ᠬᠤᠶᠠᠷᠬᠠᠨ ᠴᠢᠪᠬᠠᠳᠠᠰᠤᠨ ᠤ ᠡᠭᠡᠰᠢᠭ ᠢᠶᠠᠷ ᠬᠤᠷᠸ᠎ᠠ ᠳᠡᠯᠡᠬᠡᠢ ᠶᠢ ᠤᠶᠠᠷᠠᠭᠤᠯᠵᠤ᠂ ᠬᠤᠤᠰ ᠦᠭᠡᠢ | ᠰᠠᠶᠢᠬᠠᠨ ᠠᠶᠠᠯᠭᠤ ᠪᠠᠷ ᠢᠶᠠᠨ ᠬᠤᠲᠠᠯᠠ ᠤᠯᠠᠨ ᠢᠶᠠᠨ ᠪᠠᠶᠠᠰᠬᠠᠨ᠂ ᠬᠤᠪᠢ ᠵᠠᠶᠠᠭ᠎ᠠ ᠪᠠᠨ ᠮᠤᠷᠢᠨ ᠬᠤᠭᠤᠷ ᠲᠠᠢ | ᠬᠤᠯᠪᠤᠵᠤ ᠶᠠᠪᠤᠭᠰᠠᠨ ᠠᠯᠳᠠᠷᠲᠦ ᠮᠤᠷᠢᠨ ᠬᠤᠭᠤᠷᠴᠢ᠂ ᠴᠤᠭᠤᠷᠴᠢ ᠰᠤᠶᠤᠯᠭᠡᠷᠡᠯ᠂ 1966 ᠤᠨ ᠳᠤ ᠤᠤᠯ | ᠤᠨ ᠦᠵᠦᠮᠦᠴᠢᠨ ᠪᠠᠷᠠᠭᠤᠨ ᠬᠤᠰᠢᠭᠤᠨ ᠤ ᠪᠠᠴᠢ ᠲᠤᠯᠭ᠎ᠠ ᠨᠤᠲᠤᠭᠲᠠᠢ ᠠᠷᠠᠳ ᠤᠨ ᠤᠷᠠᠯᠢᠭ ᠲᠤ ᠪᠠᠭ᠋ᠠᠲᠠᠢ᠂ | ᠤᠯᠤᠰ ᠤᠨ ᠺᠠᠳ᠋ᠷ ᠫᠧᠯᠵᠢ ᠶᠢᠨ ᠤᠤᠭᠠᠨ ᠬᠦᠪᠡᠭᠦᠨ ᠪᠤᠯᠵᠤ ᠵᠠᠶᠠᠭᠠᠵᠠᠢ᠃ | ᠥᠨᠢᠷ ᠪᠤᠶᠠᠨᠲᠦ ᠦᠵᠦᠮᠦᠴᠢᠨ ᠨᠤᠲᠤᠭ ᠤᠨ ᠢᠶᠠᠨ ᠤᠷᠠᠯᠢᠭ ᠤᠨ ᠬᠡᠰᠢᠭ ᠲᠤ ᠢᠪᠡᠭᠡᠭᠳᠡᠨ ᠥᠰᠴᠦ ᠂ | 1979 ᠤᠨ ᠤ 9 ᠰᠠᠷ᠎ᠠ ᠳᠤ 13 ᠨᠠᠰᠤᠲᠠᠢ ᠳᠠᠭᠠᠨ ᠳᠠᠭᠤᠤ ᠬᠤᠭᠤᠷ ᠤᠨ ᠤᠶᠠᠩᠭᠠᠨ ᠪᠦᠦᠪᠡᠢ ᠳᠤ | ᠪᠦᠪᠠᠶᠢᠯᠡᠭᠳᠡᠨ᠂ ᠤᠷᠠᠯᠢᠭᠴᠢᠨ ᠪᠤᠯᠬᠤ ᠰᠠᠶᠢᠬᠠᠨ ᠬᠦᠰᠡᠯ ᠢᠶᠠᠨ ᠳᠡᠭᠡᠳᠦᠯᠡᠨ᠂ ᠳᠤᠬᠠᠢ ᠶᠢᠨ ᠦᠶ᠎ᠡ ᠶᠢᠨ ᠥᠪᠥᠷ | ᠮᠤᠩᠭᠤᠯ ᠤᠨ ᠤᠷᠠᠯᠢᠭ ᠤᠨ ᠰᠤᠷᠭᠠᠭᠤᠯᠢ ᠳᠤ ᠡᠯᠰᠡᠭᠳᠡᠨ ᠤᠷᠤᠵᠤ᠂ ᠨᠡᠷᠡᠲᠦ ᠴᠤᠭᠤᠷᠴᠢᠨ᠂ ᠮᠤᠷᠢᠨ ᠬᠤᠭᠤᠷᠴᠢ | ᠤᠳᠬᠠᠨᠪᠠᠶᠠᠷ ᠪᠠᠭᠰᠢ ᠶᠢᠨ ᠭᠠᠷ ᠤᠨ ᠱᠠᠪᠢ ᠨᠢ ᠪᠤᠯᠵᠤ᠂ 1984 ᠤᠨ ᠳᠤ ᠥᠨᠳᠥᠷ ᠪᠥᠲᠦᠮᠵᠢ ᠪᠠᠷ | ᠰᠤᠷᠭᠠᠭᠤᠯᠢ ᠪᠠᠨ ᠲᠡᠭᠦᠰᠴᠦ᠂ ᠥᠪᠥᠷ ᠮᠤᠩᠭᠤᠯ ᠤᠨ ᠳᠠᠭᠤᠤ ᠪᠦᠵᠢᠭ ᠤᠨ ᠪᠥᠯᠬᠦᠮ ᠳᠤ ᠬᠤᠪᠢᠶᠠᠭᠳᠠᠨ | ᠠᠵᠢᠯᠯᠠᠵᠤ᠂ ᠴᠢ᠊᠂ ᠪᠤᠯᠠᠭ ᠪᠠᠭᠰᠢ ᠶᠢᠨ ᠡᠭᠦᠰᠬᠡᠨ ᠪᠠᠶᠢᠭᠤᠯᠤᠭᠰᠠᠨ ︽ ᠲᠠᠬᠢ ᠨᠡᠷᠡᠮᠵᠢᠲᠦ︾ ᠮᠤᠷᠢᠨ ᠬᠤᠭᠤᠷ ᠤᠨ | ᠬᠠᠮᠲᠤᠯᠢᠭ ᠤᠨ ᠨᠠᠢᠮᠠᠨ ᠭᠡᠰᠢᠭᠦᠨ ᠤ ᠨᠢᠭᠡ ᠨᠢ ᠪᠠᠶᠢᠵᠡᠢ᠃ 1988 ᠤᠨ ᠳᠤ ᠵᠡᠭᠦᠨ ᠦᠵᠦᠮᠦᠴᠢᠨ ᠬᠤᠰᠢᠭᠤᠨ | ᠤ ᠤᠯᠠᠭᠠᠨᠮᠥ᠋ᠴᠢᠷ ᠲᠤ ᠰᠢᠯᠵᠢᠨ ᠢᠷᠡᠵᠦ ᠠᠵᠢᠯᠯᠠᠨ ᠡᠳᠦᠭᠡ ᠪᠣᠯᠪᠠ᠃ | ᠰᠤᠶᠤᠯᠭᠡᠷᠡᠯ ᠪᠤᠯ ᠮᠤᠷᠢᠨ ᠬᠤᠭᠤᠷ ᠤᠨ ᠰᠢᠰᠲ᠋ᠧᠮᠲᠦ ᠮᠡᠷᠭᠡᠵᠢᠯ ᠢ ᠰᠤᠷᠴᠦ ᠡᠵᠡᠮᠰᠢᠭᠰᠡᠨ᠂ ᠲᠥᠷᠥᠯᠬᠢ | ᠠᠪᠢᠶᠠᠰᠯᠢᠭ ᠤᠷᠠᠨ ᠮᠡᠳᠡᠷᠡᠮᠵᠢ ᠪᠠᠷ ᠢᠶᠠᠨ ᠴᠤᠯᠭᠤᠷᠠᠭᠰᠠᠨ ᠮᠤᠷᠢᠨ ᠬᠤᠭᠤᠷᠴᠢ ᠪᠢᠯᠡ᠃ ᠲᠡᠭᠦᠨ ᠤ ᠬᠦᠭᠵᠢᠮᠳᠡᠬᠦ | ᠠᠷᠭ᠎ᠠ ᠪᠠᠷᠢᠯ ᠨᠢ ᠣᠨᠴᠠᠭᠠᠢ᠂ ᠰᠡᠳᠬᠢᠯᠭᠡ ᠭᠦᠨ᠂ ᠰᠣᠷᠭᠤᠭ ᠮᠡᠳᠡᠷᠡᠮᠵᠢ ᠲᠠᠢ᠂ ᠬᠦᠭ ᠠᠶᠢᠵᠠᠮ ᠨᠢ ᠲᠣᠳᠤᠷᠠᠭᠤᠨ | ᠂ ᠦᠩᠭᠡ ᠠᠶᠠᠰ ᠨᠢ ᠴᠡᠪᠡᠷᠬᠡᠨ᠂ ᠤᠷᠠᠯᠢᠭ ᠤᠨ ᠬᠡᠪ ᠨᠠᠮᠪᠠ ᠥᠪᠡᠷᠮᠢᠴᠠ ᠪᠠᠶᠢᠳᠠᠭ᠃ ᠭᠤᠴᠢ ᠭᠠᠷᠤᠢ ᠵᠢᠯ ᠤᠨ | ᠤᠷᠠᠯᠢᠭ ᠤᠨ ᠵᠠᠮᠨᠠᠯ ᠳᠠᠭᠠᠨ ᠭᠠᠨᠵᠤᠭ᠎ᠠ ᠳᠦᠭᠦᠷᠡᠩ ᠶᠠᠪᠤᠵᠤ᠂ ᠤᠷᠢᠤᠨ ᠬᠤᠵᠢᠤᠡᠨ 300 ᠭᠠᠷᠤᠢ ᠳᠠᠭᠤᠤ᠂ | ᠬᠦᠭᠵᠢᠮ᠂ ᠪᠦᠵᠢᠭ ᠂ ᠬᠤᠤᠰᠯᠠᠯ ᠭᠤᠷᠪᠠᠯᠠᠯ ᠠᠶ᠎ᠠ ᠶᠢ ᠵᠣᠬᠢᠶᠠᠨ ᠪᠦᠲᠦᠭᠡᠵᠦ ᠂1990 ᠤᠨ ᠳᠤ ︽ᠡᠵᠢ | ᠨᠠᠭᠤᠷ︾ ᠬᠡᠭᠦ ᠪᠦᠵᠢᠭ ᠤᠨ ᠠᠶ᠎ᠠ ᠪᠠᠷ ᠢᠶᠠᠨ ᠪᠦᠬᠦ ᠤᠷᠤᠨ ᠤ ︽ᠲᠠᠪᠤᠨ ᠨᠢᠭᠡ ᠶᠢᠨ ᠢᠨᠵᠧᠨᠧᠷᠢᠩ︾ ᠤᠨ | ᠱᠠᠩᠨᠠᠯ ᠲᠤᠰᠴᠤ᠂ 1996 ᠤᠨ ᠳᠤ ᠪᠦᠬᠦ ᠤᠯᠤᠰ ᠤᠨ ᠠᠩᠬᠠᠳᠤᠭᠠᠷ ᠤᠳᠠᠭᠠᠨ ᠤ ︽ᠰᠧᠷᠠᠰᠢ ᠬᠤᠨᠳᠠᠭᠠᠲᠦ ︾ | ᠮᠤᠷᠢᠨ ᠬᠤᠭᠤᠷ ᠤᠨ ᠤᠷᠤᠯᠳᠤᠭᠠᠨ ᠤ ᠵᠠᠯᠠᠭᠤᠴᠤᠳ ᠪᠠᠭᠠᠴᠤᠳ ᠤᠨ ᠲᠤᠭᠤᠶᠢᠯᠠᠩ ᠳᠤ ᠲᠡᠷᠢᠭᠦᠯᠡᠨ᠂ ︽ᠮᠤᠷᠢᠨ | ᠬᠤᠭᠤᠷ ᠤᠨ ᠳᠤᠮᠤᠭ︾ ᠠᠶᠠᠯᠭᠤ ᠨᠢ ᠵᠤᠬᠢᠶᠠᠯ ᠪᠥᠲᠦᠭᠡᠯ ᠤᠨ ᠠᠯᠲᠠᠨ ᠮᠧᠲᠠᠯ ᠬᠦᠷᠲᠡᠵᠦ᠂ ᠲᠤᠰ | ᠤᠷᠤᠯᠳᠦᠭᠠᠨ ᠳᠤ ᠬᠤᠤᠰ ᠠᠯᠲᠠ ᠭᠠᠷᠳᠠᠨ᠂ ᠤᠷᠤᠨ ᠳᠠᠶᠠᠭᠠᠷ ᠲᠤ ᠠᠯᠳᠠᠷᠰᠢᠵᠦ ᠂ ᠨᠤᠲᠤᠭ ᠤᠰᠤᠨ ᠳᠤ ᠪᠠᠨ | ᠥᠩᠭᠡ ᠭᠡᠷᠡᠯ ᠠᠪᠴᠢᠷᠠᠭᠰᠠᠨ ᠶᠤᠮ᠃ ᠲᠠᠬᠦᠨ ᠤ ᠬᠥᠭᠵᠢᠮ ᠤᠨ ᠪᠥᠲᠦᠭᠡᠯ ︽ᠤᠩᠭᠤᠨ ᠰᠠᠷᠠᠯ︾ ᠂ ︽ᠮᠤᠷᠢᠨ | ᠬᠤᠭᠤᠷ ᠤᠨ ᠳᠤᠮᠤᠭ︾ ᠨᠢ ᠥᠪᠥᠷ ᠮᠤᠩᠭᠤᠯ ᠤᠨᠤᠷᠠᠯᠢᠭ ᠤᠨ ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠠᠯ | ᠳᠤ ᠰᠤᠩᠭᠤᠭᠳᠠᠨ᠂ ᠰᠤᠳᠤᠯᠭᠠᠨ ᠤ ᠭᠤᠤᠯ ᠪᠥᠲᠦᠭᠡᠯ ᠪᠤᠯᠤᠭᠰᠠᠨ ᠪᠠ ︽ᠮᠤᠷᠢᠨ ᠬᠤᠭᠤᠷ ᠤᠨ ᠳᠤᠮᠤᠭ︾ ᠨᠢ | ᠶᠠᠫᠤᠨ ᠤᠯᠤᠰ ᠤᠨ ᠬᠡᠦᠬᠡᠳ ᠤᠨ ᠮᠤᠷᠢᠨ ᠬᠤᠭᠤᠷ ᠰᠤᠷᠬᠤ ᠮᠠᠲ᠋ᠧᠷᠢᠶᠠᠯ ᠳᠤ ᠰᠤᠩᠭᠤᠭᠳᠠᠵᠠᠢ᠃ | ︽ᠦᠨᠦᠴᠢᠨ ᠴᠠᠭᠠᠨ ᠪᠤᠲᠤᠭᠤ︾ ᠂ ︽ᠪᠦᠦᠪᠡᠢ ᠬᠤᠷᠸ᠎ᠡ︾᠂ ︽ᠨᠡᠭᠦᠳᠡᠯ ᠤᠨ ᠤᠶᠠᠩᠭ᠎ᠠ︾᠂ ︽ | ᠳᠡᠯᠡᠭᠡᠢ ᠡᠵᠢ ᠮᠢᠨᠢ ᠠᠮᠤᠭᠤᠯᠠᠩᠦᠦ︾ ᠵᠡᠷᠭᠡ ᠪᠦᠳᠦᠭᠡᠯ ᠨᠢ ᠪᠦᠬᠦ ᠠᠶᠢᠮᠠᠭ ᠤᠨ ᠤᠯᠠᠭᠠᠨᠮᠦ᠋ᠴᠢᠷ ᠤᠨ ᠤᠷᠠᠯᠢᠭ ᠤᠨ | ᠴᠢᠭᠤᠯᠭᠠᠨ ᠳᠤ ᠵᠤᠬᠢᠶᠠᠯ ᠪᠦᠳᠦᠭᠡᠯ ᠤᠨ ︿︿ᠠᠯᠲᠠᠨ ᠱᠠᠩᠨᠠᠯ﹀﹀ ᠳᠤᠰᠪᠠ᠃ ᠰᠤᠶᠤᠯᠭᠡᠷᠡᠯ ᠤᠷᠢᠳ ᠬᠤᠵᠢᠳ | ᠰᠢᠶᠠᠩᠭᠠᠩ᠂ ᠤᠤᠮᠧᠨ ᠵᠡᠷᠭᠡ ᠪᠦᠬᠦ ᠤᠯᠤᠰ ᠤᠨ ᠤᠯᠠᠨ ᠭᠠᠵᠡᠷ ᠢᠶᠠᠷ ᠲᠤᠭᠯᠠᠵᠤ᠂ ᠠᠯᠳᠠ ᠮᠥᠩᠬᠦᠨ ᠮᠧᠲᠠᠯ ᠢᠶᠠᠷ | ᠡᠩᠭᠡᠷ ᠢᠶᠠᠨ ᠮᠢᠯᠢᠶᠠᠯᠭᠠᠵᠤ᠂ ᠹᠷᠠᠨᠼᠢ᠂ ᠶᠠᠫᠦᠨ᠂ ᠮᠤᠩᠭᠤᠯ ᠤᠯᠤᠰ ᠲᠤ ᠠᠶᠢᠯᠴᠢᠯᠠᠨ ᠲᠤᠭᠯᠠᠯᠳᠠ ᠭᠠᠷᠭᠠᠵᠤ᠂ | ᠡᠷᠬᠢᠮ ᠠᠯᠳᠡᠷ᠂ ᠤᠷ᠎ᠡ ᠴᠢᠳᠠᠪᠦᠷᠢ ᠪᠠᠨᠡᠩᠲ᠋ᠡᠯᠡᠬᠡᠢ ᠳᠤ ᠬᠠᠷᠠᠭᠤᠯᠵᠤ ᠶᠠᠪᠤᠵᠠᠢ᠃ 2014 ᠣᠨ ᠳᠤ ︽ᠳᠡᠯᠡᠬᠡᠢ | ᠡᠵᠢ ᠮᠢᠨᠢ ᠠᠮᠤᠭᠤᠯᠠᠩ ᠦᠦ︾ ᠭᠡᠬᠦ ᠳᠠᠭᠤᠤ ᠶᠢᠨ ᠤᠷᠠᠨ ᠪᠦᠲᠦᠭᠡᠯ ᠤᠨ ᠲᠡᠭᠦᠪᠦᠷᠢ ᠪᠠᠨ ᠬᠡᠪᠯᠡᠨ᠂ 2017 | ᠤᠨ ᠳᠤ ︽ᠮᠤᠷᠢᠨ ᠬᠤᠭᠤᠷ ᠤᠨ ᠳᠤᠮᠤᠭ︾ CD ᠪᠦᠲᠦᠭᠡᠯ ᠢᠶᠠᠨ ᠲᠠᠷᠬᠠᠭᠠᠵᠡᠢ᠃ | ᠰᠤᠶᠤᠯᠭᠡᠷᠡᠯ ᠮᠤᠷᠢᠨ ᠬᠤᠭᠤᠷ ᠤᠨ ᠦᠢᠯᠡᠰ ᠢᠶᠠᠨ ᠦᠪᠯᠡᠨ ᠳᠡᠭᠡᠳᠦᠯᠡᠬᠦ ᠢᠳᠡᠭᠡᠯ ᠰᠡᠳᠬᠢᠯ ᠢᠶᠠᠷ ᠢᠶᠠᠨ | ᠵᠢᠳᠬᠦᠵᠦ ᠂ 2005 ᠤᠨ ᠳᠤ ᠤᠯᠢᠶᠠᠰᠤᠲᠠᠢ ᠪᠠᠯᠭᠠᠰᠤᠨ ᠳᠤ ︽ᠰᠤᠶᠤᠯᠭᠡᠷᠡᠯ ᠤᠨ ᠮᠤᠷᠢᠨ ᠬᠤᠭᠤᠷ ᠤᠨ | ᠰᠤᠷᠭᠠᠭᠤᠯᠢ︾ ᠶᠢ ᠡᠷᠬᠢᠯᠡᠨ ᠪᠠᠶᠢᠭᠤᠯᠵᠤ᠂ ᠨᠤᠲᠤᠭ ᠤᠰᠤᠨ ᠤ ᠪᠠᠨᠦᠶᠡᠦᠶᠡ ᠶᠢᠨ ᠬᠡᠦᠬᠡᠳ ᠳᠡᠭᠦᠦᠨᠠᠷ ᠲᠡᠭᠡᠨ | ᠮᠤᠷᠢᠨ ᠬᠤᠭᠤᠷ ᠤᠨ ᠮᠡᠷᠭᠡᠵᠢᠯ ᠢᠶᠠᠨ ᠵᠢᠭᠠᠵᠤ᠂ ᠤᠷᠢᠳ ᠬᠤᠵᠢᠳ 500 ᠭᠠᠷᠤᠢ ᠱᠠᠪᠢ ᠬᠦᠮᠦᠵᠢᠭᠦᠯᠵᠦ᠂ | ᠡᠷᠳᠡᠨᠢᠪᠥ᠋ᠬᠡ᠂ ᠤᠳᠬᠠᠨᠪᠠᠶᠠᠷ᠂ ᠴᠡᠩᠭᠡᠯ᠂ ᠪᠠᠶᠠᠷ᠂ ᠮᠡᠷᠭᠡᠨᠪᠠᠲᠤ ᠵᠡᠷᠭᠡ ᠨᠢᠭᠡᠨ ᠦᠶ᠎ᠡ ᠶᠢᠨ ᠰᠢᠯᠭᠠᠷᠠᠭᠰᠠᠨ ᠰᠢᠯᠢᠳᠡᠭ | ᠱᠠᠪᠢ ᠨᠠᠷ ᠢ ᠬᠦᠮᠦᠵᠢᠭᠦᠯᠦᠨ ᠭᠠᠷᠭᠠᠵᠡᠢ᠃ | ᠰᠤᠶᠤᠯᠭᠡᠷᠡᠯ ᠤᠯᠤᠰ ᠤᠨ ᠨᠢᠭᠡᠳᠦᠭᠡᠷ ᠳᠡᠰ ᠤᠨ ᠬᠥᠭᠵᠢᠮᠴᠢᠨ᠂ ᠮᠤᠷᠢᠨ ᠬᠤᠭᠤᠷ ᠤᠨ ᠭᠠᠪᠢᠶᠠᠳᠦ | ᠵᠢᠤᠡᠬᠦᠯᠳᠡᠨ᠂ ᠳᠤᠮᠳᠠᠳᠦ ᠤᠯᠤᠰ ᠤᠨ ᠮᠤᠷᠢᠨ ᠬᠤᠭᠤᠷ ᠤᠨ ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠬᠡᠷᠡᠭ | ᠡᠷᠬᠢᠯᠡᠬᠦ ᠭᠡᠰᠢᠭᠦᠨ᠂ ᠰᠢᠯᠢ ᠶᠢᠨ ᠭᠤᠤᠯ ᠠᠶᠢᠮᠠᠭ ᠤᠨ ᠳᠠᠭᠤᠤ ᠬᠥᠭᠵᠢᠮᠴᠢᠳ ᠤᠨ ᠨᠡᠶᠢᠭᠡᠮᠯᠢᠭ ᠤᠨ ᠭᠡᠰᠢᠭᠦᠨ᠂ | ᠴᠤᠭᠤᠷ ᠬᠦᠭᠵᠢᠮ ᠤᠨ ᠦᠪᠯᠡᠨ ᠤᠯᠠᠮᠵᠢᠯᠠᠭᠴᠢ ᠵᠡᠷᠭᠡ ᠨᠡᠶᠢᠭᠡᠮ ᠤᠨ ᠳᠤᠰᠢᠶᠠᠯ ᠢ ᠡᠭᠦᠷᠭᠡᠯᠡᠵᠦ ᠪᠤᠢ᠃ | |