᠰᠦᠯ ᠪᠠ ᠤᠳᠬ᠎ᠠ ᠵᠦᠢ ᠶᠢᠨ ᠲᠤᠬᠠᠢ ᠭᠠᠳᠠᠭᠠᠲᠦ ᠳᠣᠳᠣᠭᠠᠲᠦ ᠶᠢᠨ | ᠵᠠᠷᠢᠮ ᠡᠷᠳᠡᠮᠳᠡᠳ ᠰᠣᠳᠣᠯᠭᠠᠳᠠᠳ ︽ᠦᠵᠡᠮᠡᠷ ᠲᠤ ᠲᠣᠷ᠎ᠠ ᠲᠠᠢ ᠠᠴᠠ ᠦᠵᠡᠮᠡᠷᠴᠢᠨ ᠪᠤᠯᠣᠭᠰᠠᠨ︾᠂ ︽ | ᠬᠠᠷᠠᠭᠤᠯ ᠵᠤᠭᠰᠣᠬᠤ ᠶᠢ ᠦᠵᠡᠮᠦ ᠭᠡᠵᠦ ᠬᠡᠯᠡᠳᠡᠭ ᠠᠴᠠ ᠴᠢᠨ ᠳᠠᠭᠠᠪᠤᠷᠢ ᠵᠠᠯᠭᠠᠵᠤ ᠦᠵᠦᠮᠦᠴᠢᠨ ᠪᠤᠯᠤᠭᠰᠠᠨ︾᠂ | ︽ᠬᠠᠭᠠᠨ ᠤ ᠦᠵᠦᠭᠦᠷ ᠴᠡᠷᠢᠭ ᠲᠤ ᠶᠠᠪᠤᠵᠤ ᠪᠠᠶᠢᠭᠰᠠᠨ ᠢᠶᠠᠷ ᠨᠢ ᠦᠵᠦᠮᠦᠴᠢᠨ ᠪᠤᠯᠤᠭᠰᠠᠨ︾ ᠭᠡᠬᠦ ᠵᠡᠷᠭᠡ | ᠲᠠᠭᠠᠮᠠᠭᠯᠠᠯ ᠪᠠ ᠰᠣᠳᠣᠯᠤᠯᠳᠠ ᠶᠢ ᠫ᠊ ᠲᠤᠭᠠᠷ ᠠᠪᠤᠭᠠᠢ ︽ᠵᠦᠪᠬᠡᠨ ᠦᠭᠡ ᠶᠢᠨ ᠦᠨᠳᠦᠰᠦ ᠢᠵᠠᠭᠤᠷ ᠤᠨ | ᠲᠠᠭᠠᠪᠤᠷᠢ ᠶᠢᠨ ᠠᠭᠤᠯᠭ᠎ᠠ ᠶᠢ ᠦᠵᠡᠵᠦ ᠳᠠᠭᠠᠮᠠᠭᠯᠠᠭᠰᠠᠨ ᠲᠡᠳᠦᠢ ᠠᠴᠠ ᠪᠢᠰᠢ᠂ ᠶᠠᠮᠠᠷ ᠨᠢᠭᠡᠨ ᠲᠡᠦᠬᠡ ᠶᠢᠨ | ᠦᠨᠳᠦᠰᠦ ᠪᠠᠷᠢᠮᠳᠠ ᠲᠠᠢ ᠨᠤᠳᠠᠯᠠᠯᠳᠠ ᠪᠢᠰᠢ︾ ᠭᠡᠵᠦ ᠦᠵᠡᠭᠰᠡᠨ ᠪᠦᠭᠡᠳ ︽ᠦᠵᠦᠮ︾ ᠭᠡᠳᠡᠭ ᠦᠭᠡᠨ ᠳᠤ | ᠴᠢᠨ ᠳᠠᠭᠠᠪᠤᠷᠢ ᠵᠠᠯᠭᠠᠭᠠᠳ ︽ᠦᠵᠦᠮᠴᠢᠨ WUZHUMQIN︾ ᠪᠤᠯᠣᠭᠰᠠᠨ ᠭᠡᠬᠦ ᠨᠤᠳᠠᠯᠠᠯᠳᠠ ᠶᠢ ᠬᠢᠭᠰᠡᠨ | ᠨᠢ ᠤᠨᠤᠪᠴᠢᠳᠠᠢ ᠭᠡᠵᠦ ᠠᠵᠢᠭᠯᠠᠭᠳᠠᠨ᠎ᠠ᠃ | ᠡᠯᠡᠰᠦᠨ ᠤ ︽ᠦᠵᠦᠮᠦᠴᠢᠨ ᠭᠡᠳᠡᠭ ᠨᠡᠷ᠎ᠡ︾ ᠭᠡᠬᠦ ᠤᠬᠤᠷ ᠦᠭᠦᠯᠡᠯ᠂ ᠨ᠊ ᠲᠡᠮᠡᠴᠡᠯᠳᠦ ᠶᠢᠨ ︽ | ᠦᠵᠦᠮᠦᠴᠢᠨ ᠭᠡᠳᠡᠭ ᠨᠡᠷ᠎ᠡ ᠶᠢᠨ ᠢᠷᠡᠯᠳᠡ ᠪᠠ ᠲᠡᠭᠦᠨ ᠤ ᠪᠢᠴᠢᠯᠭᠡ ᠶᠢᠨ ᠲᠤᠬᠠᠢ ᠠᠰᠠᠭᠤᠳᠠᠯ︾ ᠭᠡᠬᠦ ᠰᠢᠨᠵᠢᠯᠭᠡᠨ | ᠤ ᠦᠭᠦᠯᠡᠯ᠂ ᠭᠤ ᠷᠠᠭᠸ᠎ᠠ ᠶᠢᠨ ︽ᠦᠵᠦᠮᠦᠴᠢᠨ ᠮᠤᠩᠭᠤᠯᠴᠣᠳ︾ ᠭᠡᠬᠦ ᠰᠢᠨᠵᠢᠯᠡᠭᠡᠨ ᠤ ᠦᠭᠦᠯᠡᠯ ᠤᠳ ᠨᠢ ᠫ᠊᠂ | ᠳᠣᠭᠠᠷ ᠠᠪᠤᠭᠠᠢ ᠶᠢᠨ ᠰᠣᠳᠣᠯᠣᠯ ᠲᠠᠢ ᠦᠵᠡᠯᠳᠡ ᠨᠢᠭᠡᠳᠦᠯᠳᠡᠢ ᠪᠠᠶᠢᠬᠤ ᠪᠦᠭᠡᠳ ᠠᠭᠤᠯᠭ᠎ᠠ ᠶᠢᠨ ᠡᠭᠦᠰᠦᠯ | ᠦᠰᠦᠭ ᠤᠨ ᠪᠦᠲᠦᠴᠡ ᠶᠢᠨ ᠳᠡᠯ᠎ᠠ ᠪᠠᠷ ᠨᠠᠷᠢᠨ ᠰᠣᠳᠣᠯᠤᠭᠰᠠᠨ ᠪᠠᠶᠢᠳᠠᠭ᠂ ᠨ᠊ ᠲᠡᠮᠡᠴᠡᠯᠲᠦ ᠭᠤᠸᠠᠢ ᠠᠴᠠ ᠤᠳᠤ | ᠶᠢᠨ ︽ᠦᠵᠦᠮᠦᠴᠢᠨ︾ ᠭᠡᠬᠦ ᠪᠢᠴᠢᠯᠭᠡ ᠶᠢ ᠬᠢᠳᠡᠳ ᠠᠪᠢᠶᠠᠨ ᠤ ︽ᠦ᠋ ᠵᠦ ᠮᠦ᠋ ᠴᠢᠨ乌珠穆沁 | WUZHUMUQIN︾ ᠭᠡᠬᠦ ᠳᠠᠭᠤᠳᠠᠯᠭ᠎ᠠ ᠠᠴᠠ ᠢᠷᠡᠯᠳᠡ ᠲᠠᠢ ᠪᠤᠷᠣᠭᠤ ᠪᠢᠴᠢᠯᠭᠡ ᠭᠡᠵᠦ ᠦᠵᠡᠭᠰᠡᠨ | ᠪᠦᠭᠡᠳ ︽ᠪᠤᠯᠤᠷ ᠲᠤᠯᠢ︾ ᠵᠡᠷᠭᠡ ᠲᠡᠦᠬᠡᠨ ᠪᠢᠴᠢᠭ ᠪᠤᠯᠣᠨ ︽ᠴᠢᠩ ᠤᠯᠣᠰ ᠳᠤᠷ ᠲᠠᠭᠠᠭᠰᠠᠨ ᠮᠤᠩᠭᠤᠯ | ᠴᠢᠭᠤᠯᠭᠠᠨ ᠬᠤᠰᠢᠭᠤᠳ ᠤᠨ ᠤᠷᠤᠨ ᠪᠠᠶᠢᠷᠢ︾ ᠬᠡᠮᠡᠬᠦ ᠲᠡᠦᠬᠡᠨ ᠪᠢᠴᠢᠭ ᠲᠤ ᠦᠵᠦᠮᠦᠴᠢᠨ ᠭᠡᠳᠡᠭ ᠨᠡᠷ᠎ᠡ ᠶᠢ ︽ | ᠦᠵᠦᠮᠴᠢᠨ WUZHUMQIN︾ ᠭᠡᠵᠦ ᠲᠡᠮᠳᠡᠭᠯᠡᠭᠰᠡᠨ ᠢ ᠨᠢᠭᠡᠨ ᠲᠡᠦᠬᠡ ᠶᠢᠨ ᠮᠡᠳᠡᠯᠭᠡᠳᠡᠨ ᠤ ᠬᠤᠪᠢ ᠳᠤ | ᠨᠡᠷ᠎ᠡ ᠶᠢᠨ ᠦᠨᠡᠨ ᠢᠷᠡᠯᠳᠡ ᠶᠢ ᠦᠨᠳᠦᠰᠦᠯᠡᠭᠰᠡᠨ ᠵᠦᠪ ᠪᠢᠴᠢᠯᠭᠡ ᠭᠡᠰᠡᠨ ᠬᠠᠩᠭᠠᠮᠵᠢᠳᠠᠢ ᠰᠣᠳᠣᠯᠭ᠎ᠠ ᠶᠢ ᠬᠢᠭᠰᠡᠨ | ᠪᠠᠶᠢᠨ᠎ᠠ᠃ | ᠲᠡᠳᠡᠨ ᠤ ᠰᠣᠳᠣᠯᠣᠯ ᠤᠨ ᠬᠦᠨᠳᠦᠳᠭᠡᠭᠦᠰᠢᠳᠠᠢ ᠲᠠᠯ᠎ᠠ ᠨᠢ ᠭᠡᠪᠡᠯ ᠦᠵᠦᠮᠦᠴᠢᠨ ᠠᠶᠢᠮᠠᠭ ᠤᠨ ᠡᠭᠦᠰᠦᠭᠰᠡᠨ | ᠭᠠᠵᠠᠷ ᠤᠷᠤᠨ ᠬᠢᠭᠡᠳ ᠵᠠᠩ ᠦᠢᠯᠡ ᠠᠴᠠ ᠡᠰᠢᠯᠡᠵᠦ᠂ ᠲᠡᠦᠬᠡᠨ ᠪᠤᠳᠠᠲᠦ ᠬᠡᠷᠡᠭ ᠤᠴᠢᠷ ᠢᠶᠠᠷ ᠪᠠᠷᠢᠮᠳᠡ | ᠪᠤᠯᠭᠠᠵᠦ᠂ ᠤᠯᠠᠮᠵᠢᠯᠠᠯᠲᠦ ᠦᠪᠡᠷᠮᠢᠴᠡ ᠬᠡᠯᠡᠯᠭᠡ ᠲᠠᠢ ᠬᠤᠯᠪᠤᠵᠦ ᠨᠢᠭᠳᠠᠯᠠᠨ ᠰᠣᠳᠣᠯᠣᠭᠰᠠᠨ ᠳᠤ ᠪᠠᠶᠢᠬᠤ ᠶᠤᠮ᠃ | ᠡᠨᠡ ᠲᠤᠬᠠᠢ ᠰᠣᠳᠣᠯᠭ᠎ᠠ ᠶᠢ ᠦᠵᠦᠮᠦᠴᠢᠨ ᠠᠮᠠᠨ ᠤᠯᠠᠮᠵᠢᠠᠯᠠᠯ ᠬᠢᠭᠡᠳ ᠦᠪᠡᠷᠮᠢᠴᠡ ᠠᠮᠠᠨ ᠠᠶᠠᠯᠠᠭᠤ ︵ | ᠬᠡᠯᠡᠯᠭᠡ︶ ᠶᠢ ᠤᠶᠠᠯᠳᠣᠭᠤᠯᠣᠨ ᠴᠢᠨᠠᠭᠰᠢᠳᠠ ᠭᠦᠨᠵᠡᠭᠡᠶᠢᠷᠡᠭᠦᠯᠪᠡᠯ ᠤᠯᠠᠮ ᠤᠨᠤᠪᠴᠢᠳᠡᠢ ᠪᠣᠯᠬᠤ ᠰᠢᠭ᠋ ᠰᠠᠨᠠᠭᠳᠠᠨ᠎ᠠ᠃ | ᠦᠵᠦᠮᠦᠴᠢᠨ ᠠᠶᠢᠮᠠᠭ ᠤᠨ ᠠᠮᠠᠨ ᠤᠯᠠᠮᠵᠢᠯᠠᠯ ᠳᠤ ︽ᠠᠯᠳᠠᠢ ᠬᠠᠩᠭᠠᠢ ᠶᠢᠨ ᠦᠵᠦᠮ ᠤᠨ ᠴᠠᠭᠠᠨ ᠠᠭᠤᠯᠠ | ᠠᠴᠠ ᠨᠡᠭᠦᠵᠦ ᠢᠷᠡᠪᠡ︾ ᠭᠡᠳᠡᠭ᠃ ᠦᠵᠦᠮ ᠤᠨ ᠴᠠᠭᠠᠨ ᠠᠭᠤᠯᠠ ᠪᠤᠯ ᠮᠤᠩᠭᠤᠯ ᠤᠯᠤᠰ ᠤᠨ ᠪᠠᠶᠠᠨ — | ᠦᠯᠦᠭᠡᠢ ᠠᠶᠢᠮᠠᠭ ᠤᠨ ᠠᠯᠳᠠᠢ ᠰᠣᠮᠣᠨ ᠤ ᠪᠠᠷᠠᠭᠤᠨ ᠪᠡᠶ᠎ᠡ ᠳᠤ ᠪᠠᠶᠢᠷᠢᠰᠢᠵᠦ ᠪᠤᠢ᠃ ᠡᠨᠡᠬᠦ ᠠᠮᠠᠨ ᠤᠯᠠᠮᠵᠢᠯᠠᠯ ᠨᠢ | ᠤᠳᠤ ᠪᠤᠳᠠᠲᠦ ᠤᠷᠤᠰᠢᠬᠤᠢ ᠪᠠᠷ ᠨᠣᠳᠠᠯᠠᠭᠳᠠᠭᠰᠠᠨ ᠪᠠᠶᠢᠨ᠎ᠠ᠃ ᠦᠵᠦᠮ ᠤᠨ ᠴᠠᠭᠠᠨ ᠠᠭᠤᠯᠠ ᠨᠢ ᠦᠨᠡᠨ | ᠪᠤᠳᠠᠲᠦ ᠭᠠᠵᠠᠷ ᠤᠨ ᠨᠡᠷ᠎ᠡ ᠪᠤᠯᠣᠭᠰᠠᠨ ᠤ ᠬᠤᠪᠢ ᠳᠤ ᠦᠵᠦᠮ ᠭᠡᠳᠡᠭ ᠨᠢ ᠲᠤᠰ ᠠᠭᠤᠯᠠᠨ ᠤ ᠲᠤᠳᠤᠳᠬᠠᠯ ᠨᠡᠷ᠎ᠡ | ᠪᠤᠯᠤᠨ᠎ᠠ᠂ ᠡᠨᠡ ᠤᠳᠬ᠎ᠠ ᠠᠭᠤᠯᠭ᠎ᠠ ᠠᠴᠠ ᠦᠵᠡᠪᠡᠯ ᠳ᠋ᠠᠷᠮᠠᠳ᠋ᠯᠾᠠ ᠭᠡᠳᠡᠭ ᠬᠦᠮᠦᠨ ᠤ ᠲᠦᠪᠡᠳ ᠬᠡᠯᠡᠨ ᠤ | ᠲᠡᠦᠬᠡᠨ ᠵᠤᠬᠢᠶᠠᠯ ᠳᠤ ᠲᠡᠮᠳᠡᠭᠯᠡᠭᠳᠡᠭᠰᠡᠨ ︽ᠵᠡᠷᠯᠢᠭ ᠦᠵᠦᠮ︾ ᠨᠢ ᠡᠨᠡ ᠴᠠᠭᠠᠨ ᠠᠭᠤᠯᠠᠨ ᠳᠤ ᠲᠤᠬᠠᠢ ᠶᠢᠨ | ᠦᠶ᠎ᠡ ᠤᠷᠭᠤᠵᠦ ᠪᠠᠶᠢᠭᠰᠠᠨ ᠪᠠ ᠲᠡᠭᠦᠨ ᠢᠶᠠᠷ ᠨᠢ ᠦᠵᠦᠮ ᠤᠨ ᠴᠠᠭᠠᠨ ᠠᠭᠤᠯᠠ ᠭᠡᠵᠦ ᠨᠡᠷᠡᠯᠡᠭᠰᠡᠨ ᠪᠠᠶᠢᠵᠦ | ᠲᠠᠭᠠᠷᠠᠨ᠎ᠠ᠃ ᠦᠵᠦᠮᠦᠴᠢᠨ ᠭᠡᠳᠡᠭ ᠨᠡᠷ᠎ᠡ ᠡᠨᠡ ᠠᠭᠤᠯᠠᠨ ᠠᠴᠠ ᠢᠷᠡᠯᠳᠡ ᠲᠠᠢ ᠪᠦᠭᠡᠳ ᠦᠵᠦᠮᠦᠴᠢᠨ ᠠᠶᠢᠮᠠᠭ | ᠴᠣ᠋ ᠡᠨᠡ ᠤᠤᠭᠠᠯ ᠨᠤᠳᠤᠭ ᠢᠶᠠᠨ ᠳᠣᠷᠠᠰᠬᠠᠨ᠂ ᠠᠶᠢᠮᠠᠭ ᠤᠨ ᠨᠡᠷ᠎ᠡ ᠪᠤᠯᠭᠠᠭᠰᠠᠨ ᠨᠢ ᠢᠯᠡᠷᠬᠡᠢ ᠶᠤᠮ᠃ ᠦᠵᠦᠮ | ᠭᠡᠭᠴᠢ ᠤᠷᠭᠤᠮᠠᠯ ᠤᠨ ᠳᠣᠬᠠᠢ ᠡᠷᠳᠡ ᠦᠶ᠎ᠡ ᠶᠢᠨ ᠳ᠋ᠠᠷᠮᠠᠳ᠋ᠯᠾᠠ ᠶᠢᠨ ︽ᠵᠡᠷᠯᠢᠭ ᠦᠵᠦᠮ︾ ᠭᠡᠵᠦ ᠲᠡᠮᠳᠡᠭᠯᠡᠭᠰᠡᠨ | ᠪᠠ ᠵ᠊ ᠰᠠᠷᠠᠨᠳᠣᠭᠤᠯᠭᠠ ᠶᠢᠨ ︽ᠦᠵᠦᠮᠦᠴᠢᠨ ᠤ ᠭᠠᠷᠤᠯ ᠡᠭᠦᠰᠦᠯ ᠤᠨ ᠲᠤᠬᠠᠢ ᠰᠢᠨ᠎ᠡ ᠰᠦᠪᠡᠭᠴᠢᠯᠡᠯ︾ ᠭᠡᠬᠦ | ᠰᠢᠨᠵᠢᠯᠡᠭᠡᠨ ᠤ ᠦᠭᠦᠯᠡᠯ ᠳᠡᠭᠡᠨ ᠮᠤᠩᠭᠤᠯ ᠤᠯᠣᠰ ᠤᠨ ᠬᠤᠶᠢᠲᠦ ᠪᠡᠶ᠎ᠡ ᠪᠠᠷ ᠤᠷᠤᠰᠢᠬᠤ ᠬᠦᠪᠰᠦᠭᠦᠯ ᠤᠨ ᠭᠠᠵᠠᠷ | ᠤᠷᠤᠨ ᠢᠶᠠᠷ ᠵᠡᠷᠯᠢᠭ ᠦᠵᠦᠮ ᠪᠠᠭᠰᠢᠷᠠᠨ ᠤᠷᠭᠤᠵᠦ ᠪᠠᠶᠢᠳᠠᠭ ᠪᠠ ᠤᠳᠤ ᠪᠤᠯᠳᠠᠯ᠎ᠠ ᠬᠠᠭᠤᠴᠢᠨ ᠠᠷᠭ᠎ᠠ ᠪᠠᠷ ᠢᠶᠠᠨ | ᠦᠵᠦᠮ ᠤᠨ ᠠᠷᠢᠬᠢ ᠨᠡᠷᠡᠵᠦ ᠪᠤᠯᠪᠠᠰᠤᠷᠠᠭᠤᠯᠣᠨ ᠠᠰᠢᠭᠯᠠᠨ ᠬᠡᠷᠡᠭᠯᠡᠵᠦ ᠪᠠᠶᠢᠬᠤ ᠲᠤᠬᠠᠢ ᠨᠠᠷᠢᠨ ᠮᠡᠳᠡᠭᠡᠯᠡᠭᠰᠡᠨ ᠢ | ᠬᠠᠷᠢᠭᠤᠴᠠᠭᠤᠯᠣᠨ ᠦᠵᠡᠪᠡᠯ ᠠᠯᠳᠠᠢ ᠬᠠᠩᠭᠠᠢ ᠶᠢᠨ ᠨᠢᠷᠣᠭᠤᠳ ᠢᠶᠠᠷ ᠡᠨᠡᠬᠦ ᠵᠡᠷᠯᠢᠭ ᠤᠷᠭᠤᠮᠠᠯ ᠨᠡᠶᠢᠳᠡᠮ ᠪᠠᠶᠢᠳᠠᠭ | ᠢ ᠮᠡᠳᠡᠵᠦ ᠪᠣᠯᠣᠨ᠎ᠠ᠃ ᠦᠵᠦᠮᠦᠴᠢᠨ ᠠᠮᠠᠨ ᠠᠶᠠᠯᠠᠭᠤ ᠶᠢᠨ ᠲᠠᠯ᠎ᠠ ᠪᠠᠷ ᠨᠢᠭᠳᠠᠯᠠᠪᠠᠯ ᠦᠵᠦᠮᠦᠴᠢᠨᠴᠤᠳ ᠤᠨ | ᠨᠡᠶᠢᠳᠡᠮ ᠤᠨ ᠬᠡᠯᠡᠯᠭᠡ ᠳᠤ ︽ᠦᠵᠡᠮᠡᠷᠴᠢᠨ︾᠂ ︽ᠦᠵᠡᠮᠵᠢᠴᠢᠨ︾᠂ ︽ᠦᠵᠦᠭᠦᠷᠴᠢᠨ︾ ᠭᠡᠵᠦ ᠦᠪᠡᠷ ᠤᠨ | ᠠᠶᠢᠮᠠᠭ ᠪᠦᠯᠦᠭ ᠢᠶᠠᠨ ᠨᠡᠷᠡᠯᠡᠨ ᠲᠠᠭᠤᠳᠠᠳᠠᠭ ᠦᠭᠡᠢ ᠪᠦᠭᠡᠳ ᠴᠡᠪᠡᠷ ᠲᠤᠳᠤ ᠬᠡᠯᠡᠴᠡ ᠪᠠᠷ ᠢᠶᠠᠨ ︽ᠦᠵᠦᠮᠴᠢᠨ | WUZHUMQIN︾ ᠭᠡᠵᠦ ᠤᠳᠤ ᠪᠤᠯᠳᠠᠯ᠎ᠠ ᠬᠠᠳᠠᠭᠠᠯᠠᠭᠰᠠᠭᠠᠷ ᠪᠤᠢ᠃ ᠡᠨᠡᠬᠦ ᠲᠤᠳᠤ ᠬᠡᠯᠡᠴᠡ ᠠᠴᠠ ᠨᠢ | ᠦᠪᠡᠷᠮᠢᠴᠡ ᠤᠯᠠᠮᠵᠢᠯᠠᠯᠲᠦ ᠬᠡᠯᠡᠯᠭᠡ ᠨᠢ ᠦᠶ᠎ᠡ ᠶᠢᠨ ᠦᠶ᠎ᠡ ᠬᠠᠳᠠᠩᠰᠢᠵᠦ᠂ ᠲᠡᠳᠡᠨ ᠳᠤ ᠦᠵᠦᠮ ᠲᠠᠢ ᠤᠷᠭᠤᠮᠠᠯ | ᠪᠦᠬᠦᠢ ᠡᠯᠪᠡᠭ ᠰᠠᠶᠢᠬᠠᠨ ᠭᠠᠵᠠᠷ ᠠᠴᠠ ᠨᠡᠭᠦᠵᠦ ᠢᠷᠡᠭᠰᠡᠨ ᠭᠡᠵᠦ ᠭᠦᠨ ᠰᠡᠳᠭᠢᠭᠳᠡᠭᠰᠡᠨ ᠲᠡᠦᠬᠡᠨ ᠤᠬᠠᠮᠰᠠᠷ | ᠪᠤᠯᠤᠨ ᠪᠦᠷᠢᠯᠳᠦᠯ᠎ᠡ ᠭᠡᠵᠦ ᠦᠵᠡᠵᠦ ᠪᠤᠯᠣᠨ᠎ᠠ᠂ ᠲᠠᠬᠢᠪᠠᠯ ᠦᠵᠦᠮᠦᠴᠢᠨ ᠬᠡᠯᠡᠯᠭᠡ ᠶᠢᠨ ᠪᠠᠰᠠ ᠨᠢᠭᠡ | ᠢᠳᠡᠭᠡᠭᠦᠰᠢᠳᠠᠢ ᠨᠢ ᠭᠡᠪᠡᠯ ᠪᠤᠰᠤᠳ ᠦᠨᠳᠦᠰᠦᠳᠡᠨ ᠶᠠᠰᠣᠳᠡᠨ ᠤ ᠠᠮᠠᠨ ᠠᠶᠠᠯᠠᠭᠤ ᠳᠤ ᠨᠦᠯᠦᠭᠡᠯᠡᠭᠳᠡᠭᠡ ᠦᠭᠡᠢ | ᠤᠴᠢᠷ ᠬᠡᠯᠡᠨ ᠤ ᠮᠡᠳᠡᠷᠡᠮᠵᠢ ᠪᠠ ᠤᠬᠠᠮᠰᠠᠷ ᠨᠢ ᠦᠨᠳᠦᠷ ᠪᠠᠶᠢᠵᠦ᠂ ᠲᠡᠳᠡᠨ ᠤ ᠦᠪᠡᠷ ᠤᠨ ᠤᠤᠭᠠᠯ ᠨᠤᠳᠤᠭ ᠤᠨ | ᠢᠶᠠᠨ ᠡᠭᠦᠰᠦᠯ ᠭᠠᠷᠤᠯ ᠢ ᠬᠠᠯᠠᠭᠤ ᠪᠤᠷᠤᠭᠤ ᠠᠪᠢᠶᠠᠯᠠᠬᠤ ᠶᠤᠰᠤ ᠦᠭᠡᠢ ᠶᠣᠮ᠃ ᠡᠭᠦᠨ ᠢ ᠦᠵᠦᠮᠦᠴᠢᠨ ᠤ | ᠨᠡᠶᠢᠳᠡᠮ ᠤᠨ ᠬᠡᠯᠡᠯᠭᠡ ᠠᠴᠠ ᠤᠶᠢᠯᠠᠭᠠᠵᠦ ᠪᠤᠯᠬᠤ ᠪᠦᠭᠡᠳ ᠤᠯᠠᠭᠠᠨᠬᠠᠳᠠ ᠬᠤᠳᠠ ᠶᠢᠨ ᠬᠠᠷᠠᠴᠢᠨ ᠬᠤᠰᠢᠭᠤᠨ ᠳᠤ | ᠪᠦᠬᠦᠢ ᠦᠵᠦᠮᠦᠴᠢᠨ ᠤᠭᠰᠠᠭᠠᠳᠠᠳ ᠬᠡᠴᠢᠨᠡᠨ ᠤᠨ ᠤ ᠲᠡᠦᠬᠡᠨ ᠬᠤᠭᠤᠴᠠᠭ᠎ᠠ ᠶᠢ ᠦᠩᠭᠡᠷᠡᠭᠡᠭᠡᠳ ᠦᠭᠡ ᠬᠡᠯᠡ | ᠦᠰᠦᠭ ᠪᠢᠴᠢᠭ ᠨᠢ ᠤᠰᠠᠳᠣᠭᠰᠠᠨ ᠪᠤᠯᠪᠠᠴᠤ ᠦᠵᠦᠮᠦᠴᠢᠨ ᠬᠡᠮᠡᠬᠦ ᠲᠠᠭᠤᠳᠠᠯᠭ᠎ᠠ ᠪᠠᠨ ᠤᠳᠤ ᠪᠤᠯᠳᠠᠯ᠎ᠠ ᠪᠦᠷᠢᠨ | ᠴᠡᠪᠡᠷ ᠬᠠᠳᠠᠭᠠᠯᠠᠭᠰᠠᠭᠠᠷ ᠪᠠᠶᠢᠭ᠎ᠠ ᠶᠠᠪᠤᠳᠠᠯ ᠤᠳ ᠭᠡᠷᠡᠴᠢᠯᠡᠵᠦ ᠪᠤᠢ᠃ ᠲᠡᠭᠡᠷᠡᠬᠢ ᠰᠢᠨᠵᠢᠯᠡᠯ ᠢᠶᠠᠨ ᠤᠯᠠᠮᠵᠢᠯᠠᠯ | ᠶᠠᠷᠢᠶ᠎ᠠ — ᠵᠡᠷᠯᠢᠭ ᠦᠵᠦᠮ — ᠦᠪᠡᠷᠮᠢᠴᠡ ᠬᠡᠯᠡᠴᠡ — ᠰᠡᠳᠭᠢᠮᠵᠢ ᠤᠬᠠᠮᠰᠠᠷ — ᠪᠤᠳᠠᠳᠤ ᠤᠷᠤᠰᠢᠬᠤᠢ | ᠭᠡᠵᠦ ᠲᠤᠮᠢᠶᠠᠯᠠᠪᠠᠯ ᠦᠵᠦᠮᠦᠴᠢᠨ ᠭᠡᠬᠦ ᠨᠡᠷᠡᠶᠢᠳᠦᠯ ᠨᠢ ᠦᠵᠦᠮ ᠭᠡᠳᠡᠭ ᠤᠷᠭᠤᠮᠠᠯ ᠠᠴᠠ ᠡᠭᠦᠰᠦᠯ ᠲᠠᠢ ᠠᠶᠢᠮᠠᠭ | ᠤᠨ ᠨᠡᠷ᠎ᠡ ᠦᠭᠡ ᠭᠡᠵᠦ ᠪᠠᠳᠣᠳᠠᠢ ᠬᠡᠯᠡᠵᠦ ᠪᠤᠯᠬᠤ ᠶᠤᠮ᠃ | ᠲᠡᠤᠬᠡ ᠲᠡᠮᠳᠡᠭᠯᠡᠯ ᠠᠴᠠ ᠲᠤᠲᠤᠷᠠᠭᠤᠯᠬᠤ ᠨᠢ | ᠦᠵᠦᠮᠦᠴᠢᠨ ᠠᠮᠠᠨ ᠤᠯᠠᠮᠵᠢᠯᠠᠯ ᠤᠨ ᠰᠤᠳᠤᠯᠭᠠᠨ ᠪᠤᠯ ᠦᠵᠦᠮᠦᠴᠢᠨ ᠲᠡᠤᠬᠡ ᠶᠢ ᠰᠤᠳᠤᠯᠬᠤ ᠰᠠᠭᠤᠷᠢ | ᠮᠦᠨ᠃ ᠡᠨᠡ ᠪᠤᠯ ᠲᠤᠮᠤᠭ ᠲᠡᠳᠦᠢ ᠪᠢᠰᠢ ᠬᠠᠷᠢᠨ ᠦᠵᠦᠮᠦᠴᠢᠨ ᠠᠶᠢᠮᠠᠭ ᠤᠨ ᠲᠡᠤᠬᠡ ᠶᠢᠨ ᠤᠯᠠᠮᠵᠢᠯᠠᠯ ᠤᠨ | ᠪᠤᠳᠠᠳᠤ ᠲᠤᠰᠬᠠᠯ ᠪᠤᠶᠤ ᠰᠤᠷᠠᠭ ᠵᠠᠩᠭᠢ ᠮᠦᠨ᠂ ᠲᠡᠭᠡᠬᠦ ᠮᠦᠷᠳᠡᠭᠡᠨ ᠮᠠᠨ ᠤ ᠲᠡᠭᠡᠳᠦᠰ ᠤᠳ ᠤᠨ ᠦᠯᠡᠳᠡᠭᠡᠭᠰᠡᠨ | ᠬᠠᠮᠳᠤ ᠶᠢᠨ ᠤᠶᠤᠨ ᠤ ᠬᠦᠷᠦᠩᠭᠡ ᠭᠡᠵᠦ ᠦᠵᠡᠯᠳᠡᠢ᠃ ᠭᠡᠳᠡᠯ᠎ᠡ ᠡᠨᠡᠬᠦ ᠠᠶᠢᠮᠠᠭ ᠪᠦᠯᠦᠭ ᠨᠢ ᠬᠡᠵᠢᠶ᠎ᠡ | ᠪᠦᠷᠢᠯᠳᠦᠭᠰᠡᠨ᠂ ᠶᠠᠭᠠᠬᠢᠵᠦ ᠤᠯᠠᠷᠢᠵᠦ ᠢᠷᠡᠭᠰᠡᠨ ᠭᠡᠳᠡᠭ ᠨᠢ ᠲᠤᠲᠤᠷᠬᠠᠢ ᠲᠡᠤᠬᠡᠨ ᠪᠤᠳᠠᠳᠤ ᠲᠡᠮᠳᠡᠭᠯᠡᠯ ᠭᠡᠵᠦ | ᠤᠳᠤ ᠪᠤᠯᠳᠠᠯ᠎ᠠ ᠢᠯᠡᠷᠡᠭᠡᠳᠦᠢ ᠪᠠᠶᠢᠭᠰᠠᠭᠠᠷ᠂ ᠶᠠᠭ ᠦᠵᠦᠮᠦᠴᠢᠨ ᠠᠶᠢᠮᠠᠭ ᠤᠨ ᠢᠯᠡᠷᠡᠭᠰᠡᠨ ᠲᠡᠤᠬᠡᠨ ᠲᠡᠮᠳᠡᠭᠯᠡᠯ | ᠭᠡᠪᠡᠯ ︽ᠯᠤ᠂ ᠠᠯᠳᠠᠨ ᠲᠤᠪᠴᠢ︾ ᠪᠤᠯᠬᠤ ᠶᠤᠮ᠂ ᠲᠠᠷᠤᠢ 16 ᠳ᠋ᠤᠭᠠᠷ ᠵᠠᠭᠤᠨ ᠤ ᠡᠬᠢ ᠪᠠᠳᠤᠮᠦ᠋ᠩᠬᠡ ᠲᠠᠶᠠᠨ | ᠬᠠᠭᠠᠨ ᠤ ᠶᠡᠭᠡ ᠮᠤᠩᠭᠤᠯ ᠤᠨ ᠨᠢᠭᠡᠳᠭᠡᠯ ᠤᠨ ᠦᠶ᠎ᠡ ᠪᠤᠯᠤᠨ᠎ᠠ᠃ ᠡᠭᠦᠨ ᠠᠴᠠ ᠡᠮᠦᠨ᠎ᠡ ᠭᠡᠪᠡᠯ ᠢᠨᠵᠡᠨᠠᠰᠢ ᠶᠢᠨ ︽ | ᠬᠦᠬᠡ ᠰᠤᠳᠤᠷ︾ ᠳᠠᠬᠢ ᠭᠤᠴᠢᠨ ᠵᠢᠷᠭᠤᠭᠠᠨ ᠶᠡᠭᠡ ᠤᠯᠤᠰ ᠲᠠᠯᠠᠨ ᠬᠤᠶᠠᠷ ᠠᠶᠢᠮᠠᠭ ᠲᠤ ᠲᠤᠷᠠᠳᠤᠭᠳᠠᠬᠤ | ᠦᠵᠦᠮᠦᠴᠢᠨ ᠭᠡᠬᠦ ᠲᠤᠷᠠᠳᠤᠯᠳᠠ ᠠᠴᠠ ᠪᠤᠳᠤᠪᠠᠯ ᠨᠠᠢᠮᠠᠨ ᠵᠠᠭᠤ ᠭᠠᠷᠤᠢ ᠵᠢᠯ ᠪᠤᠯᠵᠦ ᠪᠠᠶᠢᠨ᠎ᠠ᠂ ᠭᠡᠬᠦ ᠳᠤ ᠵᠠᠷᠢᠮ | ᠲᠡᠤᠬᠡ ᠶᠢᠨ ᠰᠤᠳᠤᠯᠭᠠᠳᠠᠳ ︽ᠬᠦᠭᠡ ᠰᠤᠳᠤᠷ︾ ᠢ ᠤᠷᠠᠨ ᠵᠤᠬᠢᠶᠠᠯ ᠭᠡᠬᠦ ᠪᠦᠭᠡᠳ ᠲᠡᠤᠬᠡ ᠶᠢᠨ ᠡᠰᠢ ᠪᠠᠷᠢᠮᠳᠠ | ᠪᠤᠯᠭᠠᠬᠤ ᠳᠤ ᠨᠠᠶᠢᠳᠠᠪᠤᠷᠢ ᠦᠭᠡᠢ ᠭᠡᠵᠦ ᠦᠵᠡᠳᠡᠭ᠃ ᠭᠡᠪᠡᠴᠦ ᠡᠨᠡᠬᠦ ᠶᠡᠭᠡ ᠵᠤᠬᠢᠶᠠᠯᠴᠢ ᠶᠢᠨ ᠲᠤᠷᠠᠳᠤᠯᠳᠠ ᠶᠢ | ᠦᠭᠡᠶᠢᠰᠭᠡᠵᠦ ᠪᠤᠯᠬᠤ ᠦᠭᠡᠢ ᠰᠤᠷᠠᠭ ᠴᠢᠮᠡᠭᠡᠨ ᠤ ᠨᠡᠭᠡᠭᠡᠯᠳᠡ ᠬᠢᠵᠦ ᠪᠤᠯᠬᠤ ᠶᠤᠮ᠃ ᠲᠡᠭᠡᠪᠡᠯ ᠦᠵᠦᠮᠦᠴᠢᠨ | ᠰᠤᠳᠤᠯᠤᠯ ᠳᠤ ᠬᠠᠮᠤᠭ ᠤᠨ ᠨᠠᠶᠢᠳᠠᠪᠤᠷᠢᠳᠡᠢ ᠲᠡᠤᠬᠡᠨ ᠦᠨᠳᠦᠰᠦᠯᠡᠯ ᠪᠤᠯ ᠦᠵᠦᠮᠦᠴᠢᠨ ᠤ ᠤᠯᠠᠮᠵᠢᠯᠠᠯᠳᠤ ᠠᠮᠠᠨ | ᠤᠯᠠᠮᠵᠢᠯᠠᠯ ᠪᠤᠯᠤᠨ ᠲᠡᠤᠬᠡᠨ ᠤᠷᠳᠤ ᠶᠢᠨ ᠲᠠᠭᠤᠤ ᠨᠢ ᠦᠨᠡᠮᠰᠢᠭᠦᠰᠢᠳᠡᠢ ᠰᠤᠷᠠᠭ ᠵᠠᠩᠭᠢ ᠪᠤᠯᠵᠦ ᠪᠤᠯᠬᠤ ᠶᠤᠮ᠃ | ⒈ ᠶᠡᠭᠡ ᠮᠤᠩᠭᠤᠯ ᠤᠨ ᠦᠶ᠎ᠡ ᠶᠢᠨ ᠦᠵᠦᠮᠦᠴᠢᠨ᠃ ᠮᠢᠨᠤ ᠦᠵᠡᠬᠦ ᠪᠠᠷ᠂ ᠦᠵᠦᠮᠦᠴᠢᠨ ᠤ ᠤᠯᠠᠨ | ᠤᠪᠤᠭ ᠤᠨ ᠪᠦᠷᠢᠯᠳᠦᠯ ᠪᠤᠯ ᠴᠢᠩᠭᠢᠰ ᠬᠠᠭᠠᠨ ᠤ ᠶᠡᠭᠡ ᠮᠤᠩᠭᠤᠯ ᠤᠨ ᠨᠢᠭᠡᠳᠭᠡᠯ ᠤᠨ ᠦᠶ᠎ᠡ ᠳᠤ ᠮᠠᠨᠳᠤᠯᠡᠭᠰᠠᠨ | ᠪᠠᠶᠢᠵᠦ ᠪᠤᠯᠬᠤ ᠪᠦᠭᠡᠳ ᠮᠤᠩᠭᠤᠯ ᠤᠯᠤᠰ ᠤᠨ ᠲᠡᠤᠬᠡ ᠰᠤᠳᠤᠯᠭᠠᠴᠢ ᠫᠦᠷᠪᠦᠵᠠᠪ ᠤᠨ ︿︿ᠬᠤᠳᠤᠭᠤᠶᠢᠳ ᠤᠨ | ᠤᠭᠰᠠᠭ᠎ᠠ ᠭᠠᠷᠤᠯ ᠪᠠ ᠲᠡᠤᠬᠡ ᠶᠢᠨ ᠠᠰᠠᠭᠤᠳᠠᠯ﹀﹀ ᠭᠡᠬᠦ ᠵᠤᠬᠢᠶᠠᠯ ᠳᠠᠭᠠᠨ ᠲᠤᠷᠠᠳᠤᠭᠰᠠᠨ ᠰᠢᠭ᠋ ︿︿ ︔︔ | ᠬᠤᠶᠢᠴᠢ ︵ᠬᠤᠶᠢᠳ︶᠂ ᠤᠩᠭᠤᠳ᠂ ᠦᠵᠢᠶᠡᠳ᠂ ᠶᠦᠷᠭᠡᠨ ᠮᠢᠩᠭᠠᠨ᠂ ᠦᠵᠦᠮᠦᠴᠢᠨ ᠭᠡᠬᠦ ᠮᠡᠳᠦ ᠪᠠᠷ ᠮᠢᠩᠭᠠᠨ | ︾ ᠪᠤᠯᠤᠨ ᠪᠠᠶᠢᠭᠤᠯᠤᠭᠳᠠᠭᠰᠠᠨ ᠪᠠᠶᠢᠵᠦ ᠮᠡᠳᠡᠬᠦ ᠶᠤᠮ᠃ ᠲᠡᠷᠡ ᠦᠶ᠎ᠡ ᠳᠤ ᠴᠢᠰᠦᠨ ᠲᠦᠷᠦᠯ ᠤᠨ ᠠᠶᠢᠮᠠᠭ | ᠤᠭᠰᠠᠭᠠᠳᠠᠨ ᠶᠠᠰᠤᠳᠠᠳ ᠬᠠᠮᠤᠭ ᠤᠯᠠᠨ ᠢᠶᠠᠷ ᠬᠤᠯᠢᠯᠳᠤᠨ ᠦᠮᠴᠢᠯᠡᠭᠳᠡᠨ᠂ ᠭᠡᠰᠡᠭᠯᠡᠭᠳᠡᠨ ᠬᠤᠪᠢᠶᠠᠭᠳᠠᠨ᠂ | ᠨᠡᠶᠢᠯᠡᠯᠴᠡᠨ ᠠᠭᠤᠰᠤᠭᠰᠠᠨ ᠴᠠᠭ ᠦᠶ᠎ᠡ ᠪᠤᠯᠤᠨ᠎ᠠ᠂ ᠡᠶᠢᠮᠦ ᠢᠶᠠᠷ ᠬᠡᠵᠢᠶ᠎ᠡ ᠪᠤᠯᠪᠠᠴᠤ ᠠᠯᠳᠠᠢ — ᠬᠠᠩᠭᠠᠢ ᠶᠢᠨ | ᠭᠠᠵᠠᠷ ᠤᠷᠤᠨ ᠠᠴᠠ ᠤᠯᠠᠨ ᠤᠪᠤᠭᠳᠠᠨ ᠶᠠᠰᠤᠳᠠᠳ ᠪᠠ ᠠᠶᠢᠮᠠᠭ ᠤᠭᠰᠠᠭ᠎ᠠ ᠨᠤᠭᠤᠳ ᠢᠷᠡᠵᠦ ᠪᠦᠷ ᠪᠤᠯᠬᠤ ᠶᠤᠮ | ᠂ ᠨᠡᠩ ᠦᠵᠦᠮᠦᠴᠢᠨ ᠠᠶᠢᠮᠠᠭ ᠨᠢ ᠴᠠᠬᠠᠷ ᠤᠨ ᠨᠢᠭᠡᠨ ᠤᠳᠤᠭ ᠤᠨ ᠬᠤᠪᠢ ᠪᠠᠷ ᠨᠡᠭᠦᠵᠦ ᠨᠤᠲᠤᠭᠯᠠᠬᠤ ᠨᠢ | ᠬᠠᠭᠠᠨ ᠤ ᠬᠠᠮᠠᠭᠠᠯᠠᠯᠳᠠ ᠶᠢᠨ ᠪᠠᠶᠢᠭᠤᠯᠤᠮᠵᠢ ᠪᠤᠯᠤᠭᠰᠠᠨ ᠤ ᠬᠤᠪᠢ ᠳᠤ ᠪᠦᠷᠢᠨ ᠡᠷᠬᠡ ᠲᠠᠢ ᠪᠠᠶᠢᠵᠦ ᠪᠤᠯᠤᠨ᠎ᠠ᠂ | ᠵᠠᠪᠠᠯ ᠬᠠᠮᠤᠭ ᠮᠤᠩᠭᠤᠯ ᠤᠨ ᠴᠠᠭ ᠦᠶ᠎ᠡ ᠲᠠᠢ ᠠᠯᠪᠠ ᠪᠠᠷ ᠲᠤᠬᠤᠭᠰᠠᠨ ᠤ ᠬᠡᠷᠡᠭ ᠠᠯᠠᠭ᠎ᠠ ᠪᠢᠯᠡ᠃ ᠡᠶᠢᠮᠦ | ᠨᠦᠬᠦᠴᠡᠯ ᠤᠨ ᠲᠤᠤᠷ᠎ᠠ ᠵᠠᠭᠤᠨ ᠵᠢᠯ ᠪᠤᠶᠤ ᠬᠡᠳᠦᠨ ᠵᠠᠭᠤᠨ ᠵᠢᠯ ᠪᠤᠯᠤᠭᠠᠳ ᠲᠡᠤᠬᠡ ᠶᠢᠨ ᠶᠠᠮᠠᠷ ᠨᠢᠬᠡᠨ | ᠰᠢᠯᠳᠠᠭᠠᠨ ᠠᠴᠠ ᠨᠡᠭᠦᠨ ᠰᠢᠯᠵᠢᠬᠦ ᠳᠡᠭᠡᠨ ᠲᠡᠷᠡ ᠨᠢ ᠪᠠᠰᠠ ᠤᠯᠠᠨ ᠦᠶ᠎ᠡ ᠶᠢ ᠦᠩᠭᠡᠷᠡᠭᠡᠭᠰᠡᠨ ᠨᠤᠲᠤᠭ ᠤᠰᠤᠨ | ᠪᠤᠯᠬᠤᠷ ᠤᠤᠭᠠᠯ ᠨᠤᠲᠤᠭ ᠭᠡᠵᠦ ᠬᠡᠯᠡᠬᠦ ᠨᠢ ᠲᠡᠮᠡᠢ ᠪᠤᠷᠤᠭᠤᠳᠠᠬᠤ ᠪᠠᠷ ᠦᠭᠡᠢ ᠶᠤᠮ᠂ ᠤᠤᠭᠠᠯ ᠨᠤᠲᠤᠭ ᠭᠡᠳᠡᠭ ᠨᠢ | ᠲᠡᠷᠡ ᠬᠠᠪᠢ ᠶᠢᠨ ᠭᠠᠵᠠᠷ ᠨᠤᠲᠤᠭ ᠢᠶᠠᠷ ᠪᠠᠶᠢᠵᠦ ᠤᠨ ᠤᠳᠠᠭᠰᠠᠨ᠂ ᠲᠡᠭᠡᠳᠦᠰ ᠤᠨ ᠬᠡᠳᠦᠨ ᠦᠶ᠎ᠡ ᠪᠠᠨ ᠲᠡᠨᠳᠡ | ᠤᠩᠭᠤᠯᠠᠵᠦ ᠤᠷᠤᠰᠢᠭᠤᠯᠤᠭᠰᠠᠨ ᠭᠡᠰᠡᠨ ᠰᠠᠨᠠᠭ᠎ᠠ ᠠᠭᠤᠯᠠᠭᠳᠠᠵᠦ ᠪᠠᠶᠢᠬᠤ ᠶᠤᠮ᠂ ᠬᠠᠷᠢᠨ ᠲᠡᠨᠳᠡ ᠠᠴᠠ ᠬᠦᠮᠦᠨ | ᠮᠠᠯ ᠨᠢ ᠡᠭᠦᠰᠴᠤ ᠬᠦᠭᠵᠢᠯ᠎ᠡ ᠭᠡᠰᠡᠨ ᠤᠳᠬ᠎ᠠ ᠪᠢᠰᠢ ᠪᠠᠶᠢᠬᠤ ᠭᠡᠵᠦ ᠪᠢ ᠮᠤᠩᠬᠠᠭᠯᠠᠨ᠎ᠠ᠂ ᠠᠮᠠᠨ ᠤᠯᠠᠮᠵᠢᠯᠠᠯ ᠢ | ᠲᠡᠤᠬᠡ ᠶᠢᠨ ᠲᠡᠮᠳᠡᠭᠯᠡᠯ ᠠᠴᠠ ᠤᠯᠠᠮ ᠨᠠᠷᠢᠪᠴᠢᠯᠠᠪᠠᠯ᠄ | ᠴᠢᠩᠭᠢᠰ ᠬᠠᠭᠠᠨ ᠤ ᠦᠶ᠎ᠡ ᠶᠢᠨ ᠴᠠᠬᠠᠷ ᠤᠨ ᠬᠤᠪᠢᠷᠠᠯᠳᠠ ᠭᠡᠪᠡᠯ ︽ᠯᠤ᠂ ᠠᠯᠳᠠᠨ ᠲᠤᠪᠴᠢ︾ ᠳᠤ | ᠳᠡᠮᠳᠡᠭᠯᠡᠭᠰᠡᠨ ᠢ ᠦᠨᠳᠦᠰᠦᠯᠡᠪᠡᠯ᠂ ᠬᠠᠭᠠᠨ ᠢᠶᠠᠷ ᠴᠢᠯᠡᠭᠡᠨ ᠲᠡᠭᠡᠭᠰᠢ ᠪᠤᠯᠤᠭᠰᠠᠨ ᠲᠤᠷ ᠶᠡᠭᠡ ᠲᠦᠷᠦ ᠶᠢ | ᠰᠡᠳᠭᠢᠭᠰᠡᠨ ᠤᠳᠬᠠᠨ ᠪᠡᠷᠢ ᠰᠤᠷᠬᠠᠭᠳᠠᠨᠢ ᠳᠤ᠄ ︽ᠪᠢ ᠴᠢᠮᠠᠶᠢ ᠪᠠᠷᠢ ᠭᠡᠵᠦ ᠪᠤᠤ ᠬᠡᠯᠡᠰᠦ᠂ ᠪᠠᠬᠢ ᠲᠠᠶᠢᠬᠤ ᠭᠡᠰᠦ᠂ | ᠰᠢᠤ ᠭᠡᠵᠦ ᠪᠤᠤ ᠬᠡᠯᠡᠶ᠎ᠡ᠂ ᠰᠤᠳᠠᠢ ᠲᠠᠶᠢᠬᠤ ᠬᠡᠮᠡᠶ᠎ᠡ︾ ᠭᠡᠵᠦ ᠴᠤᠯᠠ ᠦᠭᠭᠦᠭᠡᠳ ᠨᠠᠢᠮᠠᠨ ᠤᠳᠤᠭ ᠴᠠᠭᠠᠷ | ᠲᠦᠮᠡᠨ ᠢ ᠰᠤᠩᠭᠤᠵᠦ ᠦᠭᠴᠤ ᠰᠤᠶᠤᠷᠬᠠᠪᠠ᠃ ᠡᠭᠦᠨ ᠠᠴᠠ ᠴᠠᠬᠠᠷ ᠲᠦᠮᠡᠨ ᠨᠢ ᠲᠤᠯᠤᠢ ᠶᠢᠨ ᠬᠤᠶᠢᠴᠢᠰ ᠲᠤ | ᠬᠠᠷᠢᠶᠠᠯᠠᠭᠳᠠᠬᠤ ᠪᠤᠯᠤᠭᠰᠠᠨ ᠢ ᠬᠠᠷᠠᠭᠤᠯᠵᠦ ᠪᠠᠶᠢᠨ᠎ᠠ᠃ ᠡᠨᠡ ᠦᠶ᠎ᠡ ᠠᠯᠳᠠᠢ — ᠬᠠᠩᠭᠠᠢ ᠪᠠᠷ ᠨᠤᠳᠤᠭᠯᠠᠨ | ᠪᠠᠶᠢᠭᠰᠠᠨ ᠦᠵᠦᠮᠦᠴᠢᠨ ᠤᠳᠤᠭ ︵ᠠᠶᠢᠮᠠᠭ︶ ᠨᠢ ᠤᠲ᠋ᠠᠬᠢ᠂ ᠮᠠᠽᠦ᠋ᠸᠤ᠋ ᠶᠢᠨ ︽ᠬᠤᠪᠢᠯᠠᠢ ᠬᠠᠭᠠᠨ︾ ᠭᠡᠬᠦ | ᠨᠤᠮ ᠳᠤ ᠬᠡᠯᠡᠭᠰᠡᠨᠴᠢᠯᠠᠨ ᠲᠤᠯᠤᠢ ᠶᠢᠨ ᠬᠢᠨ ︽᠁ ᠲᠡᠳᠡᠨᠤᠰ ᠬᠠᠭᠠᠨᠳᠤ ᠤᠯᠤᠰ ᠤᠨ ᠨᠡᠶᠢᠰᠯᠠᠯ ᠬᠠᠷ᠎ᠠ | ᠬᠤᠷᠢᠨ ᠠᠴᠠ ᠠᠰᠳᠠᠭᠠᠨ ᠦᠭᠡᠷ᠎ᠡ ᠲᠤᠬᠢᠷᠠᠮᠵᠢᠳᠡᠢ ᠤᠷᠤᠨ ᠰᠠᠭᠤᠴᠠ ᠶᠢ ᠤᠯᠵᠦ ᠡᠰᠡ ᠴᠢᠳᠠᠪᠠ︾ ᠭᠡᠰᠡᠨ ᠠᠴᠠ | ᠦᠵᠡᠪᠡᠯ ᠲᠤᠯᠤᠢ ᠶᠢᠨ ᠬᠤᠶᠢᠴᠢᠰ ᠲᠡᠷᠡ ᠦᠶ᠎ᠡ ᠬᠠᠷ᠎ᠠ ᠬᠤᠷᠢᠨ ᠢᠶᠠᠷ ᠰᠠᠭᠤᠵᠦ ᠪᠠᠶᠢᠭᠰᠠᠨ ᠭᠡᠬᠦ ᠠᠴᠠ ᠡᠨᠡ ᠨᠢ | ᠬᠠᠩᠭᠠᠢ ᠨᠢᠷᠤᠭᠤ ᠪᠠᠷ ᠨᠤᠲᠤᠭᠯᠠᠨ ᠪᠠᠶᠢᠭᠰᠠᠨ ᠢ ᠲᠡᠤᠬᠡ ᠶᠢᠨ ᠶᠤᠰᠤᠭᠠᠷ ᠮᠡᠳᠡᠷᠡᠬᠦ ᠬᠡᠷᠡᠭᠳᠡᠢ ᠪᠦᠭᠡᠳ ᠬᠠᠭᠠᠨ | ᠨᠡᠶᠢᠰᠯᠡᠯ ᠢ ᠬᠠᠮᠠᠭᠠᠯᠠᠬᠤ ᠴᠠᠬᠠᠷ ᠲᠦᠮᠡᠨ ᠢ ᠰᠤᠷᠬᠠᠭᠳᠠᠨᠢ ᠵᠠᠬᠢᠷᠤᠨ ᠪᠠᠶᠢᠭᠰᠠᠨ ᠦᠶ᠎ᠡ ᠲᠤᠯᠠ ᠤᠶᠢᠷᠠᠯᠴᠠᠭ᠎ᠠ ᠠᠯᠳᠠᠢ | ᠨᠢᠷᠤᠭᠤ ᠪᠠᠷ ᠨᠤᠲᠤᠭᠯᠠᠨ ᠪᠠᠶᠢᠭᠰᠠᠨ ᠦᠵᠦᠮᠦᠴᠢᠨ ᠮᠢᠩᠭᠠᠨ ᠨᠢ ᠲᠡᠷᠡ ᠦᠶ᠎ᠡ ᠳᠤ ᠴᠠᠬᠠᠷ ᠤᠨ ᠬᠠᠷᠢᠶᠠᠨ ᠳᠤ | ᠬᠠᠷᠢᠶᠠᠯᠠᠭᠳᠠᠭᠰᠠᠨ ᠪᠠᠶᠢᠵᠦ ᠪᠤᠯᠤᠨ᠎ᠠ᠃ ᠡᠨᠡᠬᠦ ᠲᠡᠤᠬᠡᠨ ᠲᠡᠮᠳᠡᠭᠯᠡᠯ ᠤᠨ ᠨᠡᠶᠢᠰᠢᠪᠤᠷᠢ ᠨᠢ ᠶᠠᠭ ᠦᠵᠦᠮᠦᠴᠢᠨ ᠤ | ᠠᠮᠠᠨ ᠤᠯᠠᠮᠵᠢᠯᠠᠯ ᠤᠨ ᠬᠦᠷᠢᠶ᠎ᠡ ᠬᠡᠪᠴᠢᠶ᠎ᠠ᠂ ᠵᠦᠭ ᠴᠢᠭᠯᠡᠯ ᠲᠠᠢ ᠲᠤᠬᠢᠷᠠᠯᠴᠠᠵᠦ ᠪᠠᠶᠢᠬᠤ ᠶᠤᠮ᠂ ᠢᠩᠭᠢᠬᠦ | ᠮᠦᠷᠳᠡᠭᠡᠨ ᠬᠤᠪᠢᠯᠠᠢ ᠬᠠᠭᠠᠨ ᠤ ᠦᠶ᠎ᠡ ᠤᠷᠤᠭᠰᠢ ᠰᠢᠯᠵᠢᠵᠦ ᠰᠢᠯᠢ ᠶᠢᠨ ᠭᠤᠤᠯ ᠤᠨ ᠡᠪᠡᠰᠦᠳᠦ ᠲᠠᠯ᠎ᠠ ᠪᠤᠯᠬᠤ | ᠱᠠᠩᠳᠤ ᠨᠡᠶᠢᠰᠯᠡᠯ ᠤᠨ ᠬᠠᠪᠢ ᠪᠠᠷ ᠬᠠᠭᠠᠨ ᠤ ᠰᠢᠭᠤᠳ ᠵᠠᠬᠢᠷᠤᠯ ᠤᠨ ᠲᠤᠤᠷᠠᠬᠢ ᠮᠠᠯᠵᠢᠯ ᠢ ᠬᠢᠭᠰᠡᠨ ᠪᠠᠶᠢᠵᠦ | ᠪᠤᠯᠤᠨ᠎ᠠ᠃ | ⒉ ᠤᠮᠠᠷᠠᠳᠤ ᠶᠤᠸᠠᠨ ᠤᠯᠤᠰ ᠤᠨ ᠦᠶ᠎ᠡ ᠶᠢᠨ ᠦᠵᠦᠮᠦᠴᠢᠨ᠃ ︽ᠤᠮᠠᠷᠠᠳᠤ ᠶᠤᠸᠠᠨ ᠤ ᠲᠡᠤᠬᠡ︾ ᠶᠢ | ᠦᠨᠳᠦᠰᠦᠯᠡᠪᠡᠯ᠂ ᠢᠩᠴᠠᠩ ᠬᠤᠳᠠ ᠠᠯᠳᠠᠭᠳᠠᠬᠤ ᠬᠢᠷᠢ ᠳᠤ᠂ ᠠᠶᠤᠰᠢᠷᠢᠳᠠᠷᠠ ᠬᠠᠭᠠᠨ ᠬᠠᠷᠠᠬᠤᠷᠤᠮ ᠳᠤ | ᠤᠴᠢᠭᠠᠳ ︿ᠡᠴᠢᠭᠡ ᠶᠢᠨ ᠢᠶᠠᠨ ᠤᠷᠤ ᠶᠢ ᠵᠠᠯᠭᠠᠮᠵᠢᠯᠠᠨ ᠤᠯᠠᠨ ᠮᠤᠩᠭᠤᠯ ᠢᠶᠠᠨ ᠵᠠᠬᠢᠷᠤᠨ ᠰᠠᠭᠤᠭᠰᠠᠨ﹀ ᠪᠦᠭᠡᠳ | ᠬᠠᠷᠠᠬᠤᠷᠤᠮ ᠳᠤ ᠨᠡᠶᠢᠰᠯᠡᠪᠡ᠃ 1372 ᠤᠨ ᠳᠤ ᠮᠢᠩ ᠤᠯᠤᠰ ᠭᠤᠷᠪᠠᠨ ᠵᠠᠮ ᠢᠶᠠᠷ ᠭᠤᠪᠢ ᠶᠢᠨ ᠠᠷᠤ ᠶᠢ | ᠲᠠᠶᠢᠯᠠᠭᠰᠠᠨ ᠳᠤ ᠪᠢᠯᠢᠭᠳᠦ ᠬᠠᠭᠠᠨ ᠴᠡᠷᠢᠭ ᠢᠯᠠᠭᠳᠠᠭᠰᠠᠨ ᠪᠤᠯᠪᠠᠴᠦ ᠲᠠᠬᠢᠨ ᠲᠡᠭᠰᠢᠯᠡᠨ ᠨᠤᠶᠠᠷᠬᠠᠯ ᠢᠶᠠᠨ ᠪᠠᠳᠤᠯᠠᠵᠦ | ᠂ ᠶᠡᠭᠡ ᠤᠷᠤ ︵ᠤᠷᠳᠤᠨ︶ ᠪᠠᠨ ᠠᠯᠳᠠᠢ ᠠᠭᠤᠯᠠᠨ ᠳᠤ ᠨᠡᠭᠦᠯᠭᠡᠭᠰᠡᠨ ᠪᠠᠶᠢᠵᠠᠢ᠃ ᠨᠡᠭᠦᠳᠡᠯ ᠮᠠᠯᠵᠢᠯ ᠤᠨ ᠪᠤᠳᠠᠳᠤ | ᠨᠦᠬᠦᠴᠡᠯ ᠪᠤᠯ ᠴᠡᠷᠢᠭ ᠲᠠᠶᠢᠨ ᠤ ᠬᠦᠳᠡᠯᠭᠡᠨᠳᠦ ᠲᠠᠶᠢᠨ ᠬᠢᠬᠦ ᠪᠠ ᠬᠦᠮᠦᠨ ᠪᠤᠳᠠᠰ ᠤᠨ ᠬᠦᠴᠦᠨ ᠢ ᠨᠦᠬᠦᠪᠦᠷᠢᠯᠡᠬᠦ᠂ | ᠲᠠᠶᠢᠨ ᠠᠴᠠ ᠵᠠᠶᠢᠯᠠᠨ ᠶᠠᠪᠤᠬᠤ᠂ ᠠᠷᠤ ᠲᠠᠯ᠎ᠠ ᠪᠠᠨ ᠬᠠᠮᠠᠭᠠᠯᠠᠬᠤ ᠵᠡᠷᠭᠡ ᠳᠤ ᠭᠠᠷᠮᠠᠭᠠᠢ ᠦᠢᠯᠡᠳᠦᠯ ᠦᠵᠡᠭᠦᠯᠵᠦ | ᠪᠠᠶᠢᠭᠰᠠᠨ ᠶᠤᠮ᠃ ᠡᠶᠢᠮᠦᠷᠬᠦ ᠴᠠᠭ ᠦᠶ᠎ᠡ ᠪᠠᠶᠢᠭᠰᠠᠨ ᠶᠤᠮ ᠴᠢᠨᠢ ᠦᠵᠦᠮᠦᠴᠢᠨ ᠠᠶᠢᠮᠠᠭ ᠨᠢ ᠠᠯᠳᠠᠢ — | ᠬᠠᠩᠭᠠᠢ ᠶᠢᠨ ᠦᠵᠦᠮ ᠤᠨ ᠴᠠᠭᠠᠨ ᠠᠭᠤᠯᠠ ᠪᠠᠷ ᠲᠠᠬᠢᠨ ᠬᠦᠷᠴᠤ ᠮᠠᠯᠵᠢᠵᠦ ᠪᠠᠶᠢᠭᠠᠳ ᠪᠠᠳᠤᠮᠦ᠋ᠩᠬᠡ ᠲᠠᠶᠠᠨ | ᠬᠠᠭᠠᠨ ᠤ ᠦᠶ᠎ᠡ᠂ ᠲᠦᠷᠦᠪᠤᠯᠤᠳ ᠪᠤᠶᠤ ᠪᠤᠳᠢ ᠠᠯᠠᠭ ᠬᠠᠭᠠᠨ ᠤ ᠦᠶ᠎ᠡ ᠳᠤ ᠬᠠᠩᠭᠠᠢ ᠨᠢᠷᠤᠭᠤᠨ ᠠᠴᠠ ᠭᠠᠯᠪᠠ | ᠱᠠᠩᠬ᠎ᠠ ᠶᠢᠨ ᠭᠤᠪᠢ ᠲᠠᠮᠵᠢᠨ᠂ ᠤᠳᠤ ᠶᠢᠨ ᠰᠢᠯᠢ ᠶᠢᠨ ᠭᠤᠤᠯ ᠤᠨ ᠡᠪᠡᠰᠦᠳᠦ ᠲᠠᠯ᠎ᠠ ᠲᠠᠭᠠᠨ ᠪᠤᠴᠠᠨ ᠢᠷᠡᠭᠰᠡᠨ | ᠲᠡᠤᠬᠡᠨ ᠪᠤᠯᠤᠯᠴᠠᠭ᠎ᠠ ᠪᠦᠷᠢᠨ ᠪᠠᠶᠢᠬᠤ ᠶᠤᠮ᠃ ︽ᠠᠶᠤᠰᠢᠷᠢᠳᠠᠷᠠ ᠬᠠᠭᠠᠨ ᠬᠠᠷᠠᠬᠤᠷᠤᠮ ᠳᠤ ᠨᠡᠶᠢᠰᠯᠡᠭᠰᠡᠨ︾ | ᠭᠡᠬᠦ ᠠᠴᠠ ᠦᠵᠡᠬᠦ ᠳᠤ ᠴᠠᠬᠠᠷ ᠤᠨ ᠨᠢᠭᠡᠨ ᠤᠳᠤᠭ ᠪᠤᠯᠤᠭᠰᠠᠨ ᠦᠵᠦᠮᠦᠴᠢᠨ ᠠᠶᠢᠮᠠᠭ ᠨᠢ ᠮᠦᠨ ᠠᠯᠳᠠᠢ — | ᠬᠠᠩᠭᠠᠢ ᠪᠠᠷ ᠬᠦᠷᠴᠦ ᠮᠠᠯᠵᠢᠨ᠂ ᠵᠠᠭᠤ ᠬᠤᠷᠢ ᠰᠢᠬᠠᠮ ᠵᠢᠯ ᠪᠤᠯᠤᠯ᠎ᠠ ᠭᠡᠵᠦ ᠦᠵᠡᠵᠦ ᠪᠤᠯᠬᠤ ᠪᠦᠭᠡᠳ ᠠᠷᠪᠠᠨ | ᠲᠠᠪᠤᠳᠤᠭᠠᠷ ᠵᠠᠭᠤᠨ ᠤ ᠰᠡᠭᠦᠯᠴᠢ ᠦᠶ᠎ᠡ ᠪᠠᠳᠤᠮᠦ᠋ᠩᠬᠡ ᠲᠠᠶᠠᠨ ᠬᠠᠭᠠᠨ ᠢ ᠲᠠᠭᠠᠯᠳᠤᠨ ᠡᠪᠡᠰᠦᠳᠦ ᠲᠠᠯ᠎ᠠ ᠳᠠᠭᠠᠨ | ᠪᠤᠴᠠᠨ ᠢᠷᠡᠭᠰᠡᠨ ᠪᠠᠶᠢᠪᠠ᠃ ︽ᠴᠢᠩ ᠤᠯᠤᠰ ᠤᠨ ᠲᠡᠤᠬᠡ ᠶᠢᠨ ᠡᠬᠢ ᠪᠢᠴᠢᠭ︾ ᠳᠠᠬᠢ ᠦᠵᠦᠮᠦᠴᠢᠨ ᠤ | ᠪᠦᠯᠦᠭ ᠲᠤ ︽᠁ ᠲᠦᠷᠦᠪᠤᠯᠤᠳ ᠬᠠᠩᠭᠠᠢ ᠠᠭᠤᠯᠠᠨ ᠠᠴᠠ ᠡᠮᠦᠨᠡᠰᠢ ᠨᠡᠭᠦᠵᠦ ᠢᠷᠡᠬᠦ ᠳᠤ᠂ ᠪᠤᠳᠢ ᠠᠯᠠᠭ | ᠵᠠᠯᠭᠠᠮᠵᠢᠯᠠᠪᠠ︾ ᠭᠡᠵᠦ ︽ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾ ᠳᠤ ︽᠁ ᠲᠦᠷᠦᠪᠤᠯᠤᠤᠳ | ᠬᠠᠩᠭᠠᠢ ᠠᠭᠤᠯᠠᠨ ᠠᠴᠠ ᠭᠤᠪᠢ ᠳᠤᠷ ᠰᠢᠯᠵᠢᠵᠦ ᠮᠠᠯᠵᠢᠨ ᠰᠠᠭᠤᠪᠠᠢ︾ ᠭᠡᠵᠦ ᠲᠡᠮᠳᠡᠭᠯᠡᠵᠦ ᠪᠠᠶᠢᠳᠠᠭ᠃ ᠡᠳᠡᠭᠡᠷ | ᠲᠡᠤᠬᠡᠨ ᠲᠡᠮᠳᠡᠭᠯᠡᠯ ᠤᠳ ᠢ ᠨᠢᠭᠳᠠᠯᠠᠪᠠᠯ᠂ ᠲᠦᠷᠦᠪᠤᠯᠤᠳ ᠤᠨ ᠦᠶ᠎ᠡ ᠳᠤ ᠦᠵᠦᠮᠦᠴᠢᠨ ᠠᠶᠢᠮᠠᠭ ᠨᠢ ᠬᠠᠩᠭᠠᠢ | ᠨᠢᠷᠤᠭᠤ ᠠᠴᠠ ᠭᠤᠪᠢ ᠳᠤ ᠮᠠᠯᠵᠢᠨ ᠰᠠᠭᠤᠭᠰᠠᠨ ᠨᠢ ᠲᠤᠲᠤᠷᠬᠠᠢ ᠪᠤᠯᠪᠠᠴᠤ᠂ ᠭᠤᠪᠢ ᠶᠢᠨ ᠡᠮᠦᠨᠡᠬᠢ ᠡᠪᠡᠰᠤᠳᠤ | ᠲᠠᠯ᠎ᠠ ᠳᠤ ᠢᠷᠡᠵᠦ ᠨᠡᠭᠦᠳᠡᠯᠯᠡᠨ ᠮᠠᠯᠵᠢᠭᠰᠠᠨ ᠨᠢ ᠪᠤᠳᠢ ᠠᠯᠠᠭ ᠤᠨ ᠦᠶ᠎ᠡ ᠭᠡᠰᠡᠨ ᠤᠬᠠᠭᠳᠠᠬᠤᠨ ᠪᠤᠯᠵᠦ ᠲᠠᠭᠠᠷᠠᠨ᠎ᠠ | ᠃ ᠡᠭᠦᠨ ᠤ ᠤᠴᠢᠷ ᠨᠢ ︽ᠬᠠᠩᠭᠠᠢ ᠠᠭᠤᠯᠠᠨ ᠠᠴᠠ ᠨᠡᠭᠦᠵᠦ ᠢᠷᠡᠬᠦ ᠳᠤ ᠪᠤᠳᠢ ᠠᠯᠠᠭ ᠵᠠᠯᠭᠠᠮᠵᠢᠯᠠᠭᠰᠠᠨ︾ | ᠲᠡᠮᠳᠡᠭᠯᠡᠯ ᠰᠢᠭᠤᠳ ᠲᠤᠰᠬᠠᠵᠦ ᠪᠠᠶᠢᠨ᠎ᠠ᠃ ᠭᠤᠪᠢ ᠳᠤ ᠮᠠᠯᠵᠢᠨ ᠰᠠᠭᠤᠯ᠎ᠠ ᠭᠡᠳᠡᠭ ᠨᠢ ᠤᠳᠤ ᠶᠢᠨ ᠮᠤᠩᠭᠤᠯ | ᠤᠯᠤᠰ ᠤᠨ ᠡᠮᠦᠨᠡᠭᠤᠪᠢ ᠠᠶᠢᠮᠠᠭ ᠤᠨ ᠡᠮᠦᠨ᠎ᠡ ᠪᠡᠶ᠎ᠡ ᠪᠠᠷ ᠪᠠᠶᠢᠷᠢᠰᠢᠵᠦ ᠪᠠᠶᠢᠭ᠎ᠠ ᠱᠠᠩᠬ᠎ᠠ ᠶᠢᠨ ᠨᠢᠷᠤᠭᠤ ᠶᠢ | ᠲᠦᠰᠢᠭᠯᠡᠭᠰᠡᠨ ︽ᠭᠠᠯᠪᠠ ᠶᠢᠨ ᠭᠤᠪᠢ︾ ᠤᠷᠴᠢᠮ ᠤᠨ ᠭᠠᠵᠠᠷ ᠤᠷᠤᠨ ᠢ ᠵᠢᠭᠠᠵᠦ ᠪᠤᠢ᠃ ᠡᠨᠡ ᠨᠢ ᠦᠵᠦᠮᠦᠴᠢᠨ | ᠤᠯᠠᠮᠵᠢᠯᠠᠯ ᠶᠠᠷᠢᠶᠠᠨ ᠤ ︽ᠭᠠᠭᠴᠠ ᠪᠦᠬᠦᠳᠦ ᠲᠡᠮᠡᠭᠡ ᠲᠠᠢ ᠭᠠᠯᠪᠠ ᠱᠠᠩᠬ᠎ᠠ ᠶᠢᠨ ᠭᠤᠪᠢ ᠠᠴᠠ ᠨᠡᠭᠦᠵᠦ ᠢᠷᠡᠭᠰᠡᠨ | ︾ ᠲᠠᠢ ᠠᠮᠠ ᠰᠡᠭᠡᠷ ᠵᠤᠯᠭᠠᠵᠦ ᠪᠠᠶᠢᠳᠠᠭ᠃ ᠡᠳᠡᠭᠡᠷ ᠲᠡᠤᠬᠡᠨ ᠲᠡᠮᠳᠡᠭᠯᠡᠯ ᠨᠢ ᠦᠵᠦᠮᠦᠴᠢᠨ ᠤ ᠠᠮᠠᠨ | ᠤᠯᠠᠮᠵᠢᠯᠠᠯ ᠳᠠᠬᠢ ︽ᠠᠯᠳᠠᠢ — ᠬᠠᠩᠭᠠᠢ ᠶᠢᠨ ᠦᠵᠦᠮ ᠤᠨ ᠴᠠᠭᠠᠨ ᠠᠭᠤᠯᠠ ᠠᠴᠠ ᠨᠡᠭᠦᠵᠦ ᠢᠷᠡᠯ᠎ᠡ︾ | ᠭᠡᠳᠡᠭ ᠢ ᠲᠤᠲᠤᠷᠠᠭᠤᠯᠤᠨ ᠮᠠᠭᠠᠳᠯᠠᠵᠦ ᠦᠭᠦᠯᠡᠨ ᠪᠤᠢ᠃ ᠤᠮᠠᠷᠠᠳᠤ ᠶᠤᠸᠠᠨ ᠤᠯᠤᠰ ᠤᠨ ᠦᠶ᠎ᠡ ᠳᠤ᠂ ᠴᠠᠬᠠᠷ | ᠲᠦᠮᠡᠨ ᠨᠢ ︽ᠠᠯᠳᠠᠨ ᠬᠦᠷᠳᠦᠨ ᠮᠢᠩᠭᠠᠨ ᠭᠡᠭᠡᠰᠦᠳᠦ︾ ᠬᠡᠮᠡᠬᠦ ᠪᠢᠴᠢᠭ ᠲᠤ ᠲᠤᠳᠤᠷᠬᠠᠢ ᠢᠯᠭᠠᠨ ᠴᠠᠬᠠᠷ | ᠠᠶᠢᠮᠠᠭ ᠤᠨ ᠪᠦᠷᠢᠯᠳᠦᠯ ᠢ ᠨᠠᠷᠢᠨ ᠲᠤᠭᠠᠴᠠᠪᠠ᠂ ᠡᠭᠦᠨ ᠳᠤ᠄ ︽ᠴᠠᠬᠠᠷ ᠲᠦᠮᠡᠨ ᠢᠨᠤ᠄ ᠠᠤᠬᠠᠨ᠂ ᠨᠠᠢᠮᠠᠨ᠂ | ᠰᠦᠨᠢᠳ᠂ ᠦᠵᠦᠮᠤᠨ ᠦᠯᠬᠡ ᠶᠢᠨ ᠵᠡᠭᠦᠨ ᠲᠦᠷᠪᠡᠨ ᠤᠳᠤᠭ ᠪᠤᠢ᠃ ᠵᠦᠢᠳ᠂ ᠪᠤᠷᠤᠳ᠂ ᠠᠯᠠᠭ᠂ | ᠠᠯᠠᠭᠴᠢᠤᠳ ᠡᠳᠡ ᠢᠨᠤ ᠠᠷᠤ ᠶᠢᠨ ᠪᠠᠷᠠᠬᠤᠨ ᠲᠦᠷᠪᠡᠨ ᠤᠳᠤᠭ ᠬᠡᠮᠡᠮᠤᠢ︾᠂ ᠡᠨᠡ ︽ᠦᠵᠦᠮᠦᠨ︾ ᠭᠡᠳᠡᠭ ᠨᠢ | ᠲᠠᠷᠤᠢ ᠦᠵᠦᠮᠦᠴᠢᠨ ᠤᠳᠤᠭ ᠪᠤᠯᠬᠤ ᠨᠢ ᠲᠤᠳᠤᠷᠠᠵᠦ ᠪᠠᠶᠢᠨ᠎ᠠ᠃ ᠪᠠᠳᠤᠮᠦ᠋ᠩᠬᠡ ᠲᠠᠶᠠᠨ ᠬᠠᠭᠠᠨ ᠤ ᠦᠶ᠎ᠡ ᠳᠤ ︽ | ᠦᠵᠦᠮᠦᠴᠢᠨ ᠤ ᠡᠯᠳᠦᠩᠭᠡ ᠪᠠᠭᠰᠢ︾ ᠭᠡᠵᠦ ︽ᠯᠤ᠂ ᠠᠯᠳᠠᠨ ᠲᠤᠪᠴᠢ︾ ᠳᠤ ᠲᠡᠮᠳᠡᠭᠯᠡᠵᠦ ᠪᠠᠶᠢᠬᠤ ᠠᠴᠠ | ᠦᠵᠡᠬᠦ ᠳᠤ ᠦᠵᠦᠮᠦᠴᠢᠨ ᠪᠤᠯ ᠴᠠᠬᠠᠷ ᠤᠨ ᠨᠢᠭᠡ ᠤᠳᠤᠭ ᠭᠡᠳᠡᠭ ᠨᠢ ᠮᠠᠷᠭᠤᠭᠠᠨ ᠦᠭᠡᠢ᠂ ᠬᠠᠩᠭᠠᠢ ᠠᠴᠠ | ᠨᠡᠭᠦᠵᠦ ᠭᠤᠪᠢ ᠲᠠᠮᠵᠢᠨ ᠢᠷᠡᠭᠰᠡᠨ ᠢᠶᠠᠷ ︽ᠦᠯᠬᠡ ᠶᠢᠨ ᠵᠡᠭᠦᠨ ᠲᠦᠷᠪᠡᠨ ᠤᠳᠤᠭ︾ ᠤᠨ ᠨᠢᠭᠡ ᠪᠤᠯᠤᠭᠰᠠᠨ ᠶᠤᠮ | ᠃ | ᠭᠤᠷᠪᠠ ᠤᠩᠭᠤᠨ ᠲᠤᠷᠠᠯ ᠬᠢᠭᠡᠳ ᠦᠵᠦᠮᠦᠴᠢᠨ ᠠᠶᠢᠮᠠᠭ | ᠤᠩᠭᠤᠨ ᠳᠣᠷᠠᠯ ᠪᠤᠯ ᠴᠢᠩᠭᠢᠰ ᠬᠠᠭᠠᠨ ᠤ ᠠᠷᠪᠠᠨ ᠨᠠᠢᠮᠠᠳᠣᠭᠠᠷ ᠦᠶ᠎ᠡ ᠶᠢᠨ ᠠᠴᠢ ᠪᠦᠭᠡᠳ ᠪᠤᠳᠢ ᠠᠯᠠᠭ | ᠬᠠᠭᠠᠨ ᠤ ᠤᠳᠬᠤᠨ ᠬᠦᠪᠡᠭᠦᠨ ᠪᠤᠯᠣᠨ᠎ᠠ᠃ ᠲᠡᠷᠡ ᠤᠮᠠᠷᠠᠲᠦ ᠶᠤᠸᠠᠨ ᠤᠯᠤᠰ ᠤᠨ ᠰᠡᠭᠦᠯᠴᠢ ᠶᠢᠨ ᠦᠶ᠎ᠡ ︵ | 1525 —— 1590 ᠤᠨ︶ ᠳᠤ ᠠᠮᠢᠳᠣᠷᠠᠵᠦ ᠪᠠᠶᠢᠭᠰᠠᠨ ᠦᠵᠦᠮᠦᠴᠢᠨ ᠠᠶᠢᠮᠠᠭ ᠤᠨ ᠠᠬᠠᠯᠠᠭᠴᠢ ᠪᠦᠭᠡᠳ | ᠲᠡᠳ᠋ ᠮᠢᠩᠭᠠᠲᠦ ᠶᠢᠨ ᠲᠣᠰᠢᠶᠠᠯ ᠲᠠᠢ ᠪᠠᠶᠢᠪᠠ᠂ ᠤᠩᠭᠤᠨ ᠲᠤᠷᠠᠯ ᠦᠵᠦᠮᠦᠴᠢᠨ ᠠᠶᠢᠮᠠᠭ ᠤᠨ ᠠᠩᠬᠠᠨ ᠤ | ᠠᠬᠠᠯᠠᠭᠴᠢ ᠪᠤᠯᠣᠭᠰᠠᠨ ᠤ ᠬᠤᠪᠢ ᠳᠤ ᠦᠵᠦᠮᠦᠴᠢᠨ ᠠᠶᠢᠮᠠᠭ ᠤᠨ ᠲᠤᠳᠤᠷ᠎ᠠ ᠬᠠᠮᠤᠭ ᠤᠨ ᠶᠡᠭᠡ ᠨᠡᠶᠢᠭᠡᠮ ᠤᠨ | ᠨᠦᠯᠦᠭᠡ ᠲᠠᠢ᠂ ᠦᠵᠦᠮᠦᠴᠢᠨ ᠠᠮᠠᠨ ᠣᠯᠠᠮᠵᠢᠯᠠᠯ ᠳᠤ ᠶᠡᠬᠡᠬᠡᠨ ᠤᠷᠤᠨ ᠵᠠᠢ ᠶᠢ ᠡᠵᠡᠯᠡᠭᠰᠡᠭᠡᠷ ᠢᠷᠡᠭᠰᠡᠨ ᠲᠡᠦᠬᠡᠨ | ᠬᠦᠮᠦᠨ ᠪᠤᠯᠬᠤ ᠶᠤᠮ᠃ ᠲᠡᠷᠡ ᠬᠦᠨᠳᠦᠳᠭᠡᠯ ᠶᠡᠬᠡᠳᠡᠢ ᠨᠡᠷ᠎ᠡ ᠲᠦᠷᠦ ᠲᠠᠢ ᠪᠠᠶᠢᠳᠠᠭ ᠢᠶᠠᠷ ᠬᠤᠵᠢᠮ ᠨᠢ | ᠦᠵᠦᠮᠦᠴᠢᠨ ᠠᠷᠠᠳ ᠤᠨ ᠳᠤᠮᠳᠠ ᠤᠶᠤᠨ ᠰᠦᠯᠳᠡ ᠶᠢᠨ ᠰᠢᠳᠦᠭᠡᠨ ᠤ ᠬᠡᠯᠪᠡᠷᠢ ᠪᠤᠯᠣᠨ ᠤᠯᠠᠮᠵᠢᠯᠠᠭᠳᠠᠭᠰᠠᠨ | ᠪᠠᠶᠢᠨ᠎ᠠ᠃ ᠳᠤᠣᠷ᠎ᠠ ᠪᠢᠳᠡ ᠤᠩᠭᠤᠨ ᠳᠣᠷᠠᠯ ᠨᠤᠶᠠᠨᠳᠠᠨ ᠤ ᠲᠤᠬᠠᠢ ᠲᠡᠦᠬᠡᠨ ᠲᠡᠮᠳᠡᠭᠯᠡᠯ ᠤᠨ ᠡᠰᠢᠯᠡᠯ᠂ | ᠦᠵᠦᠮᠦᠴᠢᠨ ᠤ ᠠᠮᠠᠨ ᠤᠯᠠᠮᠵᠢᠯᠠᠯ ᠪᠠ ᠲᠠᠬᠢᠯᠭ᠎ᠠ ᠶᠢᠨ ᠰᠢᠳᠦᠭᠡᠨ ᠪᠤᠯᠤᠭᠰᠠᠨ᠂ ᠬᠠᠭᠤᠴᠢ ᠰᠤᠳᠤᠯᠤᠯ ᠤᠨ ᠡᠰᠢ | ᠪᠠᠷᠢᠮᠳᠠ ᠵᠡᠷᠭᠡ ᠲᠠᠯ᠎ᠠ ᠪᠠᠷ ᠠᠵᠢᠭᠯᠠᠯᠳᠠ ᠬᠢᠶ᠎ᠡ︕ | ᠨᠢᠭᠡ᠂ ︽ᠯᠣ᠂ ᠠᠯᠳᠠᠨ ᠳᠣᠪᠴᠢ︾᠂ ︽ᠭᠠᠩᠭ᠎ᠠ ᠶᠢᠨ ᠤᠷᠤᠰᠬᠠᠯ︾᠂ ︽ᠡᠷᠳᠡᠨᠢ ᠶᠢᠨ ᠳᠣᠪᠴᠢ︾᠂ | ︽ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾᠂ ︽ᠴᠢᠩ ᠤᠯᠣᠰ ᠤᠨ ᠲᠡᠦᠬᠡ ᠶᠢᠨ ᠡᠬᠡ ᠪᠢᠴᠢᠭ︾᠂ ︽ | ᠵᠠᠷᠯᠢᠭ ᠢᠶᠠᠷ ᠳᠤᠭᠳᠠᠭᠠᠭᠰᠠᠨ ᠭᠠᠳᠠᠭᠠᠳᠦ ᠮᠤᠩᠭᠤᠯ ᠬᠤᠳᠤᠩ ᠠᠶᠢᠮᠠᠭ ᠤᠨ ᠸᠠᠩ ᠬᠦᠩ ᠤᠨ ᠢᠯᠡᠳᠭᠡᠯ ᠱᠠᠰᠳᠢᠷ | ︾᠂ ︽ᠮᠤᠩᠭᠤᠯ ᠤᠨ ᠨᠡᠪᠳᠡᠷᠬᠡᠢ ᠲᠡᠦᠬᠡ︾ ᠵᠡᠷᠭᠡ ᠲᠡᠦᠬᠡ ᠲᠡᠮᠳᠡᠭᠯᠡᠯ ᠢ ᠦᠨᠳᠦᠰᠦᠯᠡᠪᠡᠯ ᠤᠩᠭᠤᠨ ᠳᠤᠷᠠᠯ ᠪᠤᠯ | ᠪᠤᠳᠠᠲᠦ ᠲᠡᠦᠬᠡᠨ ᠬᠦᠮᠦᠨ ᠪᠤᠯᠬᠤ ᠪᠠ ᠦᠵᠦᠮᠦᠴᠢᠨ ᠠᠶᠢᠮᠠᠭ ᠤᠨ ᠠᠬᠠᠯᠠᠭᠴᠢ ᠲᠦᠷᠦᠭᠦᠴᠢ ᠭᠡᠳᠡᠭ ᠢ ᠭᠦᠢᠴᠡᠳ | ᠨᠤᠳᠠᠯᠠᠭᠰᠠᠨ ᠪᠠᠶᠢᠳᠠᠭ᠃ ᠤᠩᠭᠤᠨ ᠳᠣᠷᠠᠯ ᠦᠵᠦᠮᠦᠴᠢᠨ᠂ ᠯᠠᠦᠰᠴᠢᠨ᠂ ᠡᠷᠭᠢᠭᠦᠳ ᠵᠡᠷᠭᠡ ᠠᠶᠢᠮᠠᠭ ᠨᠤᠳᠤᠭ ᠢ | ᠨᠢᠭᠡᠳᠭᠡᠭᠡᠳ ︽ᠦᠵᠦᠮᠦᠴᠢᠨ ᠠᠶᠢᠮᠠᠭ︾ ᠭᠡᠵᠦ ᠨᠡᠷᠡᠯᠡᠭᠰᠡᠨ ᠶᠠᠪᠤᠳᠠᠯ ᠪᠤᠯ ᠦᠵᠦᠮᠦᠴᠢᠨ ᠠᠶᠢᠮᠠᠭ ᠤᠨ | ᠦᠷᠭᠡᠵᠢᠨ ᠤᠯᠠᠰᠢᠷᠠᠵᠦ᠂ ᠬᠦᠴᠦᠷᠬᠡᠭᠵᠢᠨ ᠪᠤᠵᠠᠭᠠᠶᠢᠷᠠᠭᠰᠠᠨ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠤᠭᠰᠠᠨ ᠢ | ᠬᠠᠷᠠᠭᠤᠯᠵᠠᠢ᠃ ᠲᠡᠷᠡ ᠴᠡᠷᠢᠭ ᠵᠠᠰᠠᠭ ᠤᠨ ᠵᠢᠯᠣᠭᠤᠳᠣᠭᠴᠢ ᠪᠠᠶᠢᠭᠰᠠᠨ ᠤ ᠬᠤᠪᠢ ᠳᠤ ᠪᠤᠳᠢ ᠠᠯᠠᠭ᠂ ᠳᠡᠷᠡᠶᠢᠰᠦᠨ | ᠭᠦᠳᠡᠩ᠂ ᠲᠦᠮᠡᠨ ᠵᠠᠰᠠᠭᠲᠦ ᠵᠡᠷᠭᠡ ᠮᠤᠩᠭᠤᠯ ᠤᠨ ᠭᠤᠷᠪᠠᠨ ᠬᠠᠭᠠᠨ ᠤ ᠲᠦᠷᠦ ᠳᠤ ᠦᠢᠯᠡᠴᠢᠯᠡᠭᠰᠡᠨ ᠭᠠᠪᠢᠶᠠᠲᠦ | ᠰᠠᠶᠢᠳ ᠪᠤᠯᠬᠤ ᠶᠢ ᠲᠤᠳᠤᠷᠬᠠᠶᠢᠯᠠᠭᠰᠠᠨ ᠪᠠᠶᠢᠳᠠᠭ᠃ | ᠬᠤᠶᠠᠷ᠂ ᠦᠵᠦᠮᠦᠴᠢᠨ ᠤ ᠠᠮᠠᠨ ᠤᠯᠠᠮᠵᠢᠯᠠᠯ ᠤᠨ ᠳᠣᠮᠤᠭ ᠪᠠ ᠲᠠᠬᠢᠯᠭ᠎ᠠ ᠶᠢᠨ ᠵᠠᠩ ᠦᠢᠯᠡ ᠠᠴᠠ | ᠨᠢᠭᠳᠠᠯᠠᠪᠠᠯ ︵1︶ ᠤᠩᠭᠤᠨ ᠳᠣᠷᠠᠯ ᠪᠤᠳᠢ ᠠᠯᠠᠭ ᠬᠠᠭᠠᠨ ᠤ ᠤᠳᠬᠤᠨ ᠬᠦᠪᠡᠭᠦᠨ ᠤᠴᠢᠷ ᠮᠤᠩᠭᠤᠯ ᠤᠨ ᠵᠠᠩ | ᠵᠢᠷᠤᠮ ᠢᠶᠠᠷ ᠬᠠᠭᠠᠨ ᠤ ᠤᠣᠯ ᠤᠨ ᠭᠠᠯ ᠭᠤᠯᠤᠮᠳᠠ ᠶᠢ ᠵᠠᠯᠭᠠᠮᠵᠢᠯᠠᠭᠰᠠᠨ ᠢᠶᠠᠷ ᠦᠵᠦᠮᠦᠴᠢᠨ ᠠᠶᠢᠮᠠᠭ ᠤᠨ | ᠠᠬᠠᠯᠠᠭᠴᠢ ᠨᠤᠶᠠᠨ ᠪᠤᠯᠤᠯ᠎ᠠ ᠭᠡᠳᠡᠭ᠂ ᠲᠣᠰᠢᠶᠠᠯ ᠵᠡᠷᠭᠡ ᠨᠢ ᠳᠡᠳ᠋ ᠮᠢᠩᠭᠠᠲᠦ ᠶᠢᠨ ᠨᠤᠶᠠᠨ ᠪᠤᠯᠣᠭᠰᠠᠨ ᠪᠠᠶᠢᠵᠠᠢ᠃ | ︵2︶ ᠤᠯᠠᠭᠠᠢ ᠭᠤᠤᠯ ᠤᠨ ᠠᠮᠠ ᠪᠤᠯᠬᠤ ᠬᠡᠷᠦᠭᠡ ᠬᠤᠶᠠᠷ ᠬᠠᠳᠠᠨ ᠤ ᠪᠠᠷᠠᠭᠤᠨ ᠬᠤᠶᠢᠰᠢ ᠨᠠᠮᠠᠬᠠᠨ ᠬᠤᠱᠤᠤ | ᠪᠠᠶᠢᠳᠠᠭ᠂ ᠡᠷᠳᠡ ᠦᠶ᠎ᠡ ᠤᠩᠭᠤᠨ ᠳᠣᠷᠠᠯ ᠨᠣᠶᠠᠨ ᠲᠦᠷᠪᠡᠨ ᠬᠦᠴᠦᠳᠡᠨ ᠢᠶᠠᠷ ᠬᠦᠷᠢᠶᠡᠯᠡᠭᠦᠯᠦᠭᠰᠡᠨ ᠪᠡᠯᠭᠡ | ᠳᠡᠮᠪᠡᠷᠡᠢ ᠲᠠᠢ ᠭᠠᠵᠠᠷ ᠬᠡᠮᠡᠨ ᠠᠳᠡ ᠵᠤᠰᠠᠳᠠᠭ ᠪᠠᠶᠢᠭᠰᠠᠨ ᠢᠶᠠᠷ ᠲᠡᠭᠦᠨ ᠢ ︽ᠤᠩᠭᠤᠨ ᠬᠤᠱᠤᠤ︾ ᠭᠡᠵᠦ ᠨᠡᠷᠡᠯᠡᠬᠦ | ᠪᠤᠯᠣᠭᠰᠠᠨ ᠭᠡᠨ᠎ᠡ᠂ ︽ᠤᠩᠭᠤᠨ ᠬᠤᠱᠤᠤ︾ ᠳᠡᠭᠡᠷ᠎ᠡ ᠤᠳᠤ ᠪᠤᠯᠳᠠᠯ᠎ᠠ ᠪᠠᠷᠢᠯᠭ᠎ᠠ ᠶᠢᠨ ᠤᠯᠠ ᠮᠦᠷ ᠦᠯᠡᠳᠡᠭᠰᠡᠭᠡᠷ | ᠪᠠᠶᠢᠭ᠎ᠠ ᠶᠤᠮ᠃ ︵3︶ ᠤᠩᠭᠤᠨ ᠳᠣᠷᠠᠯ ᠨᠤᠶᠠᠨ ᠲᠠᠭᠠᠯᠠᠯ ᠪᠤᠯᠣᠭᠠᠳ ᠤᠳᠣ ᠶᠢᠨ ︽ᠤᠩᠭᠤᠨ ᠴᠠᠪᠴᠢᠷ︾ ᠳᠤ | ᠤᠷᠤᠰᠢᠯᠠᠭᠤᠯᠣᠭᠰᠠᠨ ᠢᠶᠠᠷ ᠲᠡᠷᠡ ᠬᠠᠪᠢ ᠶᠢᠨ ᠭᠠᠵᠠᠷ ᠢ ︽ᠤᠩᠭᠤᠨ︾ ᠭᠡᠵᠦ ᠨᠡᠷᠡᠯᠡᠯ᠎ᠡ ᠭᠡᠳᠡᠭ᠃ ︵4︶ | ᠦᠵᠦᠮᠦᠴᠢᠨ ᠮᠠᠯᠴᠢᠳ ᠤᠩᠭᠤᠨ ᠳᠣᠷᠠᠯ ᠨᠤᠶᠠᠨᠳᠠᠨ ᠤ ᠨᠡᠷ᠎ᠡ ᠲᠦᠷᠦ ᠶᠢ ᠳᠣᠷᠠᠰᠬᠠᠬᠤ ᠶᠢᠨ ᠲᠤᠯᠠᠳᠠ ᠤᠩᠭᠤᠨ | ᠦᠨᠳᠦᠷ ᠬᠡᠮᠡᠬᠦ ᠠᠭᠤᠯᠠ ᠶᠢᠨ ᠤᠷᠤᠢ ᠳᠤ ᠴᠢᠯᠠᠭᠤᠨ ᠣᠪᠤᠭ᠎ᠠ ᠪᠤᠰᠬᠠᠵᠦ᠂ ︿︿ᠤᠩᠭᠤᠨ ᠤᠪᠤᠭ᠎ᠠ﹀﹀ ᠬᠡᠮᠡᠨ | ᠨᠡᠷᠡᠯᠡᠯᠴᠡᠨ᠂ ᠲᠠᠬᠢᠯᠭ᠎ᠠ ᠶᠢᠨ ᠵᠠᠩ ᠦᠢᠯᠡ ᠪᠤᠯᠭᠠᠵᠦ᠂ ᠡᠳᠦᠭᠡ ᠪᠤᠯᠳᠠᠯ᠎ᠠ ᠲᠦᠷᠪᠡᠨ ᠵᠠᠭᠤᠨ ᠤᠨ ᠪᠤᠯᠪᠠ᠂᠂ | ᠳᠡᠭᠡᠷᠡᠬᠢ ᠤᠯᠠᠮᠵᠢᠯᠠᠯ ᠲᠣᠮᠤᠭ ᠪᠠ ᠲᠠᠬᠢᠯᠭ᠎ᠠ ᠶᠢᠨ ᠵᠠᠩ ᠦᠢᠯᠡ ᠠᠴᠠ ᠣᠩᠭᠤᠨ ᠳᠣᠷᠠᠯ ᠦᠵᠦᠮᠦᠴᠢᠨ ᠤ | ᠡᠨᠡᠬᠦ ᠭᠠᠵᠠᠷ ᠲᠤ ᠠᠯᠳᠠᠨ ᠰᠦᠯᠳᠡ ᠪᠠᠨ ᠬᠡᠶᠢᠮᠤᠷᠯᠠᠵᠦ᠂ ᠠᠷᠢᠭᠤᠨ ᠴᠢᠨᠳᠠᠷ ᠢᠶᠠᠨ ᠮᠦᠩᠬᠡᠯᠡᠵᠦ᠂ ᠠᠮᠢᠳᠣᠷᠠᠯ ᠤᠨ | ᠵᠠᠮ ᠮᠦᠷ ᠢᠶᠠᠨ ᠦᠨᠢᠳᠡ ᠰᠢᠩᠭᠡᠭᠡᠨ ᠦᠯᠡᠳᠡᠭᠡᠭᠰᠡᠨ ᠢ ᠮᠡᠳᠡᠵᠦ ᠪᠤᠯᠬᠤ ᠪᠦᠭᠡᠳ ᠠᠷᠠᠳ ᠲᠦᠮᠡᠨ ᠤ ᠪᠠᠨ ᠵᠢᠷᠦᠬᠡᠨ | ᠳᠤ ᠦᠨᠢᠳᠡ ᠬᠠᠳᠠᠩᠰᠢᠭᠰᠠᠨ ᠭᠡᠳᠡᠭ ᠢ ᠬᠠᠷᠠᠭᠤᠯᠵᠦ ᠪᠠᠶᠢᠨ᠎ᠠ᠃ ᠬᠦᠷᠢᠶ᠎ᠡ ᠰᠦᠮ᠎ᠡ ᠶᠢᠨ ︽ᠤᠩᠭᠤᠨ ᠤᠪᠤᠭ᠎ᠠ︾ | ᠶᠢ ᠲᠠᠬᠢᠭᠰᠠᠨ ᠲᠤᠬᠠᠢ ᠳᠣᠮᠤᠭ ᠲᠤ ᠮᠣᠯᠣᠮ ᠯᠠᠮᠠ ᠶᠢᠨ ᠵᠢᠷᠭᠤᠳᠣᠭᠠᠷ ᠳᠦᠷᠢ ᠶᠢᠨ ᠭᠡᠭᠡᠨᠳᠡᠨ ᠭᠤᠨᠴᠤᠭᠷᠠᠰᠢ | ᠬᠤᠷᠢᠨ ᠬᠤᠶᠠᠷ ᠨᠠᠰᠤᠨ ᠳᠠᠭᠠᠨ ᠨᠢᠭᠡᠨ ᠰᠦᠨᠢ ᠶᠢᠨ ᠵᠡᠭᠦᠳᠦᠨ ᠳᠤ ︽ᠨᠠᠳᠠ ᠳᠤ ᠭᠠᠵᠠᠷ ᠤᠨ ᠡᠵᠡᠨ ᠤ ᠳᠦᠷᠰᠦ | ᠦᠵᠡᠭᠳᠡᠪᠡ︾ ᠭᠡᠳ ᠦᠩᠭᠡ ᠢᠯᠭᠠᠷᠠᠭᠤᠯᠤᠨ ᠵᠢᠷᠣᠭᠠᠳ ᠡᠷᠢᠭᠦᠯᠦᠭᠰᠡᠨ ᠳᠤ ᠶᠠᠭ ᠡᠨᠡᠬᠦ ︽ᠤᠩᠭᠤᠨ ᠤᠪᠤᠭ᠎ᠠ︾ | ᠬᠡᠮᠡᠭᠴᠢ ᠠᠭᠤᠯᠠ ᠮᠦᠨ ᠪᠠᠶᠢᠵᠦ᠂ ︽ᠨᠤᠷᠪᠤᠸᠠᠩᠵᠢᠯ︾ ᠬᠡᠮᠡᠬᠦ ᠨᠡᠷ᠎ᠡ ᠬᠠᠶᠢᠷᠠᠯᠠᠨ ᠲᠠᠬᠢᠭᠰᠠᠨ ᠢᠶᠠᠷ ᠨᠠᠮᠢᠷᠠᠭ᠎ᠠ | ᠬᠤᠷ᠎ᠠ ᠪᠠᠭᠤᠵᠦ ᠭᠠᠩ ᠳᠠᠯᠪᠢᠭᠳᠠᠭᠰᠠᠨ ᠭᠡᠳᠡᠭ᠂᠂ ᠳᠣᠮᠤᠭ ᠠᠴᠠ ᠪᠢᠳᠡ ᠪᠦᠭᠡ ᠮᠦᠷᠭᠦᠯ ᠤᠨ ᠲᠠᠬᠢᠯᠭ᠎ᠠ ᠶᠢᠨ | ᠶᠤᠰᠤᠨ ᠲᠠᠢ ᠪᠠᠶᠢᠭᠰᠠᠨ ᠡᠨᠡᠬᠦ ᠤᠪᠤᠭ᠎ᠠ ᠨᠢ ᠡᠨᠡ ᠦᠶ᠎ᠡ ᠠᠴᠠ ᠰᠢᠷ᠎ᠠ ᠶᠢᠨ ᠱᠠᠰᠢᠨ ᠤ ᠲᠠᠬᠢᠯᠭ᠎ᠠ ᠶᠢᠨ ᠦᠩᠭᠡ | ᠤᠷᠤᠭᠰᠠᠨ ᠢ ᠬᠠᠷᠠᠭᠤᠯᠵᠤ ᠪᠠᠶᠢᠬᠤ ᠪᠦᠭᠡᠳ ᠭᠡᠭᠡᠨᠳᠡᠨ ᠳᠤ ᠵᠡᠭᠦᠲᠦ ᠦᠭᠭᠦᠭᠰᠡᠨ ᠨᠢ ᠡᠨᠡᠬᠦ ︽ᠭᠠᠵᠠᠷ ᠤᠨ ᠡᠵᠡᠳ︾ | ᠭᠡᠳᠡᠭ ᠨᠢ ᠳᠡᠳᠡᠨ ᠤ ᠳᠡᠭᠡᠳᠦᠰ ᠤᠨ ᠬᠢᠨᠢ ᠤᠩᠭᠤᠨ ᠰᠢᠳᠦᠭᠡᠨ ᠲᠠᠢ ᠭᠠᠵᠠᠷ ᠪᠤᠯᠬᠤ ᠶᠢ ᠲᠤᠳᠣᠷᠬᠠᠶᠢᠯᠠᠵᠠᠢ᠂᠂ | ᠭᠤᠷᠪᠠ᠂ ᠬᠠᠭᠤᠴᠢ ᠰᠣᠳᠣᠯᠣᠯ ᠤᠨ ᠳᠠᠯ᠎ᠠ ᠠᠴᠠ ᠦᠵᠡᠬᠦ ᠳᠤ ᠤᠳᠤ ᠶᠢᠨ ᠤᠯᠢᠶᠠᠰᠣᠳᠠᠢ ᠪᠠᠯᠭᠠᠰᠣᠨ ᠤ | ᠡᠩᠬᠡᠵᠢᠷᠭᠠᠯᠠᠩ ᠭᠠᠴᠠᠭ᠎ᠠ ᠳᠤ ᠪᠦᠬᠦᠢ ᠤᠩᠭᠤᠨ ᠴᠠᠪᠴᠢᠷ ᠬᠡᠮᠡᠬᠦ ᠭᠠᠵᠠᠷ ᠪᠠᠶᠢᠭ᠎ᠠ ︽ᠤᠩᠭᠤᠨ ᠪᠤᠯᠠᠰᠢ︾᠂ ︽ | ᠤᠩᠭᠤᠨ ᠤᠪᠤᠭ᠎ᠠ︾ ᠬᠢᠭᠡᠳ ᠪᠠᠶᠠᠨ — ᠭᠤᠪᠢ ᠭᠠᠴᠠᠭ᠎ᠠ ᠳᠤ ᠪᠦᠬᠦᠢ ︿︿ᠤᠩᠭᠤᠨ ᠬᠤᠱᠤᠤ﹀﹀ ᠵᠡᠷᠭᠡ ᠭᠠᠵᠠᠷ | ᠤᠷᠣᠨ ᠪᠤᠯ ᠬᠠᠭᠤᠴᠢ ᠰᠣᠳᠣᠯᠣᠯ ᠤᠨ ᠭᠡᠷᠡᠴᠢ ᠪᠤᠯᠬᠤ ᠪᠦᠭᠡᠳ ᠶᠡᠭᠡ ᠰᠣᠳᠣᠯᠭᠠᠨ ᠤ ᠦᠷᠳᠡᠭ ᠲᠠᠢ ᠭᠡᠵᠦ | ᠦᠵᠡᠨ᠎ᠡ᠃ | ᠳᠡᠭᠡᠷᠡᠬᠢ ᠭᠤᠷᠪᠠᠨ ᠳᠠᠯ᠎ᠠ ᠪᠠᠷ ᠤᠶᠢᠯᠠᠭᠠᠬᠤ ᠳᠤ ᠲᠡᠦᠬᠡ ᠳᠡᠮᠳᠡᠭᠯᠡᠯ ᠳᠠᠬᠢ ᠤᠩᠭᠤᠨ ᠳᠣᠷᠠᠯ ᠨᠢ | ᠦᠵᠦᠮᠦᠴᠢᠨ ᠠᠶᠢᠮᠠᠭ ᠤᠨ ᠠᠬᠠᠯᠠᠭᠴᠢ ᠤᠩᠭᠤᠨ ᠳᠣᠷᠠᠯ ᠮᠦᠨ ᠪᠤᠯᠬᠤ ᠪᠠ ᠡᠨᠡ ᠬᠠᠪᠢ ᠶᠢᠨ ᠭᠠᠵᠠᠷ ᠤᠷᠤᠨ ᠳᠤ | ᠠᠮᠢᠳᠣᠷᠠᠭᠰᠠᠨ ᠤᠯᠠ ᠮᠦᠷ ᠢᠶᠠᠨ ᠦᠯᠡᠳᠡᠭᠡᠵᠦ᠂ ᠠᠯᠳᠠᠨ ᠶᠠᠰᠣ ᠪᠠᠨ ᠣᠷᠣᠰᠢᠭᠤᠯᠤᠭᠰᠠᠨ ᠪᠠᠶᠢᠵᠦ ᠦᠵᠦᠮᠦᠴᠢᠨ | ᠠᠶᠢᠮᠠᠭ ᠤᠨ ᠳᠣᠮᠳᠠ ᠦᠨᠢᠳᠠ ᠬᠠᠳᠠᠩᠰᠢᠭᠰᠠᠨ ᠲᠡᠦᠬᠡᠨ ᠬᠦᠮᠦᠨ ᠭᠡᠵᠦ ᠬᠡᠯᠡᠬᠦ ᠳᠤ ᠪᠣᠷᠤᠭᠤᠳᠠᠬᠤ ᠶᠠᠪᠤᠳᠠᠯ ᠦᠭᠡᠢ | ᠶᠤᠮ᠂᠂ | ᠲᠦᠷᠪᠡ ᠦᠵᠦᠮᠦᠴᠢᠨ ᠤ ᠠᠮᠠᠨ ᠤᠯᠠᠮᠵᠢᠯᠠᠯ ᠬᠢᠭᠡᠳ ᠲᠡᠤᠬᠡᠨ ᠤᠷᠳᠤ ᠶᠢᠨ ᠲᠠᠭᠤᠤ ᠶᠢᠨ ᠲᠤᠬᠠᠢ | ᠦᠵᠦᠮᠦᠴᠢᠨ ᠠᠶᠢᠮᠠᠭ᠂ ᠡᠷᠳᠡ ᠲᠡᠭᠡᠳᠦ ᠠᠴᠠ ᠠᠪᠤᠭᠠᠳ ︽ᠠᠮᠠᠨ ᠤᠯᠠᠮᠵᠢᠯᠠᠯ︾ ᠬᠢᠭᠡᠳ ︽ᠤᠷᠳᠤ ᠶᠢᠨ | ᠲᠠᠭᠤᠤ︾ ᠪᠠᠷ ᠢᠶᠠᠨ ᠦᠪᠡᠷ ᠤᠨ ᠨᠡᠭᠦᠳᠡᠯ ᠮᠠᠯᠵᠢᠯ ᠤᠨ ᠲᠡᠤᠬᠡᠨ ᠤᠯᠠ ᠮᠦᠷ ᠢᠶᠠᠨ ᠤᠯᠠᠮᠵᠢᠯᠠᠨ ᠬᠠᠳᠠᠭᠠᠯᠠᠭᠰᠠᠭᠠᠷ | ᠢᠷᠡᠭᠰᠡᠨ ᠰᠠᠴᠤᠷᠠᠩᠭᠤᠢ ᠲᠡᠤᠬᠡ ᠲᠠᠢ ᠶᠤᠮ᠃ ᠡᠨᠡ ᠬᠡᠯᠪᠡᠷᠢ ᠶᠢᠨ ᠰᠤᠶᠤᠯ ᠤᠨ ᠤᠤᠷ ᠴᠢᠨᠠᠷ ᠨᠢ ᠦᠵᠦᠮᠦᠴᠢᠨ | ᠶᠠᠰᠤᠳᠠᠳ ᠤᠨ ᠤᠢ ᠪᠢᠯᠢᠭ ᠪᠤᠰᠤᠳ ᠠᠴᠠ ᠤᠨᠴᠠᠯᠢᠭᠳᠠᠬᠤ ᠵᠦᠢᠯ ᠪᠤᠯᠤᠭᠰᠠᠨ ᠮᠦᠷᠳᠡᠭᠡᠨ ᠠᠮᠠᠨ ᠤᠯᠠᠮᠵᠢᠯᠠᠯ | ᠬᠢᠭᠡᠳ ᠤᠷᠳᠤ ᠶᠢᠨ ᠲᠠᠭᠤᠤ ᠨᠢ ᠲᠤᠰ ᠠᠶᠢᠮᠠᠭ ᠤᠨ ᠲᠡᠤᠬᠡ ᠰᠤᠶᠤᠯ ᠤᠨ ᠠᠴᠢᠶᠠᠯᠠᠪᠤᠷᠢ ᠪᠤᠯᠬᠤ ᠨᠢ ᠵᠠᠶᠢᠯᠠᠰᠢ | ᠦᠭᠡᠢ ᠶᠤᠮ᠃ ᠨᠡᠶᠢᠭᠡᠮ ᠰᠤᠶᠤᠯ ᠬᠦᠭᠵᠢᠭᠡᠳᠦᠢ ᠲᠡᠤᠬᠡᠨ ᠲᠡᠷᠡ ᠦᠶ᠎ᠡ ᠨᠡᠶᠢᠳᠡ ᠤᠯᠠᠨ ᠳᠠᠭᠠᠨ ᠦᠶ᠎ᠡ ᠤᠯᠠᠮᠵᠢᠯᠠᠨ | ᠮᠡᠳᠡᠭᠦᠯᠬᠦ ᠡᠨᠡ ᠬᠦ ᠤᠨᠴᠠᠭᠠᠢ ᠮᠡᠳᠡᠷᠡᠮᠵᠢ ᠶᠢᠨ ᠠᠷᠭ᠎ᠠ ᠠᠪᠴᠢᠯ ᠨᠢ ᠦᠭᠡ ᠬᠡᠯᠡᠯᠭᠡ ᠲᠠᠭᠤᠤ ᠬᠤᠭᠤᠯᠠᠢ ᠪᠠᠷ ᠢᠶᠠᠨ | ᠵᠠᠭᠤᠴᠢ ᠠᠴᠢᠶᠠᠯᠠᠪᠤᠷᠢ ᠪᠤᠯᠭᠠᠵᠦ᠂ ᠤᠶᠤᠨ ᠲᠠᠷᠢᠬᠢᠨ ᠳᠠᠭᠠᠨ ᠲᠤᠭᠳᠠᠭᠠᠵᠦ᠂ ᠮᠠᠷᠳᠠᠭᠳᠠᠰᠢ ᠦᠭᠡᠢ | ᠰᠡᠳᠭᠢᠬᠦᠢ ᠶᠢᠨ ᠰᠤᠶᠤᠯ ᠤᠨ ᠬᠡᠯᠪᠡᠷᠢ ᠪᠤᠯᠤᠨ ᠲᠤᠭᠳᠠᠨᠢᠭᠰᠠᠨ ᠪᠠᠶᠢᠨ᠎ᠠ᠃ ᠲᠡᠷᠡ ᠪᠤᠯ ᠲᠡᠤᠬᠡ ᠶᠢᠨ ᠦᠨᠡᠨ | ᠦᠩᠭᠡᠷᠡᠯᠳᠡ ᠶᠢ ᠲᠤᠰᠬᠠᠭᠰᠠᠨ ᠰᠡᠳᠭᠢᠬᠦᠢ ᠶᠢᠨ ᠴᠡᠭᠡᠵᠢᠯᠡᠬᠦᠢ ᠴᠢᠳᠠᠪᠬᠢ ᠶᠢᠨ ᠬᠦᠴᠦᠨ ᠪᠤᠯᠤᠨ᠎ᠠ᠃ ᠡᠭᠦᠨ ᠠᠴᠠ | ᠦᠵᠦᠮᠦᠴᠢᠨ ᠠᠮᠠᠨ ᠤᠯᠠᠮᠵᠢᠯᠠᠯ ᠪᠠ ᠲᠡᠤᠬᠡᠨ ᠤᠷᠳᠤ ᠶᠢᠨ ᠲᠠᠭᠤᠤ ᠨᠢ ᠦᠵᠦᠮᠦᠴᠢᠨ ᠠᠶᠢᠮᠠᠭ ᠤᠨ ᠲᠡᠤᠬᠡ | ᠰᠤᠶᠤᠯ ᠤᠨ ᠡᠷᠳᠡᠨᠢᠰ ᠤᠨ ᠬᠦᠮᠦᠷᠭᠡ ᠳᠠᠬᠢ ᠢᠬᠡᠷ᠎ᠡ ᠲᠦᠷᠦᠭᠰᠡᠨ ᠠᠳᠠᠯᠢ ᠪᠤᠰᠤ ᠬᠡᠯᠪᠡᠷᠢ ᠶᠢᠨ ᠰᠤᠶᠤᠯ ᠤᠨ ᠤᠤᠷ | ᠭᠡᠵᠦ ᠦᠵᠡᠬᠦ ᠳᠡᠭᠡᠨ ᠲᠠᠭᠠᠷᠠᠨ᠎ᠠ᠃ | ᠲᠡᠤᠬᠡ ᠲᠡᠮᠳᠡᠭᠯᠡᠯ ᠢ ᠦᠨᠳᠦᠰᠦᠯᠡᠪᠡᠯ ᠦᠵᠦᠮᠦᠴᠢᠨ ᠠᠶᠢᠮᠠᠭ ᠨᠢ 13 ᠳ᠋ᠤᠭᠠᠷ ᠵᠠᠭᠤᠨ ᠤ ᠡᠬᠢ ᠪᠠᠷ | ᠮᠤᠩᠭᠤᠯ ᠤᠨ ᠶᠡᠭᠡ ᠨᠢᠭᠡᠳᠦᠯ ᠢ ᠪᠡᠶᠡᠯᠡᠬᠦᠯᠬᠦ ᠦᠶ᠎ᠡ ᠨᠢᠭᠡ ᠠᠶᠢᠮᠠᠭ ᠪᠦᠯᠦᠭ ᠶᠢᠨ ᠬᠤᠪᠢ ᠪᠠᠷ ᠢᠯᠡᠷᠡᠵᠦ ᠪᠠᠶᠢᠵᠠᠢ᠂ | ᠮᠤᠩᠭᠤᠯ ᠦᠨᠳᠦᠰᠦᠳᠡᠨ ᠤ ᠲᠤᠲᠤᠷ᠎ᠠ ᠪᠠᠨ ᠨᠡᠯᠢᠶᠡᠳ ᠡᠷᠳᠡᠨ ᠤ ᠠᠶᠢᠮᠠᠭ ᠪᠦᠯᠦᠭ ᠲᠤ ᠲᠤᠭᠠᠴᠠᠭᠳᠠᠬᠤ ᠮᠠᠭᠠᠳ᠃ | ᠦᠵᠦᠮᠦᠴᠢᠨ ᠶᠠᠰᠤᠳᠠᠳ ᠨᠡᠭᠦᠳᠡᠯᠴᠢᠨ ᠠᠶᠢᠮᠠᠭ ᠪᠤᠯᠤᠭᠰᠠᠨ ᠤ ᠬᠤᠪᠢ ᠳᠤ ᠠᠯᠳᠠᠢ ᠨᠢᠷᠤᠭᠤ ᠠᠴᠠ ᠠᠯᠳᠠᠨ | ᠬᠢᠩᠭᠠᠨ ᠤ ᠡᠩᠬᠡᠷ ᠬᠦᠷᠳᠡᠯ᠎ᠡ᠂ ᠬᠤᠶᠢᠳᠦ ᠬᠠᠩᠭᠠᠢ ᠨᠢᠷᠤᠭᠤ᠂ ᠬᠡᠷᠦᠯᠤᠨ ᠮᠦᠷᠡᠨ ᠠᠴᠠ ᠡᠮᠦᠨ᠎ᠡ ᠬᠤᠷᠴᠢᠨ ᠤ | ᠲᠠᠯ᠎ᠠ᠂ ᠯᠤᠤᠬ᠎ᠠ ᠶᠢᠨ ᠭᠤᠤᠯ ᠤᠨ ᠬᠦᠪᠡᠭᠡ ᠬᠦᠷᠳᠡᠯᠡᠬᠢ ᠦᠷᠭᠡᠨ ᠠᠭᠤᠳᠠᠮ ᠮᠤᠩᠭᠤᠯ ᠨᠤᠲᠤᠭ ᠲᠠᠭᠠᠨ ᠲᠤᠷ᠎ᠠ ᠪᠠᠷ | ᠨᠡᠭᠦᠳᠡᠯᠯᠡᠨ ᠲᠠᠪᠠ ᠢᠶᠠᠷ ᠢᠶᠠᠨ ᠮᠠᠯᠵᠢᠵᠦ ᠢᠷᠡᠭᠰᠡᠨ ᠦᠨᠢ ᠤᠳᠠᠭᠠᠨ ᠤ ᠲᠡᠤᠬᠡ ᠲᠠᠢ ᠪᠢᠯᠡ᠃ ᠲᠡᠤᠬᠡᠨ ᠶᠡᠭᠡ | ᠨᠡᠭᠦᠳᠡᠯ ᠤᠨ ᠤᠷᠳᠤ ᠬᠤᠭᠤᠴᠠᠭᠠᠨ ᠤ ᠶᠠᠪᠤᠴᠠ ᠳᠠᠭᠠᠨ ᠲᠡᠭᠦᠨ ᠤ ᠦᠪᠡᠷᠮᠢᠴᠡ ᠤᠨᠴᠠᠯᠢᠭ ᠪᠦᠬᠦᠢ ᠦᠢᠯᠡᠳᠪᠦᠷᠢᠯᠡᠯ | ᠠᠮᠢᠳᠤᠷᠠᠯ ᠵᠠᠩ ᠦᠢᠯᠡ᠂ ᠤᠤᠭᠠᠯ ᠭᠠᠵᠠᠷ ᠤᠰᠤᠨ ᠢᠶᠠᠨ ᠬᠠᠶᠢᠷᠠᠯᠠᠬᠤ ᠰᠡᠳᠭᠢᠯ ᠤᠨ ᠤᠶᠢᠯᠤᠭᠠ ᠪᠠᠷ ᠢᠶᠠᠨ | ᠢᠯᠡᠳᠭᠡᠭᠳᠡᠭᠰᠡᠨ ᠦᠵᠦᠮᠦᠴᠢᠨ ᠠᠷᠠᠳ ᠤᠨ ᠠᠮᠠᠨ ᠤᠯᠠᠮᠵᠢᠯᠠᠯ ᠪᠤᠶᠤ ᠤᠷᠳᠤ ᠶᠢᠨ ᠲᠠᠭᠤᠤ ᠨᠢ ᠴᠤ ᠲᠠᠭᠠᠯᠳᠤᠨ | ᠪᠤᠢ ᠪᠤᠯᠵᠦ ᠢᠷᠡᠵᠡᠢ᠃ ᠦᠵᠦᠮᠦᠴᠢᠨ ᠠᠶᠢᠮᠠᠭ ᠲᠤᠷᠤᠨ᠎ᠠ ᠵᠦᠭ ᠤᠨ ᠶᠡᠭᠡ ᠨᠡᠭᠦᠳᠡᠯ ᠢ ᠬᠦᠭᠡᠭᠡᠵᠦ᠂ ᠭᠤᠪᠢ ᠶᠢᠨ | ᠡᠮᠦᠨᠡᠬᠢ ᠡᠪᠡᠰᠦᠳᠦ ᠲᠠᠯ᠎ᠠ ᠳᠤ ᠤᠷᠳᠤ ᠶᠢᠨ ᠲᠠᠭᠤᠤ ᠲᠠᠢ ᠪᠠᠨ ᠴᠤᠭᠭᠠᠷ ᠢᠷᠡᠯ᠎ᠡ ᠭᠡᠵᠦ ᠬᠡᠯᠡᠵᠦ ᠪᠤᠯᠤᠨ᠎ᠠ᠃ | ᠦᠵᠦᠮᠦᠴᠢᠨᠴᠤᠳ᠂ ᠰᠢᠯᠢ ᠶᠢᠨ ᠭᠤᠤᠯ ᠤᠨ ᠲᠠᠯ᠎ᠠ ᠨᠤᠲᠤᠭ ᠲᠤ ᠢᠷᠡᠭᠡᠳ ᠲᠠᠪᠤᠨ ᠵᠠᠭᠤᠨ ᠵᠢᠯ ᠤᠨ ᠲᠡᠤᠬᠡ ᠲᠠᠢ | ᠪᠤᠯᠵᠠᠢ᠃ ᠲᠠᠪᠤᠨ ᠵᠠᠭᠤᠨ ᠤᠨ ᠤ ᠲᠤᠷᠰᠢ ᠠᠮᠠᠨ ᠤᠯᠠᠮᠵᠢᠯᠠᠯ ᠪᠤᠯᠤᠨ ᠤᠷᠳᠤ ᠶᠢᠨ ᠲᠠᠭᠤᠤ ᠨᠢ ᠦᠵᠦᠮᠦᠴᠢᠨ | ᠤᠭᠰᠠᠭᠠᠳᠠᠳ ᠤᠨ ᠤᠶᠤᠨ ᠳᠤᠨᠢ ᠠᠭᠤᠰᠴᠤ᠂ ᠴᠢᠰᠦᠨ ᠳᠤᠨᠢ ᠰᠢᠩᠭᠡᠭᠡᠭᠰᠡᠭᠷ ᠢᠷᠡᠪᠡ᠃ ᠲᠡᠤᠬᠡ ᠶᠢᠨ ᠤᠯᠠᠨ | ᠤᠳᠠᠭ᠎ᠠ ᠶᠢᠨ ᠬᠠᠳᠠᠭᠤ ᠲᠠᠯᠬᠢᠭᠳᠠᠯ ᠢ ᠲᠤᠭᠤᠯᠤᠭᠠᠳ ᠮᠦᠨ ᠯᠡ ᠠᠶᠠᠯᠠᠭᠤ ᠲᠠᠭᠤᠤ ᠪᠠᠷ ᠢᠶᠠᠨ ᠡᠭᠡᠰᠢᠭᠯᠡᠵᠦ᠂ ᠠᠮᠠᠨ | ᠶᠠᠷᠢᠶ᠎ᠠ ᠪᠠᠷ ᠢᠶᠠᠨ ᠤᠯᠠᠮᠵᠢᠯᠠᠭᠰᠠᠭᠠᠷ ᠢᠷᠡᠭᠰᠡᠨ ᠠᠭᠤᠤ ᠶᠡᠭᠡ ᠲᠡᠭᠡᠳᠦᠰ ᠲᠠᠢ ᠳᠡᠭᠡᠨ ᠬᠤᠶᠢᠴᠢᠰ ᠪᠤᠯᠤᠭᠰᠠᠨ ᠪᠢᠳᠡ | ᠨᠠᠷ ᠲᠤᠩ ᠤᠮᠤᠭᠰᠢᠭᠤᠨ ᠪᠠᠶᠢᠳᠠᠭ ᠶᠤᠮᠰᠠᠨ᠃ ᠲᠡᠭᠡᠪᠡᠯ ᠦᠵᠦᠮᠦᠴᠢᠨ ᠠᠮᠠᠨ ᠤᠯᠠᠮᠵᠢᠯᠠᠯ ᠬᠢᠭᠡᠳ ᠲᠡᠤᠬᠡᠨ | ᠤᠷᠳᠤ ᠶᠢᠨ ᠲᠠᠭᠤᠤ ᠨᠢ ᠶᠠᠭᠠᠬᠢᠵᠦ ᠦᠵᠦᠮᠦᠴᠢᠨ ᠠᠶᠢᠮᠠᠭ ᠤᠨ ᠶᠡᠭᠡ ᠨᠡᠭᠦᠳᠡᠯ ᠢ ᠲᠡᠤᠬᠡ ᠶᠢᠨ ᠶᠤᠰᠤᠭᠠᠷ | ᠲᠤᠰᠬᠠᠵᠦ ᠪᠠᠶᠢᠬᠤ ᠲᠤᠬᠠᠢ ᠠᠵᠢᠭᠯᠠᠯᠳᠠ ᠬᠢᠰᠦᠭᠡᠢ᠄ | ᠨᠢᠭᠡ᠂ ᠤᠤᠭᠠᠯ ᠨᠤᠲᠤᠭ ᠪᠤᠯᠤᠨ ᠶᠡᠭᠡ ᠨᠡᠭᠦᠳᠡᠯ ᠤᠨ ᠤᠯᠠ ᠮᠦᠷ ᠢ ᠲᠤᠰᠬᠠᠭᠰᠠᠨ ᠠᠮᠠᠨ ᠤᠯᠠᠮᠵᠢᠯᠠᠯ | ᠠᠮᠠᠨ ᠤᠯᠠᠮᠵᠢᠯᠠᠯ ᠤᠨ ᠠᠭᠤᠯᠭ᠎ᠠ᠄ | ︽ᠠᠯᠳᠠᠢ — ᠬᠠᠩᠭᠠᠢ — ᠭᠠᠯᠪᠠ ᠱᠠᠩᠬ᠎ᠠ ᠶᠢᠨ ᠭᠤᠪᠢ ᠠᠴᠠ ᠨᠡᠭᠦᠵᠦ ᠢᠷᠡᠪᠡ︾ | ︽ᠭᠠᠯᠪᠠ ᠱᠠᠩᠬ᠎ᠠ ᠶᠢᠨ ᠭᠤᠪᠢ ᠠᠴᠠ ᠭᠠᠭᠴᠠ ᠪᠦᠭᠦᠳᠦ ᠲᠡᠮᠡᠭᠡᠳ ᠲᠠᠢ ᠨᠡᠭᠦᠵᠦ ᠢᠷᠡᠪᠡ︾ | ︽ᠦᠵᠦᠮ ᠤᠨ ᠴᠠᠭᠠᠨ ᠠᠭᠤᠯᠠ᠂ ᠬᠤᠨᠢ ᠮᠠᠶᠢᠯᠠᠬᠴᠢ᠂ ᠲᠦᠷᠦᠭᠡ ᠬᠠᠩᠨᠠᠭᠤᠷ ᠤᠨ ᠬᠠᠪᠴᠢᠯ ᠭᠡᠳᠡᠭ ᠭᠠᠵᠠᠷ ᠲᠤ | ᠨᠤᠲᠤᠭᠯᠠᠵᠦ ᠪᠠᠶᠢᠪᠠ︾ | ︽ᠦᠵᠦᠮᠦᠴᠢᠨ ᠲᠡᠭᠡᠳᠦ ᠦᠶ᠎ᠡ ᠳᠡᠭᠡᠨ ᠦᠵᠦᠮ ᠤᠨ ᠴᠠᠭᠠᠨ ᠠᠭᠤᠯᠠᠨ ᠳᠤ ᠵᠡᠷᠯᠢᠭ ᠦᠵᠦᠮ ᠲᠡᠭᠦᠵᠦ | ᠠᠮᠢᠳᠤᠷᠠᠵᠦ ᠪᠠᠶᠢᠪᠠ︾ | ᠵᠠᠩ ᠲᠠᠳᠬᠠᠯ ᠤᠨ ᠰᠢᠨᠵᠢ ᠲᠡᠮᠳᠡᠭ᠄ | ︽ᠪᠤᠴᠠᠬᠤ ᠵᠦᠭ ᠪᠠᠷᠠᠭᠤᠨ ᠬᠤᠶᠢᠨ᠎ᠡ ᠶᠤᠮ ᠭᠡᠵᠦ ᠡᠮᠡᠭᠡᠯ ᠤᠨ ᠪᠦᠭᠦᠷᠭᠡ ᠪᠠᠨ ᠪᠠᠷᠠᠭᠤᠨ ᠬᠤᠶᠢᠰᠢ ᠬᠠᠨᠳᠤᠭᠤᠯᠵᠦ | ᠲᠠᠯᠪᠢᠳᠠᠭ︾ | ︽ᠲᠡᠭᠡᠳᠦ ᠶᠢᠨ ᠪᠤᠶᠠᠨᠳᠤ ᠨᠤᠲᠤᠭ ᠪᠠᠷᠠᠭᠤᠨ ᠬᠤᠶᠢᠨ᠎ᠡ ᠪᠠᠶᠢᠨ᠎ᠠ ᠭᠡᠵᠦ ᠲᠤᠭᠤᠭ᠎ᠠ ᠪᠠᠨ ᠪᠠᠷᠠᠭᠤᠨ ᠬᠤᠶᠢᠰᠢ ᠵᠦᠭ | ᠭᠡᠯᠵᠡᠶᠢᠯᠭᠡᠵᠦ ᠲᠠᠯᠪᠢᠳᠠᠭ︾ ᠡᠳᠡᠭᠡᠷ ᠪᠤᠯ ᠦᠵᠦᠮᠦᠴᠢᠨ ᠨᠡᠭᠦᠳᠡᠯᠴᠢᠳ ᠤᠨ ᠪᠠᠶᠢᠩᠭᠤ ᠶᠢᠨ ᠤᠯᠠᠮᠵᠢᠯᠠᠯ᠂ ᠦᠭᠡ | ᠶᠠᠷᠢᠶ᠎ᠠ ᠵᠠᠩ ᠦᠢᠯᠡ ᠳᠤᠨᠢ ᠭᠦᠨ ᠰᠢᠩᠭᠡᠭᠰᠡᠨ ᠪᠠᠶᠢᠳᠠᠭ᠃ | ᠲᠡᠤᠬᠡ ᠱᠠᠰᠳᠢᠷ ᠤᠨ ᠲᠡᠮᠳᠡᠭᠯᠡᠯ ᠪᠠᠷᠢᠮᠳᠠ᠄ | ︽ᠢᠯᠡᠳᠭᠡᠯ ᠱᠠᠰᠳᠢᠷ︾ ᠤᠨ ᠦᠵᠦᠮᠦᠴᠢᠨ ᠤ ᠪᠦᠯᠦᠭ ᠲᠤ ︽ᠶᠤᠸᠠᠨ ᠤᠯᠤᠰ ᠤᠨ ᠲᠠᠶᠢᠽᠦ ᠬᠠᠭᠠᠨ ᠤ ᠠᠷᠪᠠᠨ | ᠵᠢᠷᠭᠤᠳᠤᠭᠠᠷ ᠦᠶ᠎ᠡ ᠶᠢᠨ ᠠᠴᠢ ᠲᠦᠷᠦ ᠪᠤᠯᠤᠳ ᠬᠠᠩᠭᠠᠢ ᠠᠭᠤᠯᠠᠨ ᠠᠴᠠ ᠭᠤᠪᠢ ᠶᠢᠨ ᠡᠮᠦᠨ᠎ᠡ ᠡᠳᠡᠭᠡᠳ ᠲᠤᠷ | ᠨᠡᠭᠦᠵᠦ ᠨᠤᠲᠤᠭᠯᠠᠨ ᠰᠠᠭᠤᠵᠤᠬᠤᠢ︾ | ︽ᠴᠢᠩ ᠤᠯᠤᠰ ᠤᠨ ᠲᠡᠤᠬᠡ ᠶᠢᠨ ᠡᠬᠡ ᠪᠢᠴᠢᠭ︾ ᠳᠠᠬᠢ ᠦᠵᠦᠮᠦᠴᠢᠨ ᠤ ᠪᠦᠯᠦᠭ ᠲᠤ ︽ᠶᠤᠸᠠᠨ ᠲᠠᠶᠢᠽᠦ ᠶᠢᠨ | ᠠᠷᠪᠠᠨ ᠵᠢᠷᠭᠤᠳᠤᠭᠠᠷ ᠦᠶ᠎ᠡ ᠶᠢᠨ ᠦᠷ᠎ᠡ ᠠᠴᠢ ᠲᠦᠷᠦᠪᠤᠯᠤᠳ᠂ ᠬᠠᠩᠭᠠᠢ ᠠᠭᠤᠯᠠᠨ ᠠᠴᠠ ᠡᠮᠦᠨᠡᠰᠢ ᠨᠡᠭᠦᠵᠦ | ᠢᠷᠡᠬᠦ ᠳᠤ᠂ ᠬᠦᠪᠡᠭᠦᠨ ᠪᠤᠳᠢ ᠠᠯᠠᠭ ᠵᠠᠯᠭᠠᠮᠵᠢᠯᠠᠪᠠᠢ︾ ᠭᠡᠵᠦ ᠦᠵᠦᠮᠦᠴᠢᠨ ᠤ ᠠᠬᠠᠯᠠᠭᠴᠢ ᠲᠦᠷᠦᠪᠤᠯᠤᠳ ᠤᠨ | ᠦᠶ᠎ᠡ ᠪᠠ ᠲᠡᠭᠦᠨ ᠤ ᠨᠤᠲᠤᠭ ᠰᠠᠭᠤᠴᠠ᠂ ᠪᠤᠳᠠᠢ ᠠᠯᠠᠭ ᠠᠶᠢᠮᠠᠭ ᠤᠨ ᠠᠬᠠᠯᠠᠭᠴᠢ ᠶᠢ ᠵᠠᠯᠭᠠᠮᠵᠢᠯᠠᠭᠰᠠᠨ ᠵᠡᠷᠭᠡ ᠶᠢᠨ | ᠲᠠᠯ᠎ᠠ ᠪᠠᠷ ᠲᠤᠳᠤᠷᠬᠠᠢ ᠲᠡᠮᠳᠡᠭᠯᠡᠯ ᠲᠠᠢ ᠪᠠᠶᠢᠳᠠᠭ᠃ | ᠮᠤᠩᠭᠤᠯ ᠤᠯᠤᠰ ᠤᠨ ᠡᠷᠳᠡᠮᠳᠡᠨ ᠵ᠊᠂ ᠭᠤᠨᠴᠤᠭᠵᠠᠪ ᠬᠤᠨᠢᠨ ᠤ ᠲᠤᠬᠠᠢ ᠰᠤᠳᠤᠯᠬᠤ ᠳᠠᠭᠠᠨ ᠦᠵᠦᠮᠦᠴᠢᠨ | ᠠᠶᠢᠮᠠᠭ ᠤᠨ ᠲᠠᠯ᠎ᠠ ᠪᠠᠷ ᠰᠤᠷᠪᠤᠯᠵᠢᠯᠠᠵᠦ ᠲᠤᠳᠤᠯᠠᠭᠰᠠᠨ ᠪᠠᠶᠢᠪᠠ᠃ ᠲᠡᠷᠡ ︽ᠬᠤᠨᠢᠨ ᠤ ᠠᠵᠦ ᠠᠬᠤᠢ︾ ᠭᠡᠬᠦ | ᠨᠤᠮ ᠳᠠᠭᠠᠨ ︽ᠦᠵᠦᠮᠦᠴᠢᠨ ᠶᠠᠰᠤᠳᠠᠨ ᠨᠤᠭᠤᠳ ᠲᠡᠭᠡᠷ᠎ᠡ ᠦᠶ᠎ᠡ ᠳᠤ ᠪᠠᠷᠠᠭᠤᠨ ᠮᠤᠩᠭᠤᠯ ᠤᠨ ᠬᠤᠨᠢ ᠮᠠᠶᠢᠯᠠᠬᠤ᠂ | ᠲᠦᠷᠦᠭᠡ ᠬᠠᠩᠭᠢᠨᠠᠬᠤ᠂ ᠦᠵᠦᠮ ᠤᠨ ᠴᠠᠭᠠᠨ ᠠᠭᠤᠯᠠ ᠬᠡᠮᠡᠬᠦ ᠨᠤᠲᠤᠭ ᠢᠶᠠᠷ ᠨᠤᠲᠤᠭᠯᠠᠨ ᠠᠮᠢᠳᠤᠷᠠᠵᠦ ᠪᠠᠶᠢᠭᠠᠳ | ᠲᠤᠬᠠᠢ ᠶᠢᠨ ᠦᠶ᠎ᠡ ᠳᠤ ᠰᠢᠯᠵᠢᠨ ᠤᠳᠤ ᠶᠢᠨ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠲᠤ ᠪᠠᠷᠠᠭᠤᠨ | ᠵᠡᠭᠦᠨ ᠬᠤᠶᠠᠷ ᠬᠤᠰᠢᠭᠤ ᠪᠤᠯᠤᠨ ᠰᠠᠭᠤᠷᠢᠰᠢᠵᠡᠢ︾ ᠭᠡᠵᠦ ᠲᠤᠳᠤᠷᠠᠭᠤᠯᠤᠭᠰᠠᠨ ᠤ ᠬᠠᠮᠳᠤ ᠲᠦᠷᠦᠭᠡ | ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ᠂ ᠦᠵᠦᠮᠦᠴᠢᠨ ᠠᠭᠤᠯᠠ ᠵᠡᠷᠭᠡ ᠭᠠᠵᠠᠷ ᠤᠨ ᠪᠠᠶᠢᠷᠢᠰᠢᠯ ᠢ ᠶᠡᠭᠡ | ᠲᠦᠯᠦᠪ ᠨᠠᠷᠢᠨ ᠲᠤᠭᠠᠴᠠᠭᠰᠠᠨ ᠪᠠᠶᠢᠳᠠᠭ᠃ | ᠲᠡᠭᠡᠷᠡᠬᠢ ᠠᠮᠠᠨ ᠤᠯᠠᠮᠵᠢᠯᠠᠯ ᠠᠴᠠ ᠦᠵᠦᠮᠦᠴᠢᠨ ᠠᠶᠢᠮᠠᠭ ᠨᠢ ᠡᠷᠳᠡ ᠲᠡᠭᠡᠷ᠎ᠡ ᠦᠶ᠎ᠡ ᠳᠤ ᠠᠯᠳᠠᠢ — | ᠬᠠᠩᠭᠠᠢ — ᠭᠠᠯᠪᠠ ᠱᠠᠩᠬ᠎ᠠ ᠵᠡᠷᠭᠡ ᠭᠠᠵᠠᠷ ᠢᠶᠠᠷ ᠨᠡᠭᠦᠳᠡᠯᠯᠡᠨ ᠮᠠᠯᠵᠢᠵᠦ ᠪᠠᠶᠢᠭᠰᠠᠨ ᠢ ᠬᠠᠷᠠᠭᠤᠯᠵᠦ ᠪᠠᠶᠢᠬᠤ | ᠮᠦᠷᠳᠡᠭᠡᠨ ᠲᠡᠤᠬᠡ ᠳᠡᠮᠳᠡᠭᠯᠡᠯ ᠤᠨ ᠪᠠᠷᠢᠮᠳᠠ ᠪᠠᠷ ᠡᠭᠦᠨ ᠢ ᠨᠤᠳᠠᠯᠠᠵᠦ ᠪᠠᠶᠢᠨ᠎ᠠ᠃ | ᠬᠤᠶᠠᠷ᠂ ᠲᠡᠤᠬᠡᠨ ᠤᠷᠳᠤ ᠶᠢᠨ ᠲᠠᠭᠤᠤ ᠶᠢᠨ ᠤᠯᠠᠮᠵᠢᠯᠠᠭ᠎ᠠ | ᠲᠠᠭᠤᠤ ᠶᠢᠨ ᠠᠭᠤᠯᠭ᠎ᠠ᠄ | ᠦᠵᠦᠮᠦᠴᠢᠨ ᠠᠷᠠᠳ ᠤᠨ ᠲᠡᠤᠬᠡᠨ ᠰᠦᠯᠳᠡ ᠲᠠᠭᠤᠤ ︽ᠶᠡᠭᠡ ᠪᠤᠭᠳᠠ ᠪᠤᠯᠠᠭᠠᠨ ᠬᠠᠩᠭᠠᠢ︾ ᠭᠡᠬᠦ | ᠲᠠᠭᠤᠤ ᠶᠢᠨ ᠦᠭᠡ ᠳᠤ᠄ | ︽ᠶᠡᠭᠡ ᠪᠤᠭᠳᠠ ᠪᠤᠯᠠᠭᠠᠨ ᠬᠠᠩᠭᠠᠢ | ᠠᠭᠤᠵᠢᠮᠬᠠᠨ ᠲᠡᠨᠢᠭᠦᠨ ᠮᠠᠨ ᠤ ᠬᠠᠩᠭᠠᠢ | ᠠᠷᠤ ᠠᠷᠤ ᠳᠠᠭᠠᠨ ᠠᠯᠢᠮ᠎ᠠ ᠲᠠᠢ ᠬᠠᠩᠭᠠᠢ | ᠠᠯᠢᠮ᠎ᠠ ᠶᠢᠨ ᠰᠢᠮᠦᠰᠠᠢ ᠨᠢ ᠲᠡᠯᠭᠡᠷᠡᠭᠰᠡᠨ ᠬᠠᠩᠭᠠᠢ | ᠦᠪᠦᠷ ᠦᠪᠦᠷ ᠲᠡᠭᠡᠨ ᠦᠵᠦᠮ ᠲᠠᠢ ᠬᠠᠩᠭᠠᠢ | ᠦᠵᠦᠮ ᠤᠨ ᠰᠢᠮᠦᠰᠡᠢ ᠨᠢ ᠲᠡᠯᠭᠡᠷᠡᠭᠰᠡᠨ ᠬᠠᠩᠭᠠᠢ ᠁︾ ᠭᠡᠵᠦ ᠤᠶᠠᠩᠭᠠᠯᠠᠨ ᠲᠠᠭᠤᠯᠠᠵᠦ ᠤᠯᠠᠮᠵᠢᠯᠠᠨ | ᠦᠯᠡᠳᠡᠭᠡᠪᠡ᠃ ᠲᠤᠰ ᠲᠠᠭᠤᠤ ᠶᠢ ᠦᠵᠦᠮᠦᠴᠢᠨ ᠠᠬᠠᠯᠠᠭᠴᠢ ᠬᠠᠩᠭᠠᠢ ᠳᠤ ᠨᠤᠲᠤᠭᠯᠠᠵᠦ ᠪᠠᠶᠢᠬᠤ ᠳᠠᠭᠠᠨ ᠬᠠᠭᠠᠨ | ᠪᠠᠯᠭᠠᠰᠤ ᠳᠤ ᠮᠤᠷᠢᠯᠠᠬᠤ ᠳᠠᠭᠠᠨ ᠲᠠᠭᠤᠯᠠᠭᠰᠠᠨ ᠲᠠᠭᠤᠤ ᠭᠡᠵᠦ ᠶᠠᠷᠢᠭᠳᠠᠳᠠᠭ᠃ ᠲᠤᠰ ᠲᠠᠭᠤᠤ ᠶᠢ ᠵᠤᠬᠢᠶᠠᠭᠳᠠᠭᠰᠠᠨ | ᠴᠠᠭ ᠬᠤᠭᠤᠴᠠᠭ᠎ᠠ ᠶᠢᠨ ᠲᠠᠯ᠎ᠠ ᠠᠴᠠ ᠬᠡᠯᠡᠪᠡᠯ ᠬᠠᠩᠭᠠᠢ ᠨᠢᠷᠤᠭᠤ ᠪᠠᠷ ᠪᠠᠶᠢᠵᠦ ᠪᠠᠶᠢᠭᠠᠳ ᠭᠠᠯᠪᠠ ᠱᠠᠩᠬ᠎ᠠ ᠶᠢᠨ | ᠭᠤᠪᠢ ᠳᠤ ᠰᠢᠯᠵᠢᠬᠦ ᠳᠡᠭᠡᠨ ᠲᠠᠭᠤᠯᠠᠭᠳᠠᠭᠰᠠᠨ ᠨᠢ ᠲᠤᠲᠤᠷᠬᠠᠢ ᠮᠦᠷᠳᠡᠭᠡᠨ ᠭᠠᠵᠠᠷ ᠤᠰᠤᠨ ᠤ ᠪᠤᠳᠠᠳᠠᠢ ᠨᠡᠷᠡᠶᠢᠳᠦᠯ | ᠨᠢ ᠤᠳᠤ ᠪᠤᠯᠳᠠᠯ᠎ᠠ ᠬᠠᠳᠠᠭᠠᠯᠠᠭᠳᠠᠨ ᠪᠠᠶᠢᠬᠤ ᠠᠴᠠ ᠢᠯᠡᠳᠭᠡᠭᠳᠡᠵᠦ ᠪᠠᠶᠢᠨ᠎ᠠ᠃ | ᠬᠠᠩᠭᠠᠢ ᠨᠢᠷᠤᠭᠤ ᠪᠤᠯ ᠮᠤᠩᠭᠤᠯ ᠤᠯᠤᠰ ᠤᠨ ᠤᠳᠤ ᠶᠢᠨ ᠠᠷᠤ ᠬᠠᠩᠭᠠᠢ᠂ ᠪᠠᠶᠠᠬᠤᠩᠭᠤᠷ᠂ ᠵᠠᠪᠬᠠᠨ᠂ | ᠦᠪᠦᠷ ᠬᠠᠩᠭᠠᠢ ᠵᠡᠷᠭᠡ ᠠᠶᠢᠮᠠᠭ ᠤᠳ ᠤᠨ ᠨᠤᠲᠤᠭ ᠲᠡᠪᠢᠰᠭᠡᠷ ᠢᠶᠠᠷ ᠬᠦᠨᠳᠡᠯᠢᠳᠦᠨ ᠪᠠᠶᠢᠭ᠎ᠠ ᠠᠭᠤᠳᠠᠮ ᠪᠦᠭᠡᠳ | ᠤᠷᠳᠤ ᠨᠢᠷᠤᠭᠤ ᠪᠦᠬᠡᠳ ᠠᠭᠤᠯᠠᠰ ᠤᠨ ᠪᠦᠯᠦᠭᠯᠡᠯ ᠪᠤᠯᠤᠨ᠎ᠠ᠃ ᠬᠠᠩᠭᠠᠢ ᠨᠢᠷᠤᠭᠤ ᠠᠴᠠ ᠤᠷᠤᠭᠰᠢ ᠦᠷᠭᠡᠨ | ᠲᠠᠯ᠎ᠠ ᠳᠤ ᠪᠠᠶᠠᠠᠬᠤᠩᠭᠤᠷ ᠠᠶᠢᠮᠠᠭ ᠤᠨ ᠨᠤᠲᠤᠭ ᠤᠨ ᠵᠡᠭᠦᠨ ᠡᠮᠦᠨ᠎ᠡ ᠭᠡᠰᠡᠭ ᠲᠤ ︽ᠶᠡᠭᠡ ᠪᠤᠭᠳᠠ ᠠᠭᠤᠯᠠ︾ ᠭᠡᠬᠦ | ᠲᠠᠯᠠᠢ ᠶᠢᠨ ᠲᠦᠪᠰᠢᠨ ᠠᠴᠠ ᠲᠡᠭᠡᠭᠰᠢ 3957 ᠮᠧᠲᠷ ᠡᠷᠭᠦᠭᠳᠡᠵᠦ ᠪᠠᠶᠢᠭ᠎ᠠ ᠶᠡᠭᠡ ᠠᠭᠤᠯᠠ ᠪᠤᠢ᠂ ᠤᠶᠢᠷᠠᠯᠴᠠᠭ᠎ᠠ | ᠬᠤᠷᠮᠤᠢ ᠳᠤᠨᠢ ︽ᠤᠷᠤᠭ ᠨᠠᠭᠤᠷ︾ ᠮᠡᠯᠳᠡᠶᠢᠵᠦ᠂ ᠲᠤᠰ ᠨᠠᠭᠤᠷ ᠢ ᠠᠷᠪᠢᠵᠢᠭᠤᠯᠤᠨ ᠤᠨᠳᠤᠷᠠᠭᠤᠯᠵᠦ ᠪᠠᠶᠢᠭ᠎ᠠ | ᠬᠠᠩᠭᠠᠢ ᠨᠢᠷᠤᠭᠤ ᠠᠴᠠ ᠡᠬᠢ ᠠᠪᠤᠭᠰᠠᠨ ᠲᠦᠢ ᠶᠢᠨ ᠭᠤᠤᠯ ᠤᠨ ᠴᠢᠳᠬᠤᠯᠠᠩ ᠪᠤᠯᠤᠨ᠎ᠠ᠃ ᠬᠠᠩᠭᠠᠢ ᠨᠢᠷᠤᠭᠤ ᠶᠢᠨ | ᠵᠡᠭᠦᠨ ᠭᠡᠰᠡᠭ ᠪᠦᠭᠡᠳ ᠠᠷᠤ ᠬᠠᠩᠭᠠᠢ ᠠᠶᠢᠮᠠᠭ ᠤᠨ ᠨᠤᠲᠤᠭ ᠲᠤ ︽ᠪᠤᠯᠠᠭᠠᠨ ᠠᠭᠤᠯᠠ︾ ᠭᠡᠵᠦ ᠪᠠᠶᠢᠳᠠᠭ᠃ | ᠦᠵᠦᠮᠦᠴᠢᠨᠴᠤᠳ᠂ ᠲᠡᠭᠡᠷ᠎ᠡ ᠦᠶ᠎ᠡ ᠳᠡᠭᠡᠨ ᠡᠳᠡᠭᠡᠷ ᠨᠤᠲᠤᠭ ᠤᠰᠤᠨ ᠢᠶᠠᠨ ︽ᠶᠡᠭᠡ ᠪᠤᠭᠳᠠ — ᠪᠤᠯᠠᠭᠠᠨ | — ᠬᠠᠩᠭᠠᠢ︾ ᠭᠡᠵᠦ ᠲᠤᠮᠢᠶᠠᠯᠠᠭᠠᠳ ᠲᠠᠭᠤᠤ ᠡᠭᠡᠰᠢᠭ ᠢᠶᠠᠷ ᠢᠶᠠᠨ ᠬᠠᠳᠠᠭᠠᠯᠠᠨ ᠤᠯᠠᠮᠵᠢᠯᠠᠭᠰᠠᠨ ᠢᠶᠠᠷ ᠦᠯᠦ | ᠪᠠᠷᠠᠮ ᠦᠵᠦᠮᠦᠴᠢᠨ ᠠᠶᠢᠮᠠᠭ ᠤᠨ ᠰᠦᠯᠳᠡ ᠲᠠᠭᠤᠤ ᠪᠤᠯᠭᠠᠭᠰᠠᠨ ᠪᠠᠶᠢᠨ᠎ᠠ᠃ | ᠠᠯᠳᠠᠢ ᠨᠢᠷᠤᠭᠤ ᠪᠤᠯ ᠮᠤᠩᠭᠤᠯ ᠤᠯᠤᠰ ᠤᠨ ᠪᠠᠷᠠᠭᠤᠨ ᠵᠠᠬ᠎ᠠ ᠪᠠᠷ ᠪᠠᠶᠢᠷᠢᠰᠢᠵᠦ ᠪᠠᠶᠢᠳᠠᠭ ᠪᠦᠭᠡᠳ | ᠤᠳᠤ ᠶᠢᠨ ᠪᠠᠶᠠᠨ ᠦᠯᠦᠭᠡᠢ᠂ ᠬᠤᠪᠳᠤ᠂ ᠭᠤᠪᠢ ᠠᠯᠳᠠᠢ᠂ ᠡᠮᠦᠨᠡᠭᠤᠪᠢ ᠵᠡᠷᠭᠡ ᠠᠶᠢᠮᠠᠭ ᠤᠳ ᠤᠨ ᠨᠤᠲᠤᠭ ᠢᠶᠠᠷ | ᠬᠠᠷᠢᠶᠠᠯᠠᠭᠳᠠᠨ᠎ᠠ᠃ ᠠᠯᠳᠠᠢ ᠨᠢᠷᠤᠭᠤ ᠪᠠᠷ ᠠᠶᠠᠯᠠᠵᠦ ᠪᠠᠶᠢᠬᠤ ᠳᠤ ᠬᠤᠪᠳᠤ ᠠᠶᠢᠮᠠᠭ ᠤᠨ ᠨᠤᠲᠤᠭ ᠲᠤ ᠦᠵᠦᠮᠦᠴᠢᠨ | ᠠᠷᠠᠳ ᠤᠨ ᠲᠡᠤᠬᠡᠨ ᠲᠠᠭᠤᠤ ᠳᠤ ᠬᠤᠯᠪᠤᠭᠳᠠᠭᠰᠠᠨ ᠭᠠᠵᠠᠷ ᠤᠨ ᠨᠡᠷ᠎ᠡ ᠲᠤᠳᠤᠷᠬᠠᠢ ᠢᠯᠡᠷᠡᠵᠦ ᠪᠠᠶᠢᠪᠠ᠃ ᠬᠤᠪᠳᠤ | ᠬᠤᠳᠠ ᠠᠴᠠ ᠪᠠᠷᠠᠭᠤᠨ ᠡᠮᠦᠨᠡᠰᠢ ᠬᠤᠷᠢᠭᠠᠳ ᠭᠠᠵᠠᠷ ᠤᠨ ᠤᠷᠴᠢᠮ ᠳᠤ ︽ᠶᠡᠭᠡ ᠦᠯᠢ︾ ᠭᠡᠬᠦ ᠠᠭᠤᠯᠠᠷᠬᠠᠭ | ᠭᠠᠵᠠᠷ ᠪᠤᠢ ᠪᠦᠭᠡᠳ ᠲᠡᠭᠦᠨ ᠠᠴᠠ ᠤᠷᠤᠭᠰᠢ ᠤᠶᠢᠷᠠᠯᠴᠠᠭ᠎ᠠ ︽ᠦᠯᠢ ᠶᠢᠨ ᠲᠠᠪᠠᠭ᠎ᠠ︾ ᠭᠡᠵᠦ ᠦᠨᠳᠦᠷ ᠲᠠᠪᠠᠭ᠎ᠠ | ᠪᠠᠶᠢᠳᠠᠭ᠂ ᠲᠤᠰ ᠲᠠᠪᠠᠭ᠎ᠠ ᠠᠴᠠ ᠵᠡᠭᠦᠨᠰᠢ ᠴᠢᠭᠯᠡᠯ ᠳᠤ ︽ᠬᠤᠪᠳᠤ ᠶᠢᠨ ᠰᠢᠷᠡᠭᠡ︾ ᠭᠡᠬᠦ ᠡᠮᠦᠨᠡᠰᠢ ᠬᠤᠶᠢᠰᠢ | ᠤᠷᠳᠤᠯᠠᠭᠰᠠᠨ ᠲᠡᠪ ᠲᠡᠭᠰᠢᠭᠡᠨ ᠰᠢᠷᠡᠭᠡ ᠭᠡᠮᠡᠷᠭᠡᠨ ᠦᠨᠳᠦᠷ ᠨᠢᠷᠤᠭᠤ ᠪᠠᠶᠢᠨ᠎ᠠ᠂ ᠬᠤᠪᠳᠤ ᠬᠤᠳᠠ ᠠᠴᠠ ᠴᠡᠴᠡᠭ | ᠰᠤᠮᠤᠨ ᠳᠤ ᠶᠠᠪᠤᠬᠤ ᠵᠠᠮ ᠤᠨ ᠪᠠᠷᠠᠭᠤᠨ ᠲᠠᠯ᠎ᠠ ᠳᠤ ᠦᠵᠡᠭᠳᠡᠵᠦ ᠪᠠᠶᠢᠳᠠᠭ᠃ | ︽ᠦᠯᠢ ᠶᠢᠨ ᠲᠠᠪᠠᠭ᠎ᠠ︾ ᠭᠡᠬᠦ ᠲᠠᠭᠤᠤ ᠶᠢᠨ ᠠᠭᠤᠯᠭ᠎ᠠ᠄ | ︽ᠦᠯᠢ ᠶᠢᠨ ᠲᠠᠪᠠᠭ᠎ᠠ ᠨᠢ ᠦᠨᠳᠦᠷᠬᠡᠨ ᠳ᠋ᠠ ᠦᠨᠳᠦᠷᠬᠡᠨ | ᠦᠨᠳᠡᠬᠡᠨ ᠰᠢᠷᠭ᠎ᠠ ᠶᠢ ᠮᠢᠨᠢ ᠵᠢᠪᠡᠷᠡᠭᠡᠨᠡ ᠳ᠋ᠠ ᠵᠢᠪᠡᠷᠡᠭᠡᠨᠡ | ᠦᠪᠡᠷ ᠤᠨ ᠲᠤᠷ᠎ᠠ ᠪᠠᠷ ᠢᠶᠠᠨ ᠪᠤᠯᠤᠭᠠᠰᠠᠢ ᠳ᠋ᠠ | ᠦᠨᠵᠢᠭᠦᠳᠡ ᠯᠡ ᠬᠤᠨᠤᠭᠤᠳᠠ ᠪᠠᠷ | ᠨᠠᠶᠢᠷᠯᠠᠩᠬᠠᠨ ᠰᠠᠭᠤᠬᠤ ᠦᠭᠡᠢ ᠤᠤ ᠁ ︾ ᠭᠡᠵᠦ ᠲᠠᠭᠤᠯᠠᠳᠠᠭ᠃ | ᠦᠯᠢ ᠭᠡᠳᠡᠭ ᠦᠭᠡ ᠪᠤᠯ ᠲᠡᠭᠰᠢᠬᠡᠨ ᠬᠠᠷᠠᠭᠠᠨ ᠠᠴᠠ ᠨᠡᠯᠢᠶᠡᠳ ᠲᠡᠭᠡᠭᠦᠷ ᠬᠠᠷᠠᠬᠤ ᠦᠨᠳᠦᠷᠯᠢᠭ ᠭᠠᠵᠠᠷ ᠢ | ᠬᠡᠯᠡᠨ᠎ᠡ᠃ ᠦᠯᠢᠵᠦ ᠬᠠᠷᠠᠬᠤ ᠪᠠᠶᠢᠳᠠᠯ ᠭᠠᠷᠳᠠᠭ᠃ ︽ᠦᠯᠢ ᠶᠢᠨ ᠲᠠᠪᠠᠭ᠎ᠠ︾ ᠭᠡᠳᠡᠭ ᠨᠢ ᠦᠨᠳᠦᠷ ᠪᠦᠭᠡᠳ | ᠶᠡᠬᠡᠳᠡ ᠡᠷᠡᠰᠬᠦ ᠲᠠᠪᠠᠭ᠎ᠠ ᠶᠢ ᠨᠡᠷᠡᠯᠡᠭᠰᠡᠨ ᠲᠠᠭᠤᠳᠠᠯᠭ᠎ᠠ ᠪᠤᠯᠬᠤ ᠶᠤᠮ᠂ ᠡᠶᠢᠮᠦ ᠠᠴᠠ ᠦᠯᠢ ᠶᠢᠨ ᠲᠠᠪᠠᠭ᠎ᠠ | ᠦᠨᠳᠦᠷᠬᠡᠨ ᠪᠤᠯᠤᠭᠰᠠᠨ ᠪᠠ ᠮᠤᠷᠢ ᠬᠦᠷᠳᠡᠯ᠎ᠡ ᠲᠠᠪᠠᠭ᠋ᠤ ᠪᠠᠨ ᠬᠠᠯᠠᠰᠢᠷᠠᠳᠠᠭ ᠪᠠᠶᠢᠨ᠎ᠠ᠃ ᠵᠤᠬᠢᠶᠠᠭᠰᠠᠨ ᠬᠦᠮᠦᠨ ᠴᠤ | ᠲᠤᠰ ᠭᠠᠵᠠᠷ ᠤᠨ ᠤᠨᠴᠠᠯᠢᠭ ᠢᠶᠠᠷ ᠢᠶᠠᠨ ᠵᠦᠢᠷᠯᠡᠨ᠂ ᠠᠯᠤᠰ ᠵᠠᠮ ᠤᠨ ᠪᠡᠷᠬᠡ ᠳᠤ ᠠᠬ᠎ᠠ ᠲᠡᠭᠦᠤ ᠰᠠᠳᠤᠨ ᠠᠴᠠ ᠪᠠᠨ | ᠬᠤᠯᠠᠳᠠᠵᠦ ᠲᠦᠪᠳᠡᠬᠦ ᠦᠭᠡᠢ ᠪᠠᠶᠢᠭᠰᠠᠨ ᠪᠠ ᠦᠪᠡᠷ ᠤᠨ ᠡᠷᠬᠡ ᠴᠢᠯᠦᠭᠡ ᠲᠠᠢ ᠠᠮᠢᠳᠤᠷᠠᠯ ᠢᠶᠠᠨ ᠬᠦᠰᠡᠨ | ᠡᠷᠡᠮᠡᠯᠵᠡᠯᠡᠭᠰᠡᠨ ᠪᠠᠶᠢᠳᠠᠯ ᠢ ᠲᠤᠰᠬᠠᠵᠠᠢ᠃ | ︽ᠬᠢᠰᠭᠢᠳᠡᠯ ᠰᠠᠶᠢᠳᠦ ︾ ᠭᠡᠬᠦ ᠲᠠᠭᠤᠤ ᠶᠢᠨ ᠠᠭᠤᠯᠭ᠎ᠠ᠄ | ︽ᠬᠢᠰᠭᠢᠳᠡᠯ ᠰᠠᠶᠢᠳᠦ ᠦᠷᠢᠶᠡᠨ ᠵᠡᠭᠡᠷᠳᠡ ᠮᠤᠷᠢ ᠮᠢᠨᠢ | ᠢᠵᠢᠯᠢ ᠶᠢᠨ ᠢᠶᠠᠨ ᠬᠤᠶᠢᠬᠠᠨ ᠠᠴᠠ ᠴᠠᠪᠴᠢᠯᠠᠩᠬᠠᠨ ᠲᠡᠮᠦᠯᠡᠳᠡᠭ ᠶᠤᠮ ᠰᠢᠤ ᠳ᠋ᠠ | ᠬᠤᠶᠢᠰᠢ ᠪᠠᠨ ᠮᠤᠷᠳᠡᠯᠡ ᠰᠢᠤ ᠬᠤᠪᠳᠤ ᠶᠢᠨ ᠰᠢᠷᠡᠭᠡ ᠶᠢᠨ ᠬᠠᠷᠠᠴᠤᠳ ᠨᠢ | ᠬᠤᠩᠭᠤᠷ ᠤᠨ ᠢᠶᠠᠨ ᠬᠤᠶᠢᠨ᠎ᠠ ᠠᠴᠠ ᠭᠤᠨᠢᠭᠯᠠᠩᠬᠠᠨ ᠰᠠᠨᠠᠳᠠᠭ ᠯᠡ ᠶᠤᠮ ᠰᠢᠤ ᠳ᠋ᠠ ᠁ ︾ ᠭᠡᠵᠦ | ᠲᠠᠭᠤᠯᠠᠵᠦ ᠪᠠᠶᠢᠨ᠎ᠠ᠃ ᠡᠨᠡ ᠲᠠᠭᠤᠤ ᠨᠢ ᠦᠵᠦᠮᠦᠴᠢᠨᠴᠤᠳ ᠬᠤᠪᠳᠤ ᠶᠢᠨ ᠰᠢᠷᠡᠭᠡ ᠬᠡᠮᠡᠬᠦ ᠭᠠᠵᠠᠷ ᠠᠴᠠ | ᠴᠡᠷᠢᠭ ᠤᠨ ᠠᠯᠪᠠ ᠪᠤᠶᠤ ᠶᠡᠭᠡ ᠨᠡᠭᠦᠳᠡᠯ ᠤᠨ ᠴᠢᠬᠤᠯᠠᠴᠢᠯᠠᠭ᠎ᠠ ᠠᠴᠠ ᠰᠠᠯᠵᠦ ᠠᠮᠠᠷᠠᠭ ᠬᠤᠩᠭᠤᠷ᠂ ᠠᠶᠢᠯ | ᠡᠷᠦᠬᠡ ᠪᠠᠨ ᠰᠠᠨᠠᠵᠦ ᠮᠦᠷᠦᠭᠡᠳᠦᠭᠰᠡᠨ ᠲᠠᠭᠤᠤ ᠪᠤᠯᠬᠤ ᠨᠢ ᠢᠯᠡᠷᠬᠡᠢ᠃ | ᠲᠤᠰ ᠬᠤᠶᠠᠷ ᠲᠠᠭᠤᠤ ᠪᠤᠯ ᠪᠠᠷᠤᠭ ᠠᠯᠳᠠᠢ ᠤᠷᠤᠨ ᠠᠴᠠ ᠬᠠᠩᠭᠠᠢ ᠵᠦᠭ ᠨᠡᠭᠦᠨ ᠰᠢᠯᠵᠢᠭᠰᠡᠨ ᠤ ᠲᠠᠷᠠᠭ᠎ᠠ ᠪᠠᠷ | ᠵᠤᠬᠢᠶᠠᠭᠳᠠᠭᠰᠠᠨ ᠭᠡᠮᠡᠷ ᠠᠵᠢᠭᠯᠠᠭᠳᠠᠨ᠎ᠠ᠃ ᠡᠭᠦᠨ ᠠᠴᠠ ᠲᠡᠤᠬᠡᠨ ᠲᠠᠭᠤᠤ ᠪᠤᠯᠤᠨ ᠤᠳᠠᠭᠠᠨ ᠤᠨ ᠲᠠᠭᠤᠯᠠᠭᠳᠠᠨ | ᠤᠯᠠᠮᠵᠢᠯᠠᠭᠳᠠᠭᠰᠠᠨ ᠪᠠᠶᠢᠨ᠎ᠠ᠃ ᠲᠡᠤᠬᠡᠨ ᠤᠷᠳᠤ ᠶᠢᠨ ᠲᠠᠭᠤᠤ ᠪᠤᠯ ᠶᠠᠷᠢᠶᠠᠨ ᠦᠭᠡᠢ ᠲᠡᠤᠬᠡᠨ ᠲᠤᠷᠠᠰᠤᠮᠵᠢ ᠪᠤᠶᠤ | ᠲᠡᠮᠳᠡᠭᠯᠡᠯ ᠪᠠᠶᠢᠵᠦ᠂ ᠨᠢᠭᠡᠨ ᠠᠶᠢᠮᠠᠭ ᠪᠦᠯᠦᠭ ᠤᠨ ᠲᠡᠤᠬᠡᠨ ᠦᠩᠭᠡᠷᠡᠯᠳᠡ ᠶᠢ ᠰᠢᠪᠡᠨᠡᠵᠦ ᠪᠠᠶᠢᠬᠤ ᠶᠢ ᠮᠡᠳᠡᠵᠦ | ᠪᠤᠯᠤᠨ᠎ᠠ᠂ ᠲᠡᠷᠡ ᠮᠦᠷᠳᠡᠭᠡᠨ ᠡᠳᠡᠭᠡᠷ ᠠᠶᠠᠯᠠᠭᠤ ᠲᠠᠭᠤᠤ ᠨᠢ ᠮᠠᠰᠢ ᠴᠢᠬᠤᠯᠠ ᠰᠤᠳᠤᠯᠭᠠᠨ ᠤ ᠦᠷᠳᠡᠭ ᠲᠠᠢ | ᠦᠨᠡᠯᠡᠰᠢ ᠦᠭᠡᠢ ᠰᠤᠶᠤᠯ ᠤᠨ ᠦᠪ ᠪᠤᠯᠬᠤ ᠶᠤᠮ᠃ ᠦᠵᠦᠮᠦᠴᠢᠨ ᠠᠮᠠᠨ ᠤᠯᠠᠮᠵᠢᠯᠠᠯ ᠪᠤᠯᠤᠨ ᠲᠡᠤᠬᠡᠨ | ᠤᠷᠳᠤ ᠶᠢᠨ ᠲᠠᠭᠤᠤ ᠶᠢᠨ ᠠᠭᠤᠯᠭ᠎ᠠ ᠵᠤᠷᠢᠯᠳᠡ ᠠᠴᠠ ᠰᠢᠨᠵᠢᠪᠡᠯ ᠪᠦᠷ ᠯᠡ ᠲᠡᠤᠬᠡᠨ ᠭᠠᠵᠠᠷ ᠤᠰᠤᠨ ᠤ | ᠲᠤᠷᠠᠰᠤᠮᠵᠢ ᠪᠦᠭᠡᠳ ᠤᠯᠠ ᠮᠦᠷ ᠤᠨ ᠲᠠᠯ᠎ᠠ ᠠᠴᠠ ᠦᠵᠡᠪᠡᠯ ᠶᠠᠭᠠᠬᠢᠨ ᠠᠷᠭ᠎ᠠ ᠦᠭᠡᠢ ᠨᠢᠭᠡᠳᠦᠯᠳᠡᠢ ᠪᠠᠶᠢᠳᠠᠭ᠂ | ᠡᠶᠢᠮᠦ ᠠᠴᠠ ᠪᠢᠳᠡ ᠡᠷᠳᠡ ᠲᠡᠭᠡᠳᠦᠰ ᠠᠴᠠ ᠦᠪᠯᠡᠭᠰᠡᠨ ᠠᠮᠠᠨ ᠤᠯᠠᠮᠵᠢᠯᠠᠯ ᠪᠤᠯᠤᠨ ᠠᠷᠠᠳ ᠤᠨ ᠤᠷᠳᠤ ᠶᠢᠨ | ᠲᠠᠭᠤᠤ ᠶᠢᠨ ᠢᠶᠠᠨ ᠲᠡᠤᠬᠡᠨ ᠮᠦᠨ ᠴᠢᠨᠠᠷ ᠢ ᠰᠤᠳᠤᠯᠵᠦ᠂ ᠦᠨᠡᠨ ᠤ ᠲᠡᠭᠡᠳᠦ ᠶᠤᠮ ᠭᠡᠵᠦ ᠢᠳᠡᠭᠡᠵᠦ ᠤᠷᠤᠢ ᠶᠢᠨ | ᠴᠢᠮᠡᠭ ᠪᠤᠯᠭᠠᠬᠤ ᠳᠠᠭᠠᠨ ᠲᠠᠭᠠᠷᠠᠨ᠎ᠠ᠃ ᠦᠵᠦᠮᠦᠴᠢᠨ ᠲᠡᠤᠬᠡ ᠰᠤᠳᠤᠯᠠᠭᠠᠴᠢᠳ ᠮᠠᠨᠢ ᠬᠡᠳᠦᠨ ᠵᠠᠭᠤᠨ ᠵᠢᠯ ᠢᠶᠠᠷ | ᠡᠪᠦᠭᠡ ᠲᠡᠭᠡᠳᠦᠰ ᠤᠳ ᠮᠠᠨᠢ ᠬᠤᠳᠠᠯ ᠶᠡᠷᠦ ᠶᠠᠷᠢᠭ᠎ᠠ ᠦᠭᠡᠢ᠂ ᠬᠤᠭᠤᠰᠤᠨ ᠶᠠᠭᠤᠮ᠎ᠠ ᠤᠯᠠᠮᠵᠢᠯᠠᠭ᠎ᠠ ᠦᠭᠡᠢ | ᠭᠡᠳᠡᠭ ᠲᠤ ᠢᠳᠡᠭᠡᠯᠳᠡᠢ ᠪᠠᠶᠢᠬᠤ ᠬᠡᠷᠡᠭᠳᠡᠢ᠃ | ᠭᠤᠷᠪᠠ ᠲᠡᠤᠭᠡ ᠲᠡᠮᠳᠡᠭᠯᠡᠯ ᠤᠨ ᠡᠰᠢᠯᠡᠯ ᠢᠶᠠᠷ ᠦᠵᠦᠮᠦᠴᠢᠨ ᠤ ᠨᠡᠭᠦᠳᠡᠯ ᠢ ᠵᠢᠱᠢᠬᠦ ᠨᠢ | ︽ᠴᠢᠩ ᠤᠯᠤᠰ ᠤᠨ ᠲᠡᠤᠬᠡ ᠶᠢᠨ ᠡᠬᠢ ᠪᠢᠴᠢᠭ︾ ᠳᠠᠬᠢ ᠦᠵᠦᠮᠦᠴᠢᠨ ᠤ ᠪᠦᠯᠦᠭ ᠲᠤ ︽᠁ | ᠲᠦᠷᠦᠪᠤᠯᠤᠳ ᠬᠠᠩᠭᠠᠢ ᠠᠭᠤᠯᠠᠨ ᠠᠴᠠ ᠡᠮᠦᠨᠡᠰᠢ ᠨᠡᠭᠦᠵᠦ ᠢᠷᠡᠬᠦ ᠳᠤ᠂ ᠪᠤᠳᠢ ᠠᠯᠠᠭ ᠵᠠᠯᠭᠠᠮᠵᠢᠯᠠᠪᠠ︾ ᠭᠡᠵᠦ ︽ | ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾ ᠳᠤ ︽᠁ ᠲᠦᠷᠦᠪᠤᠯᠤᠤᠳ ᠬᠠᠩᠭᠠᠢ ᠠᠭᠤᠯᠠᠨ ᠠᠴᠠ | ᠭᠤᠪᠢ ᠳᠤᠷ ᠰᠢᠯᠵᠢᠵᠦ ᠮᠠᠯᠵᠢᠨ ᠰᠠᠭᠤᠪᠠᠢ︾ ᠭᠡᠵᠦ ᠲᠡᠮᠳᠡᠭᠯᠡᠵᠦ ᠪᠠᠶᠢᠳᠠᠭ᠃ ᠡᠳᠡᠭᠡᠷ ᠲᠡᠤᠬᠡᠨ ᠲᠡᠮᠳᠡᠭᠯᠡᠯ ᠤᠳ ᠢ | ᠨᠢᠭᠳᠠᠯᠠᠪᠠᠯ᠂ ᠲᠦᠷᠦᠪᠤᠯᠤᠳ ᠤᠨ ᠦᠶ᠎ᠡ ᠳᠤ ᠦᠵᠦᠮᠦᠴᠢᠨ ᠠᠶᠢᠮᠠᠭ ᠨᠢ ᠬᠠᠩᠭᠠᠢ ᠨᠢᠷᠤᠭᠤ ᠠᠴᠠ ᠭᠤᠪᠢ ᠳᠤ | ᠮᠠᠯᠵᠢᠨ ᠰᠠᠭᠤᠭᠰᠠᠨ ᠨᠢ ᠲᠤᠲᠤᠷᠬᠠᠢ ᠪᠤᠯᠪᠠᠴᠤ᠂ ᠭᠤᠪᠢ ᠶᠢᠨ ᠡᠮᠦᠨᠡᠬᠢ ᠡᠪᠡᠰᠤᠳᠤ ᠲᠠᠯ᠎ᠠ ᠳᠤ ᠢᠷᠡᠵᠦ ᠨᠡᠭᠦᠳᠡᠯᠯᠡᠨ | ᠮᠠᠯᠵᠢᠭᠰᠠᠨ ᠨᠢ ᠪᠤᠳᠢ ᠠᠯᠠᠭ ᠤᠨ ᠦᠶ᠎ᠡ ᠭᠡᠰᠡᠨ ᠤᠬᠠᠭᠳᠠᠬᠤᠨ ᠪᠤᠯᠵᠦ ᠲᠠᠭᠠᠷᠠᠨ᠎ᠠ᠃ ᠡᠭᠦᠨ ᠤ ᠤᠴᠢᠷ ᠨᠢ ︽ | ᠬᠠᠩᠭᠠᠢ ᠠᠭᠤᠯᠠᠨ ᠠᠴᠠ ᠨᠡᠭᠦᠵᠦ ᠢᠷᠡᠬᠦ ᠳᠤ ᠪᠤᠳᠢ ᠠᠯᠠᠭ ᠵᠠᠯᠭᠠᠮᠵᠢᠯᠠᠭᠰᠠᠨ︾ ᠲᠡᠮᠳᠡᠭᠯᠡᠯ ᠰᠢᠭᠤᠳ ᠲᠤᠰᠬᠠᠵᠦ | ᠪᠠᠶᠢᠨ᠎ᠠ᠃ ᠭᠤᠪᠢ ᠳᠤ ᠮᠠᠯᠵᠢᠨ ᠰᠠᠭᠤᠯ᠎ᠠ ᠭᠡᠳᠡᠭ ᠨᠢ ᠤᠳᠤ ᠶᠢᠨ ᠮᠤᠩᠭᠤᠯ ᠤᠯᠤᠰ ᠤᠨ ᠡᠮᠦᠨᠡᠭᠤᠪᠢ ᠠᠶᠢᠮᠠᠭ ᠤᠨ | ᠡᠮᠦᠨ᠎ᠡ ᠪᠡᠶ᠎ᠡ ᠪᠠᠷ ᠪᠠᠶᠢᠷᠢᠰᠢᠵᠦ ᠪᠠᠶᠢᠭ᠎ᠠ ᠱᠠᠩᠬ᠎ᠠ ᠶᠢᠨ ᠨᠢᠷᠤᠭᠤ ᠶᠢ ᠲᠦᠰᠢᠭᠯᠡᠭᠰᠡᠨ ︽ᠭᠠᠯᠪᠠ ᠶᠢᠨ ᠭᠤᠪᠢ︾ | ᠤᠷᠴᠢᠮ ᠤᠨ ᠭᠠᠵᠠᠷ ᠤᠷᠤᠨ ᠢ ᠵᠢᠭᠠᠵᠦ ᠪᠤᠢ᠃ ᠡᠨᠡ ᠨᠢ ᠦᠵᠦᠮᠦᠴᠢᠨ ᠤᠯᠠᠮᠵᠢᠯᠠᠯ ᠶᠠᠷᠢᠶᠠᠨ ᠤ ︽ᠭᠠᠭᠴᠠ | ᠪᠦᠬᠦᠳᠦ ᠲᠡᠮᠡᠭᠡ ᠲᠠᠢ ᠭᠠᠯᠪᠠ ᠱᠠᠩᠬ᠎ᠠ ᠶᠢᠨ ᠭᠤᠪᠢ ᠠᠴᠠ ᠨᠡᠭᠦᠵᠦ ᠢᠷᠡᠭᠰᠡᠨ︾ ᠲᠠᠢ ᠠᠮᠠ ᠰᠡᠭᠡᠷ ᠵᠤᠯᠭᠠᠵᠦ | ᠪᠠᠶᠢᠳᠠᠭ᠃ ᠦᠵᠦᠮᠦᠴᠢᠨ ᠠᠶᠢᠮᠠᠭ᠂ ᠤᠷᠤᠨᠰᠢᠨ ᠰᠠᠭᠤᠵᠦ ᠪᠠᠶᠢᠭᠰᠠᠨ ᠤᠤᠭᠠᠯ ᠨᠤᠲᠤᠭ ᠢᠶᠠᠨ ᠭᠠᠵᠠᠷ ᠤᠰᠤᠨ ᠤ | ᠤᠨᠴᠠᠭᠠᠢ ᠨᠡᠷᠡᠶᠢᠳᠦᠯ ᠢᠶᠠᠷ ᠲᠤᠮᠢᠶᠠᠯᠠᠨ ᠡᠭᠡᠰᠢᠭ ᠤᠶᠠᠩᠭ᠎ᠠ ᠪᠤᠯᠭᠠᠵᠦ᠂ ᠲᠡᠤᠬᠡᠨ ᠤᠯᠠ ᠮᠦᠷ ᠢᠶᠠᠨ ᠲᠤᠷᠠᠶᠢᠯᠭᠠᠨ | ᠦᠯᠡᠳᠡᠭᠡᠭᠰᠡᠨ ᠨᠢ ᠬᠠᠴᠢᠷᠬᠠᠯᠳᠠᠢ ᠪᠦᠭᠡᠳ ᠶᠡᠭᠡ ᠰᠤᠳᠤᠯᠭᠠᠨ ᠤ ᠦᠷᠳᠡᠭ ᠲᠠᠢ ᠶᠤᠮ᠃ ᠲᠡᠤᠬᠡ ᠶᠢᠨ ᠦᠨᠡᠨ ᠪᠤᠯ | ᠭᠡᠵᠢᠶᠡᠳᠡ ᠮᠦᠩᠭᠡ ᠰᠠᠶᠢᠬᠠᠨ ᠢᠶᠠᠷ ᠢᠶᠠᠨ ᠪᠠᠶᠢᠳᠠᠭ᠂ ᠡᠪᠡᠰᠦᠳᠦ ᠲᠠᠯ᠎ᠠ ︵ᠦᠪᠦᠷ ᠮᠤᠩᠭᠤᠯ ᠤᠨ ᠵᠡᠭᠦᠨ ᠲᠠᠯ᠎ᠠ︶ | ᠳᠤ ᠢᠷᠡᠭᠡᠳ ᠲᠠᠪᠤᠨ ᠵᠠᠭᠤᠨ ᠤᠨ ᠪᠤᠯᠤᠭᠰᠠᠨ ᠲᠡᠤᠬᠡᠨ ᠤᠷᠳᠤ ᠬᠤᠭᠤᠴᠠᠭ᠎ᠠ ᠳᠤ ᠦᠵᠦᠮᠦᠴᠢᠨ ᠠᠶᠢᠮᠠᠭ ᠤᠨ | ᠶᠡᠭᠡ ᠨᠡᠭᠦᠳᠡᠯ ᠰᠢᠯᠵᠢᠯ ᠢ ᠲᠤᠤᠷᠠᠬᠢ ᠮᠡᠳᠦ ᠲᠤᠮᠢᠶᠠᠯᠠᠨ ᠵᠠᠭᠪᠤᠷᠢᠯᠠᠵᠦ ᠪᠤᠯᠤᠨ᠎ᠠ᠃ | ︵1︶᠂ ᠠᠯᠳᠠᠢ ᠤᠷᠤᠨ ᠢᠶᠠᠷ ᠨᠤᠲᠤᠭᠯᠠᠵᠦ ᠪᠠᠶᠢᠬᠤ ᠳᠠᠭᠠᠨ ︽ᠠᠯᠳᠠᠢ ᠶᠢᠨ ᠦᠵᠦᠮ ᠤᠨ ᠴᠠᠭᠠᠨ | ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ︾ ᠵᠡᠷᠭᠡ ᠤᠨᠴᠠᠭᠠᠢ ᠨᠡᠷᠡᠳᠦ ᠭᠠᠵᠠᠷ | ᠤᠰᠤᠨ ᠤ ᠨᠡᠷᠡᠶᠢᠳᠦᠯ ᠢᠶᠠᠷ ᠲᠤᠮᠢᠶᠠᠯᠠᠨ ᠤᠯᠠᠮᠵᠢᠯᠠᠪᠠ᠃ ᠡᠨᠡ ᠨᠢ ᠪᠠᠷᠤᠭ 13 ᠳ᠋ᠤᠭᠠᠷ ᠵᠠᠭᠤᠨ ᠠᠴᠠ ᠠᠷᠪᠠᠨ | ᠲᠦᠷᠪᠡᠳᠦᠭᠡᠷ ᠵᠠᠭᠤᠨ ᠤ ᠰᠡᠭᠦᠯᠴᠢ ᠪᠠᠶᠢᠵᠦ ᠮᠠᠳᠠᠨ᠎ᠠ᠃ | ︵2︶᠂ ᠬᠠᠩᠭᠠᠢ ᠨᠢᠷᠤᠭᠤ ᠪᠠᠷ ᠮᠠᠯᠵᠢᠨ ᠰᠠᠭᠤᠵᠦ ᠪᠠᠶᠢᠬᠤ ᠳᠠᠭᠠᠨ ︽ᠶᠡᠭᠡ ᠪᠤᠭᠳᠠ — ᠪᠤᠯᠠᠭᠠᠨ | — ᠬᠠᠩᠭᠠᠢ︾ ᠵᠡᠷᠭᠡ ᠭᠠᠵᠠᠷ ᠢᠶᠠᠷ ᠨᠡᠷᠡᠶᠢᠳᠦᠨ ᠲᠤᠮᠢᠶᠠᠯᠠᠭᠠᠳ ᠲᠠᠭᠤᠤ ᠵᠤᠬᠢᠶᠠᠨ ᠠᠯᠳᠠᠷᠰᠢᠭᠤᠯᠤᠨ | ᠤᠯᠠᠮᠵᠢᠯᠠᠪᠠ᠃ ᠡᠨᠡ ᠨᠢ ᠪᠠᠷᠤᠭ 14 ᠳ᠋ᠤᠭᠠᠷ ᠵᠠᠭᠤᠨ ᠤ ᠰᠡᠭᠦᠯᠴᠢ ᠠᠴᠠ ᠠᠷᠪᠠᠨ ᠲᠠᠪᠤᠳᠤᠭᠠᠷ ᠵᠠᠭᠤᠨ ᠤ | ᠰᠡᠭᠦᠯᠴᠢ ᠦᠶ᠎ᠡ ᠪᠤᠯᠤᠨ᠎ᠠ | ︵3︶᠂ ᠭᠤᠪᠢ ᠪᠠᠷ ᠨᠡᠭᠦᠳᠡᠯᠯᠡᠨ ᠠᠮᠢᠳᠤᠷᠠᠬᠤ ᠳᠠᠭᠠᠨ ︽ᠭᠠᠯᠪᠠ — ᠱᠠᠩᠬ᠎ᠠ ᠶᠢᠨ ᠭᠤᠪᠢ ᠠᠴᠠ | ᠭᠠᠭᠴᠠ ᠪᠦᠬᠦᠳᠦ ᠲᠡᠮᠡᠭᠡᠳ ᠲᠠᠢ ᠢᠷᠡᠯ᠎ᠡ︾ ᠭᠡᠬᠦ ᠠᠮᠠᠨ ᠤᠯᠠᠮᠵᠢᠯᠠᠯ ᠦᠯᠡᠳᠡᠭᠡᠪᠡ᠃ ᠡᠨᠡ ᠨᠢ 15 ᠵᠠᠭᠤᠨ ᠤ | ᠰᠡᠭᠦᠯᠴᠢ ᠠᠴᠠ ᠠᠷᠪᠠᠨ ᠵᠢᠷᠭᠤᠳᠤᠭᠠᠷ ᠵᠠᠭᠤᠨ ᠤ ᠡᠬᠢᠨ ᠤ ᠦᠶ᠎ᠡ ᠪᠠᠶᠢᠵᠦ ᠲᠠᠭᠠᠷᠨᠠ᠃ | ᠲᠡᠭᠡᠷᠡᠬᠢ ᠰᠢᠨᠵᠢᠯᠡᠭᠡᠨ ᠠᠴᠠ ᠦᠵᠦᠮᠦᠴᠢᠨ ᠠᠶᠢᠮᠠᠭ ᠤᠨ ᠲᠡᠭᠡᠳᠦᠰ ᠤᠨ ᠦᠶ᠎ᠡ ᠦᠶ᠎ᠡ ᠶᠢᠨ ᠠᠮᠠᠨ | ᠤᠯᠠᠮᠵᠢᠯᠠᠯ ᠨᠢ ᠦᠯᠢᠭᠡᠷ ᠲᠤᠮᠤᠭ ᠪᠢᠰᠢ ᠬᠠᠷᠢᠨ ᠦᠨᠡᠨ ᠪᠤᠳᠠᠳᠠᠢ ᠨᠡᠭᠦᠳᠡᠯ ᠮᠠᠯᠵᠢᠯ ᠤᠨ ᠨᠤᠲᠤᠭ ᠤᠰᠤᠨ ᠢᠶᠠᠨ | ᠲᠡᠤᠬᠡᠨ ᠴᠠᠭ ᠦᠶ᠎ᠡ ᠪᠠᠷ ᠲᠤᠳᠤᠷᠬᠠᠶᠢᠯᠠᠨ ᠵᠢᠷᠤᠭᠯᠠᠭᠰᠠᠨ ᠪᠠᠶᠢᠨ᠎ᠠ ᠭᠡᠳᠡᠭ ᠢ ᠤᠶᠢᠯᠠᠭᠠᠵᠦ ᠪᠤᠯᠤᠨ᠎ᠠ᠃ | ᠦᠵᠦᠮᠦᠴᠢᠨ ᠬᠦᠮᠦᠨ ᠲᠡᠤᠬᠡᠨ ᠠᠴᠠ ᠪᠠᠨ ᠠᠪᠤᠭᠠᠳ ᠤᠢ ᠪᠢᠯᠢᠭ ᠢᠶᠠᠷ ᠬᠡᠨ ᠠᠴᠠ ᠴᠤ ᠤᠷᠤᠶᠢᠯᠠᠵᠦ᠂ ᠤᠷᠴᠢᠯᠠᠩ | ᠲᠡᠯᠡᠬᠡᠢ ᠶᠢᠨ ᠠᠭᠤᠳᠠᠮ ᠭᠡᠳᠡᠭ ᠢ ᠬᠡᠨ ᠠᠴᠠ ᠴᠤ ᠤᠷᠢᠳᠠᠵᠦ ᠰᠡᠷᠡᠭᠰᠡᠨ ᠠᠴᠠ ᠮᠤᠩᠭᠤᠯ ᠨᠡᠭᠦᠳᠡᠯ ᠮᠠᠯᠵᠢᠯ ᠤᠨ | ᠭᠠᠷᠮᠠᠭᠠᠢ ᠪᠡᠶᠡᠯᠡᠭᠦᠯᠦᠭᠴᠢ᠂ ᠮᠤᠷᠢᠳᠠᠨ ᠦᠨᠳᠦᠰᠦᠳᠡᠨ ᠤ ᠠᠮᠢᠳᠤᠷᠠᠯ ᠵᠠᠩ ᠦᠢᠯᠡ ᠶᠢᠨ ᠰᠤᠳᠤᠨ ᠠᠶᠢᠮᠠᠭ ᠪᠦᠯᠦᠭ | ᠪᠤᠯᠵᠦ ᠴᠢᠳᠠᠭᠰᠠᠨ ᠪᠠᠶᠢᠨ᠎ᠠ᠃ | ᠲᠠᠪᠤ ᠦᠵᠦᠮᠦᠴᠢᠨ ᠤ ᠲᠤᠮᠤᠭᠳᠤ ᠤᠯᠠᠮᠵᠢᠯᠠᠯ ᠤᠨ ᠦᠨᠡᠨ ᠲᠦᠷᠬᠦ | — ᠵᠡᠭᠦᠨ ᠦᠵᠦᠮᠦᠴᠢᠨ ᠬᠤᠰᠢᠭᠤᠨ ᠤ ᠬᠤᠶᠠᠳᠡᠬᠢ ᠤᠳᠠᠭᠠᠨ ᠤ | ᠤᠤᠭᠠᠯ ᠨᠤᠲᠤᠭ ᠢᠶᠠᠨ ᠬᠠᠶᠢᠨ ᠰᠢᠨᠵᠢᠯᠡᠭᠰᠡᠨ ᠦᠩᠭᠡᠷᠡᠯᠳᠡ | ᠵᠡᠭᠦᠨ ᠦᠵᠦᠮᠦᠴᠢᠨ ᠬᠤᠰᠢᠭᠤᠨ ᠤ ᠤᠤᠭᠠᠯ ᠨᠤᠲᠤᠭ ᠢᠶᠠᠨ ᠬᠠᠶᠢᠨ ᠰᠢᠨᠵᠢᠯᠡᠬᠦ ᠬᠤᠶᠠᠳᠡᠬᠢ ᠠᠶᠠᠯᠠᠯ | 2008 ᠤᠨ ᠤ 8 ᠰᠠᠷ᠎ᠠ ᠶᠢᠨ 27 ᠡᠳᠦᠷ ᠠᠴᠠ 9 ᠰᠠᠷ᠎ᠠ ᠶᠢᠨ 19 ᠡᠳᠦᠷ ᠬᠦᠷᠳᠡᠯ᠎ᠡ ᠶᠠᠪᠤᠭᠳᠠᠵᠠᠢ᠃ ᠬᠠᠶᠢᠨ | ᠰᠢᠨᠵᠢᠯᠡᠯᠳᠡ ᠨᠢ ᠦᠵᠦᠮᠦᠴᠢᠨ ᠤ ᠠᠯᠳᠠᠷᠳᠤ ᠲᠡᠤᠬᠡᠨ ᠠᠮᠠᠨ ᠤᠯᠠᠮᠵᠢᠯᠠᠯ ᠳᠠᠬᠢ ᠠᠯᠳᠠᠢ — ᠬᠠᠩᠭᠠᠢ ᠶᠢᠨ | ᠦᠵᠦᠮ ᠤᠨ ᠴᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ ᠵᠡᠷᠭᠡ ᠭᠠᠵᠠᠷ | ᠤᠷᠤᠨ ᠢᠶᠠᠷ ᠨᠤᠲᠤᠭᠯᠠᠵᠦ ᠪᠠᠶᠢᠭᠰᠠᠨ ᠭᠡᠬᠦ ᠪᠠᠷᠤᠭ ᠲᠠᠪᠤᠨ ᠵᠠᠭᠤᠨ ᠵᠢᠯ ᠤᠨ ᠡᠮᠦᠨᠡᠬᠢ ᠲᠡᠤᠬᠡ ᠶᠢᠨ ᠦᠨᠡᠨ ᠢ | ᠨᠤᠳᠠᠯᠠᠬᠤ ᠪᠠᠷ ᠵᠤᠷᠢᠭᠤᠯᠤᠯᠳᠠ ᠪᠤᠯᠭᠠᠭᠰᠠᠨ ᠶᠤᠮ᠃ | ᠦᠵᠦᠮᠦᠴᠢᠨ ᠠᠶᠢᠮᠠᠭ ᠤᠨ ᠠᠮᠠᠨ ᠤᠯᠠᠮᠵᠢᠯᠠᠯ ᠤᠨ ᠦᠨᠡᠨ ᠲᠦᠷᠬᠦ ᠶᠢ ᠢᠯᠡᠷᠡᠭᠦᠯᠦᠨ ᠨᠤᠳᠠᠯᠠᠬᠤ ᠪᠤᠯ | ᠦᠵᠦᠮᠦᠴᠢᠨ ᠤ ᠲᠡᠤᠬᠡ ᠰᠤᠶᠤᠯ ᠤᠨ ᠠᠵᠢᠯ ᠢ ᠠᠬᠢᠭᠤᠯᠬᠤ ᠪᠠ ᠮᠤᠩᠭᠤᠯ ᠤᠨ ᠦᠨᠳᠦᠷᠯᠢᠭ ᠠᠯᠳᠠᠢ ᠤᠷᠤᠨ ᠲᠠᠢ | ᠶᠠᠪᠤᠯᠴᠠᠬᠤ ᠰᠤᠶᠤᠯ ᠤᠨ ᠰᠤᠯᠢᠯᠴᠠᠭ᠎ᠠ ᠶᠢ ᠬᠦᠭᠵᠢᠭᠦᠯᠬᠦ ᠳᠤ ᠴᠢᠬᠤᠯᠠ ᠶᠡᠭᠡ ᠠᠴᠢ ᠬᠤᠯᠪᠤᠭᠳᠠᠯ ᠲᠠᠢ ᠶᠤᠮ᠃ | 2006 ᠤᠨ ᠳᠤ ᠪᠤᠯᠤᠭᠰᠠᠨ ᠠᠩᠬᠠᠳᠤᠭᠠᠷ ᠤᠳᠠᠭᠠᠨ ᠤ ᠬᠠᠶᠢᠨ ᠰᠢᠨᠵᠢᠯᠡᠯᠳᠡ ᠪᠠᠷ ᠮᠤᠩᠭᠤᠯ ᠤᠯᠤᠰ ᠤᠨ | ᠪᠠᠶ᠋ᠬᠠᠦ᠋ᠯᠦᠭᠡᠢ ᠠᠶᠢᠮᠠᠭ ᠤᠨ ᠰᠠᠭᠰᠠᠢ᠂ ᠠᠯᠳᠠᠢ ᠵᠡᠷᠭᠡ ᠰᠤᠮᠤᠨ ᠳᠤ ᠴᠠᠭᠠᠨ ᠠᠭᠤᠯᠠ — ᠲᠦᠷᠦᠭᠡ | ᠬᠠᠩᠭᠢᠨᠠᠭᠤᠷ ᠤᠨ ᠬᠠᠪᠴᠢᠯ — ᠬᠤᠨᠢ ᠮᠠᠶᠢᠯᠠᠬᠤ ᠵᠡᠷᠭᠡ ᠠᠭᠤᠯᠠ ᠤᠰᠤᠨ ᠪᠠᠶᠢᠬᠤ ᠶᠢ ᠤᠯᠠᠨ ᠲᠠᠯ᠎ᠠ ᠪᠠᠷ | ᠰᠢᠨᠵᠢᠯᠡᠨ ᠲᠤᠳᠤᠷᠬᠠᠶᠢᠯᠠᠭᠰᠠᠨ ᠪᠠᠶᠢᠳᠠᠭ᠃ ᠡᠨᠡ ᠤᠳᠠᠭ᠎ᠠ ᠪᠢᠳᠡ ᠠᠩᠬᠠᠳᠤᠭᠠᠷ ᠬᠠᠶᠢᠨ ᠰᠢᠨᠵᠢᠯᠡᠯᠳᠡ ᠶᠢᠨ | ᠰᠠᠭᠤᠷᠢᠨ ᠲᠡᠭᠡᠷ᠎ᠡ ᠴᠠᠭ ᠤᠯᠠᠷᠢᠯ ᠤᠨ ᠠᠰᠢᠭᠳᠡᠢ ᠲᠤᠬᠢᠶᠠᠯ ᠢ ᠵᠨᠪᠳᠤᠵᠦ᠂ ᠡᠳᠡᠭᠡᠷ ᠠᠭᠤᠯᠠ ᠤᠰᠤᠨ ᠤ ᠤᠷᠤᠰᠢᠨ | ᠪᠤᠢ ᠲᠤᠬᠠᠢ ᠶᠢᠨ ᠭᠠᠵᠠᠷ ᠲᠤᠨᠢ ᠬᠦᠷᠴᠤ᠂ ᠵᠢᠷᠤᠭ ᠲᠦᠷᠰᠦ ᠶᠢᠨ ᠡᠰᠢ ᠪᠠᠷᠢᠮᠳᠠ ᠪᠠᠷ ᠨᠤᠳᠠᠯᠠᠵᠦ ᠢᠯᠡᠷᠡᠭᠦᠯᠬᠦ ᠶᠢ | ᠴᠢᠷᠮᠠᠶᠢᠭᠰᠠᠨ ᠶᠤᠮ᠃ | ᠮᠤᠩᠭᠤᠯ ᠤᠯᠤᠰ ᠤᠨ ᠪᠠᠶ᠋ᠬᠠᠦ᠋ᠯᠦᠭᠡᠢ ᠠᠶᠢᠮᠠᠭ ᠤᠨ ᠰᠠᠭᠰᠠᠢ ᠰᠤᠮᠤ ᠪᠤᠯ ᠲᠤᠮᠳᠠᠳᠤ ᠤᠯᠤᠰ ᠤᠨ ᠰᠢᠨᠵᠢᠶᠠᠩ | ᠤᠷᠤᠨ ᠤ ᠠᠯᠳᠠᠢ ᠠᠶᠢᠮᠠᠭ ︵ᠬᠤᠳᠠ︶ ᠤᠨ ᠬᠢᠯᠢ ᠪᠠᠷ ᠬᠦᠷᠰᠢᠯᠡᠵᠦ ᠪᠠᠶᠢᠳᠠᠭ ᠴᠤᠯ ᠮᠠᠯᠵᠢᠬᠤ ᠬᠢᠯᠢ ᠶᠢᠨ ᠰᠤᠮᠤ | ᠪᠤᠯᠬᠤ ᠪᠦᠭᠡᠳ ᠺᠠᠽᠠᠭ᠂ ᠮᠤᠩᠭᠤᠯ ᠦᠨᠳᠦᠰᠦᠳᠡᠨ ᠲᠦᠪᠯᠡᠷᠡᠨ ᠰᠠᠭᠤᠷᠢᠰᠢᠵᠦ ᠪᠠᠶᠢᠳᠠᠭ᠃ ᠠᠳᠡᠬᠢ ᠬᠦᠮᠦᠰ | ᠤᠯᠠᠩᠬᠢ ᠨᠢ ᠺᠠᠽᠠᠭ᠂ ᠮᠤᠩᠭᠤᠯ᠂ ᠤᠷᠤᠰ ᠭᠤᠷᠪᠠᠨ ᠬᠡᠯᠡ ᠮᠡᠳᠡᠳᠡᠭ ᠪᠠᠶᠢᠵᠦ᠂ ᠮᠠᠯ ᠠᠵᠦ ᠠᠬᠤᠢ ᠶᠢᠨ ᠲᠠᠯ᠎ᠠ ᠪᠠᠷ | ᠺᠠᠽᠠᠭ ᠤᠭᠤᠴᠠᠨ ᠰᠡᠭᠦᠯᠳᠦ ᠤᠯᠠᠭᠠᠨ ᠬᠤᠨᠢᠳ᠂ ᠬᠠᠷ᠎ᠠ ᠪᠤᠶᠤ ᠤᠯᠠᠭᠠᠨ ᠢᠮᠠᠭᠠᠳ᠂ ᠰᠠᠷᠯᠤᠭ ᠦᠬᠡᠷ᠂ ᠮᠤᠩᠭᠤᠯ | ᠠᠳᠤᠭᠤ ᠵᠡᠷᠭᠡ ᠮᠠᠯ ᠰᠦᠷᠦᠭ ᠢ ᠲᠠᠪᠠᠭᠤᠯᠢᠭ ᠪᠤᠯᠭᠠᠨ ᠨᠡᠭᠦᠳᠡᠯ ᠮᠠᠯᠵᠢᠯ ᠬᠢᠵᠦ ᠪᠠᠶᠢᠳᠠᠭ᠃ ᠪᠡᠯᠴᠢᠭᠡᠷ ᠲᠠᠵᠢᠷᠰᠢᠭᠤ | ᠨᠢᠮᠭᠡᠨ ᠪᠤᠯᠪᠠᠴᠤ᠂ ᠴᠠᠰᠤᠳᠤ ᠤᠷᠬᠢᠯ ᠤᠨ ᠠᠭᠤᠷᠰᠢᠯ ᠤᠨ ᠨᠦᠬᠦᠴᠡᠯ ᠠᠴᠠ ᠪᠤᠯᠤᠭᠰᠠᠨ ᠨᠠᠭᠤᠷ ᠲᠤᠭᠤᠷᠢᠮ ᠭᠤᠤᠯ | ᠤᠷᠤᠰᠬᠠᠯ ᠶᠡᠭᠡ ᠡᠯᠪᠡᠭ᠃ ᠪᠠᠶᠢᠷᠢᠰᠢᠯ ᠤᠨ ᠲᠠᠯ᠎ᠠ ᠠᠴᠠ ᠦᠵᠡᠪᠡᠯ ᠠᠯᠳᠠᠢ ᠨᠢᠷᠤᠭᠤᠨ ᠤ ᠲᠡᠭᠡᠳᠦ ᠡᠭᠢᠨ ᠳᠠᠬᠢ | ᠮᠦᠩᠭᠡ ᠴᠠᠰᠤᠳᠤ ᠤᠷᠭᠢᠯ ᠤᠯᠠᠨᠳᠠᠢ᠂ ᠦᠨᠳᠦᠷ ᠰᠦᠷᠯᠢᠭ ᠬᠠᠳᠠᠳᠤ ᠠᠭᠤᠯᠠᠰ ᠤᠨ ᠲᠤᠮᠳᠠ ᠤᠷᠤᠰᠢᠵᠦ᠂ ᠰᠠᠭᠰᠠᠢ | ᠬᠤᠪᠳᠤ ᠵᠡᠷᠭᠡ ᠭᠤᠷᠪᠠᠨ ᠭᠤᠤᠯ ᠤᠨ ᠠᠭᠤᠯᠵᠠᠷ ᠲᠤ ᠪᠠᠶᠢᠷᠢᠯᠠᠵᠦ᠂ ᠰᠠᠭᠰᠠᠢ ᠭᠤᠤᠯ ᠢᠶᠠᠷ ᠵᠠᠰᠠᠭ ᠵᠠᠬᠢᠷᠭᠠᠨ ᠤ | ᠨᠡᠷᠡᠰᠢᠯ ᠢᠶᠠᠨ ᠪᠤᠯᠭᠠᠵᠠᠢ᠃ ᠠᠶᠢᠮᠠᠭ ᠤᠨ ᠲᠦᠪ ᠠᠴᠠ ᠪᠠᠨ 29 ᠺᠢᠯᠤᠮᠧᠲᠷ ᠤᠨ ᠵᠠᠶᠢᠳᠠᠢ᠃ | ᠪᠢᠳᠡ ᠰᠠᠭᠰᠠᠢ ᠰᠤᠮᠤ ᠪᠠᠷ ᠴᠢᠭ᠋ ᠪᠤᠯᠭᠠᠵᠦ᠂ ᠬᠤᠶᠠᠷ ᠵᠠᠮ ᠤᠨ ᠴᠢᠭᠯᠡᠯ ᠢᠶᠠᠷ ᠬᠠᠶᠢᠨ ᠰᠢᠨᠵᠢᠯᠡᠯᠳᠡ ᠪᠠᠨ | ᠬᠢᠭᠰᠡᠨ ᠶᠤᠮ᠃ ᠨᠢᠭᠡᠳᠦᠭᠡᠷ ᠵᠠᠮ ᠱᠤᠭᠤᠮ ᠨᠢ ᠰᠠᠭᠰᠠᠢ ᠭᠤᠤᠯ ᠤᠨ ᠠᠮᠠᠨ ᠠᠴᠠ ᠡᠬᠢᠯᠡᠵᠦ ᠤᠷᠤᠭᠰᠢ ᠴᠢᠭᠯᠡᠯ ᠢᠶᠠᠷ | ᠭᠤᠤᠯ ᠤᠨ ᠤᠷᠴᠢᠨ ᠢ ᠲᠠᠭᠠᠵᠦ᠂ ᠲᠡᠭᠡᠳᠦ ᠡᠬᠢ ᠪᠤᠯᠬᠤ ᠴᠠᠭᠠᠨ ᠠᠭᠤᠯᠠ ᠶᠢ ᠤᠯᠵᠦ ᠠᠪᠬᠤ ᠶᠠᠪᠤᠳᠠᠯ ᠪᠤᠯᠤᠨ᠎ᠠ᠃ | ᠬᠤᠶᠠᠳᠤᠭᠠᠷ ᠱᠤᠭᠤᠮ ᠨᠢ ᠰᠠᠭᠰᠠᠢ ᠰᠤᠮᠤ ᠠᠴᠠ ᠭᠠᠷᠴᠤ ᠪᠠᠷᠠᠭᠤᠨᠰᠢ ᠴᠢᠭᠯᠡᠯ ᠢᠶᠠᠷ ᠬᠠᠷᠠᠩᠭᠠᠳᠤ ᠶᠢᠨ ᠭᠤᠤᠯ | ᠲᠠᠮᠵᠢᠨ᠂ ᠳᠠᠶᠠᠩ ᠤᠨ ᠨᠠᠭᠤᠷ ᠬᠦᠷᠴᠤ᠂ ᠲᠡᠭᠦᠨ ᠠᠴᠠ ᠤᠷᠤᠭᠰᠢ ᠴᠢᠭᠯᠡᠯ ᠳᠠᠬᠢ ᠬᠤᠨᠢ ᠮᠠᠶᠢᠯᠠᠬᠤ ︵ᠠᠯᠳᠠᠨ ᠤ | ᠰᠠᠯᠠᠭ᠎ᠠ︶ ᠳᠤ ᠬᠦᠷᠬᠦ ᠶᠠᠪᠤᠳᠠᠯ ᠪᠤᠯᠤᠨ᠎ᠠ᠃ | ᠨᠢᠭᠡ᠂ ᠰᠠᠭᠰᠠᠢ ᠰᠤᠮᠤᠨ ᠤ ᠵᠠᠰᠠᠭ ᠲᠠᠷᠤᠭ᠎ᠠ ᠺ᠊᠂ ᠪᠦᠯᠠᠲ ᠭᠤᠸᠠᠢ ᠲᠠᠢ ᠲᠡᠭᠦᠨ ᠤ ᠬᠠᠰᠢᠷ ᠵᠢᠯᠤᠭᠤᠴᠢ | ᠰᠠᠶᠢᠫᠢᠲ ᠶᠢᠨ ᠬᠠᠮᠳᠤ ᠪᠠᠭ᠎ᠠ ᠮᠠᠰᠢᠨ ᠢᠶᠠᠷ ᠠᠶᠠᠯᠠᠪᠠ᠃ ᠰᠠᠭᠰᠠᠢ ᠰᠤᠮᠤᠨ ᠠᠴᠠ ᠤᠯᠠᠭᠠᠨ ᠲᠠᠪᠠᠭ᠎ᠠ — ᠰᠠᠭᠰᠠᠢ | ᠭᠤᠤᠯ — ᠵᠤᠰᠤᠳᠤ ᠶᠢᠨ ᠬᠦᠷᠢᠶ᠎ᠡ — ᠬᠦᠭᠡ ᠲᠠᠪᠠᠭ᠎ᠠ ᠵᠡᠷᠭᠡ ᠭᠠᠵᠠᠷ ᠢᠶᠠᠷ ᠲᠠᠪᠠᠨ ᠲᠤᠭᠤᠯᠵᠦ᠂ ᠪᠤᠶᠠᠨᠳᠤ | ᠰᠤᠮᠤᠨ ᠤ ᠲᠦᠪ ᠲᠤ ᠬᠦᠷᠴᠤ᠂ ᠭᠤᠤᠯ ᠤᠨ ᠲᠡᠨᠵᠢᠨ ᠳᠤ ᠨᠠᠮᠤᠷᠵᠢᠵᠦ ᠪᠠᠶᠢᠭ᠎ᠠ ᠤᠷᠢᠶᠠᠩᠬᠠᠨ ᠠᠶᠢᠮᠠᠭ ᠤᠨ | ᠬᠦᠮᠦᠨ ᠲᠡᠮᠦᠷ ᠤᠨ ᠭᠠᠩᠳᠤᠯᠭ᠎ᠠ ᠶᠢ ᠡᠷᠢᠨ ᠤᠴᠢᠵᠦ᠂ ᠵᠠᠮᠴᠢᠯᠠᠭᠤᠯᠬᠤ ᠪᠠᠷ ᠪᠤᠯᠤᠭᠰᠠᠨ ᠶᠤᠮ᠃ ᠭᠠᠩᠳᠤᠯᠭ᠎ᠠ | ᠭᠤᠸᠠᠢ ᠶᠢ ᠤᠯᠠᠭᠠᠨᠪᠠᠭᠠᠳᠤᠷ ᠬᠤᠳᠠ ᠳᠤ ᠠᠵᠢᠯᠯᠠᠵᠦ ᠪᠠᠶᠢᠭ᠎ᠠ ᠷᠢᠨᠴᠢᠨᠳᠤᠷᠵᠢ ᠬᠡᠯᠡᠵᠦ ᠦᠭᠭᠦᠭᠰᠡᠨ ᠪᠠᠶᠢᠭ᠎ᠠ ᠯᠡ | ᠳ᠋ᠠ᠃ | ᠭᠠᠩᠳᠤᠯᠭ᠎ᠠ ᠠᠴᠠ ᠪᠢᠳᠡ᠂ ᠦᠵᠦᠮᠦᠴᠢᠨ ᠤ ᠤᠤᠭᠠᠯ ᠨᠤᠲᠤᠭ ᠤᠨ ᠲᠤᠬᠠᠢ ᠰᠤᠷᠠᠭᠯᠠᠬᠤ ᠳᠤ ᠡᠳᠡᠨᠡᠶᠢᠬᠢᠨ | ᠲᠦᠷᠦᠭᠡ ᠬᠠᠩᠭᠢᠨᠠᠭᠤᠷ ᠤᠨ ᠬᠠᠪᠴᠢᠯ ᠠᠴᠠ ᠤᠶᠢᠷᠠᠯᠴᠠᠭ᠎ᠠ ᠵᠤᠰᠠᠳᠠᠭ᠂ ᠡᠨᠡᠬᠦ ᠬᠠᠪᠴᠢᠯ ᠤᠨ ᠨᠡᠷ᠎ᠡ ᠪᠤᠯ ᠶᠡᠭᠡ | ᠡᠷᠳᠡ ᠶᠢᠨ ᠲᠡᠤᠬᠡᠨ ᠨᠡᠷ᠎ᠡ ᠭᠡᠰᠡᠨ ᠭᠡᠬᠦ ᠪᠠᠳᠤᠳᠠᠢ ᠴᠢᠮᠡᠭᠡ ᠶᠢ ᠰᠤᠨᠤᠰᠤᠭᠠᠳ ᠮᠠᠰᠢ ᠶᠡᠭᠡ ᠪᠠᠶᠠᠷᠯᠠᠪᠠ᠃ | ᠭᠠᠩᠳᠤᠯᠭ᠎ᠠ ᠶᠢᠨ ᠵᠠᠮᠴᠢᠯᠠᠭ᠎ᠠ ᠪᠠᠷ ᠪᠤᠶᠠᠨᠳᠤ ᠰᠤᠮᠤ ᠠᠴᠠ ᠪᠠᠷᠠᠭᠤᠨᠰᠢ ᠴᠠᠯᠭᠠᠷ ᠤᠨ ᠨᠠᠭᠤᠷ — ᠲᠡᠪᠰᠡᠩ ᠤᠨ | ᠡᠩᠭᠡᠷ — ᠨᠠᠮᠤᠭᠳᠤ ᠬᠦᠨᠳᠡᠢ — ᠰᠢᠷ᠎ᠡ ᠬᠦᠪᠡ ᠵᠡᠷᠭᠡ ᠭᠠᠵᠠᠷ ᠢ ᠵᠦᠳᠡᠨ ᠲᠤᠭᠤᠯᠵᠦ᠂ ᠰᠢᠷ᠎ᠡ ᠬᠦᠪᠡ ᠶᠢᠨ | ᠲᠡᠭᠡᠷ᠎ᠡ ᠠᠴᠠ ︽ᠲᠦᠷᠦᠬᠡ ᠬᠠᠩᠭᠢᠨᠠᠭᠤᠷ ᠤᠨ ᠬᠠᠪᠴᠢᠯ︾ ᠢ ᠪᠠᠷᠠᠭᠠᠯᠠᠨ ᠰᠡᠭᠦᠳᠡᠷᠯᠡᠭᠰᠡᠨ ᠪᠠᠶᠢᠵᠦ ᠪᠢᠯᠡ᠃ | ᠠᠳᠡ ᠠᠴᠠ ᠲᠦᠷᠦᠭᠡ ᠬᠠᠩᠭᠢᠨᠠᠭᠤᠷ ᠤᠨ ᠬᠠᠪᠴᠢᠯ 4 ᠺᠢᠯᠤᠮᠧᠲᠷ ᠤᠷᠴᠢᠮ ᠵᠠᠶᠢᠳᠠᠢ ᠪᠠᠶᠢᠯ᠎ᠠ᠂ ᠲᠤᠮᠳᠠ ᠨᠢ | ᠠᠶᠠᠭ᠎ᠠ ᠨᠠᠭᠤᠷ ᠪᠠᠶᠢᠬᠤ ᠪᠦᠭᠡᠳ ᠡᠷᠭᠢᠨ ᠲᠤᠭᠤᠷᠢᠨ ᠨᠠᠮᠤᠭ ᠭᠠᠵᠠᠷ ᠪᠤᠯᠠᠭ ᠲᠠᠭᠠᠪᠴᠢ ᠶᠡᠬᠡᠳᠡᠢ ᠤᠷᠤᠭᠰᠢ | ᠲᠠᠭᠠᠭᠰᠠᠨ ᠬᠦᠨᠳᠡᠢ ᠶᠢᠨ ᠲᠡᠭᠡᠳᠦ ᠡᠬᠢ ᠪᠠᠶᠢᠭᠰᠠᠨ ᠶᠤᠮ᠃ | ⑴ ᠲᠦᠷᠦᠭᠡ ᠬᠠᠩᠭᠢᠨᠠᠭᠤᠷ ᠤᠨ ᠬᠠᠪᠴᠢᠯ | ᠲᠦᠷᠦᠭᠡ ᠬᠠᠩᠭᠢᠨᠠᠭᠤᠷ ᠤᠨ ᠬᠠᠪᠴᠢᠯ ᠪᠤᠯ ᠦᠵᠦᠮᠦᠴᠢᠨ ᠤ ᠠᠮᠠᠨ ᠤᠯᠠᠮᠵᠢᠯᠠᠯ ᠳᠠᠬᠢ ᠠᠯᠳᠠᠢ ᠤᠷᠤᠨ ᠳᠤ | ᠪᠠᠶᠢᠭ᠎ᠠ ᠭᠤᠷᠪᠠᠨ ᠠᠯᠳᠠᠷᠳᠤ ᠭᠠᠵᠠᠷ ᠤᠨ ᠨᠢᠭᠡ ᠨᠢ ᠪᠤᠯᠤᠨ᠎ᠠ᠃ ᠲᠤᠰ ᠬᠠᠪᠴᠢᠯ ᠨᠢ ᠮᠤᠩᠭᠤᠯ ᠤᠯᠤᠰ ᠤᠨ | ᠪᠠᠶ᠋ᠬᠠᠦ᠋ᠯᠦᠭᠡᠢ ᠠᠶᠢᠮᠠᠭ ᠤᠨ ᠰᠠᠭᠰᠠᠢ ᠰᠤᠮᠤᠨ ᠤ ᠪᠠᠷᠠᠭᠤᠨ ᠡᠮᠦᠨ᠎ᠡ ᠪᠡᠶ᠎ᠡ ᠪᠤᠯᠬᠤ ᠲᠠᠶᠠᠩ ᠤᠨ ᠨᠠᠭᠤᠷ ᠠᠴᠠ | ᠵᠡᠭᠦᠨᠰᠢ 20 ᠺᠢᠯᠤᠮᠧᠲᠷ ᠤᠨ ᠵᠠᠢ ᠳᠤ ᠤᠷᠤᠰᠢᠬᠤ ᠶᠡᠭᠡ ᠬᠠᠳᠠᠨ ᠬᠠᠪᠴᠢᠯ ᠪᠤᠯᠤᠨ᠎ᠠ᠃ ᠬᠤᠶᠢᠳᠦ ᠦᠷᠭᠡᠷᠢᠭ ᠤᠨ | 48。 ᠵᠡᠭᠦᠨ ᠤᠷᠳᠤᠷᠢᠭ ᠤᠨ 89。 ᠤᠨ ᠰᠤᠯᠢᠪᠢᠴᠠᠯ ᠤᠨ ᠵᠠᠢ ᠳᠤ ᠪᠤᠢ᠃ ᠡᠮᠦᠨ᠎ᠡ ᠲᠠᠯ᠎ᠠ ᠪᠠᠷ ᠢᠶᠠᠨ ᠴᠠᠰᠤᠳᠤ | ᠤᠷᠭᠢᠯ ᠶᠡᠭᠡ ᠰᠢᠬᠢᠷᠳᠡᠢ ︵ᠭᠠᠵᠠᠷ ᠤᠨ ᠵᠢᠷᠤᠭ ᠤᠨ ᠬᠠᠯᠠᠭᠠᠰᠢ ᠠᠭᠤᠯᠠ︶ ᠠᠭᠤᠯᠠ ᠪᠠᠶᠢᠵᠦ᠂ ᠵᠡᠭᠦᠨ | ᠲᠠᠯ᠎ᠠ ᠪᠠᠷ ᠢᠶᠠᠨ ᠨᠠᠷᠢᠨ ᠭᠤᠤᠯ ᠤᠷᠤᠰᠴᠤ᠂ ᠬᠦᠨᠳᠡᠢ ᠶᠢᠨ ᠲᠤᠮᠳᠠ ᠪᠡᠶ᠎ᠡ ᠳᠠᠬᠢ ᠬᠠᠷ᠎ᠠ ᠨᠠᠭᠤᠷ ᠲᠤ ᠴᠢᠳᠬᠤᠨ᠎ᠠ᠃ | ᠵᠡᠭᠦᠨ ᠬᠤᠶᠢᠳᠦ ᠲᠠᠯ᠎ᠠ ᠪᠠᠷ ᠢᠶᠠᠨ ᠴᠠᠭᠠᠨ ᠠᠰᠬᠠᠳᠤ ᠠᠭᠤᠯᠠ ᠶᠢ ᠲᠦᠰᠢᠵᠦ᠂ ᠪᠠᠷᠠᠭᠤᠨ ᠬᠤᠶᠢᠳᠦ ᠲᠠᠯ᠎ᠠ ᠪᠠᠷ ᠢᠶᠠᠨ | ᠲᠠᠶᠠᠩ ᠤᠨ ᠨᠠᠭᠤᠷ ᠤᠨ ᠴᠠᠭᠠᠯᠭᠠᠨ ᠳᠤ ᠵᠠᠯᠭᠠᠨ᠎ᠠ᠃ ᠪᠠᠷᠠᠭᠤᠨ ᠡᠮᠦᠨᠡᠰᠢ ᠪᠠᠨ ᠬᠤᠨᠢ ᠮᠠᠶᠢᠯᠠᠬᠤ ᠳᠤ ᠬᠦᠷᠳᠡᠭ᠃ | ᠤᠳᠤ ᠶᠢᠨ ᠨᠤᠳᠤᠭᠴᠢᠳ ᠴᠤ ︽ᠲᠦᠷᠦᠭᠡ ᠬᠠᠩᠭᠢᠨᠠᠭᠤᠷ ᠤᠨ ᠬᠠᠪᠴᠢᠯ︾ ᠭᠡᠵᠦ ᠨᠡᠷᠡᠯᠡᠭᠰᠡᠭᠡᠷ ᠪᠠᠶᠢᠨ᠎ᠠ᠃ | ᠬᠤᠶᠠᠷ᠂ ᠲᠦᠷᠦᠭᠡ ᠬᠠᠩᠭᠢᠨᠠᠭᠤᠷ ᠤᠨ ᠬᠠᠪᠴᠢᠯ ᠠᠴᠠ ᠪᠢᠳᠡ ᠰᠢᠬᠢᠷᠳᠡᠢ ᠶᠢᠨ ᠬᠠᠷ᠎ᠠ ᠨᠠᠭᠤᠷ — | ᠰᠢᠬᠢᠷᠳᠡᠢ ᠶᠢᠨ ᠭᠤᠤᠯ — ᠠᠯᠳᠠᠢ ᠰᠤᠮᠤ — ᠬᠠᠷᠠᠭᠠᠶᠢᠳᠦ ᠭᠡᠬᠦ ᠠᠭᠤᠯᠠ ᠶᠢ ᠲᠠᠪᠠᠵᠦ᠂ ᠬᠠᠷᠠᠭᠠᠶᠢᠳᠦ ᠠᠴᠠ | ᠤᠷᠤᠭᠰᠢ 56 ᠺᠢᠯᠤᠮᠧᠲᠷ ᠤᠨ ᠠᠯᠤᠰ ᠲᠤ ᠬᠠᠷᠠᠭᠳᠠᠬᠤ ᠴᠠᠭᠠᠨ ᠠᠭᠤᠯᠠ ᠶᠢ ᠪᠠᠷᠠᠭᠠᠯᠠᠪᠠ᠃ ᠶᠡᠭᠡ ᠤᠨᠢᠶᠠᠷ ᠲᠠᠢ | ᠪᠤᠯᠬᠤᠷ ᠰᠡᠭᠦᠳᠡᠷᠯᠡᠵᠦ ᠴᠢᠳᠠᠭᠰᠠᠨ ᠦᠭᠡᠢ᠂ ᠦᠳᠡᠰᠢ ᠶᠠᠪᠤᠭᠰᠠᠭᠠᠷ ᠶᠡᠭᠡ ᠠᠭᠤᠯᠠ ᠶᠢᠨ ᠬᠤᠷᠮᠤᠢ ᠳᠤ ᠪᠦᠬᠦᠢ | ᠤᠯᠠᠭᠠᠨᠬᠠᠳᠠ ᠪᠠᠭ ᠤᠨ ᠲᠦᠪ ᠲᠤ ᠬᠦᠷᠴᠤ ᠠᠶᠢᠯ ᠳᠤ ᠬᠤᠨᠤᠭᠯᠠᠭᠰᠠᠨ ᠪᠠᠶᠢᠵᠦ ᠪᠢᠯᠡ᠃ | ⑵ ᠠᠯᠳᠠᠢ ᠶᠢᠨ ᠴᠠᠭᠠᠨ ᠠᠭᠤᠯᠠ ᠪᠠ ᠰᠠᠭᠰᠠᠢ ᠭᠤᠤᠯ | ᠠᠯᠳᠠᠢ ᠬᠠᠩᠭᠠᠢ ᠶᠢᠨ ᠦᠵᠦᠮ ᠤᠨ ᠴᠠᠭᠠᠨ ᠠᠭᠤᠯᠠ ᠪᠤᠯ ᠦᠵᠦᠮᠦᠴᠢᠨ ᠤ ᠠᠮᠠᠨ ᠤᠯᠠᠮᠵᠢᠯᠠᠯ ᠳᠠᠬᠢ | ᠠᠯᠳᠠᠷᠳᠤ ᠭᠤᠷᠪᠠᠨ ᠭᠠᠵᠠᠷ ᠤᠨ ᠨᠢᠭᠡ ᠨᠢ ᠮᠦᠨ᠃ ᠡᠨᠡ ᠪᠤᠯ ᠲᠦ᠋ ᠵᠢᠢ ᠠᠪᠤᠭᠠᠢ ᠶᠢᠨ ᠲᠡᠮᠳᠡᠭᠯᠡᠭᠰᠡᠨ ︽ᠠᠯᠳᠠᠢ | ᠨᠢᠷᠤᠭᠤᠨ ᠤ ᠤᠮᠠᠷᠳᠡᠬᠢ ᠭᠠᠯ ᠬᠦᠷᠢᠶᠡᠳᠦ ᠠᠭᠤᠯᠠ︾ ᠲᠠᠷᠤᠢ ᠮᠦᠨ᠃ ᠲᠤᠰ ᠠᠭᠤᠯᠠᠰ ᠤᠨ ᠪᠦᠯᠦᠭᠯᠡᠯ ᠠᠴᠠ | ᠡᠬᠢ ᠠᠪᠴᠤ ᠤᠨᠳᠤᠷᠴᠤ ᠬᠤᠶᠢᠰᠢ ᠬᠤᠪᠳᠤ ᠭᠤᠤᠯ ᠳᠤ ᠨᠡᠶᠢᠯᠡᠳᠡᠭ 150 ᠺᠢᠯᠤᠮᠧᠲᠷ ᠤᠷᠳᠤ ᠲᠤᠮᠤᠬᠠᠨ | ᠭᠤᠤᠯ ᠢ ᠲᠠᠷᠤᠢ ᠰᠠᠭᠰᠠᠢ ᠭᠤᠤᠯ ᠭᠡᠳᠡᠭ᠃ ᠵᠡᠭᠦᠨ ᠤᠷᠳᠤᠷᠢᠭ ᠤᠨ 89。15、 ᠬᠤᠶᠢᠳᠦ ᠦᠷᠭᠡᠷᠢᠭ ᠤᠨ | 48。22、 ᠤᠨ ᠪᠠᠶᠢᠷᠢᠰᠢᠯ ᠳᠤ ᠤᠷᠤᠰᠢᠳᠠᠭ᠂ ᠲᠡᠤᠬᠡ ᠲᠡᠮᠳᠡᠭᠯᠡᠯ ᠳᠠᠬᠢ ︽ᠰᠢᠭ᠌ᠰᠦᠨ︾ ᠮᠦᠨ ᠪᠤᠯᠤᠮᠤᠢ᠃ | ᠡᠨᠡᠬᠦ ᠠᠭᠤᠯᠠ ᠨᠢ ᠤᠳᠤ ᠶᠢᠨ ᠮᠤᠩᠭᠤᠯ ᠤᠯᠤᠰ ᠤᠨ ᠭᠠᠵᠠᠷ ᠤᠨ ᠵᠢᠷᠤᠭ ᠲᠤ ᠮᠦᠨ ︽ᠴᠠᠭᠠᠨ ᠠᠭᠤᠯᠠ︾ ᠭᠡᠬᠦ | ᠨᠠᠷᠠ ᠪᠠᠨ ᠬᠠᠳᠠᠭᠠᠯᠠᠭᠰᠠᠭᠠᠷ ᠪᠠᠶᠢᠨ᠎ᠠ᠂ ᠴᠠᠭᠠᠨ ᠠᠭᠤᠯᠠ ᠨᠢ ᠵᠡᠭᠦᠨ ᠤᠷᠳᠤᠷᠢᠭ ᠤᠨ 90。 ᠬᠤᠶᠢᠳᠦ ᠦᠷᠭᠡᠷᠢᠭ | 48。 ᠶᠢᠨ ᠰᠤᠯᠢᠪᠢᠴᠠᠯ ᠳᠤ ᠤᠷᠤᠰᠢᠵᠦ ᠪᠠᠶᠢᠳᠠᠭ᠃ | ᠲᠠᠯᠠᠢ ᠶᠢᠨ ᠲᠦᠪᠰᠢᠨ ᠠᠴᠠ ᠲᠡᠭᠡᠭᠰᠢ 3556 ᠮᠧᠲᠷ ᠡᠷᠭᠦᠭᠳᠡᠭᠰᠡᠨ ᠴᠠᠭᠠᠨ ᠠᠭᠤᠯᠠ ᠨᠢ ᠭᠤᠷᠪᠠᠨ ᠤᠷᠤᠢ | ᠲᠠᠢ ᠪᠠᠶᠢᠵᠦ᠂ ᠪᠠᠷᠠᠭᠤᠨ ᠲᠠᠯ᠎ᠠ ᠶᠢᠨ ᠤᠷᠤᠢ ᠨᠢ ᠱᠤᠪᠬᠤ ᠰᠢᠭ᠋᠂ ᠶᠡᠭᠡ ᠴᠠᠰᠤ ᠲᠠᠢ ᠮᠤᠨᠳᠠᠭ ᠲᠤᠮᠤ ᠴᠤᠭᠴᠠ | ᠪᠦᠬᠦᠢ ᠲᠠᠷᠭᠤᠨ ᠠᠭᠤᠯᠠ ᠪᠠᠶᠢᠯ᠎ᠠ᠃ ᠠᠳᠡᠬᠢ ᠨᠠᠰᠤᠳᠠᠳ ᠤᠨ ᠬᠡᠯᠡᠬᠦ ᠪᠠᠷ ᠴᠠᠭᠠᠨ ᠠᠭᠤᠯᠠ ᠶᠢ ᠪᠠᠰᠠ ᠵᠢᠷᠦᠬᠡ | ᠠᠭᠤᠯᠠ ᠭᠡᠳᠡᠭ ᠪᠦᠭᠡᠳ ᠲᠤᠰ ᠠᠭᠤᠯᠠᠨ ᠳᠤ ᠤᠷᠠᠯᠭᠠᠨ᠂ ᠲᠤᠰᠢᠯ᠂ ᠨᠤᠬᠠᠢ ᠶᠢᠨ ᠬᠤᠰᠢᠭᠤ᠂ ᠤᠯᠠᠭᠠᠨ ᠬᠠᠳ᠂ | ᠦᠮᠡᠬᠡᠢ ᠬᠠᠷ᠎ᠠ᠂ ᠦᠬᠡᠷ ᠤᠨ ᠨᠢᠳᠦ ᠵᠡᠷᠭᠡ ᠵᠢᠮᠢᠰᠦᠯᠢᠭ ᠤᠷᠭᠤᠮᠠᠯ ᠶᠡᠭᠡ ᠡᠯᠪᠡᠭ ᠭᠠᠷᠳᠠᠭ ᠶᠤᠮ ᠪᠡᠶᠢᠨ᠎ᠡ᠃ | ᠤᠷᠠᠯᠭᠠᠨ ᠭᠡᠳᠡᠭ ᠪᠤᠷᠭᠠᠰᠤᠯᠢᠭ ᠤᠷᠭᠤᠮᠠᠯ ᠶᠠᠭ ᠯᠡ ᠯᠠᠮᠠᠨᠠᠷ ᠤᠨ ᠤᠷᠬᠢᠮᠵᠢ ᠰᠢᠭ᠋ ᠠᠭᠤᠯᠠᠨ ᠤ ᠶᠡᠭᠡ ᠪᠡᠶ᠎ᠡ ᠶᠢ | ᠡᠵᠡᠯᠡᠨ ᠰᠠᠬᠤᠯᠢᠭ ᠤᠷᠭᠤᠭᠰᠠᠨ ᠨᠢ ᠭᠠᠶᠢᠬᠠᠯᠳᠠᠢ︔ ᠡᠨᠡ ᠤᠷᠠᠯᠭᠠᠨ ᠨᠢ ᠵᠢᠮᠢᠰ ᠤᠷᠭᠤᠬᠤ ᠪᠦᠭᠡᠳ ᠪᠠᠭᠰᠢᠷᠠᠨ | ᠤᠷᠭᠤᠭᠰᠠᠨ ᠢᠶᠠᠷ ᠲᠤᠲᠤᠷ᠎ᠠ ᠨᠢ ᠮᠤᠷᠢ ᠪᠤᠶᠤ ᠲᠡᠷᠭᠡ ᠲᠠᠢ ᠶᠠᠪᠤᠬᠤ ᠳᠤ ᠶᠡᠭᠡ ᠬᠦᠴᠢᠷᠳᠡᠬᠦ ᠠᠵᠠᠢ᠃ ᠠᠭᠤᠯᠠ ᠶᠢᠨ | ᠵᠡᠭᠦᠨ ᠪᠠᠷᠠᠭᠤᠨ ᠰᠤᠭᠤ ᠪᠠᠷ ᠤᠯᠠᠭᠠᠨᠬᠠᠳᠠ ᠶᠢᠨ ᠭᠤᠤᠯ ᠪᠤᠶᠤ ᠲᠦᠷᠭᠡᠨ ᠤ ᠭᠤᠤᠯ ᠢᠬᠢᠷᠯᠡᠨ ᠤᠷᠤᠰᠴᠤ᠂ | ᠡᠩᠭᠡᠷ ᠤᠨ ᠰᠢᠷ᠎ᠠ ᠲᠡᠨᠵᠢ ᠶᠢᠨ ᠬᠤᠷᠮᠤᠢ ᠳᠤ ᠤᠷᠤᠰᠬᠠᠯ ᠨᠡᠶᠢᠯᠡᠨ ᠰᠠᠭᠰᠠᠢ ᠶᠢᠨ ᠭᠤᠤᠯ ᠪᠤᠯᠤᠨ ᠴᠢᠳᠬᠤᠯᠠᠵᠦ᠂ | ᠬᠦᠨᠳᠡᠢ ᠶᠢᠨ ᠬᠡᠪᠡᠯᠢ ᠲᠦᠭᠦᠷᠭᠡᠨ᠂ ᠠᠯᠤᠰ ᠤᠨ ᠵᠠᠮ ᠢᠶᠠᠨ ᠦᠷᠭᠦᠯᠵᠢᠯᠡᠭᠦᠯᠵᠡᠢ᠃ ᠰᠢᠷ᠎ᠠ ᠲᠡᠨᠵᠢᠨ ᠤ ᠲᠤᠮᠳᠠ ︽ | ᠬᠠᠭᠠᠨ ᠰᠢᠷᠡᠭᠡ︾ ᠭᠡᠬᠦ ᠬᠤᠪᠢᠯᠭᠠᠨ ᠴᠢᠯᠠᠭᠤ ᠰᠠᠭᠠᠳᠠᠨ᠎ᠠ᠂ ᠲᠡᠭᠦᠨ ᠠᠴᠠ ᠤᠶᠢᠷᠠᠯᠴᠠᠭ᠎ᠠ ᠡᠷᠳᠡᠨ ᠤ ᠬᠠᠳᠠ | ᠴᠢᠯᠠᠭᠤ ᠤᠪᠤᠭᠠᠯᠠᠭᠰᠠᠨ ᠲᠤᠮᠤ ᠪᠤᠩᠬᠤᠨ ᠬᠠᠷᠠᠭᠳᠠᠨ᠎ᠠ᠃ | ᠴᠠᠭᠠᠨ ᠠᠭᠤᠯᠠ ᠶᠢᠨ ᠡᠷᠭᠢᠨ ᠤᠷᠴᠢᠨ ᠤᠯᠠᠭᠠᠨᠬᠠᠳᠠ᠂ ᠲᠠᠪᠤᠨ ᠱᠤᠷᠤᠩ ᠤᠨ ᠤᠷᠤᠢ᠂ ᠬᠤᠷᠢᠮᠳᠦ᠂ | ᠬᠠᠶᠢᠷᠳᠦ᠂ ᠲᠦᠷᠭᠡᠨ ᠭᠡᠬᠦ ᠵᠡᠷᠭᠡ ᠱᠤᠪᠬᠤ ᠤᠷᠤᠶᠢᠳᠦ ᠴᠠᠰᠤᠳᠤ ᠤᠷᠬᠢᠯ ᠢᠶᠠᠷ ᠬᠦᠷᠢᠶᠡᠯᠡᠭᠦᠯᠦᠭᠰᠡᠨ ᠲᠤᠭᠤᠷᠢᠨ | ᠪᠠᠶᠢᠳᠠᠯ ᠨᠢ ᠦᠨᠡᠬᠡᠷ ᠭᠠᠯ ᠨᠤᠴᠤᠵᠦ ᠪᠠᠶᠢᠭ᠎ᠠ ᠶᠤᠮ ᠰᠢᠭ᠋ ᠬᠠᠷᠠᠭᠳᠠᠬᠤ ᠪᠤᠯᠬᠤᠷ ︽ᠭᠠᠯ ᠬᠦᠷᠢᠶᠡᠳᠦ ᠠᠭᠤᠯᠠ︾ | ᠭᠡᠵᠦ ᠨᠡᠷᠡᠯᠡᠭᠰᠡᠨ ᠴᠤ ᠪᠤᠯᠪᠠᠤ ᠭᠡᠵᠦ ᠡᠷᠬᠡ ᠦᠭᠡᠢ ᠰᠠᠨᠠᠭᠳᠠᠭᠤᠯᠤᠨ᠎ᠠ᠃ ᠴᠠᠭᠠᠨ ᠠᠭᠤᠯᠠ ᠨᠢ ᠲᠦᠷᠦᠭᠡ | ᠬᠠᠩᠭᠢᠨᠠᠭᠤᠷ ᠤᠨ ᠬᠠᠪᠴᠢᠯ ᠠᠴᠠ ᠵᠡᠭᠦᠨ ᠤᠷᠤᠭᠰᠢ ᠠᠰ ᠱᠤᠭᠤᠮ ᠢᠶᠠᠷ ᠪᠤᠳᠤᠪᠠᠯ 55 ᠺᠢᠯᠤᠮᠧᠲᠷ ᠤᠨ ᠤᠷᠴᠢᠮ | ᠵᠠᠶᠢᠳᠠᠢ ᠭᠠᠵᠠᠷ ᠲᠤ ᠪᠤᠢ᠃ | ᠪᠢᠳᠡ ᠴᠠᠭᠠᠨ ᠠᠭᠤᠯᠠ ᠠᠴᠠ ᠪᠤᠴᠠᠬᠤ ᠳᠠᠭᠠᠨ ᠰᠠᠭᠰᠠᠢ ᠶᠢᠨ ᠭᠤᠤᠯ ᠤᠨ ᠬᠦᠪᠡᠭᠡ ᠲᠠᠭᠠᠤ ᠦᠵᠡᠰᠭᠦᠯᠡᠩᠳᠦ | ᠭᠠᠵᠠᠷ ᠪᠤᠯᠬᠤ ᠠᠯᠳᠠᠢ ᠰᠤᠮᠤ — ᠲᠠᠯᠤᠳᠤ ᠶᠢᠨ ᠬᠠᠪᠴᠢᠯ᠂ ᠬᠠᠳᠠᠨ ᠬᠢᠰᠠ ︵ᠠᠰᠬ᠎ᠠ︶᠂ ᠬᠡᠯᠡᠯᠴᠡᠭᠡᠳᠦ᠂ | ᠬᠦᠨᠳᠡᠯᠡᠨ ᠬᠦᠬᠡ ᠶᠢ ᠲᠠᠮᠵᠢᠨ ᠪᠤᠶᠠᠨᠳᠤ ᠰᠤᠮᠤᠨ ᠳᠤ ᠭᠠᠩᠳᠤᠯᠭ᠎ᠠ ᠶᠢᠨ ᠳᠤ ᠦᠳᠡᠯᠡᠵᠦ᠂ ᠦᠳᠡ ᠶᠢᠨ ᠬᠤᠶᠢᠨ᠎ᠡ | ᠰᠠᠭᠰᠠᠢ ᠰᠤᠮᠤᠨ ᠳᠤ ᠪᠤᠴᠠᠭᠰᠠᠨ ᠪᠠᠶᠢᠵᠦ ᠪᠢᠯᠠ᠃ ᠨᠢᠭᠡᠳᠦᠭᠡᠷ ᠠᠶᠠᠯᠠᠯ ᠤᠨ ᠱᠤᠭᠤᠮ ᠨᠢ ᠢᠩᠭᠢᠵᠦ ᠬᠤᠶᠠᠷ ᠶᠡᠭᠡ | ᠠᠯᠳᠠᠷᠳᠠᠢ ᠭᠠᠵᠠᠷ ᠤᠨ ᠪᠠᠷ᠎ᠠ ᠶᠢ ᠪᠠᠷᠠᠭᠠᠯᠠᠭᠰᠠᠨ ᠪᠠ ᠵᠢᠷᠤᠭ ᠲᠦᠷᠬᠦ ᠶᠢᠨ ᠤᠯᠵᠠ ᠲᠠᠢ ᠠᠮᠵᠢᠯᠳᠠ ᠲᠠᠢ ᠪᠤᠯᠪᠠ᠃ | ᠭᠤᠷᠪᠠ᠂ ᠺ᠊᠂ ᠪᠦᠯᠠᠲ ᠲᠠᠷᠤᠭ᠎ᠠ ᠶᠢᠨ ᠲᠠᠭᠠᠭᠤᠯᠭ᠎ᠠ ᠪᠠᠷ ᠪᠢᠳᠡ ᠬᠤᠶᠠᠳᠤᠭᠠᠷ ᠠᠶᠠᠯᠠᠯ ᠤᠨ ᠱᠤᠭᠤᠮ ᠢᠶᠠᠨ | 9 ᠰᠠᠷ᠎ᠠ ᠶᠢᠨ 15 ᠡᠳᠦᠷ ᠤᠨ ᠦᠷᠯᠦᠭᠡ ᠡᠷᠳᠡ ᠳᠤ ᠪᠠᠷᠠᠭᠤᠨᠰᠢ ᠴᠢᠭᠯᠡᠯ ᠢᠶᠠᠷ ᠰᠠᠭᠰᠠᠢ ᠰᠤᠮᠤ — ᠰᠠᠭᠰᠠᠢ | ᠭᠤᠤᠯ ᠤᠨ ᠬᠦᠭᠦᠷᠭᠡ — ᠮᠤᠳᠤᠨ ᠬᠦᠰᠢᠶ᠎ᠡ ᠶᠢᠨ ᠲᠠᠪᠠᠭ᠎ᠠ — ᠬᠠᠷᠠᠩᠭᠠᠳᠤ ᠶᠢᠨ ᠭᠤᠤᠯ — ᠴᠡᠩᠭᠡᠯ ᠤᠨ | ᠬᠠᠷ᠎ᠠ ᠨᠠᠭᠤᠷ — ᠬᠤᠵᠢᠷᠳᠦ ᠶᠢᠨ ᠲᠠᠪᠠᠭ᠎ᠠ — ᠬᠤᠷᠤᠭᠠᠨ ᠭᠤᠤᠯ ᠤᠨ ᠬᠦᠭᠦᠷᠭᠡ — ᠴᠢᠮᠦᠭᠡ | ᠭᠤᠤᠯ ᠢᠶᠠᠷ ᠲᠠᠮᠵᠢᠨ᠂ ᠲᠠᠶᠠᠩ ᠤᠨ ᠨᠠᠭᠤᠷ ᠤᠨ ᠡᠮᠦᠨ᠎ᠡ ᠬᠦᠪᠡᠭᠡᠨ ᠳᠠᠬᠢ ᠠᠶᠢᠯ ᠳᠤ ᠦᠳᠡᠯᠡᠵᠦ᠂ ᠲᠡᠨᠳᠡ ᠠᠴᠠ | ᠵᠡᠭᠦᠨ ᠤᠷᠤᠭᠰᠢ ᠰᠤᠩᠬᠢᠨᠠᠳᠤ ᠶᠢᠨ ᠲᠠᠪᠠᠭ᠎ᠠ — ᠲᠦᠷᠦᠭᠡ ᠬᠠᠩᠭᠢᠨᠠᠭᠤᠷ ᠤᠨ ᠪᠠᠷᠠᠭᠤᠨ ᠲᠠᠯ᠎ᠠ — ᠬᠤᠨᠢ | ᠮᠠᠶᠢᠯᠠᠬᠤ ᠳᠤ ᠬᠦᠷᠦᠭᠰᠡᠨ ᠶᠤᠮ᠃ | ⑶ ᠬᠤᠨᠢ ᠮᠠᠶᠢᠯᠠᠬᠤ ᠶᠢᠨ ᠭᠠᠵᠠᠷ | ᠬᠤᠨᠢ ᠮᠠᠶᠢᠯᠠᠬᠤ ᠪᠤᠯ ᠦᠵᠦᠮᠦᠴᠢᠨ ᠤ ᠠᠮᠠᠨ ᠤᠯᠠᠮᠵᠢᠯᠠᠯ ᠳᠠᠬᠢ ᠠᠯᠳᠠᠷᠳᠤ ᠭᠤᠷᠪᠠᠨ ᠭᠠᠵᠠᠷ ᠤᠨ ᠨᠢᠭᠡ ᠨᠢ | ᠪᠤᠯᠤᠨ᠎ᠠ᠃ ᠬᠤᠨᠢ ᠮᠠᠶᠢᠯᠠᠬᠤ ᠨᠢ ᠲᠦᠷᠦᠭᠡ ᠬᠠᠩᠭᠢᠨᠠᠭᠤᠷ ᠤᠨ ᠬᠠᠪᠴᠢᠯ ᠠᠴᠠ ᠪᠠᠷᠠᠭᠤᠨ ᠤᠷᠤᠭᠰᠢ ᠬᠤᠷᠢᠭᠠᠳ | ᠺᠢᠯᠤᠮᠧᠲᠷ ᠤᠨ ᠵᠠᠶᠢᠳᠠᠢ ᠪᠠᠶᠢᠵᠦ᠂ ᠵᠡᠭᠦᠨ ᠤᠷᠳᠤᠷᠢᠭ ᠤᠨ 89。 ᠬᠤᠶᠢᠳᠦ ᠦᠷᠭᠡᠷᠢᠭ ᠤᠨ 48。 ᠤᠨ | ᠰᠤᠯᠢᠪᠢᠴᠠᠯ ᠳᠤ ᠪᠠᠶᠢᠷᠢᠰᠢᠵᠦ ᠪᠤᠢ᠃ ᠨᠤᠲᠤᠭ ᠤᠨ ᠬᠦᠮᠦᠰ ᠬᠤᠨᠢ ᠮᠠᠶᠢᠯᠠᠬᠤ ᠪᠤᠶᠤ ᠠᠯᠳᠠᠨ ᠤ ᠰᠠᠯᠠᠭ᠎ᠠ ᠭᠡᠵᠦ | ᠨᠡᠷᠡᠯᠡᠵᠦ ᠪᠤᠢ᠃ ᠡᠨᠡ ᠭᠠᠵᠠᠷ ᠤᠨ ᠪᠠᠶᠢᠳᠠᠯ ᠭᠡᠪᠡᠯ ᠨᠠᠷᠠᠰᠤᠨ ᠮᠤᠳᠤᠨ ᠤᠢ ᠲᠠᠢ᠂ ᠠᠷᠴᠠ ᠤᠷᠠᠯᠭᠠᠨ ᠵᠡᠷᠭᠡ | ᠵᠦᠢᠯ ᠤᠨ ᠤᠷᠭᠤᠮᠠᠯ ᠪᠠᠭᠰᠢᠷᠠᠭᠰᠠᠨ ᠬᠠᠳᠠᠨ ᠠᠰᠬ᠎ᠠ ᠲᠠᠢ ᠠᠭᠤᠯᠠᠨ ᠰᠠᠯᠠᠭ᠎ᠠ ᠬᠠᠪᠴᠢᠯ ᠪᠤᠯᠤᠨ᠎ᠠ᠃ ᠲᠤᠰ ᠬᠠᠳᠠᠨ | ᠠᠰᠬ᠎ᠠ ᠠᠴᠠ ᠲᠠᠪᠤᠨ ᠴᠤᠯᠦ ᠶᠢᠨ ᠡᠪᠡᠳᠴᠢᠨ ᠳᠤ ᠰᠠᠶᠢᠨ ᠷᠠᠰᠢᠶᠠᠨ ᠪᠤᠯᠠᠭ ᠤᠨᠳᠤᠷᠴᠤ ᠪᠤᠢ᠃ ᠤᠳᠤ ᠶᠢᠨ | ᠬᠦᠮᠦᠰ ᠰᠠᠯᠠᠭ᠎ᠠ ᠶᠢᠨ ᠲᠡᠭᠡᠳᠦ ᠡᠬᠢ ᠶᠢ ︽ᠬᠤᠨᠢ ᠮᠠᠶᠢᠯᠠᠬᠤ︾ ᠭᠡᠵᠦ᠂ ᠲᠤᠤᠷᠠᠳᠤ ᠠᠮᠠᠨ ᠲᠠᠰᠢ ᠠᠯᠳᠠᠨ ᠰᠠᠯᠠᠭ᠎ᠠ | ᠭᠡᠵᠦ ᠲᠠᠭᠤᠳᠠᠯᠴᠠᠵᠦ ᠪᠤᠢ᠃ ᠤᠭ ᠨᠢ ᠲᠤᠰ ᠰᠠᠯᠠᠭ᠎ᠠ ᠶᠢᠨ ᠠᠮᠠᠨ ᠳᠤ ᠠᠯᠳᠠ ᠮᠠᠯᠳᠠᠭᠰᠠᠨ ᠨᠦᠬᠡᠨ ᠤ ᠤᠷᠤᠮ | ᠶᠡᠭᠡ ᠲᠤᠯᠠ ᠲᠡᠭᠦᠨ ᠢᠶᠠᠷ ᠨᠢ ᠠᠯᠳᠠᠨ ᠤ ᠰᠠᠯᠠᠭ᠎ᠠ ᠭᠡᠰᠡᠨ ᠨᠢ ᠲᠤᠲᠤᠷᠬᠠᠢ ᠤᠶᠢᠷ᠎ᠠ ᠶᠢᠨ ᠨᠠᠷᠠ ᠦᠭᠡ ᠪᠤᠯᠤᠨ᠎ᠠ᠃ | ᠡᠶᠢᠮᠦ ᠠᠴᠠ ᠡᠨᠡ ᠭᠠᠵᠠᠷ ᠤᠤᠯ ᠨᠢ ︽ᠬᠤᠨᠢ ᠮᠠᠶᠢᠯᠠᠬᠤ︾ ᠭᠡᠰᠡᠨ ᠲᠠᠭᠤᠳᠠᠯᠭ᠎ᠠ ᠲᠠᠢ ᠭᠠᠵᠠᠷ ᠪᠠᠶᠢᠭᠰᠠᠨ ᠨᠢ | ᠮᠠᠷᠭᠤᠭᠠᠨ ᠦᠭᠡᠢ ᠶᠤᠮ᠃ ᠶᠠᠭ ᠯᠡ ᠮᠤᠩᠭᠤᠯ ᠤᠯᠤᠰ ᠤᠨ ᠬᠤᠨᠢᠨ ᠤ ᠠᠵᠦ ᠠᠬᠤᠢ ᠶᠢᠨ ᠰᠤᠳᠤᠯᠭᠠᠳᠠᠨ ᠪᠦᠭᠡᠳ | ᠡᠷᠳᠡᠮᠳᠡᠨ ᠵᠠ᠊᠂ ᠭᠤᠨᠴᠤᠭᠵᠠᠪ ᠤᠨ ᠲᠡᠮᠳᠡᠭᠯᠡᠯ ᠳᠠᠬᠢ ︽ᠤᠢ ᠬᠦᠪᠴᠢ ᠷᠠᠰᠢᠶᠠᠨ ᠤᠰᠤ ᠲᠠᠢ ᠰᠠᠶᠢᠬᠠᠨ︾ ᠬᠤᠨᠢ | ᠮᠠᠶᠢᠯᠠᠬᠤ ᠶᠢᠨ ᠭᠠᠵᠠᠷ ᠮᠦᠨ ᠪᠠᠶᠢᠨ᠎ᠠ᠃ ᠦᠵᠦᠮᠦᠴᠢᠨ ᠲᠤᠮᠤᠭ ᠲᠤ ᠲᠡᠮᠳᠡᠭᠯᠡᠭᠰᠡᠨ ᠨᠢ ᠡᠷᠳᠡ ᠲᠡᠭᠡᠷ᠎ᠡ ᠦᠶ᠎ᠡ | ᠭᠡᠰᠡᠭ ᠲᠡᠭᠡᠷᠡᠮᠴᠢᠳ ᠤᠨ ᠲᠤᠪᠳᠤᠯᠭᠠᠨ ᠠᠴᠠ ᠲᠦᠷᠪᠡᠭᠰᠡᠨ ᠨᠤᠲᠤᠭ ᠤᠨ ᠮᠤᠩᠭᠤᠯᠴᠤᠤᠳ ᠬᠤᠨᠢ ᠪᠠᠨ ᠤᠷᠬᠢᠭᠠᠳ | ᠵᠢᠭᠤᠳᠠᠨ ᠵᠠᠶᠢᠯᠠᠵᠠᠢ᠂ ᠡᠭᠦᠨ ᠠᠴᠠ ᠡᠵᠡᠨ ᠦᠭᠡᠢ ᠬᠤᠴᠤᠷᠤᠭᠰᠠᠨ ᠬᠤᠨᠢᠳ ᠲᠤᠭᠳᠠᠪᠤᠷᠢ ᠠᠯᠳᠠᠵᠦ ᠮᠠᠶᠢᠯᠠᠭᠰᠠᠠᠭᠠᠷ | ᠰᠡᠭᠦᠯ ᠳᠡᠭᠡᠨ ᠵᠡᠷᠯᠢᠭᠰᠢᠭᠰᠡᠨ ᠭᠡᠨ᠎ᠡ᠂ ᠡᠭᠦᠨ ᠢ ᠦᠨᠳᠦᠰᠦᠯᠡᠵᠦ ︽ᠬᠤᠨᠢ ᠮᠠᠶᠢᠯᠠᠬᠤ︾ ᠬᠡᠮᠡᠨ ᠨᠡᠷᠡᠯᠡᠬᠦ ᠪᠤᠯᠵᠠᠢ᠃ | ᠬᠤᠨᠢ ᠮᠠᠶᠢᠯᠠᠬᠤ ᠠᠴᠠ ᠪᠠᠷᠠᠭᠤᠨ ᠬᠤᠶᠢᠰᠢ ᠲᠠᠶᠠᠩ ᠤᠨ ᠨᠠᠭᠤᠷ ᠤᠨ ᠤᠶᠢᠷᠠᠯᠴᠠᠭ᠎ᠠ ︽ᠬᠤᠷᠠᠭᠠᠨ ᠭᠤᠤᠯ︾᠂ ︽ | ᠬᠤᠷᠤᠭᠠᠨ ᠨᠠᠭᠤᠷ︾ ᠵᠡᠷᠭᠡ ᠭᠠᠵᠠᠷ ᠤᠰᠤᠨ ᠤ ᠨᠡᠷ᠎ᠡ ᠤᠯᠠᠨ ᠪᠠᠶᠢᠬᠤ ᠠᠴᠠ ᠦᠵᠡᠬᠦ ᠳᠤ ᠡᠷᠳᠡ ᠦᠶ᠎ᠡ ᠡᠨᠡ | ᠭᠠᠵᠠᠷ ᠢᠶᠠᠷ ᠬᠤᠨᠢᠨ ᠤ ᠠᠵᠦ ᠠᠬᠤᠢ ᠶᠡᠭᠡ ᠬᠦᠭᠵᠢᠯᠳᠡ ᠲᠠᠢ ᠪᠠᠶᠢᠵᠦ᠂ ᠲᠡᠭᠦᠨ ᠢᠶᠠᠷ ᠭᠠᠵᠠᠷ ᠤᠨ ᠨᠠᠷᠠ ᠪᠠᠨ | ᠪᠤᠯᠭᠠᠵᠦ ᠲᠤᠷᠠᠰᠬᠠᠨ ᠬᠠᠳᠠᠭᠠᠯᠠᠭᠰᠠᠨ ᠨᠢ ᠲᠤᠳᠤᠷᠬᠠᠢ ᠠᠵᠢᠭᠯᠠᠭᠳᠠᠨ᠎ᠠ᠃ | ᠠᠮᠠᠨ ᠤᠯᠠᠮᠵᠢᠯᠠᠯ — ᠲᠡᠤᠬᠡ ᠳᠡᠮᠳᠡᠭᠯᠡᠯ — ᠪᠤᠳᠠᠳᠠᠢ ᠤᠷᠤᠰᠢᠬᠤᠢ ᠵᠡᠷᠭᠡ ᠭᠤᠷᠪᠠᠨ ᠲᠠᠯ᠎ᠠ ᠪᠠᠷ | ᠬᠠᠷᠢᠴᠠᠭᠤᠯᠤᠨ ᠰᠢᠨᠵᠢᠯᠡᠭᠡᠳ ᠦᠵᠦᠮᠦᠴᠢᠨ ᠤ ᠠᠮᠠᠨ ᠤᠯᠠᠮᠵᠢᠯᠠᠯ ᠨᠢ ᠲᠤᠮᠤᠭ ᠲᠡᠳᠦᠢ ᠪᠠᠶᠢᠭᠰᠠᠨ ᠪᠤᠯ ᠦᠨᠤ | ᠬᠠᠷᠢᠨ ᠲᠡᠤᠬᠡ ᠶᠢᠨ ᠦᠨᠡᠨ ᠪᠤᠯᠵᠦ᠂ ᠠᠭᠤᠯᠠ ᠤᠰᠤᠨ ᠤ ᠦᠩᠭᠡ ᠲᠦᠷᠬᠦ ᠪᠠᠷ ᠢᠶᠠᠨ ᠢᠯᠡᠷᠡᠨ ᠲᠤᠲᠤᠷᠠᠯ᠎ᠠ᠂ | ᠡᠭᠦᠨ ᠠᠴᠠ ᠡᠪᠦᠭᠡ ᠲᠡᠭᠡᠳᠦ ᠠᠴᠠ ᠤᠯᠠᠮᠵᠢᠯᠠᠭᠰᠠᠨ ᠲᠤᠮᠤᠭ ᠨᠢ ᠲᠡᠤᠬᠡ ᠶᠢᠨ ᠦᠨᠡᠨ ᠤ ᠠᠴᠢᠶᠠᠯᠠᠪᠤᠷᠢ ᠪᠠᠶᠢᠵᠦ᠂ | ᠲᠡᠤᠬᠡ ᠶᠢᠨ ᠦᠨᠡᠨ ᠨᠢ ᠦᠶ᠎ᠡ ᠤᠯᠠᠷᠢᠨ ᠬᠤᠯᠠᠳᠠᠪᠠᠯ ᠮᠠᠷᠳᠠᠭᠳᠠᠨ ᠭᠡᠭᠡᠭᠳᠡᠵᠦ᠂ ᠤᠨ ᠤᠳᠠᠪᠠᠯ ᠲᠤᠮᠤᠭ ᠪᠤᠯᠤᠨ | ᠦᠯᠡᠳᠡᠳᠡᠭ ᠶᠤᠰᠤ ᠶᠢ ᠤᠬᠠᠨ ᠮᠡᠳᠡᠵᠦ ᠪᠤᠯᠤᠨ᠎ᠠ᠃ | ᠵᠢᠷᠭᠤᠭ᠎ᠠ ᠠᠶᠠᠯᠠᠯ ᠰᠢᠨᠵᠢᠯᠡᠯ ᠤᠨ ᠠᠮᠵᠢᠯᠳᠠ ᠪᠦᠳᠦᠮᠵᠢ ᠬᠢᠭᠡᠳ ᠠᠯᠳᠠᠢ ᠳᠠᠬᠢ ᠵᠠᠩ ᠦᠢᠯᠡ ᠶᠢᠨ ᠲᠤᠬᠠᠢ | ᠠᠵᠢᠭᠯᠠᠯᠳᠠ | ᠬᠤᠶᠠᠷ ᠤᠳᠠᠭᠠᠨ ᠤ ᠠᠯᠳᠠᠢ ᠤᠷᠤᠨ ᠢᠶᠠᠷ ᠬᠠᠶᠢᠨ ᠰᠢᠨᠵᠢᠯᠡᠯᠳᠡ ᠬᠢᠵᠦ᠂ ᠦᠵᠦᠮᠦᠴᠢᠨ ᠤ ᠡᠷᠳᠡ | ᠳᠡᠭᠡᠳᠦᠳ ᠤᠨ ᠢᠶᠠᠨ ᠠᠯᠬᠤᠵᠦ ᠦᠩᠭᠡᠷᠡᠭᠰᠡᠨ ᠠᠯᠳᠠᠨ ᠬᠦᠷᠦᠰᠦᠨ ᠲᠡᠭᠡᠷ᠎ᠡ ᠬᠦᠯ ᠭᠢᠰᠭᠢᠨ ᠶᠠᠪᠤᠵᠦ᠂ | ᠠᠮᠢᠰᠬᠤᠯᠠᠵᠦ ᠦᠩᠭᠡᠷᠡᠭᠰᠡᠨ ᠴᠡᠪᠡᠷ ᠠᠭᠠᠷ ᠢ ᠴᠡᠭᠡᠵᠢ ᠠᠭᠤᠵᠢᠷᠠᠳᠠᠯ᠎ᠠ ᠠᠮᠢᠰᠬᠤᠯᠠᠵᠦ᠂ ᠷᠠᠰᠢᠶᠠᠯᠠᠵᠦ ᠦᠩᠭᠡᠷᠡᠭᠰᠡᠨ | ᠲᠤᠩᠭᠠᠯᠠᠭ ᠤᠰᠤᠨ ᠢ ᠴᠠᠩᠭ᠎ᠠ ᠪᠠᠨ ᠬᠠᠨᠤᠳᠠᠯ᠎ᠠ ᠠᠮᠳᠠᠰᠢᠶᠠᠵᠦ᠂ ᠲᠤᠷᠠᠰᠬᠠᠵᠦ ᠦᠯᠡᠳᠡᠭᠡᠭᠰᠡᠨ ᠲᠡᠷᠡ ᠰᠠᠶᠢᠬᠠᠨ | ᠠᠭᠤᠯᠠ ᠤᠰᠤᠨ ᠢ ᠨᠢᠳᠦ ᠬᠤᠵᠢᠷᠯᠠᠨ ᠪᠠᠭ᠋ᠠᠷᠬᠠᠬᠤ ᠳᠠᠭᠠᠨ ᠦᠪᠡᠷ ᠢ ᠪᠠᠨ ᠪᠠᠰᠠ ᠵᠤᠯ ᠲᠠᠢ ᠬᠦᠮᠦᠨ ᠭᠡᠰᠡᠨ | ᠤᠮᠤᠭᠰᠢᠯ ᠲᠦᠷᠦᠭᠳᠡᠳᠡᠭ ᠲᠡᠭᠡᠬᠦ ᠮᠦᠷᠳᠡᠭᠡᠨ ᠲᠤᠤᠷᠠᠬᠢ ᠠᠶᠠᠯᠠᠯ ᠰᠢᠨᠵᠢᠯᠡᠯ ᠤᠨ ᠠᠮᠵᠢᠯᠳᠠ ᠪᠦᠳᠦᠮᠵᠢ | ᠤᠯᠤᠭᠰᠠᠨ ᠳᠠᠭᠠᠨ ᠤᠯᠵᠠᠭᠤᠷᠬᠠᠳᠠᠭ ᠶᠤᠮᠰᠠᠨ᠃ | ︵1︶᠂ ᠦᠵᠦᠮᠦᠴᠢᠨ ᠤ ᠤᠤᠭᠠᠯ ᠨᠤᠳᠤᠭ ᠤᠨ ᠲᠤᠬᠠᠢ ᠠᠮᠠᠨ ᠤᠯᠠᠮᠵᠢᠯᠠᠯ ᠨᠢ ᠵᠦᠪᠬᠡᠨ ᠲᠤᠮᠤᠭ ᠲᠡᠳᠦᠢ | ᠪᠢᠰᠢ ᠬᠠᠷᠢᠨ ᠲᠠᠪᠤᠨ ᠵᠠᠭᠤᠨ ᠵᠢᠯ ᠠᠴᠠ ᠡᠮᠦᠨᠡᠬᠢ ᠦᠵᠦᠮᠦᠴᠢᠨ ᠠᠶᠢᠮᠠᠭ ᠤᠨ ᠤᠷᠤᠨᠰᠢᠨ ᠮᠠᠯᠵᠢᠵᠦ ᠪᠠᠶᠢᠭᠰᠠᠨ | ᠪᠤᠳᠠᠳᠦ ᠭᠠᠵᠠᠷ ᠤᠷᠤᠨ ᠤ ᠦᠨᠡᠨ ᠳᠡᠮᠳᠡᠭᠯᠡᠯ ᠪᠤᠯᠬᠤ ᠶᠢ ᠲᠤᠳᠤᠷᠬᠠᠶᠢᠯᠠᠵᠦ᠂ ᠦᠵᠦᠮᠦᠴᠢᠨ ᠠᠶᠢᠮᠠᠭ ᠤᠨ | ᠲᠤᠷᠤᠨ᠎ᠠ ᠵᠦᠭ ᠨᠡᠭᠦᠳᠡᠯᠯᠡᠭᠰᠡᠨ ᠲᠡᠤᠬᠡᠨ ᠤᠯᠠ ᠮᠦᠷ ᠪᠤᠯᠬᠤ ᠶᠢ ᠪᠠᠳᠤᠳᠠᠢ ᠬᠠᠷᠠᠭᠤᠯᠵᠦ᠂ ᠪᠠᠰᠠ ᠲᠡᠤᠬᠡᠳᠦ | ᠭᠤᠷᠪᠠᠨ ᠭᠠᠵᠠᠷ ᠤᠨ ᠠᠭᠤᠯᠠ ᠤᠰᠤᠨ ᠤ ᠵᠢᠷᠤᠭ ᠲᠦᠷᠰᠦ ᠶᠢ ᠠᠪᠴᠢᠷᠠᠭᠰᠠᠨ ᠪᠠ ᠤᠳᠤ ᠠᠮᠢᠳᠤᠷᠠᠵᠦ ᠪᠠᠶᠢᠭ᠎ᠠ | ᠮᠠᠯᠴᠢᠳ ᠠᠴᠠ ᠤᠯᠠᠮᠵᠢᠯᠠᠯ ᠳᠠᠬᠢ ᠭᠠᠵᠠᠷ ᠤᠨ ᠨᠡᠷ᠎ᠡ ᠶᠢ ᠬᠠᠳᠠᠭᠠᠯᠠᠵᠦ ᠪᠠᠶᠢᠬᠤ ᠶᠢ ᠪᠤᠳᠠᠳᠦ ᠬᠡᠷᠡᠭ ᠤᠴᠢᠷ ᠢᠶᠠᠷ | ᠲᠤᠳᠤᠷᠬᠠᠶᠢᠯᠠᠪᠠ᠂ ᠡᠨᠡ ᠪᠤᠯ ᠦᠵᠦᠮᠦᠴᠢᠨᠴᠤᠳ ᠠᠩᠬ᠎ᠠ ᠤᠳᠠᠭ᠎ᠠ ᠲᠡᠭᠡᠳᠦᠰ ᠤᠨ ᠢᠶᠠᠨ ᠨᠤᠲᠤᠭ ᠲᠤ ᠬᠦᠷᠴᠦ᠂ | ᠲᠡᠤᠬᠡᠨ ᠲᠤᠳᠤᠷᠬᠠᠶᠢᠯᠠᠯᠳᠠ ᠬᠢᠵᠦ ᠪᠠᠶᠢᠭ᠎ᠠ ᠶᠠᠪᠤᠳᠠᠯ ᠪᠤᠯᠤᠨ᠎ᠠ᠃ ᠲᠡᠤᠬᠡ ᠳᠡᠮᠳᠡᠭᠯᠡᠯ ᠪᠠ ᠠᠮᠠᠨ ᠤᠯᠠᠮᠵᠢᠯᠠᠯ ᠤᠨ | ᠰᠢᠨᠵᠢᠯᠡᠯ ᠢᠶᠠᠷ ᠦᠵᠦᠮᠦᠴᠢᠨ ᠤ ᠲᠡᠤᠬᠡᠨ ᠤᠯᠡ ᠮᠦᠷ ᠤᠨ ᠶᠠᠪᠤᠴᠠ ᠶᠢ ᠠᠯᠳᠠᠢ ᠨᠢᠷᠤᠭᠤ — ᠬᠠᠩᠭᠠᠢ ᠨᠢᠷᠤᠭᠤ | — ᠭᠠᠯᠪᠠ ᠱᠠᠩᠬ᠎ᠠ ᠶᠢᠨ ᠭᠤᠪᠢ — ᠰᠢᠯᠢ ᠶᠢᠨ ᠭᠤᠤᠯ ᠤᠨ ᠲᠠᠯ᠎ᠠ ᠨᠤᠲᠤᠭ — ᠯᠢᠶᠤᠤᠳᠦᠩ ᠤᠷᠤᠨ | — ᠰᠢᠯᠢ ᠶᠢᠨ ᠭᠤᠤᠯ ᠤᠨ ᠲᠠᠯ᠎ᠠ ᠨᠤᠲᠤᠭ — ᠠᠷᠤ ᠬᠠᠩᠭᠠᠢ ᠬᠡᠷᠦᠯᠦᠨ ᠮᠦᠷᠡᠨ — ᠰᠢᠯᠢ ᠶᠢᠨ | ᠭᠤᠤᠯ ᠤᠨ ᠲᠠᠯ᠎ᠠ ᠨᠤᠲᠤᠭ ᠭᠡᠬᠦ ᠲᠤᠮᠢᠶᠠᠯᠠᠯ ᠢ ᠭᠠᠷᠭᠠᠵᠦ ᠪᠤᠯᠤᠨ᠎ᠠ᠂ ᠤᠶᠢᠷᠠᠳ ᠠᠶᠢᠮᠠᠭ ᠮᠠᠰᠢ ᠡᠷᠳᠡ ᠴᠠᠭ ᠠᠴᠠ | ᠪᠠᠷᠠᠭᠤᠨ ᠬᠤᠶᠢᠳᠦ ᠠᠯᠳᠠᠢ ᠤᠷᠤᠨ ᠢᠶᠠᠷ ᠠᠩ ᠠᠩᠨᠠᠯ ᠡᠷᠬᠢᠯᠡᠵᠦ ᠪᠠᠶᠢᠭᠰᠠᠨ ᠢᠶᠠᠨ ᠠᠳᠡ ᠠᠴᠠ ᠪᠠᠨ ᠮᠠᠯᠵᠢᠯ ᠤᠨ | ᠦᠢᠯᠡᠰ ᠡᠷᠬᠢᠯᠡᠬᠦ ᠪᠤᠯᠤᠭᠰᠠᠨ ᠭᠡᠵᠦ ᠡᠷᠳᠡᠮᠳᠡᠳ ᠦᠵᠡᠳᠡᠭ᠂ ᠦᠵᠦᠮᠦᠴᠢᠨ ᠠᠶᠢᠮᠠᠭ ᠴᠤ ᠤᠶᠢᠷᠠᠳ ᠤᠨ ᠨᠢᠭᠡ | ᠪᠦᠯᠦᠭ ᠪᠤᠯᠤᠭᠰᠠᠨ ᠤ ᠬᠤᠪᠢ ᠳᠤ ᠠᠯᠳᠠᠢ ᠨᠢᠷᠤᠭᠤᠨ ᠤ ᠦᠵᠦᠮ ᠤᠨ ᠴᠠᠭᠠᠨ ᠠᠭᠤᠯᠠ ᠬᠠᠪᠢ ᠪᠠᠷ ᠮᠠᠯᠵᠢᠯ ᠢ | ᠬᠦᠯᠢᠶᠡᠭᠰᠡᠨ ᠤᠴᠢᠷ ᠠᠴᠠ ᠦᠵᠦᠮᠦᠴᠢᠨ ᠤ ᠨᠡᠭᠦᠳᠡᠯ ᠮᠠᠯᠵᠢᠯ ᠤᠨ ᠰᠤᠶᠤᠯ ᠪᠤᠯᠪᠠᠰᠤᠨ ᠠᠳᠡ ᠠᠴᠠ | ᠡᠬᠢᠯᠡᠭᠰᠡᠨ ᠢᠶᠠᠷ ᠲᠡᠭᠦᠨ ᠢ ︽ᠤᠤᠭᠠᠯ ᠨᠤᠲᠤᠭ︾ ᠭᠡᠬᠦ ᠨᠢ ᠵᠦᠢᠳᠠᠢ ᠶᠤᠮ᠂ ᠦᠵᠦᠮᠦᠴᠢᠨᠴᠤᠳ ᠠᠯᠳᠠᠢ | ᠨᠢᠷᠤᠭᠤᠨ ᠤ ᠦᠵᠦᠮ ᠤᠨ ᠴᠠᠭᠠᠨ ᠠᠭᠤᠯᠠ — ᠲᠦᠷᠦᠭᠡ ᠬᠠᠩᠭᠢᠨᠠᠭᠤᠷ ᠤᠨ ᠬᠠᠪᠴᠢᠯ — ᠬᠤᠨᠢ ᠮᠠᠶᠢᠯᠠᠬᠤ | ᠵᠡᠷᠭᠡ ᠭᠠᠵᠠᠷ ᠤᠰᠤᠨ ᠢ ᠡᠳᠦᠷ ᠤᠨ ᠪᠤᠳᠤᠯ ᠰᠦᠨᠢ ᠶᠢᠨ ᠵᠡᠭᠦᠳᠤᠨ ᠳᠡᠭᠡᠨ ᠢᠮᠠᠭᠳᠠ ᠴᠢᠬᠤᠯᠠᠴᠢᠯᠠᠳᠠᠭ ᠤᠨ ᠤᠴᠢᠷ | ᠨᠢ ᠲᠡᠷᠡ ᠭᠠᠵᠠᠷ ᠠᠴᠠ ᠮᠠᠯᠵᠢᠯ ᠤᠨ ᠬᠦᠭᠵᠢᠯ ᠪᠠᠳᠠᠷᠠᠯ ᠢ ᠤᠯᠤᠭᠰᠠᠨ᠂ ᠠᠩ ᠭᠦᠷᠦᠭᠡᠨ ᠤ ᠤᠷᠤᠨ ᠭᠠᠷᠤᠨ | ᠠᠮᠢᠳᠤᠷᠠᠯ ᠠᠴᠠ ᠪᠠᠨ ᠭᠠᠳᠠᠨ᠎ᠠ ᠪᠠᠨ ᠦᠪᠡᠷ ᠤᠨ ᠭᠡᠬᠦ ᠲᠤᠭᠳᠠᠪᠤᠷᠢᠳᠠᠢ ᠮᠠᠯ ᠬᠦᠷᠦᠩᠭᠡ ᠤᠨ ᠰᠢᠨ᠎ᠡ ᠦᠢᠯᠡᠰ ᠢ | ᠡᠷᠬᠢᠯᠡᠬᠦ ᠪᠤᠯᠤᠭᠰᠠᠨ᠂ ᠡᠶᠢᠮᠦ ᠪᠠᠷ ᠲᠡᠷᠡ ᠭᠠᠵᠠᠷ ᠨᠢ ᠶᠡᠭᠡ ᠨᠡᠭᠦᠳᠡᠯ ᠤᠨ ᠠᠩᠬᠠᠨ ᠤ ᠡᠬᠢᠯᠡᠯᠳᠡ ᠶᠢᠨ ᠴᠢᠭ᠋ | ᠪᠤᠯᠤᠭᠰᠠᠨ ᠢᠶᠠᠷ ᠳᠡᠳᠡᠨ ᠤ ᠲᠡᠭᠡᠳᠦ ᠶᠢᠨ ᠬᠢᠨᠢ ᠬᠠᠮᠤᠭ ᠤᠨ ᠭᠦᠨ ᠲᠤᠷᠠᠰᠤᠮᠵᠢᠳᠠᠢ ᠬᠦᠰᠡᠯ ᠮᠦᠷᠦᠭᠡᠳᠦᠯ ᠤᠨ | ᠪᠤᠮᠪᠠ ᠶᠢᠨ ᠤᠷᠤᠨ ᠪᠤᠯᠵᠦ᠂ ᠤᠯᠠᠮᠵᠢᠯᠠᠯ ᠤᠨ ᠬᠦᠴᠦᠨ ᠤ ᠡᠬᠢ ᠪᠤᠯᠠᠭ ᠪᠤᠯᠵᠦ ᠮᠦᠩᠬᠡᠷᠡᠭᠰᠡᠨ ᠶᠤᠮ᠃ | ᠠᠮᠠᠨ ᠤᠯᠠᠮᠵᠢᠯᠠᠯ ᠤᠨ ᠤᠬᠠᠮᠰᠠᠷ ᠨᠢ ᠤᠶᠤᠨ ᠰᠠᠨᠠᠭᠠᠨ ᠤ ᠬᠦᠴᠦᠨ ᠪᠤᠯᠤᠨ ᠬᠤᠪᠢᠷᠠᠬᠤ ᠦᠶ᠎ᠡ ᠳᠤ | ᠬᠦᠮᠦᠰ ᠲᠤ ᠲᠤᠷᠠᠰᠤᠨ ᠶᠠᠷᠢᠭᠳᠠᠬᠤ᠂ ᠡᠷᠢᠭᠳᠡᠨ ᠦᠭᠡᠶᠢᠯᠡᠭᠳᠡᠬᠦ ᠴᠢᠨᠠᠭᠰᠢᠯᠠᠪᠠᠯ ᠰᠤᠨᠤᠰᠤᠭᠠᠳ ᠶᠤᠮ ᠤᠤ᠂ | ᠦᠵᠡᠭᠡᠳ ᠰᠠᠨᠠᠭ᠎ᠠ ᠨᠢ ᠳᠠᠶᠢᠪᠤᠰᠢᠷᠠᠬᠤ ᠵᠡᠷᠭᠡ ᠰᠡᠳᠭᠢᠯᠭᠡ ᠶᠢᠨ ᠢᠯᠡᠷᠡᠯ ᠨᠢ ᠮᠤᠩᠭᠤᠯᠴᠤᠳ ᠤᠨ ᠨᠤᠲᠤᠭ | ᠤᠰᠤᠨ ᠢᠶᠠᠨ ᠬᠠᠶᠢᠷᠠᠯᠠᠬᠤ᠂ ᠪᠠᠶᠢᠭᠠᠯᠢ ᠪᠠᠨ ᠰᠢᠳᠦᠬᠦ ᠬᠠᠯᠠᠭᠤᠨ ᠡᠰ ᠴᠢᠰᠤᠨ ᠳᠤᠨᠢ ᠤᠷᠤᠰᠴᠤ᠂ ᠡᠯᠢᠭᠡᠨ ᠳᠤᠨᠢ | ᠰᠢᠩᠭᠡᠭᠰᠡᠨ ᠲᠠᠢ ᠨᠢᠭ᠌ᠳᠡ ᠬᠤᠯᠪᠤᠭ᠎ᠠ ᠲᠠᠢ ᠶᠤᠮ᠃ ᠦᠵᠦᠮᠦᠴᠢᠨ ᠶᠠᠰᠤᠳᠠᠳ ᠨᠢ ᠶᠠᠭ ᠡᠶᠢᠮᠦᠷᠬᠦ ᠠᠮᠠᠨ | ᠤᠯᠠᠮᠵᠢᠯᠠᠯ ᠤᠨ ᠳᠠᠯᠳᠠ ᠤᠬᠠᠮᠰᠠᠷ ᠪᠠ ᠤᠶᠤᠨ ᠤ ᠬᠦᠴᠦᠨ ᠪᠦᠬᠦᠢ ᠤᠯᠤᠰ ᠶᠤᠮ᠂ ᠡᠨᠡ ᠲᠤᠬᠠᠢ ᠮᠢᠨᠤ | ᠠᠵᠢᠭᠯᠠᠯᠳᠠ ᠬᠢᠭᠰᠡᠨ ᠢᠶᠠᠷ ᠪᠤᠯ ᠠᠩᠬᠠᠳᠤᠭᠠᠷ ᠬᠠᠶᠢᠨ ᠰᠢᠨᠵᠢᠯᠡᠯᠳᠡ ᠬᠢᠬᠦ ᠪᠠᠷ ᠶᠠᠪᠤᠬᠤ ᠦᠶ᠎ᠡ ᠲᠠᠪᠬᠠᠢ ᠨᠦᠬᠦᠷ | ᠨᠠᠳᠠ ᠳᠤ ᠰᠢᠷ᠎ᠠ ᠬᠠᠳᠠᠭ ᠦᠭᠭᠦᠭᠡᠳ ︽ᠲᠡᠭᠡᠳᠦ ᠶᠢᠨ ᠭᠠᠵᠠᠷ ᠢᠶᠠᠷ ᠬᠦᠷᠬᠦ ᠶᠤᠮ ᠴᠢᠨᠢ ᠡᠭᠦᠨ ᠢ ᠡᠷᠭᠦᠭᠡᠳᠡᠭᠡ᠂ | ᠪᠠᠰᠠ ᠮᠢᠨᠤ ᠰᠡᠳᠭᠢᠯ ᠪᠤᠯᠬᠤ ᠪᠢᠰᠢᠤ ᠳ᠋ᠠ︾ ᠭᠡᠵᠦ ᠨᠠᠶᠢᠳᠠᠭᠰᠠᠨ᠂ ᠢᠷᠡᠭᠰᠡᠨ ᠤ ᠳᠠᠷᠠᠭ᠎ᠠ ᠬᠠᠷᠢᠭᠤ | ᠮᠡᠳᠡᠭᠦᠯᠦᠯᠳᠠ ᠶᠢ ᠰᠤᠨᠤᠰᠤᠭᠠᠳ ᠲᠡᠷᠡ ︽ᠲᠡᠤᠬᠡᠨ ᠠᠴᠠ ᠦᠵᠦᠮ ᠤᠨ ᠴᠠᠭᠠᠨ ᠠᠭᠤᠯᠠ ᠠᠴᠠ ᠨᠡᠭᠦᠵᠦ ᠢᠷᠡᠭᠰᠡᠨ | ᠭᠡᠳᠡᠭ᠂ ᠲᠡᠭᠡᠪᠡᠴᠦ ᠬᠦᠷᠴᠦ ᠦᠵᠡᠭᠰᠡᠨ ᠬᠦᠮᠦᠨ ᠭᠡᠵᠦ ᠠᠯᠠᠭ᠎ᠠ᠂ ᠰᠤᠨᠤᠰᠬᠤ ᠳᠤ ᠯᠠᠮᠠ ᠶᠢᠨ ᠬᠦᠷᠢᠶ᠎ᠡ | ᠰᠦᠮ᠎ᠡ ᠶᠢᠨ ᠨᠢᠭᠡᠨ ᠬᠡᠤᠬᠡᠨ ᠯᠠᠮᠠ ᠭᠡᠳᠡᠭ ᠬᠦᠮᠦᠨ ᠪᠠᠷᠠᠭᠤᠨ ᠭᠠᠵᠠᠷ ᠢᠶᠠᠷ ᠶᠠᠪᠤᠭᠠᠳ ᠡᠶᠢᠮᠦ ᠭᠠᠵᠠᠷ ᠪᠠᠶᠢᠨ᠎ᠠ ᠭᠡᠯᠡ | ᠭᠡᠰᠡᠨ᠂ ᠭᠡᠪᠡᠴᠦ ᠡᠨᠡ ᠨᠢ ᠳᠠᠮ ᠶᠠᠷᠢᠶ᠎ᠠ ᠲᠡᠳᠦᠢ᠂ ᠡᠨᠡ ᠤᠳᠠᠭ᠎ᠠ ᠦᠵᠦᠮᠦᠴᠢᠨᠴᠤᠳ ᠦᠪᠡᠷᠳᠡᠭᠡᠨ ᠶᠠᠪᠤᠵᠦ | ᠪᠠᠳᠤᠳᠠᠢ ᠴᠢᠮᠡᠭᠡ ᠤᠯᠵᠦ ᠢᠷᠡᠭᠰᠡᠨ ᠨᠢ ᠲᠤᠰ ᠠᠶᠢᠮᠠᠭ ᠤᠨ ᠲᠡᠤᠬᠡᠨ ᠳᠠᠬᠢ ᠶᠡᠭᠡ ᠶᠠᠪᠤᠳᠠᠯ︾ ᠭᠡᠵᠦ ᠦᠨᠡᠯᠡᠨ | ᠶᠠᠷᠢᠵᠦ ᠪᠠᠶᠢᠪᠠ᠂ ᠪᠢ ᠶᠠᠪᠤᠬᠤ ᠠᠴᠠ ᠪᠠᠨ ᠡᠮᠦᠨ᠎ᠡ ᠮᠤᠩᠭᠤᠯ ᠤᠯᠤᠰ ᠤᠨ ᠲᠡᠤᠬᠡ ᠶᠢᠨ ᠬᠦᠷᠢᠶᠡᠯᠡᠩ ᠤᠨ ᠨᠢᠭᠡᠨ | ᠰᠤᠳᠤᠯᠭᠠᠳᠠᠨ ᠠᠴᠠ ᠡᠳᠡᠭᠡᠷ ᠭᠠᠵᠠᠷ ᠢ ᠰᠤᠷᠠᠭᠯᠠᠬᠤ ᠳᠤ ︽ᠳᠠᠨᠠᠷ ᠶᠠᠪᠤᠭᠰᠠᠨ ᠤ ᠬᠡᠷᠡᠭ ᠦᠭᠡᠢ᠂ ᠡᠶᠢᠮᠦ ᠭᠠᠵᠠᠷ | ᠮᠤᠩᠭᠤᠯ ᠳᠤ ᠪᠠᠶᠢᠬᠤ ᠦᠭᠡᠢ᠂ ᠡᠨᠡ ᠪᠤᠯ ᠲᠤᠮᠤᠭ ᠤᠨ ᠭᠠᠵᠠᠷ ᠤᠰᠤᠨ ᠰᠢᠤ︾ ᠭᠡᠬᠦ ᠬᠠᠷᠢᠭᠤᠯᠳᠠ ᠶᠢ ᠤᠯᠤᠭᠰᠠᠨ | ᠂ ᠬᠤᠪᠳᠦ ᠠᠶᠢᠮᠠᠭ ᠲᠤ ᠬᠦᠷᠦᠭᠡᠳ ᠴᠢᠮᠡᠭᠡ ᠠᠨᠢᠷ ᠦᠭᠡᠢ ᠪᠤᠯᠬᠤ ᠳᠤ ᠪᠢᠳᠡ ᠪᠠᠰᠠ ᠪᠠᠴᠢᠮᠳᠠᠨ ᠵᠤᠪᠠᠭᠰᠠᠨ | ᠤᠳᠠᠭ᠎ᠠ ᠴᠤ ᠪᠤᠢ᠂ ᠤᠳᠤ ᠪᠠᠳᠤᠳᠠᠢ ᠰᠤᠷᠠᠭ ᠢ ᠰᠤᠨᠤᠰᠤᠭᠠᠳ ᠡᠶᠢᠮᠦᠷᠬᠦ ᠦᠨᠡᠯᠡᠯᠳᠡ ᠶᠢ ᠤᠯᠤᠭᠰᠠᠨ ᠳᠤ ᠨᠠᠳᠠᠳᠦ | ᠮᠠᠷᠳᠠᠭᠳᠠᠰᠢ ᠦᠭᠡᠢ ᠰᠠᠭᠤᠭᠳᠠᠯ ᠪᠤᠯᠤᠭᠰᠠᠨ ᠶᠤᠮ᠃ | ᠡᠨᠡ ᠵᠢᠯ ᠤᠨ ᠴᠠᠭᠠᠨ ᠰᠠᠷ᠎ᠠ ᠶᠢᠨ ︵ᠦᠬᠡᠷ ᠵᠢᠯ︶ ᠰᠢᠨᠡᠳ ᠢᠶᠠᠷ ᠨᠠᠶᠠ ᠬᠦᠷᠦᠭᠰᠡᠨ ᠨᠠᠰᠤᠳᠠᠨ᠂ ᠠᠬᠠᠮᠠᠳ | ᠬᠤᠰᠢᠭᠤ ᠳᠠᠷᠤᠭ᠎ᠠ ᠲᠦᠪᠳᠡᠨ ᠭᠤᠸᠠᠢ ᠳᠠᠪᠬᠠᠢ ᠪᠢᠳᠡᠨ ᠢ ᠭᠡᠷ ᠲᠡᠭᠡᠨ ᠳᠠᠭᠤᠳᠠᠭᠤᠯᠤᠭᠰᠠᠨ᠂ ᠪᠢᠳᠡᠨ ᠢ ᠬᠦᠷᠬᠦ ᠳᠤ | ᠨᠠᠰᠤᠳᠠᠨ ᠶᠡᠬᠡᠳᠡ ᠪᠠᠶᠠᠷᠯᠠᠵᠦ᠄ ︽ᠪᠢ ᠰᠤᠨᠢᠨ ᠳᠡᠭᠡᠷ᠎ᠡ ᠠᠴᠠ ᠳᠠᠨᠠᠷ ᠤᠨ ᠲᠡᠭᠡᠳᠦ ᠶᠢᠨ ᠭᠠᠵᠠᠷ ᠢᠶᠠᠷ ᠶᠠᠪᠤᠵᠦ᠂ | ᠤᠤᠭᠠᠯ ᠨᠤᠲᠤᠭ ᠢᠶᠠᠨ ᠤᠯᠵᠦ ᠨᠤᠳᠠᠯᠠᠭᠰᠠᠨ ᠳᠤ ᠲᠤᠩ ᠶᠡᠭᠡ ᠪᠠᠶᠠᠷᠯᠠᠵᠦ ᠪᠠᠶᠢᠨ᠎ᠠ᠂ ᠳᠠᠨᠠᠷ ᠦᠵᠦᠮᠦᠴᠢᠨ ᠤ | ᠲᠠᠪᠤᠨ ᠵᠠᠭᠤᠨ ᠵᠢᠯ ᠤᠨ ᠳᠠᠰᠤᠷᠠᠭᠰᠠᠨ ᠲᠡᠤᠬᠡ ᠶᠢ ᠵᠠᠯᠭᠠᠭᠤᠯᠤᠭᠰᠠᠨ ᠪᠤᠶᠠᠨ ᠤ ᠶᠠᠪᠤᠳᠠᠯ ᠢ ᠬᠢᠭᠰᠡᠨ ᠰᠢᠤ︾ ᠭᠡᠵᠦ | ᠰᠡᠳᠭᠢᠯ ᠬᠦᠳᠡᠯᠦᠨ ᠶᠠᠷᠢᠭᠰᠠᠨ ᠢᠶᠠᠨ ︽ᠰᠢᠨ᠎ᠡ ᠮᠠᠯᠴᠢᠳ ᠤᠨ ᠰᠤᠨᠢᠨ︾ ᠢᠶᠠᠨ ᠭᠠᠷᠭᠠᠵᠦ ᠦᠵᠡᠭᠦᠯᠪᠡ᠂ ᠲᠤᠰ | ᠰᠤᠨᠢᠨ ᠳᠤ ᠦᠵᠦᠮᠦᠴᠢᠨ ᠨᠤᠲᠤᠭᠳᠠᠢ ᠤ ᠰᠡᠴᠡᠨᠪᠠᠳᠦ ᠮᠡᠳᠡᠭᠡ ᠶᠢ ᠤᠯᠤᠮᠠᠭᠴᠠ ᠨᠡᠶᠢᠳᠡᠯᠡᠭᠦᠯᠵᠦ ᠭᠠᠷᠭᠠᠭᠰᠠᠨ | ᠪᠦᠭᠡᠳ ᠦᠪᠡᠷ ᠤᠨ ︽ᠦᠵᠦᠮᠦᠴᠢᠨ ᠤ ᠠᠳᠤᠭᠤᠨ ᠰᠤᠶᠤᠯ︾ ᠬᠡᠬᠦ ᠨᠤᠮ ᠳᠠᠭᠠᠨ ᠭᠡᠷᠡᠯ ᠵᠢᠷᠤᠭ ᠢ ᠨᠢ | ᠤᠷᠤᠭᠤᠯᠤᠭᠰᠠᠨ ᠪᠠᠶᠢᠭ᠎ᠠ ᠶᠤᠮ᠃ | ᠰᠧᠮ᠎ᠠ᠂ ᠠᠯᠤᠬ᠎ᠠ᠂ ᠮᠠ᠊ ᠰᠠᠮᠪᠤᠤ ᠵᠡᠷᠭᠡ ᠤᠯᠠᠨ ᠠᠬᠠᠮᠠᠳ ᠨᠠᠷ ︽ᠶᠡᠬᠡᠯ᠎ᠡ ᠬᠤᠯᠠ ᠭᠠᠵᠠᠷ ᠶᠤᠮ ᠪᠠᠶᠢᠨ᠎ᠠ᠂ | ᠳᠠᠨᠠᠷ ᠪᠠᠰᠠ ᠬᠤᠪᠢ ᠲᠠᠢ ᠤᠯᠤᠰ ᠡ︾ ᠭᠡᠵᠡᠭᠡᠵᠦ ᠪᠠᠶᠢᠪᠠ᠂ ᠮᠢᠨᠤ ᠬᠠᠮᠳᠦ ᠰᠤᠷᠤᠯᠭᠠᠳᠠᠨ ᠪᠤᠶᠠᠨᠳᠡᠯᠭᠡᠷ ᠭᠤᠸᠠᠢ ︽ | ᠳᠠᠨᠠᠷ ᠪᠠᠰᠠ ᠵᠤᠯ ᠲᠠᠢ ᠶᠤᠮ ᠡ᠂ ᠳᠠᠷᠠᠭ᠎ᠠ ᠤᠳᠠᠭ᠎ᠠ ᠶᠠᠪᠤᠪᠠᠯ ᠨᠠᠮ᠎ᠠ ᠶᠢ ᠳᠠᠭᠠᠭᠤᠯᠤᠭᠠᠳ ᠶᠠᠪᠤ᠂ ᠪᠢ | ᠰᠦᠢᠳᠭᠡᠯ ᠢᠶᠠᠨ ᠦᠪᠡᠷᠳᠡᠭᠡᠨ ᠬᠠᠷᠢᠭᠤᠴᠠᠶ᠎ᠠ︾ ᠭᠡᠵᠦ ᠭᠤᠶᠤᠵᠦ ᠪᠠᠶᠢᠭᠰᠠᠨ᠂ ᠡᠳᠡᠭᠡᠷ ᠪᠠᠶᠢᠳᠠᠯ ᠠᠴᠠ | ᠠᠵᠢᠭᠯᠠᠬᠤ ᠳᠤ ᠡᠨᠡ ᠲᠤᠬᠠᠢ ᠠᠬᠠᠮᠠᠳ ᠨᠠᠷ ᠶᠡᠭᠡ ᠰᠤᠨᠢᠷᠬᠠᠯ ᠲᠠᠢ ᠪᠦᠭᠡᠳ ᠬᠦᠰᠡᠯ ᠡᠷᠡᠮᠵᠡᠯᠡᠯ ᠤᠨ ᠬᠠᠯᠠᠭᠤᠨ | ᠰᠡᠳᠭᠢᠯᠭᠡ ᠨᠢᠭᠤᠭᠳᠠᠵᠦ ᠪᠠᠶᠢᠬᠤ ᠪᠠ ᠬᠠᠰᠢᠯᠠ ᠤᠯᠠᠮᠵᠢᠯᠠᠯ ᠤᠨ ᠬᠦᠴᠦᠨ ᠤ ᠤᠴᠢᠷ ᠪᠤᠯᠬᠤ ᠨᠢ ᠢᠯᠡᠷᠬᠡᠢ ᠪᠠᠶᠢᠨ᠎ᠠ | ᠃ | ︵2︶ ᠮᠠᠯ ᠰᠦᠷᠦᠭ ᠤᠨ ᠤᠭᠰᠠᠭ᠎ᠠ ᠤᠳᠤᠮ ᠪᠤᠯᠤᠨ ᠵᠠᠩ ᠦᠢᠯᠡ ᠶᠢᠨ ᠳᠠᠯ᠎ᠠ ᠪᠠᠷ ᠬᠢ ᠢᠵᠢᠯ ᠳᠠᠯ᠎ᠠ | ᠤᠯᠠᠨ ᠪᠠᠶᠢᠬᠤ ᠲᠤᠬᠠᠢ᠂ ᠮᠠᠯ ᠡᠭᠦᠯᠳᠡᠷ ᠤᠨ ᠤᠳᠤᠮ ᠤᠭᠰᠠᠭ᠎ᠠ ᠳᠠᠬᠢ ᠢᠵᠢᠯ ᠲᠠᠯ᠎ᠠ ᠭᠡᠪᠡᠯ 2006 ᠤᠨ ᠤ | ᠬᠠᠪᠤᠷ᠂ ᠪᠢᠳᠡ ᠬᠤᠪᠳᠦ ᠠᠶᠢᠮᠠᠭ ᠤᠨ ᠴᠡᠴᠡᠭ ᠰᠤᠮᠤᠨ ᠤ ᠬᠡᠳᠦᠨ ᠮᠠᠯᠵᠢᠬᠤ ᠡᠷᠦᠬᠡ ᠪᠠᠷ ᠳᠠᠮᠵᠢᠭᠰᠠᠨ ᠶᠤᠮ᠂ | ᠰᠠᠭᠠᠬᠤ ᠰᠤᠪᠠᠢ ᠨᠡᠶᠢᠯᠡᠭᠡᠳᠦᠢ ᠪᠠᠶᠢᠭᠰᠠᠨ ᠴᠠᠭ᠂ ᠡᠷᠭᠢ ᠶᠢᠨ ᠨᠦᠮᠦᠷᠢ ᠪᠠᠷ ᠬᠤᠷᠠᠭ᠎ᠠ ᠤᠳ ᠬᠤᠶᠢᠨᠠᠷᠠᠨ ᠲᠤᠭᠯᠠᠵᠦ | ᠪᠠᠶᠢᠪᠠ᠂ ᠪᠠᠭᠤᠵᠦ ᠦᠵᠡᠬᠦ ᠳᠤ ᠮᠦᠨ ᠦᠵᠦᠮᠦᠴᠢᠨ ᠬᠤᠨᠢᠳ ᠲᠠᠢ ᠠᠳᠠᠯᠢᠬᠠᠨ ᠲᠦᠭᠦᠷᠢᠭ ᠰᠡᠭᠦᠯ ᠬᠢᠯᠭᠠᠰᠤᠨ | ᠤᠩᠭᠠᠰᠤ᠂ ᠬᠠᠷᠠᠨᠳᠠᠨ ᠪᠤᠷᠤᠨᠳᠤᠨ ᠵᠢᠰᠦᠮ ᠵᠡᠷᠭᠡ ᠨᠢ ᠵᠦᠷᠢᠶ᠎ᠡ ᠦᠭᠡᠢ᠂ ᠪᠡᠶ᠎ᠡ ᠶᠢᠨ ᠭᠠᠯᠪᠢᠷ ᠲᠦᠷᠬᠦ ᠨᠢ ᠴᠣ᠋ | ᠠᠳᠠᠯᠢ ᠪᠠᠶᠢᠭᠰᠠᠨ᠂ ᠭᠡᠳᠡᠯ᠎ᠡ ᠺᠠᠽᠠᠭ ᠤᠨ ᠤᠭᠤᠴᠠᠨ ᠰᠡᠭᠦᠯᠳᠦ ᠬᠤᠨᠢᠳ ᠦᠰᠦᠳ ᠦᠭᠡᠷ᠎ᠡ ᠪᠠᠶᠢᠵᠦ᠂ ᠪᠡᠶ᠎ᠡ | ᠪᠦᠳᠦᠭᠦᠨ ᠮᠦᠷᠳᠡᠭᠡᠨ ᠰᠠᠯᠠᠭ᠎ᠠ ᠰᠡᠭᠦᠯ ᠲᠠᠢ ᠤᠨᠳᠤᠤ ᠲᠦᠷᠦᠯ ᠪᠤᠯᠬᠤ ᠨᠢ ᠢᠯᠡᠷᠬᠡᠢ ᠪᠠᠶᠢᠯ᠎ᠠ᠂ ᠨᠢᠳᠤᠨᠤᠨ ᠨᠠᠮᠤᠷ | ᠰᠠᠭᠰᠠᠢ ᠰᠤᠮᠤᠨ ᠳᠤ ᠬᠡᠳᠦ ᠬᠤᠨᠤᠬᠤ ᠳᠤ ᠰᠤᠮᠤᠨ ᠳᠡᠭᠡᠷ᠎ᠡ ᠢᠷᠡᠬᠦ ᠮᠤᠷᠢᠳᠡᠳ ᠤᠯᠠᠩᠬᠢ ᠨᠢ ᠲᠠᠷᠭᠤᠨ ᠴᠠᠭᠠᠨ | ᠮᠤᠷᠢ ᠤᠨᠤᠴᠢᠭᠰᠠᠨ ᠶᠠᠪᠤᠵᠦ ᠪᠠᠶᠢᠯ᠎ᠠ᠂ ᠭᠡᠪᠡᠴᠦ ᠡᠳᠡᠭᠡᠷ ᠮᠤᠷᠢᠳ ᠨᠢ ᠦᠵᠦᠮᠦᠴᠢᠨ ᠠᠳᠤᠭᠤᠨ ᠤ ᠪᠠᠶ᠎ᠡ ᠲᠦᠷᠬᠦ | ᠲᠠᠢ ᠲᠦᠯᠦᠪ ᠮᠤᠩᠭᠤᠯ ᠮᠤᠷᠢᠳ ᠪᠠᠶᠢᠭᠰᠠᠨ᠂ ᠬᠤᠪᠳᠦ ᠪᠠᠷ ᠶᠠᠪᠤᠵᠦ ᠪᠠᠶᠢᠬᠤ ᠳᠤ ᠴᠡᠩᠬᠡᠷ ᠪᠤᠷᠤ ᠦᠩᠭᠡᠳᠡᠢ | ᠴᠠᠶᠢᠪᠤᠷ ᠵᠢᠰᠦᠮ ᠤᠨ ᠠᠳᠤᠭᠤᠳ ᠳᠠᠭᠠᠷᠠᠵᠦ ᠪᠠᠶᠢᠭᠰᠠᠨ ᠨᠢ ᠦᠵᠦᠮᠦᠴᠢᠨ ᠨᠤᠲᠤᠭ ᠲᠠᠭᠠᠨ ᠶᠠᠪᠤᠵᠦ ᠪᠠᠶᠢᠬᠤ ᠰᠢᠭ᠋ | ᠰᠠᠨᠠᠭᠳᠠᠵᠦ ᠪᠠᠶᠢᠯ᠎ᠠ᠃ ᠵᠠᠩ ᠳᠠᠳᠬᠠᠯ ᠵᠠᠩ ᠦᠢᠯᠡ ᠶᠢᠨ ᠳᠠᠯ᠎ᠠ ᠪᠠᠷ ᠢᠵᠢᠯ ᠳᠠᠯ᠎ᠠ ᠭᠡᠪᠡᠯ ᠳᠡᠭᠡᠷ᠎ᠡ ᠵᠠᠭᠤᠨ ᠤ | ᠵᠢᠷᠠᠭᠠᠳ ᠤᠨ ᠳᠤ ᠪᠠᠭ᠎ᠠ ᠪᠠᠶᠢᠬᠤᠢ ᠳᠤ ᠮᠠᠨᠠᠶᠢᠬᠢᠨ ᠬᠤᠨᠢ ᠠᠯᠠᠵᠦ ᠦᠪᠴᠢᠭᠰᠡᠨ ᠤ ᠳᠠᠷᠠᠭ᠎ᠠ᠂ ᠲᠦᠷᠪᠡᠨ | ᠮᠦᠴᠢ ᠪᠠᠷ ᠨᠢ ᠰᠠᠯᠭᠠᠵᠦ ᠭᠡᠷ ᠤᠨ ᠪᠠᠷᠠᠭᠤᠨ ᠡᠮᠦᠨ᠎ᠡ ᠬᠠᠨ᠎ᠠ ᠶᠢᠨ ᠲᠤᠯᠤᠭᠠᠢ ᠠᠴᠠ ᠳᠡᠭᠦᠵᠢᠯᠡᠨ ᠳᠠᠯᠪᠢᠳᠠᠭ᠂ | ᠱᠦᠯᠦ ᠲᠠᠢ ᠬᠤᠭᠤᠯᠠ ᠬᠢᠬᠦ ᠦᠶ᠎ᠡ ᠵᠤᠵᠠᠭᠠᠨ ᠮᠢᠬᠠᠨ ᠠᠴᠠ ᠨᠢ ᠤᠭᠳᠤᠯᠤᠨ ᠠᠪᠴᠤ ᠭᠦᠰᠭᠦᠯᠡᠳᠡᠭ ᠪᠠᠶᠢᠭᠰᠠᠨ | ᠳ᠋ᠠ᠂ ᠡᠨᠡ ᠤᠳᠠᠭ᠎ᠠ ᠮᠠᠩᠬᠠᠨ ᠰᠤᠮᠤᠨ ᠤ ᠵᠠᠬᠠᠴᠢᠨ ᠶᠠᠰᠤᠳᠠᠨ ᠰᠦᠷᠦᠩᠵᠡᠪ᠂ ᠴᠡᠴᠡᠭ ᠰᠤᠮᠤᠨ ᠤ | ᠮᠦᠩᠬᠡᠰᠠᠶᠢᠬᠠᠨ ᠤ ᠵᠡᠷᠭᠡ ᠠᠶᠢᠯ ᠤᠳ ᠡᠳᠡᠭᠡᠷ ᠵᠠᠩ ᠦᠢᠯᠡ ᠪᠠᠨ ᠬᠠᠳᠠᠭᠠᠯᠠᠵᠦ ᠪᠠᠶᠢᠬᠤ ᠶᠢ ᠤᠯᠵᠦ ᠦᠵᠡᠭᠰᠡᠨ | ᠪᠦᠭᠡᠳ ᠳᠠᠳᠡᠨᠡᠶᠢᠬᠢᠨ ᠳᠤ ᠪᠢᠳᠡ ᠦᠳᠡᠯᠡᠵᠦ ᠱᠦᠯᠦ ᠲᠠᠢ ᠬᠤᠭᠤᠯᠠ ᠢᠳᠡᠭᠰᠡᠨ ᠪᠠᠶᠢᠭ᠎ᠠ ᠶᠤᠮ᠃ | ᠴᠠᠭᠠᠨ ᠢᠳᠡᠭᠡᠨ ᠤ ᠵᠠᠩ ᠦᠢᠯᠡ ᠶᠢᠨ ᠲᠠᠯ᠎ᠠ ᠪᠠᠷ ᠭᠠᠩ ᠳᠤ ᠠᠶᠢᠷᠠᠭᠯᠠᠨ ᠬᠦᠷᠦᠩᠭᠡᠯᠡᠵᠦ᠂ ᠬᠦᠴᠦᠯᠢᠭ | ᠬᠤᠷᠤᠳ ᠰᠢᠬᠠᠨ ᠬᠢᠵᠦ ᠪᠢᠳᠡᠮᠦᠷᠯᠡᠨ ᠬᠠᠳᠠᠭᠠᠳᠠᠭ ᠨᠢ ᠪᠢᠳᠡᠨ ᠳᠤ ᠴᠠᠢ ᠠᠶᠠᠭᠠᠯᠠᠨ ᠬᠢᠵᠦ ᠦᠭᠬᠦ ᠳᠤ ᠪᠦᠷ | ᠢᠯᠡᠷᠡᠵᠦ ᠪᠠᠶᠢᠪᠠ᠂ ᠮᠤᠩᠭᠤᠯ ᠤᠯᠤᠰ ᠤᠨ ᠵᠠ᠊᠂ ᠭᠤᠨᠴᠤᠭᠵᠠᠪ ᠤᠨ ︽ᠦᠵᠦᠮᠦᠴᠢᠨ ᠶᠠᠰᠤᠳᠠᠨ ᠨᠤᠭᠤᠳ ᠤᠨ | ᠪᠡᠯᠡᠳᠭᠡᠭᠰᠡᠨ ᠠᠭᠠᠷᠣᠯ ᠬᠤᠷᠤᠳ ᠵᠡᠷᠭᠡ ᠴᠠᠭᠠᠨ ᠢᠳᠡᠭᠡᠨ ᠤ ᠠᠮᠳᠠ ᠴᠢᠨᠠᠷ᠂ ᠬᠡᠯᠪᠡᠷᠢ ᠮᠠᠶ᠋ᠢᠭ ᠨᠢ ᠪᠠᠷᠠᠭᠤᠨ | ᠮᠤᠩᠭᠤᠯ ᠤᠨ ᠮᠠᠯᠴᠢᠳ ᠤᠨ ᠬᠢ ᠲᠠᠢ ᠠᠳᠠᠯᠢᠬᠠᠨ ᠵᠤᠵᠠᠭᠠᠨ ᠰᠢᠬᠠᠵᠦ᠂ ᠲᠦᠷᠪᠡᠯᠵᠢᠨ ᠭᠡᠷᠴᠢᠵᠦ ᠬᠠᠳᠠᠭᠠᠳᠠᠭ︾ | ᠭᠡᠵᠦ ᠳᠡᠮᠳᠡᠭᠯᠡᠭᠰᠡᠨ ᠨᠢ ᠴᠠᠭᠠᠨ ᠢᠳᠡᠭᠡᠨ ᠤ ᠳᠠᠯ᠎ᠠ ᠪᠠᠷ ᠬᠤᠶᠠᠷ ᠤᠷᠤᠨ ᠤ ᠮᠠᠯᠴᠢᠳ ᠤᠨ ᠢᠵᠢᠯ ᠳᠠᠯ᠎ᠠ ᠶᠢ | ᠠᠮᠢᠳᠤᠯᠢᠭ ᠪᠠᠷ ᠲᠤᠰᠬᠠᠨ ᠦᠭᠦᠯᠡᠭᠰᠡᠨ ᠪᠠᠶᠢᠭ᠎ᠠ ᠶᠤᠮ᠃ | ᠲᠡᠬᠢᠯᠭ᠎ᠠ ᠶᠢᠨ ᠵᠠᠩ ᠦᠢᠯᠡ ᠶᠢᠨ ᠳᠠᠯ᠎ᠠ ᠪᠠᠷ᠂ ᠪᠢᠳᠡ ᠠᠯᠳᠠᠢ ᠰᠤᠮᠤᠨ ᠤ ᠳᠠᠯ᠎ᠠ ᠭᠠᠷᠤᠭᠰᠠᠨ ᠨᠠᠰᠤᠳᠠᠨ | ᠯᠢᠰᠢᠸ᠋ ᠶᠢ ᠰᠤᠷᠪᠤᠯᠵᠢᠯᠠᠬᠤ ᠳᠤ ︿︿ᠮᠠᠨᠠᠶᠢᠬᠢᠨ ᠶᠡᠷᠦ ᠨᠢ ᠡᠷᠳᠡ ᠳᠡᠭᠡᠳᠦ ᠠᠴᠠ ᠴᠠᠭᠠᠨ ᠰᠠᠷ᠎ᠠ ᠶᠢᠨ ᠰᠢᠨ᠎ᠡ ᠶᠢᠨ | ᠨᠢᠭᠡᠨ ᠤ ᠦᠷᠯᠦᠭᠡ ᠡᠷᠳᠡ ᠳᠤ ᠪᠤᠰᠬᠠᠭᠰᠠᠨ ᠤᠪᠤᠭᠠᠨ ᠳᠠᠭᠠᠨ ᠭᠠᠷᠴᠤ ᠲᠡᠭᠷᠢ ᠳᠤ ᠳᠠᠭᠠᠳᠬᠠᠨ᠂ ᠠᠷᠪᠠᠨ ᠭᠤᠷᠪᠠᠨ | ᠠᠯᠳᠠᠢ ᠳᠠᠭᠠᠨ ᠮᠦᠷᠭᠦᠵᠦ ᠪᠠᠷᠠᠭᠰᠠᠨ ᠤ ᠳᠠᠷᠠᠭ᠎ᠠ ᠰᠠᠶ᠋ᠢ ᠭᠡᠷ ᠡᠷᠦᠬᠡ ᠪᠠᠷ ᠢᠶᠠᠨ ᠰᠢᠨᠡᠯᠡᠳᠡᠭ﹀﹀ ᠭᠡᠵᠦ ᠬᠡᠯᠡᠭᠰᠡᠨ ᠨᠢ | ᠪᠦᠬᠡ ᠮᠦᠷᠭᠦᠯ ᠤᠨ ᠳᠠᠬᠢᠯᠭ᠎ᠠ ᠶᠢᠨ ᠵᠠᠩ ᠦᠢᠯᠡ ᠶᠢᠨ ᠳᠠᠯᠠᠪᠡᠷ ᠦᠵᠦᠮᠦᠴᠢᠨ ᠤ ᠰᠢᠨ᠎ᠡ ᠶᠢᠨ ᠨᠢᠭᠡᠨ ᠤ ᠲᠡᠭᠷᠢ | ᠳᠠᠬᠢᠬᠤ ᠵᠠᠩ ᠦᠢᠯᠡ ᠲᠠᠢ ᠠᠳᠠᠯᠢ ᠪᠠᠶᠢᠨ᠎ᠠ᠃ | ᠬᠤᠪᠴᠠᠰᠦ ᠵᠠᠰᠠᠯ ᠤᠨ ᠳᠠᠯ᠎ᠠ ᠪᠠᠷ ᠪᠢᠳᠡ ᠠᠯᠳᠠᠢ ᠪᠤᠶᠠᠨᠳᠦ ᠬᠤᠶᠠᠷ ᠰᠤᠮᠤ ᠪᠠᠷ ᠰᠤᠷᠪᠤᠯᠵᠢᠯᠠᠬᠤ ᠳᠤ ᠤᠷᠳᠦ | ᠬᠤᠪᠴᠠᠰᠦ ᠲᠠᠢ ᠪᠠᠨ ᠶᠠᠪᠤᠭᠰᠠᠨ ᠶᠤᠮ᠂ ᠠᠯᠳᠠᠢ ᠰᠤᠮᠤᠨ ᠤ ᠯᠢᠰᠢᠸ᠋ ᠨᠠᠰᠤᠳᠠᠨ᠂ ᠪᠤᠶᠠᠨᠳᠦ ᠰᠤᠮᠤᠨ ᠤ | ᠭᠠᠩᠳᠤᠯᠭ᠎ᠠ ᠪᠤᠯᠤᠨ ᠳᠡᠭᠦᠨ ᠤ ᠠᠪᠠᠭ᠎ᠠ ᠡᠭᠡᠴᠢ ᠨᠠᠷ ᠪᠢᠳᠡᠨ ᠤ ᠬᠤᠪᠴᠠᠰᠦ ᠶᠢ ᠦᠵᠡᠭᠡᠳ ᠶᠡᠬᠡᠪᠡᠷ ᠭᠠᠶᠢᠬᠠᠵᠦ ︽ | ᠳᠠᠨᠠᠷ ᠬᠠᠮᠢᠭᠠᠬᠢ ᠶᠢᠨ ᠤᠯᠤᠰ ᠪᠤᠢ᠂ ᠡᠶᠢᠮᠦ ᠰᠠᠶᠢᠬᠠᠨ ᠠᠭᠤᠵᠢᠮ ᠬᠤᠪᠴᠠᠰᠤ ᠲᠠᠢ ᠶᠠᠪᠤᠭ᠎ᠠ ᠨᠢ᠂ ᠮᠠᠨ ᠤ | ᠡᠪᠦᠭᠡ ᠶᠢᠨ ᠦᠶ᠎ᠡ ᠳᠤ ᠶᠠᠭ ᠡᠶᠢᠮᠦᠷᠬᠦ ᠦᠷᠭᠡᠨ ᠲᠦᠷᠪᠡᠯᠵᠢᠨ ᠡᠩᠭᠡᠷ ᠲᠠᠢ᠂ ᠬᠤᠷᠭᠤᠢ ᠡᠮᠵᠢᠶᠡᠷᠳᠠᠢ ᠠᠭᠤᠵᠢᠮ | ᠬᠤᠪᠴᠠᠰᠤ ᠡᠮᠦᠰᠴᠦ ᠪᠠᠶᠢᠭᠰᠠᠨ᠂ ᠤᠳᠤ ᠪᠦᠷ ᠬᠠᠯᠬ᠎ᠠ ᠶᠢᠨ ᠪᠠᠷᠢᠭᠤ ᠬᠤᠪᠴᠠᠰᠤ ᠡᠮᠦᠰᠬᠦ ᠪᠤᠯᠤᠭᠰᠠᠨ︾ ᠭᠡᠵᠦ | ᠪᠠᠶᠢᠭᠰᠠᠨ ᠪᠦᠭᠡᠳ ᠭᠠᠩᠳᠤᠯᠭ᠎ᠠ ᠭᠤᠸᠠᠢ ᠡᠪᠦᠭᠡ ᠠᠪᠤ ᠶᠢᠨ ᠢᠶᠠᠨ ᠰᠡᠭᠦᠳᠡᠷ ᠢ ᠵᠢᠭᠠᠵᠦ ᠶᠠᠷᠢᠨ᠎ᠠ᠂ ᠬᠤᠪᠴᠠᠰᠤ | ᠵᠠᠰᠠᠯ ᠤᠨ ᠲᠤᠬᠠᠢ ᠶᠠᠷᠢᠯᠴᠠᠵᠦ ᠪᠠᠶᠢᠭᠠᠳ ᠭᠠᠩᠳᠤᠯᠭ᠎ᠠ᠂ ᠰᠠᠶᠢᠫᠢᠲ ᠨᠠᠷ ︽ᠡᠨᠡ ᠵᠢᠯ ᠤᠨ 6 ᠰᠠᠷ᠎ᠠ ᠶᠢᠨ | ᠦᠶ᠎ᠡ ᠪᠠᠷ ᠬᠤᠪᠳᠦ ᠠᠶᠢᠮᠠᠭ ︿ᠢᠵᠠᠭᠤᠷ ᠰᠤᠶᠤᠯ﹀ ᠤᠨ ᠦᠵᠡᠭᠦᠯᠦᠯᠭᠡ ᠬᠢᠬᠦ ᠳᠤ ᠦᠵᠦᠮᠦᠴᠢᠨ ᠬᠤᠪᠴᠠᠰᠤ | ᠵᠠᠰᠠᠯ ᠭᠡᠵᠦ ᠲᠧᠯᠸᠢᠰ ᠳᠡᠭᠡᠷ᠎ᠡ ᠭᠠᠷᠴᠦ ᠪᠠᠶᠢᠭᠰᠠᠨ︾ ᠭᠡᠪᠡ᠃ ᠤᠯᠠᠭᠠᠨᠪᠠᠭᠳᠤᠷ ᠤᠨ ᠰᠠᠭᠤᠭᠠᠯᠢ ᠢᠷᠭᠡᠨ ᠳ᠋ᠠᠰᠢᠪᠠᠯ | ᠭᠤᠸᠠᠢ ᠪᠠᠰᠠ᠄ ︽ᠤᠯᠠᠭᠠᠨᠪᠠᠭᠠᠳᠤᠷ ᠬᠤᠳᠠ ᠳᠤ ᠬᠤᠪᠳᠤ ᠠᠶᠢᠮᠠᠭ ᠠᠴᠠ ᠦᠵᠦᠮᠦᠴᠢᠨ ᠬᠤᠪᠴᠠᠰᠤᠨ ᠤ | ᠦᠵᠡᠭᠦᠯᠦᠯᠭᠡ ᠬᠢᠭᠰᠡᠨ︾ ᠭᠡᠵᠦ ᠭᠤ ᠲᠠᠪᠬᠠᠢ ᠳᠤ ᠮᠡᠳᠡᠭᠳᠡᠭᠰᠡᠨ ᠪᠠᠶᠢᠨ᠎ᠠ᠃ ᠳᠡᠭᠡᠪᠡᠯ ᠦᠵᠦᠮᠦᠴᠢᠨ ᠬᠤᠪᠴᠠᠰᠤ | ᠵᠠᠰᠠᠯ ᠨᠢ ᠳᠡᠨᠳᠡᠬᠢ ᠬᠤᠴᠤᠷᠴᠤ ᠦᠯᠡᠳᠡᠭᠡᠭᠰᠡᠨ ᠦᠵᠦᠮᠦᠴᠢᠨᠴᠤᠳ ᠠᠴᠠ ᠤᠯᠠᠮᠵᠢᠯᠠᠭᠰᠠᠨ ᠬᠤᠪᠴᠠᠰᠤ ᠤᠤ᠂ | ᠡᠰᠡᠪᠡᠯ ᠮᠤᠩᠭᠤᠯ ᠲᠤᠭᠠᠳᠠᠨ ᠤ ᠨᠡᠶᠢᠳᠡ ᠶᠢᠨ ᠬᠤᠪᠴᠠᠰᠤᠨ ᠤ ᠦᠯᠢᠭᠡᠷ ᠬᠡᠪ ᠴᠤ ᠶᠤᠮ ᠤᠤ ᠭᠡᠳᠡᠭ ᠢ | ᠰᠤᠳᠤᠯᠤᠭᠤᠰᠢᠳᠠᠢ ᠶᠤᠮ᠃ | ︵3︶ ᠠᠯᠳᠠᠢ ᠤᠷᠤᠨ ᠳᠠᠬᠢ ᠦᠵᠦᠮᠦᠴᠢᠨ ᠤ ᠲᠤᠬᠠᠢ ᠳᠠᠮ ᠲᠤᠰᠬᠠᠯ ᠢ ᠰᠢᠨᠵᠢᠯᠡᠪᠡᠯ ᠴᠡᠴᠡᠭ ᠰᠤᠮᠤᠨ ᠤ | ᠲᠠᠯ᠎ᠠ ᠭᠠᠷᠤᠭᠰᠠᠨ ᠪᠠᠷᠭᠤᠴᠤᠳ ᠤᠪᠤᠭᠳᠦ ᠳᠠᠮᠪᠢ ᠭᠤᠸᠠᠢ᠄ ︽ᠦᠵᠦᠮ ᠤᠨ ᠴᠠᠭᠠᠨ ᠠᠭᠤᠯᠠ ᠨᠢ ᠦᠨᠡᠬᠡᠷ | ᠪᠠᠶᠠᠯᠢᠭ ᠲᠠᠢ ᠨᠤᠲᠤᠭ ᠳ᠋ᠠ ᠭᠡᠵᠦ ᠪᠠᠭ᠎ᠠ ᠳᠠᠭᠠᠨ ᠳᠠᠭᠤᠯᠠᠵᠦ ᠪᠠᠶᠢᠭᠰᠠᠨ︾ ᠭᠡᠪᠡ᠂ ᠡᠭᠦᠨ ᠠᠴᠠ ᠦᠵᠦᠮ ᠤᠨ | ᠴᠠᠭᠠᠨ ᠠᠭᠤᠯᠠ ᠨᠢ ᠡᠷᠳᠡ ᠦᠶ᠎ᠡ ᠬᠦᠨᠳᠦᠳᠭᠡᠯ ᠠᠯᠳᠠᠷ ᠲᠠᠢ ᠭᠠᠵᠠᠷ ᠤᠰᠤᠨ ᠪᠠᠶᠢᠵᠦ᠂ ᠮᠤᠩᠭᠤᠯ ᠤᠨ | ᠬᠤᠪᠢᠰᠬᠠᠯ ᠤᠨ ᠡᠬᠢᠨ ᠤ ᠦᠶ᠎ᠡ ᠢᠷᠡᠳᠡᠯ᠎ᠡ ᠳᠠᠭᠤᠯᠠᠭᠳᠠᠵᠦ ᠪᠠᠶᠢᠭᠰᠠᠨ ᠨᠢ ᠢᠯᠡᠷᠬᠡᠢ᠂ ᠲᠡᠭᠡᠪᠡᠯ ᠡᠨᠡ ᠲᠠᠭᠤᠤ ᠶᠢ | ᠶᠠᠮᠠᠷ ᠬᠦᠮᠦᠨ ᠤᠯᠠᠮᠵᠢᠯᠠᠭᠰᠠᠨ ᠪᠤᠢ ᠭᠡᠪᠡᠯ ᠶᠠᠷᠢᠶᠡᠨ ᠦᠭᠡᠢ ᠦᠵᠦᠮᠦᠴᠢᠨ ᠤ ᠦᠯᠡᠳᠡᠵᠦ ᠬᠤᠴᠤᠷᠤᠭᠰᠠᠨ ᠨᠢᠭᠡ | ᠭᠡᠰᠡᠭ ᠬᠦᠮᠦᠰ ᠪᠤᠯᠬᠤ ᠨᠢ ᠲᠡᠮ ᠲᠤᠰᠬᠠᠭᠳᠠᠵᠦ ᠪᠤᠢ᠂ ᠡᠭᠦᠨ ᠢᠶᠠᠷ ᠪᠠᠷᠠᠬᠤ ᠦᠭᠡᠢ ᠠᠯᠳᠠᠢ ᠨᠢᠷᠤᠭᠤᠨ ᠳᠤ | ᠦᠵᠦᠮ ᠤᠨ ᠴᠠᠭᠠᠨ ᠠᠭᠤᠯᠠ ᠭᠡᠬᠦ ᠭᠠᠵᠠᠷ ᠪᠠᠶᠢᠬᠤ ᠶᠢ ᠴᠤ ᠭᠡᠷᠡᠴᠢᠯᠡᠭᠰᠡᠨ ᠪᠠᠶᠢᠭ᠎ᠠ ᠶᠤᠮ᠃ | ᠷᠢᠨᠴᠢᠨᠳᠤᠷᠵᠢ ᠭᠤᠸᠠᠢ ︽ᠪᠠᠶᠠᠨ ᠦᠯᠦᠭᠡᠢ ᠠᠶᠢᠮᠠᠭ ᠤᠨ ᠪᠤᠶᠠᠨᠳᠦ ᠰᠤᠮᠤᠨ ᠳᠤ ᠪᠠᠶᠠᠨᠪᠠ ᠭᠡᠬᠦ | ᠦᠵᠦᠮᠦᠴᠢᠨ ᠭᠠᠷᠤᠯᠳᠠᠨ ᠪᠠᠶᠢᠨ᠎ᠠ︾ ᠭᠡᠰᠡᠨ᠂ ᠳ᠋ᠠᠰᠢᠪᠠᠯ ︽ᠤᠪᠰᠦ ᠠᠶᠢᠮᠠᠭ ᠤᠨ ᠬᠠᠨ ᠬᠦᠬᠦᠢ ᠨᠢᠷᠤᠭᠤ ᠪᠠᠷ | ᠦᠵᠦᠮᠦᠴᠢᠨ ᠳᠠᠳᠠᠯᠭ᠎ᠠ ︵ᠠᠪᠢᠶ᠎ᠠ︶ ᠲᠠᠢ ᠬᠦᠮᠦᠰ ᠪᠤᠢ︾ ᠭᠡᠵᠦ ᠮᠡᠳᠡᠭᠡᠯᠡᠭᠰᠡᠨ᠂ ᠭᠠᠩᠳᠤᠯᠭ᠎ᠠ ᠨᠠᠷ ︽ᠬᠤᠪᠳᠦ | ᠠᠶᠢᠮᠠᠭ ᠲᠤ ᠦᠵᠦᠮᠦᠴᠢᠨ ᠵᠠᠰᠠᠯ ᠤᠨ ᠦᠵᠡᠭᠦᠯᠦᠯᠭᠡ ᠬᠢᠯ᠎ᠡ︾᠂ ᠳ᠋ᠠᠰᠢᠪᠠᠯ ᠤᠨ ︽ᠤᠯᠠᠭᠠᠨᠪᠠᠭᠠᠳᠤᠷ ᠬᠤᠳᠠ ᠳᠤ | ᠬᠤᠪᠳᠤ ᠠᠶᠢᠮᠠᠭ ᠠᠴᠠ ᠦᠵᠦᠮᠦᠴᠢᠨ ᠬᠤᠪᠴᠠᠰᠤ ᠶᠢᠨ ᠦᠵᠡᠭᠦᠯᠦᠯᠭᠡ ᠬᠢᠭᠰᠡᠨ︾ ᠭᠡᠬᠦ ᠵᠡᠷᠭᠡ ᠶᠠᠷᠢᠶ᠎ᠠ ᠲᠤᠰᠬᠠᠯ | ᠨᠢ ᠠᠯᠳᠠᠢ ᠤᠷᠤᠨ ᠳᠤ ᠦᠵᠦᠮᠦᠴᠢᠨ ᠤ ᠨᠢᠭᠡ ᠬᠡᠰᠡᠭ ᠠᠶᠢᠯ ᠡᠷᠦᠬᠡ ᠦᠯᠡᠳᠡᠭᠰᠡᠨ ᠭᠡᠳᠡᠭ ᠢ ᠮᠡᠳᠡᠵᠦ ᠪᠤᠯᠬᠤ | ᠪᠦᠭᠡᠳ ᠬᠤᠪᠳᠦ᠂ ᠪᠠᠶᠠᠨ ᠦᠯᠦᠭᠡᠢ᠂ ᠤᠪᠰᠦ ᠵᠡᠷᠭᠡ ᠪᠠᠷᠠᠭᠤᠨ ᠪᠡᠶ᠎ᠡ ᠠᠶᠢᠮᠠᠭ ᠢᠶᠠᠷ ᠦᠵᠦᠮᠦᠴᠢᠨ ᠶᠠᠰᠤᠳᠠᠨ | ᠲᠠᠷᠬᠠᠵᠦ ᠪᠠᠶᠢᠬᠤ ᠶᠢ ᠰᠤᠳᠤᠯᠤᠭᠤᠰᠢᠳᠠᠢ ᠶᠤᠮ᠂ ᠬᠦᠮᠦᠨ ᠤ ᠪᠤᠳᠠᠳᠦ ᠴᠤᠭᠴᠠ ᠦᠭᠡᠢ ᠪᠤᠯ ᠬᠤᠪᠴᠠᠰᠦ ᠵᠠᠰᠠᠯ᠂ | ᠬᠡᠯᠡ ᠠᠪᠢᠶ᠎ᠠ ᠭᠡᠵᠦ ᠤᠯᠠᠮᠵᠢᠯᠠᠭᠳᠠᠨ ᠲᠤᠭᠳᠠᠵᠦ ᠴᠢᠳᠠᠬᠤ ᠦᠭᠡᠢ ᠨᠢ ᠮᠡᠳᠡᠭᠡᠵᠢ ᠶᠢᠨ ᠬᠡᠷᠡᠭ ᠶᠤᠮ᠃ | ᠬᠡᠯᠡ ᠠᠪᠢᠶ᠎ᠠ ᠶᠢᠨ ᠳᠠᠯ᠎ᠠ ᠪᠠᠷ ᠠᠯᠳᠠᠢ ᠤᠷᠤᠨ ᠤ ᠮᠤᠩᠭᠤᠯᠴᠤᠳ ᠤᠨ ᠦᠬᠡ ᠶᠠᠷᠢᠶ᠎ᠠ ᠨᠢ ᠪᠢᠳᠡᠨ ᠳᠤ ᠶᠡᠭᠡ | ᠤᠶᠢᠯᠠᠭᠠᠮᠵᠢᠳᠠᠢ᠂ ᠬᠠᠯᠬ᠎ᠠ ᠦᠭᠡ ᠶᠢ ᠪᠤᠳᠤᠪᠠᠯ ᠤᠳᠠᠭᠠᠯᠢᠭ ᠪᠦᠭᠡᠳ ᠲᠤᠳᠦ ᠰᠤᠨᠤᠰᠬᠠᠯᠳᠠᠢ ᠪᠠᠶᠢᠨ᠎ᠠ᠂ ᠮᠦᠨ | ᠦᠵᠦᠮᠦᠴᠢᠨ ᠬᠡᠯᠡᠴᠡ ᠰᠢᠭ ᠬᠡᠯᠡᠨ ᠤ ᠦᠵᠦᠭᠦᠷ ᠢᠶᠠᠨ ᠳᠠᠩᠨᠠᠢ ᠳᠠᠭᠠᠨ ᠲᠤᠯᠭᠠᠵᠦ ᠠᠪᠢᠶᠠᠯᠠᠬᠤ ᠲᠠᠢ ᠬᠤᠯᠪᠤᠭ᠎ᠠ | ᠲᠠᠢ ᠰᠢᠭ᠋ ᠠᠵᠢᠭᠯᠠᠭᠳᠠᠨ᠎ᠠ᠂ ᠳᠠᠬᠢᠪᠠᠯ ᠮᠤᠩᠭᠤᠯ ᠤᠯᠤᠰ ᠤᠨ ᠤᠪᠰᠤ ᠠᠶᠢᠮᠠᠭ ᠢᠶᠠᠷ ᠨᠤᠲᠤᠭᠳᠠᠢ ᠳᠠᠭᠤᠴᠢᠨ | ᠪᠤᠷᠠᠮᠠ ᠶᠢᠨ ︽ᠵᠠᠬᠠᠴᠢᠨ ᠠᠶᠢᠮᠠᠭ ᠤᠨ ᠪᠡᠰᠡᠷᠡᠭ ᠳᠠᠭᠤᠤ ᠨᠢ ᠦᠵᠦᠮᠦᠴᠢᠨ ᠤ ᠪᠡᠰᠡᠷᠡᠭ ᠳᠠᠭᠤᠤ ᠲᠠᠢ ᠠᠳᠠᠯᠢᠬᠠᠨ︾ | ᠭᠡᠵᠦ ᠰᠢᠨᠵᠢᠯᠡᠭᠰᠡᠨ ᠨᠢ ᠬᠤᠶᠠᠷ ᠤᠷᠤᠨ ᠤ ᠬᠦᠮᠦᠰ ᠤᠨ ᠬᠡᠯᠡ ᠠᠪᠢᠶ᠎ᠠ ᠵᠠᠩ ᠦᠢᠯᠡ ᠶᠢᠨ ᠳᠠᠯ᠎ᠠ ᠪᠠᠷ ᠬᠢ | ᠢᠵᠢᠯᠰᠢᠭ ᠪᠠᠶᠢᠬᠤ ᠶᠢ ᠬᠠᠷᠠᠭᠤᠯᠤᠭᠰᠠᠨ ᠶᠤᠮ᠃ | ᠮᠠᠨ ᠤ ᠬᠤᠰᠢᠭᠤᠨ ᠤ ᠤᠤᠭᠠᠯ ᠨᠤᠲᠤᠭ ᠤᠨ ᠲᠤᠬᠠᠢ ᠰᠢᠨᠵᠢᠯᠡᠯᠳᠡ ᠶᠡᠷᠦᠩᠬᠡᠢ ᠳᠡᠭᠡᠨ ᠶᠡᠭᠡ ᠠᠮᠵᠢᠯᠳᠠ ᠲᠠᠢ | ᠪᠤᠯᠤᠭᠰᠠᠨ ᠮᠦᠷᠳᠡᠭᠡᠨ ᠮᠠᠰᠢ ᠤᠯᠠᠨ ᠰᠤᠳᠤᠯᠭᠠᠨ ᠤ ᠰᠡᠳᠦᠪ ᠢ ᠠᠪᠴᠢᠷᠠᠭᠰᠠᠨ ᠪᠠᠶᠢᠨ᠎ᠠ᠂ ᠬᠤᠷᠢᠶᠠᠩᠭᠤᠶᠢᠯᠠᠪᠠᠯ | ⑴ ᠲᠡᠤᠬᠡᠨ ᠠᠮᠠᠨ ᠤᠯᠠᠮᠵᠢᠯᠠᠯ ᠢᠶᠠᠨ ᠲᠡᠤᠬᠡ ᠶᠢᠨ ᠦᠨᠡᠨ ᠤ ᠪᠤᠳᠠᠳᠦ ᠤᠷᠤᠰᠢᠬᠤᠢ ᠶᠢᠨ ᠭᠡᠷᠡᠴᠢ ᠪᠠᠷᠢᠮᠳᠠ ᠪᠠᠷ | ᠮᠡᠳᠡᠭᠦᠯᠦᠭᠰᠡᠨ᠂⑵ ᠦᠵᠦᠮᠦᠴᠢᠨ ᠤ ᠠᠮᠠᠨ ᠤᠯᠠᠮᠵᠢᠯᠠᠯ ᠨᠢ ᠶᠡᠭᠡ ᠨᠡᠭᠦᠳᠡᠯ ᠤᠨ ᠲᠡᠤᠬᠡᠨ ᠤᠯᠠ ᠮᠦᠷ ᠤᠨ | ᠲᠤᠰᠬᠠᠯ ᠭᠡᠳᠡᠭ ᠢ ᠤᠯᠠᠨ ᠳᠠᠯ᠎ᠠ ᠶᠢᠨ ᠬᠠᠷᠢᠴᠠᠭᠤᠯᠤᠯ ᠰᠢᠨᠵᠢᠯᠡᠯ ᠢᠶᠠᠷ ᠲᠤᠳᠤᠷᠬᠠᠶᠢᠯᠠᠭᠰᠠᠨ᠂⑶ ᠠᠯᠳᠠᠢ | ᠤᠷᠤᠨ ᠳᠤ ᠦᠵᠦᠮᠦᠴᠢᠨ ᠶᠠᠰᠤᠳᠠᠨ ᠭᠠᠷᠤᠯᠳᠠᠨ ᠪᠠᠶᠢᠨ᠎ᠠ ᠭᠡᠳᠡᠭ ᠰᠢᠨ᠎ᠡ ᠰᠡᠳᠦᠪ ᠢ ᠲᠤᠷᠡᠳᠴᠦ᠂ ᠦᠵᠦᠮᠦᠴᠢᠨ | ᠰᠤᠳᠤᠯᠤᠯ ᠤᠨ ᠬᠦᠷᠢᠶ᠎ᠡ ᠴᠠᠷ᠎ᠠ ᠶᠢ ᠦᠷᠭᠡᠳᠭᠡᠭᠰᠡᠨ ᠵᠡᠷᠭᠡ ᠭᠤᠷᠪᠡᠨ ᠳᠠᠯ᠎ᠠ ᠪᠠᠷ ᠳ᠋ᠦᠩᠨᠡᠵᠦ ᠪᠤᠯᠤᠨ᠎ᠠ᠃ | ᠲᠤᠯᠤᠭ᠎ᠠ ᠦᠵᠦᠮᠦᠴᠢᠨ ᠠᠶᠢᠮᠠᠭ ᠪᠦᠯᠦᠭ ᠤᠨ ᠡᠭᠦᠰᠦᠯ ᠬᠦᠭᠵᠢᠯ ᠤᠨ ᠤᠯᠠᠷᠢᠯᠳᠠ | ᠦᠵᠦᠮᠦᠴᠢᠨ ᠠᠶᠢᠮᠠᠭ ᠤᠨ ᠡᠭᠦᠰᠦᠯ ᠭᠠᠷᠤᠯ ᠤᠨ ᠲᠤᠬᠠᠢ ᠤᠯᠠᠩᠬᠢ ᠲᠡᠤᠬᠡᠴᠢᠳ᠂ ᠲᠡᠤᠬᠡᠨ ᠠᠮᠠᠨ | ᠤᠯᠠᠮᠵᠢᠯᠠᠯ᠂ ᠤᠤᠭᠠᠯ ᠭᠠᠵᠠᠷ ᠤᠨ ᠤᠯᠠᠮᠵᠢ ᠨᠡᠷ᠎ᠡ᠂ ᠤᠪᠤᠭ ᠤᠭᠰᠠᠭ᠎ᠠ ᠶᠢᠨ ᠢᠵᠠᠭᠤᠷ᠂ ᠠᠮᠢᠳᠤᠷᠠᠯ ᠵᠠᠩ ᠦᠢᠯᠡ | ᠂ ᠮᠠᠯ ᠠᠵᠦ ᠠᠬᠤᠢ ᠵᠡᠷᠭᠡ ᠲᠠᠯ᠎ᠠ ᠪᠠᠷ ᠬᠤᠯᠪᠤᠨ ᠰᠤᠳᠤᠯᠬᠤ ᠶᠢᠨ ᠳ᠋ᠦᠩ ᠳᠤ ᠡᠷᠳᠡᠨ ᠤ ᠤᠶᠢᠷᠠᠳ ᠠᠶᠢᠮᠠᠭ ᠤᠨ | ᠨᠢᠭᠡ ᠭᠡᠰᠡᠭ ᠭᠡᠵᠦ ᠦᠵᠡᠳᠡᠭ᠃ ᠤᠶᠢᠷᠠᠳ ᠪᠤᠯ ᠨᠢᠭᠡᠨ ᠡᠷᠳᠡᠨ ᠤ ᠠᠶᠢᠮᠠᠭ ᠪᠤᠯᠤᠨ᠎ᠠ᠂ ᠮᠠᠰᠢ ᠡᠷᠳᠡ ᠴᠠᠭ ᠠᠴᠠ | ᠮᠤᠩᠭᠤᠯ ᠤᠨ ᠦᠨᠳᠦᠷᠯᠢᠭ ᠠᠯᠳᠠᠢ ᠨᠢᠷᠤᠭᠤ ᠤᠷᠴᠢᠮ ᠢᠶᠠᠷ ᠠᠩ ᠠᠩᠨᠠᠯ ᠡᠷᠬᠢᠯᠡᠨ ᠠᠮᠢᠳᠤᠷᠠᠵᠦ ᠪᠠᠶᠢᠪᠠ᠃ ᠵᠠᠷᠢᠮ | ᠬᠦᠮᠦᠰ ᠤᠶᠢᠷᠠᠳ ᠤᠨ ᠲᠡᠭᠡᠳᠦᠰ ᠢ ᠲᠠᠩ ᠤᠯᠤᠰ ᠤᠨ ᠦᠶ᠎ᠡ ᠶᠢᠨ ᠬᠢᠷᠬᠢᠰᠴᠤᠳ ᠮᠦᠨ ᠭᠡᠵᠦ ᠬᠡᠯᠡᠳᠡᠭ᠃ | ᠴᠢᠩᠭᠢᠰ ᠬᠠᠭᠠᠨ ᠮᠤᠩᠭᠤᠯ ᠤᠨ ᠡᠯ᠎ᠡ ᠠᠶᠢᠮᠠᠭ ᠢ ᠬᠤᠷᠢᠶᠠᠨ ᠨᠢᠭᠡᠳᠭᠡᠬᠦ ᠠᠴᠠ ᠡᠮᠦᠨ᠎ᠡ ᠤᠶᠢᠷᠠᠳ ᠨᠢ ︽ᠤᠢ ᠶᠢᠨ | ᠢᠷᠭᠡᠨ︾ ᠳᠤ ᠪᠠᠭᠳᠠᠵᠦ᠂ ᠲᠶᠦ᠋ᠷᠺ ᠤᠭᠰᠠᠭᠠᠳᠠᠨ ᠪᠠᠶᠢᠭᠰᠠᠨ ᠶᠤᠮ᠃ ︽ᠶᠤᠸᠠᠨ ᠤᠯᠤᠰ ᠤᠨ ᠰᠢᠨ᠎ᠡ ᠲᠡᠤᠬᠡ︾ | ᠳᠤ ᠲᠡᠳᠡᠨ ᠢ ᠴᠠᠭᠠᠨ ᠲᠠᠲ᠋ᠠᠷ ᠤᠨ ᠨᠢᠭᠡ ᠠᠶᠢᠮᠠᠭ ᠪᠤᠯᠭᠠᠨ ᠪᠢᠴᠢᠵᠠᠢ᠃ | 1207 ᠤᠨ ᠳᠤ ᠴᠢᠩᠭᠢᠰ ᠬᠠᠭᠠᠨ ᠤ ᠠᠬᠠᠮᠠᠳ ᠬᠦᠪᠡᠭᠦᠨ ᠵᠦᠴᠢ ᠬᠠᠷᠠᠬᠤᠷᠤᠮ ᠠᠴᠠ ᠮᠤᠷᠳᠡᠵᠦ᠂ | ᠪᠠᠷᠠᠭᠤᠨ ᠬᠤᠶᠢᠳᠦ ᠶᠢᠨ ᠡᠯ᠎ᠡ ᠠᠶᠢᠮᠠᠭ ᠢ ᠲᠠᠶᠢᠯᠠᠨ ᠲᠠᠭᠠᠭᠤᠯᠬᠤ ᠦᠶ᠎ᠡ ᠳᠤ ᠤᠶᠢᠷᠠᠳ ᠤᠨ ᠲᠦᠷᠦᠭᠦᠤ ᠬᠤᠳᠠᠭ᠎ᠠ | ᠪᠠᠬᠢ ᠠᠶᠢᠮᠠᠭ ᠤᠯᠠᠨ ᠢᠶᠠᠨ ᠠᠪᠴᠤ ᠬᠠᠮᠤᠭ ᠲᠦᠷᠦᠭᠦᠨ ᠳᠤ ᠲᠠᠭᠠᠷ᠎ᠠ ᠢᠷᠡᠪᠡ᠃ ᠴᠢᠩᠭᠢᠰ ᠬᠠᠭᠠᠨ ᠠᠴᠠ | ᠲᠡᠳᠡᠨ ᠤ ᠤᠤᠯ ᠰᠠᠭᠤᠭ᠎ᠠ ᠭᠠᠵᠠᠷ ᠠᠯᠳᠠᠢ ᠨᠢᠷᠤᠭᠤᠨ ᠤ ᠡᠬᠢ ᠶᠧᠨᠢᠰᠠᠢ ᠮᠦᠷᠠᠨ ᠤ ᠲᠡᠭᠡᠳᠦ ᠤᠷᠤᠰᠬᠠᠯ | ᠤᠷᠤᠨ ᠳᠤ ᠲᠦᠷᠪᠡᠨ ᠮᠢᠩᠭᠠᠨ ᠪᠠᠶᠢᠭᠤᠯᠵᠦ᠂ ᠬᠤᠳᠠᠭ᠎ᠠ ᠪᠠᠬᠢ ᠶᠢ ᠮᠢᠩᠭᠠᠨ ᠤ ᠨᠤᠶᠠᠨ ᠪᠤᠯᠭᠠᠵᠠᠢ᠃ ᠲᠤᠬᠠᠢ ᠶᠢᠨ | ᠦᠶ᠎ᠡ ᠶᠢᠨ ᠤᠶᠢᠷᠠᠳ ᠤᠨ ᠲᠦᠷᠪᠡᠨ ᠮᠢᠩᠭᠠᠨ ᠪᠤᠯ ᠬᠤᠶᠢᠳ ︵ᠬᠤᠶᠢᠰᠢ︶᠂ ᠦᠵᠢᠶᠡᠳ᠂ ᠶᠦᠷᠭᠡᠨ ᠮᠢᠩᠭᠠᠨ᠂ | ᠦᠵᠦᠮᠦᠴᠢᠨ ᠪᠤᠯᠤᠨ᠎ᠠ᠃ ᠲᠡᠷᠡ ᠦᠶ᠎ᠡ ᠶᠢᠨ ᠦᠵᠦᠮᠦᠴᠢᠨᠴᠤᠳ ᠨᠢ᠂ ᠠᠯᠳᠠᠢ ᠨᠢᠲᠤᠭᠤᠨ ᠤ ᠲᠡᠭᠡᠳᠦ ᠡᠬᠢ ᠪᠠᠷ | ᠪᠠᠶᠢᠷᠢᠰᠢᠬᠤ ᠦᠵᠦᠮ ᠤᠨ ᠴᠠᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ ︵ | ᠤᠳᠤ ᠶᠢᠨ ᠮᠤᠩᠭᠤᠯ ᠤᠯᠤᠰ ᠤᠨ ᠪᠠᠶᠠᠨ — ᠦᠯᠦᠭᠡᠢ ᠠᠶᠢᠮᠠᠭ ᠤᠨ ᠠᠯᠳᠠᠢ ᠰᠤᠮᠤ᠂ ᠰᠠᠭᠰᠠᠢ ᠰᠤᠮᠤ ᠶᠢᠨ | ᠬᠠᠷᠢᠶᠠᠨ ᠳᠤ ᠪᠤᠢ︶ ᠵᠡᠷᠭᠡ ᠭᠠᠵᠠᠷ ᠢᠶᠠᠷ ᠨᠡᠭᠦᠳᠡᠯ ᠮᠠᠯᠵᠢᠯ ᠤᠨ ᠠᠮᠢᠳᠤᠷᠠᠯ ᠬᠢᠵᠦ᠂ ᠴᠠᠭᠠᠨ ᠠᠳᠤᠭᠤᠳ ᠪᠠ | ᠦᠭᠡᠬᠦᠨ ᠰᠡᠭᠦᠯᠳᠦ ᠬᠤᠨᠢᠳ ᠭᠤᠤᠯᠯᠠᠨ ᠮᠠᠯᠵᠢᠵᠦ᠂ ᠱᠢᠭ᠌ᠰᠢᠳ ︵ᠰᠠᠭᠰᠠᠢ︶ ᠤᠨ ᠭᠤᠤᠯ ᠲᠠᠭᠠᠤ ᠨᠤᠲᠤᠭᠯᠠᠵᠦ | ᠪᠠᠶᠢᠪᠠ᠃ ᠮᠠᠯ ᠠᠵᠦ ᠠᠬᠤᠢ ᠪᠠᠷ ᠭᠤᠤᠯ ᠠᠵᠦ ᠠᠬᠤᠢ ᠪᠤᠯᠭᠠᠳᠠᠭ ᠪᠦᠭᠡᠳ ᠠᠩ ᠠᠩᠨᠠᠯ ᠢᠶᠠᠷ ᠨᠦᠬᠦᠪᠦᠷᠢᠯᠡᠨ | ᠠᠮᠢᠳᠤᠷᠠᠯ ᠤᠨ ᠬᠡᠷᠡᠭᠴᠡᠭᠡ ᠪᠠᠨ ᠬᠠᠩᠭᠠᠳᠠᠭ ᠪᠠᠶᠢᠵᠠᠢ᠃ ᠨᠡᠭᠦᠳᠡᠯᠯᠡᠵᠦ ᠰᠢᠯᠵᠢᠬᠦ ᠳᠡᠭᠡᠨ ᠮᠤᠷᠢ ᠦᠬᠡᠷ ᠤᠨᠤᠵᠦ | ᠬᠦᠯᠵᠦ᠂ ᠮᠤᠬᠤᠯᠠᠭ ᠲᠡᠷᠭᠡ ᠪᠠᠷ ᠭᠡᠷ ᠪᠤᠯᠭᠠᠵᠦ᠂ ᠪᠠᠭᠤᠳᠠᠯᠯᠠᠵᠦ ᠰᠠᠭᠤᠬᠤ ᠳᠠᠭᠠᠨ ᠮᠠᠶᠢᠬᠠᠨ ᠲᠤᠪᠤ ᠪᠠᠷ ᠦᠷᠦᠭᠡ | ᠪᠤᠯᠭᠠᠳᠠᠭ ᠪᠠᠶᠢᠵᠠᠢ᠃ | ᠠᠷᠪᠠᠨ ᠭᠤᠷᠪᠠᠳᠤᠭᠠᠷ ᠵᠠᠭᠤᠨ ᠤ ᠬᠤᠷᠢᠭᠠᠳ ᠤᠨ ᠤ ᠦᠶ᠎ᠡ ᠪᠠᠷ ᠴᠢᠩᠭᠢᠰ ᠬᠠᠭᠠᠨ ᠲᠦᠪ ᠠᠽᠢᠶ᠎ᠠ ᠳᠤ | ᠠᠶᠠᠨ ᠳᠠᠶᠢᠨ ᠬᠢᠵᠦ᠂ ᠯᠤᠳᠤ ᠶᠡᠭᠡ ᠰᠢᠨ᠎ᠡ ᠭᠠᠵᠠᠷ ᠨᠤᠲᠤᠭ ᠤᠯᠵᠦ ᠡᠵᠡᠯᠡᠭᠰᠡᠨ ᠢᠶᠠᠷ ᠵᠦᠴᠢ᠂ ᠴᠠᠭᠠᠳᠠᠢ᠂ | ᠦᠭᠡᠳᠡᠢ ᠭᠤᠷᠪᠠᠨ ᠬᠦᠪᠡᠭᠦᠨ ᠳᠡᠭᠡᠨ ᠨᠤᠲᠤᠭ ᠬᠤᠪᠢᠶᠠᠨ ᠰᠤᠶᠤᠷᠬᠠᠵᠦ᠂ ᠮᠤᠩᠭᠤᠯᠴᠤᠳ ᠤᠨ ᠵᠠᠩ | ᠵᠠᠩᠰᠢᠯ ᠢᠶᠠᠷ ᠢᠶᠠᠨ ᠤᠳᠬᠤᠨ ᠬᠦᠪᠡᠭᠦᠨ ᠲᠤᠯᠤᠢ ᠳᠠᠭᠠᠨ ᠮᠤᠩᠭᠤᠯ ᠤᠨ ᠡᠬᠡ ᠨᠤᠲᠤᠭ ᠢᠶᠠᠨ ᠦᠮᠴᠢᠯᠡᠭᠦᠯᠦᠭᠰᠡᠨ | ᠪᠠᠶᠢᠵᠠᠢ᠃ ᠶᠠᠭ ᠡᠭᠦᠨ ᠤ ᠰᠡᠭᠦᠯᠴᠢ ᠪᠠᠷ᠂ ᠤᠶᠢᠷᠠᠳ ᠤᠨ ᠲᠦᠷᠪᠡᠨ ᠮᠢᠩᠭᠠᠨ ᠤ ᠨᠢᠭᠡ ᠪᠤᠯᠬᠤ ᠦᠵᠦᠮᠦᠴᠢᠨ ᠨᠢ | ᠵᠦᠴᠢ ᠶᠢᠨ ᠬᠠᠷᠢᠶᠠᠳᠤ ᠪᠠᠶᠢᠭᠰᠠᠨ ᠢᠶᠠᠨ ᠲᠤᠯᠤᠢ ᠶᠢᠨ ᠤᠭᠰᠠᠭ᠎ᠠ ᠶᠢᠨ ᠬᠠᠷᠢᠶᠠᠳᠤ ᠪᠤᠯᠵᠦ ᠤᠯᠠᠷᠢᠪᠠ᠃ | ᠡᠭᠦᠨ ᠠᠴᠠ ᠶᠡᠭᠡ ᠮᠤᠩᠭᠤᠯ ᠤᠯᠤᠰ ᠤᠨ ᠦᠶ᠎ᠡ ᠳᠤ᠂ ᠦᠵᠦᠮᠦᠴᠢᠨ ᠮᠢᠩᠭᠠᠨ ᠨᠢ ᠴᠠᠬᠠᠷ ᠤᠨ ᠨᠢᠭᠡ ᠤᠳᠤᠭ | ᠪᠤᠯᠵᠦ ᠬᠤᠪᠢᠯᠠᠢ ᠬᠠᠭᠠᠨ ᠢ ᠲᠠᠭᠠᠯᠳᠤᠨ ᠠᠯᠳᠠᠢ — ᠬᠠᠩᠭᠠᠢ ᠶᠢᠨ ᠨᠢᠷᠤᠭᠤᠨ ᠠᠴᠠ ᠪᠠᠭᠤᠵᠦ᠂ ᠡᠪᠡᠰᠦᠳᠦ | ᠲᠠᠯ᠎ᠠ ᠳᠤ ᠢᠷᠡᠭᠰᠡᠨ ᠢᠷᠭᠡᠳ ᠭᠡᠵᠦ ᠤᠶᠢᠯᠠᠭᠠᠵᠦ ᠪᠤᠯᠬᠤ ᠪᠦᠭᠡᠳ 1368 ᠤᠨ ᠳᠤ ᠶᠤᠸᠠᠨ ᠤᠯᠤᠰ ᠤᠨ | ᠡᠴᠦᠰ ᠤᠨ ᠬᠠᠭᠠᠨ ᠲᠤᠭᠤᠨᠳᠡᠮᠦᠷ ᠪᠡᠬᠡᠵᠢᠩ ᠬᠤᠳᠠ ᠪᠠᠨ ᠤᠷᠬᠢᠵᠦ ᠤᠮᠠᠷᠠᠰᠢ ᠱᠠᠩᠳᠤ ᠶᠢ ᠲᠠᠮᠵᠢᠨ ᠤᠳᠤ ᠶᠢᠨ | ᠦᠪᠦᠷ ᠮᠤᠩᠭᠤᠯ ᠤᠨ ᠭᠡᠰᠢᠭᠳᠡᠨ ᠬᠤᠰᠢᠭᠤᠨ ᠤ ᠲᠠᠯᠠᠢ ᠨᠠᠭᠤᠷ ︵ᠢᠩᠴᠠᠩ︶ ᠲᠤ ᠤᠬᠤᠷᠢᠨ ᠢᠷᠡᠭᠰᠡᠨ ᠶᠤᠮ᠃ | 1372 ᠤᠨ ᠳᠤ ᠮᠢᠩ ᠤᠯᠤᠰ ᠭᠤᠷᠪᠠᠨ ᠵᠠᠮ ᠢᠶᠠᠷ ᠭᠤᠪᠢ ᠶᠢᠨ ᠠᠷᠤ ᠶᠢ ᠲᠠᠶᠢᠯᠠᠭᠰᠠᠨ ᠳᠤ᠂ ᠪᠢᠯᠢᠭᠳᠦ ᠬᠠᠭᠠᠨ | ᠴᠡᠷᠢᠭ ᠢᠯᠠᠭᠳᠠᠭᠰᠠᠨ ᠪᠤᠯᠪᠠᠴᠦ ᠲᠠᠬᠢᠨ ᠲᠡᠭᠰᠢᠯᠡᠨ ᠨᠤᠶᠠᠷᠬᠠᠯ ᠢᠶᠠᠨ ᠪᠠᠳᠤᠯᠠᠵᠦ᠂ ᠶᠡᠭᠡ ᠤᠷᠤ ︵ᠤᠷᠳᠤᠨ︶ ᠪᠠᠨ | ᠠᠯᠳᠠᠢ ᠠᠭᠤᠯᠠᠨ ᠳᠤ ᠨᠡᠭᠦᠯᠭᠡᠭᠰᠡᠨ ᠪᠠᠶᠢᠵᠠᠢ᠃ ᠠᠶᠤᠰᠢᠳᠢᠷᠡ ᠬᠠᠭᠠᠨ ᠠᠴᠠ ᠬᠤᠶᠢᠰᠢ ᠤᠮᠠᠷᠠᠳᠤ ᠮᠤᠩᠭᠤᠯ ᠤᠨ | ᠬᠠᠭᠠᠳ ᠨᠢ ᠠᠯᠳᠠᠢ — ᠬᠠᠩᠭᠠᠢ ᠭᠡᠬᠦ ᠬᠤᠶᠠᠷ ᠶᠡᠭᠡ ᠨᠢᠷᠤᠭᠤᠳ ᠢᠶᠠᠷ ᠨᠡᠶᠢᠰᠠᠯᠡᠵᠦ ᠪᠠᠶᠢᠭᠰᠠᠨ ᠢᠶᠠᠨ | ᠪᠠᠳᠤᠮᠦ᠋ᠩᠭᠡ ᠲᠠᠶᠠᠨ ᠬᠠᠭᠠᠨ ᠤ ᠦᠶ᠎ᠡ ᠳᠤ ᠴᠠᠭᠠᠨ ᠬᠡᠷᠡᠮ ᠠᠴᠠ ᠬᠤᠶᠢᠰᠢᠬᠢ ᠡᠪᠡᠰᠦᠳᠦ ᠲᠠᠯ᠎ᠠ ᠳᠤ ᠢᠷᠡᠭᠰᠡᠨ | ᠭᠡᠵᠦ ᠦᠵᠡᠵᠦ ᠪᠤᠯᠬᠤ ᠪᠦᠭᠡᠳ ᠦᠵᠦᠮᠦᠴᠢᠨ ᠤᠳᠤᠭ ᠨᠢ ᠴᠠᠬᠠᠷ ᠲᠦᠮᠡᠨ ᠤ ᠬᠠᠷᠢᠶᠠᠨ ᠳᠤ ᠪᠠᠭᠳᠠᠬᠤ ᠤᠴᠢᠷ | ᠮᠦᠨ ᠲᠠᠭᠠᠯᠳᠤᠨ ᠨᠡᠭᠦᠵᠦ ᠰᠢᠯᠵᠢᠵᠦ ᠪᠠᠶᠢᠭᠰᠠᠨ ᠨᠢ ᠮᠡᠳᠡᠭᠡᠵᠢ ᠶᠠᠪᠤᠳᠠᠯ ᠶᠤᠮ᠃ | ᠪᠠᠳᠤᠮᠦ᠋ᠩᠭᠡ ᠲᠠᠶᠠᠨ ᠬᠠᠭᠠᠨ ᠤᠶᠢᠷᠠᠳ ᠠᠶᠢᠮᠠᠭ ᠤᠳ ᠢ ᠠᠬᠠᠮᠠᠳ ᠬᠦᠪᠡᠭᠦᠨ ᠲᠦᠷᠦᠪᠤᠯᠤᠳ ᠲᠤ | ᠬᠠᠷᠢᠶᠡᠳᠤ ᠢᠷᠭᠡᠨ ᠪᠤᠯᠭᠠᠨ ᠦᠮᠴᠢᠯᠡᠭᠦᠯᠦᠭᠰᠡᠨ ᠢᠶᠠᠷ ᠦᠵᠦᠮᠦᠴᠢᠨ ᠠᠶᠢᠮᠠᠭ ᠴᠤ ᠲᠡᠭᠦᠨ ᠤ ᠨᠤᠶᠠᠷᠬᠠᠯ ᠢ ᠬᠦᠯᠢᠶᠡᠬᠦ | ᠪᠤᠯᠵᠠᠢ᠃ ᠲᠤᠬᠠᠢ ᠶᠢᠨ ᠦᠶ᠎ᠡ ᠶᠢᠨ ᠦᠵᠦᠮᠦᠴᠢᠨ ᠮᠢᠩᠭᠠᠨ ᠳᠤ ᠦᠵᠦᠮ ᠤᠨ ᠠᠭᠤᠯᠠ ᠶᠢᠨ ᠮᠤᠩᠭᠤᠯᠴᠤᠳ | ᠪᠤᠯᠬᠤ ᠦᠵᠦᠮᠦᠴᠢᠨ᠂ ᠬᠠᠭᠤᠴᠢᠳ᠂ ᠰᠦᠨᠢᠳ᠂ ᠠᠤᠬᠠᠨ᠂ ᠨᠠᠢᠮᠠᠨ ᠵᠡᠷᠭᠡ ᠠᠶᠢᠮᠠᠭ ᠤᠳ ᠪᠦᠷᠢᠯᠳᠦᠭᠦᠨ ᠪᠤᠯᠵᠦ | ᠪᠠᠶᠢᠪᠠ ᠃ ᠲᠦᠷᠦᠪᠤᠯᠤᠳ ᠤᠨ ᠦᠶ᠎ᠡ ᠳᠤ ᠦᠵᠦᠮᠦᠴᠢᠨ ᠠᠶᠢᠮᠠᠭ ᠨᠢ ᠬᠠᠩᠭᠠᠢ ᠬᠠᠨ ᠬᠢᠭᠡᠳ ᠭᠠᠯᠪᠠ | ᠱᠠᠩᠬ᠎ᠠ ᠶᠢᠨ ᠭᠤᠪᠢ ᠪᠠᠷ ᠨᠤᠲᠤᠭᠯᠠᠨ ᠮᠠᠯᠵᠢᠵᠦ ᠪᠠᠶᠢᠯ᠎ᠠ᠃ ᠦᠵᠦᠮᠦᠴᠢᠨ ᠤ ᠲᠡᠤᠬᠡᠳᠦ ᠠᠷᠠᠳ ᠤᠨ ᠲᠠᠭᠤᠤ ︽ | ᠶᠡᠭᠡ ᠪᠤᠭᠳᠠ ᠪᠤᠯᠠᠭᠠᠨ ᠬᠠᠩᠭᠠᠢ︾ ᠪᠤᠯ ᠶᠠᠭ ᠡᠨᠡ ᠦᠶ᠎ᠡ ᠵᠤᠬᠢᠶᠠᠭᠳᠠᠨ ᠤᠯᠠᠮᠵᠢᠯᠠᠭᠳᠠᠭᠰᠠᠨ ᠪᠠᠶᠢᠭ᠎ᠠ ᠶᠤᠮ᠃ | ᠲᠦᠷᠦᠪᠤᠯᠤᠳ ᠢ ᠲᠠᠶᠠᠨ ᠬᠠᠭᠠᠨ ᠤ ᠵᠠᠷᠯᠢᠭ ᠢᠶᠠᠷ ᠤᠷᠢᠶᠠᠩᠬᠠᠨ ᠬᠠᠷᠠᠴᠢᠨ ᠬᠤᠶᠠᠷ ᠠᠶᠢᠮᠠᠭ ᠢ ᠡᠶᠡᠯᠡᠭᠦᠯᠦᠷᠡ | ᠶᠠᠪᠤᠬᠤ ᠵᠠᠮ ᠵᠠᠭᠤᠷ᠎ᠠ ᠪᠠᠷᠠᠭᠤᠨ ᠮᠤᠩᠭᠤᠯ ᠤᠨ ᠲᠦᠷᠦᠭᠦᠴᠤᠳ ᠬᠤᠤᠷᠯᠠᠵᠦ ᠬᠤᠷᠤᠭᠠᠭᠰᠠᠨ ᠶᠤᠮ᠃ ᠢᠩᠭᠢᠭᠡᠳ | ᠲᠡᠭᠦᠨ ᠤ ᠠᠬᠠᠮᠠᠳ ᠬᠦᠪᠡᠭᠦᠨ ᠪᠤᠳᠢ ᠠᠯᠠᠭ ᠦᠵᠦᠮᠦᠴᠢᠨ ᠤ ᠠᠬᠠᠯᠠᠭᠴᠢ ᠪᠤᠯᠪᠠ᠃ ᠪᠤᠳᠢ ᠠᠯᠠᠭ ᠠᠬᠠᠯᠠᠭᠴᠢ ᠶᠢᠨ | ᠦᠶ᠎ᠡ ᠦᠵᠦᠮᠦᠴᠢᠨ ᠠᠶᠢᠮᠠᠭ ᠭᠤᠪᠢ ᠶᠢᠨ ᠡᠮᠦᠨ᠎ᠡ ᠡᠪᠡᠰᠦᠳᠦ ᠲᠠᠯ᠎ᠠ ᠳᠤ ᠨᠤᠲᠤᠭᠰᠢᠨ ᠮᠠᠯᠵᠢᠵᠦ ᠪᠠᠶᠢᠪᠠ᠂ | ᠪᠠᠳᠤᠮᠦ᠋ᠩᠭᠡ ᠲᠠᠶᠠᠨ ᠬᠠᠭᠠᠨ ᠤ ᠦᠶ᠎ᠡ ᠦᠵᠦᠮᠦᠴᠢᠨ ᠨᠢ ᠵᠡᠭᠦᠨ ᠭᠠᠷᠤᠨ ᠴᠠᠬᠠᠷ ᠲᠦᠮᠡᠨ ᠤ ᠨᠠᠢᠮᠠᠨ ᠤᠳᠤᠭ ᠤᠨ | ᠨᠢᠭᠡ ᠪᠤᠯᠵᠦ ᠪᠠᠶᠢᠪᠠ᠃ | 1510 ᠤᠨ ᠳᠤ ᠲᠠᠶᠠᠨ ᠬᠠᠭᠠᠨ ᠤ ᠪᠠᠷᠠᠭᠤᠨ ᠭᠤᠷᠪᠠᠨ ᠲᠦᠮᠡᠨ ᠳᠤ ᠵᠢᠨᠦᠩ ᠢᠶᠠᠷ ᠲᠤᠮᠢᠯᠠᠭᠰᠠᠨ | ᠬᠤᠶᠠᠳᠤᠭᠠᠷ ᠬᠦᠪᠡᠭᠦᠨ ᠤᠯᠤᠰᠪᠤᠯᠤᠳ ᠢ ᠶᠦᠩᠰᠢᠶᠡᠪᠤ ᠶᠢᠨ ᠲᠦᠷᠦᠭᠦᠤ ᠢᠪᠠᠷᠠᠢ ᠲᠠᠶᠢᠱᠢ ᠪᠤᠯᠤᠨ ᠤᠷᠳᠤᠰ ᠤᠨ | ᠮᠠᠨᠳᠤᠯᠠᠢ ᠠᠬᠠᠯᠠᠭᠴᠢ ᠬᠤᠶᠠᠷ ᠬᠤᠤᠪᠢᠯᠳᠤᠨ ᠠᠷᠭ᠎ᠠ ᠭᠠᠷᠠᠭᠠᠵᠦ ᠬᠤᠷᠤᠭᠠᠭᠠᠳ᠂ ᠬᠠᠭᠠᠨ ᠤ ᠡᠰᠡᠷᠬᠦ ᠴᠡᠷᠢᠭ | ᠬᠦᠳᠡᠯᠭᠡᠨ ᠤᠷᠪᠠᠵᠠᠢ᠃ ᠲᠠᠷᠠᠭ᠎ᠠ ᠵᠢᠯ ᠨᠢ ᠪᠠᠳᠤᠮᠦ᠋ᠩᠭᠡ ᠲᠠᠶᠠᠨ ᠬᠠᠭᠠᠨ ᠤᠯᠤᠰᠪᠤᠯᠤᠳ ᠤᠨ ᠦᠰᠢᠯ ᠢ ᠠᠪᠬᠤ ᠪᠠᠷ | ᠶᠡᠭᠡ ᠴᠡᠷᠢᠭ ᠳᠠᠶᠢᠴᠢᠯᠠᠨ ᠬᠦᠳᠡᠯᠭᠡᠬᠦ ᠳᠡᠭᠡᠨ ᠠᠯᠠᠭᠴᠢᠳ ᠤᠨ ᠴᠠᠭᠠᠨ ᠵᠠᠭᠠᠷᠢᠨ᠂ ᠦᠵᠦᠮᠦᠴᠢᠨ ᠤ ᠡᠯᠳᠦ᠋ᠩᠭᠡ | ᠪᠠᠭᠰᠢ ᠬᠤᠶᠠᠭᠤᠯᠠ ᠶᠢ ᠴᠡᠷᠢᠭ ᠤᠨ ᠵᠦᠪᠳᠡᠭᠴᠢ ᠪᠠᠷ ᠵᠠᠯᠠᠵᠦ᠂ ᠠᠷᠭ᠎ᠠ ᠡᠷᠭᠦᠭᠦᠯᠦᠨ᠂ ᠲᠠᠯᠠᠨ ᠲᠡᠷᠢᠭᠦᠨ ︵ᠲᠠᠯᠠᠨ | ᠬᠠᠷ᠎ᠠ ᠠᠭᠤᠯᠠ︶ ᠬᠡᠮᠡᠬᠦ ᠭᠠᠵᠠᠷ ᠬᠦᠷᠴᠤ᠂ ᠢᠪᠠᠷᠠᠢ ᠳᠠᠶᠢᠱᠢ ᠮᠠᠨᠳᠤᠯᠠᠢ ᠠᠬᠠᠯᠠᠭᠴᠢ ᠶᠢᠨ ᠴᠡᠷᠢᠭ ᠲᠠᠢ | ᠰᠡᠢᠳᠪᠦᠷᠢᠳᠦ ᠪᠠᠶᠢᠯᠳᠤᠭᠠᠨ ᠬᠢᠵᠦ᠂ ᠡᠷᠡᠯᠬᠡᠭ ᠭᠠᠷᠮᠠᠭᠠᠢ ᠪᠠᠷ ᠪᠠᠶᠢᠯᠳᠤᠨ ᠢᠯᠠᠯᠳᠠ ᠤᠯᠤᠭᠠᠳ᠂ ᠶᠦᠩᠰᠢᠶᠡᠪᠤ | ᠤᠷᠳᠤᠰ ᠤᠨ ᠤᠷᠪᠠᠯᠭᠠᠨ ᠢ ᠲᠠᠷᠤᠵᠦ᠂ ᠪᠠᠷᠠᠭᠤᠨ ᠭᠤᠷᠪᠠᠨ ᠲᠦᠮᠡᠨ ᠢᠶᠠᠨ ᠳᠠᠬᠢᠨ ᠲᠦᠪᠰᠢᠳᠭᠡᠨ ᠠᠪᠴᠠᠢ᠃ | 1512 ᠤᠨ ᠳᠤ ᠲᠠᠶᠠᠨ ᠬᠠᠭᠠᠨ ᠨᠠᠢᠮᠠᠨ ᠴᠠᠭᠠᠨ ᠦᠷᠦᠭᠡᠨ ᠤ ᠡᠮᠦᠨ᠎ᠡ᠂ ᠭᠤᠷᠪᠠᠳᠤᠭᠠᠷ ᠬᠦᠪᠡᠭᠦᠨ | ᠪᠠᠷᠰᠪᠤᠯᠤᠳ ᠢ ᠪᠠᠷᠠᠭᠤᠨ ᠭᠤᠷᠪᠠᠨ ᠲᠦᠮᠡᠨ ᠤ ᠵᠢᠨᠦᠩ ᠡᠷᠭᠦᠮᠵᠢᠯᠡᠨ ᠲᠠᠷᠤᠩᠭᠤᠶᠢᠯᠠᠨ ᠰᠠᠭᠤᠯᠭᠠᠬᠤ ᠶᠢ ᠵᠡᠷᠯᠠᠪᠠ᠃ | ᠡᠭᠦᠨ ᠢᠶᠠᠷ ᠤᠮᠠᠷᠠᠳᠤ ᠶᠤᠸᠠᠨ ᠤᠯᠤᠰ ᠢ ᠨᠢᠭᠡᠳᠭᠡᠬᠦ ᠦᠢᠯᠡᠰ ᠢᠶᠠᠨ ᠪᠡᠶᠡᠯᠡᠭᠦᠯᠵᠦ᠂ ᠬᠠᠭᠠᠨ ᠤ ᠡᠷᠬᠡ ᠶᠢ ᠠᠯᠳᠠᠨ | ᠤᠷᠤᠭᠳᠠᠨ ᠤ ᠭᠠᠷ ᠲᠤ ᠪᠤᠴᠠᠭᠠᠨ ᠠᠪᠴᠢᠷᠠᠭᠰᠠᠨ ᠪᠠᠶᠢᠨ᠎ᠠ᠃ | 1517 ᠤᠨ ᠳᠤ ᠲᠠᠶᠠᠨ ᠬᠠᠭᠠᠨ ᠢ ᠨᠠᠰᠤ ᠨᠦᠭᠴᠢᠭᠰᠡᠨ ᠤ ᠲᠠᠷᠠᠭ᠎ᠠ᠂ ᠲᠡᠭᠦᠨ ᠤ ᠠᠬᠠᠮᠠᠳ ᠬᠦᠪᠡᠭᠦᠨ | ᠦᠵᠦᠮᠦᠴᠢᠨ ᠤ ᠠᠬᠠᠯᠠᠭᠴᠢ ᠪᠠᠶᠢᠭᠰᠠᠨ ᠲᠦᠷᠦᠪᠤᠯᠤᠳ ᠰᠠᠭᠤᠷᠢᠨ ᠵᠠᠯᠭᠠᠮᠵᠢᠯᠠᠬᠤ ᠶᠤᠰᠤᠳᠠᠢ ᠪᠤᠯᠪᠠᠴᠤ ᠡᠷᠳᠡ | ᠨᠠᠰᠤ ᠪᠠᠷᠠᠭᠰᠠᠨ ᠲᠤᠯᠠ ᠲᠡᠭᠦᠨ ᠤ ᠬᠦᠪᠡᠭᠦᠨ ᠪᠤᠳᠢ ᠠᠯᠠᠭ ᠵᠠᠯᠭᠠᠮᠵᠢᠯᠠᠬᠤ ᠨᠢ ᠵᠦᠢᠳᠡᠢ ᠶᠤᠮ᠃ ᠭᠡᠪᠡᠴᠤ ᠲᠠᠶᠠᠨ | ᠬᠠᠭᠠᠨ ᠤ ᠭᠤᠳᠠᠭᠠᠷ ᠬᠦᠪᠡᠭᠦᠨ ᠪᠠᠷᠠᠭᠤᠨ ᠭᠠᠷᠤᠨ ᠵᠢᠨᠦᠩ ᠪᠠᠷᠰᠪᠤᠯᠤᠳ ᠬᠦᠴᠦᠷᠭᠡᠭ ᠶᠡᠭᠡ ᠴᠡᠷᠢᠭ ᠤᠨ | ᠬᠦᠴᠦᠨ ᠳᠡᠭᠡᠨ ᠡᠷᠳᠦᠨ ᠪᠤᠳᠢ ᠠᠯᠠᠭ ᠢ ᠪᠠᠭ᠎ᠠ ᠬᠡᠮᠡᠨ ᠪᠠᠰᠤᠵᠦ᠂ ᠬᠠᠭᠠᠨ ᠤᠷᠤ ᠰᠠᠭᠤᠭᠠᠳ ᠰᠠᠶᠢᠨ ᠠᠯᠠᠭ | ᠬᠡᠮᠡᠵᠦ᠂ ᠬᠤᠶᠠᠷ ᠵᠢᠯ ᠰᠠᠭᠤᠷᠢᠨ ᠳᠤ ᠰᠠᠭᠤᠪᠠ᠃ ᠦᠵᠦᠮᠦᠴᠢᠨ ᠠᠬᠠᠯᠠᠭᠴᠢ ᠪᠤᠳᠢ ᠠᠯᠠᠭ 1504 ᠤᠨ ᠳᠤ | ᠲᠦᠷᠦᠵᠠᠢ᠂ ᠲᠡᠷᠡ 1519 ᠤᠨ ᠳᠤ ᠵᠡᠭᠦᠨ ᠭᠠᠷᠤᠨ ᠲᠦᠮᠡᠨ ᠤ ᠲᠤᠮᠤ ᠨᠤᠶᠠᠳ ᠲᠦᠰᠢᠮᠡᠳ ᠢᠶᠠᠨ ᠲᠠᠭᠠᠭᠤᠯᠤᠨ | ᠤᠷᠳᠤᠰ ᠲᠤ ᠤᠴᠢᠵᠦ᠂ ᠴᠢᠩᠭᠢᠰ ᠬᠠᠭᠠᠨ ᠤ ᠨᠠᠢᠮᠠᠨ ᠴᠠᠭᠠᠨ ᠭᠡᠷ ᠲᠤ ᠮᠦᠷᠬᠦᠭᠦ ᠲᠠᠰᠢᠷᠠᠮ ᠢᠶᠠᠷ ᠪᠠᠷᠠᠭᠤᠨ ᠭᠠᠷᠤᠨ | ᠵᠢᠨᠦᠩ ᠪᠠᠷᠰᠪᠤᠯᠤᠳ ᠠᠴᠠ ᠬᠠᠭᠠᠨ ᠰᠠᠭᠤᠷᠢᠨ ᠢᠶᠠᠨ ᠡᠭᠡᠭᠦᠯᠦᠨ ᠠᠪᠤᠪᠠ᠃ ᠪᠤᠳᠢ ᠠᠯᠠᠭ ᠵᠡᠭᠦᠨ ᠭᠠᠷᠤᠨ | ᠲᠦᠮᠡᠨ ᠢᠶᠠᠨ ᠬᠠᠷᠢᠶᠠᠯᠠᠨ ᠵᠠᠬᠢᠷᠴᠤ᠂ ᠴᠠᠬᠠᠷ ᠢ ᠡᠵᠡᠯᠡᠨ ᠤᠮᠠᠷᠠᠳᠤ ᠤᠯᠤᠰ ᠤᠨ ᠵᠡᠭᠦᠨ ᠭᠡᠰᠡᠭ ᠲᠤ ᠤᠷᠳᠤᠯᠠᠵᠦ | ᠪᠠᠶᠢᠪᠠ᠃ ᠴᠠᠬᠠᠷ ᠲᠦᠮᠡᠨ ᠳᠤ ᠠᠤᠬᠠᠨ᠂ ᠨᠠᠢᠮᠠᠨ᠂ ᠤᠩᠨᠢᠭᠤᠳ᠂ ᠭᠡᠰᠢᠭᠳᠡᠨ᠂ ᠦᠵᠦᠮᠦᠴᠢᠨ᠂ ᠬᠠᠭᠤᠴᠢᠳ᠂ | ᠰᠦᠨᠢᠳ ᠵᠡᠷᠭᠡ ᠠᠶᠢᠮᠠᠭ ᠤᠳ ᠪᠠᠭᠳᠠᠵᠦ ᠪᠠᠶᠢᠪᠠ᠃ ᠪᠤᠳᠢ ᠠᠯᠠᠭ ᠬᠠᠭᠠᠨ ᠰᠠᠭᠤᠷᠢᠨ ᠳᠤ ᠰᠠᠭᠤᠭᠰᠠᠨ ᠤ ᠲᠠᠷᠠᠭ᠎ᠠ | ᠲᠡᠭᠦᠨ ᠤ ᠭᠤᠳᠠᠭᠠᠷ ᠬᠦᠪᠡᠭᠦᠨ ᠤᠩᠭᠤᠨ ᠲᠤᠷᠬᠠᠯ ᠦᠵᠦᠮᠦᠴᠢᠨ ᠤ ᠠᠬᠠᠯᠠᠭᠴᠢ ᠪᠤᠯᠤᠭᠰᠠᠨ ᠪᠦᠭᠡᠳ ᠶᠠᠭ ᠡᠨᠡ | ᠦᠶ᠎ᠡ ᠳᠤ ᠦᠵᠦᠮᠦᠴᠢᠨ ᠨᠢ ᠠᠶᠢᠮᠠᠭ ᠭᠡᠬᠦ ᠵᠠᠰᠠᠭ ᠵᠠᠬᠢᠷᠭᠠᠨ ᠤ ᠬᠤᠪᠢ ᠪᠠᠷ ᠵᠤᠬᠢᠶᠠᠨ ᠪᠠᠶᠢᠭᠤᠯᠤᠭᠳᠠᠵᠦ᠂ | ᠦᠵᠦᠮᠦᠴᠢᠨ᠂ ᠯᠠᠤᠰᠴᠢᠨ᠂ ᠡᠷᠬᠡᠭᠦᠳ ᠵᠡᠷᠭᠡ ᠠᠶᠢᠮᠠᠭ ᠤᠳᠤᠭ ᠢ ᠨᠢᠭᠡᠳᠭᠡᠭᠡᠳ ᠦᠵᠦᠮᠦᠴᠢᠨ ᠬᠡᠮᠡᠨ ᠨᠡᠷᠡᠯᠡᠵᠦ᠂ | ᠤᠤᠭᠠᠯ ᠨᠤᠲᠤᠭ ᠤᠨ ᠨᠡᠷ᠎ᠡ ᠪᠠᠨ ᠦᠨᠢᠳᠡ ᠲᠤᠷᠠᠰᠬᠠᠨ ᠬᠠᠳᠠᠭᠠᠯᠠᠵᠠᠢ᠃ ᠤᠩᠭᠤᠨ ᠲᠤᠷᠬᠠᠯ ᠨᠤᠶᠠᠨ ᠪᠤᠯ ᠪᠤᠳᠢ | ᠠᠯᠠᠭ᠂ ᠲᠡᠷᠡᠶᠢᠰᠦᠨ ᠬᠦᠳᠡᠩ᠃ ᠲᠦᠮᠡᠨ ᠵᠠᠰᠠᠭᠳᠤ ᠵᠡᠷᠭᠡ ᠭᠤᠷᠪᠠᠨ ᠬᠠᠭᠠᠨ ᠤ ᠲᠦᠷᠦ ᠳᠤ ᠦᠢᠯᠡᠴᠢᠯᠡᠭᠰᠡᠨ | ᠭᠠᠪᠢᠶᠠᠳᠤ ᠰᠠᠶᠢᠳ ᠪᠦᠭᠡᠳ ᠦᠵᠦᠮᠦᠴᠢᠨ ᠠᠶᠢᠮᠠᠭ ᠢ ᠬᠠᠮᠤᠭ ᠤᠷᠳᠤ ᠬᠤᠭᠤᠴᠠᠭ᠎ᠠ ᠨᠤᠶᠠᠷᠬᠠᠭᠰᠠᠨ ᠠᠶᠢᠮᠠᠭ ᠤᠨ | ᠠᠬᠠᠯᠠᠭᠴᠢ ᠪᠤᠯᠤᠭᠰᠠᠨ ᠶᠤᠮ᠃ ᠲᠡᠷᠡ ᠦᠵᠦᠮᠦᠴᠢᠨ ᠨᠤᠲᠤᠭ ᠤᠨ ᠤᠩᠭᠤᠨ ᠴᠠᠪᠴᠢᠷ ᠬᠡᠮᠡᠬᠦ ᠭᠠᠵᠠᠷ ᠶᠠᠰᠤ ᠪᠠᠨ | ᠤᠷᠤᠰᠢᠭᠤᠯᠤᠭᠰᠠᠨ ᠢᠶᠠᠷ ᠦᠵᠦᠮᠦᠴᠢᠨ ᠲᠦᠮᠡᠨ ᠤ ᠰᠡᠳᠭᠢᠯ ᠳᠤ ᠦᠨᠢᠳᠡ ᠬᠠᠳᠠᠩᠰᠢᠵᠠᠢ᠃ ᠡᠶᠢᠮᠦ ᠠᠴᠠ | ᠤᠩᠭᠤᠨ ᠲᠤᠷᠬᠠᠯ ᠢ ᠦᠵᠦᠮᠦᠴᠢᠨ ᠠᠶᠢᠮᠠᠭ ᠤᠨ ᠠᠬᠠᠯᠠᠭᠴᠢ ᠨᠤᠶᠠᠨ ᠭᠡᠳᠡᠭ ᠨᠢ ᠲᠡᠷᠡ ᠪᠢᠯᠡ᠃ ᠦᠵᠦᠮᠦᠴᠢᠨ | ᠠᠶᠢᠮᠠᠭ ᠨᠢ ᠪᠤᠷᠵᠢᠭᠢᠨ᠂ ᠲᠠᠶᠢᠴᠢᠭᠤᠳ᠂ ᠬᠡᠷᠡᠶᠢᠳ᠂ ᠰᠠᠷᠳᠠᠭᠤᠯ᠂ ᠪᠤᠷᠤᠰᠤ᠂ ᠲᠠᠯᠠᠩᠭᠦᠰ᠂ ᠰᠢᠪᠠᠭᠤᠴᠢᠨ᠂ | ᠯᠠᠤᠰᠴᠢᠨ ᠵᠡᠷᠭᠡ ᠨᠠᠢᠮᠠᠨ ᠤᠲᠤᠭ ᠤᠨ ᠤᠪᠤᠭ ᠲᠦᠷᠦᠯ ᠢᠶᠠᠷ ᠦᠨᠳᠦᠰᠦᠨ ᠨᠢᠭᠡᠴᠡ ᠪᠤᠯᠭᠠᠵᠠᠢ᠃ | ᠪᠤᠳᠢ ᠠᠯᠠᠭ ᠬᠢᠭᠡᠳ ᠤᠩᠭᠤᠨ ᠲᠤᠷᠬᠠᠯ ᠤᠨ ᠦᠶ᠎ᠡ ᠳᠤ᠂ ᠴᠠᠬᠠᠷ ᠲᠦᠮᠡᠨ ᠪᠠ ᠦᠵᠦᠮᠦᠴᠢᠨ ᠠᠶᠢᠮᠠᠭ ᠨᠢ | ᠯᠢᠶᠤᠤ ᠡᠾᠧ᠂ ᠬᠤᠨ ᠡᠾᠧ᠂ ᠲᠠᠢ ᠽᠢ ᠡᠾᠧ ᠭᠤᠷᠪᠠᠨ ︵ᠯᠢᠶᠤᠤᠨᠢᠩ ᠮᠤᠵᠢ ᠶᠢᠨ ᠲᠤᠮᠳᠠ ᠲᠤᠤᠷ᠎ᠠ ᠪᠡᠶ᠎ᠡ︶ | ᠭᠤᠤᠯ ᠤᠨ ᠤᠷᠤᠰᠬᠠᠯ ᠲᠠᠭᠠᠤ ᠤᠷᠤᠨ ᠢᠶᠠᠷ ᠯᠢᠶᠤᠤᠳᠦᠩ ᠬᠤᠶᠢᠭ ᠤᠨ ᠳᠠᠯᠠᠢ ᠬᠦᠪᠡᠭᠡᠯᠡᠨ ᠮᠠᠯᠵᠢᠨ ᠨᠤᠲᠤᠭᠰᠢᠵᠦ | ᠪᠠᠶᠢᠪᠠ᠃ ᠡᠨᠡ ᠦᠶ᠎ᠡ ᠦᠵᠦᠮᠦᠴᠢᠨ ᠠᠶᠢᠮᠠᠭ ᠨᠢ ᠲᠠᠪᠤᠨ ᠬᠤᠰᠢᠭᠤ ᠮᠠᠯ ᠢᠶᠠᠨ ᠦᠰᠭᠡᠨ ᠦᠷᠡᠵᠢᠭᠦᠯᠵᠦ᠂ ᠪᠤᠭᠳᠠ | ᠠᠭᠤᠯᠠ ᠠᠴᠠ ᠮᠤᠳᠤ ᠲᠡᠭᠡᠭᠡᠳᠡᠭ ᠪᠤᠯᠤᠭᠰᠠᠨ ᠢᠶᠠᠷ ᠲᠤᠭᠤᠨᠠᠳᠤ ᠭᠡᠷ ᠲᠤ ᠰᠠᠭᠤᠵᠦ᠂ ᠮᠤᠳᠤᠨ ᠲᠡᠷᠭᠡ ᠶᠢ ᠬᠡᠷᠡᠭᠯᠡᠬᠦ | ᠪᠤᠯᠵᠦ᠂ ᠦᠬᠡᠷ ᠢ ᠭᠠᠷᠰᠢᠭᠤᠯᠤᠨ ᠡᠳ᠋ᠯᠡᠨ ᠨᠡᠭᠦᠳᠡᠯ ᠤᠨ ᠤᠷᠳᠤ ᠠᠴᠢᠶ᠎ᠠ ᠬᠦᠰᠭᠡ ᠲᠠᠢ ᠪᠤᠯᠤᠨ᠂ ᠡᠵᠢ | ᠨᠠᠭᠤᠷ ᠠᠴᠠ ᠲᠠᠪᠤᠰᠤ ᠲᠡᠭᠡᠭᠡᠵᠦ᠂ ᠡᠮᠦᠨ᠎ᠡ ᠭᠠᠵᠠᠷ ᠠᠴᠠ ᠠᠮᠤ ᠪᠤᠳᠠᠭ᠎ᠠ ᠲᠡᠭᠡᠭᠡᠵᠦ᠂ ᠠᠮᠢᠳᠤᠷᠠᠯ ᠤᠨ ᠬᠢᠷᠢ | ᠬᠡᠮᠵᠢᠶ᠎ᠡ ᠨᠢ ᠴᠤ ᠰᠠᠶᠢᠵᠢᠷᠠᠭᠰᠠᠨ ᠪᠠᠶᠢᠨ᠎ᠠ᠃ | 1623 ᠤᠨ ᠳᠤ ᠦᠵᠦᠮᠦᠴᠢᠨ ᠠᠶᠢᠮᠠᠭ ᠤᠨ ᠠᠬᠠᠯᠠᠭᠴᠢ ᠤᠩᠭᠤᠨ ᠲᠤᠷᠬᠠᠯ ᠤᠨ ᠲᠠᠪᠤᠳᠤᠭᠠᠷ ᠬᠦᠪᠡᠭᠦᠨ | ᠲᠤᠷᠵᠢ ᠰᠡᠴᠡᠨ ᠵᠢᠨᠦᠩ ᠲᠡᠭᠦᠨ ᠤ ᠶᠡᠭᠡ ᠠᠬ᠎ᠠ ᠴᠤᠭᠳᠤ ᠶᠢᠨ ᠬᠦᠤ ᠰᠡᠷᠡᠩ ᠲᠠᠶᠢᠵᠢ ᠲᠠᠢ ᠪᠠᠨ ᠶᠡᠭᠡ ᠬᠦᠷᠤᠨ ᠤ | ᠲᠠᠶᠢᠨ ᠤ ᠬᠦᠯ ᠠᠴᠠ ᠵᠠᠶᠢᠯᠠᠬᠤ ᠶᠢᠨ ᠲᠤᠰᠠᠳᠠ ᠯᠢᠭᠳᠡᠨ ᠬᠤᠳᠤᠭᠳᠤ ᠬᠠᠭᠠᠨ ᠠᠴᠠ ᠰᠠᠯᠵᠦ᠂ ᠬᠠᠷᠢᠶᠠᠳᠤ | ᠠᠶᠢᠮᠠᠭ ᠢᠶᠠᠨ ᠲᠠᠭᠠᠭᠤᠯᠤᠨ᠂ ᠭᠤᠪᠢ ᠶᠢᠨ ᠠᠷᠤ ᠳᠠᠬᠢ ᠬᠠᠯᠬ᠎ᠠ ᠶᠢᠨ ᠰᠡᠴᠡᠨ ᠬᠠᠨ ᠱᠤᠯᠤᠢ ᠶᠢ ᠡᠷᠢᠵᠦ ᠤᠴᠢᠭᠠᠳ | ᠠᠷᠤ ᠬᠠᠩᠭᠠᠢ — ᠬᠡᠷᠦᠯᠦᠨ ᠭᠤᠤᠤᠯ ᠤᠨ ᠬᠦᠪᠡᠭᠡ ᠲᠠᠭᠠᠤ ᠨᠤᠲᠤᠭᠰᠢᠨ ᠮᠠᠯᠵᠢᠪᠠ᠃ ᠲᠡᠷᠡ ᠦᠶ᠎ᠡ ᠳᠤ | ᠬᠠᠭᠤᠴᠢᠳ᠂ ᠰᠦᠨᠢᠳ᠂ ᠠᠪᠠᠭ᠎ᠠ᠂ ᠠᠪᠠᠭ᠋ᠠᠨᠠᠷ ᠵᠡᠷᠭᠡ ᠠᠶᠢᠮᠠᠭ ᠴᠤ ᠮᠦᠨ ᠤᠷᠢᠳ ᠬᠤᠵᠢᠳ ᠬᠠᠯᠬ᠎ᠠ ᠳᠤ | ᠨᠡᠭᠦᠪᠡ᠃ | 1635 ᠤᠨ ᠳᠤ ᠬᠠᠯᠬ᠎ᠠ ᠶᠢᠨ ᠰᠡᠴᠡᠨ ᠬᠠᠨ ᠪᠤᠯᠤᠨ ᠦᠵᠦᠮᠦᠴᠢᠨ ᠤ ᠲᠤᠷᠵᠢ ᠰᠡᠴᠡᠨ ᠵᠢᠨᠦᠩ ᠵᠡᠷᠭᠡ | ᠪᠤᠰᠤᠳ ᠠᠶᠢᠮᠠᠭ ᠤᠨ ᠲᠦᠷᠦᠭᠦᠴᠤᠳ ᠬᠤᠯᠪᠤᠭᠠᠯᠠᠨ᠂ ᠴᠢᠩ ᠤᠯᠤᠰ ᠲᠤ ᠲᠠᠭᠠᠬᠤ ᠪᠢᠴᠢᠭ ᠡᠷᠭᠦᠵᠦ᠂ ᠠᠳᠤᠭᠤ | ᠮᠠᠯ ᠲᠡᠷᠢᠭᠦᠳᠡᠨ ᠤ ᠪᠡᠯᠡᠭ ᠤᠨ ᠵᠦᠢᠯᠡᠰ ᠬᠦᠷᠭᠡᠵᠦ ᠶᠠᠪᠤᠯᠴᠠᠭᠰᠠᠨ ᠠᠴᠠ ᠴᠢᠩ ᠤᠯᠤᠰ ᠤᠨ ᠵᠦᠪᠰᠢᠶᠡᠷᠡᠯ ᠢᠶᠠᠷ | 1637 ᠤᠨ ᠳᠤ ᠲᠤᠷᠵᠢ ᠰᠡᠴᠡᠨ ᠵᠢᠨᠦᠩ ᠬᠠᠷᠢᠶᠠᠳᠤ ᠠᠶᠢᠮᠠᠭ ᠢᠶᠠᠨ ᠲᠠᠭᠠᠭᠤᠯᠤᠨ ᠲᠠᠭᠠᠷ᠎ᠠ ᠢᠷᠡᠵᠦ᠂ ᠠᠯᠳᠠᠨ | ᠬᠢᠩᠭᠠᠨ ᠤ ᠡᠩᠭᠡᠷ ᠤᠯᠠᠭᠠᠢ ᠰᠧᠶᠠᠯᠵᠢ ᠶᠢᠨ ᠭᠤᠤᠯ ᠲᠠᠭᠠᠤ ᠮᠠᠯᠵᠢᠨ ᠨᠤᠲᠤᠭᠰᠢᠪᠠ᠃ ᠴᠢᠩ ᠤᠯᠤᠰ ᠠᠴᠠ | ᠦᠵᠦᠮᠦᠴᠢᠨ ᠠᠶᠢᠮᠠᠭ ᠲᠤ ᠨᠡᠶᠢᠰᠯᠡᠯ ᠪᠡᠭᠡᠵᠢᠩ ᠠᠴᠠ 1163 ᠭᠠᠵᠠᠷ ᠤᠨ ᠵᠠᠶᠢᠳᠠᠢ᠂ ᠵᠡᠭᠦᠨᠰᠢ ᠪᠠᠷᠠᠭᠤᠨᠰᠢ ᠪᠠᠨ | 360 ᠭᠠᠵᠠᠷ᠂ ᠡᠮᠦᠨᠡᠰᠢ ᠤᠮᠠᠷᠠᠰᠢ ᠪᠠᠨ 425 ᠭᠠᠵᠠᠷ᠂ ᠵᠡᠭᠦᠨᠰᠢ ᠪᠠᠨ ᠰᠤᠯᠤᠨ ᠠᠭᠤᠯᠠ ᠬᠦᠷᠴᠤ᠂ | ᠪᠠᠷᠠᠭᠤᠨᠰᠢ ᠪᠠᠨ ᠬᠠᠭᠤᠴᠢᠳ᠂ ᠡᠮᠦᠨᠡᠰᠢ ᠪᠠᠨ ᠪᠠᠭᠠᠷᠢᠨ᠂ ᠤᠮᠠᠷᠠᠰᠢ ᠪᠠᠨ ᠭᠤᠪᠢ ᠳᠤ ᠬᠦᠷᠬᠦ ᠠᠭᠤᠳᠠᠮ ᠪᠡᠯᠴᠢᠭᠡᠷ ᠢ | ᠬᠤᠪᠢᠶᠠᠷᠢᠯᠠᠵᠦ ᠦᠭᠭᠦᠭᠰᠡᠨ ᠨᠢ ᠦᠵᠦᠮᠦᠴᠢᠨ ᠤ ᠲᠠᠯ᠎ᠠ ᠨᠤᠲᠤᠭ ᠭᠡᠵᠦ ᠠᠯᠳᠠᠷᠰᠢᠭᠰᠠᠨ ᠪᠢᠯᠡ᠃ | 1641 ᠤᠨ ᠳᠤ ᠲᠠᠶᠢᠴᠢᠩ ᠤᠯᠤᠰ ᠤᠨ ᠲᠡᠭᠡᠳᠦ ᠡᠷᠳᠡᠮᠳᠦ ᠶᠢᠨ ᠵᠢᠷᠭᠤᠳᠤᠭᠠᠷ ᠤᠨ ᠳᠤ ᠦᠵᠦᠮᠦᠴᠢᠨ ᠤ | ᠠᠬᠠᠯᠠᠭᠴᠢ ᠲᠤᠷᠵᠢ ᠵᠢᠨᠦᠩ ᠢ ᠬᠤᠱᠤᠢ ᠰᠡᠴᠡᠨ ᠴᠢᠨ ᠸᠠᠩ ᠡᠷᠭᠦᠮᠵᠢᠯᠡᠵᠦ᠂ ᠰᠡᠴᠡᠨ ᠴᠤᠯᠠ ᠶᠢ ᠨᠢ ᠬᠠᠳᠠᠭᠠᠯᠠᠵᠦ᠂ | ᠲᠠᠪᠬᠤᠷ ᠫᠦᠩᠯᠦ ᠬᠦᠷᠳᠡᠭᠡᠵᠦ ᠬᠦᠪᠡᠭᠦᠨ ᠠᠴᠢᠨᠠᠷ ᠲᠤᠨᠢ ᠦᠶ᠎ᠡ ᠤᠯᠠᠷᠢᠨ ᠵᠠᠯᠭᠠᠮᠵᠢᠯᠠᠭᠤᠯᠪᠠ᠃ | 1646 ᠤᠨ ᠳᠤ ᠦᠵᠦᠮᠦᠴᠢᠨ ᠠᠶᠢᠮᠠᠭ ᠢ ᠬᠤᠶᠠᠷ ᠬᠤᠰᠢᠭᠤ ᠪᠤᠯᠭᠠᠨ ᠵᠠᠰᠠᠭᠯᠠᠵᠦ᠂ ᠦᠵᠦᠮᠦᠴᠢᠨ | ᠪᠠᠷᠠᠭᠤᠨ ᠭᠠᠷᠤᠨ ᠬᠤᠰᠢᠭᠤ ᠶᠢ ᠲᠤᠷᠵᠢ ᠰᠡᠴᠡᠨ ᠴᠢᠨ ᠸᠠᠩ ᠳᠤ ᠦᠭᠴᠤ᠂ ᠬᠤᠷᠢᠨ ᠲᠠᠪᠤᠨ ᠰᠤᠮᠤ | ᠬᠠᠷᠢᠶᠠᠯᠠᠭᠤᠯᠵᠠᠢ᠃ ᠦᠵᠦᠮᠦᠴᠢᠨ ᠵᠡᠭᠦᠨ ᠭᠠᠷᠤᠨ ᠬᠤᠰᠢᠭᠤ ᠶᠢ ᠰᠡᠷᠡᠩ ᠪᠡᠶᠢᠯᠡ ᠳᠤ ᠦᠭᠴᠤ᠂ ᠶᠢᠰᠦᠨ ᠰᠤᠮᠤ | ᠬᠠᠷᠢᠶᠠᠯᠠᠭᠤᠯᠤᠭᠰᠠᠨ ᠪᠠᠶᠢᠨ᠎ᠠ᠃ ᠡᠭᠦᠨ ᠠᠴᠠ ᠰᠢᠯᠢ ᠶᠢᠨ ᠭᠤᠤᠯ ᠴᠢᠭᠤᠯᠭᠠᠨ ᠤ ᠠᠷᠪᠠᠨ ᠬᠤᠰᠢᠭᠤᠨ ᠳᠤ | ᠬᠠᠷᠢᠶᠠᠯᠠᠭᠳᠠᠪᠠ᠃ ᠡᠭᠦᠨ ᠳᠤ ᠬᠤᠶᠠᠷ ᠦᠵᠦᠮᠦᠴᠢᠨ᠂ ᠬᠤᠶᠠᠷ ᠰᠦᠨᠢᠳ᠂ ᠬᠤᠶᠠᠷ ᠬᠠᠭᠤᠴᠢᠳ᠂ ᠲᠦᠷᠪᠡᠨ | ᠠᠪᠠᠭ᠎ᠠ ᠵᠡᠷᠭᠡ ᠪᠤᠯᠤᠨ᠎ᠠ᠃ | 18 ᠳ᠋ᠤᠭᠠᠷ ᠵᠠᠭᠤᠨ ᠠᠴᠠ ᠨᠠᠰᠢ ᠦᠵᠦᠮᠦᠴᠢᠨ ᠠᠶᠢᠮᠠᠭ ᠲᠤ᠂ ᠮᠠᠰᠢ ᠤᠯᠠᠨ ᠲᠡᠤᠬᠡ ᠰᠤᠳᠤᠯᠤᠯ ᠤᠨ | ᠡᠷᠳᠡᠮᠳᠡᠳ ᠴᠤᠯᠭᠤᠷᠠᠨ ᠭᠠᠷᠴᠤ᠂ ᠰᠤᠶᠤᠯ ᠤᠨ ᠬᠦᠭᠵᠢᠯᠳᠡ ᠳᠤ ᠨᠦᠯᠦᠭᠡ ᠪᠦᠬᠦᠢ ᠲᠡᠤᠬᠡᠨ ᠨᠤᠮ ᠰᠤᠳᠤᠷ ᠢ | ᠲᠤᠭᠤᠷᠪᠢᠨ᠂ ᠮᠤᠩᠭᠤᠯ ᠰᠤᠶᠤᠯ ᠤᠨ ᠦᠢᠯᠡᠰ ᠲᠤ ᠭᠠᠪᠢᠶ᠎ᠠ ᠨᠡᠷ᠎ᠡ ᠪᠠᠨ ᠲᠠᠭᠤᠷᠢᠰᠤᠭᠤᠯᠤᠭᠰᠠᠨ ᠪᠠᠶᠢᠨ᠎ᠠ᠃ | ᠡᠭᠦᠨ ᠳᠤ ᠳᠡᠯᠡᠬᠡᠢ ᠶᠢᠨ ᠮᠤᠩᠭᠤᠯ ᠰᠤᠳᠤᠯᠭᠠᠨ ᠳᠤ ᠲᠡᠤᠬᠡᠨ ᠲᠤᠯᠭᠤᠷ ᠪᠢᠴᠢᠭ ᠢᠶᠠᠷ ᠦᠨᠡᠯᠡᠭᠳᠡᠵᠦ ᠪᠠᠶᠢᠭ᠎ᠠ ᠨᠢ | ᠪᠡᠭᠡᠵᠢᠩ ᠳᠠᠬᠢ ᠲᠠᠩᠭᠤᠳ ᠪᠢᠴᠢᠭ ᠤᠨ ᠰᠤᠷᠭᠠᠭᠤᠯᠢ ᠶᠢᠨ ᠲᠡᠷᠢᠭᠦᠨ ᠠᠮᠪᠠᠨ ᠡᠷᠳᠡᠮᠳᠡᠨ ᠭᠦᠩ ᠭᠤᠮᠪᠤᠵᠠᠪ ᠤᠨ ︽ | ᠭᠠᠩᠭ᠎ᠠ ᠶᠢᠨ ᠤᠷᠤᠰᠬᠠᠯ︾᠂ ︽ᠮᠡᠷᠭᠡᠳ ᠭᠠᠷᠬᠤ ᠶᠢᠨ ᠤᠷᠤᠨ︾᠂ ︽ᠵᠠᠨᠠᠭ ᠴᠤᠶᠢᠵᠢᠩ︾᠂ ᠬᠦᠷᠢᠶ᠎ᠡ | ᠰᠦᠮ᠎ᠡ ᠶᠢᠨ ᠮᠤᠯᠤᠮ ᠯᠠᠮᠠ ᠲᠠᠨᠽᠠᠨᠷᠠᠭᠸᠠ ᠶᠢᠨ ᠬᠡᠯᠡ ᠰᠢᠨᠵᠢᠯᠡᠯ ᠤᠨ ︽ᠤᠭᠳᠠᠷᠭᠤᠢ ᠶᠢᠨ ᠮᠠᠨᠢ︾᠂ ᠦᠵᠦᠮᠦᠴᠢᠨ | ᠪᠡᠶᠢᠯᠡ ᠶᠢᠨ ᠬᠤᠰᠢᠭᠤᠨ ᠤ ᠭᠠᠬᠢᠯ ᠰᠦᠮ᠎ᠡ ᠶᠢᠨ ᠪᠠᠷᠠᠭᠤᠨ ᠯᠠᠮᠠ ᠭᠦᠤᠰᠢ ᠯᠤᠪᠰᠠᠩᠳᠠᠨᠵᠢᠨ ᠤ ︽ᠠᠯᠳᠠᠨ ᠲᠤᠪᠴᠢ | ︾᠂ ᠢᠨᠵᠠᠭᠠᠨ ᠰᠦᠮ᠎ᠡ ᠶᠢᠨ ᠭᠡᠭᠡᠨ — ᠳ᠋ᠠᠾᠷᠮᠠ ᠶᠢᠨ ︽ᠠᠯᠳᠠᠨ ᠬᠦᠷᠳᠦᠨ ᠮᠢᠩᠭᠠᠨ ᠬᠡᠭᠡᠰᠦᠳᠦ︾᠂ | ᠤᠪᠤᠭᠠᠳᠤ ᠬᠠᠮᠪᠤ ᠭᠡᠭᠡᠨ ᠰᠦᠮ᠎ᠡ ᠶᠢᠨ ᠤᠷᠠᠨ ᠱᠠᠪᠷᠤᠩ ᠯᠤᠪᠰᠠᠩᠳᠠᠨᠵᠢᠨᠵᠠᠮᠰᠤ ᠶᠢᠨ ︽ᠭᠡᠭᠡᠨ ᠪᠤᠯᠤᠷ ᠡᠷᠢᠭᠡ︾ | ᠵᠡᠷᠭᠡ ᠵᠤᠬᠢᠶᠠᠯ ᠪᠦᠳᠦᠭᠡᠯ ᠤᠳ ᠪᠤᠢ᠃ | 1899 ᠤᠨ ᠳᠤ᠂ ᠰᠤᠳᠨᠠᠮᠷᠠᠪᠳᠠᠨ ᠦᠵᠦᠮᠦᠴᠢᠨ ᠪᠠᠷᠠᠭᠤᠨ ᠬᠤᠰᠢᠭᠤᠨ ᠤ ᠵᠠᠰᠠᠭ ᠬᠤᠱᠤᠢ ᠴᠢᠨ ᠸᠠᠩ | ᠵᠠᠯᠭᠠᠮᠵᠢᠯᠠᠪᠠ᠃ ᠰᠤᠳᠨᠠᠮᠷᠠᠪᠳᠠᠨ ᠪᠤᠯ ᠴᠢᠩᠭᠢᠰ ᠬᠠᠭᠠᠨ ᠤ ᠭᠤᠴᠢᠨ ᠬᠤᠶᠠᠳᠤᠭᠠᠷ ᠦᠶ᠎ᠡ ᠶᠢᠨ ᠠᠴᠢ ᠪᠤᠯᠬᠤ | ᠪᠦᠭᠡᠳ ᠰᠢᠯᠢ ᠶᠢᠨ ᠭᠤᠤᠯ ᠤᠨ ᠴᠢᠭᠤᠯᠭᠠᠨ ᠤ ᠳᠡᠳ᠋ ᠪᠤᠶᠤ ᠵᠢᠩᠬᠢᠨᠢ ᠲᠠᠷᠤᠭ᠎ᠠ ᠶᠢᠨ ᠲᠤᠰᠢᠶᠠᠯ ᠤᠨ ᠠᠯᠪᠠᠨ ᠳᠤ | ᠭᠤᠴᠢ ᠭᠠᠷᠤᠢ ᠵᠢᠯ ᠦᠢᠯᠡᠴᠢᠯᠡᠵᠦ᠂ ᠲᠤᠬᠠᠢ ᠶᠢᠨ ᠦᠶ᠎ᠡ ᠶᠢᠨ ᠴᠠᠬᠠᠷ ᠮᠤᠵᠢ ᠶᠢᠨ ᠵᠠᠰᠠᠭ ᠤᠨ ᠶᠠᠪᠤᠳᠠᠯ ᠤᠨ | ᠬᠤᠷᠢᠶᠠᠨ ᠤ ᠳᠡᠳ᠋ ᠬᠤᠷᠢᠶᠠᠨ ᠲᠠᠷᠤᠭ᠎ᠠ᠂ ᠬᠤᠷᠢᠶᠠᠨ ᠲᠠᠷᠤᠭ᠎ᠠ᠂ ᠠᠮᠤᠷ ᠢ ᠬᠠᠮᠠᠭᠠᠯᠠᠬᠤ ᠶᠡᠷᠦᠩᠬᠡᠢ ᠰᠧᠯᠢᠩ᠂ | ᠬᠠᠭᠤᠷᠮᠠᠭ ᠮᠤᠩᠭᠤᠯ ᠤᠨ ᠴᠡᠷᠢᠭ ᠵᠠᠰᠠᠭ ᠤᠨ ᠤᠷᠳᠤᠨ ᠤ ᠳᠡᠳ᠋ ᠲᠡᠷᠢᠭᠦᠯᠡᠭᠴᠢ ᠵᠡᠷᠭᠡ ᠲᠦᠷᠦ ᠨᠡᠶᠢᠭᠡᠮ ᠤᠨ | ᠴᠢᠬᠤᠯᠠ ᠲᠤᠰᠢᠶᠠᠯ ᠤᠳ ᠢ ᠬᠠᠪᠰᠤᠷᠭᠠᠨ ᠬᠠᠷᠢᠭᠤᠴᠠᠵᠦ ᠪᠠᠶᠢᠭᠰᠠᠨ ᠦᠪᠦᠷ ᠮᠤᠩᠭᠤᠯ ᠤᠨ ᠲᠡᠤᠬᠡᠨ ᠳᠤ ᠴᠢᠬᠤᠯᠠ | ᠨᠦᠯᠦᠭᠡ ᠪᠦᠬᠦᠢ ᠨᠡᠷ᠎ᠡ ᠬᠦᠨᠳᠦᠳᠡᠢ ᠠᠯᠳᠠᠷ ᠴᠤᠤᠳᠤ ᠤᠯᠤᠰ ᠲᠦᠷᠦᠴᠢᠨ ᠪᠠᠶᠢᠪᠠ᠃ | 1945 ᠤᠨ ᠳᠤ᠂ ᠳᠡᠯᠡᠬᠡᠢ ᠶᠢᠨ ᠬᠤᠶᠠᠳᠤᠭᠠᠷ ᠳᠠᠶᠢᠨ ᠤ ᠦᠶ᠎ᠡ ᠳᠤ ᠦᠵᠦᠮᠦᠴᠢᠨ ᠵᠡᠭᠦᠨ ᠭᠠᠷᠤᠨ | ᠬᠤᠰᠢᠭᠤᠨ ᠤ ᠪᠡᠶᠢᠯᠡ ᠸᠠᠩ ᠮᠢᠨᠵᠦᠤᠷᠳᠤᠷᠵᠢ ᠶᠠᠫᠤᠨ ᠹᠠᠱᠢᠰᠲ ᠤᠨ ᠲᠠᠷᠤᠯᠠᠯ ᠠᠴᠠ ᠠᠩᠭᠢᠵᠢᠷᠠᠨ ᠶᠡᠬᠡᠩᠬᠢ ᠠᠶᠢᠯ | ᠡᠷᠦᠬᠡ ᠪᠠᠨ ᠲᠠᠭᠠᠭᠤᠯᠤᠨ᠂ ᠮᠤᠩᠭᠤᠯ ᠤᠯᠤᠰ ᠲᠤ ᠨᠡᠭᠦᠨ ᠶᠠᠪᠤᠪᠠ᠃ ᠦᠵᠦᠮᠦᠴᠢᠨ ᠪᠠᠷᠠᠭᠤᠨ ᠬᠤᠰᠢᠭᠤᠨ ᠤ | ᠴᠦᠭᠡᠪᠦᠷ ᠠᠶᠢᠯ ᠡᠷᠦᠭᠡ ᠴᠤ ᠮᠤᠩᠭᠤᠯ ᠳᠤ ᠨᠡᠭᠦᠪᠡ᠃ | 1946 ᠤᠨ ᠳᠤ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠬᠦᠳᠡᠯᠭᠡᠭᠡᠨ ᠤ ᠬᠤᠯᠪᠤᠭᠠᠳᠤ ᠬᠤᠷᠠᠯ ᠤᠨ | ᠵᠡᠭᠦᠨ ᠭᠤᠷᠪᠠᠨ ᠬᠤᠰᠢᠭᠤᠨ ᠤ ᠰᠠᠯᠪᠤᠷᠢ ᠪᠠ ᠵᠠᠰᠠᠭ ᠤᠨ ᠤᠷᠳᠤᠨ ᠢ ᠪᠠᠶᠢᠭᠤᠯᠤᠭᠠᠳ ᠬᠤᠰᠢᠭᠤᠨ ᠳᠠᠷᠤᠭ᠎ᠠ | ᠰᠤᠩᠭᠤᠨ ᠭᠠᠷᠭᠠᠵᠦ᠂ ᠤᠷᠤᠨ ᠨᠤᠲᠤᠭ ᠤᠨ ᠠᠮᠤᠷ ᠢ ᠬᠠᠮᠠᠭᠠᠯᠠᠬᠤ ᠠᠩᠭᠢ ᠶᠢ ᠵᠤᠬᠢᠶᠠᠨ ᠪᠠᠶᠢᠭᠤᠯᠪᠠ᠃ | ᠲᠤᠬᠠᠢ ᠶᠢᠨ ᠦᠶ᠎ᠡ ᠶᠢᠨ ᠵᠡᠭᠦᠨ ᠭᠤᠷᠪᠠᠨ ᠬᠤᠰᠢᠭᠤᠨ ᠳᠤ 17 ᠰᠤᠮᠤ ᠪᠠᠶᠢᠭᠤᠯᠵᠦ ︵ᠬᠠᠭᠤᠴᠢᠳ 3 ᠰᠤᠮᠤ᠂ | ᠦᠵᠦᠮᠦᠴᠢᠨ ᠪᠠᠷᠠᠭᠤᠨ ᠬᠤᠰᠢᠭᠤᠨ ᠤ 12 ᠰᠤᠮᠤ᠂ ᠦᠵᠦᠮᠦᠴᠢᠨ ᠵᠡᠭᠦᠨ ᠭᠠᠷᠤᠨ ᠬᠤᠰᠢᠭᠤᠨ ᠤ 2 ᠰᠤᠮᠤ︶ | ᠨᠢᠭᠡᠳᠦᠯᠳᠡᠢ ᠬᠠᠮᠢᠶᠠᠷᠤᠨ᠂ ᠵᠡᠭᠦᠨ ᠭᠤᠷᠪᠠᠨ ᠬᠤᠰᠢᠭᠤ ᠭᠡᠵᠦ ᠨᠡᠷᠡᠯᠡᠪᠡ᠃ ᠦᠵᠦᠮᠦᠴᠢᠨ ᠪᠠᠷᠠᠭᠤᠨ ᠬᠤᠰᠢᠭᠤᠨ ᠤ | ᠰᠠᠯᠪᠤᠷᠢ ᠬᠤᠷᠠᠯ ᠢ ᠸᠠᠠᠩᠭᠠᠢ ᠰᠦᠮ᠎ᠡ ᠳᠤ ᠪᠠᠶᠢᠭᠤᠯᠵᠦ᠂ ᠪᠠᠭᠠᠳᠤᠷᠴᠢᠯᠠᠭᠤ ᠪᠠ ᠮᠦᠩᠭᠡᠪᠠᠭᠠᠳᠤᠷ ᠨᠠᠷ ᠰᠠᠯᠪᠤᠷᠢ | ᠬᠤᠷᠠᠯ ᠤᠨ ᠡᠷᠬᠢᠯᠡᠭᠴᠢ᠂ ᠳᠡᠳ᠋ ᠡᠷᠬᠢᠯᠡᠭᠴᠢ ᠪᠤᠯᠵᠦ᠂ ᠮᠢᠵᠢᠳᠵᠠᠩᠴᠢᠪᠨᠢᠩᠪᠤ ᠴᠢᠨ ᠸᠠᠩ ᠢ ᠬᠤᠰᠢᠭᠤᠨ ᠤ | ᠠᠷᠠᠳᠴᠢᠯᠠᠭᠰᠠᠨ ᠵᠠᠰᠠᠭ ᠤᠨ ᠤᠷᠳᠤᠨ ᠤ ᠲᠠᠷᠤᠭ᠎ᠠ ᠪᠠᠷ ᠰᠤᠩᠭᠤᠵᠦ᠂ ᠪᠠᠭᠠᠳᠤᠷᠴᠢᠯᠠᠭᠤ ᠮᠦᠩᠬᠡᠪᠠᠭᠠᠳᠤᠷ ᠨᠠᠷ ᠢ | ᠳᠡᠳ᠋ ᠬᠤᠰᠢᠭᠤᠨ ᠲᠠᠷᠤᠭ᠎ᠠ ᠪᠠᠷ ᠰᠤᠩᠭᠤᠪᠠ᠂ ᠬᠠᠷᠢᠶ᠎ᠠ 12 ᠰᠤᠮᠤ ᠲᠠᠢ᠃ ᠦᠵᠦᠮᠦᠴᠢᠨ ᠵᠡᠭᠦᠨ ᠭᠠᠷᠤᠨ | ᠬᠤᠰᠢᠭᠤᠨ ᠤ ᠰᠠᠯᠪᠤᠷᠢ ᠬᠤᠷᠠᠯ ᠢ ᠭᠠᠪᠵᠦ ᠯᠠᠮᠠ ᠶᠢᠨ ᠰᠦᠮ᠎ᠡ ᠳᠤ ᠪᠠᠶᠢᠭᠤᠯᠵᠦ᠂ ᠷᠠᠰᠢᠰᠠᠮᠪᠤᠤ ᠪᠠ ᠭᠤᠤᠯᠳᠤ ᠨᠠᠷ | ᠰᠠᠯᠪᠤᠷᠢ ᠬᠤᠷᠠᠯ ᠤᠨ ᠡᠷᠬᠢᠯᠡᠭᠴᠢ᠂ ᠳᠡᠳ᠋ ᠡᠷᠬᠢᠯᠡᠭᠴᠢ ᠪᠤᠯᠵᠦ᠂ ᠰᠢᠸ᠎ᠠ ᠵᠠᠯᠠᠨ ᠢ ᠬᠤᠰᠢᠭᠤᠨ ᠤ ᠠᠷᠠᠳᠴᠢᠯᠠᠭᠰᠠᠨ | ᠵᠠᠰᠠᠭ ᠤᠨ ᠤᠷᠳᠤᠨ ᠤ ᠲᠠᠷᠤᠭ᠎ᠠ ᠪᠠᠷ ᠰᠤᠩᠭᠤᠵᠦ᠂ ᠷᠠᠰᠢᠰᠠᠮᠪᠤᠤ ᠭᠤᠤᠯᠳᠤ ᠨᠠᠷ ᠢ ᠳᠡᠳ᠋ ᠬᠤᠰᠢᠭᠤᠨ | ᠲᠠᠷᠤᠭ᠎ᠠ ᠪᠠᠷ ᠰᠤᠩᠭᠤᠪᠠ᠂ ᠬᠠᠷᠢᠶ᠎ᠠ 2 ᠰᠤᠮᠤ ᠲᠠᠢ᠃ ᠬᠠᠭᠤᠴᠢᠳ ᠵᠡᠭᠦᠨ ᠭᠠᠷᠤᠨ ᠬᠤᠰᠢᠭᠤᠨ ᠤ ᠰᠠᠯᠪᠤᠷᠢ | ᠬᠤᠷᠠᠯ ᠢ ᠬᠠᠭᠤᠴᠢᠳ ᠸᠠᠩ ᠤᠨ ᠰᠦᠮ᠎ᠡ ᠳᠤ ᠪᠠᠶᠢᠭᠤᠯᠵᠦ᠂ ᠰᠦᠬᠡ ᠰᠠᠯᠪᠤᠷᠢ ᠬᠤᠷᠠᠯ ᠤᠨ ᠡᠷᠬᠢᠯᠡᠭᠴᠢ ᠪᠤᠯᠵᠦ᠂ | ᠯᠾᠠᠮᠤᠳᠤᠩᠷᠤᠪ ᠸᠠᠩ ᠢ ᠬᠤᠰᠢᠭᠤᠨ ᠤ ᠠᠷᠠᠳᠴᠢᠯᠠᠭᠰᠠᠨ ᠵᠠᠰᠠᠭ ᠤᠨ ᠤᠷᠳᠤᠨ ᠤ ᠬᠤᠰᠢᠭᠤᠨ ᠲᠠᠷᠤᠭ᠎ᠠ ᠪᠠᠷ | ᠰᠤᠩᠭᠤᠵᠦ᠂ ᠮᠠᠩᠯᠠᠢ ᠶᠢ ᠳᠡᠳ᠋ ᠬᠤᠰᠢᠭᠤᠨ ᠲᠠᠷᠤᠭ᠎ᠠ ᠪᠠᠷ ᠰᠤᠩᠭᠤᠪᠠ᠂ ᠬᠠᠷᠢᠶ᠎ᠠ 3 ᠰᠤᠮᠤ ᠲᠠᠢ᠃ | 1947 ᠤᠨ ᠳᠤ᠂ ᠭᠡᠰᠢᠭᠳᠡᠯᠠᠢ ᠪᠠᠷ ᠲᠤᠭᠤᠶᠢᠯᠠᠩ ᠤᠨ ᠲᠠᠷᠤᠭ᠎ᠠ ᠪᠤᠯᠭᠠᠭᠰᠠᠨ ᠲᠤᠮᠳᠠᠳᠤ ᠤᠯᠤᠰ ᠤᠨ ᠡᠪ | ᠬᠠᠮᠳᠤ ᠨᠠᠮ ᠤᠨ ᠪᠠᠭ᠎ᠠ ᠲᠤᠭᠤᠶᠢᠯᠠᠩ ᠪᠠᠶᠢᠭᠤᠯᠤᠭᠳᠠᠵᠦ᠂ 1948 ᠤᠨ ᠳᠤ ᠡᠪ ᠬᠠᠮᠳᠤ ᠨᠠᠮ ᠤᠨ ᠵᠡᠭᠦᠨ | ᠪᠦᠯᠦᠭ ᠭᠤᠤᠯ ᠬᠤᠰᠢᠭᠤᠨ ᠤ ᠠᠵᠢᠯᠯᠠᠬᠤ ᠺᠤᠮᠢᠰ ᠪᠠᠶᠢᠭᠤᠯᠤᠭᠳᠠᠵᠠᠢ᠃ | 1949 ᠤᠨ ᠳᠤ᠂ ᠤᠤᠯ ᠤᠨ ᠵᠡᠭᠦᠨ ᠭᠤᠷᠪᠠᠨ ᠬᠤᠰᠢᠭᠤ ᠪᠠᠨ ᠦᠭᠡᠷᠡᠴᠢᠯᠡᠨ᠂ ᠵᠡᠭᠦᠨ ᠬᠤᠯᠪᠤᠭᠠᠳᠤ | ᠬᠤᠰᠢᠭᠤ ᠪᠤᠯᠭᠠᠨ ᠪᠠᠶᠢᠭᠤᠯᠤᠭᠰᠠᠨ ᠤ ᠬᠠᠮᠳᠤ ᠰᠦᠬᠡ ᠪᠠᠷ ᠱᠦᠵᠢ ᠪᠤᠯᠭᠠᠭᠰᠠᠨ ᠵᠡᠭᠦᠨ ᠬᠤᠯᠪᠤᠭᠠᠳᠤ | ᠬᠤᠰᠢᠭᠤᠨ ᠤ ᠨᠠᠮ ᠤᠨ ᠠᠵᠢᠯᠯᠠᠬᠤ ᠬᠤᠷᠢᠶ᠎ᠠ ᠶᠢ ᠵᠤᠬᠢᠶᠠᠨ ᠪᠠᠶᠢᠭᠤᠯᠪᠠ᠃ | 1956 ᠤᠨ ᠳᠤ᠂ ᠵᠡᠭᠦᠨ ᠬᠤᠯᠪᠤᠭᠠᠳᠤ ᠬᠤᠰᠢᠭᠤ ᠶᠢᠨ ᠪᠠᠶᠢᠭᠤᠯᠤᠮᠵᠢ ᠶᠢ ᠦᠭᠡᠷᠡᠴᠢᠯᠡᠨ᠂ ᠵᠡᠭᠦᠨ | ᠦᠵᠤᠮᠦᠴᠢᠨ ᠬᠤᠰᠢᠭᠤ ᠪᠠ ᠪᠠᠷᠠᠭᠤᠨ ᠦᠵᠦᠮᠦᠴᠢᠨ ᠬᠤᠰᠢᠭᠤ ᠬᠤᠶᠠᠷ ᠬᠤᠰᠢᠭᠤ ᠪᠤᠯᠭᠠᠨ ᠵᠠᠰᠠᠭᠯᠠᠵᠦ᠂ | ᠰᠢᠯᠢ ᠶᠢᠨ ᠭᠤᠤᠯ ᠠᠶᠢᠮᠠᠭ ᠲᠤ ᠬᠠᠷᠢᠶᠠᠯᠠᠭᠤᠯᠪᠠ᠂ ᠡᠭᠦᠨ ᠠᠴᠠ ᠤᠤᠯ ᠤᠨ ᠬᠠᠭᠤᠴᠢᠳ ᠬᠤᠶᠠᠷ ᠬᠤᠰᠢᠭᠤᠨ ᠤ | ᠶᠡᠬᠡᠩᠬᠢ ᠨᠤᠲᠤᠭ ᠪᠡᠯᠴᠢᠭᠡᠷ ᠬᠤᠶᠠᠷ ᠦᠵᠦᠮᠦᠴᠢᠨ ᠳᠤ ᠪᠠᠭᠳᠠᠭᠳᠠᠭᠰᠠᠨ ᠪᠠᠶᠢᠨ᠎ᠠ᠃ | ᠤᠳᠤ ᠦᠵᠦᠮᠦᠴᠢᠨᠴᠤᠳ ᠭᠤᠤᠯᠳᠠᠭᠤ ᠰᠢᠯᠢ ᠶᠢᠨ ᠭᠤᠤᠯ ᠠᠶᠢᠮᠠᠭ ᠤᠨ ᠦᠵᠦᠮᠦᠴᠢᠨ ᠵᠡᠭᠦᠨ ᠪᠠᠷᠠᠭᠤᠨ | ᠬᠤᠶᠠᠷ ᠬᠤᠰᠢᠭᠤ ᠪᠠᠷ ᠭᠤᠤᠯᠯᠠᠵᠦ᠂ ᠮᠤᠩᠭᠤᠯ ᠤᠯᠤᠰ ᠤᠨ ᠲᠤᠷᠤᠨᠠᠳᠤ ᠠᠶᠢᠮᠠᠭ ᠤᠨ ᠰᠡᠷᠭᠦᠯᠡᠩᠬᠠᠷᠠᠭᠠᠳᠤ ᠰᠤᠮᠤ᠂ | ᠪᠠᠶᠠᠨᠳᠦ᠋ᠮᠡᠨ ᠰᠤᠮᠤ᠂ ᠪᠤᠯᠠᠭᠠᠨ ᠰᠤᠮᠤ᠂ ᠰᠦᠬᠡᠪᠡᠭᠠᠳᠤᠷ ᠠᠶᠢᠮᠠᠭ ᠤᠨ ᠡᠷᠳᠡᠨᠢᠴᠠᠭᠠᠨ ᠰᠤᠮᠤ ᠵᠢᠴᠢ | ᠤᠯᠠᠭᠠᠨᠪᠠᠭᠠᠳᠤᠷ ᠬᠤᠳᠠ ᠪᠠᠷ ᠲᠠᠷᠬᠠᠵᠦ ᠪᠠᠶᠢᠳᠠᠭ᠃ | ᠤᠯᠢᠶᠠᠰᠤᠳᠠᠢ ᠳᠤ᠂ ᠬᠦᠬᠡ ᠮᠤᠷᠢᠨ ᠵᠢᠯ ᠤᠨ ᠵᠤᠨ ᠤ ᠡᠬᠢᠨ ᠰᠠᠷ᠎ᠠ᠃ | | ᠬᠠᠶ᠋ᠢᠭ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠨᠡᠶᠢᠭᠡᠮᠯᠢᠭ | | | | | | | | |