7 ᠰᠠᠷ᠎ᠠ ᠶᠢᠨ 16᠎ ᠤ ᠡᠳᠦᠷ ᠹᠦ᠋ ᠣᠷᠣᠯ᠎ᠠ︕
ᠨᠡᠶᠢᠲᠡᠯᠡᠭᠰᠡᠨ ᠴᠠᠭ᠄
2020/7/17
   ᠦᠨᠦ ᠵᠢᠯ ᠤᠨ ᠭᠤᠷᠪᠠᠨ ᠹᠦ᠋ 7 ᠰᠠᠷ᠎ᠠ ᠶᠢᠨ 16᠎ ᠤ ᠡᠳᠦᠷ ᠠᠴᠠ ᠡᠬᠢᠯᠡᠯ᠎ᠡ᠃  ᠲᠦᠷᠦᠭᠦᠦ ᠹᠦ᠋᠄ 7 ᠰᠠᠷ᠎ᠠ ᠶᠢᠨ 16᠎ ᠠᠴᠠ 25 ᠪᠤᠯᠳᠠᠯ᠎ᠠ ᠳᠤᠮᠳᠠ ᠹᠦ᠋᠄ 7 ᠰᠠᠷ᠎ᠠ ᠶᠢᠨ 26᠎ ᠠᠴᠠ 8 ᠰᠠᠷ᠎ᠠ ᠶᠢᠨ 14 ᠪᠤᠯᠲᠠᠯ᠎ᠠ ᠡᠴᠦᠰ ᠤᠨ ᠹᠦ᠋᠄ 8 ᠰᠠᠷ᠎ᠠ ᠶᠢᠨ 15᠎ ᠠᠴᠠ 24 ᠪᠤᠯᠲᠠᠯ᠎ᠠ ᠨᠡᠶᠢᠲᠡ 40 ᠡᠳᠦᠷ ᠹᠦ᠋ ᠤᠷᠤᠭᠰᠠᠨ ᠤ ᠰᠡᠭᠦᠯᠡᠷ ᠠᠭᠠᠷ ᠤᠨ ᠴᠢᠬᠢᠭ ᠤᠨ ᠬᠡᠮᠵᠢᠶ᠎ᠡ ᠨᠡᠮᠡᠭᠳᠡᠵᠦ᠂ ᠨᠢᠭᠡ ᠵᠢᠯ ᠤᠨ ᠬᠠᠮᠤᠭ ᠬᠠᠯᠠᠭᠤᠨ ᠡᠳᠦᠷ ᠤᠳ ᠬᠦᠷᠴᠦ ᠢᠷᠡᠳᠡᠭ᠃ ᠭᠤᠷᠪᠠᠨ ᠹᠦ᠋ ᠶᠢᠨ ᠡᠳᠦᠷ ᠲᠤ ᠠᠭᠠᠬᠢᠮ᠎ᠠ ᠬᠠᠯᠠᠭᠤᠨ ᠪᠤᠯᠪᠠᠴᠤ ᠬᠦᠵᠦᠭᠦᠦ ᠲᠠᠯᠤ ᠨᠢᠷᠤᠭᠤ ᠪᠠᠨ ᠠᠭᠠᠷ ᠲᠤᠬᠢᠷᠠᠭᠤᠯᠤᠭᠴᠢ ᠪᠠᠷ ᠰᠢᠭᠤᠳ ᠦᠯᠢᠶᠡᠯᠭᠡᠵᠦ ᠶᠠᠭᠠᠬᠢᠭᠰᠠ ᠴᠤ ᠪᠤᠯᠬᠤ ᠦᠭᠡᠢ᠂ ᠰᠢᠭᠤᠳ ᠦᠯᠢᠶᠡᠯᠭᠡᠪᠡᠯ ᠬᠠᠯᠠᠭᠤᠨ ᠳᠤ ᠲᠡᠯᠡᠭᠳᠡᠭᠰᠡᠨ ᠦᠰᠦᠨ ᠤ ᠰᠦᠪᠡ ᠪᠠᠷ ᠪᠡᠶ᠎ᠡ ᠳᠤ ᠬᠦᠢᠲᠡᠨ ᠴᠢᠬᠢᠭ ᠤᠷᠤᠬᠤ ᠪᠤᠯᠤᠨ᠎ᠠ᠃ ᠴᠤᠩᠬᠤ ᠪᠠᠨ ᠪᠠᠶᠢᠩᠭᠤ ᠨᠡᠭᠡᠭᠡᠵᠦ ᠰᠠᠯᠬᠢ ᠨᠡᠪᠲᠡᠷᠡᠭᠦᠯᠬᠦ ᠬᠡᠷᠡᠭᠲᠡᠢ᠃ ᠰᠠᠯᠬᠢ ᠵᠢᠪᠠᠷ ᠨᠡᠪᠲᠡᠷᠡᠬᠦ ᠦᠭᠡᠢ ᠭᠡᠷ ᠦᠷᠦᠬᠡ ᠳᠤ ᠪᠢᠲᠡᠭᠡᠢ ᠤᠷᠲᠤ ᠬᠤᠭᠤᠴᠠᠭ᠎ᠠ ᠪᠠᠶᠢᠭᠠᠷᠠᠢ᠂ ᠨᠠᠷᠠᠰᠢᠬᠤ ᠪᠤᠶᠤ ᠡᠪᠡᠳᠴᠢᠯᠡᠬᠦ ᠪᠤᠯᠤᠮᠵᠢ ᠦᠨᠳᠦᠷ ᠶᠤᠮ᠃ ᠹᠦ᠋ ᠤᠷᠤᠵᠤ ᠬᠠᠯᠠᠭᠤᠨ ᠪᠤᠯᠤᠭᠰᠠᠨ ᠠᠴᠠ ᠬᠦᠯᠦᠷᠡᠬᠦ᠂ ᠪᠤᠬᠢᠨᠢᠳᠤᠬᠤ᠂ ᠲᠠᠮᠢᠷᠳᠠᠬᠤ ᠵᠡᠷᠭᠡ ᠪᠠᠶᠢᠳᠠᠯ ᠢᠯᠡᠷᠡᠬᠦ ᠪᠤᠯᠬᠤᠷ ᠪᠡᠶ᠎ᠡ ᠰᠡᠳᠭᠢᠴᠡ ᠶᠢᠨ ᠡᠷᠡᠭᠦᠯ ᠮᠡᠨᠳᠦ ᠪᠠᠨ ᠠᠩᠬᠠᠷᠬᠤ ᠴᠢᠬᠤᠯᠠᠲᠠᠢ᠃ ᠮᠦᠰᠦᠮᠡᠯᠵᠢ᠂ ᠵᠠᠶᠢᠷᠮᠠᠭ ᠢᠳᠡᠬᠦ ᠶᠢ ᠡᠷᠡᠰ ᠴᠡᠭᠡᠷᠯᠡᠵᠦ᠂ ᠬᠦᠷᠦᠭᠡᠭᠰᠡᠨ ᠪᠤᠴᠠᠯᠭᠠᠭᠰᠠᠨ ᠤᠰᠤ ᠢᠯᠡᠭᠦᠦ ᠤᠤᠭᠤᠵᠤ᠂ ᠰᠢᠨ᠎ᠡ ᠰᠤᠷᠭᠤᠭ ᠵᠢᠮᠢᠰ ᠨᠤᠭᠤᠭ᠎ᠠ ᠢᠯᠡᠭᠦᠦ ᠢᠳᠡᠭᠡᠷᠡᠢ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ ᠤ ᠮᠣᠩᠭᠤᠯ ᠰᠣᠨᠢᠨ ᠤ ᠵᠢᠷᠬᠢᠶ᠎ᠡ ᠶᠢᠨ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号