ᠮᠣᠩᠭᠤᠯᠴᠤᠳ ᠤᠨ ᠳᠥᠷᠪᠡᠨ ᠤᠯᠠᠷᠢᠯ ᠤᠨ ᠨᠡᠭᠦᠳᠡᠯ ᠤᠨ ᠵᠠᠩᠰᠢᠯ ︵ᠬᠤᠶᠠᠷ︶
ᠨᠡᠶᠢᠲᠡᠯᠡᠭᠰᠡᠨ ᠴᠠᠭ᠄
2024/10/18
    ᠮᠣᠩᠭᠤᠯᠴᠤᠳ ᠲᠠᠪᠤᠨ ᠬᠤᠰᠢᠭᠤ ᠮᠠᠯ ᠢ ᠠᠷᠠᠴᠢᠯᠠᠨ ᠮᠠᠯᠵᠢᠬᠤ ᠦᠢᠯᠡᠳᠪᠦᠷᠢᠯᠡᠯ ᠬᠥᠳᠡᠯᠮᠦᠷᠢ ᠶᠢᠨ ᠶᠠᠪᠤᠴᠠ ᠳᠠᠭᠠᠨ ᠮᠠᠯ ᠠᠵᠤ ᠠᠬᠤᠢ ᠶᠢᠨ ᠪᠠᠶᠠᠯᠢᠭ ᠲᠤᠷᠰᠢᠯᠭ᠎ᠠ ᠶᠢ ᠬᠤᠷᠠᠮᠳᠤᠭᠤᠯᠤᠭᠰᠠᠨ ᠶᠤᠮ᠃ ᠲᠠᠪᠤᠨ ᠬᠤᠰᠢᠭᠤ ᠮᠠᠯ ᠤᠨ ᠠᠳᠠᠯᠢ ᠪᠤᠰᠤ ᠣᠨᠴᠠᠯᠢᠭ ᠪᠣᠯᠤᠨ ᠲᠡᠳᠡᠭᠡᠷ ᠤᠨ ᠴᠠᠭ ᠠᠭᠤᠷ᠂ ᠤᠰᠤ ᠪᠡᠯᠴᠢᠭᠡᠷ ᠤᠨ ᠲᠣᠬᠢᠷᠠᠴᠠ ᠶᠢ ᠦᠨᠳᠦᠰᠦᠯᠡᠵᠦ ᠳᠥᠷᠪᠡᠨ ᠤᠯᠠᠷᠢᠯ ᠤᠨ ᠠᠭᠤᠷ ᠠᠮᠢᠰᠬᠤᠯ ᠤᠨ ᠪᠠᠶᠢᠳᠠᠯ᠂ ᠬᠤᠷ᠎ᠠ ᠲᠤᠨᠳᠠᠰᠤ᠂ ᠡᠪᠡᠰᠦ ᠪᠡᠯᠴᠢᠭᠡᠷ ᠤᠨ ᠪᠠᠶᠢᠳᠠᠯ ᠢ ᠦᠨᠳᠦᠰᠦᠯᠡᠵᠦ᠂ ᠤᠯᠠᠷᠢᠯ ᠢᠶᠠᠷ ᠨᠡᠭᠦᠳᠡᠯᠯᠡᠬᠦ ᠶᠢ ᠤᠷᠲᠤ ᠬᠤᠭᠤᠴᠠᠭ᠎ᠠ ᠪᠠᠷ ᠪᠠᠷᠢᠮᠲᠠᠯᠠᠭᠰᠠᠭᠠᠷ ᠢᠷᠡᠭᠰᠡᠨ ᠶᠤᠮ᠃ ᠢᠩᠭᠢᠵᠦ ᠳᠥᠷᠪᠡᠨ ᠤᠯᠠᠷᠢᠯ ᠢᠶᠠᠷ ᠡᠭᠡᠯᠵᠢᠯᠡᠨ ᠨᠡᠭᠦᠳᠡᠯᠯᠡᠬᠦ ᠶᠢ ᠬᠠᠪᠤᠷᠵᠢᠶ᠎ᠠ ᠳᠤ ᠭᠠᠷᠬᠤ᠂ ᠵᠤᠰᠠᠯᠠᠩ ᠳᠤ ᠪᠠᠭᠤᠬᠤ᠂ ᠨᠠᠮᠤᠷᠵᠢᠶ᠎ᠠ ᠳᠤ ᠪᠠᠭᠤᠬᠤ᠂ ᠡᠪᠦᠯᠵᠢᠶ᠎ᠡ ᠳᠤ ᠪᠠᠭᠤᠬᠤ ᠭᠡᠳᠡᠭ᠃      ᠵᠤᠰᠠᠯᠠᠩ ᠳᠤ ᠪᠠᠭᠤᠬᠤ      ᠵᠤᠨ ᠤ ᠤᠯᠠᠷᠢᠯ ᠤᠨ ᠨᠡᠭᠦᠳᠡᠯ ᠨᠢ ᠮᠠᠯ ᠰᠦᠷᠦᠭ ᠤᠨ ᠮᠢᠬᠠᠨ ᠲᠠᠷᠭᠤ ᠠᠪᠤᠭᠤᠯᠬᠤ ᠵᠣᠷᠢᠯᠲᠠ ᠲᠠᠢ ᠪᠣᠯᠬᠤᠷ᠂ ᠠᠭᠤᠯᠠ ᠶᠢᠨ ᠠᠷᠤ᠂ ᠳᠡᠨᠵᠢ᠂ ᠲᠠᠯ᠎ᠠ ᠶᠢᠨ ᠬᠥᠨᠳᠡᠢ ᠶᠢᠨ ᠠᠭᠢ᠂ ᠬᠠᠵᠠᠭᠠᠷ᠂ ᠬᠢᠶᠠᠭ ᠵᠡᠷᠭᠡ ᠨᠠᠷᠢᠨ ᠠᠮᠲᠠᠯᠢᠭ ᠤᠷᠭᠤᠮᠠᠯ ᠲᠠᠢ ᠪᠡᠯᠴᠢᠭᠡᠷ ᠢ ᠰᠣᠩᠭᠤᠵᠤ᠂ ᠡᠳᠦᠷ ᠲᠤ ᠨᠢᠭᠡ ᠠᠴᠠ ᠬᠤᠶᠠᠷ ᠤᠳᠠᠭ᠎ᠠ ᠤᠰᠤᠯᠠᠨ᠂ ᠡᠷᠲᠡᠯᠡᠨ ᠪᠡᠯᠴᠢᠭᠡᠵᠦ᠂ ᠣᠷᠣᠢ ᠬᠤᠲᠠᠯᠠᠬᠤ ᠶᠢ ᠪᠠᠷᠢᠮᠲᠠᠯᠠᠨ ᠦᠳᠡ ᠶᠢᠨ ᠬᠠᠯᠠᠭᠤᠨ ᠳᠤ ᠠᠭᠤᠯᠠᠨ ᠣᠷᠣᠢ᠂ ᠳᠣᠪᠣᠷᠴᠠᠭ ᠭᠠᠵᠠᠷ ᠢᠶᠠᠷ ᠵᠣᠭᠰᠣᠭᠠᠬᠤ ᠶᠢ ᠠᠩᠬᠠᠷᠳᠠᠭ᠃ ᠵᠤᠨ ᠤ ᠡᠬᠢᠨ ᠰᠠᠷ᠎ᠠ ᠶᠢᠨ ᠦᠶ᠎ᠡ ᠠᠴᠠ ᠮᠠᠯ ᠰᠦᠷᠦᠭ ᠢ ᠰᠠᠯᠬᠢᠨ ᠤ ᠥᠭᠡᠳᠡ ᠤᠷᠤᠭᠤ ᠲᠣᠭᠲᠠᠮᠠᠯ ᠪᠡᠯᠴᠢᠭᠡᠨ ᠬᠦᠯᠦᠷᠡᠭᠡᠪᠡᠯ᠂ ᠤᠩᠭᠠᠰᠤ ᠨᠣᠣᠰᠣ ᠨᠢ ᠬᠥᠭᠡᠷᠬᠦ ᠳᠤ ᠠᠮᠠᠷᠬᠠᠨ ᠪᠥᠭᠡᠳ ᠮᠠᠯ ᠤᠨ ᠰᠢᠷ᠎ᠠ ᠦᠰᠦᠨ ᠤ ᠰᠦᠪᠡ ᠨᠡᠭᠡᠭᠡᠭᠳᠡᠨ᠂ ᠲᠠᠷᠭᠤ ᠠᠪᠬᠤ ᠳᠤ ᠰᠠᠶᠢᠨ ᠪᠠᠶᠢᠳᠠᠭ᠃ ᠵᠤᠨ ᠤ ᠳᠤᠮᠳᠠ ᠰᠠᠷ᠎ᠠ ᠠᠴᠠ ᠡᠬᠢᠯᠡᠨ ᠪᠤᠭ ᠮᠠᠯ ᠢ ᠨᠣᠭᠤᠭᠠᠨ ᠤ ᠰᠢᠭᠦᠳᠡᠷᠢ ᠪᠠᠭᠤᠭᠰᠠᠨ ᠤ ᠬᠤᠶᠢᠨ᠎ᠠ ᠪᠡᠯᠴᠢᠭᠡᠬᠦ ᠪᠠ ᠵᠠᠩᠭᠤᠤ᠂ ᠰᠢᠪᠡᠭᠡ᠂ ᠬᠠᠷᠭᠠᠨ᠎ᠠ ᠵᠡᠷᠭᠡ ᠥᠷᠭᠡᠰᠦᠲᠦ ᠤᠷᠭᠤᠮᠠᠯ ᠪᠦᠬᠦᠢ ᠪᠡᠯᠴᠢᠭᠡᠷ ᠠᠴᠠ ᠵᠠᠶᠢᠯᠠᠭᠤᠯᠳᠠᠭ ᠨᠢ ᠮᠠᠯ ᠤᠨ ᠲᠤᠭᠤᠷᠠᠢ ᠶᠢᠨ ᠰᠠᠯᠠᠭ᠎ᠠ ᠭᠡᠮᠲᠦᠬᠦ᠂ ᠤᠩᠭᠠᠰᠤ ᠨᠣᠣᠰᠣ ᠭᠡᠭᠡᠭᠳᠡᠬᠦ ᠠᠴᠠ ᠰᠡᠷᠭᠡᠶᠢᠯᠡᠭᠰᠡᠨ ᠮᠠᠯᠴᠢᠨ ᠠᠷᠠᠳ ᠤᠨ ᠮᠠᠯ ᠮᠠᠯᠵᠢᠬᠤ ᠤᠷ᠎ᠠ ᠤᠬᠠᠭᠠᠨ ᠤ ᠢᠯᠡᠷᠡᠯ ᠪᠣᠯᠬᠤ ᠶᠤᠮ᠃
 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号