ᠮᠣᠩᠭᠤᠯᠴᠤᠳ ᠪᠢᠳᠡ ᠨᠡᠭᠦᠳᠡᠯ ᠤᠨ ᠰᠤᠶᠤᠯ ᠢᠷᠭᠡᠨᠰᠢᠯ ᠲᠠᠢ ᠠᠷᠠᠳ ᠲᠦᠮᠡᠨ ᠪᠥᠭᠡᠳ ᠡᠭᠦᠪᠡᠷ ᠢᠶᠠᠨ | ᠳᠡᠯᠡᠬᠡᠢ ᠳᠤ ᠭᠠᠶᠢᠬᠠᠭᠳᠠᠳᠠᠭ ᠪᠢᠯᠡ᠃ ᠨᠡᠭᠦᠳᠡᠯ ᠤᠨ ᠰᠤᠶᠤᠯ ᠢᠷᠭᠡᠨᠰᠢᠯ ᠨᠢ ᠪᠦᠳᠦᠭᠦᠯᠢᠭ᠂ ᠳᠦᠭᠦᠮᠭᠡᠡ ᠨᠡᠶᠢᠭᠡᠮ | ᠣᠭᠲᠣ ᠪᠤᠰᠤ᠂ ᠬᠠᠷᠢᠨ ᠥᠪᠡᠷ ᠤᠨ ᠭᠡᠰᠡᠨ ᠣᠨᠴᠠᠯᠢᠭ ᠲᠠᠢ᠂ ᠥᠪᠡᠷ ᠤᠨ ᠭᠡᠰᠡᠨ ᠵᠠᠷᠴᠢᠮ ᠲᠠᠢ᠂ ᠠᠮᠢᠳᠤᠷᠠᠯ ᠤᠨ | ᠣᠨᠴᠠᠯᠢᠭ ᠲᠠᠢ᠂ ᠴᠠᠭ ᠤᠨ ᠪᠠᠷᠢᠮᠵᠢᠶ᠎ᠠ ᠲᠠᠢ ᠨᠡᠶᠢᠭᠡᠮ ᠶᠤᠮ᠃ ᠰᠠᠭᠤᠷᠢᠨ ᠰᠣᠶᠣᠯ ᠢᠷᠭᠡᠨᠰᠢᠯ ᠠᠴᠠ ᠣᠯᠠᠨ | ᠲᠠᠯ᠎ᠠ ᠪᠠᠷ ᠢᠯᠭᠠᠭ᠎ᠠ ᠲᠠᠢ᠂ ᠳᠠᠪᠠᠭᠤ ᠲᠠᠯ᠎ᠠ ᠪᠠᠶᠢᠨ᠎ᠠ᠂ ᠰᠤᠯᠠ ᠲᠠᠯ᠎ᠠ ᠨᠤᠭᠤᠳ ᠴᠤ ᠪᠤᠢ᠃ ᠳᠡᠯᠡᠬᠡᠢ ᠶᠢᠨ ᠰᠣᠶᠣᠯ | ᠢᠷᠭᠡᠨᠰᠢᠯ ᠤᠨ ᠲᠡᠦᠬᠡ ᠶᠢ ᠣᠶᠢᠯᠠᠭᠠᠬᠤ ᠶᠢᠨ ᠲᠤᠯᠠᠳᠠ ᠨᠡᠭᠦᠳᠡᠯ ᠰᠣᠶᠣᠯ ᠢ ᠵᠠᠪᠠᠯ ᠰᠤᠳᠤᠯᠬᠤ ᠶᠣᠰᠣᠲᠠᠢ ᠪᠢᠯᠡ᠃ | ᠲᠡᠶᠢᠮᠦ ᠳᠤ ᠪᠠᠨ ᠴᠤ 1960 ᠣᠨ ᠳᠤ ᠣᠯᠠᠨ ᠤᠯᠤᠰ ᠤᠨ ᠬᠤᠯᠪᠤᠭᠠᠳᠣ ᠪᠠᠶᠢᠭᠤᠯᠣᠯᠭ᠎ᠠ ᠶᠢᠨ ᠪᠣᠯᠪᠠᠰᠤᠷᠠᠯ | ᠰᠢᠨᠵᠢᠯᠡᠬᠦ ᠤᠬᠠᠭᠠᠨ ᠵᠢᠴᠢ ᠰᠣᠶᠣᠯ ᠤᠨ ᠪᠠᠶᠢᠭᠤᠯᠤᠯᠲᠠ ᠶᠢᠨ ᠳᠡᠷᠭᠡᠳᠡ ᠲᠥᠪ ᠠᠽᠢᠶ᠎ᠠ ᠶᠢᠨ ᠰᠣᠶᠣᠯ ᠢᠷᠭᠡᠨᠰᠢᠯ ᠢ | ᠰᠤᠳᠤᠯᠬᠤ ᠲᠥᠪ ᠪᠠᠶᠢᠭᠤᠯᠤᠭᠳᠠᠵᠤ ᠪᠠᠶᠢᠭᠰᠠᠨ ᠪᠣᠯᠤᠯᠲᠠᠢ᠃ | ᠣᠯᠠᠭ᠎ᠠ ᠦᠷᠳᠡᠭᠡ ᠶᠢᠨ ᠡᠭᠦᠷᠭᠡ ᠴᠢᠳᠠᠪᠬᠢ | ᠨᠡᠭᠦᠳᠡᠯ ᠤᠨ ᠰᠣᠶᠣᠯ ᠢᠷᠭᠡᠨᠰᠢᠯ ᠤᠨ ᠴᠢᠬᠤᠯᠠ ᠨᠢᠭᠡ ᠠᠭᠤᠯᠭ᠎ᠠ ᠨᠢ ᠤᠯᠠᠭ᠎ᠠ ᠦᠷᠳᠡᠭᠡ ᠶᠤᠮ᠃ | ᠥᠷᠲᠡᠭᠡ ᠨᠢ ᠡᠭᠦᠰᠦᠭᠰᠡᠨ ᠴᠠᠭ ᠠᠴᠠ ᠪᠠᠨ ᠡᠬᠢᠯᠡᠨ ᠴᠡᠷᠢᠭ ᠤᠨ ᠬᠠᠲᠠᠭᠤ ᠰᠠᠬᠢᠯᠭ᠎ᠠ᠂ ᠨᠠᠷᠢᠨ ᠵᠣᠬᠢᠶᠠᠨ | ᠪᠠᠶᠢᠭᠤᠯᠤᠯᠳᠠ ᠶᠢᠨ ᠰᠢᠰᠲ᠋ᠧᠮ ᠲᠠᠢ ᠪᠥᠭᠡᠳ ᠢᠷᠭᠡᠳ ᠤᠨ ᠮᠠᠯ ᠬᠤᠢ᠂ ᠬᠥᠷᠥᠩᠭᠡ᠂ ᠬᠦᠴᠦᠨ ᠳᠤ | ᠲᠤᠯᠭᠠᠭᠤᠷᠢᠯᠠᠭᠰᠠᠨ ᠠᠯᠪᠠ ᠪᠠᠶᠢᠵᠠᠢ᠃ ᠡᠨᠡ ᠠᠯᠪᠠ ᠨᠢ ᠡᠯᠴᠢ ᠲᠥᠯᠦᠭᠡᠯᠡᠭᠴᠢᠳ ᠲᠤ ᠬᠦᠨᠳᠦᠯᠡᠯ ᠦᠵᠡᠭᠦᠯᠬᠦ | ᠪᠥᠭᠡᠳ ᠠᠶᠤᠯ ᠦᠭᠡᠢ ᠪᠠᠶᠢᠳᠠᠯ᠂ ᠲᠠᠪᠠ ᠲᠤᠬ᠎ᠠ ᠶᠢ ᠬᠠᠩᠭᠠᠬᠤ᠂ ᠮᠣᠷᠢ ᠤᠨᠤᠭ᠎ᠠ ᠶᠢ ᠰᠡᠯᠪᠢᠬᠦ᠂ ᠭᠠᠵᠠᠷᠴᠢᠯᠠᠬᠤ᠂ | ᠠᠮᠠᠷᠠᠭᠠᠬᠤ᠂ ᠬᠤᠭᠤᠯᠠᠯᠠᠵᠤ ᠤᠮᠳᠠᠯᠠᠬᠤ᠂ ᠵᠠᠷ ᠮᠡᠳᠡᠭᠡ᠂ ᠰᠢᠤᠳᠠᠨ᠂ ᠵᠠᠬᠢᠶ᠎ᠠ ᠳᠠᠮᠵᠢᠭᠤᠯᠬᠤ᠂ ᠴᠡᠷᠢᠭ ᠳᠠᠶᠢᠨ ᠤ | ᠵᠣᠷᠢᠭᠤᠯᠤᠯᠲᠠ ᠲᠠᠢ ᠵᠦᠢᠯᠡᠰ ᠢ ᠬᠠᠩᠭᠠᠨ ᠨᠡᠶᠢᠯᠡᠭᠦᠯᠬᠦ᠂ ᠪᠦᠷᠢᠳᠬᠡᠯ ᠬᠥᠲᠥᠯᠵᠦ ᠲᠠᠶᠢᠯᠤᠨ ᠭᠠᠷᠭᠠᠬᠤ ᠭᠡᠬᠦ ᠮᠡᠲᠦ | ᠡᠭᠦᠷᠭᠡ ᠪᠦᠬᠦᠢ ᠴᠢᠬᠤᠯᠠ ᠠᠯᠪᠠ ᠪᠢᠯᠡ᠃ | ᠥᠷᠲᠡᠭᠡᠨ ᠤ ᠠᠯᠪᠠ ᠨᠢ ᠲᠥᠷᠥ ᠶᠢᠨ ᠣᠨᠴᠠᠭᠠᠢ ᠡᠷᠬᠡ ᠳᠠᠷᠬ᠎ᠠ ᠲᠠᠢ ᠡᠯᠴᠢ ᠨᠠᠷ ᠢ ᠤᠨᠤᠭ᠎ᠠ ᠬᠦᠨᠡᠰᠦ ᠪᠠᠷ | ᠬᠠᠩᠭᠠᠬᠤ᠂ ᠵᠣᠷᠢᠭᠰᠠᠨ ᠭᠠᠵᠠᠷ ᠲᠤ ᠨᠢ ᠰᠠᠭᠠᠳ ᠦᠭᠡᠢ ᠬᠦᠷᠭᠡᠬᠦ ᠡᠭᠦᠷᠭᠡ ᠲᠠᠢ ᠪᠠᠶᠢᠪᠠ᠃ ᠥᠷᠲᠡᠭᠡᠨ ᠤ | ᠠᠯᠪᠠ ᠶᠢ ᠡᠷᠬᠡ ᠳᠠᠷᠬ᠎ᠠ ᠪᠦᠬᠦᠢ ᠥᠷᠲᠡᠭᠡᠨ ᠤ ᠲᠦᠰᠢᠮᠡᠯ ᠬᠠᠷᠢᠭᠤᠴᠠᠳᠠᠭ ᠪᠠᠶᠢᠪᠠ᠃ | ᠤᠯᠠᠭ᠎ᠠ ᠦᠷᠳᠡᠭᠡ ᠶᠢ ᠮᠣᠷᠢᠨ ᠥᠷᠲᠡᠭᠡ᠂ ᠤᠷᠭ᠎ᠠ ᠶᠢᠨ ᠤᠯᠠᠭ᠎ᠠ ᠭᠡᠵᠦ ᠬᠤᠶᠠᠷ ᠠᠩᠭᠢᠯᠠᠳᠠᠭ᠃ | ᠤᠷᠭ᠎ᠠ ᠶᠢᠨ ᠤᠯᠠᠭ᠎ᠠ ᠭᠡᠳᠡᠭ ᠨᠢ ᠥᠷᠲᠡᠭᠡᠨ ᠤ ᠠᠩᠬᠠᠨ ᠤ ᠬᠡᠯᠪᠡᠷᠢ ᠶᠤᠮ᠃ ᠡᠨᠡ ᠨᠢ ᠮᠣᠷᠢᠨ ᠥᠷᠲᠡᠭᠡ | ᠪᠠᠶᠢᠭᠤᠯᠤᠭᠳᠠᠭ᠎ᠠ ᠦᠭᠡᠢ ᠦᠶ᠎ᠡ ᠳᠤ ᠤᠯᠤᠰ ᠭᠦᠷᠦᠨ ᠤ ᠳᠣᠲᠣᠷ᠎ᠠ ᠠᠯᠢᠪᠠ ᠠᠯᠪᠠᠨ ᠬᠡᠷᠡᠭ ᠢᠶᠠᠷ ᠵᠣᠷᠴᠢᠭᠴᠢᠳ ᠲᠤ | ᠵᠠᠮ ᠳᠤ ᠨᠢ ᠠᠯᠢ ᠲᠣᠬᠢᠶᠠᠯᠳᠤᠭᠰᠠᠨ ᠠᠶᠢᠯ ᠡᠷᠦᠬᠡ ᠠᠴᠠ ᠤᠨᠤᠭ᠎ᠠ ᠮᠣᠷᠢ ᠠᠪᠴᠤ᠂ ᠬᠦᠨᠡᠰᠦ ᠪᠣᠯᠤᠨ ᠪᠤᠰᠤᠳ | ᠱᠠᠭᠠᠷᠳᠠᠯᠭ᠎ᠠ ᠲᠠᠢ ᠵᠦᠢᠯᠡᠰ ᠢ ᠦᠨ᠎ᠡ ᠲᠥᠯᠦᠪᠦᠷᠢ ᠦᠭᠡᠢ ᠭᠠᠷᠭᠠᠭᠤᠯᠤᠨ ᠠᠪᠳᠠᠭ ᠪᠠᠶᠢᠪᠠ᠃ ᠥᠭᠡᠷ᠎ᠡ ᠪᠠᠷ ᠬᠡᠯᠡᠪᠡᠯ | ᠤᠷᠭ᠎ᠠ ᠶᠢᠨ ᠤᠯᠠᠭ᠎ᠠ ᠬᠡᠷᠡᠭᠵᠢᠵᠦ ᠪᠤᠢ ᠭᠠᠵᠠᠷ ᠲᠤ ᠠᠶᠢᠯ ᠡᠷᠦᠬᠡ ᠪᠦᠷᠢ ᠥᠷᠲᠡᠭᠡᠨ ᠤ ᠡᠭᠦᠷᠭᠡ ᠶᠢ ᠭᠦᠢᠴᠡᠳᠭᠡᠨ᠎ᠡ | ᠭᠡᠰᠡᠨ ᠦᠭᠡ ᠶᠤᠮ᠃ ᠤᠷᠭ᠎ᠠ ᠶᠢᠨ ᠤᠯᠠᠭ᠎ᠠ ᠨᠢ ᠰᠤᠯᠠ ᠲᠠᠯ᠎ᠠ ᠨᠤᠭᠤᠳ ᠶᠡᠭᠡ ᠲᠠᠢ ᠪᠠᠶᠢᠭᠰᠠᠨ᠃ ᠵᠢᠱᠢᠶ᠎ᠡ ᠨᠢ᠂ | ᠡᠯᠴᠢ ᠶᠢᠨ ᠶᠠᠪᠤᠵᠤ ᠪᠤᠢ ᠵᠠᠮ ᠳᠤ ᠠᠶᠢᠯ ᠲᠠᠭᠠᠷᠠᠬᠤ ᠦᠭᠡᠢ ᠪᠣᠯ ᠠᠯᠪᠠ ᠰᠠᠭᠠᠳᠠᠳᠠᠭ᠃ ᠪᠠᠰᠠ ᠨᠢᠭᠡ ᠵᠦᠢᠯ ᠨᠢ | ᠡᠯᠴᠢ ᠲᠥᠯᠦᠭᠡᠯᠡᠭᠴᠢᠳ ᠥᠪᠡᠷ ᠲᠤ ᠨᠢ ᠦᠭᠭᠦᠭᠳᠡᠭᠰᠡᠡ ᠡᠷᠬᠡ ᠶᠢᠨ ᠳᠠᠭᠠᠤ ᠢᠷᠭᠡᠳ ᠠᠴᠠ ᠬᠡᠷᠡᠭᠴᠡᠭᠡᠨ ᠤ | ᠬᠡᠮᠵᠢᠶᠡᠨ ᠠᠴᠠ ᠪᠠᠨ ᠢᠯᠡᠭᠦᠦ ᠮᠠᠯ ᠭᠠᠷᠭᠠᠭᠤᠯᠬᠤ᠂ ᠢᠯᠡᠭᠦᠦ ᠵᠦᠢᠯ ᠱᠠᠭᠠᠷᠳᠠᠵᠤ ᠠᠪᠳᠠᠭ ᠪᠠᠶᠢᠵᠠᠢ᠃ ᠡᠯᠴᠢ | ᠲᠥᠯᠥᠭᠡᠯᠡᠭᠴᠢᠳ ᠵᠠᠷᠢᠮ ᠲᠣᠬᠢᠶᠠᠯᠳᠤᠯ ᠳᠤ ᠵᠠᠮ ᠠᠴᠠ ᠭᠠᠵᠢᠬᠤ᠂ ᠲᠦᠭᠡᠷᠢᠬᠦ ᠡᠷᠡᠰᠳᠡᠯ ᠲᠠᠢ ᠪᠠᠶᠢᠭᠰᠠᠨ ᠪᠠᠶᠢᠨ᠎ᠠ᠃ | ᠨᠢᠭᠡ ᠠᠶᠢᠯ ᠠᠴᠠ ᠨᠥᠭᠦᠭᠡ ᠠᠶᠢᠯ ᠳᠤ ᠬᠦᠷᠬᠦ ᠵᠠᠮ᠂ ᠬᠤᠭᠤᠴᠠᠭ᠎ᠠ ᠨᠢ ᠲᠡᠷᠡ ᠪᠣᠯᠭᠠᠨ ᠲᠣᠳᠣᠷᠬᠠᠢ ᠪᠤᠰᠤ | ᠪᠠᠶᠢᠭᠰᠠᠨ᠂ ᠠᠶᠢᠯ ᠤᠳ ᠤᠨ ᠬᠥᠷᠦᠩᠭᠡ ᠬᠦᠴᠦ ᠬᠠᠷᠢᠯᠴᠠᠨ ᠠᠳᠠᠯᠢ ᠦᠭᠡᠢ ᠪᠠᠶᠢᠳᠠᠭ ᠤᠴᠢᠷ ᠠᠴᠠ ᠠᠯᠪᠠ | ᠰᠠᠭᠠᠳᠠᠬᠤ ᠲᠣᠬᠢᠶᠠᠯᠳᠤᠯ ᠭᠠᠷᠳᠠᠭ ᠪᠠᠶᠢᠵᠠᠢ᠃ | ᠣᠯᠠᠭ᠎ᠠ ᠦᠷᠳᠡᠭᠡ ᠳᠤ ᠬᠤᠯᠪᠣᠭᠳᠠᠬᠤ ᠬᠠᠣᠯᠢ ᠳᠣᠭᠳᠠᠭᠠᠯ | ᠬᠠᠷᠢᠨ ᠥᠭᠡᠳᠡᠢ ᠬᠠᠭᠠᠨ ᠤ ᠦᠶ᠎ᠡ ᠳᠤ ᠤᠯᠠᠭ᠎ᠠ ᠦᠷᠳᠡᠭᠡ ᠨᠢ ᠮᠣᠷᠢᠨ ᠥᠷᠲᠡᠭᠡ ᠪᠣᠯᠤᠨ ᠥᠷᠭᠡᠵᠢᠭᠰᠡᠨ | ᠶᠤᠮ᠃ ᠵᠣᠷᠢᠯᠭ᠎ᠠ ᠨᠢ ᠳᠡᠭᠡᠷᠡᠬᠢ ᠳᠤᠲᠠᠭᠳᠠᠯ ᠤᠳ ᠢ ᠠᠷᠢᠯᠭᠠᠵᠤ᠂ ᠵᠢᠩᠬᠢᠨᠢ ᠲᠥᠷᠦ ᠶᠢᠨ ᠠᠯᠪᠠᠨ ᠤ ᠬᠡᠮᠵᠢᠶᠡᠨ ᠳᠤ | ᠠᠪᠠᠴᠢᠭᠰᠠᠨ ᠶᠠᠪᠤᠳᠠᠯ ᠪᠣᠯᠤᠨ᠎ᠠ᠃ ᠮᠣᠷᠢᠨ ᠥᠷᠲᠡᠭᠡ ᠨᠢ ᠭᠤᠣᠯ ᠵᠠᠮ ᠤᠨ ᠳᠠᠭᠠᠤ 30 — 35 ᠺᠢᠯᠣᠮᠧᠳ᠋ᠷ | ᠵᠠᠶᠢᠲᠠᠢ ᠪᠠᠶᠢᠷᠢᠯᠠᠨ᠎ᠠ᠃ ᠵᠠᠰᠠᠭ ᠵᠠᠬᠢᠷᠭᠠᠨ ᠤ ᠰᠢᠢᠳᠪᠦᠷᠢ ᠪᠠᠷ ᠲᠣᠮᠢᠯᠠᠭᠳᠠᠭᠰᠠᠨ ᠬᠡᠳᠦ ᠬᠡᠳᠦᠨ ᠡᠷᠦᠬᠡ ᠨᠢ ᠡᠯᠴᠢ | ᠲᠥᠯᠥᠭᠡᠯᠡᠭᠴᠢᠳ ᠪᠣᠯᠤᠨ ᠪᠤᠰᠤᠳ ᠵᠣᠴᠢᠳ ᠲᠤ ᠦᠢᠯᠡᠴᠢᠯᠡᠬᠦ ᠡᠭᠦᠷᠭᠡ ᠲᠠᠢ ᠪᠠᠷ ᠵᠣᠬᠢᠶᠠᠨ ᠪᠠᠶᠢᠭᠤᠯᠤᠭᠳᠠᠭᠰᠠᠨ | ᠪᠠᠶᠢᠨ᠎ᠠ᠃ ᠲᠡᠳᠡ ᠪᠠᠶᠢᠩᠭᠤ ᠶᠢᠨ ᠦᠢᠯᠡ ᠠᠵᠢᠯᠯᠠᠭ᠎ᠠ ᠲᠠᠢ ᠪᠠᠶᠢᠬᠤ ᠠᠴᠠ ᠭᠠᠳᠠᠨ᠎ᠠ ᠲᠠᠲᠠᠪᠤᠷᠢ ᠶᠢᠨ ᠬᠥᠩᠭᠡᠯᠡᠯᠲᠡ | ᠡᠳ᠋ᠯᠡᠨ᠎ᠡ᠃ ᠥᠭᠡᠳᠡᠢ ᠬᠠᠭᠠᠨ ᠤ ᠦᠶ᠎ᠡ ᠳᠤ ᠪᠤᠶᠤ 1229 ᠣᠨ ᠳᠤ ᠤᠷᠭ᠎ᠠ ᠶᠢᠨ ᠠᠯᠪᠠ ᠶᠢ ᠬᠠᠯᠠᠵᠤ᠂ ᠶᠡᠭᠡ | ᠭᠦᠷᠦᠨ ᠤ ᠨᠢᠭᠡᠳᠦᠭᠰᠡᠨ ᠤᠯᠠᠭ᠎ᠠ ᠦᠷᠳᠡᠭᠡ ᠶᠢ ᠪᠠᠶᠢᠭᠤᠯᠵᠠᠢ᠃ ᠮᠥᠨ ᠠᠵᠢᠯᠯᠠᠬᠤ ᠵᠢᠷᠤᠮ ᠢ ᠬᠠᠤᠯᠢᠴᠢᠯᠠᠨ | ᠪᠠᠲᠤᠯᠠᠭᠰᠠᠨ ᠪᠠᠶᠢᠨ᠎ᠠ᠃ ᠥᠭᠡᠳᠡᠢ ᠬᠠᠭᠠᠨ ᠤ ᠵᠠᠷᠯᠢᠭ ᠢᠶᠠᠷ 37 ᠰᠠᠭᠤᠷᠢᠨ ᠰᠢᠨ᠎ᠠ ᠪᠠᠷ ᠲᠣᠮᠣ ᠥᠷᠲᠡᠭᠡ | ᠪᠠᠶᠢᠭᠤᠯᠵᠤ᠂ ᠮᠢᠩᠭᠠᠲᠤ ᠪᠦᠷᠢ ᠰᠠᠭᠤᠷᠢ ᠲᠤᠲᠤᠮ ᠳᠤ ᠤᠯᠠᠭᠠᠴᠢ᠂ ᠤᠯᠠᠭᠠᠨ ᠤ ᠮᠣᠷᠢ᠂ ᠰᠢᠭᠦᠰᠦᠠ ᠤ ᠮᠣᠷᠢ᠂ | ᠰᠠᠭᠠᠯᠢ ᠶᠢᠨ ᠭᠡᠭᠦᠦ᠂ ᠬᠥᠯᠪᠦᠷᠢ ᠶᠢᠨ ᠦᠬᠡᠷ᠂ ᠠᠴᠢᠶ᠎ᠠ ᠲᠡᠷᠭᠡ ᠵᠡᠷᠭᠡ ᠶᠢᠨ ᠬᠡᠮᠵᠢᠶ᠎ᠡ ᠶᠢ ᠲᠣᠭᠲᠠᠭᠠᠭᠰᠠᠨ ᠪᠠᠶᠢᠨ᠎ᠠ᠃ | ᠮᠥᠨ ᠵᠠᠷ ᠪᠢᠴᠢᠭ ᠦᠭᠡᠢ ᠪᠠᠷ ᠥᠷᠲᠡᠭᠡ ᠪᠠᠷ ᠬᠤᠨᠣᠭᠯᠠᠬᠤ ᠶᠢ ᠬᠤᠷᠢᠬᠯᠠᠵᠦ᠂ ᠥᠷᠲᠡᠭᠡ ᠪᠠᠷ ᠶᠠᠪᠤᠬᠤ ᠬᠤᠭᠤᠯᠠ | ᠬᠦᠨᠡᠰᠦᠨ ᠤ ᠬᠡᠮᠵᠢᠶ᠎ᠡ ᠶᠢ ᠲᠣᠭᠲᠠᠭᠠᠵᠤ᠂ ᠬᠡᠲᠦᠷᠡᠭᠦᠯᠦᠨ ᠬᠡᠷᠡᠭᠯᠡᠬᠦ ᠶᠢ ᠬᠠᠲᠠᠭᠤ ᠴᠡᠭᠡᠷᠯᠡᠭᠦᠯᠵᠦ ᠪᠠᠶᠢᠪᠠ᠃ | ᠥᠷᠲᠡᠭᠡ ᠤᠯᠠᠭᠠᠴᠢ ᠶᠢᠨ ᠠᠯᠪᠠ ᠶᠢ ᠴᠡᠭᠴᠡᠯᠡᠭᠰᠡᠨ ᠨᠢ ᠥᠭᠡᠳᠡᠢ ᠬᠠᠭᠠᠨ ᠤ 4 ᠰᠠᠶᠢᠨ ᠦᠢᠯᠡ ᠶᠢᠨ ᠨᠢᠭᠡ | ᠪᠣᠯᠤᠨ᠎ᠠ᠃ | 1232 — 1233 ᠣᠨ ᠨᠤᠭᠤᠳ ᠲᠤ ᠥᠷᠲᠡᠭᠡᠨ ᠤ ᠠᠵᠢᠯ ᠢ ᠡᠮᠬᠢ ᠵᠢᠷᠤᠮ ᠲᠠᠢ ᠪᠣᠯᠭᠠᠬᠤ ᠳᠤ | ᠴᠢᠭᠯᠡᠭᠳᠡᠭᠰᠡᠨ ᠬᠡᠳᠦ ᠬᠡᠳᠦᠨ ᠨᠡᠮᠡᠯᠲᠡ ᠵᠠᠷᠯᠢᠭ ᠨᠡᠶᠢᠳᠡᠯᠡᠭᠳᠡᠭᠰᠡᠡ ᠪᠠᠶᠢᠪᠠ᠃ ︽ᠫᠠᠶᠢᠰᠠ ᠲᠡᠮᠳᠡᠭ ᠦᠭᠡᠢ | ᠥᠷᠲᠡᠭᠡ ᠪᠠᠷ ᠶᠠᠪᠤᠬᠤ ᠶᠢ ᠬᠤᠷᠢᠬᠯᠠᠨ᠎ᠠ︾ ᠬᠡᠮᠡᠵᠡᠢ᠃ ᠥᠷᠲᠡᠭᠡᠨ ᠤ ᠬᠡᠮᠵᠢᠶᠡᠨ ᠤ ᠬᠤᠪᠢ ᠳᠤ ᠲᠣᠮᠣ᠂ ᠳᠤᠮᠳᠠ᠂ | ᠪᠠᠭ᠎ᠠ ᠭᠡᠵᠦ 3 ᠬᠤᠪᠢᠶᠠᠭᠳᠠᠨ᠎ᠠ᠃ ᠲᠣᠮᠣ ᠥᠷᠲᠡᠭᠡᠨ ᠳᠤ 1000᠂ ᠳᠤᠮᠳᠠ ᠵᠡᠷᠭᠡ ᠶᠢᠨ ᠥᠷᠲᠡᠭᠡᠨ ᠳᠤ 500᠂ | ᠪᠠᠭ᠎ᠠ ᠥᠷᠲᠡᠭᠡᠨ ᠳᠤ 100 ᠰᠢᠬᠠᠮ ᠤᠯᠠᠭᠠᠴᠢ ᠬᠠᠮᠣᠷᠤᠭᠳᠠᠳᠠᠭ ᠪᠠᠶᠢᠪᠠ᠃ | ᠣᠯᠠᠭ᠎ᠠ ᠦᠷᠳᠡᠭᠡ ᠶᠢᠨ ᠠᠯᠪᠠ ᠨᠢ ᠾᠦᠩᠨᠦ ᠶᠢᠨ ᠦᠶ᠎ᠡ ᠳᠤ ᠪᠠᠶᠢᠭᠰᠠᠨ ᠭᠡᠵᠦ ᠦᠵᠡᠳᠡᠭ᠃ ᠰᠢᠶᠠᠨᠪᠢ | ᠤᠯᠤᠰ ᠲᠤ ︽ᠥᠷᠲᠡᠭᠡᠴᠢᠨ︾ ᠭᠡᠰᠡᠨ ᠠᠯᠪᠠ ᠪᠠᠶᠢᠭᠰᠠᠨ ᠢ ᠮᠣᠩᠭᠤᠯ ᠣᠯᠣᠰ ᠤᠨ ᠬᠢᠲᠠᠳ ᠰᠤᠳᠤᠯᠤᠭᠠᠴᠢ | ᠡ᠊ · ᠰᠦᠬᠡᠪᠠᠭᠠᠲᠤᠷ ᠳᠣᠷᠠᠳᠣᠭᠰᠠᠠ ᠪᠠᠶᠢᠨ᠎ᠠ᠃ ᠬᠠᠷᠢᠨ ᠶᠡᠭᠡ ᠮᠣᠩᠭᠤᠯ ᠤᠯᠤᠰ ᠪᠣᠯᠤᠨ ᠮᠣᠩᠭᠤᠯ ᠤᠨ ᠡᠵᠡᠨᠲᠦ | ᠭᠦᠷᠦᠨ ᠤ ᠦᠶ᠎ᠡ ᠳᠤ ᠳᠠᠶᠢᠨ ᠪᠠᠶᠢᠯᠳᠤᠭᠠᠨ ᠶᠡᠭᠡ ᠬᠢᠵᠦ ᠪᠠᠶᠢᠭᠰᠠᠨ ᠨᠢ ᠥᠷᠲᠡᠭᠡᠨ ᠤ ᠠᠯᠪᠠ ᠶᠢ ᠴᠢᠩᠭᠠᠳᠬᠠᠬᠤ | ᠵᠡᠷᠭᠡ ᠱᠠᠭᠠᠷᠳᠠᠯᠭ᠎ᠠ ᠶᠢ ᠵᠦᠢ ᠶᠣᠰᠣ ᠪᠠᠷ ᠪᠤᠢ ᠪᠣᠯᠭᠠᠵᠠᠢ᠃ ᠡᠯᠴᠢ ᠨᠠᠷ ᠤᠨ ᠳᠠᠷᠬᠠᠨ ᠡᠷᠬᠡ ᠶᠢ | ᠪᠠᠲᠤᠯᠠᠭᠠᠵᠢᠭᠤᠯᠵᠤ᠂ ᠬᠠᠷᠢ ᠤᠯᠤᠰ ᠲᠤ ᠵᠣᠷᠴᠢᠭᠤᠯᠳᠠᠭ ᠪᠠᠶᠢᠭᠰᠠᠨ ᠪᠠᠶᠢᠨ᠎ᠠ᠃ ᠮᠣᠩᠭᠤᠯ ᠤᠨ ᠬᠠᠭᠠᠳ ᠡᠯᠴᠢ ᠶᠢ | ᠬᠦᠨᠳᠦᠯᠡᠨ ᠠᠪᠴᠤ᠂ ᠬᠠᠯᠳᠠᠰᠢ ᠦᠭᠡᠢ ᠡᠷᠬᠡ ᠶᠢ ᠨᠢ ᠬᠦᠨᠳᠦᠯᠡᠳᠡᠭ ᠪᠠᠶᠢᠵᠠᠢ᠃ ᠡᠯᠴᠢ ᠨᠠᠷ ᠢ ᠵᠠᠮ ᠵᠠᠭᠤᠷ᠎ᠠ | ᠶᠠᠪᠤᠬᠤ ᠳᠤ ᠨᠢ ᠠᠯᠢ ᠪᠣᠯᠬᠤ ᠪᠠᠷ ᠲᠤᠰᠠᠯᠠᠨ᠎ᠠ᠃ ᠮᠥᠨ ᠬᠠᠭᠤᠷᠮᠠᠴᠢ ᠡᠯᠴᠢ ᠪᠤᠶᠤ ᠬᠠᠭᠤᠷᠮᠠᠴᠢ ᠡᠲᠡᠭᠡᠳ ᠢ | ᠴᠠᠭᠠᠵᠠᠯᠠᠬᠤ ᠬᠠᠤᠯᠢ ᠵᠢᠭᠠᠯᠲᠠ ᠪᠠᠰᠠ ᠪᠠᠶᠢᠵᠠᠢ᠃ | ᠥᠷᠲᠡᠭᠡᠨ ᠤ ᠵᠣᠬᠢᠶᠠᠨ ᠪᠠᠶᠢᠭᠤᠯᠤᠯᠲᠠ ᠶᠢᠨ ᠦᠨᠳᠦᠰᠦᠨ ᠨᠢᠭᠡᠴᠡ ᠨᠢ ᠥᠷᠲᠡᠭᠡ ᠡᠷᠦᠬᠡ ᠪᠠᠶᠢᠵᠠᠢ᠃ ᠨᠢᠭᠡ | ᠥᠷᠲᠡᠭᠡ ᠡᠷᠦᠬᠡ ᠶᠢᠨ ᠠᠯᠪᠠ ᠶᠢ ᠮᠠᠯ ᠬᠥᠷᠥᠩᠭᠡ ᠪᠠᠷ ᠴᠢᠨᠡᠭᠡᠯᠢᠭ ᠨᠢᠭᠡ ᠠᠶᠢᠯ ᠵᠠᠯᠭᠠᠭᠤᠯᠵᠤ ᠪᠣᠯᠳᠠᠭ ᠪᠠ ᠬᠡᠳᠦ | ᠬᠡᠳᠦᠨ ᠠᠶᠢᠯ ᠳᠤᠮᠳᠠᠴᠢ ᠪᠠᠷ 4 ᠮᠣᠷᠢ᠂ 1 ᠲᠡᠮᠡᠭᠡ ᠭᠡᠬᠦ ᠮᠡᠲᠦ ᠪᠠᠷ ᠤᠨᠤᠭ᠎ᠠ᠂ ᠬᠦᠨᠡᠰᠦ ᠬᠤᠭᠤᠯᠠ ᠶᠢ | ᠨᠡᠶᠢᠯᠡᠭᠦᠯᠵᠦ ᠳᠤᠮᠳᠠ ᠠᠴᠠ ᠪᠠᠨ ᠭᠠᠷᠭᠠᠳᠠᠭ ᠪᠠᠶᠢᠵᠠᠢ᠃ ᠥᠷᠲᠡᠭᠡ ᠪᠦᠷᠢ ᠳᠤ ᠭᠡᠷ᠂ ᠡᠯᠴᠢ ᠳᠤ ᠱᠠᠭᠠᠷᠳᠠᠯᠭ᠎ᠠ ᠲᠠᠢ | ᠤᠨᠤᠯᠭ᠎ᠠ᠂ ᠲᠣᠭᠤᠭᠠᠴᠢ᠂ ᠤᠯᠠᠭᠠᠴᠢ᠂ ᠭᠠᠯᠴᠢ ᠵᠡᠷᠭᠡ ᠬᠥᠳᠡᠯᠮᠦᠷᠢ ᠶᠢᠨ ᠬᠤᠪᠢᠶᠠᠷᠢ ᠪᠠᠶᠢᠭᠰᠠᠨ ᠪᠠᠶᠢᠨ᠎ᠠ᠃ | ᠥᠷᠲᠡᠭᠡᠯᠡᠨ ᠶᠠᠪᠤᠭᠴᠢᠳ ᠤᠨ ᠬᠡᠷᠡᠭᠯᠡᠬᠦ ᠭᠤᠯᠢᠷ᠂ ᠠᠮᠤ᠂ ᠠᠷᠢᠬᠢ ᠵᠡᠷᠭᠡ ᠶᠢᠨ ᠬᠡᠮᠵᠢᠶ᠎ᠡ ᠨᠢ ᠡᠯᠴᠢ ᠶᠢᠨ ᠡᠷᠭᠡ ᠶᠢᠨ | ᠲᠥᠷᠥᠯ ᠠᠴᠠ ᠬᠠᠮᠢᠶᠠᠷᠤᠭᠠᠳ ᠦᠭᠡᠷ᠎ᠠ ᠦᠭᠡᠷ᠎ᠠ ᠬᠡᠮᠵᠢᠶ᠎ᠡ ᠲᠠᠢ ᠪᠠᠶᠢᠳᠠᠭ᠃ ᠥᠷᠲᠡᠭᠡᠨ ᠤ ᠵᠠᠩᠭᠢ ᠪᠢᠴᠢᠭᠡᠴᠢ ᠨᠠᠷ | ᠥᠷᠲᠡᠭᠡᠯᠡᠨ ᠵᠣᠷᠴᠢᠭᠴᠢᠳ ᠲᠤ ᠨᠡᠶᠢᠯᠡᠭᠦᠯᠦᠭᠰᠡᠨ ᠭᠡᠷ᠂ ᠬᠦᠨᠡᠰᠦ᠂ ᠤᠨᠤᠯᠭ᠎ᠠ ᠠᠴᠢᠯᠭ᠎ᠠ ᠶᠢᠨ ᠮᠣᠷᠢ᠂ ᠲᠡᠮᠡᠭᠡ | ᠬᠡᠴᠢᠨᠡᠨ ᠪᠣᠯᠬᠤ ᠶᠢ ᠲᠣᠳᠣᠷᠬᠠᠶᠢᠯᠠᠭᠰᠠᠨ ᠲᠠᠶᠢᠯᠤᠨ ᠲᠡᠪᠳᠡᠷ ᠦᠢᠯᠡᠳᠴᠦ ᠲᠠᠶᠢᠯᠤᠨ ᠭᠠᠷᠭᠠᠳᠠᠭ ᠪᠠᠶᠢᠵᠠᠢ᠃ | ᠣᠯᠠᠭ᠎ᠠ ᠦᠷᠳᠡᠭᠡ ᠶᠢᠨ ᠵᠠᠮ ᠱᠣᠭᠤᠮ | ᠬᠠᠷᠠᠬᠤᠷᠢᠠ ᠠᠴᠠ ᠴᠠᠭᠠᠳᠠᠢ ᠤᠯᠤᠰ᠂ ᠠᠯᠲᠠᠨ ᠣᠷᠳᠣ ᠣᠯᠣᠰ ᠬᠦᠷᠲᠡᠯ᠎ᠡ ᠥᠷᠲᠡᠭᠡ ᠪᠠᠶᠢᠭᠤᠯᠤᠭᠰᠠᠨ | ᠪᠠᠶᠢᠨ᠎ᠠ᠃ ᠥᠭᠡᠳᠡᠢ ᠬᠠᠭᠠᠠ ᠤ ᠰᠠᠨᠠᠭᠠᠴᠢᠯᠠᠭ᠎ᠠ ᠪᠠᠷ ᠴᠠᠭᠠᠳᠠᠢ ᠨᠢ ᠪᠠᠲᠤ ᠶᠢᠨ ᠠᠯᠲᠠᠨ ᠣᠷᠳᠣ᠂ ᠮᠣᠩᠭᠤᠯ | ᠭᠦᠷᠦᠨ ᠤ ᠨᠡᠶᠢᠰᠯᠡᠯ ᠬᠠᠷᠠᠬᠤᠷᠢᠠ ᠪᠣᠯᠤᠨ ᠪᠤᠰᠤᠳ ᠣᠯᠠᠨ ᠮᠤᠵᠢ ᠶᠢ ᠬᠤᠯᠪᠣᠭᠰᠠᠨ ᠥᠷᠲᠡᠭᠡ ᠵᠠᠮ ᠢ | ᠪᠠᠶᠢᠭᠤᠯᠤᠭᠰᠠᠨ ᠪᠣᠯᠤᠨ᠎ᠠ᠃ ᠡᠨᠡᠬᠦ ᠥᠷᠲᠡᠭᠡ ᠨᠢ ᠰᠢᠤᠳᠠᠨ ᠢ ᠰᠠᠭᠠᠳᠠᠭᠤᠯᠬᠤ ᠦᠭᠡᠢ ᠳᠠᠮᠵᠢᠭᠤᠯᠬᠤ᠂ ᠲᠥᠷᠥ ᠠᠴᠠ | ᠶᠠᠪᠤᠵᠤ ᠪᠤᠢ ᠡᠯᠴᠢ ᠶᠢ ᠠᠮᠠᠷᠠᠭᠠᠵᠤ᠂ ᠬᠤᠭᠤᠯᠠ ᠣᠮᠳᠠ ᠬᠠᠩᠭᠠᠬᠤ᠂ ᠤᠨᠤᠭ᠎ᠠ ᠪᠠᠷ ᠰᠡᠯᠪᠢᠵᠦ ᠶᠠᠪᠤᠭᠤᠯᠬᠤ᠂ | ᠱᠠᠭᠠᠷᠳᠠᠯᠭ᠎ᠠ ᠲᠠᠢ ᠲᠣᠬᠢᠶᠠᠯᠳᠤᠯ ᠳᠤ ᠭᠠᠵᠠᠷᠴᠢᠯᠠᠬᠤ ᠡᠭᠦᠷᠭᠡ ᠲᠠᠢ ᠪᠠᠶᠢᠪᠠ᠃ ᠥᠷᠲᠡᠭᠡᠨ ᠳᠡᠭᠡᠷ᠎ᠡ ᠤᠯᠠᠭᠠᠴᠢ | ᠪᠣᠯᠤᠨ ᠮᠣᠷᠢᠳ ᠢ ᠲᠣᠳᠣᠷᠬᠠᠢ ᠬᠤᠭᠤᠴᠠᠭ᠎ᠠ ᠪᠠᠷ ᠰᠣᠯᠢᠳᠠᠭ ᠪᠠᠶᠢᠪᠠ᠃ ᠡᠨᠡ ᠨᠢ ᠴᠠᠭᠠᠳᠠᠢ ᠤᠯᠤᠰ ᠤᠨ ᠲᠡᠮᠡᠭᠡᠨ | ᠵᠢᠩ ᠢᠶᠠᠷ ᠠᠴᠢᠶ᠎ᠠ ᠲᠡᠭᠡᠭᠡᠬᠦ᠂ ᠬᠤᠳᠠᠯᠳᠤᠭ᠎ᠠ ᠥᠷᠭᠡᠵᠢᠬᠦ ᠳᠤ ᠢᠳᠡᠪᠬᠢ ᠦᠢᠯᠡᠳᠦᠯ ᠦᠵᠡᠬᠦᠯᠵᠡᠢ᠃ ᠡᠭᠦᠠ ᠳᠤ | ᠨᠡᠶᠢᠲᠡ ᠳᠤ ᠪᠠᠨ 1500 ᠥᠷᠲᠡᠭᠡᠨ ᠤ ᠭᠠᠵᠠᠷ ᠪᠠᠶᠢᠪᠠ᠃ ᠡᠨᠡ ᠦᠶ᠎ᠡ ᠳᠤ ᠬᠤᠳᠠᠯᠳᠤᠭᠠᠨ ᠤ ᠲᠣᠷᠭᠠᠨ ᠵᠠᠮ | ᠠᠶᠤᠯ ᠦᠭᠡᠢ ᠪᠣᠯᠤᠭᠰᠠᠨ ᠪᠠᠶᠢᠨ᠎ᠠ᠃ ᠶᠤᠸᠠᠨ ᠭᠦᠷᠦᠨ ᠤ ᠦᠶ᠎ᠡ ᠳᠤ ᠣᠷᠣᠰᠢᠨ ᠪᠠᠶᠢᠭ᠎ᠠ ᠨᠤᠲᠤᠭ ᠳᠡᠪᠢᠰᠬᠡᠷ ᠠᠴᠠ | ᠬᠠᠮᠢᠶᠠᠷᠤᠭᠤᠯᠤᠨ ᠬᠢᠲᠠᠳ ᠪᠠ ᠮᠣᠩᠭᠤᠯ ᠥᠷᠲᠡᠭᠡ ᠭᠡᠵᠦ ᠠᠩᠭᠢᠯᠠᠵᠤ ᠪᠠᠶᠢᠪᠠ᠃ ᠮᠣᠩᠭᠤᠯ ᠥᠷᠲᠡᠭᠡ ᠨᠢ ᠴᠠᠭᠠᠨ | ᠬᠡᠷᠡᠮ ᠠᠴᠠ ᠬᠤᠶᠢᠰᠢ ᠪᠠᠶᠢᠷᠢᠯᠠᠵᠤ ᠪᠠᠶᠢᠭᠰᠠᠨ ᠪᠠ ᠮᠣᠩᠭᠤᠯ ᠬᠦᠮᠦᠨ ᠵᠠᠬᠢᠷᠳᠠᠭ ᠪᠠᠶᠢᠪᠠ᠃ ᠮᠣᠩᠭᠤᠯ ᠥᠷᠲᠡᠭᠡᠨ ᠤ | ᠰᠠᠭᠤᠷᠢ ᠲᠤᠲᠤᠮ ᠳᠤ 15 ᠡᠷᠦᠬᠡ ᠶᠢᠨ ᠳᠤᠮᠳᠠ ᠠᠴᠠ 1 ᠮᠣᠷᠢ᠂ 13 ᠡᠷᠦᠬᠡ ᠳᠤᠮᠳᠠ ᠠᠴᠠ 1 ᠦᠬᠡᠷ | ᠭᠠᠷᠭᠠᠬᠤ ᠠᠴᠠ ᠭᠠᠳᠠᠨ᠎ᠠ ᠭᠡᠷ᠂ ᠮᠠᠶᠢᠬᠠᠨ᠂ ᠬᠤᠭᠤᠯᠠ ᠬᠦᠨᠡᠰᠦ ᠶᠢ ᠳᠠᠭᠠᠭᠠᠬᠤ ᠡᠭᠦᠷᠭᠡ ᠲᠠᠢ ᠪᠠᠶᠢᠵᠠᠢ᠃ | ᠶᠡᠷᠦᠩᠬᠡᠢ ᠳᠤ ᠪᠠᠨ ᠮᠣᠩᠭᠤᠯ ᠥᠷᠲᠡᠭᠡ ᠳᠤ ᠮᠣᠷᠢᠨ ᠥᠷᠲᠡᠭᠡ᠂ ᠦᠬᠡᠷ ᠥᠷᠲᠡᠭᠡ ᠭᠡᠵᠦ ᠬᠤᠶᠠᠷ ᠪᠠᠶᠢᠪᠠ᠃ | ᠬᠠᠷᠢᠨ ᠡᠵᠡᠨᠲᠦ ᠭᠦᠷᠦᠨ ᠬᠢᠯᠢ ᠬᠢᠵᠠᠭᠠᠷ ᠢᠶᠠᠨ ᠲᠡᠯᠡᠵᠦ᠂ ᠲᠡᠩᠭᠢᠰ ᠳᠠᠯᠠᠢ ᠲᠠᠢ ᠵᠠᠯᠭᠠᠬᠤ ᠪᠣᠯᠤᠭᠰᠠᠨ ᠢᠶᠠᠷ | ᠥᠷᠲᠡᠭᠡ ᠨᠢ ᠬᠠᠭᠤᠷᠠᠢ ᠵᠠᠮ ᠤᠨ ᠥᠷᠲᠡᠭᠡ᠂ ᠤᠰᠤᠨ ᠵᠠᠮ ᠤᠨ ᠥᠷᠲᠡᠭᠡ᠂ ᠨᠣᠬᠠᠢ ᠶᠢᠨ ᠥᠷᠲᠡᠭᠡ᠂ ᠶᠠᠪᠠᠭᠠᠨ | ᠥᠷᠲᠡᠭᠡ ᠭᠡᠬᠦ ᠮᠡᠲᠦ ᠪᠠᠷ ᠠᠩᠭᠢᠯᠠᠬᠳᠠᠵᠦ ᠪᠠᠶᠢᠪᠠ᠃ | ᠬᠤᠪᠢᠯᠠᠢ ᠬᠠᠭᠠᠨ ᠮᠣᠷᠢᠨ ᠤ ᠦᠨ᠎ᠡ ᠴᠡᠨ᠎ᠡ ᠶᠢ ᠰᠠᠶᠢᠨ ᠮᠡᠳᠡᠳᠡᠭ ᠲᠤᠯᠠ ᠠᠭᠲᠠ ᠮᠣᠷᠢᠳ ᠴᠤᠭᠯᠠᠭᠤᠯᠬᠤ | ᠤᠬᠠᠭᠠᠯᠢᠭ ᠲᠣᠭᠲᠠᠯᠴᠠᠭ᠎ᠠ ᠶᠢ ᠪᠤᠢ ᠪᠣᠯᠭᠠᠵᠠᠢ᠃ ᠠᠭᠲᠠ ᠮᠣᠷᠢᠳ ᠨᠢ ᠵᠥᠪᠬᠡᠨ ᠳᠠᠶᠢᠨ ᠲᠤᠯᠤᠯᠳᠤᠭᠠᠨ ᠳᠡᠳᠦᠢ | ᠪᠤᠰᠤ᠂ ᠥᠷᠲᠡᠭᠡ ᠤᠯᠠᠭᠠᠴᠢ ᠶᠢᠨ ᠠᠯᠪᠠᠨ ᠳᠤ ᠴᠢᠬᠤᠯᠠ ᠬᠡᠷᠡᠭᠴᠡᠭᠡ ᠲᠠᠢ ᠪᠠᠶᠢᠪᠠ᠃ ᠬᠤᠪᠢᠯᠠᠢ ᠬᠠᠭᠠᠨ ᠠᠭᠲᠠ | ᠮᠣᠷᠢᠳ ᠢ ᠥᠷᠲᠡᠭᠡ ᠪᠠᠭᠤᠳᠠᠯ᠂ ᠴᠡᠷᠢᠭ ᠠᠩᠭᠢ᠂ ᠬᠡᠰᠢᠭᠲᠡᠨ ᠨᠠᠷ ᠲᠤ ᠬᠤᠪᠢᠶᠠᠷᠢᠯᠠᠨ ᠣᠨᠣᠭᠠᠬᠤ ᠡᠭᠦᠷᠭᠡ ᠲᠠᠢ | ︽ᠤᠯᠤᠰ ᠤᠨ ᠠᠭᠲᠠ ᠬᠠᠷᠢᠭᠤᠴᠠᠬᠤ ᠬᠤᠷᠢᠶ᠎ᠠ︾ ᠶᠢ ᠪᠠᠶᠢᠭᠤᠯᠵᠠᠢ᠃ | ᠬᠠᠷᠢᠨ ᠴᠠᠭᠠᠨ ᠬᠡᠷᠡᠮ ᠠᠴᠠ ᠡᠮᠦᠨᠡᠰᠢ ᠪᠠᠶᠢᠷᠢᠯᠠᠵᠤ ᠪᠠᠶᠢᠭᠰᠠᠨ ᠥᠷᠲᠡᠭᠡ ᠶᠢ ᠨᠣᠬᠠᠢ ᠥᠷᠲᠡᠭᠡ᠂ ᠡᠯᠵᠢᠭᠡᠨ | ᠥᠷᠲᠡᠭᠡ ᠭᠡᠵᠦ ᠠᠩᠭᠢᠯᠠᠵᠤ ᠪᠠᠶᠢᠪᠠ᠃ ᠥᠷᠲᠡᠭᠡ ᠶᠢ ᠮᠥᠨ ᠬᠠᠭᠤᠷᠠᠢ ᠥᠷᠲᠡᠭᠡ᠂ ᠤᠰᠤᠨ ᠵᠠᠮ ᠤᠨ ᠥᠷᠲᠡᠭᠡ | ᠬᠡᠮᠡᠨ ᠠᠩᠭᠢᠯᠠᠵᠤ ᠪᠠᠶᠢᠵᠠᠢ᠃ ᠢᠯ ᠬᠠᠭᠠᠳ ᠤᠨ ᠤᠯᠤᠰ ᠶᠤᠸᠠᠨ ᠭᠦᠷᠦᠨ ᠬᠤᠭᠤᠷᠣᠨᠳᠣ ᠪᠠᠨ ᠨᠢᠭᠲᠠ | ᠬᠠᠷᠢᠯᠴᠠᠭ᠎ᠠ ᠲᠠᠢ ᠪᠠᠶᠢᠵᠤ᠂ ᠬᠤᠳᠠᠯᠳᠤᠭ᠎ᠠ ᠬᠥᠭᠵᠢᠨ᠂ ᠬᠤᠯᠪᠣᠭᠳᠠᠬᠤ ᠪᠣᠭᠤᠮᠲᠠ ᠪᠠᠷ ᠢᠶᠠᠨ ᠲᠣᠷᠭ᠎ᠠ᠂ ᠱᠠᠭᠠᠵᠠᠩ | ᠵᠡᠷᠭᠡ ᠶᠢ ᠰᠣᠯᠢᠯᠴᠠᠵᠦ ᠪᠠᠶᠢᠪᠠ᠃ | ᠣᠯᠠᠭ᠎ᠠ ᠦᠷᠳᠡᠭᠡ ᠳᠠᠬᠢ ᠣᠴᠠᠷᠠᠯ ᠳᠣᠬᠢᠶᠠᠯᠳᠣᠯ | ᠠᠷᠠᠳ ᠣᠯᠠᠨ ᠥᠷᠲᠡᠭᠡ ᠪᠠᠭᠤᠳᠠᠯ ᠤᠨ ᠠᠯᠪᠠ ᠶᠢ ᠬᠡᠷᠬᠢᠨ ᠭᠦᠢᠴᠡᠳᠭᠡᠵᠦ ᠪᠠᠶᠢᠭᠰᠠᠨ ᠲᠤᠬᠠᠢ ᠷᠡᠰᠢᠳ᠋ | ᠠᠳ᠋ ᠳ᠋ᠢᠨ ︽ᠡᠯᠴᠢ ᠮᠡᠳᠡᠭᠡᠴᠢᠳ ᠤᠨ ᠵᠡᠷᠭᠡ ᠵᠢᠩᠳᠠᠭ᠎ᠠ ᠶᠢ ᠳᠠᠭᠠᠯᠳᠤᠨ ᠶᠠᠪᠤᠭ᠎ᠠ ᠬᠦᠮᠦᠰ ᠤᠨ ᠬᠢ ᠨᠢ ᠪᠠᠶᠢᠷᠢ | ᠪᠠᠶᠢᠳᠠᠯ ᠬᠠᠷᠠᠭᠤᠯᠵᠤ ᠪᠠᠶᠢᠭᠰᠠᠨ ᠤᠴᠢᠷ ᠠᠯᠢ ᠪᠣᠯᠬᠤ ᠣᠯᠠᠨ ᠰᠢᠳᠠᠷ ᠳᠠᠭᠠᠭᠤᠯᠢ ᠡᠪᠴᠤ ᠶᠠᠪᠤᠬᠤ ᠶᠢ ᠬᠢᠴᠢᠶᠡᠳᠡᠭ | ᠃ ᠡᠨᠡ ᠨᠢ ᠶᠠᠪᠤᠨ ᠶᠠᠪᠤᠭᠰᠠᠭᠠᠷ ᠶᠡᠭᠡ ᠬᠠᠭᠠᠨ᠂ ᠳᠡᠭᠡᠳᠦ ᠵᠢᠩᠳᠠᠭ᠎ᠠ ᠶᠢᠨ ᠲᠦᠰᠢᠮᠡᠳ ᠤᠨ ᠣᠭᠲᠣ ᠲᠣᠭᠤᠵᠤ | ᠬᠡᠷᠡᠭᠰᠡᠬᠦ ᠦᠭᠡᠢ ᠵᠢᠵᠢᠭ ᠬᠡᠷᠡᠭ ᠠᠵᠢᠯ ᠢ ᠭᠦᠷᠳᠡᠯ᠎ᠠ ᠡᠯᠴᠢ ᠮᠡᠳᠡᠭᠡᠴᠢ ᠨᠠᠷ 200 — 300 ᠳᠠᠭᠠᠭᠤᠯ ᠲᠠᠢ | ᠭᠦᠢᠴᠡᠳᠭᠡᠭᠦ ᠭᠡᠵᠦ ᠶᠠᠪᠣᠠ᠂ ᠥᠨᠳᠥᠷ ᠬᠡᠷᠭᠡᠮ ᠪᠦᠬᠦᠢ ᠨᠣᠶᠠᠳ 500 — 1000 ᠪᠠᠷ᠎ᠠ ᠪᠣᠯᠤᠭᠴᠢᠳ ᠤᠨ | ᠬᠠᠮᠲᠤ ᠥᠷᠲᠡᠭᠡᠯᠡᠨ ᠳᠠᠪᠬᠢᠳᠠᠭ ᠪᠠᠶᠢᠭᠰᠠᠨ ᠶᠤᠮ︾ ᠬᠡᠮᠡᠵᠡᠢ᠃ | ᠫᠧᠷᠰ ᠤᠨ ᠲᠡᠦᠬᠡᠴᠢ ᠡᠶᠢᠨᠬᠦ ᠥᠷᠲᠡᠭᠡ ᠤᠯᠠᠭ᠎ᠠ ᠪᠠᠷ ᠳᠡᠩᠳᠡᠭᠦᠦ ᠣᠯᠠᠨ ᠬᠦᠮᠦᠨ ᠡᠮᠬᠢ ᠵᠠᠮᠪᠠᠷᠠᠭ᠎ᠠ ᠦᠭᠡᠢ | ᠦᠢᠯᠡᠴᠢᠯᠡᠭᠦᠯᠳᠡᠭ ᠲᠤᠬᠠᠢ ᠪᠢᠴᠢᠭᠰᠡᠨ ᠪᠣᠯ᠂ ᠥᠭᠡᠷ᠎ᠡ ᠨᠢᠭᠡ ᠲᠡᠦᠬᠡᠴᠢ ᠮᠣᠩᠭᠤᠯ ᠨᠣᠶᠠᠳ ᠡᠷᠬᠢᠮ ᠳᠡᠭᠡᠳᠦᠰ ᠤᠨ | ᠡᠯᠴᠢ ᠲᠥᠯᠥᠭᠡᠯᠡᠭᠴᠢᠳ ᠥᠩᠭᠡᠷᠡᠵᠦ ᠪᠠᠶᠢᠭ᠎ᠠ ᠬᠤᠲᠠ ᠲᠣᠰᠬᠤᠨ᠂ ᠠᠶᠢᠯ ᠬᠦᠷᠢᠶᠡᠨ ᠤ ᠬᠦᠮᠦᠨ ᠵᠣᠨ ᠢ ᠬᠡᠷᠬᠢᠨ | ᠡᠵᠡᠷᠬᠡᠨ ᠲᠦᠷᠢᠮᠡᠭᠡᠶᠢᠯᠡᠵᠦ᠂ ᠳᠡᠭᠡᠷᠡᠮᠳᠡᠵᠦ ᠪᠠᠶᠢᠭᠰᠠᠨ ᠢ ᠳᠦᠷᠰᠦᠯᠡᠨ ᠪᠢᠴᠢᠭᠰᠡᠨ ᠪᠠᠶᠢᠳᠠᠭ᠃ ᠡᠭᠦᠨ ᠠᠴᠠ | ᠦᠵᠡᠬᠦ ᠳᠤ ᠥᠷᠲᠡᠭᠡᠨ ᠤ ᠠᠯᠪᠠ ᠨᠢ ᠨᠤᠲᠤᠭ ᠤᠨ ᠢᠷᠭᠡᠳ ᠲᠤ ᠬᠡᠴᠢᠨᠡᠨ ᠬᠦᠨᠳᠦ ᠪᠠᠶᠢᠭᠰᠠᠨ ᠢ ᠪᠣᠳᠣᠬᠤ ᠯᠠ | ᠶᠣᠰᠣᠳᠠᠢ᠃ ᠡᠯᠴᠢ᠂ ᠮᠡᠳᠡᠭᠡᠴᠢᠳ ᠮᠠᠰᠢ ᠣᠯᠠᠨ ᠪᠠᠶᠢᠭᠰᠠᠨ ᠪᠥᠭᠡᠳ ᠤᠨᠤᠭ᠎ᠠ ᠮᠣᠷᠢ ᠨᠢ ᠰᠤᠯᠠᠳᠠᠭᠰᠠᠨ ᠦᠶ᠎ᠡ ᠳᠤ | ᠲᠠᠭᠠᠷᠠᠯᠳᠤᠭᠰᠠᠨ ᠠᠷᠠᠳ ᠠᠴᠠ ᠳᠤᠷ᠎ᠠ ᠮᠡᠳᠡᠨ ᠤᠨᠤᠭ᠎ᠠ ᠪᠠᠨ ᠰᠡᠯᠪᠢᠨ ᠴᠢᠨᠠᠭᠰᠢ ᠶᠠᠪᠤᠳᠠᠭ ᠪᠠᠶᠢᠭᠰᠠᠨ᠃ | ᠬᠢᠲᠠᠳ ᠲᠡᠦᠬᠡᠴᠢ ᠶᠢᠨ ᠲᠡᠮᠳᠡᠭᠯᠡᠭᠰᠡᠨ ᠢ ᠰᠡᠶᠢᠷᠡᠭᠦᠯᠪᠡᠯ᠄ ︽ᠲᠡᠳᠡ ᠬᠠᠮᠢᠭ᠎ᠠ ᠶᠠᠪᠤᠭᠰᠠᠨ ᠭᠠᠵᠠᠷ ᠢᠶᠠᠨ | ᠣᠷᠣᠰᠢᠨ ᠰᠠᠭᠤᠭᠴᠢᠳ ᠢ ᠶᠡᠬᠡᠳᠡ ᠲᠦᠢᠪᠡᠭᠡᠨ ᠰᠠᠠᠳᠣᠷᠭᠠᠨᠠ᠃ ᠥᠷᠲᠡᠭᠡ ᠪᠠᠭᠤᠳᠠᠯ ᠳᠤ ᠢᠷᠡᠬᠦ ᠪᠠᠷ ᠢᠶᠠᠨ ᠲᠡᠳᠡ | ᠶᠠᠭᠤᠮ᠎ᠠ ᠪᠦᠬᠦᠨ ᠢ ᠱᠠᠭᠠᠷᠳᠠᠨ ᠰᠢᠬᠠᠨ᠎ᠠ᠃ ᠬᠤᠭᠤᠯᠠ ᠴᠠᠢ ᠶᠢ ᠨᠢ ᠥᠴᠥᠬᠡᠨ ᠲᠡᠳᠦᠢ ᠰᠠᠭᠠᠳᠠᠭᠤᠯᠬᠤ ᠳᠤ | ᠵᠠᠨᠴᠢᠵᠤ ᠰᠢᠳᠬᠡᠨ᠎ᠡ︾ ᠬᠡᠮᠡᠵᠡᠢ᠃ ᠬᠤᠪᠢᠯᠠᠢ ᠬᠠᠭᠠᠨ ᠥᠷᠲᠡᠭᠡᠨ ᠤ ᠠᠯᠪᠠᠨ ᠳᠤ ᠭᠠᠷᠴᠤ ᠪᠤᠢ ᠪᠡᠷᠬᠡᠰᠢᠶᠡᠯ ᠤᠳ ᠢ | ᠲᠣᠭᠠᠴᠠᠠ ᠦᠵᠡᠵᠦ᠂ 1280 ᠣᠨ ᠳᠤ ᠵᠠᠷᠯᠢᠭ ᠪᠠᠭᠤᠯᠭᠠᠠ᠂ ᠥᠷᠲᠡᠭᠡᠨ ᠤ ᠰᠢᠨ᠎ᠡ ᠬᠠᠤᠯᠢ ᠭᠠᠷᠭᠠᠵᠠᠢ᠃ ᠡᠨᠡᠬᠦ | ᠬᠠᠤᠯᠢ ᠳᠤ ᠡᠯᠴᠢ ᠨᠠᠷ ᠥᠷᠲᠡᠭᠡ ᠪᠠᠷ ᠦᠢᠯᠡᠴᠢᠯᠡᠭᠦᠯᠬᠦ ᠲᠤᠰᠬᠠᠢ ᠡᠷᠭᠡ ᠶᠢ ᠡᠯᠴᠢ ᠨᠠᠷ ᠤᠨ ᠵᠡᠷᠭᠡ ᠳᠣᠰᠢᠶᠠᠯ ᠢ | ᠬᠠᠷᠠᠭᠠᠯᠵᠠᠨ ᠣᠯᠭᠤᠬᠤ ᠪᠠᠷ ᠳᠣᠭᠳᠠᠵᠠᠢ᠃ | ᠥᠷᠲᠡᠭᠡ ᠪᠠᠷ ᠶᠠᠪᠤᠭ᠎ᠠ ᠨᠣᠶᠠᠳ ᠤᠨ ᠬᠤᠭᠤᠯᠠ ᠬᠦᠨᠡᠰᠦ ᠬᠡᠷᠡᠭᠯᠡᠬᠦ ᠬᠡᠮᠵᠢᠶ᠎ᠠ ᠶᠢ ᠬᠦᠷᠲᠡᠯ᠎ᠡ ᠬᠠᠲᠠᠭᠤ | ᠲᠣᠭᠲᠠᠭᠠᠨ ᠥᠭᠴᠡᠢ᠃ ᠬᠤᠪᠢᠯᠠᠢ ᠬᠠᠭᠠᠨ ᠤ ᠥᠷᠲᠡᠭᠡᠨ ᠤ ᠠᠯᠪᠠ ᠪᠣᠯᠣᠠ ᠦᠢᠯᠡᠴᠢᠯᠡᠭᠡᠨ ᠤ ᠲᠠᠯ᠎ᠠ ᠪᠠᠷ ᠠᠪᠴᠤ | ᠬᠡᠷᠡᠭᠵᠢᠭᠦᠯᠦᠭᠰᠡᠨ ᠡᠨᠡ ᠶᠡᠭᠡ ᠠᠵᠢᠯ ᠦᠢᠯᠡᠰ ᠨᠢ ᠲᠤᠬᠠᠢ ᠶᠢᠨ ᠦᠶ᠎ᠠ ᠳᠤ ᠪᠠᠨ ᠶᠤᠸᠠᠨ ᠭᠦᠷᠦᠨ ᠳᠣᠲᠣᠷ᠎ᠠ ᠪᠠᠨ | ᠴᠤ᠂ ᠬᠠᠷᠢ ᠤᠯᠤᠰ ᠲᠠᠢ ᠬᠠᠷᠢᠯᠴᠠᠬᠤ ᠬᠠᠷᠢᠯᠴᠠᠭ᠎ᠠ ᠪᠠᠨ ᠬᠥᠭᠵᠢᠭᠦᠯᠬᠦ ᠳᠤ ᠴᠦ ᠨᠡᠩ ᠴᠢᠬᠤᠯᠠ ᠰᠢᠨᠡᠴᠢᠯᠡᠯ | ᠪᠣᠯᠤᠭᠰᠠᠨ ᠠᠵᠢ᠃ ᠬᠤᠪᠢᠯᠠᠢ ᠬᠠᠭᠠᠨ ᠬᠠᠭᠠᠨᠴᠢᠯᠠᠵᠤ ᠪᠠᠶᠢᠬᠤ ᠦᠶ᠎ᠡ ᠳᠤ ᠴᠠᠭᠠᠠ ᠭᠡᠷᠡᠮ ᠠᠴᠠ ᠳᠣᠳᠣᠭᠰᠢᠬᠢ | ᠭᠠᠵᠠᠷ ᠣᠷᠣᠠ ᠳᠤ 1400 ᠥᠷᠲᠡᠭᠡ ᠠᠵᠢᠯᠯᠠᠵᠤ᠂ 50000 ᠠᠭᠲᠠ ᠮᠣᠷᠢ᠂ 8400 ᠱᠠᠷ᠂ 6700 | ᠯᠠᠭᠤᠰᠠ᠂ 4000 ᠲᠡᠷᠭᠡ᠂ 6000 ᠵᠠᠪᠢ᠂ 200 ᠭᠠᠷᠤᠢ ᠨᠣᠬᠠᠢ ᠪᠠᠶᠢᠪᠠ᠃ ᠥᠷᠲᠡᠭᠡᠨ ᠤ ᠭᠠᠵᠠᠷ ᠤᠳ ᠨᠢ | ᠬᠤᠭᠤᠷᠣᠨᠳᠣ ᠪᠠᠨ ᠢᠯᠭᠠᠭ᠎ᠠ ᠲᠠᠢ ᠴᠤ ᠭᠡᠰᠡᠨ ᠪᠦᠭᠦᠳᠡ ᠳᠤ ᠨᠢ ᠵᠣᠴᠢᠳ ᠲᠤ ᠵᠣᠷᠢᠭᠤᠯᠤᠭᠰᠠᠨ ᠪᠠᠭᠤᠳᠠᠯ᠂ | ᠬᠤᠭᠤᠯᠠ ᠪᠡᠯᠡᠳᠬᠡᠬᠦ ᠥᠷᠦᠭᠡ᠂ ᠭᠤᠣᠯ ᠲᠠᠩᠬᠢᠮ᠂ ᠮᠠᠯ ᠤᠨ ᠬᠠᠰᠢᠶ᠎ᠠ ᠬᠤᠷᠤᠭ᠎ᠠ᠂ ᠦᠷ᠎ᠡ ᠲᠠᠷᠢᠶ᠎ᠠ ᠡᠪᠡᠰᠦ | ᠬᠠᠳᠠᠭᠠᠯᠠᠬᠤ ᠭᠦᠮᠦᠷᠭᠡ ᠲᠠᠢ ᠪᠠᠶᠢᠵᠠᠢ᠃ | ᠴᠢᠬᠤᠯᠠ ᠮᠡᠳᠡᠭᠡ ᠬᠦᠷᠭᠡᠵᠦ ᠶᠠᠪᠤᠭ᠎ᠠ ᠡᠯᠴᠢ ᠵᠠᠷᠤᠯᠭ᠎ᠠ ᠰᠠᠭᠠᠳ ᠦᠭᠡᠢ ᠶᠠᠪᠤᠪᠠᠯ ᠡᠳᠦᠷ ᠲᠤ 250 ᠮᠢᠯ | ᠵᠠᠮ ᠲᠤᠭᠤᠯᠵᠤ ᠴᠢᠳᠠᠳᠠᠭ ᠪᠠᠶᠢᠵᠠᠢ᠃ ᠡᠨᠡ ᠨᠢ 13 ᠳ᠋ᠦ᠋ᠭᠠᠷ ᠵᠠᠭᠤᠨ ᠳᠤ ᠥᠷᠲᠡᠭᠡᠨ ᠤ ᠦᠢᠯᠡᠴᠢᠯᠡᠭᠡ ᠶᠠᠮᠠᠷ ᠶᠡᠭᠡ | ᠰᠢᠭᠤᠷᠬᠠᠢ ᠪᠠᠶᠢᠭᠰᠠᠨ ᠢ ᠬᠠᠷᠠᠭᠤᠯᠵᠤ ᠪᠠᠶᠢᠨ᠎ᠠ᠃ ᠡᠨᠡ ᠨᠢ 21 ᠳ᠋ᠦ᠋ᠭᠡᠷ ᠵᠠᠭᠤᠨ ᠤ ᠢᠨᠲ᠋ᠧᠷᠨᠧᠲ ᠲᠠᠢ ᠲᠡᠩᠴᠡᠨ᠎ᠡ᠃ | | ᠴᠢᠩ ᠣᠯᠣᠰ ᠤᠨ ᠦᠶ᠎ᠡ ᠳᠤ ᠮᠣᠩᠭᠤᠯ ᠨᠤᠲᠤᠭ ᠲᠤ ᠮᠣᠷᠢᠨ ᠥᠷᠲᠡᠭᠡ ᠶᠢ ᠣᠯᠠᠨ ᠢᠶᠠᠷ ᠪᠠᠶᠢᠭᠤᠯᠤᠭᠰᠠᠨ | ᠪᠠᠶᠢᠨ᠎ᠠ᠃ ᠴᠠᠭᠠᠨ ᠬᠡᠷᠡᠮ ᠠᠴᠠ ᠬᠤᠶᠢᠰᠢ 5 ᠵᠠᠮ ᠤᠨ ᠳᠠᠭᠠᠤ ᠥᠷᠲᠡᠭᠡ ᠪᠠᠶᠢᠭᠤᠯᠪᠠ᠃ ᠡᠨᠡ ᠨᠢ ᠴᠢᠩ | ᠣᠯᠣᠰ ᠤᠨ ᠴᠡᠷᠢᠭ ᠠᠩᠭᠢ ᠨᠤᠭᠤᠳ ᠲᠤ ᠴᠡᠷᠢᠭ ᠤᠨ ᠲᠤᠰᠢᠶᠠᠯ᠂ ᠮᠡᠳᠡᠭᠡ ᠳᠠᠮᠵᠢᠭᠤᠯᠬᠤ ᠵᠣᠷᠢᠯᠭ᠎ᠠ ᠲᠠᠢ 150 | ᠭᠠᠷᠤᠢ ᠥᠷᠲᠡᠭᠡ ᠪᠠᠶᠢᠭᠰᠠᠨ ᠶᠤᠮ᠃ ᠥᠷᠲᠡᠭᠡ ᠪᠣᠯᠭᠠᠨ ᠳᠤ 20 — 30 ᠠᠶᠢᠯ ᠠᠯᠪᠠ ᠵᠠᠯᠭᠠᠭᠤᠯᠵᠤ᠂ | 60 — 90 ᠬᠦᠮᠦᠨ ᠠᠵᠢᠯᠯᠠᠳᠠᠭ ᠪᠠᠶᠢᠪᠠ᠃ ᠴᠢᠩ ᠣᠯᠣᠰ ᠤᠨ ᠦᠶ᠎ᠡ ᠶᠢᠨ ᠥᠷᠲᠡᠭᠡ ᠨᠢ ᠠᠷᠠᠳ ᠣᠯᠠᠨ ᠤ | ᠬᠥᠷᠥᠩᠭᠡ᠂ ᠬᠦᠴᠦᠨ ᠳᠡᠭᠡᠷ᠎ᠡ ᠲᠣᠭᠲᠠᠵᠦ ᠪᠠᠶᠢᠪᠠ᠃ ᠳᠣᠬᠠᠢ ᠶᠢᠨ ᠦᠶ᠎ᠠ ᠳᠤ ᠮᠣᠩᠭᠤᠯᠴᠤᠳ ᠣᠯᠠᠨ ᠠᠯᠪᠠ | ᠵᠠᠯᠭᠠᠭᠤᠯᠵᠤ ᠪᠠᠶᠢᠭᠰᠠᠨ ᠤ ᠨᠢᠭᠡ ᠨᠢ ᠡᠨᠡ ᠭᠦ ᠣᠯᠠᠭ᠎ᠠ ᠦᠷᠳᠡᠭᠡ ᠶᠢᠨ ᠠᠯᠪᠠ ᠶᠤᠮ᠃ ᠮᠦᠠ ᠥᠷᠲᠡᠭᠡᠨ ᠤ | ᠠᠯᠪᠠ ᠶᠢ ᠳᠠᠭᠠᠵᠤ ᠪᠤᠢ ᠪᠣᠯᠤᠭᠰᠠᠨ ᠦᠭᠡᠷ᠎ᠠ ᠨᠢᠭᠡ ᠠᠯᠪᠠ ᠨᠢ ᠬᠠᠷᠠᠭᠤᠯ ᠤᠨ ᠠᠯᠪᠠ ᠪᠠᠶᠢᠪᠠ᠃ | ᠬᠤᠲᠤᠭᠲᠤ ᠬᠤᠪᠢᠯᠭᠠᠳ᠂ ᠠᠶᠢᠮᠠᠭ ᠤᠨ ᠨᠣᠶᠠᠳ ᠤᠳ᠂ ᠵᠠᠰᠠᠭ ᠨᠣᠶᠠᠳ ᠤᠳ ᠠᠴᠠ ᠥᠭᠡᠷ᠎ᠡ ᠬᠡᠨ ᠴᠤ | ᠥᠷᠲᠡᠭᠡᠨ ᠤ ᠠᠯᠪᠠᠨ ᠠᠴᠠ ᠴᠢᠯᠦᠭᠡᠯᠡᠭᠳᠡᠳᠡᠭ ᠦᠭᠡᠢ ᠪᠠᠶᠢᠪᠠ᠃ ᠠᠷᠠᠳ ᠤᠳ ᠤᠯᠠᠭ᠎ᠠ ᠦᠷᠳᠡᠭᠡ ᠳᠤ ᠬᠠᠮᠤᠭ | ᠬᠥᠷᠥᠩᠭᠡ ᠬᠥᠳᠡᠯᠮᠦᠷᠢ ᠪᠠᠨ ᠵᠠᠷᠤᠴᠠᠭᠤᠯᠵᠤ ᠨᠣᠶᠠᠳ ᠲᠦᠰᠢᠮᠡᠳ᠂ ᠡᠯᠴᠢ ᠨᠠᠷ ᠤᠨ ᠣᠷᠣᠨ ᠰᠠᠭᠤᠴᠠ᠂ | ᠬᠤᠭᠤᠯᠠ ᠬᠦᠨᠡᠰᠦ ᠶᠢ ᠳᠠᠭᠠᠭᠠᠵᠤ᠂ ᠪᠠᠰᠠ ᠪᠦᠬᠦ ᠠᠯᠪᠠ ᠬᠠᠷᠢᠯᠴᠠᠭᠠᠨ ᠤ ᠰᠢᠤᠳᠠᠨ ᠪᠢᠴᠢᠭ ᠢ ᠳᠠᠮᠵᠢᠭᠤᠯᠳᠠᠭ | ᠪᠠᠶᠢᠪᠠ᠃ ᠲᠤᠬᠠᠢ ᠶᠢᠨ ᠦᠶ᠎ᠡ ᠶᠢᠨ ᠮᠠᠨᠵᠤ ᠶᠢᠨ ᠲᠣᠭᠲᠠᠭᠠᠭᠰᠠᠨ ᠬᠠᠤᠯᠢ ᠵᠢᠷᠤᠮ ᠤᠨ ᠳᠠᠭᠠᠤ ᠥᠷᠲᠡᠭᠡᠨ ᠤ ᠨᠢᠭᠡᠨ | ᠡᠷᠦᠬᠡ ᠨᠢ 50 ᠠᠳᠤᠭᠤ᠂ 10 ᠲᠡᠮᠡᠭᠡ᠂ 100 ᠬᠤᠨᠢᠨ ᠤ ᠬᠥᠷᠥᠩᠭᠡ ᠲᠠᠢ ᠪᠠᠶᠢᠬᠤ ᠠᠴᠠ ᠭᠠᠳᠠᠨ᠎ᠠ ᠴᠡᠷᠢᠭ | ᠡᠷ᠎ᠡ ᠶᠢᠨ ᠤᠨᠤᠯᠭ᠎ᠠ᠂ ᠠᠴᠢᠯᠭᠠᠨ ᠳᠤ ᠲᠤᠰᠬᠠᠶᠢᠯᠠᠨ ᠲᠣᠭᠲᠠᠭᠠᠭᠰᠠᠨ ᠶᠣᠰᠣᠭᠠᠷ ᠮᠣᠷᠢ᠂ ᠲᠡᠮᠡᠭᠡ᠂ ᠨᠤᠮᠤ ᠰᠤᠮᠤ᠂ | ᠭᠡᠷ ᠵᠡᠷᠭᠡ ᠶᠢ ᠪᠡᠯᠡᠳᠬᠡᠬᠦ ᠡᠭᠦᠷᠭᠡ ᠲᠠᠢ ᠪᠠᠶᠢᠵᠠᠢ᠃ | ᠥᠷᠲᠡᠭᠡᠨ ᠤ ᠠᠯᠪᠠ ᠨᠢ ᠨᠤᠲᠤᠭ ᠤᠨ ᠠᠷᠠᠳ ᠢᠷᠭᠡᠳ ᠳᠡᠭᠡᠷ᠎ᠡ ᠪᠠᠶᠢᠩᠭᠤ ᠬᠦᠨᠳᠦ ᠳᠠᠷᠤᠮᠲᠠ ᠪᠣᠯᠵᠤ᠂ | ᠵᠠᠷᠢᠮ ᠠᠶᠢᠯ ᠬᠤᠭᠤᠰᠣᠷᠠᠨ ᠶᠠᠳᠠᠭᠤᠷᠠᠵᠤ ᠪᠠᠶᠢᠭᠰᠠᠨ ᠭᠡᠳᠡᠭ᠃ ᠴᠢᠩ ᠣᠯᠣᠰ ᠤᠨ ᠬᠠᠤᠯᠢ ᠳᠤ ᠥᠷᠲᠡᠭᠡ ᠶᠢ | ᠠᠰᠢᠬᠯᠠᠬᠤ ᠡᠯᠴᠢ ᠲᠥᠯᠥᠭᠡᠯᠡᠭᠴᠢᠳ ᠤᠨ ᠬᠦᠨᠡᠰᠦ ᠬᠡᠷᠡᠭᠯᠡᠯ᠂ ᠤᠨᠤᠯᠭ᠎ᠠ ᠠᠴᠢᠯᠭ᠎ᠠ ᠶᠢᠨ ᠮᠣᠷᠢ᠂ ᠬᠥᠲᠥᠴᠢ | ᠨᠠᠷ ᠤᠨ ᠲᠤᠭ᠎ᠠ᠂ ᠬᠡᠮᠵᠢᠶ᠎ᠡ ᠶᠢ ᠲᠣᠳᠣᠷᠬᠠᠢ ᠵᠢᠭᠠᠵᠤ ᠥᠭᠭᠦᠭᠰᠡᠨ ᠪᠣᠯᠪᠠᠴᠤ ᠥᠷᠲᠡᠭᠡᠯᠡᠨ ᠶᠠᠪᠤᠭᠴᠢ ᠡᠷᠬᠡᠲᠡᠨ | ᠳᠠᠷᠬᠠᠲᠠᠨ ᠨᠤᠭᠤᠳ ᠥᠪᠡᠷ ᠥᠪᠡᠷᠰᠡᠳ ᠤᠨ ᠳᠤᠷ᠎ᠠ ᠵᠤᠷᠢᠬ ᠢᠶᠠᠷ ᠠᠭᠠᠰᠢᠯᠠᠨ ᠠᠷᠠᠳ ᠣᠯᠠᠨ ᠢ ᠴᠢᠷᠦᠭᠳᠡᠭᠦᠯᠵᠦ | ᠪᠠᠶᠢᠵᠠᠢ᠃ ᠴᠢᠩ ᠣᠯᠣᠰ ᠤᠨ ᠬᠠᠭᠠᠨ ᠤ ᠵᠠᠷᠯᠢᠭ ᠢᠶᠠᠷ ᠤᠯᠢᠶᠠᠰᠤᠲᠠᠢ ᠶᠢᠨ ᠵᠠᠩᠵᠤᠨ ᠠᠯᠲᠠᠢ ᠳᠤ | ᠣᠴᠢᠬᠤ ᠳᠤ ᠪᠠᠨ ᠵᠠᠮ ᠵᠠᠭᠤᠷ᠎ᠠ ᠪᠠᠨ ᠥᠷᠲᠡᠭᠡ ᠲᠤᠲᠤᠮ ᠢᠶᠠᠷ ᠰᠠᠶᠢᠨ ᠮᠣᠩᠭᠤᠯ ᠭᠡᠷ 60᠂ ᠤᠨᠣᠬᠤ ᠰᠠᠶᠢᠨ | ᠮᠣᠷᠢ 200᠂ ᠮᠣᠷᠢᠲᠠᠢ ᠤᠯᠠᠭᠠᠴᠢ 150᠂ ᠠᠴᠢᠶ᠎ᠠ ᠲᠡᠮᠡᠭᠡ 100᠂ ᠬᠦᠨᠡᠰᠦᠨ ᠤ ᠬᠤᠨᠢ ᠬᠠᠤᠯᠢ ᠳᠤ | ᠵᠢᠭᠠᠭᠰᠠᠨ ᠤ ᠳᠠᠭᠠᠤ ᠪᠦᠷᠢᠳᠦᠭᠦᠯᠬᠦ ᠪᠥᠭᠡᠳ ᠪᠤᠴᠠᠬᠤ ᠳᠤ ᠪᠠᠨ ᠨᠢᠭᠡᠨ ᠰᠠᠭᠤᠷᠢ ᠥᠷᠲᠡᠭᠡᠨ ᠠᠴᠠ ᠤᠨᠤᠬᠤ᠂ | ᠠᠴᠢᠬᠤ ᠮᠣᠷᠢ 300᠂ ᠮᠣᠷᠢᠲᠠᠢ ᠤᠯᠠᠭᠠᠴᠢ 200᠂ ᠠᠴᠢᠶ᠎ᠠ ᠲᠡᠮᠡᠭᠡ 180᠂ ᠥᠷᠲᠡᠭᠡᠨ ᠤ ᠭᠠᠵᠠᠷ ᠤᠳ ᠲᠤ | ᠪᠠᠷᠢᠬᠤ ᠭᠡᠷ ᠪᠣᠯᠤᠨ ᠮᠠᠶᠢᠬᠠᠨ 100᠂ ᠬᠦᠨᠡᠰᠦᠨ ᠤ ᠣᠯᠠᠨ ᠠᠷᠪᠢᠠ ᠬᠤᠨᠢ ᠪᠡᠯᠡᠳᠭᠡᠭᠦᠯᠵᠦ ᠪᠠᠶᠢᠵᠠᠢ᠃ | ᠴᠢᠩ ᠣᠯᠣᠰ ᠤᠨ ᠠᠯᠪᠠᠠ ᠤ ᠳᠠᠯ᠎ᠠ ᠠᠴᠠ ᠥᠷᠲᠡᠭᠡ ᠠᠯᠪᠠ ᠬᠢᠭᠰᠡᠨ ᠤ ᠬᠥᠯᠥᠰᠥ᠂ ᠬᠡᠷᠡᠭᠯᠡᠭᠰᠡᠨ ᠮᠣᠷᠢ | ᠲᠡᠮᠡᠭᠡᠨ ᠤ ᠦᠨ᠎ᠡ ᠶᠢ ᠲᠣᠭᠠᠴᠠᠨ ᠣᠯᠭᠤᠳᠠᠭ ᠨᠡᠷ᠎ᠡ ᠲᠠᠢ᠂ ᠲᠡᠭᠦᠨ ᠢ ᠪᠠᠨ ᠠᠯᠳᠠᠭ ᠣᠨᠤᠭ ᠥᠭᠳᠡᠭ ᠪᠠᠶᠢᠭᠰᠠᠨ | ᠪᠣᠯᠪᠠᠴᠤ ᠡᠨᠡ ᠨᠢ ᠬᠡᠷᠡᠭ ᠳᠡᠭᠡᠷ᠎ᠡ ᠪᠠᠨ ᠬᠤᠰᠢᠭᠤ ᠨᠤᠲᠤᠭ᠂ ᠠᠷᠠᠳ ᠣᠯᠠᠨ ᠤ ᠭᠠᠷᠭᠠᠭᠰᠠᠠ ᠠᠯᠢᠪᠠ ᠵᠠᠷᠤᠳᠠᠯ ᠤᠨ | ᠬᠠᠮᠢᠭ᠎ᠠ ᠨᠢ ᠴᠤ ᠬᠦᠷᠦᠯᠴᠡᠳᠡᠭ ᠦᠭᠡᠢ ᠪᠠᠶᠢᠵᠠᠢ᠃ | ᠤᠯᠠᠭ᠎ᠠ ᠦᠷᠳᠡᠭᠡ ᠬᠡᠷᠡᠭᠯᠡᠬᠦ ᠴᠢᠩ ᠣᠯᠣᠰ ᠤᠨ ᠲᠥᠷᠥ ᠶᠢᠨ ᠲᠥᠯᠥᠭᠡᠨ ᠤ ᠰᠠᠶᠢᠳ᠂ ᠲᠦᠰᠢᠮᠡᠳ ᠤᠨ | ᠲᠤᠭ᠎ᠠ ᠨᠡᠮᠡᠭᠳᠡᠭᠰᠡᠨ ᠢᠶᠠᠷ ᠲᠡᠳᠡᠨ ᠳᠤ ᠠᠯᠪᠠ ᠬᠠᠭᠠᠬᠤ᠂ ᠳᠠᠭᠠᠯᠳᠤᠬᠤ ᠬᠦᠮᠦᠨ ᠤ ᠲᠤᠭ᠎ᠠ ᠴᠤ ᠨᠡᠮᠡᠭᠳᠡᠵᠡᠢ᠃ ᠡᠨᠡ | ᠬᠢᠷᠢ ᠪᠠᠷ ᠲᠡᠳᠡᠨ ᠤ ᠵᠠᠷᠤᠳᠠᠯ᠂ ᠬᠡᠷᠡᠭᠯᠡᠯ ᠢ ᠨᠡᠶᠢᠯᠡᠭᠦᠯᠬᠦ ᠠᠯᠪᠠᠨ ᠤ ᠬᠡᠮᠵᠢᠶ᠎ᠡ ᠴᠤ ᠨᠡᠮᠡᠭᠳᠡᠪᠡ᠃ ᠲᠡᠷᠡᠴᠢᠯᠡᠨ | ᠥᠷᠲᠡᠭᠡ ᠤᠯᠠᠭ᠎ᠠ ᠪᠠᠷ ᠳᠠᠭᠠᠷᠢᠨ ᠢᠷᠡᠭᠰᠡᠨ ᠰᠠᠶᠢᠳ ᠨᠠᠷ᠂ ᠶᠡᠬᠡᠰ ᠨᠣᠶᠠᠳ ᠢ ᠬᠤᠰᠢᠭᠤ ᠨᠤᠲᠤᠭ ᠲᠤ ᠪᠠᠨ | ᠤᠭᠲᠤᠨ ᠠᠪᠬᠤ᠂ ᠬᠦᠨᠳᠦᠯᠡᠨ ᠳᠠᠶᠢᠯᠠᠬᠤ ᠭᠡᠵᠦ ᠪᠠᠭ᠎ᠠ ᠦᠭᠡᠢ ᠴᠢᠷᠦᠭᠳᠡᠯ ᠤᠴᠠᠷᠠᠭᠤᠯᠵᠤ ᠪᠠᠶᠢᠭᠰᠠᠨ ᠤ ᠵᠡᠷᠭᠡᠴᠡᠭᠡ | ᠨᠤᠲᠤᠭ ᠬᠤᠰᠢᠭᠤᠨ ᠤ ᠨᠣᠶᠠᠳ ᠴᠤ ᠲᠡᠳᠡᠨ ᠳᠤ ᠠᠶ᠎ᠠ ᠲᠠᠯ᠎ᠠ ᠦᠵᠡᠬᠦ᠂ ᠨᠢᠭᠡ ᠨᠢᠭᠡᠨ ᠢᠶᠠᠨ ᠬᠤᠪᠯᠠᠬᠤ᠂ | ᠥᠪᠡᠷ ᠤᠨ ᠪᠠᠶᠢᠷᠢ ᠰᠠᠭᠤᠷᠢ᠂ ᠠᠯᠪᠠᠨ ᠲᠤᠰᠢᠶᠠᠯ ᠢᠶᠠᠨ ᠨᠡᠮᠡᠬᠦ᠂ ᠴᠣᠯᠠ ᠬᠡᠷᠭᠡᠮ ᠢᠶᠠᠨ ᠠᠬᠢᠭᠤᠯᠬᠤ ᠶᠢᠨ ᠲᠤᠯᠠᠳᠠ | ᠲᠣᠳᠣᠷᠬᠠᠢ ᠬᠡᠮᠵᠢᠶᠡᠨ ᠤ ᠠᠪᠯᠢᠭ᠎ᠠ ᠬᠠᠭ᠋ᠤᠤᠯᠢ ᠥᠭᠳᠡᠭ᠃ | ᠣᠯᠠᠭ᠎ᠠ ᠦᠷᠳᠡᠭᠡ ᠨᠢ ᠶᠠᠪᠤᠨ ᠶᠠᠪᠤᠭᠰᠠᠭᠠᠷ 20 ᠳ᠋ᠦ᠋ᠭᠡᠷ ᠵᠠᠭᠤᠨ ᠤ ᠡᠬᠢᠨ ᠦᠶ᠎ᠡ ᠲᠠᠢ ᠵᠣᠯᠭᠠᠭᠰᠠᠨ ᠪᠠ | ᠳᠡᠭᠡᠷ᠎ᠠ ᠵᠠᠭᠤᠠ ᠤ ᠵᠢᠷᠠᠭᠠᠳ ᠣᠨ ᠳᠤ ᠠᠦ᠋ᠲ᠋ᠣ᠋ ᠲᠡᠭᠡᠭᠡᠪᠦᠷᠢ ᠳᠤ ᠪᠠᠶᠢᠷᠢ ᠪᠠᠨ ᠲᠠᠯᠪᠢᠵᠤ ᠥᠭᠴᠡᠢ᠃ | ᠶᠣᠸᠠᠨ ᠤᠯᠣᠰ ᠤᠨ ᠤᠯᠠᠭ᠎ᠠ ᠦᠷᠲᠡᠭᠡ ᠶᠢᠨ ᠵᠠᠮ ᠱᠣᠭᠤᠮ | ᠳᠤᠮᠳᠠᠳᠤ ᠣᠯᠤᠰ ᠦᠷᠦᠨᠡᠳᠠᠬᠢᠨ ᠲᠠᠢ ᠡᠷᠲᠡᠨ ᠠᠴᠠ ᠠᠪᠤᠭᠠᠳ ᠬᠠᠷᠢᠯᠴᠠᠭ᠎ᠠ ᠶᠠᠪᠤᠯᠴᠠᠭ᠎ᠠ ᠲᠠᠢ ᠪᠠᠶᠢᠵᠠᠢ᠃ | ᠡᠷᠲᠠᠨ ᠤ ᠴᠦᠨ ᠴᠢᠤ ᠪᠠᠶᠢᠯᠳᠤᠭᠠᠨᠳᠤ ᠤᠯᠤᠰ ᠤᠨ ᠦᠶ᠎ᠡ ᠳᠤ ︽ᠪᠠᠷᠠᠭᠤᠨ ᠴᠡᠷᠢᠭ ᠤᠨ ᠭᠡᠶᠢᠴᠢᠨ︾ ᠭᠡᠬᠦ | ᠲᠡᠮᠳᠡᠭᠯᠡᠯ ᠪᠠᠶᠢᠪᠠ᠃ ᠬᠠᠨ ᠤᠯᠤᠰ ᠤᠨ ᠦᠶ᠎ᠡ ᠳᠤ ᠲᠠᠯ᠎ᠠ ᠨᠤᠳᠤᠭ ᠤᠨ ᠨᠡᠪᠲᠡᠷᠡᠯ ᠵᠠᠮ ᠤᠨ ᠡᠮᠦᠨ᠎ᠡ ᠲᠠᠯ᠎ᠠ ᠶᠢ | ︽ᠲᠤᠷᠭᠠᠨ ᠵᠠᠮ︾ ᠭᠡᠵᠤ ᠳᠠᠭᠤᠳᠠᠬᠤ ᠪᠣᠯᠪᠠ᠃ ᠬᠠᠷᠢᠠ ᠳᠤᠷᠤᠨᠠᠳᠤ ᠦᠷᠦᠨᠡᠳᠤ ᠶᠢᠨ ᠶᠠᠪᠤᠯᠴᠠᠭ᠎ᠠ | ᠳᠦᠷᠢᠮᠵᠢᠵᠤ ᠪᠦᠷᠢᠯᠳᠤᠭᠡᠳ ᠶᠡᠭᠡ ᠠᠬᠢᠯᠳᠠ ᠲᠠᠢ ᠪᠣᠯᠣᠭᠰᠠᠠ ᠨᠢ ᠶᠡᠭᠡ ᠶᠤᠸᠠᠨ ᠤᠯᠤᠰ ᠤᠨ ᠴᠠᠭ ᠦᠶ᠎ᠡ ᠪᠤᠯᠬᠤ | ᠶᠤᠮ᠃ ᠶᠡᠭᠡ ᠮᠤᠩᠭᠤᠯ ᠤᠯᠤᠰ ᠬᠢᠭᠡᠳ ᠶᠤᠸᠠᠨ ᠤᠯᠤᠰ ᠤᠨ ᠦᠶ᠎ᠡ ᠳᠤ ᠳᠤᠮᠳᠠᠳᠤ ᠤᠯᠤᠰ ᠳᠠᠬᠢᠵᠤ ᠰᠢᠨ᠎ᠡ ᠪᠠᠷ | ᠨᠢᠭᠡᠳᠴᠦ᠂ ᠴᠠᠭᠠᠳᠠᠢ᠂ ᠬᠢᠪᠴᠠᠭ ︵ᠠᠯᠲᠠᠨ ᠤᠷᠲᠤᠳᠤ ᠤᠯᠤᠰ︶᠂ ᠢᠯ ᠬᠠᠨ ᠵᠡᠷᠭᠡ ᠤᠯᠤᠰ ᠢ ᠪᠠᠭᠲᠠᠭᠠᠨ᠂ | ︽ᠶᠡᠭᠡ ᠶᠤᠸᠠᠨ ᠤ ᠶᠡᠭᠡ ᠮᠤᠩᠭᠤᠯ ᠤᠯᠤᠰ︾ ᠤᠨ ᠨᠡᠷ᠎ᠡ ᠳᠤᠤᠷᠠᠬᠢ ᠨᠤᠳᠤᠭ ᠳᠡᠪᠢᠰᠭᠡᠷ 3300 ᠲᠦᠮᠡᠨ | ᠳᠡᠭᠰᠢ ᠺᠢᠯᠤᠮᠧᠲᠷ ︵4400 ᠲᠦᠮᠡᠨ ᠳᠡᠭᠰᠢ ᠺᠢᠯᠤᠮᠧᠲᠷ ᠬᠡᠵᠦ ᠪᠠᠰᠠ ᠬᠡᠯᠡᠳᠡᠭ︶ ᠲᠤ ᠬᠦᠷᠴᠡᠢ᠃ | ᠶᠣᠸᠠᠠ ᠣᠯᠣᠰ ᠨᠤᠶᠠᠷᠬᠠᠯ ᠢᠶᠠᠨ ᠪᠠᠲᠤᠳᠬᠠᠵᠤ ᠠᠷᠠᠯᠵᠢᠶ᠎ᠠ ᠬᠢᠬᠦ ᠶᠢᠨ ᠲᠦᠯᠦᠭᠡ ᠬᠢᠯᠢ ᠳᠤᠳᠤᠷ᠎ᠠ ᠪᠠᠨ | ᠮᠤᠨᠳᠠᠭ ᠶᠡᠭᠡ ᠤᠯᠠᠭ᠎ᠠ ᠦᠷᠳᠡᠭᠡ ᠶᠢᠨ ᠰᠢᠰᠲ᠋ᠧᠮ ᠢ ᠪᠠᠶᠢᠭᠤᠯᠪᠠ᠃ ᠲᠡᠤᠬᠡᠨ ᠲᠡᠮᠳᠡᠭᠯᠡᠯ ᠳᠤ ᠦᠨᠳᠦᠰᠦᠯᠡᠪᠡᠯ᠂ | ᠶᠤᠸᠠᠨ ᠤᠯᠤᠰ ᠤᠨ 8 ᠵᠠᠰᠠᠭ ᠵᠠᠬᠢᠷᠭᠠᠨ ᠤ ᠳᠤᠳᠤᠷ᠎ᠠ 913 ᠤᠯᠠᠭ᠎ᠠ ᠦᠷᠲᠡᠭᠡ ᠭᠠᠷᠭᠠᠵᠤ᠂ ᠤᠯᠠᠭ᠎ᠠ ᠶᠢᠨ ᠮᠤᠷᠢ | 30 ᠭᠠᠷᠤᠢ ᠲᠦᠮᠡ ᠪᠠᠶᠢᠵᠠᠢ᠃ ᠡᠭᠦᠨ ᠠᠴᠠ ᠭᠠᠳᠠᠨ᠎ᠠ ᠪᠠᠰᠠ ᠶᠡᠭᠡ ᠬᠡᠮᠵᠢᠶᠡᠨ ᠤ ᠤᠰᠤᠨ ᠤᠯᠠᠭ᠎ᠠ᠂ ᠦᠬᠡᠷ ᠤᠨ | ᠫᠦᠰᠡ ᠵᠢᠴᠢ ᠨᠤᠬᠠᠢ ᠶᠢᠨ ᠦᠷᠲᠡᠭᠡ᠂ ᠪᠤᠭᠤ ᠶᠢᠨ ᠦᠷᠲᠡᠭᠡ ᠲᠠᠢ ᠪᠠᠶᠢᠪᠠ᠃ ᠳᠠᠯᠠᠢ ᠶᠢᠨ ᠲᠡᠭᠡᠭᠡᠪᠦᠷᠢ ᠶᠢᠨ | ᠬᠦᠭᠵᠢᠯᠲᠡ ᠨᠢ ᠳᠤᠷᠤᠨᠠᠳᠤ ᠦᠷᠦᠨᠡᠳᠤ ᠶᠢᠨ ᠠᠷᠠᠯᠵᠢᠶ᠎ᠡ ᠶᠢᠨ ᠬᠡᠯᠪᠡᠷᠢ ᠪᠠ ᠬᠡᠪᠴᠢᠶ᠎ᠡ ᠶᠢ ᠤᠯᠠᠮ ᠨᠢᠭᠡ ᠠᠯᠬᠤᠮ | ᠨᠡᠮᠡᠭᠳᠡᠭᠦᠯᠵᠠᠢ᠃ ᠨᠢᠭᠡᠡ ᠦᠶ᠎ᠠ ᠡᠸᠦ᠋ᠷᠦᠫᠡ ᠠᠽᠢᠶ᠎ᠠ ᠬᠤᠶᠠᠷ ᠶᠡᠭᠡ ᠲᠢᠪ ᠤᠨ ᠬᠤᠭᠤᠷᠤᠨᠳᠤ ᠴᠡᠷᠢᠭ ᠳᠠᠶᠢᠨ | ᠵᠣᠭᠰᠣᠵᠦ᠂ ᠬᠤᠳᠠᠯᠳᠤᠭ᠎ᠠ ᠠᠷᠠᠯᠵᠢᠶᠠᠨ ᠤ ᠶᠠᠪᠤᠯᠴᠠᠭ᠎ᠠ ᠡᠭᠦᠳᠡ ᠪᠠᠨ ᠵᠠᠷᠲᠠᠶᠢᠲᠠᠯᠠ ᠨᠡᠭᠡᠭᠡᠭᠡᠳ ᠤᠷᠢᠳᠤ ᠡᠮᠤᠨ᠎ᠡ | ᠪᠠᠶᠢᠭ᠎ᠠ ᠦᠭᠡᠢ ᠬᠡᠪᠴᠢᠶ᠎ᠡ ᠲᠠᠢ ᠳᠤᠷᠤᠨᠠᠳᠤ ᠦᠷᠦᠨᠡᠳᠤ ᠶᠢᠨ ᠶᠡᠭᠡ ᠶᠠᠪᠤᠯᠴᠠᠭ᠎ᠠ ᠡᠭᠦᠰᠦᠭᠰᠡᠨ ᠪᠢᠯᠡ᠃ | ᠨᠢᠭᠡ᠂ ᠬᠠᠭᠤᠷᠠᠢ ᠵᠠᠮ ᠤᠨ ᠳᠤᠮᠳᠠ ᠱᠤᠭᠤᠮ | ᠡᠨᠡ ᠱᠤᠭᠤᠮ ᠨᠢ ᠴᠦ ᠲᠤᠬᠠᠢ ᠦᠶ᠎ᠡ ᠶᠢᠨ ᠳᠤᠷᠤᠨᠠᠳᠤ ᠦᠷᠦᠨᠡᠳᠤ ᠶᠢᠨ ᠶᠡᠭᠡ ᠶᠠᠪᠤᠯᠴᠠᠭᠠᠨ ᠤ ᠭᠤᠤᠯ | ᠱᠤᠭᠤᠮ ᠪᠤᠯᠵᠤ ᠪᠠᠶᠢᠪᠠ᠃ ᠪᠠᠷᠠᠭᠤᠨ ᠵᠠᠬ᠎ᠠ ᠨᠢ ᠠᠯᠲᠠᠨ ᠤᠷᠲᠤᠳᠤ ᠬᠠᠨ ᠤᠯᠤᠰ ᠤᠨ ᠨᠡᠶᠢᠰᠯᠡᠯ ᠰᠧᠷᠡᠢ ᠪᠠᠷ | ᠲᠦᠪᠯᠡᠷᠡᠭᠦᠯᠣᠠ ᠲᠠᠷᠬᠠᠭᠠᠬᠤ ᠭᠠᠵᠠᠷ ᠪᠤᠯᠭᠠᠨ᠂ ᠡᠮᠦᠨᠡᠳᠤ ᠣᠷᠣᠰ ᠤᠨ ᠲᠠᠯ᠎ᠠ ᠨᠤᠳᠤᠭ ᠢᠶᠠᠷ ᠵᠡᠭᠦᠨᠰᠢᠯᠡᠵᠤ᠂ ᠺᠠᠰᠫᠢ | ᠲᠠᠩᠬᠢᠰ᠂ ᠭᠢᠷᠭᠠᠰᠤ ᠶᠢᠨ ᠲᠠᠯ᠎ᠠ ᠨᠤᠳᠤᠭ᠂ ᠢᠯᠢ ᠭᠤᠤᠯ ᠤᠨ ᠬᠦᠨᠳᠡᠢ ᠪᠠᠷ ᠳᠠᠮᠵᠢᠨ᠂ ᠠᠯᠢᠮᠠᠷ ᠲᠤ ᠬᠦᠷᠴᠤ᠂ | ᠠᠳᠡ ᠠᠴᠠ ᠬᠤᠶᠢᠰᠢᠯᠠᠪᠠᠯ ᠬᠠᠷᠠᠬᠤᠷᠢᠠ ᠳᠤ ᠬᠦᠷᠴᠤ ᠪᠤᠯᠤᠨ᠎ᠠ᠂ ᠵᠡᠭᠦᠨᠰᠢᠯᠡᠪᠡᠯ ᠱᠠᠩᠳᠤ ᠬᠢᠭᠡᠳ ᠲᠠᠶᠢᠳᠤ ᠳᠤ | ᠬᠦᠷᠴᠤ ᠪᠤᠯᠤᠨ᠎ᠠ᠃ ᠵᠠᠮ ᠢᠶᠠᠷ ᠢᠶᠠᠨ ᠦᠩᠭᠡᠷᠡᠬᠦ ᠮᠤᠩᠭᠤᠯ ᠤᠨ ᠲᠠᠯ᠎ᠠ ᠨᠤᠳᠤᠭ᠂ ᠲᠦᠪ ᠠᠽᠢᠶ᠎ᠠ ᠶᠢᠨ ᠲᠠᠯ᠎ᠠ | ᠨᠤᠳᠤᠭ᠂ ᠫᠧᠷᠰ᠂ ᠬᠢᠪᠴᠠᠭ ᠤᠨ ᠲᠠᠯ᠎ᠠ ᠨᠤᠳᠤᠭ᠂ ᠣᠷᠣᠰ᠂ ᠪᠠᠭ᠎ᠠ ᠠᠽᠢᠶ᠎ᠠ ᠳᠤ ᠪᠦᠷ ᠤᠯᠠᠭ᠎ᠠ ᠶᠢᠨ ᠵᠠᠮ | ᠨᠡᠪᠲᠡᠷᠡᠵᠤ ᠪᠠᠶᠢᠪᠠ᠃ ᠵᠠᠭᠦᠨᠰᠢ ᠪᠠᠷᠠᠭᠤᠨᠰᠢ ᠶᠡᠭᠡ ᠵᠠᠮ ᠳᠡᠭᠡᠷ᠎ᠡ ᠵᠠᠮ ᠬᠠᠮᠠᠭᠠᠯᠠᠭᠴᠢ ᠬᠢᠭᠡᠳ ︽ᠴᠡᠪᠡᠷ ᠴᠠᠭᠠᠨ | ᠢᠰᠡᠭᠡᠢ ᠪᠦᠷᠭᠡ︾ ᠲᠦᠬᠦᠭᠡᠷᠴᠤ᠂ ᠱᠠᠩᠳᠤ ᠳᠤ ᠪᠠᠰᠠ ᠵᠦᠭᠡᠭᠡᠪᠦᠷᠢᠯᠡᠭᠴᠢ ᠴᠡᠷᠢᠭ ᠲᠠᠢ ᠪᠠᠶᠢᠵᠠᠢ᠃ ︽ᠢᠩᠭᠢᠭᠡᠳ | ᠳᠦᠷᠪᠡᠨ ᠵᠦᠭ ᠤᠨ ᠡᠯᠴᠢᠳ ᠬᠤᠨᠤᠭᠯᠠᠪᠠᠯ ᠵᠤᠴᠢᠳ ᠤᠨ ᠪᠠᠭᠤᠳᠠᠯ ᠲᠠᠢ᠂ ᠠᠮᠠᠷᠠᠪᠠᠯ ᠵᠠᠮ᠎ᠠ ᠮᠠᠶᠢᠬᠠᠨ ᠲᠠᠢ᠂ | ᠦᠯᠦᠰᠴᠤ ᠤᠮᠳᠠᠭᠠᠰᠪᠠᠯ ᠢᠳᠡᠭᠡᠨ ᠤᠮᠳᠠᠭᠠᠨ ᠲᠠᠢ᠂ ᠱᠠᠳᠤ ᠳᠠᠮᠵᠢᠨ ᠠᠶᠠᠯᠠᠪᠠᠯ ᠵᠤᠷᠢᠭᠰᠠᠨ ᠭᠠᠵᠠᠷ ᠲᠠᠭᠠᠨ ᠯᠠᠪ | ᠬᠦᠷᠴᠤ᠂ ᠬᠠᠨ ᠳᠡᠯᠡᠬᠡᠢ ᠬᠠᠮᠳᠤᠷᠠᠭᠰᠠᠨ︾ ᠪᠠᠶᠢᠳᠠᠯ ᠲᠠᠢ ᠪᠠᠶᠢᠬᠰᠠᠠ ᠠᠴᠠ ᠦᠵᠡᠬᠦ ᠳᠤ ᠳᠤᠷᠤᠨᠠᠳᠤ | ᠦᠷᠦᠨᠡᠳᠤ ᠶᠢᠨ ᠵᠠᠬᠢᠳᠠᠯ ᠨᠡᠪᠲᠡᠷᠡᠯᠴᠡᠭᠡ ᠬᠢᠭᠡᠳ ᠬᠤᠳᠠᠯᠳᠤᠭ᠎ᠠ ᠠᠷᠠᠯᠵᠢᠶᠠᠨ ᠤ ᠳᠦᠬᠦᠮ ᠤᠨ ᠬᠡᠮᠵᠢᠶ᠎ᠡ ᠶᠢ ᠮᠡᠳᠡᠵᠤ | ᠪᠤᠯᠬᠤ ᠶᠤᠮ᠃ | ᠬᠤᠶᠠᠷ᠂ ᠬᠠᠭᠤᠷᠠᠢ ᠵᠠᠮ ᠤᠨ ᠤᠮᠠᠷᠠᠳᠤ ᠱᠤᠭᠤᠮ | ᠠᠯᠲᠠᠢ ᠠᠭᠤᠯᠠ ᠶᠢᠨ ᠡᠮᠦᠨ᠎ᠡ ᠪᠠᠯ ᠢᠶᠠᠷ ᠳᠠᠮᠵᠢᠨ ᠪᠠᠶᠢᠭᠠᠯ ᠨᠠᠭᠤᠷ ᠬᠦᠷᠲᠡᠯᠡᠬᠢ ᠶᠢ ᠣᠮᠠᠷᠠᠳᠤ ᠱᠤᠭᠤᠮ ᠤᠨ | ᠳᠤᠮᠳᠠ ᠬᠡᠰᠡᠭ ᠭᠡᠳᠡᠭ᠃ ᠪᠠᠶᠢᠭᠠᠯ ᠨᠠᠭᠤᠷ ᠠᠴᠠ ᠶᠡᠭᠡ ᠬᠢᠩᠭᠠᠨ ᠳᠠᠪᠠᠭᠠᠨ ᠤ ᠪᠠᠷᠠᠭᠤᠨ ᠲᠠᠯ᠎ᠠ ᠶᠢ ᠲᠠᠭᠠᠨ | ᠡᠮᠦᠨᠡᠰᠢᠯᠡᠪᠡᠯ ᠱᠠᠩᠳᠤ᠂ ᠲᠠᠶᠢᠳᠤ ᠳᠤ ᠬᠦᠷᠴᠤ ᠪᠤᠯᠤᠨ᠎ᠠ᠃ ᠠᠯᠲᠠᠢ ᠠᠭᠤᠯᠠ ᠠᠴᠠ ᠪᠠᠷᠠᠭᠤᠨᠰᠢ ᠠᠯᠲᠠᠨ ᠤᠷᠳᠤᠳᠤ | ᠤᠯᠤᠰ ᠤᠨ ᠨᠡᠶᠢᠰᠯᠡᠯ ᠰᠧᠷᠡᠢ ᠶᠢ ᠦᠩᠭᠡᠷᠡᠨ ᠺᠠᠰᠫᠢ ᠲᠠᠩᠬᠢᠰ ᠤᠨ ᠪᠠᠷᠠᠭᠤᠨ ᠡᠷᠭᠢ ᠶᠢ ᠲᠠᠭᠠᠨ ᠡᠮᠦᠨᠡᠰᠢᠯᠡᠪᠡᠯ | ᠰᠢᠭᠤᠳ ᠭᠠᠵᠠᠷ ᠤᠨ ᠳᠤᠮᠳᠠᠳᠤ ᠲᠠᠩᠭᠢᠰ ᠲᠤ ᠬᠦᠷᠦᠨ᠎ᠡ᠃ ᠡᠸᠦ᠋ᠷᠦᠫᠡ ᠲᠢᠪ ᠬᠢᠭᠡᠳ ᠠᠷᠠᠪ ᠤᠨ ᠲᠡᠣᠬᠡᠨ | ᠮᠠᠲ᠋ᠧᠷᠢᠶᠠᠯ ᠳᠤ ᠰᠧᠷᠡᠢ ᠬᠤᠲᠠ ᠶᠢᠨ ᠲᠣᠬᠠᠢ ᠲᠡᠮᠳᠡᠭᠯᠡᠯ ᠣᠯᠠᠨ ᠪᠠᠶᠢᠵᠤ᠂ ᠬᠤᠲᠠ ᠨᠢ ᠭᠤᠶᠤ᠂ ᠬᠡᠪᠴᠢᠶ᠎ᠡ ᠨᠢ | ᠶᠡᠭᠡ᠂ ᠳᠤᠷᠤᠨᠠᠳᠤ ᠦᠷᠦᠨᠡᠳᠤ ᠶᠢᠨ ᠬᠦᠮᠦᠰ ᠤᠨ ᠲᠦᠪᠯᠡᠷᠡᠨ ᠰᠠᠭᠤᠬᠤ ᠲᠤᠭᠤᠷᠢᠭ ᠲᠠᠢ ᠪᠦᠭᠡᠳ ᠵᠠᠬ᠎ᠠ | ᠳᠡᠯᠭᠡᠭᠦᠷ ᠲᠠᠢ ᠪᠠᠶᠢᠪᠠ᠃ ᠶᠤᠸᠠᠨ ᠤᠯᠤᠰ ᠤᠨ ︽ᠣᠨᠳᠤᠤ ᠬᠤᠲᠠ ᠶᠢᠨ ᠤᠶᠢᠯᠠᠯᠭ᠎ᠠ︾ ᠳᠤ ︽ᠲᠤᠰ ᠬᠤᠲᠠ ᠨᠢ | ᠰᠠᠮᠠᠷᠺᠠᠨᠳ᠋ ᠰᠢᠭ᠋ ᠲᠦᠢᠯ ᠤᠨ ᠪᠠᠶᠠᠨ᠂ ᠬᠤᠲᠠ ᠶᠢᠨ ᠲᠦᠯᠦᠪ ᠭᠡᠷ ᠪᠠᠷᠢᠯᠭ᠎ᠠ ᠨᠢ ᠪᠦᠷ ᠳᠤᠮᠳᠠᠳᠤ ᠤᠯᠤᠰ ᠲᠠᠢ | ᠠᠳᠠᠯᠢᠬᠠᠨ᠃ ᠪᠠᠶᠠᠨ ᠡᠯᠪᠡᠭ ᠨᠢ ᠳᠤᠮᠳᠠᠳᠤ ᠤᠯᠤᠰ ᠯᠤᠭ᠎ᠠ ᠲᠦᠰᠦᠭᠡᠲᠠᠢ᠂ ᠬᠤᠳᠠᠯᠳᠤᠭᠠᠴᠢᠳ ᠠᠳᠡ ᠢᠷᠡᠪᠡᠯ | ᠤᠯᠠᠩᠬᠢ ᠨᠢ ᠪᠤᠴᠠᠬᠤ ᠳᠤᠷ᠎ᠠ ᠦᠭᠡᠢ︾ ᠭᠡᠵᠤ ᠲᠡᠮᠳᠡᠭᠯᠡᠵᠤ ᠪᠤᠢ᠃ ᠰᠧᠷᠡᠢ ᠬᠤᠲᠠ ᠶᠢᠨ ᠬᠠᠭᠤᠴᠢᠨ | ᠪᠠᠭᠤᠷᠢ ᠠᠴᠠ ᠪᠠᠷᠠᠭᠤᠨᠲᠠᠢ ᠪᠠᠶᠢᠭ᠎ᠠ ᠨᠤᠸ᠋ᠭᠤᠷᠤᠳ᠋ ᠲᠤ ᠤᠳᠤ ᠪᠤᠯᠲᠠᠯ᠎ᠠ ︽ᠭᠢᠳᠠᠨ ᠲᠤᠭᠤᠷᠢᠭ ︵ᠳᠤᠮᠳᠠᠳᠤ ᠶᠢᠨ | ᠬᠤᠲᠠ︶︾ ᠬᠠᠳᠠᠭᠠᠯᠠᠭᠳᠠᠵᠤ ᠪᠠᠶᠢᠨ᠎ᠠ᠂ ᠮᠤᠰᠺᠸᠡ ᠳᠤ ᠪᠠᠰᠠ ︽ᠭᠢᠳᠠᠨ ᠵᠠᠭᠡᠯᠢ ︵ᠳᠤᠮᠳᠠᠳᠤ ᠶᠢᠨ ᠬᠤᠲᠠ︶︾ | ᠦᠯᠡᠳᠡᠭᠰᠡᠭᠡᠷ ᠪᠠᠶᠢᠨ᠎ᠠ᠃ | ᠭᠤᠷᠪᠠ᠂ ᠬᠠᠭᠤᠷᠠᠢ ᠵᠠᠮ ᠤᠨ ᠡᠮᠦᠨᠡᠳᠤ ᠱᠤᠭᠤᠮ | ᠪᠠᠷᠠᠭᠤᠨ ᠬᠡᠰᠡᠭ ᠤᠨ ᠦᠨᠳᠦᠰᠦᠨ ᠴᠢᠭᠯᠡᠰᠢ ᠨᠢ ᠬᠠᠨ ᠤᠯᠤᠰ ᠲᠠᠩ ᠤᠯᠤᠰ ᠤᠨ ᠦᠶ᠎ᠡ ᠶᠢᠨ ︽ᠲᠤᠷᠭᠠᠨ | ᠵᠠᠮ︾ ᠲᠠᠢ ᠠᠳᠠᠯᠢ᠃ ᠪᠠᠷᠠᠭᠤᠨ ᠦᠵᠦᠭᠦᠷ ᠨᠢ ᠫᠧᠷᠰ ᠪᠤᠯᠤᠩ ᠠᠴᠠ ᠣᠮᠠᠷᠠᠰᠢᠯᠡᠵᠤ᠂ ᠰᠤᠩᠭᠢᠨ᠎ᠠ ᠳᠠᠪᠠᠭ᠎ᠠ | ︵ᠫᠠᠮᠢᠷ ᠤᠨ ᠳᠠᠪᠠᠭ᠎ᠠ︶ ᠶᠢ ᠦᠩᠭᠡᠷᠡᠨ ᠺᠠᠱᠭᠠᠷ ᠲᠤ ᠬᠦᠷᠴᠤ᠂ ᠵᠡᠭᠦᠨᠰᠢ ᠳ᠋ᠦᠨᠬᠤᠸᠠᠩ᠂ ᠰᠦᠸᠧ ᠵᠸᠦ᠂ ᠭᠠᠨ | ᠵᠸᠤ ᠪᠠᠷ ᠦᠩᠭᠡᠷᠡᠨ ᠶᠣᠸᠠᠨ ᠤ ᠱᠠᠩᠳᠤ ᠪᠣᠯᠣᠠ ᠲᠠᠶᠢᠳᠤ ᠳᠤ ᠬᠦᠷᠦᠨ᠎ᠡ᠃ ᠮᠠᠷᠺᠦ ᠫᠤᠯᠤ ᠳᠠᠷᠦᠢ ᠡᠨᠡ ᠵᠠᠮ ᠢᠶᠠᠷ | ᠳᠤᠮᠳᠠᠳᠤ ᠤᠯᠤᠰ ᠲᠤ ᠢᠷᠡᠵᠠᠢ᠃ | ᠳᠦᠷᠪᠡ᠂ ᠳᠠᠯᠠᠢ ᠶᠢᠨ ᠵᠠᠮ | ᠶᠣᠸᠠᠨ ᠤᠯᠤᠰ ᠤᠨ ᠳᠠᠯᠠᠢ ᠳᠡᠭᠡᠷᠡᠬᠢ ᠵᠠᠮ ᠬᠠᠷᠢᠯᠴᠠᠭ᠎ᠠ ᠬᠢᠭᠡᠳ ᠭᠠᠳᠠᠭᠠᠳᠤ ᠲᠠᠢ ᠬᠤᠳᠠᠯᠳᠤᠭ᠎ᠠ ᠨᠡᠪᠲᠡᠷᠡᠬᠦ | ᠭᠠᠷᠠᠮ ᠮᠠᠰᠢ ᠬᠦᠭᠵᠢᠵᠠᠢ᠃ ᠶᠤᠸᠠᠨ ᠤᠯᠤᠰ ᠤᠨ ᠦᠶ᠎ᠡ ᠶᠢᠨ ᠭᠤᠤᠯ ᠪᠤᠯᠬᠤ ᠳᠠᠯᠠᠢ ᠶᠢᠨ ᠭᠠᠷᠠᠮ ᠨᠢ ᠴᠢᠤᠸ᠋ᠨᠨᠵᠸᠤ᠂ | ᠭᠤᠸ᠋ᠨᠩᠵᠸᠤ᠂ ᠴᠢᠩ ᠶᠤᠸᠠᠨ ︵ᠨᠢᠩᠪᠦ᠋ᠸᠧ︶᠂ ᠬᠠᠩᠵᠸᠤ᠂ ᠱᠠᠩᠬᠠᠢ᠂ ᠸᠧᠨᠵᠸᠤ ᠪᠤᠯᠤᠨ᠎ᠠ᠃ ᠳᠠᠯᠠᠢ ᠤᠨ | ᠠᠶᠠᠯᠠᠯ ᠤᠨ ᠱᠤᠭᠤᠮ ᠨᠢ ᠵᠠᠨᠴᠧᠩ ︵ᠣᠳᠤ ᠶᠢᠨ ᠸᠢᠶᠧᠳ᠋ᠨᠠᠮ ᠤᠨ ᠡᠮᠦᠨᠡᠳᠤ ᠬᠡᠰᠡᠭ︶᠂ ᠵᠡᠸ᠋ᠨ᠂ ᠵᠠᠭᠦᠨ | ᠠᠹᠷᠢᠺᠡ ᠶᠢᠨ ᠡᠯ᠎ᠡ ᠭᠠᠵᠠᠷ᠂ ᠤᠮᠠᠷᠠᠳᠤ ᠠᠹᠷᠢᠺᠡ ᠪᠤᠯᠤᠨ᠎ᠠ᠂ ᠲᠡᠨᠳᠡ ᠠᠴᠠ ᠬᠠᠭᠤᠷᠠᠢ ᠵᠠᠮ ᠢ ᠰᠤᠯᠢᠭᠠᠳ | ᠭᠠᠵᠠᠷ ᠤᠨ ᠳᠤᠮᠳᠠᠳᠤ ᠲᠠᠩᠭᠢᠰ ᠬᠦᠷᠳᠡᠭ᠃ ᠮᠠᠷᠺᠦ ᠫᠤᠯᠤ ᠡᠸᠦ᠋ᠷᠦᠫᠡ ᠲᠢᠪ ᠲᠤ ᠪᠤᠴᠠᠬᠤ ᠳᠠᠭᠠᠨ ᠳᠠᠯᠠᠢ ᠶᠢᠨ | ᠵᠠᠮ ᠢᠶᠠᠷ ᠶᠠᠪᠤᠵᠠᠢ᠂ ᠴᠢᠦᠸ᠋ᠨᠨᠵᠸᠤ ᠠᠴᠠ ᠮᠣᠷᠳᠠᠨ᠂ ᠵᠠᠨᠴᠧᠩ᠂ ᠠᠷᠮᠧᠨᠢᠶ᠎ᠠ᠂ ᠺᠦᠨ᠋ᠰᠲ᠋ᠠᠨᠲ᠋ᠢᠨᠪᠤᠯ ︵ᠣᠳᠣ ᠶᠢᠨ | ᠢᠰᠲ᠋ᠠᠠᠪᠤᠯ︶ ᠢᠶᠠᠷ ᠳᠠᠮᠵᠢᠨ ᠸᠧᠨᠧᠼᠢᠶ᠎ᠠ ᠳᠤ ᠬᠦᠷᠴᠠᠢ᠃ ᠮᠠᠰᠢ ᠤᠯᠠᠨ ᠠᠷᠠᠪ ᠬᠦᠮᠦᠨ ᠠᠷᠠᠯᠵᠢᠶ᠎ᠠ ᠬᠢᠬᠦ ᠳᠡᠭᠡᠨ | ᠬᠠᠭᠤᠷᠠᠢ ᠵᠠᠮ ᠠᠴᠠ ᠳᠠᠯᠠᠢ ᠶᠢᠨ ᠵᠠᠮ ᠰᠤᠯᠢᠵᠤ᠂ ᠫᠧᠷᠰ ᠪᠤᠯᠦᠩ ᠠᠴᠠ ᠡᠨᠡᠳᠭᠡᠭ ᠢᠶᠠᠷ ᠳᠠᠮᠵᠢᠨ ᠭᠤᠸ᠋ᠨᠩᠵᠸᠤ ᠳᠤ | ᠢᠷᠡᠳᠡᠭ᠃ | ᠲᠠᠪᠤ᠂ ᠵᠡᠭᠦᠨ ᠬᠤᠶᠢᠳᠤ ᠱᠣᠭᠤᠮ | ᠪᠠᠶᠢᠭᠠᠯ ᠨᠠᠭᠤᠷ ᠠᠴᠠ ᠵᠡᠭᠦᠨᠰᠢ᠂ ᠭᠠᠳᠠᠭᠠᠳᠤ ᠬᠢᠩᠭᠠᠨ ᠳᠠᠪᠠᠭ᠎ᠠ ᠠᠴᠠ ᠺᠦᠶᠧ ᠠᠷᠠᠯ ︵ᠰᠠᠬᠠᠯᠢᠨ ᠠᠷᠠᠯ︶ | ᠬᠦᠷᠲᠡᠯᠡᠬᠢ ᠦᠷᠭᠡᠨ ᠠᠭᠤᠳᠠᠮ ᠭᠠᠵᠠᠷ ᠣᠷᠣᠨ ᠪᠤᠯ ᠡᠸᠦ᠋ᠷᠦᠫᠡ ᠠᠽᠢᠶ᠎ᠠ ᠶᠢᠨ ᠲᠠᠯ᠎ᠠ ᠨᠤᠳᠤᠭ ᠤᠨ ᠨᠡᠪᠲᠡᠷᠡᠯ | ᠵᠠᠮ ᠤᠨ ᠦᠷᠭᠦᠯᠵᠢᠯᠡᠭᠰᠡᠨ ᠵᠡᠭᠦᠨ ᠦᠵᠦᠭᠦᠷ ᠨᠢ ᠪᠤᠯᠤᠨ᠎ᠠ᠃ ᠶᠣᠸᠠᠨ ᠤᠯᠤᠰ ᠤᠨ ᠦᠶ᠎ᠡ ᠳᠤ ᠠᠳᠡ ᠣᠰᠣᠨ | ᠲᠠᠲ᠋ᠠᠷ᠂ ᠵᠦᠷᠴᠢᠨ ᠵᠡᠷᠭᠡ ᠤᠯᠠᠨ ᠠᠶᠢᠮᠠᠭ ᠰᠠᠭᠤᠷᠢᠰᠢᠵᠤ ᠪᠠᠶᠢᠪᠠ᠃ ᠶᠡᠷᠦᠩᠬᠡᠢ ᠳᠤᠨᠢ ︽ᠤᠢ ᠶᠢᠨ ᠢᠷᠡᠭᠡᠳ︾ | ᠭᠡᠳᠡᠭ᠃ 1235 ᠤᠨ ᠠᠴᠠ ᠬᠤᠶᠢᠨ᠎ᠠ ᠮᠤᠩᠭᠤᠯ ᠶᠣᠸᠠᠨ ᠬᠠᠷᠠᠮᠦ᠋ᠷᠡᠨ ᠤ ᠳᠡᠭᠡᠳᠤ ᠤᠷᠤᠰᠬᠠᠯ ᠤᠷᠴᠢᠮ ᠢᠶᠠᠷ | ᠶᠤᠸᠠᠨ ᠤ ᠵᠠᠮ᠂ ᠾᠧ ᠨᠢᠩ ᠵᠠᠮ᠂ ᠾᠧ ᠯᠠᠨ ᠤᠷᠳᠤᠨ ᠢ ᠪᠠᠶᠢᠭᠤᠯᠵᠤ ᠬᠠᠮᠢᠶᠠᠷᠴᠤ ᠪᠠᠶᠢᠵᠠᠢ᠃ ᠲᠡᠤᠬᠡᠨ ᠳᠡᠭᠡᠷ᠎ᠡ | ᠬᠠᠮᠤᠭ ᠤᠨ ︽ᠠᠲᠠᠷ ᠵᠡᠯᠢᠭᠦᠳ︾ ᠭᠡᠭᠳᠡᠭᠰᠡᠨ ᠡᠨᠡ ᠶᠡᠭᠡ ᠭᠠᠵᠠᠷ ᠤᠷᠤᠨ ᠨᠢ ᠶᠣᠸᠠᠨ ᠤᠯᠤᠰ ᠤᠨ ᠦᠶ᠎ᠡ ᠳᠤ | ᠳᠤᠮᠳᠠᠳᠤ ᠤᠷᠤᠨ ᠤ ᠬᠠᠭᠠᠠᠳᠣ ᠲᠦᠷᠦ ᠲᠠᠢ ᠭᠤᠷᠪᠠᠨ ᠵᠤᠷᠪᠤᠰ ᠵᠠᠮ ᠢᠶᠠᠷ ᠰᠢᠭᠤᠳ ᠨᠡᠪᠲᠡᠷᠡᠯᠴᠡᠵᠤ ᠪᠠᠶᠢᠪᠠ᠃ | ᠨᠢᠭᠡ ᠳᠤ᠂ ᠶᠡᠭᠡ ᠬᠢᠩᠭᠠᠨ ᠳᠠᠪᠠᠭᠠᠨ ᠤ ᠪᠠᠷᠠᠭᠤᠨ ᠲᠠᠯ᠎ᠠ ᠶᠢ ᠳᠠᠭᠠᠭᠰᠠᠨ ᠤᠯᠠᠭ᠎ᠠ ᠶᠢᠨ ᠵᠠᠮ ᠱᠤᠭᠤᠮ ᠢᠶᠠᠷ | ᠱᠠᠩᠳᠤ ᠬᠢᠭᠡᠳ ᠲᠠᠶᠢᠳᠤ ᠳᠤ ᠨᠡᠪᠲᠡᠷᠡᠨ᠎ᠠ᠃ | ᠬᠤᠶᠠᠷ ᠲᠤ᠂ ᠯᠢᠶᠤᠤᠶᠠᠩ ᠵᠠᠬᠢᠷᠭᠠᠨ ᠤ ᠵᠠᠮ ᠲᠠᠭᠠᠤ ᠤᠮᠠᠷᠠᠰᠢᠯᠠᠵᠤ᠂ ᠲᠡᠰᠭᠢᠮ᠎ᠡ ᠬᠦᠢᠲᠡᠨ ᠤᠷᠤᠨ ᠳᠤ | ᠤᠷᠤᠭᠰᠠᠨ ᠤ ᠳᠠᠷᠠᠭ᠎ᠠ ︽ᠨᠤᠬᠠᠢ ᠶᠢᠨ ᠵᠠᠮ︾ ︵ᠴᠢᠷᠭ᠎ᠠ︶ ᠢ ᠰᠣᠯᠢᠵᠤ ᠨᠤᠷᠭᠠᠨ ︵ᠣᠳᠣ ᠶᠢᠨ ᠺᠦ᠋ᠶᠧ ᠠᠷᠠᠯ︶ | ᠵᠡᠷᠭᠡ ᠭᠠᠵᠠᠷ ᠲᠤ ᠬᠦᠷᠦᠨ᠎ᠡ᠃ | ᠭᠤᠷᠪᠠ ᠳᠤ᠂ ᠳᠠᠯᠠᠢ ᠶᠢᠨ ᠵᠠᠮ ᠢᠶᠠᠷ ᠳᠤᠷᠤᠨᠠᠳᠤ ᠲᠠᠩᠭᠢᠰ ᠢᠶᠠᠷ ᠳᠠᠮᠵᠢᠨ ᠤᠮᠠᠷᠠᠰᠢᠯᠠᠵᠤ ᠶᠠᠫᠦᠨ ᠲᠠᠩᠭᠢᠰ | ᠳᠡᠭᠡᠷ᠎ᠡ ᠭᠠᠷᠤᠭᠠᠳ ᠺᠦ᠋ᠶᠧ ᠠᠷᠠᠯ ᠬᠢᠭᠡᠳ ᠣᠬᠤᠼᠺ ᠲᠠᠩᠭᠢᠰ ᠤᠨ ᠪᠠᠷᠠᠭᠤᠨ ᠡᠷᠭᠢ ᠬᠦᠷᠦᠨ᠎ᠡ᠃ ᠵᠠᠭᠦᠨ ᠬᠤᠶᠢᠳᠤ | ᠱᠭᠤᠮ ᠤᠨ ᠨᠡᠪᠲᠡᠷᠡᠭᠰᠡᠨ ᠨᠢ ᠨᠤᠮᠤᠬᠠᠨ ᠳᠠᠯᠠᠢ ᠶᠢᠨ ᠪᠠᠷᠠᠭᠤᠨ ᠬᠤᠶᠢᠳᠤ ᠬᠦᠪᠡᠭᠡᠨ ᠳᠠᠬᠢ ᠵᠡᠭᠦᠨ ᠬᠤᠶᠢᠳᠤ | ᠠᠽᠢᠶ᠎ᠠ ᠶᠢᠨ ᠤᠷᠤᠨ ᠢ ᠳᠤᠮᠳᠠᠳᠤ ᠤᠷᠤᠨ ᠤ ᠬᠠᠭᠠᠠᠳᠣ ᠲᠦᠷᠦ ᠲᠠᠢ ᠰᠢᠭᠤᠳ ᠠᠷᠠᠯᠵᠢᠶᠠᠨ ᠤ ᠬᠠᠷᠢᠴᠠᠭ᠎ᠠ ᠲᠠᠢ | ᠪᠤᠯᠭᠠᠵᠤ ᠵᠠᠭᠦᠨ ᠬᠤᠶᠢᠳᠤ ᠬᠢᠵᠠᠭᠠᠷ ᠣᠷᠤᠨ ᠢ ᠦᠷᠭᠡᠳᠭᠡᠵᠡᠢ᠃ |