ᠨᠢᠭᠡ᠂ ᠮᠣᠩᠭᠤᠯ ᠢ ᠲᠦᠷᠦᠭᠦᠯᠦᠭᠰᠡᠨ ᠭᠤᠸ᠎ᠠ ᠮᠠᠷᠠᠯ | ᠮᠠᠷᠠᠯ ᠭᠤᠸ᠎ᠠ ᠪᠣᠯ ᠮᠣᠩᠭᠤᠯᠴᠣᠳ ᠢ ᠲᠦᠷᠦᠭᠦᠯᠦᠭᠰᠡᠨ ᠪᠤᠭᠳᠠ ᠡᠮᠡᠭᠡ ᠪᠤᠯᠤᠨ᠎ᠠ᠃ ᠮᠠᠷᠠᠯ ᠭᠤᠸ᠎ᠠ ᠪᠤᠯ | ᠮᠣᠩᠭᠤᠯᠴᠣᠳ ᠤᠨ ᠢᠵᠠᠭᠤᠷ ᠡᠪᠦᠭᠡ ᠪᠦᠷᠳᠡ ᠴᠢᠨᠸ᠎ᠠ ᠶᠢᠨ ᠬᠠᠳᠣᠨ᠃ ᠠᠶᠢᠮᠠᠭ ᠣᠭᠰᠠᠭ᠎ᠠ ᠮᠦᠬᠦᠵᠤ ᠰᠦᠨᠦᠬᠦ | ᠶᠡᠷᠦ ᠪᠤᠰᠤ ᠶᠢᠨ ᠴᠠᠭᠦᠶ᠎ᠡ ᠳᠤ ᠲᠡᠷᠡ ᠪᠦᠷᠳᠡ ᠴᠢᠨ᠋ᠸ᠎ᠠ ᠲᠠᠢ ᠬᠤᠷᠢᠮᠯᠠᠵᠤ᠂ ᠲᠠᠯ᠎ᠠ ᠨᠤᠳᠤᠭ ᠲᠡᠭᠡᠷ᠎ᠡ ᠮᠣᠩᠭᠤᠯ ᠬᠦᠬᠡ | ᠲᠤᠭ ᠢ ᠡᠷᠭᠦᠨ ᠡᠪᠦᠭᠡ ᠲᠡᠭᠡᠳᠣᠰ ᠤᠨ ᠢᠶᠠᠨ ᠠᠯᠳᠠᠭᠰᠠᠨ ᠲᠦᠷᠦ ᠭᠦᠷᠦᠨ ᠢ ᠪᠣᠴᠠᠭᠠᠨ ᠪᠠᠶᠢᠭᠤᠯᠬᠤ ᠳᠤ ᠭᠤᠸ᠎ᠠ | ᠮᠠᠷᠠᠯ ᠬᠠᠳᠣᠨ ᠲᠦᠢᠯ ᠤᠨ ᠶᠡᠭᠡ ᠦᠢᠯᠡᠳᠦᠯ ᠦᠵᠡᠭᠦᠯᠦᠭᠰᠡᠨ ᠶᠤᠮ᠃ | ᠬᠤᠶᠠᠷ᠂ ᠰᠢᠳᠦᠭᠡᠨ ᠡᠬᠡ ᠠᠯᠤᠨ ᠭᠤᠸ᠎ᠠ | ᠠᠯᠤᠨ ᠭᠤᠸ᠎ᠠ ᠡᠬᠡ ᠪᠤᠯ ᠮᠣᠩᠭᠤᠯᠴᠣᠳ ᠤᠨ ᠲᠡᠭᠡᠳᠤ ︿︿ᠰᠢᠳᠦᠭᠡᠨ ᠡᠬᠡ﹀﹀ ᠪᠤᠯᠤᠨ᠎ᠠ᠃ ᠲᠡᠭᠦᠨ ᠤ ︿ | ︿ᠲᠠᠪᠤᠨ ᠮᠦᠰᠦ ᠶᠢᠨ ᠰᠣᠷᠭᠠᠯ﹀﹀ ᠨᠢ ᠮᠢᠩᠭ᠎ᠠ ᠭᠠᠷᠦᠢ ᠵᠢᠯ ᠤᠨ ᠲᠣᠷᠰᠢ ᠮᠣᠩᠭᠤᠯᠴᠣᠳ ᠢ ᠨᠦᠯᠦᠭᠡᠯᠡᠨ᠂ | ᠣᠬᠠᠭᠠᠨ ᠤ ᠨᠠᠷᠠ᠂ ᠡᠪ ᠤᠨ ᠬᠦᠴᠦᠨ ᠪᠤᠯᠵᠤ ᠰᠢᠳᠦᠭᠳᠡᠨ ᠲᠡᠭᠡᠳᠦᠯᠡᠭᠳᠡᠭᠰᠡᠭᠡᠷ ᠢᠷᠡᠭᠰᠡᠨ ᠲᠡᠳᠦᠢ ᠦᠭᠡᠢ ᠣᠳᠣᠬᠢ | ᠮᠣᠩᠭᠤᠯᠴᠣᠳ ᠤᠨ ᠲᠣᠳᠣᠷ᠎ᠠ ᠦᠷᠭᠡᠨ ᠵᠠᠢ ᠠᠪᠴᠤ᠂ ᠬᠡᠤᠬᠡᠳ ᠪᠠᠭᠠᠴᠣᠳ ᠤᠨ ᠬᠦᠮᠦᠵᠢᠯ ᠤᠨ ᠴᠢᠬᠤᠯᠠ | ᠰᠣᠷᠭᠠᠨ ᠪᠤᠯᠤᠨ ᠭᠡᠭᠡᠷᠡᠭᠦᠯᠵᠤ ᠪᠤᠢ᠃ ᠠᠯᠤᠨ ᠭᠤᠸ᠎ᠠ ᠪᠤᠯ ᠬᠤᠷᠢ ᠲᠦᠮᠡᠳ ᠤᠨ ᠠᠷᠢᠭ ᠤᠰᠣᠨ ᠭᠡᠮᠡᠬᠦ ᠭᠠᠵᠠᠷ | ᠮᠡᠨᠳᠦᠯᠡᠵᠣ᠂ ᠪᠠᠷᠤᠭ ᠤᠨ ᠲᠤᠭᠠᠯᠠᠯ ᠠᠴᠠ ᠡᠮᠦᠨ᠎ᠡ 220 ᠤᠨ ᠤ ᠣᠷᠴᠢᠮ ᠠᠮᠢᠳᠣᠷᠠᠵᠤ ᠪᠠᠶᠢᠪᠠ᠃ | ᠭᠤᠷᠪᠠ᠂ ᠨᠤᠮᠤᠯᠤᠨ ᠲᠠᠷᠬᠠᠨ ᠬᠠᠳᠣᠨ | ᠨᠤᠮᠤᠯᠤᠨ ᠲᠠᠷᠬᠠᠨ ᠬᠠᠳᠣᠨ ᠪᠣᠯ ᠮᠣᠩᠭᠤᠯ ᠤᠨ ᠡᠷᠳᠡᠨ ᠤ ᠲᠡᠤᠬᠡᠨ ᠳᠤ ᠠᠯᠤᠨ ᠭᠤᠸ᠎ᠠ ᠡᠬᠡ ᠶᠢᠨ | ᠲᠠᠷᠠᠭᠠᠪᠠᠷ ᠨᠡᠷ᠎ᠡ ᠮᠠᠨᠳᠣᠭᠰᠡᠨ ᠪᠠᠰᠠ ᠨᠢᠭᠡ ᠠᠯᠳᠠᠷᠳᠠᠢ ᠡᠬᠡ ᠪᠤᠯᠤᠨ᠎ᠠ᠂᠃ ᠨᠤᠮᠤᠯᠤᠨ ᠬᠠᠳᠣᠨ ᠪᠤᠯ ᠴᠢᠩᠭᠢᠰ ᠤᠨ | ᠬᠠᠭᠠᠨ ᠠᠴᠠ ᠲᠡᠭᠡᠭᠰᠢᠬᠢ ᠲᠤᠯᠤᠳᠣᠭᠠᠷ ᠦᠶ᠎ᠡ ᠡᠯᠦᠨᠴᠡ ᠬᠠᠴᠢᠭᠦ᠋ᠯᠦᠭ ᠤᠨ ᠬᠠᠳᠣᠨ᠂ ᠬᠠᠶᠢᠳᠣ ᠬᠠᠭᠠᠨ ᠤ ᠡᠬᠡ | ᠪᠣᠯᠤᠨ᠎ᠠ᠃ ᠲᠡᠷᠡ ᠪᠠᠷ ︿︿ᠦᠡᠭᠡᠨ ᠬᠡᠰᠢᠭ ᠲᠠᠢ᠂ ᠠᠭᠤᠵᠢᠭᠤ ᠰᠡᠳᠬᠢᠯ ᠲᠠᠢ᠂ ᠰᠠᠶᠢᠬᠠᠨ ᠠᠭᠠᠯᠢ ᠲᠠᠢ᠂ ᠭᠦᠨ | ᠤᠬᠠᠭᠠᠨ ᠲᠠᠢ᠂ ᠲᠠᠶᠢᠪᠤᠩ ᠲᠡᠰᠪᠤᠷᠢ ᠲᠠᠢ᠂ ᠴᠢᠳᠠᠪᠣᠷᠢᠯᠢᠭ ᠡᠮᠡᠭᠳᠡᠢ ᠡᠮᠡᠭᠳᠡᠢ ᠪᠠᠶᠢᠵᠤ᠂ ᠲᠦᠪ ᠭᠤᠣᠯᠴᠢ ᠪᠠᠷ | ᠲᠦᠮᠡᠨ ᠲᠦᠪᠯᠡᠵᠤ᠂ ᠮᠣᠩᠭᠤᠯ ᠣᠭᠰᠠᠭᠠᠳᠠᠨ ᠳᠠᠭᠠᠨ ᠬᠠᠭᠠᠨ ᠰᠠᠭᠤᠵᠤ﹀﹀ ᠪᠠᠶᠢᠭᠰᠠᠨ ᠶᠤᠮ᠃ | ᠲᠦᠷᠪᠡ᠂ ᠨᠠᠷᠠᠨ ᠬᠠᠭᠠᠨ ᠦᠭᠡᠯᠦᠨ ᠦᠵᠢᠨ | ᠦᠭᠡᠯᠦᠨ ᠦᠵᠢᠨ ᠪᠤᠯ ᠡᠷᠳᠡᠨ ᠤ ᠮᠣᠩᠭᠤᠯ ᠤᠨ ᠲᠡᠤᠬᠡᠨ ᠳᠠᠬᠢ ︿︿ᠭᠤᠷᠪᠠᠨ ᠠᠭᠤᠤ ᠡᠬᠡ﹀﹀ ᠶᠢᠨ | ᠨᠢᠭᠡ ᠪᠤᠯᠤᠨ᠎ᠠ᠃ ᠠᠯᠤᠨ ᠭᠤᠸ᠎ᠠ ᠡᠬᠡ ︿︿ᠲᠠᠪᠤᠨ ᠮᠦᠰᠦ ᠶᠢᠨ ᠰᠣᠷᠭᠠᠯ﹀﹀ ᠢᠶᠠᠷ ᠡᠪ ᠤᠨ ᠬᠦᠴᠦᠨ ᠢ | ᠢᠪᠡᠭᠡᠭᠰᠡᠨ ᠪᠤᠯ᠂ ᠮᠠᠨᠳᠣᠬᠠᠢ ᠰᠡᠴᠡᠨ ᠬᠠᠳᠣᠨ ᠪᠣᠳᠠᠷᠠᠭᠰᠠᠨ ᠣᠯᠠᠨ ᠠᠶᠢᠮᠠᠭ ᠤᠳ ᠢ ᠨᠢᠭᠡᠨ ᠵᠢᠯᠣᠭᠤᠨ ᠳᠤ | ᠬᠤᠷᠢᠶᠠᠨ ᠮᠣᠩᠭᠤᠯ ᠤᠨ ᠨᠡᠶᠢᠭᠡᠮ ᠤᠨ ᠪᠠᠰᠠ ᠨᠢᠭᠡ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠦᠭᠰᠡᠨ ᠢᠶᠠᠷ | ᠮᠣᠩᠭᠤᠯᠴᠣᠳ ᠲᠤ ᠰᠢᠳᠦᠭᠳᠡᠨ ᠠᠯᠳᠠᠷᠰᠢᠪᠠ᠃ ᠦᠭᠡᠯᠦᠨ ᠦᠵᠢᠨ ᠡᠬᠡ ᠡᠶᠢᠮᠦᠷᠬᠦ ᠣᠨᠴᠠᠯᠢᠭ ᠢ ᠪᠡᠶ᠎ᠡ ᠳᠤ ᠪᠠᠨ | ᠠᠭᠤᠰᠬᠠᠨ ᠪᠦᠷᠢᠯᠳᠦᠭᠦᠯᠵᠤ᠂ ᠬᠠᠳᠠᠭᠤ ᠰᠣᠷᠭᠠᠯ᠂ ᠮᠡᠷᠭᠡᠨ ᠣᠬᠠᠭᠠᠨ᠂ ᠡᠷᠡᠮᠡᠬᠡᠢ ᠵᠤᠷᠢᠭ ᠢᠶᠠᠷ ᠦᠨᠦᠴᠢᠨ | ᠬᠡᠤᠬᠡᠳ ᠢᠶᠠᠨ ᠦᠰᠭᠡᠨ᠂ ᠡᠷ᠎ᠡ ᠶᠢᠨ ᠵᠡᠷᠭᠡ ᠳᠤ ᠬᠦᠷᠭᠡᠵᠤ᠂ ᠶᠢᠷᠳᠢᠨᠴᠤ ᠶᠢᠨ ᠮᠠᠩᠯᠠᠢ ᠪᠤᠯᠭᠠᠭᠰᠠᠨ ᠠᠭᠤᠤ ᠡᠬᠡ | ᠪᠣᠯᠬᠤ ᠶᠤᠮ᠃ ᠲᠠᠷᠦᠢ ᠨᠢᠭᠡᠨ ᠦᠶ᠎ᠡ ᠶᠢᠨ ᠲᠡᠭᠷᠢᠯᠢᠭ ᠬᠦᠪᠡᠭᠦᠨ᠂ ᠮᠢᠩᠭᠠᠨ ᠣᠨ ᠤ ᠠᠯᠳᠠᠷᠳᠣ ᠬᠦᠮᠦᠨ — | ᠬᠦᠮᠦᠨ ᠲᠦᠷᠦᠯᠬᠢᠳᠡᠨ ᠤ ᠴᠠᠭ ᠦᠶ᠎ᠡ ᠶᠢ ᠵᠠᠭᠠᠭᠯᠠᠭᠰᠠᠨ ᠠᠯᠳᠠᠨ ᠤᠷᠭᠢᠯ ᠢ ᠡᠭᠦᠳᠦᠨ᠂ ᠦᠩᠭᠡᠷᠡᠭᠰᠡᠨ ᠤ ᠬᠦᠮᠦᠰ | ᠤᠨ ᠪᠡᠶᠡᠯᠡᠭᠦᠯᠵᠤ ᠲᠡᠶᠢᠯᠦᠭᠰᠡᠨ ᠦᠭᠡᠢ ᠪᠤᠶᠤ ᠢᠷᠡᠭᠡᠳᠦᠢ ᠶᠢᠨ ᠬᠦᠮᠦᠰ ᠤᠨ ᠪᠡᠶᠡᠯᠡᠭᠦᠯᠵᠤ ᠲᠡᠶᠢᠯᠦᠰᠢ ᠦᠭᠡᠢ | ᠠᠭᠤᠤ ᠦᠢᠯᠡᠰ ᠢ ᠪᠦᠲᠦᠭᠡᠭᠰᠡᠨ ᠠᠭᠤᠣ ᠶᠡᠭᠡ ᠤᠯᠤᠰ ᠲᠦᠷᠦᠴᠢᠨ᠂ ᠠᠭᠤᠤ ᠶᠡᠭᠡ ᠴᠡᠷᠢᠭ ᠲᠠᠶᠢᠨ ᠤ | ᠪᠤᠳᠤᠯᠭᠠᠳᠠᠨ᠂ ᠠᠭᠤᠤ ᠶᠡᠭᠡ ᠨᠡᠶᠢᠭᠡᠮ ᠵᠢᠳᠬᠦᠯᠳᠡᠨ᠂ ᠲᠡᠯᠡᠬᠡᠢ ᠶᠢᠨ ᠲᠡᠤᠬᠡ ᠶᠢ ᠰᠢᠨ᠎ᠡ ᠪᠠᠷ ᠡᠮᠬᠢᠯᠡᠨ | ᠲᠤᠭᠳᠠᠭᠠᠭᠰᠠᠨ ᠲᠠᠯᠠᠢ ᠶᠡᠭᠡ ᠴᠢᠩᠭᠢᠰ ᠶᠢ ᠪᠤᠭᠳᠠ ᠲᠦᠷᠦᠭᠦᠯᠦᠨ ᠦᠰᠭᠡᠭᠰᠡᠨ ᠨᠠᠷᠠᠨ ᠬᠠᠭᠠᠨ ᠡᠬᠡ ᠪᠤᠯᠤᠨ᠎ᠠ᠃ | ᠦᠭᠡᠯᠦᠨ ᠦᠵᠢᠨ ᠪᠤᠯ ᠶᠢᠰᠦᠬᠡᠢ ᠪᠠᠭᠠᠳᠣᠷ ᠤᠨ ᠬᠠᠳᠣᠨ ᠶᠤᠮ᠃ ᠲᠡᠷᠡ ᠪᠤᠯ ᠬᠤᠩᠭᠢᠷᠠᠳ ᠠᠶᠢᠮᠠᠭ ᠤᠨ ᠰᠠᠯᠪᠤᠷᠢ | ᠪᠤᠯᠬᠤ ᠤᠯᠬᠤᠨᠤᠳ ᠤᠪᠤᠭᠳᠠᠨ ᠤ ᠬᠦᠮᠦᠨ ᠪᠤᠯᠬᠤ ᠶᠤᠮ᠃ | ᠲᠠᠪᠤ᠂ ᠡᠰᠢ ᠬᠠᠳᠣᠨ ᠪᠦᠷᠳᠡ | ᠪᠦᠷᠳᠡ ︵ᠪᠦᠷᠳᠡᠭᠡᠯᠵᠢᠨ︶ ᠬᠠᠳᠣᠨ ᠪᠤᠯ ᠴᠢᠩᠭᠢᠰ ᠬᠠᠭᠠᠨ ᠤ ᠭᠤᠣᠯ ᠬᠠᠳᠣᠨ᠂ ᠮᠣᠩᠭᠤᠯ ᠬᠠᠭᠠᠨᠳᠣ | ᠣᠯᠤᠰ ᠤᠨ ᠲᠦᠷᠦ ᠶᠢᠨ ᠨᠢᠭᠡᠳᠦᠭᠡᠷ ᠬᠠᠳᠣᠨ ᠪᠤᠯᠤᠨ᠎ᠠ᠃ ᠲᠡᠷᠡ ᠲᠡᠮᠦᠵᠢᠨ ᠤ ᠬᠠᠮᠤᠭ ᠤᠨ ᠭᠠᠴᠢᠭ | ᠵᠦᠳᠡᠭᠦᠷᠢ ᠲᠠᠢ ᠦᠶ᠎ᠡ ᠳᠤ ᠬᠠᠶᠢᠷ᠎ᠠ ᠪᠠᠨ ᠦᠭᠴᠤ ᠲᠡᠭᠦᠨ ᠲᠠᠢ ᠬᠤᠷᠢᠮᠯᠠᠨ᠂ ᠴᠢᠩᠭᠢᠰ ᠬᠠᠭᠠᠨ ᠤ ᠰᠠᠶᠢᠨ ᠬᠠᠨᠢ᠂ | ᠮᠡᠷᠭᠡᠨ ᠵᠦᠪᠯᠡᠭᠴᠢ᠂ ᠲᠦᠷᠦ ᠤᠯᠤᠰ ᠤᠨ ᠬᠢᠨᠢ ᠨᠠᠶᠢᠳᠠᠪᠤᠷᠢᠳᠠᠢ ᠲᠦᠰᠢᠭ᠂ ᠲᠦᠷᠪᠡᠨ ᠬᠠᠭᠠᠨ ᠬᠦᠪᠡᠭᠦᠨ ᠤ ᠬᠢᠨᠢ | ᠠᠭᠤᠤ ᠰᠣᠳᠤᠨ ᠡᠬᠡ ᠪᠤᠯᠤᠭᠰᠠᠨ ᠶᠤᠮ᠃ ᠲᠡᠷᠡ ᠵᠢᠰᠣ ᠭᠠᠯᠪᠢᠷ ᠭᠡᠭᠡᠨᠴᠢᠷ ᠦᠵᠡᠰᠭᠦᠯᠡᠩ᠂ ᠮᠦᠷᠳᠡᠭᠡᠨ ᠤᠬᠠᠭᠠᠨ | ᠪᠤᠳᠤᠯ᠂ ᠵᠤᠷᠢᠭ ᠰᠠᠮᠪᠠᠭ᠎ᠠ᠂ ᠦᠷᠦᠰᠢᠶᠡᠯ [ ᠪᠠᠭᠳᠠᠭᠠᠮᠵᠢ ᠵᠡᠷᠭᠡ ᠪᠦᠬᠦ ᠲᠠᠯ᠎ᠠ ᠪᠠᠷ ᠮᠣᠩᠭᠤᠯ ᠡᠮᠡᠭᠳᠡᠶᠢᠴᠣᠳ ᠤᠨ | ᠮᠠᠩᠯᠠᠢ ᠪᠤᠯᠵᠤ ᠴᠤᠯᠭᠤᠷᠠᠭᠰᠠᠨ ᠲᠤᠯᠠ ᠲᠦᠷᠦ ᠲᠦᠮᠡᠨ ᠳᠤ ᠪᠠᠨ ᠠᠰᠠᠷᠤ ᠶᠡᠭᠡ ᠬᠦᠨᠳᠣᠳᠬᠡᠯ ᠲᠠᠢ ᠪᠠᠶᠢᠵᠤ᠂ | ᠲᠡᠯᠡᠬᠡᠢ ᠶᠢᠨ ᠲᠡᠤᠬᠡᠨ ᠳᠤ ᠴᠦ ᠠᠯᠳᠠᠷ ᠢᠶᠠᠨ ᠮᠦᠩᠬᠡᠯᠡᠭᠰᠡᠨ ᠰᠣᠳᠣᠨ ᠡᠮᠡᠭᠳᠡᠢ ᠶᠤᠮ᠃ ᠪᠦᠷᠳᠡ ᠬᠠᠳᠣᠨ ᠠᠴᠠ | ᠵᠦᠴᠢ᠂ ᠴᠠᠭᠠᠳᠠᠢ᠂ ᠦᠭᠡᠳᠡᠢ᠂ ᠲᠤᠯᠢ ᠭᠡᠬᠦ ᠲᠦᠷᠪᠡᠨ ᠬᠠᠭᠠᠨ ᠬᠦᠪᠡᠭᠦᠨ ᠪᠠ ᠬᠤᠵᠢᠨ ᠪᠠᠬᠢ᠂ ᠴᠡᠴᠡᠶᠢᠬᠡᠨ ᠪᠠᠬᠢ | ᠂ ᠠᠯᠠᠭ᠎ᠠ ᠪᠠᠬᠢ᠂ ᠲᠡᠮᠡᠤᠯᠤᠨ ︵ᠲᠦᠮᠡᠯᠤᠨ︶ ᠠᠯᠳᠣᠯᠣᠬᠠᠨ ᠭᠡᠬᠦ ᠲᠠᠪᠤᠨ ᠦᠬᠢᠨ ᠵᠠᠶᠠᠭᠠᠵᠡᠢ᠃ ᠲᠦᠷᠪᠡᠨ | ᠬᠦᠪᠡᠭᠦᠨ ᠨᠢ ᠲᠦᠷᠪᠡᠨ ᠬᠠᠭᠠᠨᠳᠣ ᠤᠯᠤᠰ ᠤᠨ ᠡᠵᠡᠨ ᠪᠤᠯᠵᠤ᠂ ᠬᠡᠳᠣᠨ ᠵᠠᠭᠤᠨ ᠵᠢᠯ ᠤᠨ ᠲᠣᠷᠰᠢ ᠲᠡᠯᠡᠬᠡᠢ | ᠳ᠋ᠠᠬᠢᠨ ᠢ ᠭᠠᠶᠢᠬᠠᠭᠤᠯᠵᠤ ᠪᠠᠶᠢᠭᠰᠡᠨ ᠶᠤᠮ᠃ ᠲᠡᠭᠦᠨ ᠤ ᠦᠬᠢᠳ ᠨᠢ ᠴᠦ ᠰᠡᠴᠡᠨ ᠰᠡᠷᠭᠦᠯᠡᠩ ᠮᠦᠷᠳᠡᠭᠡᠨ ᠣᠯᠤᠰ | ᠲᠦᠷᠦ ᠶᠢᠨ ᠠᠯᠣᠰ ᠤᠨ ᠬᠠᠷᠠᠴᠠ ᠲᠠᠢ ᠪᠠᠶᠢᠵᠤ᠂ ︿︿ᠠᠯᠠᠭ᠎ᠠ ᠪᠠᠬᠢ﹀﹀ ᠨᠢ ︿︿ᠲᠦᠷᠦ ᠬᠠᠮᠢᠶᠠᠷᠣᠭᠴᠢ ᠭᠦᠩᠵᠤ | ﹀﹀ ᠬᠡᠮᠡᠨ ᠲᠡᠤᠬᠡᠨ ᠳᠤ ᠠᠯᠳᠠᠷᠰᠢᠭᠰᠠᠨ ᠶᠤᠮ᠃ | ᠵᠢᠷᠭᠤᠭ᠎ᠠ᠂ ᠬᠡᠷᠡᠶᠢᠳ ᠤᠨ ᠨᠠᠢᠮᠠᠯᠵᠢᠨ ᠡᠮᠡᠭᠡᠨ | ᠨᠠᠢᠮᠠᠯᠵᠢᠨ ᠡᠮᠡᠭᠡᠨ ᠡᠷᠬᠢᠮ ᠲᠡᠭᠡᠳᠣ ᠣᠬᠠᠭᠠᠨ ᠪᠣᠳᠣᠯ ᠲᠠᠢ ᠰᠣᠳᠣᠨ ᠡᠮᠡᠭᠳᠡᠢ ᠪᠤᠯᠤᠨ᠎ᠠ᠃ ᠲᠡᠷᠡ ᠪᠠᠷ | ᠮᠣᠩᠭᠤᠯᠴᠣᠳ ᠤᠨ ᠬᠤᠭᠤᠷᠤᠨᠳᠣ ᠪᠠᠨ ᠲᠡᠮᠡᠴᠡᠯᠳᠦᠬᠦ ᠠᠷᠬᠠᠭ ᠭᠡᠮ ᠵᠤᠷᠢᠭᠳᠠᠢ ᠢᠯᠡᠴᠢᠯᠡᠵᠤ᠂ ᠡᠪ ᠨᠢᠭᠡᠳᠦᠯ᠂ | ᠨᠢᠭᠳᠠᠷᠠᠯ ᠪᠦᠯᠬᠦᠮᠳᠡᠯ ᠢ ᠤᠷᠢᠶᠠᠯᠠᠨ᠂ ᠡᠩᠬᠡ ᠲᠠᠶᠢᠪᠤᠩ ᠢ ᠬᠦᠰᠡᠨ ᠡᠷᠡᠮᠡᠯᠵᠢᠯᠡᠭᠰᠡᠨ ᠶᠤᠮ᠃ ᠡᠨᠡᠬᠦ ᠠᠯᠤᠰ ᠬᠡᠳᠤ | ᠶᠢᠨ ᠠᠴᠢ ᠬᠤᠯᠪᠤᠭᠳᠠᠯ ᠲᠠᠢ ᠣᠬᠠᠭᠠᠯᠢᠭ ᠢᠳᠬᠠᠯ ᠨᠢ ᠮᠣᠩᠭᠤᠯᠴᠣᠳ ᠲᠤ ᠦᠶ᠎ᠡ ᠲᠠᠮᠵᠢᠨ ᠣᠯᠠᠮᠵᠢᠯᠠᠭᠳᠠᠵᠤ᠂ | ᠡᠭᠦᠷᠢᠳᠡ ᠲᠡᠭᠡᠳᠦᠯᠡᠵᠤ ᠶᠠᠪᠤᠬᠤ ᠡᠪ ᠪᠦᠯᠬᠦᠮᠳᠡᠯ ᠤᠨ ᠬᠦᠴᠦᠨ ᠪᠤᠯᠵᠤ ᠪᠤᠢ᠃ | ᠲᠤᠯᠤᠭ᠎ᠠ᠂ ᠬᠤᠯᠠᠨ ᠴᠠᠭᠠᠨ ᠬᠠᠳᠣᠨ | ᠬᠤᠯᠠᠨ ᠬᠠᠳᠣᠨ ᠪᠤᠯ ᠴᠢᠩᠭᠢᠰ ᠬᠠᠭᠠᠨ ᠤ ᠬᠤᠶᠠᠳᠣᠭᠠᠷ ᠬᠠᠳᠣᠨ ᠪᠤᠯᠤᠨ᠎ᠠ᠂ ᠲᠡᠷᠡ ᠭᠤᠪᠠᠢ ᠭᠡᠭᠡᠨᠴᠢᠷ᠂ | ᠰᠡᠴᠡᠨ ᠮᠡᠷᠭᠡᠨ ᠮᠦᠷᠳᠡᠭᠡᠨ ᠡᠷᠡᠰ ᠰᠢᠭᠤᠷᠬᠠᠢ ᠪᠠᠶᠢᠳᠠᠭ ᠠᠴᠠ ᠴᠢᠩᠭᠢᠰ ᠬᠠᠭᠠᠨ ᠤ ᠭᠦᠨ ᠢᠳᠡᠭᠡᠯ ᠢ ᠤᠯᠤᠭᠰᠠᠨ | ᠪᠠᠶᠢᠳᠠᠭ᠃ ᠬᠤᠯᠠᠨ ᠪᠤᠯ ᠣᠪᠰᠣ ᠮᠡᠷᠭᠡᠳ ᠤᠨ ᠲᠦᠷᠦᠭᠦᠤ ᠲᠠᠶᠢᠷ — ᠣᠰᠣᠨ ᠤ ᠦᠬᠢᠨ᠃ ᠬᠤᠯᠠᠨ | ᠬᠠᠳᠣᠨ ᠨᠢ ᠮᠣᠩᠭᠤᠯ ᠦᠨᠳᠦᠰᠦᠳᠡᠨ ᠳᠡᠭᠡᠨ ᠨᠡᠷ᠎ᠡ ᠬᠦᠨᠳᠦᠳᠡᠢ ᠴᠢᠩᠭᠢᠰ ᠤᠨ ᠰᠢᠳᠣᠷᠭᠤ ᠵᠢᠷᠤᠮᠳᠣ ᠬᠠᠳᠣᠨ ᠨᠢ | ᠶᠤᠮ᠂ ᠴᠢᠩᠭᠢᠰ ᠬᠠᠭᠠᠨ ᠲᠠᠢ ᠬᠠᠮᠤᠭ ᠤᠨ ᠬᠤᠯᠠ ᠠᠶᠠᠨ ᠲᠠᠶᠢᠨ ᠳᠤ ᠬᠠᠮᠳᠣ ᠶᠠᠪᠤᠵᠤ ᠪᠠᠶᠢᠭᠰᠠᠨ ᠢᠳᠡᠭᠡᠯᠳᠡᠢ | ᠬᠠᠨᠢ ᠨᠦᠬᠦᠷ ᠶᠤᠮ᠃ | ᠨᠠᠢᠮᠠ᠂ ᠶᠢᠰᠦᠢ ᠮᠡᠷᠭᠡᠨ ᠬᠠᠳᠣᠨ | ᠶᠢᠰᠦᠢ ᠬᠠᠳᠣᠨ ᠪᠣᠯ ᠮᠣᠩᠭᠤᠯ ᠤᠨ ᠲᠡᠤᠬᠡᠨ ᠳᠤ ᠠᠯᠳᠠᠷᠰᠢᠭᠰᠡᠨ ᠦᠵᠡᠰᠭᠦᠯᠡᠩ ᠭᠤᠸ᠎ᠠ ᠮᠦᠷᠳᠡᠭᠡᠨ ᠭᠡᠭᠡᠨ | ᠮᠡᠷᠭᠡᠨ ᠬᠠᠳᠣᠨ ᠪᠣᠯᠤᠨ᠎ᠠ᠃ ᠲᠡᠷᠡ ᠨᠢ ᠴᠢᠩᠭᠢᠰ ᠬᠠᠭᠠᠨ ᠤ ᠲᠦᠷᠦ ᠶᠢᠨ ᠲᠦᠷᠪᠡᠨ ᠬᠠᠳᠣᠨ ᠤ ᠭᠤᠷᠪᠠᠳᠣᠭᠠᠷ | ᠬᠠᠳᠣᠨ ᠮᠥᠨ᠃ ᠶᠢᠰᠦᠢ ᠬᠠᠳᠣᠨ ᠲᠦᠷᠦᠯᠬᠢ ᠶᠢᠨ ᠴᠡᠴᠡᠨ ᠣᠬᠠᠭᠠᠯᠢᠭ ᠪᠠᠶᠢᠵᠤ᠂ ᠴᠢᠩᠭᠢᠰ ᠬᠠᠭᠠᠨ ᠤ ᠨᠠᠰᠣᠨ | ᠲᠣᠷᠰᠢ ᠤᠨ ᠰᠠᠶᠢᠨ ᠬᠠᠨᠢ᠂ ᠦᠨᠡᠨᠴᠢ ᠵᠦᠪᠯᠡᠭᠴᠢ ᠨᠢ ᠪᠣᠯᠤᠨ᠎ᠠ᠃ ᠲᠡᠷᠡ ᠶᠡᠭᠡ ᠮᠣᠩᠭᠤᠯ ᠬᠠᠭᠠᠨᠳᠣ ᠲᠦᠷᠦ ᠶᠢᠨ | ᠦᠨᠢ ᠮᠦᠩᠬᠡ ᠶᠢᠨ ᠠᠮᠤᠷ ᠲᠦᠪᠰᠢᠨ ᠤ ᠲᠦᠯᠦᠭᠡ ᠪᠤᠳᠣᠯᠬᠢᠯᠠᠵᠤ᠂ ᠴᠢᠩᠭᠢᠰ ᠬᠠᠭᠠᠨ ᠳᠤ ᠵᠠᠯᠭᠠᠮᠵᠢᠯᠠᠭᠴᠢ ᠪᠠᠨ | ᠡᠷᠳᠡ ᠡᠳᠦᠷ ᠰᠣᠩᠭᠤᠨ ᠲᠣᠭᠳᠠᠭᠠᠬᠤ ᠲᠤᠬᠠᠢ ᠦᠪᠡᠷ ᠤᠨ ᠪᠤᠳᠤᠯ ᠪᠠᠨ ᠵᠤᠷᠢᠭᠳᠠᠢ ᠠᠶᠢᠯᠠᠳᠬᠠᠭᠰᠠᠨ ᠠᠴᠠ | ᠬᠠᠭᠠᠨ ᠡᠵᠡᠨ ᠤ ᠢᠳᠡᠭᠡᠯ ᠬᠠᠶᠢᠷ᠎ᠠ ᠶᠢ ᠣᠯᠤᠭᠰᠠᠨ ᠮᠦᠷᠳᠡᠭᠡᠨ ᠠᠯᠳᠠᠨ ᠣᠷᠤᠭ ᠤᠨ ᠬᠢᠨ᠂ ᠵᠢᠴᠢ ᠲᠦᠷᠦ ᠶᠢᠨ | ᠤᠯᠠᠨ ᠨᠣᠶᠠᠳ ᠲᠦᠰᠢᠮᠡᠳ ᠤᠨ ᠬᠦᠨᠳᠦᠳᠬᠡᠯ ᠪᠠᠰᠢᠷᠡᠯ ᠢ ᠣᠯᠵᠤ᠂ ᠤᠯᠠᠨ ᠦᠶ᠎ᠡ ᠶᠢᠨ ᠬᠠᠳᠣᠳ ᠤᠨ ᠲᠠᠭᠤᠷᠢᠶᠠᠯ | ᠪᠤᠯᠤᠭᠰᠠᠨ ᠢᠶᠠᠷ ᠪᠠᠷᠠᠬᠤ ᠦᠭᠡᠢ ᠪᠦᠬᠦ᠋ᠢᠯᠡ ᠮᠣᠩᠭᠤᠯᠴᠣᠳ ᠤᠨ ᠲᠣᠷᠠᠳᠬᠠᠯ ᠳᠤ ᠮᠦᠩᠬᠡᠷᠡᠭᠰᠡᠨ ᠠᠭᠤᠤ ᠰᠣᠳᠤᠨ | ᠡᠮᠡᠭᠳᠡᠢ ᠪᠤᠯᠤᠨ᠎ᠠ᠃ ᠶᠢᠰᠦᠢ ᠬᠠᠳᠣᠨ ᠪᠤᠯ ᠣᠣᠯ ᠨᠢ ᠲᠠᠲ᠋ᠠᠷ ᠠᠶᠢᠮᠠᠭ ᠤᠨ ᠬᠦᠮᠦᠨ ᠪᠤᠯᠤᠨ᠎ᠠ᠃ | ᠶᠢᠰᠣ᠂ ᠰᠦᠯᠳᠣᠰᠣᠨ ᠤ ᠬᠠᠳᠠᠭᠠᠨ | ᠬᠠᠳᠠᠭᠠᠨ ᠪᠤᠯ ᠴᠢᠩᠭᠢᠰ ᠬᠠᠭᠠᠨ ᠤ ᠬᠠᠶᠢᠷ᠎ᠠ ᠶᠢ ᠤᠯᠤᠭᠰᠠᠨ ᠬᠡᠳᠣᠨ ᠡᠮᠡᠭᠳᠡᠶᠢᠴᠣᠳ ᠤᠨ ᠨᠢᠭᠡ ᠪᠤᠯᠤᠨ᠎ᠠ᠃ | ᠲᠡᠷᠡ ᠪᠠᠷ ᠲᠡᠮᠣᠵᠢᠨ ᠤ ᠣᠷᠤᠭᠤᠳᠠᠨ ᠭᠠᠴᠢᠭᠳᠠᠵᠤ ᠪᠠᠶᠢᠭᠰᠠᠨ ᠠᠵᠠ ᠦᠭᠡᠢ ᠦᠶ᠎ᠡ ᠳᠤ᠂ ᠨᠢ ᠲᠠᠨᠢᠯᠴᠠᠵᠤ᠂ | ᠲᠡᠭᠦᠨ ᠢ ᠲᠣᠰᠠᠯᠠᠵᠤ ᠶᠠᠪᠤᠭᠰᠠᠨ ᠶᠤᠮ᠃ ᠬᠠᠳᠠᠭᠠᠨ ᠭᠤᠸ᠎ᠠ ᠦᠵᠡᠰᠭᠦᠯᠡᠩ ᠮᠦᠷᠳᠡᠭᠡᠨ ᠤᠬᠠᠭᠠᠯᠢᠭ | ᠪᠠᠭᠳᠠᠭᠠᠮᠵᠢᠳᠠᠢ᠂ ᠡᠷᠡᠰ ᠰᠢᠭᠤᠷᠬᠠᠢ ᠰᠦᠰᠣ ᠵᠤᠷᠢᠭᠳᠡᠢ᠂ ᠦᠨᠡᠨᠴᠢ ᠰᠢᠳᠣᠷᠭᠤ ᠡᠮᠡᠭᠳᠡᠢ ᠶᠤᠮ᠃ ᠲᠡᠮᠦᠵᠢᠨ ᠠᠮᠢ | ᠨᠠᠰᠣᠨ ᠤ ᠠᠶᠤᠯ ᠲᠤᠯᠭᠠᠷᠠᠭᠰᠠᠨ ᠦᠶ᠎ᠡ ᠳᠤ᠂ ᠲᠡᠷᠡ ᠡᠴᠢᠭᠡ ᠪᠤᠯᠤᠨ ᠠᠬ᠎ᠠ ᠲᠠᠢ ᠪᠠᠨ ᠠᠶᠣᠯ ᠰᠦᠷᠦᠨ ᠲᠡᠮᠡᠴᠡᠵᠤ | ᠂ ᠤᠷᠠᠨ ᠣᠬᠠᠭᠠᠨ ᠢᠶᠠᠷ ᠢᠶᠠᠨ ᠲᠡᠮᠦᠵᠢᠨ ᠤ ᠠᠮᠢ ᠶᠢ ᠠᠪᠤᠷᠠᠭᠰᠠᠨ ᠠᠴᠢᠳᠠᠨ ᠢᠶᠠᠷ ᠵᠤᠭᠰᠣᠬᠤ ᠪᠢᠰᠢ ᠶᠡᠭᠡ | ᠮᠣᠩᠭᠤᠯ ᠤᠨ ᠲᠦᠷᠦ ᠶᠢᠨ ᠨᠢᠭᠡᠳᠦᠯ ᠦᠯᠡᠮᠵᠢᠬᠡᠨ ᠭᠠᠪᠢᠶ᠎ᠠ ᠵᠢᠳᠬᠦᠯ ᠦᠵᠡᠭᠦᠯᠦᠭᠰᠡᠨ ᠶᠤᠮ᠃ ᠬᠠᠳᠠᠭᠠᠨ ᠪᠤᠯ | ᠲᠠᠶᠢᠴᠢᠭᠤᠳ ᠤᠨ ᠬᠠᠷᠢᠶᠠᠨ ᠳᠤ ᠪᠠᠶᠢᠭᠰᠡᠨ ᠰᠦᠯᠳᠦᠰᠦᠨ ᠤᠪᠤᠭ ᠤᠨ ᠰᠣᠷᠬᠠᠨ ᠰᠢᠷ᠎ᠠ ᠶᠢᠨ ᠭᠠᠭᠴᠠ ᠦᠬᠢᠨ ᠨᠢ | ᠪᠤᠯᠤᠨ᠎ᠠ᠃ ᠬᠠᠳᠠᠭᠠᠨ ᠴᠢᠩᠭᠢᠰ ᠬᠠᠭᠠᠨ ᠤ ᠰᠣᠯᠠ ᠬᠠᠳᠣᠨ ᠪᠤᠯᠤᠭᠰᠠᠨ ᠤ ᠲᠠᠷᠠᠭ᠎ᠠ ᠬᠠᠭᠠᠨ ᠳᠤ ᠮᠠᠰᠢ | ᠬᠠᠶᠢᠷᠠᠯᠠᠭᠳᠠᠵᠤ᠂ ᠲᠠᠲ᠋ᠠᠷ ᠢ ᠲᠠᠶᠢᠯᠠᠬᠤ ᠲᠠᠶᠢᠨ ᠳᠤ ᠲᠠᠭᠠᠵᠤ ᠮᠣᠷᠳᠠᠭᠰᠠᠨ ᠶᠤᠮ᠃ | ᠠᠷᠪᠠ᠂ ᠲᠡᠮᠤᠯᠣᠨ ᠭᠤᠸ᠎ᠠ ᠲᠡᠮᠦᠯᠤᠨ ᠭᠤᠸ᠎ᠠ ᠪᠣᠯ ᠦᠭᠡᠯᠦᠨ ᠡᠬᠡ ᠶᠢᠨ ᠭᠠᠭᠴᠠ ᠦᠬᠢᠨ᠂ ᠴᠢᠩᠭᠢᠰ | ᠬᠠᠭᠠᠨ ᠤ ᠦᠬᠢᠨ ᠲᠡᠭᠦᠤ ᠪᠤᠯᠤᠨ᠎ᠠ᠃ ᠲᠡᠷᠡ ᠣᠬᠠᠭᠠᠨ ᠰᠡᠷᠭᠦᠯᠡᠩ ᠵᠤᠷᠢᠭ ᠬᠠᠳᠠᠭᠤ ᠮᠦᠷᠳᠡᠭᠡᠨ ᠠᠭᠠᠳᠠᠮ | ᠪᠠᠭᠳᠠᠭᠠᠮᠵᠢᠳᠠᠢ᠃ ᠬᠡᠳᠦ᠋ᠢᠪᠠᠷ ᠭᠠᠯ ᠵᠠᠯᠠᠭᠤ ᠨᠠᠰᠣᠨ ᠳᠤ ᠪᠠᠨ ᠠᠵᠠ ᠪᠤᠰᠤ ᠪᠠᠷ ᠪᠡᠶ᠎ᠡ ᠦᠷᠡᠭᠳᠡᠭᠰᠡᠨ ᠪᠤᠯᠪᠠᠴᠣ᠂ | ᠲᠡᠷᠡ ᠲᠤᠭ᠎ᠠ ᠲᠠᠢ ᠤᠬᠤᠷᠬᠠᠨ ᠨᠠᠰᠣᠨ ᠳᠤ ᠪᠠᠨ ᠮᠣᠩᠭᠤᠯ ᠦᠨᠳᠦᠰᠦᠳᠡᠨ ᠤ ᠨᠢᠭᠡᠳᠦᠨ ᠬᠦᠴᠦᠷᠬᠡᠭᠵᠢᠬᠦ ᠶᠡᠭᠡ | ᠦᠢᠯᠡᠰ ᠲᠤ ᠭᠠᠷᠮᠠᠭᠠᠶᠢᠯᠠᠨ ᠵᠢᠳᠬᠦᠵᠤ ᠶᠠᠪᠤᠭᠰᠠᠨ ᠪᠦᠭᠡᠳ ᠠᠯᠳᠠᠨ ᠣᠷᠤᠭ ᠤᠨ ᠲᠣᠳᠣᠭᠠᠳᠣ ᠶᠢᠨ ᠨᠢᠭᠳᠠᠷᠠᠯ | ᠪᠦᠯᠬᠦᠮᠳᠡᠯ ᠶᠢᠨ ᠲᠦᠯᠦᠭᠡ ᠬᠠᠯᠠᠭᠤᠨ ᠠᠮᠢ ᠪᠠᠨ ᠦᠷᠡᠭᠳᠡᠬᠦᠯᠦᠭᠰᠡᠨ ᠠᠯᠳᠠᠷᠳᠣ ᠡᠮᠡᠭᠳᠡᠢ ᠪᠤᠯᠤᠨ᠎ᠠ᠃ ᠲᠡᠭᠦᠨ ᠤ | ᠭᠠᠪᠢᠶ᠎ᠠ ᠵᠢᠳᠬᠦᠯ ᠪᠤᠯᠤᠨ ᠦᠢᠯᠡ ᠠᠵᠢᠯᠯᠠᠭ᠎ᠠ ᠪᠠᠷ ᠪᠦᠬᠦ᠋ᠢᠯᠡ ᠮᠣᠩᠭᠤᠯᠴᠣᠳ ᠤᠨ ᠬᠠᠶᠢᠷ᠎ᠠ ᠬᠦᠨᠳᠦᠳᠬᠡᠯ ᠢ | ᠤᠯᠵᠤ᠂ ᠮᠣᠩᠭᠤᠯ ᠤᠨ ᠬᠦᠬᠡ ᠰᠣᠳᠣᠷ ᠲᠤ ᠠᠯᠳᠠᠷ ᠢᠶᠠᠨ ᠲᠡᠮᠳᠡᠭᠯᠡᠭᠦᠯᠦᠭᠰᠡᠨ ᠶᠤᠮ᠃ | ᠠᠷᠪᠠᠨ ᠨᠢᠭᠡ᠂ ᠪᠤᠷᠤᠬᠤᠯ ᠤᠨ ᠬᠠᠳᠣᠨ ᠠᠯᠳᠠᠨᠢ | ᠠᠯᠳᠠᠨᠢ ᠬᠠᠳᠣᠨ ᠪᠤᠯ ᠮᠣᠩᠭᠤᠯ ᠤᠨ ᠲᠡᠤᠬᠡᠨ ᠭᠠᠷᠮᠠᠭᠠᠢ ᠵᠢᠳᠬᠦᠯ ᠦᠵᠡᠭᠦᠯᠦᠭᠰᠡᠨ ᠪᠠᠭᠠᠳᠣᠷ ᠴᠢᠭᠴᠢ | ᠡᠮᠡᠭᠳᠡᠢ ᠪᠣᠯᠤᠨ᠎ᠠ᠃ ᠲᠡᠷᠡ ᠪᠠᠷ ᠰᠡᠴᠡᠨ ᠰᠡᠷᠭᠦᠯᠡᠩ ᠤᠬᠠᠭᠠᠨ ᠪᠢᠯᠢᠭ ᠲᠠᠢ ᠪᠦᠭᠡᠳ ᠪᠠᠭᠠᠳᠣᠷ ᠵᠤᠷᠢᠭ ᠲᠠᠢ ᠪᠠᠶᠢᠵᠤ | ᠂ ᠠᠮᠢ ᠪᠠᠨ ᠴᠦᠯᠡᠬᠦ ᠰᠢᠳᠣᠷᠭᠤ ᠡᠷᠡᠮᠡᠬᠡᠢ ᠦᠢᠯᠡ ᠠᠵᠢᠯᠯᠠᠭ᠎ᠠ ᠪᠠᠷ ᠢᠶᠠᠨ ᠮᠣᠩᠭᠤᠯ ᠤᠨ ᠲᠡᠤᠬᠡᠨ ᠳᠤ ᠠᠯᠳᠠᠷᠰᠢᠵᠤ᠂ | ᠦᠶ᠎ᠡ ᠦᠶ᠎ᠡ ᠶᠢᠨ ᠬᠦᠮᠦᠰ ᠤᠨ ᠬᠦᠨᠳᠦᠳᠬᠡᠯ ᠢ ᠤᠯᠵᠤ ᠢᠷᠡᠪᠡ᠃ ᠠᠯᠳᠠᠨᠢ ᠬᠠᠳᠣᠨ ᠪᠤᠯ ᠦᠭᠡᠯᠦᠨ ᠡᠬᠡ ᠶᠢᠨ | ᠡᠷᠭᠦᠭᠰᠡᠨ ᠬᠦᠤ᠂ ᠴᠢᠩᠭᠢᠰ ᠬᠠᠭᠠᠨ ᠤ ᠲᠦᠷᠪᠡᠨ ᠬᠦᠯᠦᠭ᠂ ᠶᠢᠰᠦᠨ ᠦᠷᠯᠦᠭ ᠤᠨ ᠨᠢᠭᠡ ᠪᠤᠯᠬᠤ ᠪᠤᠷᠤᠬᠤᠯ ᠤᠨ | ᠬᠠᠳᠣᠨ᠃ ᠲᠡᠷᠡ ᠶᠡᠷᠤ ᠪᠤᠰᠤ ᠶᠢᠨ ᠪᠠᠭᠠᠳᠣᠷ ᠡᠮᠡᠭᠳᠡᠢ ᠪᠤᠯᠬᠤ ᠣᠴᠢᠷ ᠬᠠᠭᠠᠨ᠂ ︿︿ᠪᠤᠷᠤᠬᠤᠯ ᠤᠨ ᠭᠡᠷᠭᠡᠢ᠂ | ᠡᠷ᠎ᠡ ᠨᠦᠬᠦᠷ ᠲᠡᠭᠡᠨ ᠦᠷᠦᠭᠡᠰᠦᠨ ᠠᠷᠠᠯ ᠪᠤᠯᠵᠤ ᠶᠠᠪᠤᠭᠰᠠᠨ ᠲᠡᠭᠡᠷ᠎ᠡ᠂ ᠲᠤᠯᠢ ᠶᠢᠨ ᠠᠮᠢ ᠶᠢ ᠠᠪᠤᠷᠠᠵᠤ ᠶᠡᠭᠡ | ᠲᠣᠰᠠ ᠬᠦᠷᠭᠡᠪᠡ﹀﹀ ᠭᠡᠵᠤ ᠲᠡᠭᠦᠨ ᠭᠠᠪᠢᠶ᠎ᠠ ᠶᠢ ᠦᠨᠡᠯᠡᠪᠡ᠃ ᠬᠡᠷᠪᠡ ᠠᠯᠳᠠᠨᠢ ᠬᠠᠳᠤᠨ ᠲᠤᠯᠢ ᠶᠢ ᠦᠬᠦᠯ ᠤᠨ | ᠠᠶᠤᠯ ᠠᠴᠠ ᠠᠪᠤᠷᠠᠭᠰᠠᠨ ᠦᠭᠡᠢ ᠪᠤᠯ ᠲᠤᠯᠢ ᠵᠢᠴᠢ ᠲᠡᠭᠦᠨ ᠤ ᠭᠤᠷᠪᠠᠨ ᠬᠠᠭᠠᠨ ᠬᠦᠪᠡᠭᠦᠨ ᠤ ᠮᠣᠩᠭᠤᠰ ᠤᠨ | ᠲᠡᠤᠬᠡ ᠶᠢ ᠭᠡᠶᠢᠭᠦᠯᠦᠭᠰᠡᠨ ᠠᠭᠤᠤ ᠵᠢᠳᠬᠦᠯ ᠪᠠᠶᠢᠵᠤ ᠴᠢᠳᠠᠬᠤ ᠦᠭᠡᠢ ᠮᠦᠷᠳᠡᠭᠡᠨ ᠮᠣᠩᠭᠤᠯ ᠬᠠᠭᠠᠨᠳᠣ ᠣᠯᠤᠰ ᠤᠨ | ᠲᠡᠤᠬᠡ ᠨᠢ ᠦᠭᠡᠷ᠎ᠡ ᠨᠢᠭᠡᠨ ᠴᠢᠭᠯᠡᠯ ᠢᠶᠠᠷ ᠭᠦᠭᠵᠢᠭᠰᠡᠨ ᠴᠦ ᠪᠠᠶᠢᠵᠤ ᠮᠡᠳᠡᠨ᠎ᠡ᠃ | ᠠᠷᠪᠠᠨ ᠬᠤᠶᠠᠷ᠂ ᠪᠤᠳᠤᠬᠤᠢ ᠲᠠᠷᠭᠤᠨ ᠬᠠᠳᠣᠨ | ᠪᠤᠳᠣᠬᠤᠢ ᠲᠠᠷᠭᠤᠨ ᠬᠠᠳᠣᠨ ᠪᠤᠯ ᠤᠳᠤᠬᠢ ᠲᠦᠮᠡᠳ ᠣᠭᠰᠠᠭᠠᠳᠠᠨ ᠤ ᠲᠡᠭᠡᠳᠦ ᠦᠶ᠎ᠡ ᠶᠢᠨ ᠠᠬᠠᠯᠠᠭᠴᠢ | ᠪᠠᠶᠢᠭᠰᠠᠨ᠃ ᠲᠡᠷᠡ ᠮᠣᠩᠭᠤᠯ ᠡᠮᠡᠭᠳᠡᠶᠢᠴᠣᠳ ᠤᠨ ᠠᠭᠤᠳᠠᠮ ᠡᠬᠡᠨᠴᠢᠷ ᠬᠠᠶᠢᠷ᠎ᠠ ᠪᠠ ᠡᠷᠡᠭᠳᠡᠶᠢᠴᠣᠳ ᠲᠤ ᠪᠠᠶᠢᠵᠤ | ᠪᠤᠯᠤᠮ᠎ᠠ ᠦᠭᠡᠢ ᠡᠷᠡᠯᠬᠡᠭ ᠵᠢᠪᠬᠤᠭ᠎ᠠ ᠪᠠᠷ ᠠᠶᠢᠮᠠᠭ ᠣᠭᠰᠠᠭ᠎ᠠ ᠪᠠᠨ ᠠᠬᠠᠯᠠᠨ᠂ ᠬᠤᠷᠢ ᠲᠦᠮᠡᠳ ᠤᠨ ᠢᠶᠠᠨ | ᠢᠷᠭᠡᠳ ᠤᠨ ᠠᠮᠣᠷ ᠲᠦᠪᠰᠢᠨ ᠡᠩᠭᠡ ᠲᠠᠶᠢᠪᠤᠩ ᠢ ᠬᠠᠮᠠᠭᠠᠯᠵᠤ ᠶᠠᠪᠤᠭᠰᠠᠨ ᠴᠤᠭ ᠪᠢᠯᠢᠭᠳᠦ ᠪᠠᠭᠠᠳᠣᠷ ᠡᠮᠡᠭᠳᠡᠢ | ᠪᠤᠯᠬᠤ ᠶᠤᠮ᠃ ᠲᠡᠷᠡ ᠲᠦᠮᠡᠳᠴᠣᠳ ᠤᠨ ᠣᠮᠤᠭᠰᠢᠯ ᠪᠤᠯᠬᠤ ᠪᠠᠷ ᠪᠠᠷᠠᠬᠤ ᠦᠭᠡᠢ ᠪᠦᠬᠦ ᠮᠣᠩᠭᠤᠯᠴᠣᠳ ᠤᠨ | ᠤᠮᠤᠭᠰᠢᠯ ᠪᠠᠭ᠋ᠠᠷᠬᠠᠯ ᠪᠤᠯᠬᠤ ᠶᠤᠮ᠃ | ᠠᠷᠪᠠᠨ ᠭᠤᠷᠪᠠ᠂ ︿︿ᠲᠦᠷᠦ ᠵᠠᠬᠢᠷᠤᠭᠴᠢ ᠭᠦᠩᠵᠤ﹀﹀ ᠠᠯᠠᠭ᠎ᠠ ᠪᠠᠬᠢ | ᠠᠯᠠᠭ᠎ᠠ ᠪᠠᠬᠢ ︵ᠠᠯᠠᠨ ᠭᠤᠸ᠎ᠠ ᠭᠡᠳᠡᠭ︶ ᠪᠣᠯ ᠴᠢᠩᠭᠢᠰ ᠬᠠᠭᠠᠨ ᠪᠠ ᠪᠦᠷᠳᠡ ᠦᠵᠢᠨ ᠬᠠᠳᠤᠨ ᠤ | ᠭᠤᠷᠪᠠᠳᠣᠭᠠᠷ ᠦᠬᠢᠨ᠃ ᠬᠠᠷᠠᠬᠠᠨ ᠪᠠᠭ᠎ᠠ ᠠᠴᠠ ᠡᠴᠢᠭᠡ ᠬᠠᠭᠠᠨ ᠤ ᠪᠠᠨ ᠰᠣᠷᠭᠠᠯ ᠢᠶᠠᠷ ᠬᠠᠷᠪᠤᠵᠤ ᠨᠠᠮᠨᠠᠬᠤ ᠶᠢ | ᠪᠤᠯᠪᠠᠰᠣᠷᠠᠨ᠂ ᠴᠡᠷᠢᠭ ᠲᠠᠶᠢᠨ ᠤ ᠬᠠᠳᠠᠭᠤ ᠰᠣᠷᠭᠠᠭᠤᠯᠢᠯ ᠳᠤ ᠴᠠᠭᠠᠷᠠᠭᠰᠠᠨ ᠶᠤᠮ᠃ ᠠᠯᠠᠭ᠎ᠠ ᠪᠠᠬᠢ ᠣᠬᠠᠭᠠᠨ | ᠪᠢᠯᠢᠭ ᠴᠣᠭᠤᠷᠣᠬᠠᠢ᠂ ᠠᠭᠤᠳᠠᠮ ᠪᠤᠳᠤᠯᠭ᠎ᠠ᠂ ᠦᠷᠭᠡᠨ ᠪᠠᠭᠳᠠᠭᠠᠮᠵᠢ ᠲᠠᠢ ᠪᠦᠭᠡᠳ ᠣᠯᠤᠰ ᠲᠦᠷᠦ ᠶᠢᠨ ᠬᠤᠯᠠ | ᠬᠠᠷᠠᠴᠠ ᠲᠠᠢ ᠡᠮᠡᠭᠳᠡᠢ ᠪᠠᠶᠢᠭᠰᠠᠨ ᠶᠤᠮ᠃ ᠲᠡᠷᠡ ᠬᠡᠷᠡᠭ ᠶᠠᠪᠣᠳᠠᠯ ᠳᠤ ᠬᠠᠨᠳᠣᠬᠤ ᠳᠤ ᠪᠠᠨ ᠬᠢᠨᠠᠭᠤᠷ ᠯᠠᠪᠳᠠᠭᠤᠨ | ᠮᠦᠷᠳᠡᠭᠡᠨ ᠲᠦᠪ ᠬᠢᠴᠢᠶᠡᠩᠭᠦᠢ ᠪᠠᠶᠢᠵᠤ᠂ ᠮᠤᠩᠭᠤᠯ ᠤᠨ ᠲᠡᠤᠬᠡᠨ ᠳᠤ ᠶᠡᠬᠡᠬᠡᠨ ᠦᠢᠯᠡᠳᠦᠯ ᠦᠵᠡᠭᠦᠯᠦᠭᠰᠡᠨ | ᠪᠤᠯᠬᠤᠷ ᠬᠠᠭᠠᠨ ᠡᠴᠢᠭᠡ ᠨᠢ ᠲᠡᠭᠦᠨ ᠳᠤ ᠲᠤᠩ ᠬᠠᠶᠢᠷᠠᠳᠠᠢ ᠪᠠᠶᠢᠭᠰᠠᠨ ᠭᠡᠳᠡᠭ᠃ ᠴᠢᠩᠭᠢᠰ ᠬᠭᠠᠨ ᠠᠯᠠᠭ᠎ᠠ | ᠪᠠᠬᠢ ᠶᠢ ᠣᠩᠭᠤᠳ ᠲᠤ ᠮᠣᠷᠳᠠᠭᠤᠯᠤᠭᠰᠠᠨ ᠨᠢ ᠮᠤᠩᠭᠤᠯ ᠠᠶᠢᠮᠠᠭ ᠤᠳ ᠤᠨ ᠶᠡᠭᠡ ᠨᠢᠭᠡᠳᠦᠯ ᠢ ᠪᠡᠶᠡᠯᠡᠭᠦᠯᠬᠦ ᠵᠢᠴᠢ | ᠤᠩᠭᠤᠳ ᠪᠠ ᠮᠤᠩᠭᠤᠯ ᠬᠠᠭᠠᠨᠳᠣ ᠤᠯᠤᠰ ᠤᠨ ᠮᠦᠩᠬᠡ ᠶᠢᠨ ᠬᠤᠯᠪᠤᠭ᠎ᠠ ᠶᠢ ᠪᠠᠳᠣᠳᠬᠠᠬᠤ ᠶᠢᠨ ᠲᠦᠯᠦᠭᠡ ᠶᠤᠮ᠃ | ᠴᠢᠩᠭᠢᠰ ᠬᠠᠭᠠᠨ ᠦᠬᠢᠨ ᠢᠶᠠᠨ ᠮᠣᠷᠳᠠᠭᠤᠯᠬᠤ ᠳᠠᠭᠠᠨ ᠰᠦᠲᠦᠭᠡᠷ ᠬᠠᠶᠢᠷᠠᠯᠠᠵᠤ᠄ ︿︿ᠬᠠᠷᠠᠶᠢᠬᠤ ᠳᠤ ᠮᠢᠨᠢ ᠬᠦᠯ | ᠪᠤᠯᠵᠤ᠂ ᠬᠠᠵᠠᠶᠢᠬᠤ ᠳᠤ ᠮᠢᠨᠢ ᠲᠦᠰᠢᠭ ᠪᠤᠯᠵᠤ᠂ ᠬᠠᠯᠳᠣᠷᠢᠬᠤ ᠳᠤ ᠮᠢᠨᠢ ᠲᠠᠬ᠎ᠠ ᠪᠤᠯᠵᠤ᠂ ᠬᠠᠯᠠᠮᠵᠢ ᠲᠣᠰᠠ ᠶᠢ | ᠬᠦᠷᠭᠡᠬᠦ ᠪᠠᠨ ᠬᠠᠶᠢᠷᠠᠳᠣ ᠠᠯᠠᠭ᠎ᠠ ᠮᠨᠢᠨ ᠮᠡᠳᠡᠳᠦᠭᠡᠢ᠃ ᠡᠨᠡ ᠪᠡᠶ᠎ᠡ ᠬᠡᠪᠡᠷᠡᠭ ᠪᠤᠯᠪᠠᠴᠣ᠂ ᠡᠷᠬᠢᠮ ᠨᠡᠷ᠎ᠡ ᠮᠦᠩᠬᠡ | ᠰᠢᠤ᠃ ᠰᠠᠷᠠᠭᠤᠯ ᠤᠬᠠᠭᠠᠨ ᠠᠴᠠ ᠢᠯᠭᠦᠤ ᠰᠠᠶᠢᠬᠠᠨ ᠨᠦᠬᠦᠷ ᠪᠠᠶᠢᠳᠠᠭ ᠦᠭᠡᠢ᠂ ᠮᠣᠩᠬᠠᠭ ᠬᠢᠯᠢᠩ ᠠᠴᠠ ᠢᠯᠡᠭᠦᠤ | ᠮᠠᠭᠤ ᠲᠠᠶᠢᠰᠣᠨ ᠪᠠᠶᠢᠳᠠᠭ ᠦᠭᠡᠢ᠂ ᠡᠷᠬᠢᠮ ᠢᠳᠡᠭᠡᠯ ᠣᠯᠠᠨ ᠪᠤᠯᠪᠠᠴᠣ ᠡᠨᠡ ᠪᠡᠶ᠎ᠡ ᠪᠦᠭᠦᠳᠡ ᠠᠴᠠ ᠢᠳᠡᠭᠡᠯ ᠲᠠᠢ᠂ | ᠬᠠᠶᠢᠷᠠᠯᠠᠬᠤ ᠶᠠᠭᠤᠮ᠎ᠠ ᠤᠯᠠᠨ ᠪᠤᠯᠪᠠᠴᠣ ᠬᠠᠯᠠᠭᠤᠨ ᠠᠮᠢ ᠶᠢ ᠬᠠᠮᠤᠭ ᠠᠴᠠ ᠬᠠᠶᠢᠷᠠᠯᠠᠯᠳᠠᠢ᠃᠃ ᠬᠠᠳᠠᠭᠤᠵᠢᠵᠤ | ᠶᠠᠪᠤᠪᠠᠰᠣ ᠬᠠᠮᠤᠭ ᠲᠤ ᠬᠡᠷᠡᠭ ᠲᠠᠢ᠂ ᠠᠷᠢᠭᠤᠨ ᠶᠠᠪᠣᠪᠠᠰᠣ ᠠᠰᠢᠳᠠ ᠲᠣᠰᠠ ᠲᠠᠢ᠃﹀﹀ ᠭᠡᠵᠤ ᠰᠤᠷᠭᠠᠵᠡᠢ᠃ | ᠠᠯᠠᠭ᠎ᠠ ᠪᠠᠬᠢ ᠪᠤᠯ ᠨᠢᠭᠡᠨ ᠰᠢᠯᠭᠠᠷᠠᠭᠰᠠᠨ ᠣᠯᠤᠰ ᠲᠦᠷᠦᠴᠢ ᠡᠮᠡᠭᠳᠡᠢ ᠪᠤᠯᠤᠨ᠎ᠠ᠃ ᠲᠡᠷᠡ ᠡᠴᠢᠭᠡ ᠬᠠᠭᠠᠨ ᠤ ᠪᠠᠨ | ᠶᠡᠭᠡ ᠪᠤᠳᠤᠯᠭ᠎ᠠ ᠪᠠ ᠪᠦᠷᠳᠡ ᠡᠬᠡ ᠶᠢᠨ ᠢᠶᠠᠨ ᠠᠭᠤᠳᠠᠮ ᠪᠠᠭᠳᠠᠭᠠᠮᠵᠢ ᠰᠣᠣ ᠪᠢᠯᠢᠭ ᠢ ᠦᠪᠯᠡᠨ ᠲᠦᠷᠦᠭᠰᠡᠨ ᠤ | ᠬᠤᠪᠢ ᠳᠤ᠂ ᠣᠩᠭᠤᠳ ᠠᠶᠢᠮᠠᠭ ᠤᠨ ᠲᠣᠳᠣᠭᠠᠳᠣ ᠳᠠᠬᠢ ᠰᠠᠮᠠᠭᠤᠷᠠᠯ ᠢ ᠲᠦᠪᠰᠢᠳᠬᠡᠨ ᠡᠪ ᠨᠢᠭᠡᠳᠦᠯ ᠡᠩᠬᠡ | ᠲᠠᠶᠢᠪᠣᠩ ᠢ ᠬᠠᠮᠠᠭᠠᠯᠠᠭᠰᠠᠨ ᠪᠦᠭᠡᠳ ᠣᠩᠭᠤᠳ ᠬᠢᠭᠡᠳ ᠮᠣᠩᠭᠤᠯ ᠬᠠᠭᠠᠨᠳᠣ ᠤᠯᠤᠰ ᠤᠨ ᠬᠠᠷᠢᠴᠠᠭ᠎ᠠ ᠶᠢ | ᠪᠠᠳᠣᠳᠬᠠᠵᠤ᠂ ᠭᠤᠪᠢ ᠶᠢᠨ ᠡᠮᠦᠨᠡᠬᠢ ᠶᠢ ᠲᠤᠭᠳᠠᠭᠤᠨ ᠪᠤᠯᠭᠠᠭᠰᠠᠨ ᠪᠠᠶᠢᠨ᠎ᠠ᠃ | ᠠᠷᠪᠠᠨ ᠲᠦᠷᠪᠡ᠂ ᠲᠣᠳᠣᠷᠬᠠᠢ ᠨᠢᠭᠦᠯᠡᠰᠦᠩᠭᠦᠢ ᠬᠠᠳᠣᠨ ᠲᠦᠷᠭᠡᠨ᠎ᠡ | ᠲᠦᠷᠭᠡᠨ᠎ᠡ ᠬᠠᠳᠣᠨ ᠪᠤᠯ ᠮᠣᠩᠭᠤᠯ ᠤᠨ ᠲᠡᠤᠬᠡᠨ ᠳᠤ ᠲᠦᠷᠦ ᠪᠠᠷᠢᠭᠰᠡᠨ ᠠᠩᠬᠠᠳᠠᠭᠴᠢ ᠡᠮᠡᠭᠳᠡᠢ ᠪᠣᠯᠣᠨ᠎ᠠ᠃ | ᠲᠡᠷᠡ ᠲᠦᠷᠦ ᠵᠠᠰᠠᠭ ᠶᠢᠨ ᠡᠷᠬᠡ ᠪᠠᠨ ᠪᠠᠬᠢᠵᠢᠭᠦᠯᠬᠦ ᠶᠢᠨ ᠲᠦᠯᠦᠭᠡ ᠤᠯᠤᠰ ᠲᠦᠷᠦ ᠶᠢᠨ ᠬᠡᠳᠦᠷᠮᠡᠬᠡᠢ ᠠᠷᠭ᠎ᠠ ᠶᠢ | ᠬᠡᠷᠡᠭᠯᠡᠨ ᠨᠢᠭᠡ ᠪᠦᠯᠦᠭ ᠭᠠᠪᠢᠶᠠᠳᠣ ᠨᠤᠶᠠᠳ ᠲᠦᠰᠢᠮᠡᠳ ᠢ ᠭᠠᠳᠠᠭᠤᠷᠬᠠᠨ ᠶᠠᠯᠠᠯᠠᠵᠤ᠂ ᠮᠤᠩᠭᠤᠯ ᠬᠠᠭᠠᠨᠳᠣ | ᠲᠦᠷᠦ ᠶᠢᠨ ᠪᠠᠬᠢᠵᠢᠯ ᠳᠤ ᠬᠦᠨᠳᠣ ᠨᠤᠴᠢᠳᠠᠢ ᠨᠦᠯᠦᠭᠡ ᠣᠴᠠᠷᠠᠭᠤᠯᠤᠭᠰᠠᠨ ᠪᠤᠯᠪᠠᠴᠣ ᠡᠷᠬᠡ ᠶᠢ ᠲᠦᠪᠯᠡᠷᠡᠭᠦᠯᠦᠨ | ᠲᠦᠷᠦ ᠭᠦᠷᠦᠨ ᠤ ᠨᠢᠭᠡᠳᠦᠯ ᠢ ᠪᠠᠳᠣᠯᠠᠵᠤ᠂ ᠮᠤᠩᠭᠤᠯ ᠬᠠᠭᠨᠳᠣ ᠲᠦᠷᠦ ᠶᠢᠨ ᠭᠤᠷᠪᠠᠳᠠᠬᠢ ᠬᠠᠭᠠᠨ ᠢ ᠰᠣᠩᠭᠤᠨ | ᠲᠤᠭᠳᠠᠭᠠᠵᠤ ᠵᠠᠯᠭᠠᠮᠵᠢᠯᠠᠭᠤᠯᠤᠭᠰᠠᠨ ᠭᠠᠪᠢᠶ᠎ᠠ ᠲᠠᠢ ᠶᠤᠮ᠃ ᠮᠥᠨ ᠴᠦ ᠴᠢᠩᠭᠢᠰ ᠬᠠᠭᠠᠨ ᠤ ᠲᠤᠭᠳᠠᠭᠠᠭᠰᠠ ᠶᠡᠭᠡ | ᠬᠤᠷᠠᠯᠳᠠᠢ ᠶᠢ ᠭᠠᠳᠠᠭᠰᠢ ᠪᠠᠨ ᠴᠢᠯᠦᠭᠡᠳᠡᠢ ᠨᠡᠭᠡᠭᠡᠵᠤ᠂ ᠲᠡᠯᠡᠬᠡᠢ ᠶᠢᠨ ᠤᠯᠠᠨ ᠤᠯᠤᠰ ᠤᠨ ᠤᠯᠠᠨ ᠲᠠᠯ᠎ᠠ ᠶᠢᠨ | ᠨᠡᠷᠡᠳᠣ ᠬᠦᠮᠦᠰ ᠢ ᠲᠦᠷᠦ ᠶᠢᠨ ᠴᠢᠬᠤᠯᠠ ᠵᠦᠪᠯᠡᠬᠦ ᠳᠤ ᠣᠷᠤᠯᠴᠠᠭᠤᠯᠤᠨ᠂ ᠶᠡᠭᠡ ᠮᠣᠩᠭᠤᠯ ᠬᠠᠭᠠᠨᠳᠣ ᠣᠯᠤᠰ ᠤᠨ | ᠰᠦᠷ ᠬᠦᠴᠦᠨ ᠪᠠ ᠪᠠᠶᠢᠷᠢ ᠰᠠᠭᠤᠷᠢ ᠶᠢ ᠲᠡᠯᠡᠬᠡᠢ ᠳ᠋ᠠᠬᠢᠨ ᠳᠤ ᠠᠯᠳᠠᠷᠰᠢᠭᠤᠯᠤᠭᠰᠠᠨ ᠶᠤᠮ᠃ ᠲᠦᠷᠭᠡᠨ᠎ᠡ ᠬᠠᠳᠣᠨ | ᠪᠤᠯ ᠮᠡᠷᠭᠡᠳ ᠠᠶᠢᠮᠠᠭ ᠤᠨ ᠬᠦᠮᠦᠨ ᠪᠤᠯᠤᠨ᠎ᠠ᠃ ᠲᠡᠷᠡ ᠤᠤᠯ ᠳᠤ ᠪᠠᠨ ᠮᠡᠷᠭᠡᠳ ᠠᠶᠢᠮᠠᠭ ᠤᠨ ᠲᠦᠷᠦᠭᠦᠤ ᠪᠤᠯᠬᠤ | ᠲᠤᠭᠳᠤᠭ᠎ᠠ ᠪᠠᠬᠢ ᠶᠢᠨ ᠠᠬᠠᠮᠠᠳ ᠬᠦᠪᠡᠭᠦᠨ ᠬᠤᠳᠤ ᠶᠢᠨ ᠪᠠᠭ᠎ᠠ ᠬᠠᠳᠣᠨ ᠪᠠᠶᠢᠵᠡᠢ᠃ 1204 ᠤᠨ ᠳᠤ ᠴᠢᠩᠭᠢᠰ | ᠬᠠᠭᠠᠨ ᠮᠣᠩᠭᠤᠯ ᠤᠨ ᠣᠯᠠᠨ ᠠᠶᠢᠮᠠᠭ ᠢᠶᠠᠨ ᠲᠠᠶᠢᠴᠢᠯᠠᠨ ᠬᠠᠷ᠎ᠠ ᠲᠠᠯ᠎ᠠ ᠶᠢᠨ ᠦᠵᠦᠭᠦᠷ ᠭᠡᠳᠡᠭ ᠭᠠᠵᠠᠷ ᠲᠤ | ᠮᠡᠷᠭᠢᠳ ᠠᠶᠢᠮᠠᠭ ᠲᠠᠢ ᠶᠡᠭᠡ ᠪᠠᠶᠢᠷᠢ ᠪᠠᠶᠢᠯᠳᠣᠭᠠᠨ ᠪᠣᠯᠤᠭᠰᠠᠨ ᠳᠤ ᠮᠡᠷᠭᠢᠳ ᠤᠨ ᠲᠤᠭᠳᠤᠭ᠎ᠠ ᠪᠠᠬᠢ ᠲᠠᠶᠢᠨ ᠳᠤ | ᠢᠯᠠᠬᠳᠠᠵᠤ᠂ ᠬᠤᠳᠤ ᠪᠤᠯᠤᠨ ᠴᠢᠯᠠᠭᠤᠨ ᠭᠡᠬᠦ ᠬᠤᠶᠠᠷ ᠬᠦᠪᠡᠭᠦᠨ ᠲᠠᠢ ᠪᠠᠨ ᠴᠦᠭᠡᠨ ᠬᠦᠮᠦᠰ ᠪᠠᠨ ᠲᠠᠭᠠᠭᠤᠯᠣᠨ | ᠲᠣᠳᠠᠭᠠᠵᠤ ᠭᠠᠷᠪᠠ᠃ ᠴᠢᠩᠭᠢᠰ ᠬᠠᠭᠠᠨ ᠲᠠᠶᠢᠨ ᠳᠤ ᠣᠯᠵᠠᠯᠠᠭᠰᠠᠠᠨ ᠮᠡᠷᠭᠢᠳ ᠤᠨ ᠣᠯᠠᠨ ᠦᠬᠢᠳ ᠤᠨ | ᠲᠤᠮᠳᠠ ᠠᠴᠠ ᠬᠤᠳᠤ ᠶᠢᠨ ᠪᠠᠭ᠎ᠠ ᠬᠠᠳᠤᠨ ᠪᠤᠯᠬᠤ ᠲᠦᠷᠭᠡᠨ᠎ᠡ ᠶᠢ ᠣᠯᠵᠤ ᠦᠪᠡᠷ ᠤᠨ ᠭᠤᠷᠪᠠᠳᠣᠭᠠᠷ ᠬᠦᠪᠡᠭᠦᠨ | ᠦᠭᠡᠳᠢ ᠳᠤ ᠪᠠᠨ ᠬᠠᠳᠣᠨ ᠪᠣᠯᠭᠠᠨ ᠱᠠᠩᠨᠠᠵᠡᠢ᠃ | ᠠᠷᠪᠠᠨ ᠲᠠᠪᠤ᠂ ᠲᠤᠳᠣᠷᠬᠠᠢ ᠪᠤᠶᠠᠨᠳᠣ ᠭᠡᠭᠡᠨ ᠮᠡᠷᠭᠡᠨ ᠬᠠᠳᠣᠨ ᠰᠣᠷᠬᠠᠭᠳᠠᠨᠢ ᠪᠠᠬᠢ | ᠰᠣᠷᠬᠠᠭᠳᠠᠨᠢ ᠬᠠᠳᠤᠨ ᠪᠤᠯ ᠴᠢᠩᠭᠢᠰ ᠬᠠᠭᠠᠨ ᠤ ᠤᠳᠬᠤᠨ ᠬᠦᠤ ᠲᠤᠯᠢ ᠶᠢᠨ ᠬᠠᠳᠣᠨ᠃ ᠲᠡᠷᠡ ᠪᠤᠯ | ᠬᠡᠷᠡᠶᠢᠳ ᠤᠨ ᠤᠩ ᠬᠠᠨ ᠤ ᠲᠡᠭᠦᠤ ᠵᠠᠬ᠎ᠠ ᠬᠠᠮᠪᠤ ᠶᠢᠨ ᠪᠠᠭ᠎ᠠ ᠦᠬᠢᠨ ᠪᠤᠯᠤᠨ᠎ᠠ᠃ ᠰᠣᠷᠬᠠᠭᠳᠠᠨᠢ ᠪᠠᠬᠢ | ᠬᠠᠳᠣᠨ ᠠᠴᠠ ᠲᠦᠷᠪᠡᠨ ᠬᠦᠤ ᠲᠦᠷᠦᠪᠡ᠃ ᠡᠨᠡ ᠲᠦᠷᠪᠡᠨ ᠬᠦᠤ ᠨᠢ ᠲᠡᠯᠡᠬᠡᠢ ᠳ᠋ᠠᠬᠢᠨ ᠳᠤ ᠠᠯᠳᠠᠷ ᠨᠡᠷ᠎ᠡ | ᠮᠠᠨᠳᠣᠵᠤ᠂ ᠭᠤᠷᠪᠠ ᠨᠢ ᠬᠠᠭᠠᠨ ᠰᠣᠭᠤᠪᠠ᠃ ᠶᠡᠭᠡ ᠬᠦᠪᠡᠭᠦᠨ ᠮᠦᠩᠬᠡ ᠨᠢ ᠮᠣᠩᠭᠤᠯ ᠬᠠᠭᠠᠨᠳᠣ ᠤᠯᠤᠰ ᠤᠨ | ᠲᠦᠷᠪᠡᠳᠡᠬᠢ ᠬᠠᠭᠠᠨ ᠢᠶᠠᠷ ᠡᠷᠭᠦᠮᠵᠢᠯᠡᠭᠳᠡᠵᠤ᠂ ᠮᠣᠩᠭᠤᠯ ᠤᠨ ᠲᠡᠤᠬᠡᠨ ᠲᠡᠭᠡᠷ᠎ᠡ ᠪᠠᠰᠠ ᠨᠢᠭᠡᠨ ᠰᠢᠵᠢᠷ ᠠᠯᠳᠠᠨ ᠴᠠᠭ | ᠦᠶ᠎ᠡ ᠶᠢ ᠨᠡᠭᠡᠭᠡᠪᠡ᠃ ᠺᠠᠷᠦ᠋ᠹᠦ᠋ᠵᠢ ᠲᠡᠺᠠᠶᠢᠰᠢ᠂ ᠣᠲ᠋ᠡᠭᠧ ᠮᠠᠴᠦ᠋ᠸᠤ᠋ ᠶᠢᠨ ᠪᠢᠴᠢᠭᠰᠡᠨ ︿︿ᠬᠤᠪᠢᠯᠠᠢ ᠬᠠᠭᠠᠨ﹀﹀ | ᠭᠡᠬᠦ ᠨᠤᠮ ᠳᠤ ᠮᠦᠩᠬᠡ ᠬᠠᠭᠠᠨ ᠤ ᠦᠶ᠎ᠡ ᠳᠤ ᠲᠦᠷᠦ ᠲᠦᠪᠰᠢᠨ ᠲᠦᠮᠡᠨ ᠠᠮᠣᠭᠤᠯᠠᠩ ᠪᠠᠶᠢᠳᠠᠯ ᠢ ︿︿ᠡᠶᠢᠮᠤᠷᠬᠦ | ᠪᠠᠶᠢᠳᠠᠯ ᠲᠷᠡ ᠴᠡᠭ ᠢᠶᠠᠷ ᠢᠶᠠᠨ ᠦᠷᠭᠦᠯᠵᠢᠯᠡᠭᠰᠡᠨ ᠪᠤᠯ ᠮᠣᠩᠭᠤᠯ ᠶᠡᠭᠡ ᠬᠠᠭᠠᠨᠳᠣ ᠤᠯᠤᠰ ᠪᠠᠷᠤᠭ ᠲᠦᠭ ᠲᠦᠮᠡᠨ | ᠨᠠᠰᠣᠯᠠᠵᠤ ᠪᠤᠯᠬᠤ ᠪᠠᠶᠢᠭᠰᠠᠨ ᠶᠤᠮ﹀﹀ ᠭᠡᠵᠤ ᠲᠡᠮᠳᠡᠭᠯᠡᠪᠡ᠃ ᠬᠤᠶᠠᠳᠤᠭᠠᠷ ᠬᠦᠪᠡᠭᠦᠨ ᠬᠤᠪᠢᠯᠠᠢ ᠨᠢ ᠲᠣᠮᠳᠠᠳᠣ | ᠣᠷᠤᠨ ᠢ ᠨᠢᠭᠡᠳᠬᠡᠵᠤ᠂ ᠲᠠᠶᠢᠶᠣᠸᠠᠨ ᠣᠯᠤᠰ ᠤᠨ ᠲᠠᠶᠢᠽᠤ ᠬᠠᠭᠠᠨ ᠪᠤᠯᠪᠠ᠃ ᠭᠤᠷᠪᠠᠳᠣᠭᠠᠷ ᠬᠦᠪᠡᠭᠦᠨ ᠬᠦᠯᠦᠭ | ︵ᠦᠯᠡᠬᠦ︶ ᠨᠢ ᠢᠯ ᠬᠠᠭᠠᠨᠳᠣ ᠤᠯᠤᠰ ᠢ ᠪᠠᠶᠢᠭᠤᠯᠤᠨ ᠬᠠᠭᠠᠨ ᠰᠠᠭᠤᠪᠠ᠃ ᠣᠳᠬᠤᠨ ᠬᠦᠪᠡᠭᠦᠨ | ᠠᠷᠢᠭᠪᠤᠬ᠎ᠠ ᠨᠢ ᠮᠤᠩᠭᠤᠯ ᠨᠤᠳᠤᠭ ᠢᠶᠠᠨ ᠡᠵᠡᠯᠡᠨ ᠰᠠᠭᠤᠭᠰᠠᠨ ᠪᠠᠶᠢᠨ᠎ᠠ᠃ ᠰᠣᠷᠬᠠᠭᠳᠠᠨᠢ ᠪᠠᠬᠢ ᠬᠠᠳᠣᠨ ᠭᠤᠶᠣ | ᠦᠵᠡᠰᠭᠦᠯᠡᠩ᠂ ᠰᠡᠴᠡᠨ ᠰᠡᠷᠭᠦᠯᠡᠩ ᠮᠦᠷᠳᠡᠭᠡᠨ ᠣᠬᠠᠭᠠᠨ ᠪᠤᠳᠤᠯᠭ᠎ᠠ ᠭᠦᠨ᠂ ᠨᠠᠶᠢᠷ ᠰᠡᠳᠬᠢᠯᠭᠡ ᠵᠣᠵᠠᠭᠠᠨ᠂ | ᠪᠠᠭᠳᠠᠭᠠᠮᠵᠢ ᠶᠡᠭᠡ ᠲᠠᠢ ᠪᠠᠶᠢᠳᠠᠭ ᠢᠶᠠᠷ ᠢᠶᠠᠨ ᠲᠡᠯᠡᠬᠡᠢ ᠳ᠋ᠠᠬᠢᠨ ᠳᠤ ᠠᠯᠳᠠᠷᠰᠢᠪᠠ᠃ ᠦᠭᠡᠳᠡᠢ ᠬᠠᠭᠠᠨ ᠲᠡᠭᠦᠨ ᠤ | ᠡᠷᠬᠢᠮ ᠲᠡᠭᠡᠳᠤ ᠵᠠᠩ ᠴᠢᠨᠠᠷ ᠬᠢᠭᠳ ᠤᠬᠠᠭᠠᠨ ᠪᠤᠳᠤᠯᠭ᠎ᠠ ᠶᠡᠭᠡ ᠶᠢ ᠪᠢᠰᠢᠷᠠᠵᠤ᠂ ᠲᠦᠷᠦ ᠭᠦᠷᠦᠨ ᠤ ᠴᠢᠬᠤᠯᠠ | ᠶᠡᠭᠡ ᠬᠡᠷᠡᠭ ᠶᠠᠪᠤᠳᠠᠯ ᠤᠳ ᠢ ᠲᠡᠭᠦᠨ ᠲᠠᠢ ᠵᠦᠪᠳᠡᠳᠡᠭ ᠪᠤᠯᠤᠭᠰᠠᠨ ᠶᠤᠮ᠃ | ᠠᠷᠪᠠᠨ ᠵᠢᠷᠭᠤᠭ᠎ᠠ᠂ ᠰᠠᠶᠢᠨ ᠬᠠᠳᠣᠨ ᠪᠤᠷᠤᠭᠴᠢᠨ ᠭᠤᠸ᠎ᠠ | ᠪᠤᠷᠤᠭᠴᠢᠨ ᠭᠤᠸ᠎ᠠ ᠬᠠᠳᠣᠨ ᠪᠤᠯ ᠪᠠᠳᠣ ᠬᠠᠭᠠᠨ ᠤ ᠶᠡᠭᠡ ᠬᠠᠳᠣᠨ ᠪᠤᠯᠤᠨ᠎ᠠ᠃ ᠲᠡᠷᠡ ᠪᠠᠷ ᠭᠤᠶᠣ | ᠭᠡᠭᠡᠨᠴᠢᠷ ᠮᠦᠷᠳᠡᠭᠡᠨ ᠠᠭᠤᠳᠠᠮᠴᠢ ᠪᠠᠭᠳᠠᠭᠠᠮᠵᠢᠳᠠᠢ ᠬᠠᠳᠣᠨ ᠪᠠᠶᠢᠵᠤ᠂ ᠬᠢᠪᠴᠠᠭ ᠬᠠᠭᠠᠨᠳᠣ ᠤᠯᠤᠰ ᠲᠤ | ᠬᠦᠨᠳᠦᠳᠬᠡᠯᠳᠡᠢ ᠬᠠᠳᠣᠨ ᠪᠤᠯᠤᠭᠰᠠᠨ ᠪᠠᠷᠠᠬᠤ ᠦᠭᠡᠢ ᠶᠡᠭᠡ ᠮᠤᠩᠭᠤᠯ ᠬᠭᠠᠨᠳᠣ ᠤᠯᠤᠰ ᠲᠤ ᠴᠦ ᠲᠡᠭᠡᠭᠦᠷ | ᠪᠠᠶᠢᠷᠢ ᠲᠠᠢ ᠦᠨᠡᠯᠡᠭᠳᠡᠵᠤ ᠪᠠᠶᠢᠭᠰᠠᠨ ᠶᠤᠮ᠃ ᠮᠤᠩᠭᠤᠯ ᠤᠨ ᠲᠡᠤᠬᠡᠨ ᠳᠤ᠂ ᠲᠤᠩ ᠤᠯᠠᠨ ᠰᠢᠯᠭᠠᠷᠭ᠍ᠰᠠᠨ ᠮᠤᠩᠭᠤᠯ | ᠡᠮᠡᠭᠳᠡᠶᠢᠴᠣᠳ ᠲᠦᠷᠦ ᠶᠢᠨ ᠡᠷᠬᠡ ᠠᠳᠬᠤᠵᠤ ᠦᠩᠭᠡᠷᠡᠭᠰᠡᠨ ᠪᠦᠭᠡᠳ ᠮᠤᠩᠭᠤᠯ ᠤᠨ ᠨᠡᠶᠢᠭᠡᠮ ᠲᠡᠤᠬᠡ ᠪᠠ ᠡᠪ | ᠪᠦᠮᠬᠦᠮᠳᠡᠯ ᠳᠤ ᠪᠠᠯᠠᠷᠠᠰᠢ ᠦᠭᠡᠢ ᠭᠠᠪᠢᠶ᠎ᠠ ᠵᠢᠳᠬᠦᠯ ᠪᠠᠶᠢᠭᠤᠯᠤᠭᠰᠠᠨ ᠶᠤᠮ᠃ ᠪᠤᠷᠤᠭᠴᠢᠨ ᠭᠤᠸ᠎ᠠ ᠬᠠᠳᠤᠨ ᠪᠤᠯ | ᠡᠳᠡᠭᠡᠷ ᠰᠢᠯᠭᠠᠷᠠᠭᠰᠠᠨ ᠮᠤᠩᠭᠤᠯ ᠡᠮᠡᠭᠳᠡᠶᠢᠴᠣᠳ ᠤᠨ ᠲᠣᠳᠣᠷᠠᠬᠢ ᠨᠢᠭᠡ ᠪᠤᠯᠤᠨ᠎ᠠ᠃ ᠲᠡᠷᠡ ᠪᠠᠳᠣ ᠬᠠᠭᠠᠨ ᠤ | ᠲᠦᠷᠦ ᠶᠢᠨ ᠦᠢᠯᠡ ᠳᠤ ᠰᠢᠭᠤᠳ ᠣᠷᠤᠯᠴᠠᠵᠤ᠂ ᠣᠯᠠᠨ ᠰᠠᠶᠢᠬᠠᠨ ᠤᠬᠠᠭᠠᠨ ᠪᠤᠳᠤᠯᠭ᠎ᠠ ᠡᠷᠭᠦᠵᠤ᠂ ᠠᠯᠳᠠᠨ | ᠣᠷᠳᠣᠳᠣ ᠬᠠᠭᠠᠨᠳᠣ ᠣᠯᠤᠰ ᠤᠨ ᠲᠦᠷᠦ ᠶᠢᠨ ᠡᠷᠬᠡ ᠶᠢ ᠪᠠᠬᠢᠵᠢᠭᠦᠯᠬᠦ᠂ ᠤᠯᠤᠰ ᠭᠡᠷ ᠤᠨ ᠡᠩᠬᠡ ᠲᠦᠪᠰᠢᠨ ᠢ | ᠪᠠᠳᠣᠯᠠᠬᠤ ᠳᠤ ᠭᠢᠯᠠᠯᠵᠠᠭᠰᠠᠨ ᠣᠯᠠ ᠮᠦᠷ ᠢᠶᠠᠨ ᠦᠯᠡᠳᠡᠭᠡᠭᠰᠡᠨ ᠶᠤᠮ᠃ ᠪᠤᠷᠤᠭᠴᠢᠨ ᠭᠤᠸ᠎ᠠ ᠲᠦᠷᠦ ᠶᠢᠨ | ᠡᠷᠬᠡ ᠶᠢ ᠠᠳᠬᠤᠭᠰᠠᠨ ᠤ ᠲᠠᠷᠠᠭ᠎ᠠ ᠴᠦ ᠣᠯᠠᠨ ᠰᠠᠶᠢᠬᠠᠨ ᠪᠤᠳᠤᠯᠭ᠎ᠠ ᠶᠢ ᠬᠡᠷᠡᠭᠵᠢᠭᠦᠯᠵᠤ ᠲᠦᠷᠦ ᠲᠦᠮᠡᠨ ᠳᠡᠭᠡᠨ | ᠠᠯᠳᠠᠷᠰᠢᠵᠤ ᠶᠠᠪᠣᠭᠰᠠᠨ ᠶᠤᠮ᠃ ᠲᠡᠷᠡ ᠪᠤᠯ ᠪᠠᠳᠣ ᠬᠠᠭᠠᠨ ᠤ ᠰᠠᠶᠢᠨ ᠵᠦᠪᠯᠡᠭᠴᠢ ᠮᠦᠷᠳᠡᠭᠡᠨ ᠰᠢᠯᠭᠠᠷᠠᠭᠰᠠᠨ | ᠵᠠᠯᠭᠠᠮᠵᠢᠯᠠᠭᠴᠢ ᠨᠢ ᠪᠤᠯᠤᠨ᠎ᠠ᠃ | ᠠᠷᠪᠠᠨ ᠲᠤᠯᠤᠭ᠎ᠠ᠂ ᠤᠤᠭᠠᠯ ᠬᠠᠶᠢᠮᠢᠰᠢ ᠬᠠᠳᠣᠨ | ᠮᠣᠩᠭᠤᠯ ᠬᠠᠭᠠᠨᠳᠣ ᠤᠯᠤᠰ ᠤᠨ ᠲᠡᠤᠬᠡᠨ ᠳᠤ᠂ ᠣᠣᠭᠠᠯ ᠬᠠᠶᠢᠮᠢᠰᠢ ᠬᠠᠳᠣᠨ ᠪᠤᠯ ᠲᠦᠷᠦ ᠶᠢᠨ ᠡᠷᠬᠡ ᠶᠢ | ᠠᠳᠬᠤᠭᠰᠠᠨ ᠬᠤᠶᠠᠳᠠᠭᠴᠢ ᠡᠮᠡᠭᠳᠡᠢ᠃ ᠬᠦᠶᠦᠭ ᠬᠠᠭᠠᠨ ᠨᠠᠰᠣ ᠪᠠᠷᠠᠭᠰᠠᠨ ᠤ ᠲᠠᠷᠠᠭ᠎ᠠ᠂ ᠬᠠᠭᠠᠨ ᠰᠠᠭᠤᠷᠢᠨ ᠢ | ᠵᠠᠯᠭᠠᠮᠵᠢᠯᠠᠬᠤ ᠲᠤᠬᠢᠳᠠᠢ ᠬᠦᠮᠦᠨ ᠢ ᠰᠣᠩᠭᠤᠨ ᠲᠤᠭᠳᠠᠭᠠᠬᠤ ᠠᠴᠠ ᠡᠮᠦᠨ᠎ᠡ᠂ ᠲᠡᠷᠡ ᠶᠡᠭᠡ ᠮᠣᠩᠭᠤᠯ ᠬᠠᠭᠠᠨᠳᠣ | ᠤᠯᠤᠰ ᠢ ᠵᠠᠰᠠᠭᠯᠠᠵᠤ ᠶᠠᠪᠣᠭᠰᠠᠨ ᠠᠪᠢᠶᠠᠰᠯᠢᠭ ᠤᠯᠤᠰ ᠲᠦᠷᠦᠴᠢᠨ ᠡᠮᠡᠭᠳᠡᠢ ᠪᠤᠯᠤᠨ᠎ᠠ᠃ | ᠠᠷᠪᠠᠨ ᠨᠠᠢᠮᠠ᠂ ᠭᠡᠭᠡᠨ ᠮᠡᠷᠭᠡᠨ ᠡᠶᠡᠪᠡᠷᠭᠦᠤ ᠪᠤᠭᠳᠠ ᠬᠠᠳᠣᠨ ᠴᠢᠮᠪᠠᠢ | ᠴᠢᠮᠪᠠᠢ ︵ᠪᠠᠰᠠ ᠴᠢᠮᠪᠤᠢ᠂ ᠴᠠᠮᠪᠢ ᠭᠡᠳᠡᠭ︶ ᠬᠠᠳᠤᠨ ᠪᠤᠯ ᠮᠣᠩᠭᠤᠯ ᠤᠨ ᠲᠡᠤᠬᠡ ᠶᠢ ᠭᠡᠶᠢᠭᠦᠯᠦᠭᠰᠡᠨ ᠪᠠᠰᠠ | ᠨᠢᠭᠡ ᠭᠡᠭᠡᠨ ᠮᠡᠷᠭᠡᠨ ᠡᠮᠡᠭᠳᠡᠢ ᠪᠤᠯᠤᠨ᠎ᠠ᠃ ᠲᠡᠷᠡ ᠶᠡᠭᠡ ᠶᠤᠸᠠᠨ ᠤᠯᠤᠰ ᠤᠨ ᠭᠤᠤᠯ ᠤᠷᠳᠤᠨ ᠤᠨ ᠬᠠᠳᠣᠨ ᠪᠤᠯᠵᠤ | ᠶᠠᠪᠤᠬᠤ ᠳᠤ ᠪᠠᠨ ᠬᠤᠪᠢᠯᠠᠢ ᠰᠡᠴᠡᠨ ᠬᠠᠭᠠᠨ ᠵᠢᠴᠢ ᠲᠦᠷᠦ ᠶᠢᠨ ᠨᠤᠶᠠᠳ ᠲᠦᠰᠢᠮᠡᠳ ᠢ ᠶᠡᠬᠡᠬᠡᠨ ᠨᠦᠯᠦᠭᠡᠯᠡᠵᠤ᠂ | ᠶᠡᠭᠡ ᠶᠣᠸᠠᠨ ᠤᠯᠤᠰ ᠤᠨ ᠲᠤᠭᠳᠠᠭᠤᠨ ᠪᠠᠶᠢᠳᠠᠯ ᠢ ᠬᠠᠮᠠᠭᠠᠯᠠᠵᠤ᠂ ᠶᠡᠭᠡ ᠶᠤᠸᠠᠨ ᠤᠯᠤᠰ ᠤᠨ ᠴᠡᠴᠡᠭᠯᠡᠨ | ᠬᠦᠭᠵᠢᠯᠳᠡ ᠶᠢ ᠪᠡᠶᠡᠯᠡᠭᠦᠯᠬᠦ ᠳᠤ ᠠᠰᠣᠷᠤ ᠶᠡᠭᠡ ᠵᠢᠳᠭᠦᠯ ᠦᠵᠡᠭᠦᠯᠦᠨ᠂ ᠦᠶ᠎ᠡ ᠦᠶ᠎ᠡ ᠶᠢᠨ ᠬᠦᠮᠦᠰ ᠤᠨ | ᠲᠠᠭᠤᠷᠢᠶᠠᠯ ᠪᠤᠯᠵᠤ ᠪᠠᠶᠢᠭᠰᠠᠨ ᠶᠤᠮ᠃ ᠴᠢᠮᠪᠠᠢ ᠬᠠᠳᠣᠨ ᠣᠬᠠᠭᠠᠨ ᠰᠡᠷᠭᠦᠯᠡᠩ᠂ ᠰᠡᠳᠬᠢᠯᠭᠡ ᠭᠦᠨ᠂ ᠣᠷᠠᠨ | ᠠᠪᠢᠶᠠᠰᠯᠢᠭ᠂ ᠠᠵᠢᠯᠴᠢ ᠪᠤᠷᠤᠭᠵᠢᠭᠤᠨ᠂ ᠲᠦᠪ ᠭᠤᠤᠯᠴᠢ ᠠᠷᠪᠢᠴᠢ ᠭᠠᠮᠴᠢ ᠵᠡᠷᠭᠡ ᠲᠡᠭᠦᠰ ᠭᠤᠸ᠎ᠠ ᠰᠢᠯᠢᠳᠡᠭ | ᠰᠣᠷᠳᠠᠯ ᠢ ᠪᠦᠷᠢᠯᠳᠦᠭᠦᠯᠦᠭᠰᠡᠨ ᠮᠦᠷᠳᠡᠭᠡᠨ ᠣᠯᠤᠰ ᠲᠦᠷᠦ ᠶᠢᠨ ᠬᠤᠯᠠ ᠬᠠᠷᠠᠴᠠ ᠲᠠᠢ ᠡᠮᠡᠭᠳᠡᠢ ᠪᠠᠶᠢᠭᠰᠠᠨ | ᠪᠣᠯᠬᠤᠷ ᠬᠠᠭᠠᠨᠳᠣ ᠲᠦᠷ ᠨᠣᠶᠠᠳ ᠰᠠᠶᠢᠳ ᠠᠴᠠ ᠠᠷᠠᠳ ᠢᠷᠭᠡᠳ ᠲᠤ ᠬᠦᠷᠳᠡᠯ᠎ᠡ ᠶᠡᠬᠡᠳᠡ ᠲᠠᠭᠠᠯᠠᠭᠳᠠᠨ | ᠬᠦᠨᠳᠦᠳᠬᠡᠭᠳᠡᠵᠤ᠂ ᠪᠤᠰᠣᠳ ᠠᠴᠠ ᠴᠣᠯᠭᠤᠷᠠᠭᠰᠠᠨ ᠡᠷᠬᠢᠮᠲᠡᠭᠡᠳᠣ ᠦᠢᠯᠡ ᠠᠵᠢᠯᠯᠠᠭ᠎ᠠ ᠨᠢ ︿︿ᠶᠤᠸᠠᠨ ᠤ ᠰᠣᠳᠣᠷ | ﹀﹀ ᠪᠤᠶᠤ ᠬᠠᠮᠢᠶ᠎ᠠ ᠪᠦᠬᠦᠢ ᠲᠡᠤᠬᠡ ᠱᠠᠰᠳᠠᠷ ᠲᠠᠢ ᠣᠯᠠᠨᠳᠠ ᠲᠡᠮᠳᠡᠭᠯᠡᠭᠳᠡᠵᠤ᠂ ᠭᠠᠳᠠᠭᠠᠳᠣ ᠲᠤᠳᠣᠭᠠᠳᠣ ᠶᠢᠨ ᠣᠯᠠᠨ | ᠲᠡᠤᠬᠡᠴᠢᠨ ᠲᠡᠭᠦᠨ ᠢ ᠬᠡᠮᠵᠢᠶ᠎ᠡ ᠪᠠᠷ ᠦᠨᠡᠯᠡᠭᠰᠡᠨ ᠪᠠᠶᠢᠳᠠᠭ᠃ ᠲᠡᠶᠢᠮᠤ ᠶᠢᠨ ᠲᠤᠯᠠ ᠴᠢᠮᠪᠠᠢ ᠬᠠᠳᠣᠨ ᠮᠣᠩᠭᠤᠯ ᠤᠨ | ᠲᠡᠤᠬᠡᠨ ᠳᠤ ᠠᠯᠳᠠᠷᠰᠢᠵᠤ᠂ ᠬᠦᠮᠦᠰ ︿︿ᠭᠡᠭᠡᠨ ᠮᠡᠷᠭᠡᠨ ᠬᠠᠳᠣᠨ﹀﹀ ᠭᠡᠮᠡᠨ ᠬᠦᠨᠳᠦᠳᠬᠡᠨ ᠲᠡᠭᠡᠳᠦᠯᠡᠵᠤ | ᠢᠷᠡᠭᠰᠡᠨ ᠶᠤᠮ᠃ ᠴᠢᠮᠪᠠᠢ ᠬᠠᠳᠣᠨ ᠪᠤᠯ ᠪᠤᠱᠤᠭ ᠬᠤᠩᠭᠢᠷᠠᠳ ᠠᠶᠢᠮᠠᠭ ᠤᠨ ᠬᠦᠮᠦᠨ᠂ ᠤᠯᠤᠰ ᠤᠨ ᠨᠠᠭᠠᠴᠣ | ᠠᠯᠴᠢ ᠶᠢᠨ ᠦᠬᠢᠨ ᠪᠤᠯᠤᠨ᠎ᠠ᠃ | ᠠᠷᠪᠠᠨ ᠶᠢᠰᠣ᠂ ᠲᠦᠷᠦ ᠬᠠᠮᠢᠶᠠᠷᠣᠭᠴᠢ ᠤᠷᠭᠠᠨ᠎ᠠ ᠬᠠᠳᠣᠨ | ᠤᠷᠭᠠᠨ᠎ᠠ ᠬᠠᠳᠣᠨ ᠪᠤᠯ ᠴᠠᠭᠠᠳᠠᠢ ᠶᠢᠨ ᠬᠦᠤ ᠬᠠᠬᠠ ᠬᠦᠯᠦᠭ ︵ᠬᠠᠷ᠎ᠠ ᠦᠯᠡᠬᠦ︶ ᠤᠨ ᠬᠠᠳᠣᠨ ᠪᠤᠯᠤᠨ᠎ᠠ᠃ | ᠤᠷᠭᠠᠨ᠎ᠠ ᠬᠠᠳᠣᠨ ᠣᠬᠠᠭᠠᠨ ᠴᠢᠳᠠᠯ ᠦᠩᠭᠡ ᠵᠢᠰᠣ ᠪᠦᠷᠢᠳᠦᠭᠰᠡᠨ ᠪᠦᠭᠡᠳ ᠬᠤᠯᠠ ᠶᠢᠨ ᠪᠤᠳᠤᠯᠭ᠎ᠠ ᠲᠠᠢ ᠭᠡᠮᠡᠨ | ᠮᠤᠩᠭᠤᠯ ᠲᠠᠶᠠᠭᠠᠷ ᠲᠤ ᠮᠠᠭᠳᠠᠭᠳᠠᠵᠤ᠂ 1252 — 1261 ᠤᠨ ᠬᠦᠷᠳᠡᠯ᠎ᠡ ᠠᠷᠪᠠᠨ ᠵᠢᠯ ᠲᠦᠷᠦ ᠪᠠᠷᠢᠪᠠ᠃ | ᠣᠷᠭᠠᠨᠠ ᠬᠠᠳᠣᠨ ᠪᠤᠯ ᠮᠤᠩᠭᠤᠯ ᠦᠨᠳᠣᠰᠦᠳᠡᠨ ᠤ ᠲᠡᠤᠬᠡᠨ ᠲᠡᠭᠡᠷᠡᠬᠢ ᠨᠢᠭᠡᠨ ᠭᠠᠷᠮᠠᠭᠠᠢ ᠡᠮᠡᠭᠳᠡᠢ ᠤᠯᠤᠰ | ᠲᠦᠷᠦᠴᠢᠨ ᠪᠣᠯᠤᠨ᠎ᠠ᠃ ᠵᠠᠰᠠᠭ ᠪᠠᠷᠢᠵᠤ ᠪᠠᠶᠢᠭᠰᠠᠨ ᠬᠤᠭᠤᠴᠠᠭᠠᠨ ᠳᠤ᠂ ᠤᠯᠤᠰ ᠲᠦᠷᠦ ᠶᠢᠨ ᠬᠢᠮᠣᠷᠠᠯ ᠭᠠᠷᠴᠣ | ᠴᠠᠭ ᠤᠨ ᠪᠠᠶᠢᠳᠠᠯ ᠲᠦᠢᠯ ᠤᠨ ᠣᠷᠪᠠᠭᠠᠨ ᠬᠦᠷᠪᠡᠭᠡᠨ ᠲᠠᠢ ᠪᠠᠶᠢᠭᠰᠠᠨ ᠴᠦ᠂ ᠲᠡᠷᠡ ᠪᠠᠷ ᠪᠣᠰᠣᠳ | ᠡᠮᠡᠭᠳᠡᠶᠢᠴᠣᠳ ᠲᠤ ᠪᠠᠶᠢᠭ᠎ᠠ ᠦᠭᠡᠢ ᠶᠡᠷᠣ ᠪᠣᠰᠣ ᠶᠢᠨ ᠤᠬᠠᠭᠠᠨ ᠪᠣᠳᠤᠯᠭ᠎ᠠ ᠪᠠᠷ ᠴᠠᠭᠠᠳᠠᠢ ᠬᠠᠭᠠᠨᠳᠣ | ᠣᠯᠤᠰ ᠤᠨ ᠢᠶᠠᠨ ᠠᠰᠢᠭ ᠲᠣᠰᠠ ᠶᠢ ᠬᠠᠮᠠᠭᠠᠯᠠᠵᠤ᠂ ᠲᠦᠯ ᠣᠭᠰᠠᠭᠠᠨ ᠤ ᠲᠤᠳᠤᠷᠠᠬᠢ ᠬᠤᠷᠴᠠ ᠰᠢᠷᠦᠭᠦᠨ | ᠵᠦᠷᠢᠴᠡᠯ ᠮᠦᠷᠭᠦᠯᠳᠦᠭᠡᠨ ᠢ ᠭᠤᠣᠯᠴᠢ ᠪᠠᠷ ᠰᠰᠢᠳᠪᠤᠷᠢᠯᠠᠨ᠂ ᠲᠦᠷᠦ ᠤᠯᠤᠰ ᠤᠨ ᠢᠶᠠᠨ ᠲᠤᠭᠳᠠᠭᠤᠨ ᠪᠠᠶᠢᠳᠠᠯ ᠢ | ᠬᠠᠮᠠᠭᠠᠯᠠᠵᠤ ᠪᠠᠶᠢᠵᠡᠢ᠃ | ᠬᠤᠷᠢ᠂ ᠬᠤᠳᠠᠯᠠ ᠴᠠᠭᠠᠨ ᠭᠦᠩᠵᠤ ᠠᠶᠠᠷᠤᠭ | ᠠᠶᠠᠷᠤᠭ ᠪᠤᠯ ᠦᠭᠡᠳᠡᠢ ᠬᠠᠭᠠᠨ ᠤ ᠲᠠᠪᠣᠳᠣᠭᠠᠷ ᠬᠦᠪᠡᠭᠦᠨ ᠬᠠᠰᠢᠨ ᠤ ᠬᠦᠤ ᠬᠠᠶᠢᠳᠣ ᠶᠢᠨ ᠦᠬᠢᠨ᠃ | ᠲᠡᠷᠡ ᠬᠠᠷᠠᠬᠠᠨ ᠪᠠᠭ᠎ᠠ ᠠᠴᠠ ᠪᠠᠨ ᠡᠴᠢᠭᠡ ᠪᠠᠨ ᠲᠠᠭᠠᠵᠤ ᠲᠠᠶᠢᠨ ᠪᠠᠶᠢᠯᠳᠣᠭᠠᠨ ᠳᠤ ᠤᠷᠤᠬᠤ ᠪᠤᠶᠤ ᠠᠪᠠ ᠠᠩ ᠳᠤ | ᠶᠠᠪᠤᠳᠠᠭ ᠪᠤᠯᠬᠤᠷ ᠡᠷᠡᠮᠡᠬᠡᠢ ᠬᠡᠤᠬᠡᠨ ᠪᠤᠯᠵᠡᠢ᠂ ᠲᠡᠭᠦᠨ ᠳᠤ ᠢᠯᠠᠭᠳᠠᠰᠢ ᠦᠭᠡᠢ ᠶᠡᠭᠡ ᠪᠢᠷ᠎ᠠ ᠴᠢᠳᠠᠯ ᠲᠠᠢ ᠪᠤᠯᠬᠤᠷ | ᠲᠡᠭᠦᠨ ᠢ ᠪᠠᠶᠢᠯᠳᠣᠵᠤ ᠲᠡᠶᠢᠯᠦᠭᠰᠡᠨ ᠬᠦᠮᠦᠨ ᠬᠠᠷᠠᠬᠠᠨ ᠭᠠᠷᠣᠭᠰᠠᠨ ᠦᠭᠡᠢ᠃ ᠲᠡᠷᠡ ᠣᠯᠠᠨ ᠠᠷᠪᠢᠨ ᠨᠡᠷᠡᠳᠣ | ᠪᠦᠬᠡᠴᠣᠳ ᠢ ᠬᠠᠶᠠᠵᠤ ᠤᠷᠬᠢᠭᠰᠡᠨ ᠭᠡᠳᠡᠭ᠃ ᠢᠩᠬᠢᠭᠡᠳ ᠮᠤᠩᠭᠤᠯ ᠤᠨ ᠲᠡᠤᠬᠡᠨ ᠳᠤ ︿︿ᠬᠤᠳᠠᠯᠠ ᠴᠠᠭᠠᠨ | ᠭᠦᠩᠵᠤ﹀﹀ ᠭᠡᠮᠡᠨ ᠠᠯᠳᠠᠷᠰᠢᠪᠠ᠃ | ᠬᠤᠷᠢᠨ ᠨᠢᠭᠡ᠂ ᠠᠭᠤᠤ ᠦᠷᠦᠰᠢᠶᠡᠩᠭᠦᠢ ᠦᠭᠭᠢᠶᠡᠮᠦᠷ ᠡᠯᠪᠡᠭ ᠪᠤᠭᠳᠠ ᠬᠠᠳᠣᠨ ᠬᠦᠬᠡᠴᠢᠨ | ᠬᠦᠬᠡᠴᠢᠨ ᠬᠠᠳᠣᠨ ᠪᠤᠯ ᠶᠡᠭᠡ ᠶᠤᠸᠠᠨ ᠤᠯᠤᠰ ᠤᠨ ᠲᠡᠤᠬᠡᠨ ᠲᠡᠭᠡᠷ᠎ᠡ ︿︿ᠲᠦᠷᠦ ᠶᠢᠨ ᠲᠦᠰᠢᠶ᠎ᠡ ᠬᠠᠳᠣᠨ | ﹀﹀ ᠭᠡᠮᠡᠬᠦ ᠠᠯᠳᠠᠷ ᠢ ᠬᠦᠷᠳᠡᠭᠰᠡᠨ ᠭᠠᠷᠮᠠᠭᠠᠢ ᠣᠯᠤᠰ ᠲᠦᠷᠦᠴᠢᠨ ᠪᠤᠯᠤᠨ᠎ᠠ᠃ ᠲᠡᠷᠡ ᠲᠦᠷᠦᠯᠬᠢ ᠶᠢᠨ ᠰᠡᠴᠡᠨ | ᠰᠡᠷᠭᠦᠯᠡᠩ᠂ ᠪᠤᠳᠤᠯᠭ᠎ᠠ ᠭᠦᠨ᠂ ᠲᠦᠪ ᠢ ᠪᠠᠷᠢᠮᠳᠠᠯᠠᠳᠠᠭ ᠭᠤᠤᠯᠴᠢ ᠴᠢᠬᠡᠴᠢ ᠬᠠᠳᠣᠨ ᠪᠠᠶᠢᠵᠤ᠂ ᠲᠦᠷᠦ ᠶᠢᠨ | ᠦᠢᠯᠡ ᠳᠤ ᠴᠢᠳᠠᠮᠠᠭᠠᠢ ᠪᠠᠶᠢᠳᠠᠭ ᠢᠶᠠᠷ ᠢᠶᠠᠨ ᠨᠡᠷ᠎ᠡ ᠠᠯᠳᠠᠷᠰᠢᠨ ᠬᠠᠭᠠᠨ ᠣᠭᠰᠠᠭ᠎ᠠ ᠪᠠ ᠲᠦᠰᠢᠮᠡᠳ ᠰᠠᠶᠢᠳ᠂ | ᠠᠷᠠᠳ ᠢᠷᠭᠡᠳ ᠤᠨ ᠬᠦᠨᠳᠦᠳᠬᠡᠯ ᠪᠢᠰᠢᠷᠡᠯ ᠢ ᠤᠯᠤᠭᠰᠠᠨ ᠶᠤᠮ᠃ ᠲᠡᠷᠡ᠂ ᠬᠤᠪᠢᠯᠡᠢ ᠬᠠᠭᠠᠨ ᠤᠨ ᠲᠠᠷᠠᠭᠠᠪᠠᠷ | ᠬᠠᠭᠠᠰ ᠵᠢᠯ ᠲᠦᠷᠦ ᠪᠠᠷᠢᠵᠤ᠂ ᠲᠦᠷᠦ ᠲᠦᠮᠡᠨ ᠤ ᠬᠦᠷᠢᠶᠡᠯᠡᠯ ᠢ ᠤᠯᠵᠤ ᠪᠠᠶᠢᠭᠰᠠᠨ ᠪᠦᠭᠡᠳ ᠦᠢᠯᠵᠡᠶᠢᠳᠣ ᠬᠠᠭᠠᠨ | ᠬᠠᠶᠢᠰᠠᠩ ᠬᠦᠯᠦᠭ ᠬᠠᠭᠠᠨ ᠤ ᠦᠶ᠎ᠡ ᠳᠤ᠂ ᠲᠦᠷᠦ ᠶᠢᠨ ᠲᠦᠰᠢᠶ᠎ᠡ ᠣᠯᠤᠰ ᠤᠨ ᠡᠬᠡ ᠪᠤᠯᠵᠤ᠂ ᠲᠦᠷᠦ | ᠤᠯᠤᠰ ᠤᠨ ᠣᠯᠠᠨ ᠬᠡᠷᠡᠭ ᠢ ᠲᠣᠭᠳᠠᠭᠠᠬᠤ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠵᠤ᠂ ᠮᠣᠩᠭᠤᠯ ᠡᠮᠡᠭᠳᠡᠢ | ᠶᠢᠨ ᠴᠣᠯᠭᠤᠷᠠᠭᠰᠠᠨ ᠠᠯᠳᠠᠷ ᠢ ᠬᠦᠬᠡ ᠰᠣᠳᠣᠷ ᠲᠤ ᠲᠡᠮᠳᠡᠭᠯᠡᠭᠦᠯᠦᠭᠰᠡᠨ ᠶᠤᠮ᠃ ᠬᠦᠬᠡᠴᠢᠨ ᠬᠠᠳᠣᠨ ᠪᠣᠯ | ᠬᠤᠩᠭᠢᠷᠠᠳ ᠠᠶᠢᠮᠠᠭ ᠤᠨ ᠬᠦᠮᠦᠨ᠂ ᠪᠠᠰᠠ ᠪᠠᠶᠢᠯᠠᠮ ᠡᠭᠡᠴᠢ ᠭᠡᠳᠡᠭ᠃ ᠲᠡᠷᠡ ᠴᠢᠩᠭᠢᠮ ᠲᠠᠢ ᠬᠤᠷᠢᠮᠯᠠᠭᠠᠳ | ᠭᠤᠷᠪᠠᠨ ᠬᠦᠪᠡᠭᠦᠨ ᠲᠠᠢ ᠪᠤᠯᠪᠠ᠃ ᠲᠠᠷᠦᠢ ᠭᠠᠮᠠᠯᠠ᠂ ᠲᠠᠷᠠᠮᠪᠠᠯᠠ᠂ ᠲᠡᠮᠦᠷ ᠪᠤᠯᠤᠨ᠎ᠠ᠃ ᠲᠡᠮᠦᠷ ᠨᠢ ᠬᠤᠪᠢᠯᠠᠢ | ᠬᠠᠭᠠᠨ ᠤ ᠰᠠᠭᠤᠷᠢᠨ ᠢ ᠵᠠᠯᠭᠠᠮᠵᠢᠯᠠᠭᠰᠠᠨ ᠦᠯᠵᠡᠶᠢᠳᠣ ᠬᠠᠭᠠᠨ ᠪᠤᠯᠤᠨ᠎ᠠ᠃ | ᠬᠤᠷᠢᠨ ᠬᠤᠶᠠᠷ᠂ ᠪᠤᠯᠤᠭᠠᠨ ᠬᠠᠳᠣᠨ | ᠪᠤᠯᠤᠭᠠᠨ ᠬᠠᠳᠣᠨ ᠪᠤᠯ ᠶᠡᠭᠡ ᠶᠤᠸᠠᠨ ᠤᠯᠤᠰ ᠤᠨ ᠲᠡᠤᠬᠡᠨ ᠳᠠᠬᠢ ᠪᠠᠰᠠ ᠨᠢᠭᠡᠨ ᠰᠣᠣᠳᠣ ᠡᠮᠡᠭᠳᠡᠢ ᠪᠤᠯᠬᠤ | ᠶᠤᠮ᠃ ᠦᠯᠵᠡᠶᠢᠳᠣ ᠲᠡᠮᠤᠷ ᠬᠠᠭᠠᠨ ᠤ ᠬᠠᠳᠣᠨ᠃ ᠲᠡᠮᠦᠷ ᠬᠠᠭᠠᠨ ᠰᠡᠭᠦᠯᠴᠢ ᠶᠢᠨ ᠦᠶ᠎ᠡ ᠳᠤ ᠬᠦᠨᠳᠣ | ᠡᠪᠡᠳᠴᠢᠯᠡᠵᠤ᠂ ᠲᠦᠷᠦ ᠶᠢᠨ ᠬᠡᠷᠡᠭ ᠢ ᠰᠢᠳᠬᠡᠵᠤ ᠲᠡᠶᠢᠯᠬᠦ ᠦᠭᠡᠢ ᠪᠤᠯᠤᠭᠰᠠᠨ ᠦᠶ᠎ᠡ ᠳᠤ ᠪᠤᠯᠤᠭᠠᠨ ᠬᠠᠳᠣᠨ | ᠲᠦᠷᠦ ᠶᠢ ᠵᠠᠰᠠᠭᠯᠠᠵᠤ᠂ ᠬᠡᠷᠡᠭ ᠶᠠᠪᠣᠳᠠᠯ ᠢ ᠲᠦᠪ ᠴᠢᠬᠡᠴᠢ ᠪᠠᠷ ᠰᠢᠢᠳᠪᠤᠷᠢᠯᠡᠳᠡᠭ ᠠᠴᠠ ᠲᠦᠷᠦ ᠲᠦᠮᠡᠨ ᠤ | ᠲᠠᠭᠠᠰᠢᠶᠠᠯ ᠢ ᠤᠯᠵᠤ᠂ ᠬᠠᠭᠠᠴᠨ ᠲᠦᠷᠦ ᠳᠤ ᠠᠰᠣᠷᠤ ᠶᠡᠭᠡ ᠨᠡᠷ᠎ᠡ ᠬᠦᠨᠳᠣ ᠪᠠ ᠡᠷᠬᠡ ᠮᠡᠳᠡᠯ ᠲᠠᠢ ᠪᠠᠶᠢᠵᠡᠢ᠃ | ᠬᠤᠷᠢᠨ ᠭᠤᠷᠪᠠ᠂ ᠣᠷᠠᠯᠢᠭ ᠤᠨ ᠲᠠᠭᠢᠨᠢ ᠰᠡᠩᠭᠡ ᠭᠦᠩᠵᠤ | ᠰᠡᠩᠭᠡ ᠭᠦᠩᠵᠤ ᠪᠤᠯ ᠶᠣᠸᠠᠨ ᠤᠯᠤᠰ ᠤᠨ ᠦᠶ᠎ᠡ ᠶᠢᠨ ᠠᠯᠳᠠᠷᠳᠣ ᠣᠷᠠᠯᠢᠭᠴᠢᠨ ᠪᠤᠯᠤᠨ᠎ᠠ᠃ ᠲᠡᠷᠡ ᠪᠠᠷ | ᠲᠣᠬᠠᠢ ᠶᠢᠨ ᠦᠶ᠎ᠡ ᠶᠢᠨ ᠮᠠᠰᠢ ᠣᠯᠠᠨ ᠨᠡᠷᠡᠳᠣ ᠵᠢᠷᠤᠭ᠂ ᠣᠷᠠᠨ ᠪᠢᠴᠢᠮᠡᠯ ᠢ ᠬᠤᠷᠢᠶᠠᠨ ᠬᠠᠳᠠᠭᠠᠯᠵᠤ᠂ ᠬᠤᠶᠢᠴᠢ | ᠦᠶ᠎ᠡ ᠶᠢᠨ ᠬᠢᠨ ᠳᠤ ᠰᠣᠶᠤᠯ ᠤᠨ ᠦᠪ ᠪᠤᠯᠭᠠᠨ ᠦᠯᠡᠳᠡᠭᠡᠭᠰᠡᠨ ᠶᠤᠮ᠃ ᠰᠡᠩᠭᠭᠡ ᠭᠦᠩᠵᠤ ᠪᠤᠯ 1283 | ᠤᠨ ᠳᠤ ᠲᠠᠶᠢᠳᠣ ᠬᠤᠳᠠᠨ᠎ᠠ ᠲᠦᠷᠦᠵᠤ᠂ ᠡᠴᠢᠭᠡ ᠨᠢ ᠬᠤᠪᠢᠯᠠᠢ ᠰᠡᠴᠡᠨ ᠬᠠᠭᠠᠨ ᠤ ᠤᠮᠪᠤᠯᠣ ᠬᠦᠪᠡᠭᠦᠨ | ᠲᠠᠷᠮᠠᠪᠠᠯᠠ ᠪᠤᠯᠤᠨ᠎ᠠ᠂ ᠡᠬᠡ ᠨᠢ ᠳ᠋ᠠᠵᠡᠢ ᠬᠠᠳᠣᠨ᠂ ᠪᠣᠱᠣᠭᠳᠣ ᠬᠤᠩᠭᠢᠷᠠᠳ ᠤᠪᠤᠭ ᠲᠠᠢ | ᠬᠤᠷᠢᠨ ᠲᠦᠷᠪᠡ᠂ ᠦᠯᠵᠡᠶᠢᠳᠣ ᠭᠤᠸ᠎ᠠ ᠬᠠᠳᠣᠨ | ᠦᠯᠵᠡᠶᠢᠳᠣ ᠭᠤᠸ᠎ᠠ ᠬᠠᠳᠣᠨ ᠪᠤᠯ ᠤᠮᠠᠷᠠᠳᠣ ᠶᠣᠸᠠᠨ ᠣᠯᠤᠰ ᠤᠨ ᠦᠶ᠎ᠡ ᠳᠠᠬᠢ ᠠᠯᠳᠠᠷ ᠮᠠᠨᠳᠣᠭᠰᠡᠨ | ᠵᠢᠷᠤᠮᠳᠣ ᠡᠮᠡᠭᠳᠡᠢ ᠪᠤᠯᠤᠨ᠎ᠠ᠃ ᠦᠯᠵᠡᠶᠢᠳᠣ ᠭᠤᠸ᠎ᠠ ᠬᠠᠳᠤᠨ ᠪᠤᠯ ᠭᠤᠸ᠎ᠠ ᠦᠵᠡᠰᠭᠦᠯᠡᠩ ᠢᠶᠠᠷ ᠪᠠᠷᠠᠬᠤ ᠦᠭᠡᠢ | ᠰᠡᠴᠡᠨ ᠰᠡᠷᠭᠦᠯᠡᠩ᠂ ᠡᠷᠡᠮᠡᠬᠡᠢ ᠵᠤᠷᠢᠭ ᠲᠠᠢ ᠡᠮᠡᠭᠳᠡᠢ ᠪᠤᠯᠤᠨ᠎ᠠ᠃ ᠲᠡᠷᠡ ᠬᠠᠭᠠᠨ ᠣᠷᠳᠣᠨ ᠤ ᠪᠠᠶᠠᠨ ᠡᠷᠬᠢᠮ ᠪᠠ | ᠰᠦᠷ ᠭᠡᠷᠡᠯ ᠳᠤ ᠲᠣᠷᠠᠯᠠᠭᠰᠠᠨ ᠦᠭᠡᠢ᠃ ᠦᠬᠦᠵᠤ ᠰᠡᠬᠡᠬᠦ ᠪᠠᠨ ᠦᠯᠤ ᠬᠠᠶᠢᠬᠤᠷᠤᠨ᠂ ᠡᠷ᠎ᠡ ᠨᠦᠬᠦᠷ ᠤᠨ ᠢᠶᠠᠨ | ᠦᠰᠢᠶ᠎ᠡ ᠶᠢ ᠠᠪᠴᠣ᠂ ᠮᠤᠩᠭᠤᠯ ᠤᠨ ᠲᠡᠤᠬᠡᠨ ᠳᠤ ︿︿ᠵᠢᠷᠤᠮᠳᠣ ᠡᠮᠡᠭᠳᠡᠢ﹀﹀ ᠭᠡᠮᠡᠨ ᠠᠯᠳᠠᠷᠰᠢᠪᠠ᠃ | ᠬᠤᠷᠢᠨ ᠲᠠᠪᠤ᠂ ᠪᠤᠳᠤᠯᠭᠠᠳᠣ ᠮᠡᠷᠭᠡᠨ ᠰᠠᠮᠣᠷ ᠭᠦᠩᠵᠤ | ᠰᠠᠮᠤᠷ ᠭᠦᠩᠵᠤ ᠪᠤᠯ ᠣᠮᠠᠷᠠᠳᠣ ᠶᠣᠸᠠᠨ ᠤ ᠲᠡᠤᠬᠡᠨ ᠳᠤ ᠠᠯᠳᠠᠷ ᠮᠠᠨᠳᠣᠭᠰᠠᠨ ᠭᠠᠪᠢᠶᠠᠳᠣ ᠡᠮᠡᠭᠳᠡᠢ | ᠪᠤᠯᠤᠨ᠎ᠠ᠃ ᠲᠡᠷᠡ ᠪᠠᠷ᠂ ᠴᠢᠩᠭᠢᠰ ᠬᠠᠭᠠᠨ ᠤ ᠪᠠᠶᠢᠭᠤᠯᠤᠭᠰᠠᠨ ᠶᠡᠭᠡ ᠮᠣᠩᠭᠤᠯ ᠤᠨ ᠲᠤᠯᠭᠤᠷ ᠲᠦᠷᠦ ᠬᠠᠭᠠᠴᠠᠯ | ᠵᠠᠳᠠᠷᠠᠯ ᠤᠨ ︿︿ᠬᠠᠷᠠᠩᠭᠤᠢ ᠦᠶ᠎ᠡ﹀﹀ ᠳᠤ ᠰᠡᠴᠡᠨ ᠰᠡᠷᠭᠦᠯᠡᠩ ᠠᠷᠭ᠎ᠠ ᠰᠠᠮᠪᠠᠭ᠎ᠠ᠂ ᠵᠦᠢᠷᠯᠡᠰᠢ ᠦᠭᠡᠢ ᠣᠬᠠᠭᠠᠨ | ᠪᠤᠳᠤᠯᠭ᠎ᠠ ᠪᠠᠷ ᠬᠤᠶᠠᠷ ᠤᠳᠠᠭ᠎ᠠ ᠠᠪᠣᠷᠠᠵᠤ᠂ ᠴᠢᠩᠭᠢᠰ ᠡᠪᠦᠭᠡ ᠶᠢᠨ ᠪᠠᠨ ᠴᠢᠰᠣ ᠶᠢ ᠦᠪᠯᠡᠵᠤ ᠲᠦᠷᠦᠭᠰᠡᠨ ᠤ | ᠬᠤᠪᠢ ᠳᠤ ᠶᠡᠭᠡ ᠠᠯᠳᠠᠷ ᠢ ᠨᠢ ᠭᠤᠳᠣᠭᠠᠯ ᠦᠭᠡᠢ ᠮᠠᠨᠳᠣᠭᠤᠯᠵᠤ ᠶᠠᠪᠤᠭᠰᠠᠨ ᠢᠶᠠᠷ ᠦᠢᠷᠠᠳ — ᠮᠤᠩᠭᠤᠯ ᠤᠨ | ᠲᠡᠤᠬᠡᠨ ᠳᠤ ᠣᠯᠠᠨ ᠰᠠᠶᠢᠬᠠᠨ ᠲᠤᠮᠤᠭ ᠦᠯᠡᠳᠡᠭᠡᠭᠰᠡᠨ ᠶᠤᠮ᠃ ᠰᠠᠮᠤᠷ ᠭᠦᠩᠵᠤ ᠪᠤᠯ ᠴᠢᠩᠭᠢᠰ ᠬᠠᠭᠠᠨ ᠬᠤᠶᠢᠴᠢ | ᠣᠭᠰᠠᠭᠠᠨ ᠤ ᠡᠯᠪᠡᠭ ᠨᠢᠭᠦᠯᠰᠦᠩᠭᠦᠢ ᠬᠠᠭᠠᠨ ᠤ ᠦᠬᠢᠨ᠃ | ᠬᠤᠷᠢᠨ ᠨᠠᠢᠮᠠ᠂ ᠮᠠᠨᠳᠣᠬᠠᠢ ᠰᠡᠴᠡᠨ ᠬᠠᠳᠣᠨ | ᠮᠠᠨᠳᠣᠬᠠᠢ ᠰᠡᠴᠡᠨ ᠬᠠᠳᠣᠨ ᠪᠤᠯ ᠮᠤᠩᠭᠤᠯᠴᠣᠳ ᠤᠨ ᠬᠦᠨᠳᠣᠳᠬᠡᠨ ᠰᠢᠳᠦᠳᠡᠭ ᠡᠷᠳᠡᠨ ᠤ ᠭᠤᠷᠪᠠᠨ ᠠᠭᠤᠣ | ᠡᠮᠡᠭᠳᠡᠢ ᠶᠢᠨ ᠨᠢᠭᠡ ᠪᠤᠯᠤᠨ᠎ᠠ᠃ ᠲᠡᠷᠡ ᠵᠦᠢᠷᠯᠡᠰᠢ ᠦᠭᠡᠢ ᠠᠤᠭ᠎ᠠ ᠵᠤᠷᠢᠭ ᠪᠠ ᠴᠡᠴᠡᠨ ᠣᠬᠠᠭᠠᠨ ᠢᠶᠠᠷ ᠴᠢᠩᠬᠢᠰ | ᠬᠠᠭᠠᠨ ᠤ ᠣᠷᠤᠭ ᠤᠨ ᠲᠠᠰᠣᠷᠮᠠᠷ ᠪᠠᠶᠢᠭᠰᠠᠨ ᠮᠤᠩᠭᠤᠯ ᠬᠠᠭᠠᠨᠳᠣ ᠲᠦᠷᠦ ᠶᠢ ᠵᠠᠯᠭᠠᠭᠤᠯᠵᠤ᠂ ᠵᠠᠭᠤ ᠰᠢᠬᠠᠮ ᠵᠢᠯ | ᠦᠷᠭᠦᠯᠵᠢᠯᠡᠭᠰᠡᠨ ᠮᠣᠩᠭᠤᠯ ᠤᠨ ᠨᠡᠶᠢᠭᠡᠮ ᠤᠨ ᠬᠠᠭᠠᠴᠠᠯ ᠵᠠᠳᠠᠷᠠᠯ ᠤᠨ ᠬᠠᠷᠠᠩᠭᠤᠢ ᠲᠡᠤᠬᠡ ᠶᠢ ᠡᠴᠦᠰᠯᠡᠭᠦᠯᠦᠨ᠂ | ᠲᠠᠷᠬᠠᠢ ᠪᠣᠳᠠᠷᠬᠠᠢ ᠮᠣᠩᠭᠤᠯ ᠤᠨ ᠠᠶᠢᠮᠠᠭ ᠤᠭᠰᠠᠭ᠎ᠠ ᠨᠤᠭᠤᠳ ᠢ ᠨᠢᠭᠡᠨ ᠵᠢᠯᠤᠭᠤᠨ ᠳᠤ ᠬᠤᠷᠢᠶᠠᠭᠰᠠᠨ ᠢᠶᠠᠷ | ᠪᠠᠷᠠᠬᠤ ᠦᠭᠡᠢ᠂ ᠮᠤᠩᠭᠤᠯ ᠤᠨ ᠨᠡᠶᠢᠭᠡᠮ ᠤᠨ ᠬᠦᠭᠵᠢᠯᠳᠡ ᠶᠢᠨ ᠭᠡᠷᠡᠯ ᠰᠠᠴᠣᠷᠠᠭᠰᠠᠨ ᠰᠢᠨ᠎ᠡ ᠨᠢᠭᠡᠨ ᠬᠠᠭᠤᠳᠠᠰᠤ | ᠲᠡᠯᠭᠡᠭᠳᠡᠬᠦ ᠳᠤ ᠲᠠᠶᠢᠪᠣᠩ ᠰᠠᠶᠢᠬᠠᠨ ᠨᠦᠬᠦᠴᠡᠯ ᠢ ᠪᠦᠷᠢᠯᠳᠦᠭᠦᠯᠦᠨ ᠦᠭᠴᠡᠢ᠃ ᠲᠡᠷᠡ ᠪᠤᠯ ᠨᠢᠭᠡᠨ ᠰᠢᠯᠭᠠᠷᠠᠭᠰᠠᠨ | ᠣᠯᠤᠰ ᠲᠦᠷᠦᠴᠢᠨ ᠮᠦᠷᠳᠡᠭᠡᠨ ᠴᠣᠯᠭᠤᠷᠠᠭᠰᠠᠨ ᠴᠡᠷᠢᠭ ᠲᠠᠶᠢᠨ ᠤ ᠪᠤᠳᠤᠯᠭᠠᠳᠠᠨ᠂ ᠠᠯᠳᠠᠷᠳᠣ ᠨᠡᠶᠢᠭᠡᠮ ᠤᠨ | ᠵᠢᠳᠭᠦᠯᠳᠡᠨ ᠪᠤᠯᠤᠨ᠎ᠠ᠃ ᠮᠠᠨᠳᠣᠬᠠᠢ ᠰᠡᠴᠡᠨ ᠬᠠᠳᠣᠨ ᠪᠤᠯ ᠲᠦᠮᠡᠳ ᠤᠨ ᠡᠩᠬᠦᠳ ᠤᠨ ᠬᠦᠮᠦᠨ᠃ 1447 | ᠤᠨ ᠳᠤ ᠮᠡᠳᠦᠯᠡᠪᠡ᠃ ᠲᠡᠭᠦᠨ ᠤ ᠡᠴᠢᠭᠡ ᠨᠢ ᠴᠣᠷᠣᠰᠪᠠᠢ ᠲᠡᠮᠤᠷ ᠴᠢᠩᠰᠠᠩ ᠭᠡᠳᠡᠭ᠃ ᠮᠠᠨᠳᠣᠭᠤᠯ ᠬᠠᠭᠠᠨ ︵ | 1463 — 1467︶ ᠤ ᠪᠠᠭ᠎ᠠ ᠬᠠᠳᠣᠨ ᠨᠢ ᠪᠤᠯᠤᠨ᠎ᠠ᠃ ᠮᠠᠨᠳᠣᠬᠠᠢ ᠰᠡᠴᠡᠨ ᠬᠠᠳᠣᠨ ᠭᠤᠴᠢᠨ ᠭᠤᠷᠪᠠᠨ | ᠨᠠᠰᠣ ᠲᠠᠢ ᠦᠶ᠎ᠡ ᠳᠡᠭᠡᠨ ᠴᠢᠩᠭᠢᠰ ᠤᠨ ᠠᠯᠳᠠᠨ ᠣᠷᠤᠭᠳᠠᠨ ᠤ ᠬᠤᠶᠢᠴᠢᠰ ᠪᠤᠯᠬᠤ ᠪᠠᠳᠣᠮᠦ᠋ᠩᠬᠡ ︵1474 — | 1533︶ ᠶᠢ ᠡᠷᠭᠦᠨ ᠲᠡᠳᠬᠦᠵᠤ ᠪᠣᠳᠠᠷᠠᠭᠰᠠᠨ ᠣᠯᠤᠰ ᠢ ᠨᠢ ᠬᠤᠷᠢᠶᠠᠨ᠂ ᠲᠤᠯᠭᠤᠷ ᠲᠦᠷᠦ ᠶᠢ ᠨᠢ ᠴᠣᠭᠴᠠᠯᠠᠨ | ᠦᠭᠴᠣ᠂ ᠮᠤᠩᠭᠤᠯ ᠤᠨ ᠲᠡᠤᠬᠡᠨ ᠳᠠᠬᠢ ᠬᠤᠶᠠᠳᠣᠭᠠᠷ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠪᠡ᠃ | ᠬᠤᠷᠢᠨ ᠶᠢᠰᠣ᠂ ᠡᠷᠬᠡᠳᠤ ᠬᠠᠳᠣᠨ ᠵᠦᠩᠬᠡᠨ | ᠤᠯᠠᠨ ᠠᠴᠠ ᠬᠡᠳᠦ᠋ᠢᠳᠦᠭᠰᠡᠨ ᠴᠡᠴᠡᠨ ᠪᠢᠯᠢᠭ᠂ ᠣᠬᠠᠭᠠᠨ ᠵᠢᠪᠬᠤᠭ᠎ᠠ ᠪᠠᠷ ᠢᠶᠠᠨ ᠮᠣᠩᠭᠤᠯᠴᠣᠳ ᠤᠨ | ᠭᠠᠶᠢᠬᠠᠯ ᠪᠢᠰᠢᠷᠡᠯ ᠢ ᠣᠯᠵᠤ ᠶᠠᠪᠤᠭᠰᠠᠨ ᠪᠠᠭᠠᠳᠣᠷ ᠰᠣᠣᠳᠣ ᠡᠮᠡᠭᠳᠡᠢ ᠪᠤᠯ ᠵᠦᠩᠬᠡᠨ ᠬᠠᠳᠣᠨ ᠪᠤᠯᠤᠨ᠎ᠠ᠃ | ᠲᠡᠷᠡ ᠪᠠᠷ ᠮᠤᠩᠭᠤᠯ ᠤᠨ ᠪᠠᠷᠠᠭᠤᠨ ᠭᠠᠷ ᠤᠨ ᠲᠦᠮᠡᠳ ᠤᠨ ᠲᠦᠷᠦᠭᠦᠤ ᠠᠯᠳᠠᠨ ᠬᠠᠭᠠᠨ ︵1507 — | 1581︶ ᠤ ᠬᠠᠳᠣᠨ ᠪᠤᠯᠣᠨ᠎ᠠ᠃ ᠵᠦᠩᠬᠡᠨ ᠬᠠᠳᠣᠨ ᠪᠤᠯ ᠦᠩᠭᠡ ᠵᠢᠰᠣ ᠭᠤᠸ᠎ᠠ ᠬᠡᠬᠡᠨᠴᠢᠷ ᠮᠦᠷᠳᠡᠭᠡᠨ ᠣᠢ | ᠤᠬᠠᠭᠠᠨ ᠴᠡᠴᠡᠨ ᠰᠡᠷᠭᠦᠯᠡᠩ ᠢᠶᠠᠷ ᠪᠠᠷᠠᠬᠤ ᠦᠭᠡᠢ ᠲᠠᠭᠤᠣ ᠪᠦᠵᠢᠭ ᠲᠤ ᠠᠪᠢᠶᠠᠰᠯᠢᠭ᠃ ᠲᠡᠷᠡ ᠮᠦᠨ | ᠬᠦᠯᠦᠭ ᠤᠨ ᠨᠢᠷᠣᠭᠤᠨ ᠳᠤ ᠰᠠᠯᠬᠢᠯᠠᠨ ᠬᠦᠪᠴᠢᠳᠣ ᠨᠣᠮᠤ ᠲᠠᠯᠠᠵᠤ᠂ ᠴᠡᠷᠢᠭ ᠤᠨ ᠡᠷᠳᠡᠮ ᠳᠤ ᠴᠠᠭᠠᠷᠠᠨ | ᠨᠡᠪᠳᠡᠷᠡᠭᠰᠡᠨ ᠡᠷᠡᠮᠡᠬᠡᠢ ᠪᠠᠭᠠᠳᠣᠷ ᠡᠮᠡᠭᠳᠡᠢ ᠪᠤᠯᠤᠨ᠎ᠠ᠃ ᠲᠡᠭᠡᠬᠦ ᠳᠤ ᠠᠯᠳᠠᠨ ᠬᠠᠭᠠᠨ ᠤ ᠭᠦᠨ ᠢᠳᠡᠭᠡᠯ ᠢ ᠤᠯᠵᠤ᠂ | ᠠᠯᠳᠠᠨ ᠬᠠᠭᠠᠨ ᠤ ᠨᠣᠶᠠᠷᠬᠠᠯ ᠢ ᠪᠠᠬᠢᠵᠢᠭᠦᠯᠦᠨ᠂ ᠮᠢᠩ ᠣᠯᠤᠰ ᠯᠤᠭ᠎ᠠ ᠶᠢᠨ ᠬᠢᠯᠢ ᠶᠢᠨ ᠰᠣᠯᠢᠯᠴᠠᠭ᠎ᠠ ᠶᠠᠪᠤᠯᠴᠠᠭ᠎ᠠ | ᠵᠢᠴᠢ ᠲᠣᠳᠣᠭᠠᠳᠣ ᠶᠢᠨ ᠡᠪ ᠨᠢᠭᠡᠳᠦᠯ ᠳᠤ ᠴᠢᠬᠤᠯᠠ ᠦᠢᠯᠡᠳᠦᠯ ᠦᠵᠡᠭᠦᠯᠵᠤ ᠶᠠᠪᠤᠭᠰᠠᠨ ᠶᠤᠮ᠃ ᠵᠦᠩᠬᠡᠨ | ᠬᠠᠳᠣᠨ ᠪᠠᠰᠠ ᠠᠮᠣᠳᠠᠢ ᠰᠡᠴᠡᠨ ᠬᠠᠭᠠᠨ᠂ ᠪᠣᠳᠠᠰᠢᠷᠢ ᠬᠤᠩ ᠲᠠᠶᠢᠵᠢ ᠨᠠᠷ ᠲᠠᠢ ᠬᠠᠮᠳᠣᠷᠠᠨ᠂ ᠰᠢᠷᠡᠭᠡᠳᠣ ᠭᠦᠤᠰᠢ | ᠴᠣᠷᠵᠢ᠂ ᠠᠶᠣᠰᠢ᠂ ᠠᠨᠠᠨᠳᠠ ᠮᠠᠨᠽᠣᠰᠢᠷᠢ ᠪᠤᠯᠤᠨ ᠪᠠᠷᠠᠭᠤᠨ ᠭᠤᠷᠪᠠᠨ ᠲᠦᠮᠡᠨ ᠤ ᠬᠡᠯᠡᠮᠣᠷᠴᠢ ᠮᠡᠷᠭᠡᠳ ᠢ ᠵᠤᠬᠢᠶᠠᠨ | ᠪᠠᠶᠢᠭᠤᠯᠵᠤ᠂ 1602 — 1607 ᠤᠨ ᠬᠦᠷᠳᠡᠯ᠎ᠡ᠂ ᠵᠢᠷᠭᠤᠭᠠᠨ ᠵᠢᠯ ᠤᠨ ᠬᠤᠭᠤᠴᠠᠭᠠᠨ ᠳᠤ ᠭᠠᠨᠵᠤᠤᠷ | ᠨᠤᠮ ᠢ ᠮᠤᠩᠭᠤᠯ ᠬᠡᠯᠡ ᠪᠠᠷ ︿︿ᠪᠦᠷᠢᠨ ᠲᠡᠭᠦᠰ ᠣᠷᠴᠢᠭᠤᠯᠵᠤ﹀﹀ ᠲᠡᠭᠦᠰᠭᠡᠭᠰᠡᠨ ᠲᠡᠤᠬᠡ ᠲᠠᠢ᠃ | ᠭᠤᠴᠢ᠂ ᠴᠢᠯᠠᠭᠤᠨ ᠳᠤ ᠠᠮᠢᠯᠠᠭᠰᠠᠨ ᠭᠤᠶᠣ ᠡᠮᠡᠭᠳᠡᠢ ᠲᠠᠵᠢ ᠮᠠᠬᠠᠯ | ᠮᠣᠩᠭᠤᠷ ︵ᠮᠤᠩᠭᠤᠯ︶ ᠬᠠᠭᠠᠨᠳᠣ ᠣᠯᠤᠰ ᠤᠨ ᠪᠠᠳᠠᠷᠠᠯ ᠬᠦᠭᠵᠢᠯ ᠢ ᠲᠣᠰᠬᠠᠨ᠂ ᠵᠢᠩᠬᠢᠨᠢ ᠴᠡᠪᠡᠷ | ᠬᠠᠶᠢᠷ᠎ᠠ ᠶᠢᠨ ᠪᠡᠯᠭᠡ ᠲᠡᠮᠳᠡᠭ ᠪᠤᠯᠤᠭᠰᠠᠨ ︿︿ᠡᠨᠡᠳᠬᠡᠭ ᠤᠨ ᠡᠷᠳᠡᠨᠢ﹀﹀ ᠭᠡᠮᠡᠭᠴᠢ ᠲᠠᠵᠢ ︵ᠲᠠᠶᠢᠵᠢ︶ ᠮᠠᠬᠠᠯ ᠤᠨ | ᠪᠤᠩᠬᠤᠨ ᠨᠢ ᠲᠡᠯᠡᠬᠡᠢ ᠶᠢᠨ ᠲᠤᠯᠤᠭᠠᠨ ᠭᠠᠶᠢᠬᠠᠮᠰᠢᠭᠳᠣ ᠪᠠᠷᠢᠯᠭ᠎ᠠ ᠶᠢᠨ ᠨᠢᠭᠡ ᠪᠤᠯᠵᠤ ᠬᠤᠷᠸ᠎ᠠ ᠳᠤ ᠠᠯᠳᠠᠷᠰᠢᠵᠤ ᠪᠤᠢ | ᠃ ᠲᠠᠵᠢ ᠮᠠᠬᠠᠯ ᠪᠤᠯ ᠮᠤᠩᠭᠤᠷ ᠬᠠᠭᠠᠨᠳᠣ ᠣᠯᠤᠰ ᠤᠨ ᠲᠠᠪᠣᠳᠣᠭᠠᠷ ᠦᠶ᠎ᠡ ᠶᠢᠨ ᠬᠠᠭᠠᠨ ᠱ᠊᠂ ᠵᠠᠭᠠᠨ ︵ᠪᠠᠰᠠ | ᠰᠠᠩᠵᠠᠢ ᠭᠡᠵᠤ ᠵᠠᠷᠢᠮ ᠨᠤᠮ ᠳᠤ ᠲᠡᠮᠳᠡᠭᠯᠡᠵᠤ ᠪᠤᠢ︶ ᠤ ᠬᠠᠶᠢᠷᠠᠳᠠᠢ ᠬᠠᠳᠣᠨ ᠨᠢ ᠪᠤᠯᠤᠨ᠎ᠠ᠃ ᠲᠡᠷᠡ ᠡᠨᠡᠳᠬᠡᠭ ᠤᠨ | ᠣᠮᠠᠷᠠᠳᠣ ᠬᠡᠰᠡᠭ ᠲᠠᠬᠢ ᠨᠢᠭᠡᠨ ᠮᠤᠩᠭᠤᠯ ᠢᠵᠠᠭᠤᠷᠳᠡᠨ ᠤ ᠭᠡᠷ ᠲᠤ ᠲᠦᠷᠦᠪᠡ᠃ ᠬᠤᠷᠸ᠎ᠠ ᠳᠤ ᠬᠤᠣᠰ ᠦᠭᠡᠢ | ᠭᠤᠶᠤ ᠦᠵᠡᠰᠭᠦᠡᠯᠩ ᠮᠦᠷᠳᠡᠭᠡᠨ ᠰᠡᠴᠡᠨ ᠴᠡᠯᠮᠡᠭ ᠤᠬᠠᠭᠠᠨ ᠰᠠᠨᠠᠭ᠎ᠠ ᠲᠠᠢ ᠪᠠᠶᠢᠵᠤ᠂ ᠵᠢᠩᠬᠢᠨᠢ ᠴᠡᠪᠡᠷ ᠠᠷᠢᠭᠤᠨ | ᠬᠠᠶᠢᠷ᠎ᠠ ᠶᠢ ᠲᠡᠭᠡᠳᠦᠯᠡᠵᠤ ᠶᠠᠪᠤᠭᠰᠠᠨ ᠠᠭᠤᠣ ᠶᠡᠭᠡ ᠮᠤᠩᠭᠤᠯ ᠡᠮᠡᠭᠳᠡᠢ ᠪᠤᠯᠤᠨ᠎ᠠ᠃ ᠲᠠᠵᠢ ᠬᠠᠳᠣᠨ ᠪᠤᠯ ᠦᠩᠭᠡ | ᠵᠢᠰᠣ ᠪᠠ ᠪᠡᠶ᠎ᠡ ᠭᠠᠯᠪᠢᠷ ᠬᠤᠣᠰ ᠦᠭᠡᠢ ᠭᠤᠶᠣ ᠦᠵᠡᠰᠭᠦᠯᠡᠩ ᠮᠦᠷᠳᠡᠭᠡᠨ ᠣᠬᠠᠭᠠᠨ ᠰᠠᠨᠠᠭ᠎ᠠ᠂ ᠢᠨᠠᠭ ᠬᠠᠶᠢᠷ᠎ᠠ᠂ | ᠪᠣᠳᠤᠯ ᠰᠡᠳᠬᠢᠯ᠂ ᠪᠢᠯᠢᠭ ᠠᠪᠢᠶᠠᠰ᠂ ᠦᠢᠯᠡ ᠶᠠᠪᠣᠳᠠᠯ ᠤᠨ ᠡᠷᠬᠢᠮ ᠰᠠᠶᠢᠬᠠᠨ ᠪᠦᠬᠦᠨ ᠢ ᠪᠦᠷᠢᠳᠦᠭᠦᠯᠦᠭᠰᠡᠨ | ᠲᠡᠭᠦᠰ ᠭᠤᠸ᠎ᠠ ᠡᠮᠡᠭᠳᠡᠢ ᠪᠤᠯᠤᠨ᠎ᠠ᠃ ᠲᠡᠭᠦᠨ ᠤ ᠠᠮᠢᠳᠣ ᠰᠡᠷᠡᠭᠦᠨ ᠦᠶ᠎ᠡ ᠶᠢᠨ ᠦᠢᠯᠡ ᠶᠠᠪᠣᠳᠠᠯ ᠲᠡᠤᠬᠡ | ᠰᠣᠳᠣᠷ ᠲᠤ ᠲᠡᠮᠡᠢ ᠲᠡᠮᠳᠡᠭᠯᠡᠭᠰᠡᠨ ᠦᠭᠡᠢ ᠪᠣᠯᠪᠠᠴᠣ ᠭᠠᠨᠳᠢᠭ ᠴᠢᠯᠠᠭᠤᠨ ᠳᠤ ᠠᠮᠢᠯᠠᠭᠰᠠᠨ ᠭᠤᠶᠣ ᠲᠦᠷᠬᠦ ᠨᠢ | ᠵᠢᠩᠬᠢᠨᠢ ᠠᠷᠢᠭᠤᠨ ᠬᠠᠶᠢᠷ᠎ᠠ ᠶᠢᠨ ᠰᠢᠳᠦᠭᠡᠨ ᠪᠤᠯᠤᠨ ᠠᠮᠢᠯᠠᠵᠤ ᠬᠦᠮᠦᠨ ᠲᠦᠷᠦᠯᠬᠢᠳᠡᠨ ᠳᠤ ᠪᠠᠭ᠋ᠠᠷᠬᠠᠭᠳᠠᠨ | ᠲᠠᠭᠠᠯᠭ᠍ᠳᠠᠵᠤ ᠪᠠᠶᠢᠬᠤ ᠮᠦᠷᠳᠡᠭᠡᠨ ᠡᠨᠡᠳᠬᠡᠭ᠂ ᠮᠤᠩᠭᠤᠷ ᠬᠠᠭᠠᠨᠳᠣ ᠣᠯᠤᠰ᠂ ᠮᠣᠩᠭᠤᠯ ᠡᠮᠡᠭᠳᠡᠢ ᠶᠢᠨ ᠡᠷᠬᠢᠮᠰᠦᠭ | ᠰᠠᠶᠢᠬᠠᠨ ᠢ ᠲᠡᠯᠡᠬᠡᠢ ᠳ᠋ᠠᠬᠢᠨ ᠳᠤ ᠦᠨᠢ ᠮᠦᠩᠬᠡ ᠠᠯᠳᠠᠷᠰᠢᠭᠤᠯᠵᠤ ᠪᠠᠶᠢᠭ᠎ᠠ ᠶᠤᠮ᠃ ᠲᠠᠵᠢ ᠬᠠᠳᠣᠨ ᠨᠠᠰᠣ | ᠪᠠᠷᠠᠭᠠᠳ 300 ᠭᠠᠷᠦᠢ ᠵᠢᠯ ᠪᠤᠯᠵᠤ ᠪᠠᠶᠢᠭ᠎ᠠ ᠪᠣᠯᠪᠠᠴᠣ ᠲᠡᠯᠡᠬᠡᠢ ᠶᠢᠨ ᠬᠦᠮᠦᠨ ᠠᠷᠠᠳ ᠤᠨ ᠰᠡᠳᠬᠢᠯ ᠵᠢᠷᠦᠬᠡᠨ ᠳᠤ | ᠮᠥᠨ ᠯᠠ ᠠᠮᠢᠳᠣ ᠪᠠᠷ ᠢᠶᠠᠨ ᠪᠠᠶᠢᠵᠤ᠂ ᠮᠤᠩᠭᠤᠯ ᠡᠮᠡᠭᠳᠡᠢ ᠶᠢᠨ ᠵᠢᠰᠣ ᠭᠠᠯᠪᠢᠷ ᠬᠢᠭᠡᠳ ᠣᠶᠤᠨ ᠰᠠᠨᠠᠭᠠᠨ ᠤ | ᠭᠤᠸ᠎ᠠ ᠰᠠᠶᠢᠬᠠᠨ ᠵᠢᠴᠢ ᠰᠣᠶᠣᠯ ᠤᠨ ᠢᠷᠠᠭᠤ ᠰᠠᠶᠢᠬᠠᠨ ᠬᠦᠷᠳᠡᠭᠡᠯ ᠢᠶᠠᠷ ᠢᠶᠠᠨ ᠪᠦᠮᠪᠤᠷᠴᠡᠭ ᠢ ᠢᠪᠢᠯᠭᠡᠵᠤ᠂ | ᠮᠤᠨᠳᠠᠭ ᠲᠤᠮᠤ ᠵᠤᠭᠠᠴᠠᠯ ᠤᠨ ᠦᠷᠳᠡᠭ᠂ ᠰᠣᠶᠤᠯ ᠤᠨ ᠦᠷᠳᠡᠭ ᠢ ᠡᠭᠦᠳᠦᠨ᠂ ᠡᠨᠡᠳᠬᠡᠭ ᠤᠨ ᠠᠷᠠᠳ ᠲᠦᠮᠡᠨ ᠢ | ᠢᠪᠡᠭᠡᠨ ᠲᠡᠳᠬᠦᠵᠤ ᠪᠤᠢ᠃ | ᠭᠤᠴᠢᠨ ᠨᠢᠭᠡ᠂ ᠴᠢᠩ ᠪᠢᠰᠢᠷᠡᠯᠳᠣ ᠲᠠᠶᠢᠬᠠᠯ ᠬᠠᠳᠣᠨ | ᠡᠬᠡ ᠲᠠᠶᠢᠬᠠᠯ ᠬᠠᠳᠣᠨ ᠪᠤᠯ ᠡᠬᠡ ᠪᠤᠯ 17 ᠳ᠋ᠣᠭᠠᠷ ᠵᠠᠭᠤᠨ ᠤ ᠡᠬᠢᠨ ᠤ ᠵᠢᠯ ᠤᠳ ᠲᠤ ᠠᠯᠳᠠᠷ | ᠮᠠᠨᠳᠣᠭᠰᠠᠨ ᠣᠶᠤᠳᠠᠨ ᠬᠠᠳᠣᠨ ᠪᠤᠯᠤᠨ᠎ᠠ᠃ ᠲᠡᠶᠢᠮᠤ ᠠᠴᠠ ᠮᠤᠩᠭᠤᠯ ᠤᠨ ᠲᠡᠤᠬᠡᠨ ᠳᠤ ᠲᠡᠭᠦᠨ ᠢ ︿︿ᠴᠢᠩ | ᠪᠢᠰᠢᠷᠡᠯᠳᠣ ᠲᠠᠶᠢᠬᠠᠯ ᠬᠠᠳᠣᠨ ᠡᠬᠡ﹀﹀ ᠭᠡᠮᠡᠨ ᠬᠦᠨᠳᠦᠳᠬᠡᠨ ᠲᠡᠮᠳᠡᠭᠯᠡᠭᠰᠡᠨ ᠪᠠᠶᠢᠳᠠᠭ᠃ ᠲᠠᠶᠢᠬᠠᠯ ᠬᠠᠳᠣᠨ ᠪᠤᠯ | ᠲᠠᠶᠠᠨ ᠬᠠᠭᠠᠨ ᠤ ᠣᠳᠬᠤᠨ ᠬᠦᠤ ᠭᠡᠷᠰᠠᠨᠵᠢ ︵ᠪᠠᠰᠠ ᠭᠡᠷᠰᠠᠨᠵᠢ ᠯᠠᠶᠢᠬᠤᠷ ᠭᠡᠳᠡᠭ︶ ᠶᠢᠨ ᠭᠤᠷᠪᠠᠳᠣᠭᠠᠷ | ᠬᠦᠪᠡᠭᠦᠨ ᠣᠶᠢᠵᠢᠨ ᠨᠤᠶᠠᠨ ᠤ ᠬᠦᠤ ᠪᠠᠭ᠋ᠠᠷᠠᠢ ᠬᠤᠰᠢᠭᠤᠴᠢ ᠶᠢᠨ ᠬᠠᠳᠣᠨ ᠪᠤᠯᠤᠨ᠎ᠠ᠃ ᠲᠡᠷᠡ ᠬᠠᠷᠠᠬᠠᠨ | ᠪᠠᠭ᠎ᠠ ᠠᠴᠠ ᠪᠠᠨ ᠴᠡᠴᠡᠨ ᠰᠡᠷᠭᠦᠯᠡᠩ᠂ ᠤᠢ ᠪᠢᠯᠢᠭ ᠴᠣᠭᠤᠷᠬᠠᠢ᠂ ᠪᠢᠴᠢᠭ ᠰᠣᠶᠤᠯ ᠳᠤ ᠰᠢᠮᠳᠠᠨ᠂ ᠮᠤᠩᠭᠤᠯ | ᠲᠦᠪᠡᠳ ᠦᠰᠦᠭ ᠪᠢᠴᠢᠭ ᠲᠤ ᠨᠡᠪᠳᠡᠷᠡᠵᠡᠢ᠃ ᠲᠡᠭᠡᠭᠡᠳ ᠣᠶᠤᠳᠠᠨ ᠡᠮᠡᠭᠳᠡᠢ ᠪᠤᠯᠤᠨ ᠠᠯᠳᠠᠷᠰᠢᠵᠡᠢ᠃ ᠴᠢᠩ | ᠪᠢᠰᠢᠷᠡᠯᠳᠤ ᠲᠠᠶᠢᠬᠠᠯ ᠬᠠᠳᠣᠨ ᠪᠢᠴᠢᠭ ᠰᠣᠶᠤᠯ ᠳᠤ ᠨᠡᠪᠳᠡᠷᠡᠵᠤ᠂ ᠮᠤᠩᠭᠤᠯ ᠰᠣᠶᠤᠯ ᠤᠨ ᠭᠦᠭᠵᠢᠯᠳᠡ ᠳᠤ | ᠪᠠᠯᠠᠷᠠᠰᠢ ᠦᠭᠡᠢ ᠵᠢᠳᠬᠦᠯ ᠦᠭᠭᠦᠭᠰᠡᠨ ᠢᠶᠠᠷ ᠪᠠᠷᠠᠬᠤ ᠦᠭᠡᠢ ᠬᠦᠪᠡᠭᠦᠨ ᠴᠣᠭᠳᠤ ︵ᠴᠣᠭᠳᠣ ᠲᠠᠶᠢᠵᠢ︶ ᠪᠠᠨ | ᠪᠠᠯᠴᠢᠷ ᠪᠠᠭ᠎ᠠ ᠠᠴᠠ ᠨᠢ ᠪᠢᠴᠢᠭ ᠰᠣᠶᠤᠯ ᠢᠶᠠᠷ ᠭᠡᠶᠢᠭᠦᠯᠦᠨ ᠬᠦᠮᠦᠵᠢᠭᠦᠯᠵᠤ ᠪᠢᠯᠡ᠃ ᠬᠠᠳᠣᠨ ᠡᠬᠡ ᠶᠢᠨ ᠢᠶᠠᠨ | ᠭᠡᠷᠡᠯᠳᠦᠭᠰᠡᠨ ᠣᠬᠠᠭᠠᠨ᠂ ᠬᠠᠳᠠᠭᠤ ᠬᠦᠮᠦᠵᠢᠯ ᠢ ᠲᠡᠭᠡᠳᠦᠯᠡᠨ᠂ ᠴᠣᠭᠳᠣ ᠲᠠᠶᠢᠵᠢ ᠪᠣᠰᠣᠳ ᠠᠴᠠ ᠴᠣᠯᠭᠤᠷᠠᠭᠰᠠᠨ | ᠶᠡᠭᠡ ᠪᠢᠯᠢᠭ ᠠᠪᠢᠶᠠᠰ ᠲᠠᠢ ᠠᠯᠳᠠᠷᠳᠤ ᠢᠷᠠᠭᠤ ᠨᠠᠶᠢᠷᠠᠭᠴᠢ᠂ ᠲᠡᠤᠬᠡᠴᠢ ᠮᠦᠷᠳᠡᠭᠡᠨ ᠭᠠᠷᠮᠠᠭᠠᠢ ᠣᠯᠤᠰ ᠲᠦᠷᠦᠴᠢᠨ | ᠂ ᠡᠬᠡ ᠣᠷᠤᠨᠴᠢ ᠪᠠᠭᠠᠳᠣᠷ ᠪᠤᠯᠤᠭᠰᠠᠨ ᠶᠤᠮ᠃ ᠲᠠᠶᠢᠬᠠᠯ ᠬᠠᠳᠣᠨ ᠡᠬᠡ 1601 ᠤᠨ ᠠᠴᠠ ᠡᠬᠢᠯᠡᠨ᠂ ᠬᠦᠤ | ᠴᠣᠭᠳᠣ ᠲᠠᠢ ᠪᠠᠨ ᠲᠦᠪᠡᠳ ᠬᠡᠯᠡᠨ ᠠᠴᠠ ᠪᠤᠷᠬᠠᠨ ᠤ ᠨᠤᠮ ᠰᠣᠳᠣᠷ ᠢ ᠣᠷᠴᠢᠭᠤᠯᠬᠤ ᠶᠢᠨ ᠲᠠᠭᠠᠣ ᠣᠷᠠᠨ ᠵᠤᠬᠢᠶᠠᠯ | ᠂ ᠲᠡᠤᠬᠡ᠂ ᠬᠦᠨ ᠤᠬᠠᠭᠠᠨ᠂ ᠠᠨᠠᠭᠠᠬᠤ ᠣᠬᠠᠭᠠᠨ ᠵᠡᠷᠭᠡ ᠣᠯᠠᠨ ᠲᠦᠷᠦᠯ ᠤᠨ ᠨᠤᠮ ᠰᠣᠳᠣᠷ ᠢ ᠮᠤᠩᠭᠤᠯᠴᠢᠯᠠᠵᠤ᠂ | ᠠᠷᠠᠳ ᠲᠦᠮᠡᠨ ᠢᠶᠠᠨ ᠭᠡᠭᠡᠷᠡᠭᠦᠯᠦᠨ᠂ ᠮᠤᠩᠭᠤᠯ ᠰᠣᠶᠤᠯ ᠤᠨ ᠭᠦᠭᠵᠢᠯᠳᠡ ᠳᠤ ᠯᠤᠳᠤ ᠶᠡᠭᠡ ᠭᠠᠪᠢᠶ᠎ᠡ ᠵᠢᠳᠭᠦᠯ | ᠦᠵᠡᠭᠦᠯᠦᠭᠰᠡᠨ ᠶᠤᠮ᠃ ᠡᠭᠦᠨ ᠤ ᠲᠠᠭᠠᠤ ᠲᠡᠷᠡ ᠪᠠᠰᠠ ᠬᠦᠪᠡᠭᠦᠨ ᠴᠣᠭᠳᠣ ᠲᠠᠶᠢᠵᠢ ᠲᠠᠢ ᠪᠠᠨ ᠪᠦᠬᠦᠯᠢ ᠠᠷᠪᠠᠨ | ᠵᠢᠯ ᠤᠨ ᠴᠠᠭ ᠢ ᠵᠠᠷᠣᠴᠠᠭᠤᠯᠣᠨ᠂ ᠲᠣᠣᠯᠠ ᠶᠢᠨ ᠪᠠᠷᠠᠭᠤᠨ ᠳᠠᠬᠢ ᠵᠢᠷᠦᠬᠡᠨ ᠨᠡᠷᠡᠳᠤ ᠠᠭᠤᠯᠠ ᠶᠢᠨ ᠡᠩᠭᠡᠷ ᠲᠤ | ᠵᠢᠷᠭᠤᠭᠠᠨ ᠰᠦᠮ᠎ᠡ ᠶᠢ ᠪᠠᠶᠢᠭᠤᠯᠵᠤ ᠪᠢᠯᠡ᠃ ᠡᠳᠡᠭᠡᠷ ᠰᠦᠮ᠎ᠡ ᠬᠡᠶᠢᠳ ᠨᠢ ᠮᠤᠩᠭᠤᠯ ᠨᠤᠳᠤᠭ ᠲᠤ ᠱᠠᠰᠢᠨ | ᠲᠡᠯᠭᠡᠷᠡᠭᠦᠯᠬᠦ ᠶᠢᠨ ᠲᠠᠭᠠᠣ ᠮᠤᠩᠭᠤᠯ ᠰᠣᠶᠤᠯ ᠤᠨ ᠦᠯᠦᠭᠡᠢ ᠪᠤᠯᠵᠤ᠂ ᠦᠶ᠎ᠡ ᠦᠶ᠎ᠡ ᠶᠢᠨ ᠬᠦᠮᠦᠰ ᠢ | ᠰᠣᠶᠤᠯᠵᠢᠭᠤᠯᠤᠨ ᠭᠡᠭᠡᠷᠡᠭᠦᠯᠵᠤ ᠪᠠᠶᠢᠪᠠ᠃ ᠡᠨᠡᠬᠦ ᠠᠯᠳᠠᠷ ᠬᠦᠨᠳᠣᠳᠡᠢ ᠰᠣᠶᠤᠯᠳᠣ ᠡᠬᠡ ᠪᠠᠨ ᠮᠦᠩᠬᠡ ᠲᠣᠷᠠᠰᠴᠣ | ᠶᠠᠪᠣᠬᠤ ᠶᠢᠨ ᠲᠦᠯᠦᠭᠡ᠂ ᠮᠤᠩᠭᠤᠯ ᠤᠯᠤᠰ ᠤᠨ ᠠᠯᠳᠠᠷᠳᠣ ᠢᠷᠠᠭᠤ ᠨᠠᠶᠢᠷᠠᠭᠴᠢ ᠭᠡ᠊᠂ ᠢᠰᠢᠬᠦᠣ ︿︿ᠴᠢᠩ | ᠪᠢᠰᠢᠷᠡᠯᠳᠣ ᠲᠠᠶᠢᠬᠠᠯ ᠬᠠᠳᠣᠨ ᠡᠬᠡ﹀﹀ ᠭᠡᠬᠦ ᠭᠠᠶᠢᠬᠠᠯᠳᠠᠢ ᠰᠢᠯᠦᠭ ᠢ ᠪᠦᠳᠦᠭᠡᠵᠤ᠂ ᠡᠨᠡᠬᠦ ᠨᠢᠭᠡᠨ ᠦᠶ᠎ᠡ ᠶᠢᠨ | ᠰᠣᠣ ᠪᠢᠯᠢᠭᠳᠦ ᠬᠠᠳᠣᠨ ᠡᠬᠡ ᠶᠢᠨ ᠠᠷᠢᠭᠤᠬᠠᠨ ᠵᠢᠳᠬᠦᠯ ᠢ ᠳ᠋ᠦᠩᠨᠡᠭᠰᠡᠨ ᠪᠠᠶᠢᠨ᠎ᠠ᠃ | ︿︿ᠡᠬᠡ ᠬᠤᠩ ᠲᠠᠶᠢᠵᠢ ᠶᠢᠨ ᠪᠢᠰᠢᠷᠡᠯᠳᠣ ᠲᠠᠶᠢᠬᠠᠯ ᠡᠬᠡ | ᠡᠷᠳᠡᠮ ᠤᠨ ᠲᠠᠯᠠᠢ ᠶᠢ ᠱᠦᠭᠦᠷᠳᠡᠭᠰᠡᠨ ᠣᠶᠤᠳᠠᠨ ᠮᠥᠨ ᠪᠤᠶᠤ | ᠡᠳᠦᠭᠡ ᠮᠢᠨᠤ ᠰᠢᠯᠦᠭ ᠲᠠᠬᠢ ᠰᠣᠶᠤᠨ ᠭᠡᠭᠡᠷᠡᠭᠰᠡᠨ ᠲᠡᠭᠦᠨ ᠢ | ᠡᠬᠡ ᠣᠷᠤᠨᠴᠢ ᠬᠦᠤ ᠲᠠᠢ ᠨᠢ ᠠᠭᠠᠷ ᠨᠢᠭᠡᠨ ᠦᠵᠡᠪᠡᠢ᠃ | ᠮᠡᠳᠡᠭᠰᠡᠨ ᠡᠷᠳᠡᠮ ᠢᠶᠠᠨ ᠲᠦᠭᠡᠭᠡᠬᠦ ᠪᠠᠷ ᠴᠠᠭᠠᠨ ᠬᠠᠷᠰᠢ ᠪᠠᠶᠢᠭᠤᠯᠪᠠ | ᠮᠡᠷᠭᠡᠳ ᠰᠡᠴᠡᠳ ᠤᠨ ᠰᠣᠳᠣᠷ ᠤᠳ ᠢ ᠤᠨ ᠲᠠᠷᠠᠭᠠᠯᠠᠵᠤ ᠣᠷᠴᠢᠭᠤᠯᠪᠠ | ᠰᠣᠶᠤᠯ ᠤᠨ ᠦᠷ᠎ᠡ ᠲᠠᠷᠢᠬᠤ ᠶᠢ ᠡᠬᠡ ᠬᠦᠤ ᠡᠷᠡᠮᠡᠯᠵᠡᠪᠡ | ᠰᠣᠯᠣᠩᠭᠠᠨ ᠣᠬᠠᠭᠠᠨ ᠰᠠᠴᠣᠷᠠᠭᠤᠯᠤᠨ ᠨᠢᠭᠡᠨ ᠦᠶ᠎ᠡ ᠴᠡᠴᠡᠭᠯᠡᠪᠡ | ᠬᠠᠯᠬ᠎ᠠ ᠶᠢᠨ ᠪᠢᠰᠢᠷᠡᠯᠳᠣ ᠬᠠᠳᠣᠨ ᠤ ᠬᠦᠰᠡᠯ ᠡᠶᠢᠨ ᠪᠡᠶᠡᠯᠡᠪᠡ | ᠬᠠᠳᠣᠨ ᠲᠣᠣᠯᠠ ᠶᠢᠨ ᠣᠷᠤᠰᠬᠠᠯ ᠰᠢᠭ᠋ ᠡᠬᠡ ᠶᠢᠨ ᠰᠡᠳᠬᠢᠯ ᠮᠡᠯᠳᠡᠯᠵᠡᠪᠡ | ᠬᠠᠩᠭᠠᠢ ᠬᠠᠨ ᠤ ᠠᠭᠠᠯᠠᠨ ᠳᠤ ᠣᠶᠠᠷᠠᠵᠤ ᠭᠠᠷᠣᠭᠰᠠᠨ ᠬᠤᠩ ᠲᠠᠶᠢᠵᠢ | ᠬᠠᠯᠠᠭᠤᠳᠤ ᠡᠭᠡᠴᠢ ᠪᠠᠨ ᠰᠠᠨᠠᠭᠠᠯᠵᠠᠨ ᠣᠶᠠᠩᠭ᠎ᠠ ᠶᠢᠨ ᠰᠢᠯᠦᠭ ᠲᠠᠳᠠᠯᠠᠪᠠ | ᠪᠢᠯᠢᠭᠳᠦ ᠲᠠᠳᠡᠨ ᠤ ᠬᠦᠰᠡᠯ ᠢ ᠴᠠᠭ ᠤᠨ ᠰᠠᠯᠬᠢ ᠠᠷᠴᠢᠪᠠ | ᠪᠢᠴᠢᠭ ᠤᠨ ᠪᠦᠳᠦᠭᠡᠯ ᠨᠤᠮ ᠢ ᠨᠢ ᠣᠯᠠᠭᠠᠨ ᠲᠦᠢᠮᠡᠷ ᠢᠳᠡᠪᠡ | ᠪᠢᠷ ᠶᠠᠨᠲ᠋ᠠᠢ ᠶᠠᠭᠤ ᠶᠢ ᠨᠢ ᠰᠢᠷ᠎ᠠ ᠶᠢᠨ ᠱᠠᠰᠢᠨ ᠬᠤᠭᠤᠴᠢᠪᠠ | ᠪᠡᠭᠡ ᠪᠠᠷ ᠴᠦ ᠲᠣᠳᠠᠭᠠ ᠦᠭᠡᠢ ᠲᠡᠳᠡ ᠴᠠᠭᠠᠨ ᠴᠠᠭᠠᠰᠣ ᠴᠦ ᠦᠭᠡᠢ ᠦᠯᠡᠳᠡᠪᠡ | ᠴᠢᠩ ᠤᠨ ᠬᠠᠭᠠᠳ ᠤᠳ ᠮᠣᠩᠭᠤᠯ ᠢ ᠬᠠᠭᠠᠯᠤᠨ ᠪᠣᠳᠠᠯᠠᠵᠤ ᠡᠬᠢᠯᠡᠪᠡ | ᠴᠢᠩᠭᠢᠰ ᠤᠨ ᠣᠭᠰᠠᠭᠠᠳᠣ ᠨᠤᠶᠠᠳ ᠰᠠᠯᠤᠨ ᠪᠣᠳᠠᠷᠠᠵᠤ ᠣᠷᠪᠠᠪᠠ | ᠲᠡᠭᠰᠢ ᠪᠣᠳᠤᠯᠭ᠎ᠠ ᠪᠠᠨ ᠠᠯᠳᠠᠭᠰᠠᠨ ᠳᠤ ᠲᠦᠷᠦ ᠣᠯᠤᠰ ᠬᠢᠮᠤᠷᠠᠪᠠ | ᠴᠢᠩ ᠲᠠᠶᠢᠬᠠᠯ ᠬᠠᠳᠣᠭᠳᠠᠨ ᠤ ᠰᠡᠳᠬᠢᠯ ᠰᠠᠨᠠᠭ᠎ᠠ ᠦᠢᠮᠤᠷᠡᠪᠡ | ᠬᠠᠯᠬ᠎ᠠ ᠶᠢᠨ ᠲᠤᠮᠤ ᠨᠤᠶᠠᠳ ᠰᠢᠷ᠎ᠠ ᠶᠢᠨ ᠱᠠᠰᠢᠨ ᠳᠤ ᠣᠷᠤᠯᠳᠣᠪᠠ | ᠬᠠᠷᠢ ᠶᠢᠨ ᠪᠣᠳᠤᠯᠭ᠎ᠠ ᠬᠡᠷᠡᠭᠵᠢᠵᠤ ᠠᠶᠣᠯ ᠵᠠᠨᠤᠯ ᠦᠩᠭᠡᠯᠵᠡᠪᠡ | ᠠᠷᠪᠠᠨ ᠲᠤᠯᠤᠳᠠᠬᠢ ᠵᠠᠭᠤᠨ ᠳᠤ ᠰᠢᠷ᠎ᠠ ᠣᠯᠠᠭᠠᠨ ᠮᠦᠷᠭᠦᠯᠳᠦᠪᠡ | ᠠᠮᠣᠷ ᠵᠠᠶᠠᠭ᠎ᠠ ᠦᠵᠡᠭᠦᠯᠬᠦ ᠬᠠᠭᠠᠳ ᠨᠤᠶᠠᠳ ᠰᠦᠷᠭᠡᠭᠦᠯᠳᠦᠪᠡ | ᠠᠷᠣ ᠬᠠᠯᠬ᠎ᠠ ᠶᠢᠨ ᠴᠣᠭᠳᠣ ᠲᠠᠶᠢᠵᠢ ᠴᠠᠰᠣᠳᠣ ᠲᠦᠪᠡᠳ ᠢ ᠵᠣᠷᠢᠪᠡ | ᠠᠬᠠᠶᠢᠳᠠᠨ ᠪᠢᠰᠢᠷᠡᠯᠳᠣ ᠬᠠᠳᠣᠨ ᠲᠠᠶᠢᠬᠠᠯ ᠤᠨ ᠠᠮᠢᠳᠣᠷᠠᠯ ᠲᠡᠮᠡᠴᠡᠯ ᠲᠡᠭᠦᠰᠪᠡ﹀﹀ ᠬᠡᠮᠡᠪᠡ᠃ | ᠭᠤᠴᠢᠨ ᠬᠤᠶᠠᠷ᠂ ᠠᠪᠠᠢ ᠬᠠᠳᠣᠨ᠂ | ᠠᠪᠠᠢ ᠬᠠᠳᠣᠨ ᠪᠤᠯ ᠲᠦᠷᠪᠡᠨ ᠦᠢᠷᠠᠳ ᠤᠨ ᠲᠡᠤᠬᠡᠨ ᠳᠤ ᠠᠯᠳᠠᠷᠳᠠᠢ ᠰᠣᠣ ᠪᠢᠯᠢᠭᠳᠦ ᠡᠮᠡᠭᠳᠡᠢ ᠶᠤᠮ᠃ | ᠲᠡᠷᠡ ᠪᠠᠷ ᠦᠢᠷᠠᠳᠴᠣᠳ ᠤᠨ ᠣᠮᠤᠭᠰᠢᠯ ᠪᠠᠭ᠋ᠠᠷᠬᠠᠯ ᠢ ᠲᠠᠳᠠᠭᠰᠠᠨ ︿︿ᠲᠠᠪᠣᠨ ᠪᠠᠷᠰ﹀﹀ ᠭᠡᠮᠡᠭᠳᠡᠭᠰᠡᠨ ᠲᠠᠪᠣᠨ | ᠬᠡᠤᠬᠡᠳ ᠢᠶᠠᠨ ᠲᠦᠷᠦᠭᠦᠯᠦᠨ ᠦᠰᠭᠡᠭᠰᠡᠨ ᠮᠦᠷᠳᠡᠭᠡᠨ ᠦᠢᠷᠠᠳ ᠡᠷᠡᠴᠣᠳ ᠤᠨ ᠬᠠᠳᠠᠭᠤ ᠰᠢᠨᠳᠠᠰᠣ᠂ ᠠᠷᠭ᠎ᠠ | ᠪᠣᠳᠣᠯᠭ᠎ᠠ᠂ ᠭᠠᠷᠮᠠᠭᠠᠢ ᠵᠤᠷᠢᠭ ᠰᠦᠯᠳᠡ ᠪᠠᠷ ᠬᠡᠤᠬᠡᠳ ᠢᠶᠠᠨ ᠬᠦᠮᠦᠵᠢᠭᠦᠯᠦᠭᠰᠡᠨ ᠪᠠᠭᠠᠳᠣᠷ ᠡᠬᠡ ᠶᠤᠮ᠃ ᠠᠪᠠᠢ | ᠬᠠᠳᠣᠨ ᠬᠡᠤᠬᠡᠳ ᠢᠶᠠᠨ ᠦᠭᠡᠯᠡᠢ ᠶᠡᠭᠡ ᠪᠤᠯᠳᠠᠯ᠎ᠠ ᠬᠤᠱᠣᠳ ᠠᠶᠢᠮᠠᠭ ᠢ ᠵᠠᠰᠠᠭᠯᠠᠨ ᠶᠠᠪᠤᠵᠤ᠂ ᠬᠤᠱᠤᠳ | ᠠᠶᠢᠮᠠᠭ ᠤᠨ ᠬᠦᠴᠦᠷᠬᠡᠭᠵᠢᠨ ᠮᠠᠨᠳᠣᠬᠤ ᠳᠤ ᠰᠠᠭᠤᠷᠢ ᠲᠠᠯᠪᠢᠵᠤ ᠦᠭᠭᠦᠭᠰᠡᠨ ᠪᠦᠭᠡᠳ ᠬᠤᠱᠣᠳᠴᠣᠳ ᠤᠨ | ᠲᠦᠷᠪᠡᠨ ᠦᠢᠷᠠᠳ ᠤᠨ ᠴᠢᠭᠤᠯᠭᠠᠨ ᠳᠤ ᠲᠡᠷᠢᠭᠦᠯᠵᠤ ᠶᠠᠪᠤᠬᠤ ᠪᠠᠶᠢᠷᠢ ᠰᠠᠭᠤᠷᠢ ᠶᠢ ᠪᠠᠳᠣᠯᠠᠭᠰᠠᠨ ᠶᠤᠮ᠃ ᠠᠪᠠᠢ | ᠬᠠᠳᠤᠨ ᠪᠤᠯ ᠴᠣᠷᠣᠰ ᠠᠶᠢᠮᠠᠭ ᠤᠨ ᠰᠣᠷᠪᠤᠯᠵᠢᠳᠣ ᠭᠡᠷ ᠤᠨ ᠦᠬᠢᠨ ᠶᠤᠮ᠃ ᠲᠡᠷᠡ ᠬᠠᠨᠢ ᠨᠤᠶᠠᠨ ᠤ ᠭᠤᠤᠯ | ᠬᠠᠳᠣᠨ ᠪᠠᠶᠢᠪᠠ᠃ | ᠭᠤᠴᠢᠨ ᠭᠤᠷᠪᠠ᠂ ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠣᠮᠪᠠᠳᠠᠢ | ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠤᠯ ᠴᠢᠩ ᠣᠯᠤᠰ ᠤᠨ ᠲᠡᠤᠬᠡᠨ ᠳᠠᠬᠢ ᠭᠠᠷᠮᠠᠭᠠᠢ | ᠤᠯᠤᠰ ᠲᠦᠷᠦᠴᠢᠨ ᠪᠤᠯᠤᠨ᠎ᠠ᠃ ᠲᠡᠷᠡ ᠬᠡᠳᠦ᠋ᠢᠳᠦᠭᠰᠡᠨ ᠠᠪᠢᠶᠠᠰ ᠪᠢᠯᠢᠭ ᠣᠬᠠᠭᠠᠨ ᠪᠤᠳᠤᠯᠭ᠎ᠠ ᠪᠠᠷ ᠢᠶᠠᠨ ᠲᠦᠷᠦ | ᠲᠦᠮᠡᠨ ᠳᠡᠭᠡᠨ ᠬᠦᠨᠳᠦᠳᠬᠡᠭᠳᠡᠵᠤ᠂ ᠴᠢᠩ ᠣᠯᠤᠰ ᠤᠨ ᠭᠤᠷᠪᠠᠨ ᠦᠶ᠎ᠡ ᠶᠢᠨ ᠬᠠᠭᠠᠨ᠂ ᠲᠠᠷᠦᠢ ᠲᠡᠭᠷᠢ ᠶᠢᠨ | ᠰᠡᠴᠡᠨ ᠬᠠᠭᠠᠨ᠂ ᠡᠶᠡᠪᠡᠷ ᠵᠠᠰᠠᠭᠴᠢ ᠬᠠᠭᠠᠨ᠂ ᠡᠩᠬᠡ ᠠᠮᠣᠭᠤᠯᠠᠩ ᠬᠠᠭᠠᠨ ᠢ ᠲᠡᠮᠵᠢᠨ ᠲᠡᠳᠬᠦᠵᠤ᠂ ᠴᠢᠩ | ᠣᠯᠤᠰ ᠤᠨ ᠲᠣᠯᠭᠤᠷ ᠲᠦᠷᠦ ᠶᠢᠨ ᠪᠦᠷᠢᠯᠳᠣᠨ ᠲᠣᠭᠳᠠᠨᠢᠬᠤ ᠪᠠ ᠪᠦᠬᠦ ᠤᠯᠤᠰ ᠤᠨ ᠨᠢᠭᠡᠳᠦᠯ ᠢ ᠪᠡᠶᠡᠯᠡᠭᠦᠯᠬᠦ | ᠲᠡᠤᠬᠡᠨ ᠶᠠᠪᠣᠴᠠ ᠳᠤ ᠦᠪᠡᠷ ᠤᠨ ᠭᠠᠪᠢᠶ᠎ᠠ ᠵᠢᠣᠬᠦᠯ ᠢᠶᠠᠨ ᠦᠵᠡᠭᠦᠯᠵᠤ ᠶᠠᠪᠤᠭᠰᠠᠨ ᠮᠤᠩᠭᠤᠯ ᠦᠨᠳᠦᠰᠦᠳᠡᠨ ᠤ | ᠭᠠᠷᠮᠠᠭᠠᠢ ᠡᠮᠡᠭᠳᠡᠢ ᠶᠤᠮ᠃ ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠤᠯ ᠮᠤᠩᠭᠤᠯ ᠤᠭᠰᠠᠭᠠᠨ ᠤ | ᠪᠤᠷᠵᠢᠬᠢᠨ ᠤᠪᠤᠭᠳᠠᠨ᠂ ᠪᠤᠮᠪᠠᠳᠠᠢ ᠭᠡᠳᠡᠭ ᠨᠡᠷ᠎ᠡ ᠲᠠᠢ ︵ᠪᠠᠭ᠎ᠠ ᠶᠢᠨ ᠨᠡᠷ᠎ᠡ ᠨᠢ ᠪᠦᠮᠪᠤᠭᠡᠳᠡᠢ ᠭᠡᠳᠡᠭ ᠪᠣᠶᠤ ᠪᠠᠰᠠ | ᠳ᠋ᠠ ᠢᠤᠢ ᠡᠯ ᠭᠡᠵᠤ ᠲᠠᠭᠤᠳᠠᠳᠠᠭ᠂ ᠴᠣᠬᠤᠮ ᠨᠡᠷ᠎ᠡ ᠨᠢ ᠴᠠᠭᠠᠨᠳᠠᠷᠠ᠃ 1613 — 1687 ᠣᠨ ᠬᠦᠷᠳᠡᠯ᠎ᠡ | ᠠᠮᠢᠳᠠᠷᠠᠪᠠ︶᠃ ᠪᠤᠮᠪᠠᠳᠠᠢ ᠪᠤᠯ ᠴᠢᠩᠭᠢᠰ ᠬᠠᠭᠠᠨ ᠤ ᠢᠳᠡᠭᠡᠯᠳᠣ ᠲᠡᠭᠦᠤ ᠬᠠᠪᠣᠳᠣ ᠬᠠᠰᠠᠷ ᠤᠨ ᠠᠷᠪᠠᠨ ᠨᠠᠢᠮᠠᠳᠣᠭᠠᠷ | ᠦᠶ᠎ᠡ ᠶᠢᠨ ᠬᠤᠶᠢᠴᠢ ᠪᠤᠯᠬᠤ ᠨᠤᠨ ᠬᠤᠷᠴᠢᠨ ᠤ ᠶᠡᠭᠡ ᠵᠠᠷᠭᠤᠴᠢ ᠪᠠᠶᠢᠭᠰᠠᠨ ᠪᠣᠷᠵᠢᠬᠢᠨ ᠤᠪᠤᠭᠳᠣ ᠮᠠᠩᠭᠤᠰ | ᠨᠤᠶᠠᠨ ᠤ ᠤᠮᠪᠤᠯᠣ ᠦᠬᠢᠨ ᠨᠢ ᠪᠤᠯᠤᠨ᠎ᠠ᠃ | ᠭᠤᠴᠢᠨ ᠲᠦᠷᠪᠡ᠂ ᠲᠣᠮᠣᠭᠳᠣ ᠦᠬᠢᠨ ᠰᠣᠮᠠᠯ | ᠰᠣᠮᠠᠯ ᠬᠡᠤᠬᠡᠨ ᠪᠤᠯ ᠴᠡᠴᠡᠨ ᠰᠡᠷᠭᠦᠯᠡᠩ ᠤᠢ ᠤᠬᠠᠭᠠᠨ᠂ ᠪᠦᠳᠦᠭᠡᠯᠴᠢ ᠠᠪᠢᠶᠠᠰ ᠲᠠᠢ ᠠᠵᠢᠯᠴᠢ | ᠬᠦᠳᠡᠯᠮᠤᠷᠢᠴᠢ ᠬᠦᠮᠦᠨ ᠮᠦᠷᠳᠡᠭᠡᠨ ᠬᠡᠳᠦᠨ ᠬᠡᠯᠡᠨ ᠤ ᠪᠢᠴᠢᠭ ᠰᠣᠶᠣᠯ ᠳᠤ ᠨᠡᠪᠳᠡᠷᠡᠭᠰᠡᠨ ᠰᠣᠳᠤᠨ ᠡᠮᠡᠭᠳᠡᠢ᠃ | ᠲᠡᠷᠡ ᠮᠤᠩᠭᠤᠯ ᠡᠮᠡᠭᠳᠡᠶᠢᠴᠣᠳ ᠤᠨ ᠴᠢᠳᠠᠮᠠᠭᠠᠢ ᠠᠪᠢᠶᠠᠰ ᠪᠠ ᠠᠷᠣᠣᠬᠠᠨ ᠵᠣᠷᠢᠭ ᠢ ᠲᠡᠭᠡᠳᠦᠯᠡᠵᠤ᠂ ᠲᠠᠶᠢᠴᠢᠩ | ᠭᠦᠷᠦᠨ ᠤ ᠬᠠᠮᠤᠭ ᠤᠨ ᠪᠠᠳᠠᠷᠠᠯ ᠭᠦᠭᠵᠢᠯ ᠤᠨ ᠦᠶ᠎ᠡ ᠭᠡᠮᠡᠭᠳᠡᠭᠰᠡᠨ ᠲᠡᠭᠷᠢ ᠶᠢᠨ ᠰᠡᠴᠡᠨ ᠬᠠᠭᠠᠨ ᠠᠴᠠ ᠡᠩᠬᠡ | ᠠᠮᠤᠭᠤᠯᠠᠩ ᠤᠨ ᠲᠦᠷᠦ ᠶᠢ ᠲᠣᠭᠤᠯᠣᠨ ᠠᠯᠳᠠᠷᠰᠢᠵᠤ᠂ ᠮᠤᠩᠭᠤᠯ ᠡᠮᠡᠭᠳᠡᠢ ᠶᠢᠨ ᠰᠣᠣ ᠪᠢᠯᠢᠭ ᠢ ᠭᠠᠶᠢᠬᠠᠭᠤᠯᠵᠤ | ᠶᠠᠪᠤᠭᠰᠠᠨ ᠶᠤᠮ᠃ | ᠭᠤᠴᠢᠨ ᠲᠠᠪᠤ᠂ ᠶᠤᠮ ᠠᠭᠠᠰ ᠬᠠᠳᠣᠨ | ᠶᠤᠮ ᠠᠭᠠᠰ ᠬᠠᠳᠣᠨ ᠦᠢᠷᠠᠳ ᠤᠨ ᠬᠤᠯᠪᠤᠭᠠᠨ ᠳᠠᠬᠢ ᠠᠯᠳᠠᠷᠳᠣ ᠡᠮᠡᠭᠳᠡᠢ ᠪᠤᠯᠤᠨ᠎ᠠ᠃ ᠲᠡᠷᠡ ᠪᠠᠷ | ᠠᠭᠤᠳᠠᠮᠴᠢ ᠪᠣᠳᠤᠯᠭ᠎ᠠ ᠲᠠᠢ ᠣᠯᠤᠰ ᠲᠦᠷᠦ ᠶᠢᠨ ᠭᠢᠷᠠᠬᠠᠢ ᠬᠠᠷᠠᠴᠠ ᠲᠠᠢ᠂ ᠠᠪᠢᠶᠠᠰ ᠴᠢᠳᠠᠪᠤᠷᠢ ᠲᠠᠢ | ᠪᠠᠶᠢᠳᠠᠭ ᠢᠶᠠᠷ ᠢᠶᠠᠨ ᠪᠦᠬᠦ ᠦᠢᠷᠠᠳᠴᠣᠳ᠂ ᠲᠡᠷᠡᠴᠢᠯᠡᠨ ᠲᠠᠯ᠎ᠠ ᠨᠣᠳᠤᠭ ᠤᠨ ᠮᠤᠩᠭᠤᠯᠴᠣᠳ ᠤᠨ ᠲᠣᠳᠣᠷ᠎ᠠ ᠲᠣᠩ | ᠨᠦᠯᠦᠭᠡ ᠲᠣᠰᠬᠠᠯ ᠲᠠᠢ ᠪᠠᠶᠢᠭᠰᠠᠨ ᠶᠤᠮ᠃ ᠶᠤᠮ ᠠᠭᠠᠰ ᠬᠠᠳᠣᠨ ᠴᠣᠷᠣᠰ ᠤᠪᠤᠭᠳᠠᠨ ᠵᠢᠴᠢ ᠪᠦᠬᠦ ᠦᠢᠷᠠᠳ ᠤᠨ | ᠲᠣᠳᠣᠷ᠎ᠠ ᠦᠷᠭᠡᠨ ᠨᠦᠯᠦᠭᠡ ᠲᠠᠢ ᠪᠠᠶᠢᠳᠠᠭ ᠠᠴᠠ ᠬᠤᠩ ᠲᠠᠶᠢᠵᠢ ᠰᠡᠩᠭᠡ ᠨᠠᠰᠣ ᠪᠠᠷᠠᠭᠰᠠᠨ ᠤ ᠲᠠᠷᠠᠭ᠎ᠠ᠂ ᠴᠣᠷᠣᠰ | ᠣᠪᠤᠭ ᠤᠨ ᠲᠤᠳᠣᠭᠠᠳᠣ ᠶᠢᠨ ᠡᠷᠬᠡ ᠠᠰᠢᠭ ᠪᠤᠯᠢᠶᠠᠯᠳᠣᠬᠤ ᠰᠠᠮᠠᠭᠤᠨ ᠢ ᠣᠷᠠᠨ ᠢᠶᠠᠷ ᠰᠢᠢᠳᠪᠤᠷᠢᠯᠡᠵᠤ᠂ ᠬᠤᠩ | ᠲᠠᠶᠢᠵᠢ ᠶᠢᠨ ᠵᠠᠯᠭᠠᠮᠵᠢᠯᠠᠭᠴᠢ ᠶᠢ ᠣᠨᠤᠪᠴᠢᠳᠠᠢ ᠰᠣᠩᠭᠤᠵᠤ ᠴᠢᠳᠠᠭᠰᠠᠨ ᠶᠤᠮ᠃ ᠢᠩᠬᠢᠭᠡᠳ ᠴᠣᠷᠣᠰᠴᠣᠳ ᠤᠨ | ᠲᠣᠳᠣᠭᠠᠳᠣ ᠰᠠᠮᠠᠭᠤᠷᠠᠯ ᠢ ᠲᠦᠪᠰᠢᠳᠬᠡᠵᠤ᠂ ᠵᠡᠭᠦᠨ ᠭᠠᠷ ᠤᠯᠤᠰ ᠪᠠᠶᠢᠭᠤᠯᠤᠭᠳᠠᠬᠤ ᠳᠤ ᠰᠠᠭᠤᠷᠢ ᠲᠠᠯᠪᠢᠵᠤ | ᠦᠭᠭᠦᠭᠰᠡᠨ ᠪᠤᠯᠬᠤᠷ ᠵᠡᠭᠦᠨ ᠭᠠᠷ ᠬᠠᠭᠠᠨᠳᠣ ᠣᠯᠤᠰ ᠤᠨ ᠬᠦᠨᠳᠦᠳᠬᠡᠯ ᠲᠠᠢ ᠡᠬᠡ ᠪᠤᠯᠤᠭᠰᠠᠨ ᠶᠤᠮ᠃ ᠲᠡᠷᠡ ᠪᠤᠯ | ᠲᠣᠷᠭᠤᠳ ᠤᠨ ᠱᠦᠭᠦᠷ ᠲᠠᠶᠢᠴᠢᠩ ᠤᠨ ᠦᠬᠢᠨ᠃ ᠴᠣᠷᠣᠰ ᠤᠨ ᠪᠠᠭᠠᠳᠣᠷ ᠬᠤᠩ ᠲᠠᠶᠢᠵᠢ ᠲᠠᠢ ᠬᠤᠷᠢᠮᠯᠠᠵᠤ᠂ | ᠲᠡᠭᠦᠨ ᠤ ᠬᠠᠶᠢᠷ᠎ᠠ ᠶᠢ ᠭᠦᠨ᠎ᠡ ᠤᠯᠤᠭᠰᠠᠨ ᠶᠤᠮ᠃ | ᠭᠤᠴᠢᠨ ᠵᠢᠷᠭᠤᠭ᠎ᠠ᠂ ᠠᠨᠤ ᠳ᠋ᠠᠷ᠎ᠠ ᠬᠠᠳᠣᠨ | ᠠᠨᠤ ᠳ᠋ᠠᠷ᠎ᠠ ᠬᠠᠳᠣᠨ ᠪᠤᠯ ᠭᠤᠶᠤ ᠦᠵᠡᠰᠭᠦᠯᠡᠩ ᠮᠦᠷᠳᠡᠭᠡᠨ ᠴᠡᠷᠢᠭ ᠤᠨ ᠡᠷᠳᠡᠮ ᠳᠤ ᠴᠠᠭᠠᠷᠠᠭᠰᠠᠨ | ᠪᠠᠭᠠᠳᠣᠷ ᠡᠮᠡᠭᠳᠡᠢ ᠶᠤᠮ᠃ ᠲᠡᠷᠡ ᠭᠠᠯᠳᠠᠨ ᠪᠣᠱᠤᠭᠳᠣ ᠬᠠᠭᠠᠨ ᠢ ᠲᠠᠭᠠᠨ ᠣᠳᠠᠭᠠᠨ ᠵᠢᠯ ᠲᠠᠶᠢᠨ ᠪᠠᠶᠢᠯᠳᠣᠭᠠᠨ ᠳᠤ | ᠭᠠᠪᠰᠢᠭᠠᠶᠢᠯᠠᠨ ᠣᠷᠤᠯᠴᠠᠵᠤ᠂ ᠴᠡᠷᠢᠭ ᠠᠷᠠᠳ ᠤᠨ ᠲᠣᠳᠣᠷ᠎ᠠ ᠪᠠᠭᠠᠳᠣᠷ ᠡᠮᠡᠭᠳᠡᠢ ᠭᠡᠮᠡᠨ ᠠᠯᠳᠠᠷᠰᠢᠵᠤ ᠪᠠᠶᠢᠵᠡᠢ᠃ | ᠲᠡᠷᠡ ᠬᠠᠷᠪᠣᠬᠤ ᠨᠠᠮᠨᠠᠬᠤ ᠵᠡᠷᠭᠡ ᠵᠡᠪᠰᠡᠭ ᠤᠨ ᠡᠷᠳᠡᠮ ᠢ ᠴᠢᠳᠠᠮᠠᠭᠠᠢ ᠡᠵᠡᠮᠰᠢᠵᠤ ᠪᠤᠳᠤᠯᠭ᠎ᠠ ᠴᠢᠳᠠᠪᠣᠷᠢ ᠶᠢᠨ | ᠲᠠᠯ᠎ᠠ ᠪᠠᠷ ᠴᠦ ᠴᠢᠳᠠᠮᠠᠭᠠᠢ ᠪᠠᠶᠢᠵᠤ᠂ ᠲᠠᠶᠢᠨ ᠪᠠᠶᠢᠯᠳᠣᠭᠠᠨ ᠤ ᠠᠷᠭ᠎ᠠ ᠪᠣᠳᠤᠯᠭ᠎ᠠ ᠶᠢ ᠲᠣᠭᠳᠠᠭᠠᠬᠤ᠂ ᠪᠠᠴᠢᠮ | ᠪᠠᠶᠢᠳᠠᠯ ᠢ ᠠᠷᠭᠠᠴᠠᠭᠠᠬᠤ᠂ ᠰᠢᠳᠪᠤᠷᠢᠳᠣ ᠲᠣᠭᠳᠠᠭᠠᠯ ᠭᠠᠷᠭᠠᠬᠤ ᠳᠤ ᠢᠳᠡᠪᠬᠢᠳᠡᠢ ᠣᠷᠤᠯᠴᠠᠵᠤ ᠰᠠᠨᠠᠯ | ᠵᠦᠪᠯᠡᠯᠭᠡ ᠪᠠᠨ ᠲᠡᠪᠰᠢᠭᠦᠯᠵᠤ ᠪᠠᠶᠢᠭᠰᠡᠨ ᠪᠦᠭᠡᠳ ᠲᠠᠶᠢᠨ ᠪᠠᠶᠢᠯᠳᠣᠭᠠᠨ ᠢ ᠵᠢᠯᠤᠭᠤᠳᠬᠤ ᠳᠤ ᠪᠠᠨ ᠴᠢᠳᠠᠮᠠᠭᠠᠢ | ᠪᠠᠶᠢᠭᠰᠡᠨ᠃ ᠠᠨᠤ ᠳ᠋ᠠᠷ᠎ᠠ ᠬᠠᠳᠣᠨ ᠪᠤᠯ ᠬᠤᠱᠤᠳ ᠠᠶᠢᠮᠠᠭ ᠤᠨ ᠬᠦᠮᠦᠨ᠂ ᠬᠤᠱᠣᠳ ᠤᠨ ᠸᠴᠢᠷᠳᠣ ᠴᠡᠴᠡᠨ | ᠲᠠᠶᠢᠵᠢ ᠶᠢᠨ ᠬᠦᠤ ᠭᠠᠯᠳᠠᠮᠪᠠ ᠶᠢᠨ ᠦᠬᠢᠨ ᠪᠤᠯᠤᠨ᠎ᠠ᠃ ᠮᠤᠩᠭᠤᠯ ᠤᠨ ᠠᠯᠳᠠᠷᠳᠣ ᠢᠷᠠᠭᠤ ᠨᠠᠶᠢᠷᠠᠭᠴᠢ | ᠪᠢᠮᠪᠠᠵᠠᠪ ᠤᠨ ᠡᠩᠬᠡᠳᠣᠶᠠᠭᠠ ︿︿ᠠᠨᠤ ᠬᠠᠳᠣᠨ﹀﹀ ᠭᠡᠬᠦ ᠨᠢᠭᠡᠨ ᠠᠩᠭᠢ ᠰᠢᠯᠦᠭ ᠪᠢᠴᠢᠵᠤ᠂ ᠠᠨᠤ ᠳ᠋ᠠᠷ᠎ᠠ | ᠬᠠᠳᠤᠨ ᠢ ᠲᠣᠷᠠᠰᠬᠠᠨ ᠲᠡᠮᠳᠡᠭᠯᠡᠭᠰᠡᠨ ᠶᠤᠮ᠄ ︿︿ᠰᠢᠨ᠎ᠡ ᠶᠢᠨ ᠰᠠᠷ᠎ᠠ ᠰᠢᠭ ᠠᠨᠤ ᠬᠠᠳᠣᠨ ᠰᠢᠷᠭᠢᠬᠦ ᠨᠠᠭᠤᠷ ᠤᠨ | ᠠᠯᠳᠠᠨ ᠵᠢᠷᠭᠠᠬᠠᠢ ᠬᠤᠷᠮᠤᠰᠳᠠ ᠶᠢᠨ ᠦᠬᠢᠨ ᠰᠢᠭ ᠠᠨᠤ ᠬᠠᠳᠣᠨ ᠬᠤᠭᠤᠷᠠᠭᠰᠠᠨ ᠮᠦᠴᠢᠷ ᠤᠨ ᠨᠢᠯᠬ᠎ᠠ ᠴᠡᠴᠡᠭ | ᠡᠷᠡᠬᠡᠢ ᠬᠤᠷᠤᠭᠤ ᠪᠠᠨ ᠡᠪᠡᠷᠰᠢᠳᠡᠯᠡ ᠡᠪᠡᠷ ᠨᠤᠮᠤ ᠡᠪᠰᠢᠶᠡᠯᠭᠡᠵᠤ ᠶᠠᠪᠣᠭᠰᠠᠨ ᠡᠩᠭᠡᠰᠭᠡᠳᠣ ᠬᠠᠴᠠᠷ ᠢᠶᠠᠨ ᠲᠣᠯᠢᠳᠠᠬᠤ | ᠵᠠᠪ ᠦᠭᠡᠢ ᠡᠮᠡᠭᠡᠯ ᠤᠨ ᠪᠦᠭᠦᠷᠭᠡ ᠳᠤ ᠲᠣᠭᠭᠢᠵᠤ ᠶᠠᠪᠤᠭᠰᠠᠨ ᠣᠷᠭᠤᠬᠤ ᠨᠠᠷᠠᠨ ᠰᠢᠭ ᠠᠨᠤ ᠬᠠᠳᠣᠨ ᠣᠨᠳᠠᠷᠠᠬᠤ | ᠭᠠᠯ ᠤᠨ ᠰᠢᠨᠡᠬᠡᠨ ᠬᠡᠰᠢᠭᠦᠤ ᠡᠷᠡᠮᠡᠭ ᠵᠣᠷᠢᠮᠠᠭ ᠠᠨᠤ ᠬᠠᠳᠣᠨ ᠡᠮᠳᠡᠷᠡᠭᠦ ᠬᠠᠳᠠᠨ ᠤ ᠪᠤᠯᠤᠷ ᠲᠠᠯᠠᠰᠳᠣ ᠦᠬᠦᠯ ᠤᠨ | ᠲᠠᠮᠠᠭ᠎ᠠ ᠲᠠᠢ ᠭᠠᠯᠳᠠᠨ ᠪᠣᠱᠣᠭᠳᠣ ᠳᠤ ᠦᠢᠯᠡ ᠪᠠᠷ ᠬᠠᠨᠢᠯᠠᠭᠰᠠᠨ ᠦᠵᠡᠰᠭᠦᠯᠡᠩ ᠭᠤᠸ᠎ᠠ ᠦᠳᠡᠯᠦᠭᠡᠳ ᠮᠣᠷᠳᠠᠬᠤ | ᠬᠤᠷᠸ᠎ᠠ ᠶᠢᠨ ᠪᠠᠭᠤᠳᠠᠯ ᠳᠤ ᠦᠯᠢᠭᠡᠷ ᠰᠢᠭ ᠦᠩᠭᠡᠷᠡᠭᠰᠡᠨ ᠮᠤᠩᠭᠤᠯᠵᠢᠨ ᠭᠤᠸ᠎ᠠ ᠬᠠᠯᠬ᠎ᠠ ᠦᠢᠷᠠᠳ ᠤᠨ ᠡᠪ | ᠬᠠᠭᠠᠷᠠᠬᠤ ᠳᠤ ᠬᠠᠪᠴᠢᠯ ᠳᠤᠨᠢ ᠣᠨᠠᠭᠰᠠᠨ ᠬᠠᠳᠣᠨ ᠭᠤᠸ᠎ᠠ ᠢᠰᠡᠭᠡᠢ ᠭᠦᠷᠦᠨ ᠤ ᠲᠡᠤᠬᠡ ᠶᠢᠨ ᠨᠡᠭᠦᠳᠡᠯ ᠳᠤ ᠡᠮᠡᠭᠡᠯ | ᠲᠡᠭᠡᠷ᠎ᠡ ᠬᠠᠯᠢᠭᠰᠠᠨ ᠮᠤᠩᠭᠤᠯᠵᠢᠨ ᠭᠤᠸ᠎ᠠ ᠦᠨᠳᠡᠭᠡ ᠪᠠᠨ ᠲᠠᠷᠣᠵᠤ ᠴᠢᠳᠠᠭ᠎ᠠ ᠦᠭᠡᠢ ᠦᠳᠣ ᠨᠢ ᠪᠣᠳᠠᠷᠠᠭᠰᠠᠨ | ᠬᠤᠨ ᠠᠪᠠᠭ᠋ᠠᠢ ᠦᠷ᠎ᠡ ᠪᠠᠨ ᠲᠡᠪᠡᠷᠢᠭᠡᠳ ᠪᠣᠴᠠᠭᠰᠠᠨ ᠦᠷᠯᠦᠭ ᠲᠡᠤᠬᠡ ᠶᠢᠨ ᠬᠠᠳᠣᠨ ᠠᠪᠠᠭ᠋ᠠᠢ﹀﹀ ᠭᠡᠮᠡᠨ ᠲᠡᠭᠦᠨ ᠤ | ᠰᠦᠭ ᠰᠦᠨᠡᠰᠣ ᠶᠢ ᠲᠠᠶᠢᠵᠤ ᠪᠢᠯᠡ᠃ | |